ᠨᠣ᠋·ᠪᠠᠭᠠᠳᠤᠷ ᠄ 《ᠪᠢᠯᠢᠭ᠌ ᠤᠨ ᠭᠡᠭᠡᠪᠴᠢ》
ᠲᠦᠷᠪᠡ ᠂ ᠠᠷᠢᠭᠤᠨ ᠮᠦᠰᠦᠨ ᠤ ᠭᠢᠯᠪᠠᠭ᠎ᠠ
ᠲᠠᠪᠤᠳᠤᠭᠠᠷ ᠬᠡᠰᠡᠭ ᠂ ᠨᠢᠭᠡ ᠤᠳᠠᠭᠠᠨ ᠤ ᠶᠡᠷᠦ ᠪᠤᠰᠤ ᠶᠢᠨ ᠠᠶᠠᠯᠠᠯ

ᠨᠠᠰᠤ ᠪᠠᠷ ᠶᠢᠡᠨ ᠰᠠᠢ᠌ᠨ ᠶᠠᠪᠣᠳᠠᠯ ᠥᠢᠯᠡᠳᠭᠦ ᠳᠤ ᠭᠦᠢᠴᠡᠭᠦ ᠴᠠᠭ ᠪᠠᠢ᠌ᠳᠠᠭ ᠦᠭᠡᠶ᠂ ᠮᠠᠭᠤ ᠭᠡᠷᠡᠭ᠌ ᠭᠠᠭᠴᠠᠬᠠᠨ ᠭᠢᠭᠦ ᠳᠤ ᠢᠯᠡᠭᠦᠳᠡᠭᠡᠤᠨ ᠪᠣᠯᠳᠠᠭ ᠦᠭᠡᠶ᠃


᠊᠊᠊᠊᠊᠊᠊᠊᠊᠊᠊᠊᠊᠊᠊᠊᠊᠊᠊᠊᠊᠊᠊᠊᠊ ᠡᡁᠧ ᠡᡁᠸᠩ


ᠨᠡᠢ᠌ᠭᠡᠮ ᠤᠨ ᠰᠢᠡᠵᠢᠯᠡᠭᠦ ᠣᠬᠠᠭᠠᠨ ᠤ ᠠᠰᠫᠢᠷᠠᠠᠲ᠋ ᠴᠤᠭᠪᠢᠯᠢᠭ᠌᠂ ᠥᠪᠠᠷ ᠤᠨ ᠭᠦᠡᠳᠦᠳᠤ ᠪᠠᠭᠰᠢ ᠦᠯᠵᠡᠢ ᠫᠷᠤᠹᠧᠰᠰᠤᠷ ᠢ ᠳᠠᠭᠠᠵᠤ ᠰᠢᠷ᠎ᠠ ᠭᠦᠷᠦᠰᠦᠳᠤ ᠥᠡᠳᠦᠷᠯᠢᠭ᠌ ᠤᠨ ᠭᠦᠳᠡᠭᠡ ᠳᠤᠰᠬᠤᠨ ᠶᠢᠡᠷ ᠨᠡᠢ᠌ᠭᠡᠮ ᠤᠨ ᠪᠠᠢ᠌ᠴᠠᠭᠠᠯᠳᠠ ᠭᠢᠵᠤ ᠶᠠᠪᠣᠨ᠎ᠠ᠃ ᠲ᠋ᠠᠳᠠᠨ ᠤ ᠰᠠᠭᠤᠭᠰᠠᠨ ᠠᠦ᠋ᠲ᠋ᠤᠪᠦ᠋ᠰ ᠣᠷᠢᠶᠠᠯᠳᠤᠵᠤ ᠮᠤᠰᠭᠢᠷᠠᠭᠰᠠᠨ ᠠᠭᠤᠯᠠᠨ ᠵᠠᠮ ᠶᠢᠡᠷ ᠰᠠᠵᠢᠯᠠᠭᠤᠯᠤᠭᠰᠠᠭᠠᠷ ᠡᠮᠡᠭᠡᠨ ᠭᠢᠮᠤᠰᠤ ᠮᠥᠯᠭᠦᠭᠦ ᠠᠳᠠᠯᠢ ᠠᠯᠭᠤᠷᠬᠠᠨ ᠭᠣᠢ᠌ᠭᠤᠷᠠᠨ᠎ᠠ᠃

ᠡᠨᠡ ᠦᠶ᠎ᠡ ᠳᠤ᠂ ᠠᠶᠠᠠᠴᠢᠳ ᠤᠨ ᠳᠤᠮᠳᠠ ᠡᠴᠡ ᠨᠢᠭᠡ ᠬᠤᠷ ᠭᠡᠵᠢᠭᠡ ᠲᠡᠶ ᠵᠠᠯᠠᠭᠤ ᠪᠣᠰᠴᠤ ᠢᠷᠡᠭᠡᠤᠨ ᠭᠤᠷᠪᠠᠨ ᠭᠦᠵᠦᠷ ᠭᠠᠷᠭᠠᠵᠤ᠂ ᠬᠤᠶᠠᠷ ᠬᠠᠷ᠎ᠠ ᠨᠢᠭᠡ ᠣᠯᠠᠭᠠᠨ ᠢ ᠣᠯᠠᠨ ᠳᠤ ᠳᠡᠯᠭᠡᠵᠤ ᠥᠵᠡᠭᠦᠯᠦᠭᠰᠡᠨ ᠤ ᠳᠠᠷᠠᠭ᠎ᠠ ᠭᠦᠮᠦᠷᠢᠵᠤ ᠳᠠᠯᠪᠢᠭᠠᠤᠨ ᠣᠷᠤᠨ ᠢ ᠨᠢ ᠰᠤᠯᠢᠵᠤ᠂ ᠠᠯᠢ ᠨᠢ ᠣᠯᠠᠭᠠᠨ ᠭᠦᠵᠦᠷ ᠪᠣᠯᠬᠤ ᠵᠢ ᠲᠠᠭᠠᠯᠭᠠᠨ᠎ᠡ᠃ ᠡᠨᠡ ᠳᠤᠭᠯᠠᠭᠠᠮ ᠳᠤ ᠣᠷᠤᠯᠴᠠᠭᠰᠠᠤᠨ ᠦᠪᠡᠷ ᠤᠨ ᠳᠤᠷ᠎ᠠ ᠪᠠᠷ ᠶᠢᠡᠨ ᠵᠤᠭᠤᠰ ᠳᠠᠷᠤᠵᠤ᠂ ᠲ᠋ᠠᠷᠤᠭᠠᠤᠨ ᠳᠠᠭᠠᠷᠠᠭᠤᠯᠪᠠᠯ ᠳᠠᠷᠤᠭᠰᠠᠨ ᠵᠤᠭᠤᠰᠤᠨ ᠤ ᠭᠡᠳᠤᠨ ᠳᠠᠭᠢᠨ ᠶᠢᠡᠷ ᠣᠯᠤᠨ᠎ᠠ᠂ ᠲ᠋ᠠᠭᠠᠷᠠᠭᠤᠯᠬᠤ ᠦᠭᠡᠶ ᠪᠣᠯ ᠳᠠᠷᠤᠭᠰᠠᠨ ᠵᠤᠭᠤᠰ ᠨᠢ ᠭᠦᠵᠦᠷ ᠳᠡᠯᠭᠡᠭ᠍ᠴᠢ ᠶᠢᠨ ᠪᠣᠯᠳᠠᠭ᠃

ᠢᠩᠭᠢᠵᠤ ᠪᠠᠢ᠌ᠳᠠᠯ᠎ᠠ ᠬᠣᠢ᠌ᠨ᠎ᠠ ᠡᠮᠦᠨ᠎ᠡ ᠭᠡᠳᠤᠨ ᠭᠦᠮᠤᠨ ᠭᠠᠷᠴᠤ ᠢᠷᠡᠭᠡᠤᠨ ᠳᠤᠭᠯᠠᠭᠠᠮ ᠳᠤ ᠤᠷᠦᠯᠴᠡᠵᠤ᠂ ᠭᠦᠮᠤᠨ ᠪᠦᠷᠢ ᠭᠤᠷᠪᠠ ᠡᠴᠡ ᠳᠠᠪᠤᠨ ᠵᠠᠭᠤᠨ ᠳᠦᠭᠦᠷᠢᠭ᠌ ᠣᠯᠤᠭᠠᠤᠨ ᠣᠷᠤᠨ ᠳᠠᠭᠠᠨ ᠪᠣᠴᠠᠵᠠᠢ᠃ ᠬᠠᠵᠠᠭᠤ ᠡᠴᠡ ᠨᠢ ᠬᠠᠷᠠᠵᠤ ᠰᠠᠭᠤᠭᠰᠠᠨ ᠴᠤᠭᠪᠢᠯᠢᠭ᠌ ᠡᠢ᠌ᠮᠤ ᠠᠮᠠᠷᠬᠠᠨ ᠵᠤᠭᠤᠰ ᠬᠤᠠᠵᠢᠵᠤ ᠪᠣᠯᠬᠤ ᠶᠢ ᠥᠵᠡᠭᠡᠤᠨ ᠰᠠᠤᠠᠭᠢᠯ ᠭᠦᠳᠡᠯᠵᠤ᠂ ᠬᠠᠷᠮᠡᠨ ᠡᠴᠡ ᠪᠠᠨ ᠬᠤᠶᠠᠷ ᠵᠠᠭᠤᠨ ᠳᠦᠭᠦᠷᠢᠭ᠌ ᠭᠠᠷᠭᠠᠵᠤ ᠳᠠᠷᠤᠬᠤ ᠭᠡᠵᠤ ᠪᠠᠢ᠌ᠳᠠᠯ᠎ᠠ ᠦᠯᠵᠡᠢ ᠫᠷᠤᠹᠧᠰᠰᠤᠷ ᠭᠠᠷ ᠶᠢᠡᠨ ᠰᠤᠩᠭ᠋ᠠᠨ ᠵᠤᠭᠤᠰ ᠢ ᠨᠢ ᠪᠣᠯᠢᠶᠠᠵᠤ ᠠᠪᠣᠭᠠᠤᠨ :

《ᠴᠢᠮᠠᠳᠤ ᠡᠢ᠌ᠮᠤ ᠢᠯᠡᠭᠦᠳᠡᠭ᠍ᠰᠡᠨ ᠵᠤᠭᠤᠰ ᠪᠠᠢ᠌ᠪᠠᠯ ᠪᠢ ᠭᠡᠷᠡᠭᠯᠡᠶ᠎ᠡ》 ᠭᠡᠤᠨ ᠬᠠᠷᠮᠠᠨ ᠳᠠᠭᠠᠨ ᠴᠢᠭᠢᠵᠠᠢ᠃ ᠲ᠋ᠠᠮᠠᠢ ᠯᠠ ᠣᠳᠠᠯ ᠦᠭᠡᠶ ᠨᠢᠭᠡ ᠳᠠᠷᠢᠶᠠᠴᠢᠨ ᠪᠦᠰᠡᠭᠦᠢ ᠶᠢᠨ ᠳᠠᠭᠤ ᠳᠠᠯᠪᠢᠨ ᠣᠭᠢᠯᠠᠬᠤ ᠳᠠᠭᠤᠨ ᠳᠡᠷᠭᠡᠨ ᠳᠤᠳᠤᠷᠠᠭᠢ ᠠᠶᠠᠠᠴᠢᠳ ᠢ ᠰᠤᠴᠢᠭᠠᠵᠤ᠂ ᠪᠦᠳᠦᠨ ᠵᠢᠯ ᠭᠡᠷ ᠤᠨ ᠥᠢᠯᠡᠴᠢᠯᠡᠭ᠍ᠴᠢ ᠪᠣᠯᠤᠭᠠᠤᠨ ᠣᠯᠤᠭᠰᠠᠨ ᠮᠥᠩᠭᠦ ᠪᠠᠨ ᠪᠦᠭᠦᠨ ᠢ ᠱᠥᠭᠦᠭ᠍ᠳᠡᠭ᠍ᠰᠡᠨ ᠴᠢᠮᠡᠭᠡ ᠳᠤᠭᠤᠯᠳᠠᠯ᠎ᠠ᠃ ᠪᠠᠰᠠ ᠨᠢᠭᠡ ᠡᠪᠦᠭᠡᠨ ᠡᠨᠡ ᠳᠤᠭᠯᠠᠭᠠᠮ ᠳᠤ ᠪᠠᠢ᠌ᠳᠠᠭ ᠶᠢᠡᠨ ᠡᠷᠭᠦᠴᠢᠭᠡᠤᠨ ᠬᠤᠷ ᠭᠡᠵᠢᠭᠡᠳᠤ ᠳᠤ ᠰᠥᠭᠦᠳᠤᠨ ᠵᠠᠮ ᠤᠨ ᠵᠤᠭᠤᠰ ᠭᠤᠶᠤᠵᠤ ᠪᠠᠢ᠌ᠨ᠎ᠠ᠃ ᠢᠩᠭᠢᠳᠠᠯ᠎ᠠ ᠭᠡᠳᠤᠨ ᠡᠷᠡᠰ ᠪᠣᠰᠴᠤ ᠢᠷᠡᠭᠡᠤᠨ ᠵᠢᠯᠤᠭᠤᠴᠢ ᠳᠤ ᠳᠡᠷᠭᠡ ᠵᠤᠭᠰᠤᠬᠤ ᠶᠢ ᠱᠠᠭᠠᠷᠳᠠᠵᠠᠢ᠃ ᠠᠦ᠋ᠲ᠋ᠤᠪᠦ᠋ᠰ ᠵᠤᠭᠰᠤᠵᠤ᠂ ᠭᠦᠵᠦᠷ ᠳᠡᠯᠭᠡᠭ᠍ᠴᠢ ᠲᠡᠶ ᠨᠠᠢ᠌ᠳᠠ ᠳᠤᠯᠤᠭᠠᠨ ᠭᠦᠮᠤᠨ ᠪᠠᠭᠤᠵᠤ ᠢᠷᠡᠭᠡᠤᠨ ᠵᠠᠮ ᠤᠨ ᠬᠠᠵᠠᠭᠤᠳᠠ ᠵᠤᠭᠰᠤᠨ ᠵᠤᠭᠤᠰ ᠶᠢᠡᠨ ᠬᠤᠪᠢᠶᠠᠯᠴᠠᠵᠤ ᠭᠠᠷᠤᠯ᠎ᠠ᠃ ᠦᠨᠦ ᠠᠷᠪᠢᠨ ᠵᠤᠭᠤᠰ ᠬᠤᠠᠵᠢᠳᠠᠭ ᠭᠡᠳᠤᠨ ᠠᠶᠠᠠᠴᠢᠨ ᠣᠤᠯ ᠨᠢ ᠬᠤᠷ ᠭᠡᠵᠢᠭᠡᠳᠤ ᠶᠢᠨ ᠬᠠᠮᠰᠠᠭᠠᠳᠠᠨ ᠨᠢ ᠪᠠᠢ᠌ᠭᠰᠠᠨ ᠡᠡᠵᠢ᠃ ᠴᠤᠭᠪᠢᠯᠢᠭ᠌ ᠡᠰᠡᠯᠡ ᠮᠡᠭᠡᠯᠡᠭ᠍ᠳᠡᠴᠢᠭᠦ ᠰᠢᠬᠠᠵᠤ᠂ ᠦᠪᠡᠷ ᠤᠨ ᠭᠡᠨᠡᠨ ᠴᠦᠯᠢᠰ ᠵᠠᠩ ᠳᠠᠭᠠᠨ ᠢᠴᠢᠵᠤ ᠨᠢᠭᠤᠷ ᠣᠯᠠᠢ᠌ᠵᠠᠢ᠃

ᠰᠢᠷ᠎ᠠ ᠭᠦᠷᠦᠰᠦᠳᠤ ᠥᠡᠳᠦᠷᠯᠢᠭ᠌ ᠭᠡᠰᠡᠨ ᠭᠠᠵᠠᠷ ᠠᠭᠤᠯᠠᠨ ᠭᠢᠷ᠎ᠠ ᠶᠢ ᠳᠡᠭ᠍ᠰᠢᠯᠡᠨ ᠠᠯᠠᠭᠠᠨ ᠭᠢᠷᠢ ᠶᠢᠨ ᠭᠠᠵᠠᠷ ᠲᠤ ᠴᠤ ᠳᠠᠷᠢᠶ᠎ᠠ ᠳᠠᠷᠢᠭᠠᠤᠨ᠂ ᠠᠭᠤᠯᠠᠨ ᠣᠷᠤᠢ ᠭᠦᠷᠳᠡᠯ᠎ᠡ ᠳᠡᠭ᠍ᠳᠡᠷ ᠳᠡᠭ᠍ᠳᠡᠷ ᠱᠠᠳᠤᠨ ᠳᠠᠷᠢᠶ᠎ᠠ ᠭᠠᠷᠭᠠᠵᠠᠢ᠃ ᠡ᠊ᠨᠳᠡᠭᠢ ᠶᠢᠨ ᠳᠠᠷᠢᠶᠠᠴᠢᠳ ᠳᠠᠷᠢᠶᠠᠨ ᠣᠨᠠᠯᠳᠠ ᠪᠠᠨ ᠳᠠᠮᠵᠢᠭᠤᠷ ᠶᠢᠡᠷ ᠳᠠᠮᠨᠠᠨ ᠠᠭᠤᠯᠠᠨ ᠡᠴᠡ ᠪᠠᠭᠤᠯᠭᠠᠵᠤ ᠭᠡᠷ ᠲᠡᠭᠡᠨ ᠵᠥᠭᠡᠭᠡᠳᠡᠭ᠌ ᠪᠦᠭᠡᠤᠨ᠂ ᠡᠡᠵᠤ ᠠᠮᠢᠳᠤᠷᠠᠯ ᠳᠣᠢ᠌ᠯ ᠤᠨ ᠶᠠᠳᠠᠭᠤ ᠪᠢᠯᠠ᠃

ᠴᠤᠭᠪᠢᠯᠢᠭ᠌ ᠨᠡᠷ ᠠᠭᠤᠯᠠᠨ ᠭᠢᠷ᠎ᠠ ᠶᠢᠨ ᠳᠤᠮᠳᠠ ᠭᠡᠰᠡᠭ᠌ ᠭᠦᠷᠳᠡᠯ᠎ᠡ ᠮᠠᠴᠤᠬᠤ ᠳᠤ ᠠᠮᠢᠰᠬᠤᠯ ᠳᠡᠭᠡᠷᠡᠳᠡᠨ ᠳᠤᠰᠤᠨ ᠭᠦᠯᠦᠰᠤ ᠬᠤᠪᠴᠠᠰᠤ ᠨᠠᠪᠳᠠᠷᠠᠪᠠ᠃ ᠦᠯᠵᠡᠢ ᠫᠷᠤᠹᠧᠰᠰᠤᠷ ᠭᠦᠯᠦᠰᠤ ᠪᠠᠨ ᠵᠥᠯᠭᠦᠨ :

《ᠠᠮᠠᠷᠠᠵᠤ ᠠᠪᠣᠭᠠᠤᠨ ᠪᠤᠰᠦᠶ᠎ᠡ》 ᠭᠡᠪᠡ᠃ ᠲ᠋ᠡᠳᠡᠨ ᠤ ᠰᠠᠭᠤᠭᠰᠠᠨ ᠣᠷᠤᠨ ᠡᠴᠡ ᠭᠡᠳᠤᠨ ᠠᠯᠬᠤᠮ ᠵᠠᠢ᠌ᠳᠠᠢ ᠭᠠᠵᠠᠷ ᠲᠤ ᠨᠢᠭᠡᠨ ᠪᠣᠷᠭᠠᠰᠤᠨ ᠰᠠᠭᠰᠤ ᠳᠡᠯᠪᠢᠵᠤ᠂ ᠲ᠋ᠡᠷᠭᠡᠳᠡ ᠨᠢ ᠨᠢᠭᠡᠨ ᠵᠣᠢ᠌ᠷᠠᠢ ᠰᠢᠷᠢᠮᠠᠯ ᠣᠯᠠ ᠲᠡᠶ ᠪᠦᠰ ᠱᠠᠬᠠᠢ ᠬᠠᠷᠠᠭᠳᠠᠨ᠎ᠠ᠃ ᠦᠯᠵᠡᠢ ᠫᠷᠤᠹᠧᠰᠰᠤᠷ ᠰᠠᠭᠰᠤᠨ ᠳᠤᠳᠤᠷᠠᠭᠢ ᠬᠤᠶᠠᠷ ᠰᠢᠰᠢᠨ ᠪᠣᠤᠪᠣ ᠶᠢ ᠵᠢᠭᠠᠵᠤ᠄

《ᠮᠠᠨ ᠤ ᠡᠨᠡ ᠡᠷᠡᠨ ᠳᠤ ᠰᠢᠰᠢᠨ ᠪᠣᠤᠪᠣ ᠢᠳᠠᠵᠤ ᠰᠢᠷᠢᠮᠠᠯ ᠱᠠᠬᠠᠢ ᠡᠮᠦᠰᠳᠡᠭ᠌ ᠠᠢ᠌ᠯ ᠳᠤᠩ ᠬᠤᠪᠣᠷ ᠪᠦᠭᠡᠤᠨ᠂ ᠱᠡᠬᠠᠢ ᠪᠠᠨ ᠡᠯᠡᠭ᠍ᠳᠡᠭᠦ ᠡᠴᠡ ᠭᠢᠴᠢᠶᠠᠵᠤ ᠳᠠᠷᠢᠶᠠᠨ ᠰᠢᠨᠠ ᠳᠤ ᠳᠠᠯᠪᠢᠭᠰᠠᠨ ᠢ ᠦᠵᠡᠪᠠᠴᠤ ᠳᠤᠰ ᠭᠦᠮᠤᠨ ᠤ ᠠᠵᠤ ᠠᠮᠢᠳᠤᠷᠠᠯ ᠭᠢᠷᠢ ᠵᠡᠷᠭᠡ ᠶᠢ ᠳᠦᠰᠦᠭᠡᠯᠡᠨ ᠮᠠᠳᠠᠵᠤ ᠪᠤᠯᠤᠨ᠎ᠠ》 ᠭᠡᠵᠤ ᠵᠠᠳᠠᠯᠤᠯᠳᠠ ᠭᠢᠯ᠎ᠡ᠃ ᠢᠩᠭᠢᠭᠦ ᠳᠤ ᠴᠤᠭᠪᠢᠯᠢᠭ᠌ ᠬᠠᠷᠢᠨ ᠡᠭᠦᠨ ᠤ ᠳᠤᠬᠠᠢ ᠰᠠᠤᠠᠭᠢᠯ ᠴᠢᠯᠡᠭᠡᠭ᠍ᠰᠡᠨ ᠦᠭᠡᠶ᠂ ᠠᠯᠢᠶ᠎ᠠ ᠵᠠᠩ ᠨᠢ ᠭᠦᠳᠡᠯᠦᠭᠡᠤᠨ ᠨᠢᠭᠡ ᠮᠡᠯᠡᠭᠡᠢ ᠪᠠᠷᠢᠵᠤ ᠦᠨᠦ ᠱᠠᠬᠠᠢ ᠳ᠋ᠤᠨᠢ ᠭᠢᠵᠤ ᠳᠡᠯᠪᠢᠵᠡᠢ᠃ ᠡᠭᠦᠨ ᠳᠤ ᠦᠯᠵᠡᠢ ᠫᠷᠤᠹᠸᠰᠰᠤᠷ ᠳᠤᠷ᠎ᠠ ᠥᠭᠡᠢ᠌ᠴᠡᠭᠡᠤᠨ ᠱᠠᠬᠠᠢ ᠳᠤᠳᠤᠷᠠᠭᠢ ᠮᠡᠯᠡᠭᠡᠢ ᠶᠢ ᠭᠦᠪᠢᠵᠤ ᠤᠷᠭᠢᠭᠡᠳ᠂ ᠴᠤᠭᠪᠢᠯᠢᠭ᠌ ᠡᠴᠡ ᠪᠣᠯᠢᠶᠠᠵᠤ ᠠᠪᠣᠭᠰᠠᠨ ᠬᠤᠶᠠᠷ ᠵᠠᠭᠤᠨ ᠳᠦᠭᠦᠷᠢᠭ᠌ ᠶᠢᠡᠨ ᠳᠤᠳᠤᠷ᠎ᠠ ᠨᠢ ᠭᠢᠵᠤ᠄

《ᠪᠢᠳᠠ ᠬᠤᠯᠠ ᠰᠢᠭ ᠭᠠᠵᠠᠷ ᠨᠢᠭᠤᠵᠤ ᠰᠠᠭᠤᠭᠠᠤᠨ ᠶᠠᠮᠠᠷ ᠳ᠋ᠦ᠋ᠩ ᠭᠠᠷᠬᠤ ᠶᠢ ᠥᠵᠡᠶ᠎ᠡ》 ᠭᠡᠵᠡᠢ᠃

ᠳᠠᠮᠠᠢ ᠣᠳᠠᠭᠰᠠᠨ ᠦᠭᠡᠶ᠂ ᠨᠢᠭᠡ ᠡᠪᠦᠭᠡᠨ ᠠᠷᠴᠢᠭᠤᠷ ᠮᠦᠷᠤᠯᠠᠨ ᠮᠠᠢ᠌ᠵᠢᠭᠢᠨᠠᠭᠰᠠᠭᠠᠷ ᠢᠷᠡᠭᠡᠤᠨ ᠰᠠᠭᠰᠤᠨ ᠤ ᠳᠡᠷᠭᠡᠳᠡ ᠰᠠᠭᠤᠵᠤ᠂ ᠲ᠋ᠠᠷᠢᠶᠠᠨ ᠭᠤᠤᠷᠰᠤᠨ ᠳᠤ ᠬᠠᠤᠠᠬᠤᠭᠳᠠᠭᠠᠤᠨ ᠴᠢᠰᠤ ᠳᠤᠰᠤᠯᠵᠤ ᠪᠠᠢ᠌ᠭ᠎ᠠ ᠭᠦᠯ ᠤᠨ ᠳᠠᠪᠠᠭ ᠳᠡᠭᠡᠷ᠎ᠡ ᠪᠠᠨ ᠨᠢᠭᠡ ᠴᠢᠮᠭᠢ ᠰᠢᠷᠤᠢ ᠳᠠᠷᠤᠵᠤ ᠱᠠᠬᠠᠢ ᠪᠠᠨ ᠠᠪᠴᠤ ᠡᠮᠦᠰᠦᠯ᠎ᠡ᠃ ᠲ᠋ᠡᠭᠡᠭᠡᠤᠨ ᠱᠠᠬᠠᠢ ᠳᠤᠳᠤᠷ᠎ᠠ ᠨᠢ ᠶᠠᠭᠤᠮ᠎ᠠ ᠪᠠᠢ᠌ᠭᠰᠠᠨ ᠳᠤ ᠬᠠᠴᠢᠷᠬᠠᠵᠤ᠂ ᠲ᠋ᠠᠢ᠌ᠯᠤᠭᠠᠤᠨ ᠭᠦᠪᠢᠭᠦᠯᠡᠷ ᠵᠤᠭᠤᠰ ᠭᠠᠷᠤᠭᠰᠠᠨ ᠳᠤ ᠶᠡᠭᠡᠯ᠎ᠡ ᠰᠤᠴᠢᠵᠤ᠂ ᠲᠦᠷᠪᠠᠨ ᠵᠥᠭ᠌ ᠪᠠᠷᠠᠯᠠᠭᠠᠤᠨ ᠭᠦᠮᠤᠨ ᠤ ᠪᠠᠷ᠎ᠠ ᠣᠯᠵᠤ ᠥᠵᠡᠭ᠍ᠰᠡᠨ ᠦᠭᠡᠶ ᠪᠣᠯᠬᠤᠷ ᠭᠦᠰᠡᠷ᠎ᠡ ᠰᠥᠭᠦᠳᠤᠨ :

《ᠪᠣᠷᠬᠠᠨ ᠳᠡᠭ᠍ᠷᠢ ᠶᠢᠨ ᠠᠪᠣᠷᠠᠯ ᠳᠤ ᠳᠡᠭᠠᠳᠭᠠᠶ᠎ᠡ᠂ ᠥᠭᠡᠢ᠂ ᠥᠭᠡᠢ᠂ ᠰᠡᠢ᠌ᠨ ᠰᠠᠨᠠᠭ᠎ᠠ ᠲᠡᠶ ᠭᠦᠮᠤᠨ ᠳᠤ ᠳᠠᠯᠠᠷᠬᠠᠶ᠎ᠠ︕ ᠪᠢ ᠵᠢᠷᠠᠨ ᠵᠢᠯ ᠪᠣᠷᠬᠠᠨ ᠳᠡᠭ᠍ᠷᠢ ᠳᠤ ᠵᠠᠯᠪᠠᠷᠢᠭᠰᠠᠨ ᠪᠣᠯᠪᠠᠴᠤ ᠨᠠᠳᠠᠳᠤ ᠨᠢᠭᠡ ᠣᠳᠠᠭ᠎ᠠ ᠴᠤ ᠳᠤᠰᠠᠯᠠᠵᠤ ᠥᠩᠭᠡᠷᠡᠭᠡ ᠦᠭᠡᠶ᠁ ᠂ ᠥ᠂ ᠥ》 ᠭᠡᠵᠤ ᠳᠠᠭᠤ ᠳᠠᠯᠪᠢᠨ ᠣᠭᠢᠯᠠᠭᠠᠤᠨ :

《ᠡᠪᠠᠦᠡᠴᠢᠨ ᠳᠤ ᠪᠠᠷᠢᠭᠳᠠᠭᠠᠤᠨ ᠭᠡᠪᠳᠡᠷᠢ ᠳᠤ ᠣᠷᠤᠭᠰᠠᠨ ᠭᠦᠭ᠍ᠰᠢᠨ ᠮᠠᠨᠢ ᠣᠤᠭᠤᠬᠤ ᠡᠮ ᠳᠠᠢ ᠪᠣᠯᠤᠯ᠎ᠠ᠂ ᠰᠠᠢ᠌ᠨ ᠰᠠᠨᠠᠭᠠᠳᠠᠨ ᠤ ᠣᠷᠳᠤ ᠨᠠᠰᠤᠯᠠᠵᠤ ᠣᠳᠠᠭᠠᠨ ᠵᠢᠷᠭᠠᠬᠤ ᠶᠢ ᠳᠠᠭᠠᠤᠠᠬᠠᠶ᠎ᠠ︕》 ᠭᠡᠤᠨ ᠳᠦᠷᠪᠡᠨ ᠵᠥᠭ᠌ ᠬᠠᠠᠳᠤᠨ ᠮᠥᠷᠭᠦᠵᠤ ᠭᠠᠷᠴᠡᠢ᠃ ᠡᠨᠡ ᠪᠠᠢ᠌ᠳᠠᠯ ᠢ ᠬᠠᠷᠠᠭᠰᠠᠨ ᠴᠤᠭᠪᠢᠯᠢᠭ᠌ ᠤᠨ ᠨᠢᠳᠤ ᠨᠢ ᠵᠠᠢ᠌ᠷᠳᠤᠭᠰᠡᠨ ᠪᠠᠢ᠌ᠨ᠎ᠠ᠃ ᠦᠯᠵᠡᠢ ᠫᠷᠤᠹᠧᠰᠰᠤᠷ᠄

《ᠠᠯᠢᠶᠠᠷᠬᠠᠬᠤ ᠳᠤ ᠳᠤᠭᠳᠠᠭᠰᠠᠨ ᠭᠡᠮᠵᠢᠶ᠎ᠡ ᠪᠠᠢ᠌ᠬᠤ ᠭᠡᠷᠡᠭ᠍ᠳᠡᠢ᠂ ᠴᠢᠨᠤ ᠭᠢᠭ᠍ᠰᠡᠨ ᠮᠡᠯᠡᠭᠡᠢ ᠶᠢ ᠮᠤᠭᠠᠢ ᠭᠡᠵᠤ ᠡ᠊ᠨᠳᠡᠭᠦᠷᠡᠪᠠᠯ ᠨᠠᠰᠤᠳᠠᠢ ᠭᠦᠮᠤᠨ ᠠᠶᠤᠭᠠᠤᠨ ᠠᠮᠢ ᠪᠠᠨ ᠠᠯᠳᠠᠵᠤ ᠮᠡᠳᠡᠨ᠎ᠡ᠃ ᠲ᠋ᠡᠭᠡᠪᠠᠯ ᠨᠢᠭᠡ ᠭᠡᠷ ᠪᠦᠯᠢ ᠪᠣᠰᠨᠢᠴᠢᠬᠤ ᠪᠢᠰᠢᠤ︖》 ᠭᠡᠰᠡᠨ ᠳᠤ ᠴᠤᠭᠪᠢᠯᠢᠭ᠌ ᠢᠴᠡᠩᠭᠦᠷᠡᠭᠡᠤᠨ ᠴᠢᠷᠠᠢ ᠨᠢ ᠴᠢᠰ ᠤᠯᠡᠢ᠌ᠪᠡ᠃ ᠲ᠋ᠡᠭᠡᠭᠡᠤᠨ ᠳᠠᠷᠠ 《ᠰᠠᠢ᠌ᠨ ᠶᠠᠪᠣᠳᠠᠯ ᠢ ᠪᠠᠭ᠎ᠠ ᠭᠡᠤᠨ ᠭᠢᠭᠦ ᠦᠭᠡᠶ ᠪᠠᠢ᠌ᠵᠤ ᠪᠣᠯᠬᠤ ᠦᠭᠡᠶ᠂ ᠮᠠᠭᠤ ᠭᠡᠷᠡᠭ᠌ ᠢ ᠥᠴᠦᠭᠡᠨ ᠭᠢᠪᠠᠴᠤ ᠶᠡᠭᠡ ᠬᠤᠤᠷ ᠳᠡᠷᠢᠨ᠎ᠡ》 ᠭᠡᠰᠡᠨ ᠶᠤᠰᠤ ᠶᠢ ᠣᠬᠠᠭᠠᠷᠠᠭᠰᠠᠨ ᠪᠠᠢ᠌ᠨ᠎ᠠ᠃

ᠵᠤᠬᠢᠶᠠᠭᠴᠢ᠄ ᠨᠣ᠋·ᠪᠠᠭᠠᠳᠤᠷ
ᠳᠠᠷᠤᠮ᠄ 5994
ᠴᠠᠭ᠄ 2009 ᠤᠨ ᠤ 04 ᠰᠠᠷ᠎ᠠ ᠶᠢᠨ 29

ᠡᠮᠦᠨᠡᠬᠢ   ᠳᠠᠷᠠᠭᠠᠬᠢ

ᠰᠢᠭᠦᠮᠵᠢ ᠪᠢᠴᠢᠬᠦ
ᠨᠡᠪᠲᠡᠷᠡᠨ ᠤᠷᠤᠭᠠᠷᠠᠢ᠃
ᠨᠡᠪᠲᠡᠷᠡᠨ ᠤᠷᠤᠪᠠᠯ ᠰᠠᠶ‍ᠢ ᠰᠢᠭᠦᠮᠵᠢ ᠪᠢᠴᠢᠵᠦ ᠳᠡᠢ᠌ᠯᠦᠨ᠎ᠡ᠃