ᠨᠣ᠋·ᠪᠠᠭᠠᠳᠤᠷ ᠄ 《ᠪᠢᠯᠢᠭ᠌ ᠤᠨ ᠭᠡᠭᠡᠪᠴᠢ》
ᠶᠢᠰᠦ ᠂ ᠨᠤᠭᠤᠴᠠᠭ᠎ᠠ ᠶᠡᠬᠡᠳᠡᠢ ᠠᠮᠢᠳᠤᠷᠠᠯ ᠤᠨ ᠠᠶᠠᠨ
ᠬᠤᠶᠠᠳᠤᠭᠠᠷ ᠬᠡᠰᠡᠭ ᠂ ᠠᠮᠢᠳᠤᠷᠠᠯ ᠤᠨ ᠠᠶᠠᠨ ᠤ ᠭᠤᠷᠪᠠᠨ ᠭᠦᠪ

ᠭᠦᠮᠤᠨ ᠤ ᠶ‍ᠢᠷᠳᠢᠠᠴᠤ ᠶᠢᠨ ᠡᠯᠳᠡᠪ ᠠᠮᠳᠠ ᠶᠢ ᠠᠮᠳᠠᠯᠠᠬᠤ ᠦᠭᠡᠶ ᠪᠠᠷ ᠠᠮᠢᠳᠤᠷᠠᠯ ᠢ ᠣᠤᠠᠬ᠎ᠠ ᠠᠭᠤᠯᠭ᠎ᠠ ᠦᠭᠡᠶ ᠭᠡᠮᠡᠨ ᠭᠠᠰᠠᠯᠤᠭᠠᠤᠨ ᠰᠠᠭᠤᠬᠤ ᠨᠢ ᠵᠠᠯᠠᠭᠤᠴᠤᠳ ᠤᠨ ᠦᠰᠦᠨ ᠪᠣᠢ᠌ᠵᠢᠬᠤ ᠵᠠᠮ ᠳᠡᠭᠡᠷᠡᠭᠢ ᠶᠡᠭᠡ ᠳᠠᠢ᠌ᠰᠤᠨ ᠮᠦᠨ᠃


᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠵᠠᠩ ᠸᠧᠨ ᠳᠢᠶᠠᠨ


ᠮᠤᠩᠭ᠋ᠤᠯ ᠤᠨ ᠥᠡᠳᠦᠷᠯᠢᠭ᠌ ᠤᠨ ᠨᠠᠮᠬᠠᠨ ᠰᠢᠯᠢ ᠳᠡᠭᠡᠷ᠎ᠡ ᠨᠢᠭᠡ ᠰᠥᠷᠦᠭ᠌ ᠵᠡᠭᠡᠷ᠎ᠡ ᠭᠦᠵᠦᠭᠦᠤ ᠪᠠᠨ ᠭᠤᠷᠣᠢ᠌ᠯᠭᠠᠨ ᠴᠢᠭᠢ ᠪᠠᠨ ᠰᠠᠷᠳᠠᠯᠵᠠᠭᠤᠯᠵᠤ ᠠᠯᠤᠰ ᠤᠨ ᠴᠢᠮᠡᠭᠡ ᠶᠢ ᠴᠢᠩᠨᠠᠨ ᠰᠡᠷᠡᠮᠵᠢᠳᠡᠢ᠌ᠭᠡᠨ ᠢᠳᠡᠰᠢᠯᠡᠨ᠎ᠡ᠃ ᠡᠨᠡ ᠦᠶ᠎ᠡ ᠳᠤ ᠭᠡᠭᠡᠯ ᠨᠢ ᠠᠬᠠᠳᠠᠭᠰᠠᠨ ᠨᠢᠭᠡ ᠰᠢᠷᠠᠭᠴᠢᠨ ᠰᠥᠷᠦᠭ᠌ ᠡᠴᠡ ᠪᠠᠨ ᠵᠠᠢ᠌ᠳᠠᠭᠤ ᠰᠢᠭ ᠭᠠᠵᠠᠷ ᠣᠴᠢᠭᠠᠤᠨ ᠢᠠᠵᠠᠭᠠᠯᠠᠭᠰᠠᠨ ᠳᠤ᠂ ᠢᠠᠵᠠᠭ᠎ᠠ ᠨᠢ ᠳᠤᠤᠷ᠎ᠠ ᠪᠠᠨ ᠪᠣᠰᠴᠤ ᠵᠤᠭᠰᠤᠭᠠᠤᠨ ᠡᠭᠡ ᠪᠠᠨ ᠭᠦᠭᠦᠭ᠍ᠰᠡᠨ ᠪᠦᠭᠡᠤᠨ ᠨᠢᠭᠡ ᠮᠦᠴᠡ ᠪᠣᠯᠤᠯ ᠦᠭᠡᠶ ᠡᠭᠡ ᠪᠠᠨ ᠳᠠᠭᠠᠭᠠᠤᠨ ᠵᠢᠷᠢᠯᠵᠠᠳᠠᠯ᠎ᠠ ᠭᠦᠶ‍ᠦᠭ᠍ᠰᠡᠨ ᠪᠠᠢ᠌ᠨ᠎ᠡ᠃ ᠢᠩᠭᠢᠭᠦ ᠦᠭᠡᠶ ᠶᠤᠮ ᠪᠣᠯ ᠰᠢᠨᠤᠬᠠᠢ ᠨᠢᠳᠤ ᠪᠠᠨ ᠪᠦᠯᠳᠡᠢ᠌ᠯᠭᠡᠨ ᠠᠯᠤᠰ ᠡᠴᠡ ᠰᠢᠷᠳᠠᠵᠤ ᠪᠠᠢ᠌ᠭ᠎ᠠ ᠴᠤᠬᠤᠷ ᠢᠷᠪᠢᠰ᠂ ᠬᠤᠪᠳᠤᠭ ᠰᠢᠯᠤᠰᠤ ᠪᠠᠨ ᠰᠠᠷᠪᠢᠭᠤᠯᠤᠨ ᠪᠣᠳᠠ ᠰᠢᠷᠭᠤᠨ ᠥᠩᠭᠡᠯᠵᠡᠨ ᠮᠠᠷᠢᠶᠠᠵᠤ ᠪᠠᠢ᠌ᠭ᠎ᠠ ᠴᠢᠨ᠋ᠸ᠎ᠠ ᠰᠢᠷᠠᠨᠤᠳ ᠤᠨ ᠢᠳᠠᠰᠢ ᠪᠣᠯᠤᠨ᠎ᠠ᠃ ᠠᠮᠢᠳᠠᠨ ᠤ ᠶ‍ᠢᠷᠳᠢᠠᠴᠤ ᠶᠢᠨ ᠡᠨᠡ ᠳᠡᠭ᠍ᠵᠢᠨ ᠭᠦᠭᠡᠷᠦᠭᠦᠨ ᠠᠮᠢᠳᠠᠨ ᠳᠤ ᠡᠢ᠌ᠮᠦᠷᠭᠦᠤ ᠭᠦᠡᠳᠤ ᠭᠡᠴᠡᠭᠦᠤ ᠣᠷᠴᠢᠨ ᠠᠬᠤᠢ ᠲᠡᠶ ᠵᠤᠭᠢᠴᠠᠵᠤ ᠴᠢᠳᠠᠬᠤ ᠣᠤᠷ ᠴᠢᠳᠠᠪᠣᠷᠢ ᠪᠠᠢ᠌ᠭᠰᠠᠨ ᠤ ᠠᠴᠢ ᠪᠠᠷ ᠡᠨᠡ ᠪᠦᠮᠪᠦᠷᠴᠡᠭ᠌ ᠳᠡᠭᠡᠷ᠎ᠡ ᠣᠳᠤᠮ ᠵᠠᠯᠭᠠᠨ ᠳᠦᠯᠵᠢᠵᠤ ᠶᠠᠪᠣᠭ᠎ᠠ ᠠᠵᠢ᠃ ᠠᠮᠢᠳᠠᠨ ᠤ ᠶ‍ᠢᠷᠳᠢᠠᠴᠤ ᠶᠢᠨ ᠳᠤᠮᠤ 《ᠰᠤᠪᠣᠷᠭᠠᠨ》᠊ᠤ 《ᠭᠠᠠᠵᠢᠷ᠎ᠠ》 ᠨᠢ ᠪᠣᠯᠤᠭᠰᠠᠨ ᠭᠦᠮᠤᠨ ᠳᠤ ᠭᠡᠳᠥᠢᠪᠠᠷ ᠴᠢᠨ᠋ᠸ᠎ᠠ ᠮᠢᠷᠢᠶᠠᠵᠤ ᠢᠷᠪᠢᠰ ᠳᠠᠭᠤᠬᠤ ᠶᠢᠨ ᠠᠶᠤᠯ ᠦᠭᠡᠶ ᠪᠣᠯᠪᠠᠴᠤ᠂ ᠭᠠᠵᠠᠷ ᠭᠦᠳᠡᠯᠵᠤ ᠠᠶᠤᠩᠭ᠋᠎ᠠ ᠨᠢᠷᠭᠡᠭᠦ ᠮᠠᠳᠤ ᠶᠢᠨ ᠪᠠᠢ᠌ᠭᠠᠯᠢ ᠶᠢᠨ ᠭᠠᠮᠰᠢᠭ ᠪᠣᠶᠤ ᠡᠪᠠᠦᠡᠴᠢᠨ ᠵᠤᠪᠠᠯᠠᠩ ᠥᠷᠭᠦᠯᠵᠢ ᠳᠠᠭᠠᠯᠳᠤᠬᠤ ᠪᠠᠷ ᠪᠠᠷᠠᠬᠤ ᠦᠭᠡᠶ᠂ ᠭᠦᠮᠤᠨ ᠭᠦᠮᠤᠨ ᠤ ᠬᠤᠭᠤᠷᠤᠠᠳᠠᠭᠢ ᠠᠰᠢᠭ ᠬᠤᠤᠷ ᠤᠨ ᠮᠥᠷᠭᠦᠯᠳᠦᠭᠡᠨ ᠳᠠᠰᠤᠷᠠᠬᠤ ᠦᠭᠡᠶ ᠪᠣᠯᠬᠤᠷ ᠭᠦᠮᠤᠨ ᠤ ᠶ‍ᠢᠷᠳᠢᠠᠴᠤ ᠨᠢ ᠨᠠᠮᠵᠢᠭᠤᠨ ᠨᠠᠭᠤᠷ ᠤᠨ ᠳᠠᠢ᠌ᠪᠣᠩ ᠣᠰᠤ ᠰᠢᠭ ᠢᠮᠠᠭᠳᠠ ᠮᠡᠯᠳᠡᠯᠵᠡᠭᠡᠤᠨ ᠪᠠᠢ᠌ᠳᠠᠭ ᠦᠭᠡᠶ᠃ ᠲ᠋ᠡᠭᠡᠭᠦ ᠳᠡᠭᠡᠨ ᠮᠠᠨ ᠤ ᠣᠷᠤᠩᠨᠠᠵᠤ ᠪᠦᠭᠦᠢ ᠡᠨᠡ ᠡᠶ᠎ᠡ ᠵᠤᠭᠢᠴᠠᠯᠳᠤ ᠨᠡᠢ᠌ᠭᠡᠮ ᠳᠤ ᠴᠤ ᠡᠯᠳᠡᠪ ᠡᠰᠡᠨ ᠮᠠᠭᠤ ᠡᠳᠡᠭᠡᠤᠨ ᠣᠯᠤᠰ ᠤᠨ ᠬᠠᠤᠯᠢ ᠴᠠᠭᠠᠵᠠ ᠶᠢ ᠰᠦᠷᠤᠨ ᠠᠷᠠᠤᠨ ᠲᠦᠮᠡᠨ ᠤ ᠠᠰᠢᠭ ᠳᠤᠰᠠ ᠶᠢ ᠬᠤᠭᠢᠷᠠᠭᠤᠯᠬᠤ ᠶᠠᠯᠠᠳᠤ ᠭᠡᠷᠡᠭ᠌ ᠥᠢᠯᠡᠳᠦᠭᠡᠤᠨ ᠪᠠᠢ᠌ᠳᠠᠭ᠃ ᠡᠨᠡᠭᠦ 《ᠡᠰᠡᠷᠭᠦ ᠥᠢᠯᠡᠴᠢᠯᠡᠭᠦ ᠭᠦᠴᠤ》 ᠪᠤᠯ ᠨᠡᠢ᠌ᠭᠡᠮ ᠤᠨ ᠰᠠᠯᠭᠢ ᠳᠠᠪᠠᠯᠭᠠᠨ ᠤ ᠭᠤᠤᠯ ᠢᠷᠠᠯᠳᠠ ᠪᠣᠯᠵᠤ ᠪᠠᠢ᠌ᠪᠠᠴᠤ ᠮᠦᠨ ᠭᠦ ᠴᠠᠭ ᠦᠶ᠎ᠡ ᠶᠢᠨ ᠭᠦᠭ᠍ᠵᠢᠯᠳᠡ ᠶᠢᠨ ᠲᠦᠯᠬᠢᠴᠠ ᠭᠦᠴᠤ ᠪᠣᠯᠳᠠᠭ ᠪᠠᠢ᠌ᠨ᠎ᠡ᠃ ᠡᠨᠡ ᠨᠢ ᠳᠤᠤᠷ ᠰᠦᠯᠵᠢᠶᠠᠨ ᠤ ᠬᠤᠤᠷ ᠰᠢᠭ ᠺᠤᠮᠫᠢᠦ᠋ᠲ᠋ᠧᠷ ᠤᠨ ᠭᠡᠪ ᠤᠨ ᠠᠵᠢᠯᠯᠠᠭᠠᠨ ᠳᠤ ᠰᠠᠭᠠᠤᠨ ᠣᠴᠠᠷᠠᠭᠤᠯᠳᠠᠭ ᠪᠤᠯᠪᠠᠴᠤ᠂ ᠰᠢᠡᠵᠢᠯᠡᠭᠦ ᠣᠬᠠᠭᠠᠨ ᠳᠧᠭᠨᠢᠭ᠌ ᠮᠡᠷᠭᠡᠵᠢᠯ ᠤᠨ ᠭᠦᠭ᠍ᠵᠢᠯᠳᠡ ᠶᠢ ᠳᠠᠭᠠᠯᠳᠤᠨ ᠨᠠᠩ ᠳᠡᠭᠡᠳᠤ ᠨᠢᠭᠡ ᠳᠡᠭ᠍ᠳᠡᠷ ᠲᠤ ᠳᠠᠪᠰᠢᠬᠤ ᠶᠢᠨ ᠭᠦᠳᠡᠯᠭᠡᠭᠦ ᠭᠦᠴᠤ ᠪᠣᠯᠳᠠᠭ ᠰᠡᠨ᠃ ᠭᠦᠮᠤᠨ ᠲᠦᠷᠦᠯᠭᠢᠳᠠᠨ ᠤ ᠨᠡᠢ᠌ᠭᠡᠮ ᠨᠢ ᠡᠢ᠌ᠮᠦᠷᠭᠦᠤ ᠡᠰᠡᠷᠭᠦᠴᠡᠯ ᠭᠢᠮᠤᠷᠠᠯᠳᠤᠭᠠᠨ ᠤ ᠳᠤᠮᠳᠠ ᠳᠠᠪᠳᠠᠭᠳᠠᠵᠤ ᠴᠢᠨᠠᠭᠰᠢᠳᠠ ᠭᠦᠭ᠍ᠵᠢᠨ ᠴᠡᠴᠡᠭᠯᠡᠳᠡᠭ᠌ ᠡᠡᠵᠢ᠃ ᠡᠭᠦᠨ ᠡᠴᠡ ᠪᠢᠳᠡ 《ᠡᠰᠡᠷᠭᠦ ᠭᠦᠴᠤ》 ᠪᠤᠯ ᠨᠡᠢ᠌ᠭᠡᠮ ᠪᠣᠶᠤ ᠪᠦᠭᠦᠢᠯᠡ ᠠᠮᠢᠳᠤ ᠪᠣᠳᠠᠰ ᠤᠨ ᠭᠦᠭ᠍ᠵᠢᠯᠳᠡ ᠬᠤᠪᠢᠰᠤᠯᠳᠠ ᠶᠢᠨ ᠰᠢ᠌ᠳᠪᠦᠷᠢᠯᠡᠭᠴᠢ ᠭᠦᠴᠤᠨ ᠵᠣᠢ᠌ᠯ ᠪᠣᠯᠬᠤ ᠶᠢ ᠮᠠᠳᠠᠵᠤ ᠪᠣᠯᠤᠨ᠎ᠠ᠃

ᠨᠡᠢ᠌ᠭᠡᠮ ᠤᠨ ᠰᠠᠯᠭᠢ ᠳᠠᠪᠠᠯᠭᠠᠨ ᠨᠢ ᠳᠡᠦᠭᠡ ᠶᠢᠨ ᠭᠦᠭ᠍ᠵᠢᠯᠳᠡ ᠶᠢᠨ ᠭᠡᠪ ᠤᠨ ᠥᠵᠡᠭ᠍ᠳᠡᠯ ᠪᠣᠯᠪᠠᠴᠤ᠂ ᠠᠮᠢᠳᠤᠷᠠᠯ ᠤᠨ ᠳᠤᠷᠰᠢᠯᠭ᠎ᠠ ᠪᠠᠷ ᠳᠤᠳᠠᠮᠠᠭ᠂ 《ᠦᠯᠦ ᠬᠠᠯᠳᠠᠭᠠᠬᠤ ᠴᠢᠳᠠᠪᠣᠷᠢ》 ᠪᠠᠷ ᠠᠨᠠᠢ ᠪᠠᠢ᠌ᠳᠠᠭ ᠪᠠᠭᠠᠴᠤᠳ ᠵᠠᠯᠠᠭᠤᠴᠤᠳ ᠢ ᠳᠤᠩ ᠠᠮᠠᠷᠬᠠᠨ ᠵᠢᠡᠷ 《ᠡᠷᠭᠢᠭᠦᠤ ᠴᠡᠭᠡᠯ》 ᠳ᠋ᠡᠭᠡᠨ ᠳᠠᠳᠠᠵᠤ ᠣᠷᠤᠭᠤᠯᠬᠤ ᠪᠠᠷ ᠪᠠᠷᠠᠬᠤ ᠦᠭᠡᠶ᠂ ᠭᠠᠯ ᠵᠠᠯᠠᠭᠤ ᠨᠠᠰᠤ ᠭᠡᠷᠡᠯ ᠭᠢᠯᠪᠠᠭᠠᠳᠤ ᠬᠤᠵᠢᠮ ᠢᠷᠡᠭᠡᠳᠦᠢ ᠶᠢ ᠨᠢ ᠳᠠᠮᠳᠤᠭᠯᠠᠭᠠᠤᠨ ᠥᠭᠦᠯ ᠤᠨ ᠵᠠᠮ ᠳ᠋ᠤᠨᠢ ᠭᠦᠳᠦᠯᠳᠡᠭ᠌ ᠪᠠᠢ᠌ᠵᠠᠢ᠃ ᠮᠠᠨ ᠤ ᠣᠯᠤᠰ ᠤᠨ ᠣᠳᠤᠭᠢ ᠱᠠᠳᠤᠨ ᠳᠤ ᠣᠷᠤᠰᠢᠵᠤ ᠪᠦᠭᠦᠢ ᠠᠶᠤᠯᠳᠤ ᠭᠤᠷᠪᠠᠨ ᠭᠦᠪ ᠪᠣᠯ ᠬᠤᠤᠷ ᠳᠠᠳᠠᠵᠤ ᠬᠤᠤᠷ ᠰᠠᠷᠢᠭᠠᠯᠠᠬᠤ᠂ ᠲ᠋ᠠᠮᠵᠢᠨ ᠪᠤᠷᠤᠯᠠᠭᠤᠯᠬᠤ᠂ ᠭᠦᠮᠤᠨ ᠹᠠᠠᠽᠢᠯᠠᠬᠤ ᠵᠡᠷᠭᠡ ᠭᠤᠷᠪᠠ ᠪᠤᠯᠤᠨ᠎ᠠ᠃ ᠡᠭᠦᠨ ᠡᠴᠡ ᠭᠠᠳᠠᠨ᠎ᠠ ᠭᠠᠵᠢᠭᠤ ᠨᠤᠮᠯᠠᠯ ᠢ ᠰᠢᠳᠤᠨ ᠡᠷᠭᠢᠭᠦᠳᠡᠭᠦ᠂ ᠵᠤᠭᠤᠰ ᠮᠥᠷᠥᠢ᠌ᠴᠡᠭᠦ᠂ ᠬᠤᠯᠠᠭᠠᠢ᠌ᠯᠡᠬᠤ᠂ ᠶᠡᠩᠬᠠᠯᠡᠬᠤ ᠮᠠᠳᠤ ᠶᠢᠨ ᠭᠠᠵᠢᠭᠤ 《ᠣᠯᠤᠮ》 ᠪᠠᠢ᠌ᠳᠠᠭ ᠪᠤᠯᠪᠠᠴᠤ᠂ ᠡ᠊ᠨᠳᠡ ᠡᠭᠢᠨ ᠤ ᠭᠤᠷᠪᠠ ᠶᠢ ᠭᠤᠤᠯᠯᠠᠵᠤ ᠶᠠᠷᠢᠨ᠎ᠠ᠃

ᠨᠢᠭᠡ : ᠬᠤᠷᠴᠠ ᠥᠩᠭᠡᠳᠡᠢ ᠠᠮᠤ ᠴᠡᠴᠡᠭ᠌

1840 ᠣᠨ ᠳᠤ ᠡᠡᠩᠭᠡᠯᠢ ᠶᠢᠨ ᠳᠦᠷᠢᠮᠡᠭᠡᠢ᠌ᠯᠡᠭ᠍ᠴᠢᠳ ᠳᠦᠭ᠍ᠵᠢᠭ᠍ᠳᠡᠮᠡᠯ ᠪᠢᠳᠡᠭᠦᠮᠵᠢᠳᠡᠢ ᠳᠤᠮᠳᠠᠳᠤ ᠣᠯᠤᠰ ᠤᠨ ᠡᠭᠦᠳᠡ ᠶᠢ ᠫᠣᠤᠳᠠᠨ ᠨᠡᠭᠡᠭᠡᠵᠤ᠂ ᠬᠠᠷ᠎ᠡ ᠳᠠᠮᠠᠭᠢᠨ ᠤ ᠦᠷ᠎ᠡ ᠪᠠᠨ ᠰᠠᠴᠤᠭᠰᠠᠨ ᠡᠴᠡ ᠬᠤᠢ᠌ᠰᠢ᠂ ᠥᠷᠭᠡᠨ ᠠᠭᠤᠳᠠᠮ ᠬᠤᠸᠠᠰᠢᠶᠠ ᠶᠢᠨ ᠨᠤᠳᠤᠭ ᠳᠡᠪᠢᠰᠭᠡᠷ ᠳᠡᠭᠡᠷ᠎ᠡ 《ᠡᠡᠮᠤ ᠴᠡᠴᠡᠭ᠌》 ᠭᠡᠭ᠍ᠴᠢ ᠭᠤᠶᠤ ᠰᠠᠢ᠌ᠬᠠᠨ ᠣᠯᠠᠭᠠᠨ ᠬᠤᠸᠠᠷ ᠲᠡᠶ ᠣᠷᠭᠤᠮᠠᠯ ᠬᠨ ᠶᠠ ᠦᠭᠡᠶ ᠪᠣᠳᠠᠯᠠᠨ ᠴᠡᠴᠡᠭᠯᠡᠵᠤ᠂ ᠭᠦᠷᠦᠩᠭᠡ ᠲᠡᠶ ᠨᠢᠭᠡ ᠶᠢ ᠨᠢ ᠭᠦᠷᠦᠩᠭᠡ ᠪᠠᠨ ᠬᠤᠭᠤᠰᠦᠷᠡᠳᠡᠯ᠎ᠡ᠂ ᠭᠦᠷᠦᠩᠭᠡ ᠨᠢᠮᠭᠡᠨ ᠨᠢᠭᠡ ᠶᠢ ᠨᠢ ᠡᠭᠡᠨᠡᠷ ᠭᠡᠦᠭᠡᠤᠨ ᠶᠢᠡᠨ ᠬᠤᠳᠠᠯᠳᠤᠨ ᠭᠣᠢ᠌ᠷᠠᠠᠴᠢᠯᠠᠳᠠᠯ᠎ᠠ ᠳᠡᠯᠭᠡᠷᠡᠵᠤ᠂ ᠨᠢᠳᠤ ᠨᠢ ᠬᠤᠩᠬᠣᠢ᠌ᠨ ᠥᠡᠳᠡᠭᠡᠨ ᠶᠠᠰᠤ ᠨᠢ ᠳᠦᠭ᠍ᠳᠥᠢᠵᠤ ᠰᠠᠯᠭᠢᠨ ᠳᠤ ᠰᠠᠵᠢᠯᠠᠨ ᠡᠪᠠᠰᠤᠨ ᠳᠤ ᠪᠦᠳᠦᠷᠢᠭ᠍ᠰᠡᠨ ᠭᠦᠮᠤᠨ ᠤ ᠣᠷᠤᠠᠴᠠᠭ ᠣᠯᠠᠰᠢᠷᠠᠭᠰᠠᠨ ᠪᠠᠢ᠌ᠨ᠎ᠠ᠃ ᠰᠢᠨ᠎ᠠ ᠳᠤᠮᠳᠠᠳᠤ ᠣᠯᠤᠰ ᠪᠠᠢ᠌ᠭᠤᠯᠤᠭᠳᠠᠭᠰᠠᠨ ᠤ ᠳᠠᠷᠠᠭ᠎ᠠ᠂ ᠬᠤᠤᠷ ᠳᠠᠷᠢᠵᠤ ᠬᠤᠤᠷ ᠳᠠᠳᠠᠬᠤ ᠶᠢ ᠬᠠᠳᠠᠭᠤ ᠴᠠᠭᠠᠵᠠᠯᠠᠭᠰᠠᠨ ᠶᠢᠡᠷ᠂ ᠬᠤᠤᠷ ᠳᠠᠳᠠᠬᠤ ᠶᠠᠪᠣᠳᠠᠯ ᠳᠠᠭ ᠵᠤᠭᠰᠤᠭᠰᠠᠨ ᠪᠠᠢ᠌ᠪᠠ᠃

ᠲ᠋ᠤᠮᠳᠠᠳᠤ ᠣᠯᠤᠰ ᠤᠨ ᠪᠠᠷᠠᠭᠤᠨ ᠡᠮᠦᠨ᠎ᠡ ᠶᠡᠭᠡ ᠬᠠᠭᠠᠯᠭ᠎ᠠ ᠶᠢ ᠰᠠᠭᠢᠵᠤ ᠪᠠᠢ᠌ᠭ᠎ᠠ ᠶᠦᠨᠨᠠᠨ ᠮᠤᠵᠢ ᠨᠢ ᠪᠢᠷᠮᠠ᠂ ᠯᠠᠤᠰ ᠬᠤᠶᠠᠷ ᠣᠯᠤᠰ ᠲᠡᠶ ᠭᠦᠷᠰᠢᠯᠡᠵᠤ ᠪᠣᠢ ᠪᠦᠭᠡᠤᠨ᠂ ᠲ᠋ᠡᠭᠡᠷ᠎ᠡ ᠵᠠᠭᠤᠨ ᠤ ᠴᠢᠯᠦᠭᠡᠯᠡᠭᠦ ᠳᠠᠢ᠌ᠨ ᠳᠤ ᠭᠦᠭᠡᠭᠡᠭ᠍ᠳᠡᠵᠤ ᠭᠠᠷᠤᠭᠰᠠᠨ ᠨᠢᠭᠡ ᠪᠦᠯᠦᠭ᠌ ᠭᠤᠮᠢᠠᠳᠠᠩ ᠤᠨ ᠣᠷᠭᠤᠳᠤᠯ ᠤᠳ ᠭᠤᠷᠪᠠᠨ ᠣᠯᠤᠰ ᠤᠨ ᠭᠢᠯᠢ ᠳᠡᠭᠡᠷᠡᠭᠢ ᠨᠢᠭᠡ ᠭᠡᠰᠡᠭ᠌ ᠬᠤᠭᠤᠰᠤᠨ ᠭᠠᠵᠠᠷ ᠢ ᠡᠵᠡᠯᠡᠵᠤ ᠰᠠᠭᠤᠭᠠᠤᠨ᠂ ᠬᠠᠷ᠎ᠠ ᠳᠠᠮᠠᠭᠢ ᠳᠠᠷᠢᠵᠤ ᠠᠷᠠᠯᠵᠢᠶᠠᠯᠠᠬᠤ ᠪᠠᠷ ᠣᠠᠳᠤᠷᠤᠯᠭ᠎ᠠ ᠠᠪᠣᠭᠰᠠᠨ ᠶᠢᠡᠷ ᠡᠨᠡ ᠭᠠᠵᠠᠷ ᠨᠢ 《ᠰᠢᠵᠢᠷ ᠠᠯᠳᠠᠨ ᠭᠤᠷᠪᠠᠯᠵᠢᠨ》 ᠭᠡᠰᠡᠨ ᠮᠠᠭᠤ ᠨᠠᠷ᠎ᠠ ᠮᠤᠠᠳᠠᠷ ᠴᠤᠯᠠ ᠲᠡᠶ ᠭᠠᠵᠠᠷ ᠪᠤᠯᠪᠠ᠃ ᠲ᠋ᠡᠭᠡᠷ᠎ᠡ ᠵᠠᠭᠤᠨ ᠤ ᠨᠠᠶᠠᠭᠠᠤᠨ ᠣᠨ ᠳᠤ᠂ ᠮᠠᠨ ᠤ ᠣᠯᠤᠰ ᠤᠨ ᠥᠭᠡᠷᠡᠴᠢᠯᠡᠯᠳᠡ ᠨᠡᠭᠡᠭᠡᠯᠳᠡ ᠶᠢᠨ ᠣᠢ᠌ᠯᠠᠰ ᠢᠳᠠ ᠭᠦᠴᠤ ᠲᠡᠶ ᠶᠠᠪᠣᠭᠳᠠᠵᠤ᠂ ᠣᠯᠤᠰ ᠤᠨ ᠶᠡᠭᠡ ᠬᠠᠭᠠᠯᠭ᠎ᠠ ᠨᠡᠭᠡᠭᠡᠭ᠍ᠳᠡᠭᠦ ᠶᠢ ᠳᠠᠭᠠᠯᠳᠤᠨ ᠬᠤᠤᠷ ᠤᠨ ᠰᠠᠯᠭᠢ ᠵᠠᠪᠰᠢᠶᠠᠨ ᠢ ᠳᠠᠯᠢᠮᠳᠠᠭᠤᠯᠤᠨ ᠰᠢᠷᠭᠤᠨ ᠣᠷᠤᠵᠤ ᠢᠷᠡᠭᠡᠤᠨ᠂ ᠥᠯᠤ ᠬᠠᠯᠳᠠᠭᠠᠬᠤ ᠴᠢᠳᠠᠪᠣᠷᠢ ᠪᠠᠷ ᠠᠨᠠᠢ ᠪᠠᠢ᠌ᠳᠠᠭ ᠨᠢᠭᠡ ᠪᠦᠯᠦᠭ᠌ ᠵᠠᠯᠠᠭᠤ ᠨᠢᠭᠡ ᠦᠶ᠎ᠡ ᠶᠢᠨ ᠭᠢᠨ ᠳᠤ ᠦᠨᠳᠦᠰᠦ ᠬᠠᠤᠠᠬᠤᠵᠤ ᠠᠮᠵᠢᠭᠰᠠᠨ ᠪᠠᠢ᠌ᠵᠠᠢ᠃ ᠰᠤᠷᠪᠣᠯᠵᠢᠯᠠᠭᠴᠢ ᠶᠦᠨᠨᠠᠨ ᠮᠤᠵᠢ ᠶᠢᠨ ᠬᠠᠮᠤᠭ ᠭᠡᠴᠡᠭᠦᠤ ᠭᠠᠮᠰᠢᠭᠳᠠᠭᠰᠠᠨ ᠨᠢᠭᠡ ᠳᠤᠰᠬᠤᠨ ᠢ ᠰᠤᠷᠪᠣᠯᠵᠢᠯᠠᠬᠤ ᠳᠤ᠂ ᠠᠢ᠌ᠯ ᠤᠨ ᠡᠷ᠎ᠡ ᠡᠮ᠎ᠡ ᠭᠦᠭ᠍ᠰᠢᠨ ᠵᠠᠯᠠᠭᠤ ᠪᠦᠭᠦᠳᠡᠭᠡᠷ ᠬᠤᠤᠷ ᠳᠠᠳᠠᠬᠤ ᠳᠤᠷᠠᠰᠢᠯ ᠲᠡᠶ ᠪᠣᠯᠤᠭᠰᠠᠨ ᠶᠢᠡᠷ ᠪᠠᠷᠠᠬᠤ ᠦᠭᠡᠶ᠂ ᠭᠡᠷ ᠤᠨ ᠨᠢᠷᠤᠭᠤᠨ ᠳᠡᠭᠡᠷ᠎ᠡ ᠨᠢ ᠡᠭᠦᠷᠯᠡᠭ᠍ᠰᠡᠨ ᠬᠤᠯᠤᠭᠠᠨ᠎ᠠ ᠴᠤ ᠣᠳᠤᠭ᠎ᠠ ᠶᠢ ᠨᠢ ᠦᠨᠦᠷᠳᠤᠵᠤ ᠪᠠᠢ᠌ᠭᠠᠤᠨ ᠬᠤᠤᠷ ᠤᠨ ᠳᠤᠷᠠᠰᠢᠯ ᠲᠡᠶ ᠪᠣᠯᠤᠭᠠᠤᠨ᠂ ᠲ᠋ᠤᠭᠳᠠᠭᠰᠠᠨ ᠴᠠᠭ ᠲᠠᠭᠠᠨ ᠬᠠᠷ᠎ᠠ ᠳᠠᠮᠠᠭᠢᠨ ᠤ ᠦᠨᠦᠷ ᠥᠨᠦᠷᠳᠡᠭᠦ ᠦᠭᠡᠶ ᠪᠣᠯᠤᠭᠰᠠᠭᠠᠷ ᠭᠠᠵᠠᠷ ᠣᠨᠠᠭᠠᠤᠨ ᠭᠦᠮᠤᠨ ᠡᠴᠡ ᠠᠶᠤᠬᠤ ᠦᠭᠡᠶ ᠰᠠᠷᠪᠠᠯᠵᠢᠳᠠᠭ ᠪᠤᠯᠵᠠᠢ᠃ ᠡᠭᠦᠨ ᠤ ᠳ᠋ᠦ᠋ᠩ ᠳᠤ᠂ ᠣᠯᠠᠨ ᠠᠷᠪᠢᠨ ᠰᠠᠴᠠᠨ ᠰᠡᠷᠭᠦᠯᠡᠩ ᠵᠠᠯᠠᠭᠤᠴᠤᠳ ᠮᠢᠨᠢ ᠬᠤᠤᠷ ᠤᠨ ᠱᠠᠯᠪᠠᠭ ᠲᠤ ᠰᠢᠭᠢᠤᠠᠴᠤ᠂ ᠠᠵᠢᠯ ᠰᠤᠷᠤᠯᠭ᠎ᠠ ᠪᠠᠨ ᠪᠦᠭᠦᠨ ᠢ ᠬᠠᠶᠠᠭᠠᠤᠨ ᠭᠦᠷᠦᠩᠭᠡ ᠪᠠᠨ ᠬᠤᠭᠤᠰᠤᠯᠠᠨ ᠭᠦᠮᠤᠨ ᠶᠢᠡᠨ ᠪᠠᠷᠠᠭᠠᠤᠨ ᠵᠤᠭᠰᠤᠭᠰᠠᠨ ᠦᠭᠡᠶ᠂ ᠬᠠᠷ᠎ᠠ ᠳᠠᠮᠠᠭᠢᠨ ᠮᠥᠩᠭᠦ ᠪᠠᠳᠢᠷᠯᠠᠵᠤ ᠪᠠᠢ᠌ᠭᠠᠤᠨ ᠪᠠᠢ᠌ᠳᠠᠭ ᠰᠠᠳᠤᠨ ᠶᠢᠡᠨ ᠭᠠᠰᠠᠯᠭᠠᠵᠤ ᠭᠦᠢᠴᠡᠭᠡᠤᠨ ᠳᠠᠮᠠᠭᠢᠨ ᠰᠢᠨᠤᠯ ᠨᠢ ᠳᠠᠷᠴᠢᠯᠭᠠᠭᠠᠤᠨ ᠢᠷᠡᠭᠦᠯᠡᠷ ᠳᠤᠨᠤᠭ᠎ᠠ ᠳᠡᠭᠡᠷᠡᠮ ᠭᠢᠵᠤ ᠪᠣᠯᠢᠶᠠᠵᠤ ᠠᠪᠣᠭᠰᠠᠨ ᠵᠤᠭᠤᠰ ᠶᠢᠡᠷ ᠶᠢᠡᠨ ᠬᠤᠤᠷ ᠳᠡᠳᠡᠨ᠎ᠡ᠃ ᠢᠩᠭᠢᠭᠡᠤᠨ ᠳᠤᠮᠢᠯᠠᠭᠰᠠᠨ ᠰᠠᠯᠪᠣᠷᠢ ᠶᠢᠨ ᠥᠷᠭᠦᠯᠵᠢ ᠶᠢᠨ ᠵᠤᠴᠢᠨ ᠪᠤᠯᠵᠤ᠂ ᠰᠢᠭᠦᠭᠦ ᠬᠤᠷᠢᠶᠠᠨ ᠤ ᠬᠠᠳᠠᠪᠴᠢ ᠶᠢ ᠡᠯᠡᠭᠡᠨ᠂ ᠬᠤᠦᠷ ᠤᠨ ᠰᠢᠨᠤᠯᠳᠠᠨ ᠨᠠᠢ᠌ᠵᠠ ᠡᠴᠡ ᠪᠠᠨ 《ᠡᠡᠢ᠌ᠰ》 ᠭᠡᠭᠦ ᠠᠶᠤᠮᠰᠢᠭᠳᠤ ᠡᠪᠠᠦᠡᠴᠢᠨ ᠢ ᠬᠠᠯᠳᠠᠪᠣᠷᠢᠯᠠᠵᠤ ᠥᠭᠦᠯ ᠤᠨ ᠮᠦᠴᠡ ᠪᠠᠨ ᠭᠦᠯᠢᠶᠡᠭᠦ ᠵᠠᠮ ᠶᠢᠡᠨ ᠡᠯᠭᠦᠭ᠍ᠰᠡᠨ ᠪᠠᠢ᠌ᠯ᠎ᠠ᠃

ᠾᠧ ᠫᠢᠩ᠂ ᠲ᠋ᠡᠭᠡᠷ᠎ᠡ ᠵᠠᠭᠤᠨ ᠤ ᠶ‍ᠢᠷᠡᠭᠡᠤᠨ ᠣᠨ ᠳᠤ ᠰᠢᠯᠭᠠᠵᠤ ᠣᠷᠤᠭᠰᠠᠨ ᠶᠡᠭᠡ ᠰᠤᠷᠭᠠᠭᠤᠯᠢ ᠶᠢᠨ ᠬᠤᠶᠠᠳᠤᠭᠠᠷ ᠣᠨ ᠤ ᠰᠤᠷᠤᠭᠴᠢ᠃ ᠲ᠋ᠤᠰ ᠵᠢᠯ ᠤᠨ ᠵᠤᠨ ᠤ ᠠᠮᠠᠷᠠᠯᠳᠠ ᠪᠠᠷ ᠠᠬ᠎ᠠ ᠪᠠᠨ ᠥᠵᠡᠭᠦ ᠪᠠᠷ ᠭᠤᠸᠠᠩᠵᠸᠤ ᠳᠤ ᠭᠦᠷᠭᠦ ᠨᠢᠰᠭᠡᠯ ᠳᠤ ᠰᠡᠭᠤᠵᠡᠢ᠃ ᠭᠡᠳᠤᠨ ᠴᠠᠭ ᠤᠨ ᠳᠡᠷᠠᠭ᠎ᠠ᠂ ᠮᠥᠩᠭᠦᠨ ᠴᠠᠭᠠᠨ ᠨᠢᠰᠭᠡᠯ 《ᠪᠠᠢ ᠶᠦᠨ》 ᠨᠢᠰᠭᠡᠯ ᠤᠨ ᠪᠠᠭᠤᠳᠠᠯ ᠳᠤ ᠠᠭᠠᠵᠢᠮᠬᠠᠨ ᠭᠤᠯᠭᠤᠨ ᠪᠠᠭᠤᠭᠰᠠᠨ ᠳᠤ᠂ ᠠᠬ᠎ᠠ ᠨᠢ ᠦᠨᠳᠦᠷ ᠳᠠᠰ ᠤᠨ ᠮᠡᠯᠡᠭᠡᠢ ᠳᠡᠷᠭᠡ ᠵᠢᠯᠤᠭᠤᠤᠠᠴᠤ ᠢᠷᠡᠭᠡᠤᠨ ᠾᠧ ᠫᠢᠩ ᠢ ᠳᠠᠪᠤᠨ ᠣᠳᠤᠨ ᠳᠠᠰ ᠤᠨ ᠵᠤᠴᠢᠳ ᠤᠨ ᠪᠠᠭᠤᠳᠠᠯ ᠳᠤ ᠪᠠᠭᠤᠯᠭᠠᠵᠤ᠂ ᠨᠢᠭᠡ ᠠᠬ᠎ᠠ ᠳᠡᠭᠦᠤ ᠪᠠᠨ ᠳᠡᠭᠤᠳᠡᠨ 《ᠳᠡᠭᠦᠤ ᠶᠢ ᠳᠠᠭᠠᠭᠤᠯᠤᠨ ᠭᠤᠸᠠᠩᠵᠸᠤ ᠬᠠᠢ᠌ᠨᠠᠨ ᠤ ᠪᠦᠭᠦ ᠦᠵᠡᠮᠵᠢ ᠶᠢ ᠥᠵᠡᠭᠦᠯᠵᠤ ᠬᠠᠨᠤᠳᠠᠯ᠎ᠠ ᠨᠠᠭᠠᠳᠤᠭᠤᠯ︕ ᠮᠢᠨᠤ ᠠᠵᠢᠯ ᠶᠠᠭᠠᠷᠠᠤ ᠳᠤᠯᠠ ᠬᠠᠨᠢ ᠪᠣᠯᠵᠤ ᠴᠢᠳᠠᠬᠤ ᠦᠭᠡᠶ》 ᠭᠡᠵᠤ ᠳᠤᠰᠢᠶᠠᠵᠠᠢ᠃

ᠠᠩᠬᠠᠨ ᠤ ᠨᠢᠭᠡ ᠭᠠᠷᠠᠭ ᠲᠤ ᠭᠤᠸᠠᠩᠵᠧᠤ ᠶᠢᠨ ᠡᠯ᠎ᠡ ᠶᠡᠭᠡ ᠵᠤᠭᠠᠴᠠᠯ ᠤᠨ ᠣᠷᠤᠨ ᠨᠠᠷᠠᠳᠠᠢ ᠴᠡᠴᠡᠷᠯᠢᠭ᠌ ᠶᠢᠡᠷ ᠳᠤᠭᠤᠷᠢᠵᠤ᠂ ᠡᠯᠳᠡᠪ ᠠᠮᠳᠠ ᠶᠢᠨ ᠬᠤᠭᠤᠯᠠ ᠵᠠᠭᠤᠰᠢ ᠠᠮᠳᠠᠯᠠᠭᠰᠠᠨ ᠪᠦᠭᠡᠤᠨ᠂ ᠡᠡᠷᠪᠢᠨ ᠳᠤᠭᠤᠷᠢᠭᠠᠤᠨ ᠢᠷᠡᠭᠦᠯᠡᠷ ᠣᠯᠢᠭ ᠶᠢᠡᠨ ᠪᠠᠷᠠᠵᠤ ᠳᠠᠮᠠᠢ᠌ᠯᠠ ᠰᠠᠳᠤᠯᠳᠠ ᠲᠡᠶ ᠰᠠᠨᠠᠭᠳᠠᠬᠤ ᠦᠭᠡᠶ ᠪᠤᠯᠵᠠᠢ᠃ ᠲ᠋ᠡᠭᠡᠭᠦ ᠳᠤ ᠦᠳᠡᠰᠢ ᠶᠢᠨ ᠵᠤᠭᠤᠭ ᠤᠨ ᠭᠠᠵᠠᠷ ᠤᠨ ᠳᠠᠭᠤᠤ ᠪᠦᠵᠢᠭ᠌ ᠨᠢ ᠨᠠᠯᠢᠶᠠᠤᠨ ᠳᠠᠭᠠᠳᠠᠢ ᠪᠣᠳᠤᠭᠳᠠᠵᠤ ᠣᠷᠮ᠎ᠠ ᠨᠢ ᠳᠠᠳᠠᠭᠳᠠᠭᠰᠠᠨ ᠪᠠᠢ᠌ᠨ᠎ᠡ᠃ ᠡᠨᠡ ᠭᠠᠵᠠᠷ ᠨᠢ ᠰᠦᠨᠢ ᠶᠢᠨ ᠠᠷᠪᠠᠨ ᠬᠤᠶᠠᠷ ᠴᠠᠭ ᠭᠡᠳᠦᠷᠡᠭ᠍ᠰᠡᠭᠡᠷ ᠰᠦᠨᠢ ᠶᠢᠨ ᠥᠢᠯᠡᠴᠢᠯᠡᠭᠡ ᠡᠭᠢᠯᠡᠵᠤ᠂ ᠠᠪᠠᠭᠠᠢ ᠨᠡᠷ ᠤᠨ ᠥᠩᠭᠡᠨ ᠤ ᠥᠢᠯᠡᠴᠢᠯᠡᠯᠭᠡ᠂ ᠬᠤᠦᠷ ᠳᠠᠳᠠᠬᠤ ᠭᠦᠮᠦᠰ ᠲᠤ ᠬᠠᠢ᠌ᠷᠤᠶ‍ᠢᠨ᠂ ᠲ᠋ᠤᠯᠤᠭᠠᠢ ᠰᠠᠵᠢᠬᠤ ᠦᠷᠢᠯ ᠬᠠᠩᠭ᠋ᠠᠵᠤ ᠡᠭᠢᠯᠡᠨ᠎ᠡ᠃ ᠰᠡᠶ‍ᠢ ᠡᠭᠢᠯᠡᠭᠦ ᠳᠡᠭᠡᠨ ᠬᠤᠤᠷ ᠤᠨ ᠰᠢᠨᠤᠯ ᠲᠡᠶ ᠪᠣᠯᠬᠤ ᠡᠴᠡ ᠠᠶᠤᠵᠤ ᠡᠨᠡ ᠶᠠᠭᠤᠮ᠎ᠠ ᠲᠡᠶ ᠣᠢ᠌ᠷᠠᠳᠤᠬᠤ ᠦᠭᠡᠶ ᠪᠠᠢ᠌ᠭᠰᠠᠨ ᠪᠣᠯᠪᠠᠴᠤ ᠪᠣᠰᠤᠳ ᠤᠨ ᠰᠤᠷᠳᠤᠭᠤ ᠲᠡᠶ ᠡᠳ᠋ᠯᠡᠭᠡᠤᠨ ᠰᠠᠵᠢᠯᠯᠠᠭᠤᠯᠵᠤ ᠶᠠᠪᠣᠬᠤ ᠶᠢ ᠥᠵᠡᠭᠡᠤᠨ ᠠᠳᠠᠭᠠᠷᠬᠠᠬᠤ ᠪᠣᠳᠤᠯ ᠣᠷᠤᠭᠰᠠᠨ ᠪᠠᠢ᠌ᠨ᠎ᠡ᠃ ᠢᠩᠭᠢᠭᠡᠤᠨ ᠶᠠᠪᠣᠭᠤ ᠳᠠᠭᠠᠨ ᠠᠮᠳᠠᠯᠠᠵᠤ ᠥᠵᠡᠭᠦ ᠰᠠᠨᠠᠭ᠎ᠠ ᠣᠷᠤᠵᠤ ᠳᠤᠯᠤᠭᠠᠢ ᠰᠠᠵᠢᠬᠤ ᠦᠷᠢᠯ ᠢ ᠨᠢ ᠣᠤᠭᠤᠵᠤ ᠥᠵᠡᠭ᠍ᠰᠡᠨ ᠳᠤ ᠰᠠᠤᠠᠭᠢᠯ ᠰᠠᠨᠠᠭ᠎ᠠ ᠨᠢ ᠭᠦᠪᠭᠡᠯᠵᠡᠵᠤ ᠪᠦᠭᠦ ᠪᠠᠶ᠎ᠠ ᠨᠢ ᠭᠦᠩᠭᠡᠷᠡᠭᠡᠤᠨ ᠶᠠᠪᠣᠴᠢᠬᠠᠭᠰᠠᠨ ᠰᠢᠭ ᠪᠣᠯᠪᠠ᠃ 《KTV》 ᠪᠠᠭ᠎ᠠ ᠥᠷᠦᠭᠡᠨ ᠳᠤ ᠭᠦᠤ ᠦᠬᠢᠨ ᠣᠯᠠᠭᠤᠯᠠ ᠰᠢᠬᠠᠯᠳᠤᠨ ᠨᠢᠭᠡ ᠵᠡᠭᠦᠤ ᠪᠠᠷ ᠡᠭᠡᠯᠵᠢᠯᠡᠨ ᠬᠤᠤᠷ ᠳᠠᠷᠢᠬᠤ ᠪᠦᠭᠡᠤᠨ᠂ ᠬᠤᠦᠷ ᠤᠨ ᠢᠳᠠ ᠪᠠᠳᠠᠷᠠᠭᠰᠠᠨ ᠤ ᠳᠠᠷᠠᠭ᠎ᠠ ᠭᠦᠭ᠌ ᠤᠨ ᠴᠠᠭ ᠤᠨ ᠨᠤᠬᠠᠢ᠌ᠳ ᠠᠳᠠᠯᠢ ᠬᠠᠮᠳᠤ ᠶᠢᠨ ᠬᠤᠷᠢᠴᠠᠯ ᠭᠢᠳᠡᠭ᠌ ᠡᠡᠵᠢ᠃ ᠡᠭᠦᠨ ᠢ ᠨᠢ ᠾᠧ ᠫᠢᠩ ᠳᠤᠩ ᠵᠢᠭ᠍ᠰᠢᠳᠡᠭ᠌ ᠪᠠᠢ᠌ᠭᠰᠠᠨ ᠡᠴᠡ ᠪᠠᠨ ᠳᠤᠷᠰᠢᠵᠤ ᠥᠵᠡᠭᠦ ᠪᠣᠳᠤᠯ ᠣᠷᠤᠵᠤ᠂ ᠦᠪᠡᠷ ᠤᠨ ᠰᠠᠮᠠᠭᠤᠨ ᠶᠠᠪᠣᠳᠠᠯ ᠳᠠᠭᠠᠨ ᠠᠢ᠌ᠳᠠᠰᠤ ᠭᠦᠷᠭᠦ ᠪᠣᠯᠤᠯ᠎ᠠ᠁

ᠬᠤᠷᠢ ᠬᠤᠨᠤᠭ ᠤᠨ ᠳᠡᠷᠠᠭ᠎ᠠ᠂ ᠾᠧ ᠫᠢᠩ ᠤᠨ ᠪᠣᠴᠠᠬᠤ ᠴᠠᠭ ᠪᠣᠯᠵᠤ ᠭᠤᠸᠠᠩᠵᠸᠤ ᠡᠴᠡ ᠰᠠᠯᠬᠤ ᠦᠶ᠎ᠡ ᠳᠤ ᠬᠤᠤᠷ ᠤᠨ ᠰᠢᠨᠤᠯ ᠨᠢ ᠠᠬᠠᠳᠠᠵᠤ᠂ ᠲ᠋ᠤᠭᠳᠠᠭᠰᠠᠨ ᠴᠠᠭ ᠲᠠᠭᠠᠨ ᠭᠡᠷᠡᠭᠯᠡᠭᠦ ᠦᠭᠡᠶ ᠪᠣᠯᠤᠭᠰᠠᠭᠠᠷ ᠪᠦᠭᠦ ᠪᠠᠶ᠎ᠠ ᠨᠢ ᠱᠠᠷᠭᠢᠷᠠᠨ ᠡᠪᠠᠦᠡᠴᠤ ᠥᠷᠭᠦᠭᠡᠰᠤᠨ ᠳᠡᠭᠡᠷ᠎ᠡ ᠭᠡᠪᠳᠡᠭ᠍ᠰᠡᠨ ᠠᠳᠠᠯᠢ ᠳᠡᠰᠭᠦ ᠠᠯᠳᠡᠷᠡᠭᠤᠯᠵᠤ᠂ ᠡᠪᠰᠢᠶᠡᠯᠭᠡᠵᠤ ᠨᠠᠢ᠌ᠳᠠᠭᠠᠯᠭᠠᠭᠠᠤᠨ ᠰᠣᠢ᠌ᠤᠨ ᠪᠤᠯᠤᠨ᠎ᠠ᠃ ᠾᠧ ᠫᠢᠩ᠂ ᠠᠬ᠎ᠠ ᠶᠢᠨ ᠶᠢᠡᠨ ᠦᠭ‍ᠭᠦᠭ᠍ᠰᠡᠨ ᠬᠤᠶᠠᠷ ᠲᠦᠮᠡᠨ ᠳᠦᠭᠦᠷᠢᠭ᠌ ᠶᠢᠡᠷ ᠬᠠᠢ᠌ᠷᠤᠶ‍ᠢᠨ ᠠᠪᠣᠭᠠᠤᠨ ᠰᠤᠷᠭᠠᠭᠤᠯᠢ ᠳᠠᠭᠠᠨ ᠬᠠᠷᠢᠭᠰᠠᠨ ᠪᠣᠯᠪᠠᠴᠤ ᠨᠢᠭᠡᠮᠦᠰᠤᠨ ᠰᠤᠷᠤᠯᠴᠠᠬᠤ ᠰᠠᠤᠠᠭᠢᠯ ᠦᠭᠡᠶ ᠪᠣᠯᠵᠤ᠂ ᠬᠤᠤᠷ ᠤᠨ ᠰᠢᠨᠤᠯᠳᠤ ᠨᠠᠢ᠌ᠵᠢᠰ ᠲᠡᠶ ᠪᠠᠨ ᠬᠠᠮᠳᠤ ᠶᠢᠨ ᠬᠤᠷᠢᠴᠠᠯ ᠭᠢᠭ᠍ᠰᠡᠨ ᠶᠢᠡᠨ ᠰᠡᠨᠡᠭᠠᠯᠵᠡᠨ᠎ᠡ᠃ ᠢᠩᠭᠢᠭᠡᠤᠨ ᠬᠤᠶᠠᠷ ᠰᠠᠷ᠎ᠠ ᠪᠣᠯᠤᠯ ᠦᠭᠡᠶ ᠪᠠᠢ᠌ᠷᠢ ᠳᠠᠭᠠᠨ ᠬᠤᠤᠷ ᠳᠠᠳᠠᠵᠤ ᠪᠠᠢ᠌ᠭᠠᠤᠨ ᠪᠠᠭᠰᠢ ᠳᠠᠭᠠᠨ ᠰᠡᠷᠡᠭ᠍ᠳᠡᠵᠤ ᠰᠤᠷᠭᠠᠭᠤᠯᠢ ᠡᠴᠡ ᠪᠠᠨ ᠭᠦᠭᠡᠭᠡᠭ᠍ᠳᠡᠭ᠍ᠰᠡᠨ ᠪᠠᠢ᠌ᠨ᠎ᠠ᠃ ᠠᠬ᠎ᠠ ᠨᠢ ᠡᠨᠡ ᠴᠢᠮᠡᠭᠡ ᠶᠢ ᠰᠤᠨᠤᠰᠤᠭᠠᠤᠨ ᠴᠡᠭᠡᠵᠢ ᠪᠠᠨ ᠰᠢᠭᠠᠵᠤ ᠭᠠᠰᠠᠯᠠᠭᠰᠠᠨ ᠪᠦᠭᠡᠤᠨ᠂ ᠾᠧ ᠫᠢᠩ ᠢ ᠠᠯᠪᠠᠳᠠᠯᠭ᠎ᠠ ᠪᠠᠷ ᠬᠤᠤᠷ ᠢ ᠵᠤᠭᠰᠤᠭᠠᠬᠤ ᠡᠮᠴᠢᠯᠭᠡ ᠳᠤ ᠭᠦᠷᠭᠡᠨ ᠡᠮᠨᠡᠭᠦᠯᠦᠭ᠍ᠰᠡᠨ ᠪᠣᠯᠪᠠᠴᠤ ᠭᠤᠷᠪᠠᠨ ᠰᠠᠷ᠎ᠠ ᠶᠢᠨ ᠳᠠᠷᠠᠭ᠎ᠠ ᠭᠠᠷᠴᠤ ᠢᠷᠡᠭᠡᠤᠨ ᠳᠠᠭᠢᠨ ᠬᠤᠤᠷ ᠶᠢᠡᠨ ᠳᠠᠳᠠᠵᠤ ᠡᠭᠢᠯᠡᠭ᠍ᠰᠡᠨ ᠪᠠᠢ᠌ᠵᠠᠢ᠃ ᠬᠤᠤᠷ ᠤᠨ ᠰᠢᠨᠤᠯ ᠭᠡᠭ᠍ᠴᠢ ᠠᠷᠢᠭᠢ ᠳᠠᠮᠠᠭᠢ ᠠᠳᠠᠯᠢ ᠠᠮᠠᠷᠬᠠᠨ ᠵᠤᠭᠰᠤᠬᠤ ᠶᠠᠭᠤᠮ᠎ᠠ ᠪᠢᠰᠢ ᠪᠦᠭᠡᠤᠨ᠂ ᠴᠠᠭ ᠨᠢ ᠥᠩᠭᠡᠷᠡᠭᠡᠤᠨ ᠭᠡᠷᠡᠭᠯᠡᠭᠦ ᠦᠭᠡᠶ ᠪᠣᠯ ᠪᠦᠭᠦ ᠪᠠᠶ᠎ᠠ ᠶᠢᠨ ᠭᠢᠨ ᠶᠠᠰᠤ ᠰᠢᠷᠪᠣᠰᠤ ᠶᠢ ᠰᠤᠭᠤᠯᠵᠤ ᠪᠠᠢ᠌ᠬᠤ ᠠᠳᠠᠯᠢ ᠵᠤᠪᠠᠵᠤ ᠰᠢᠨᠠᠯᠭᠠᠳᠠᠭ ᠡᠴᠡ ᠪᠣᠯᠵᠤ᠂ ᠲ᠋ᠤᠯᠤᠭᠠᠢ ᠪᠠᠷ ᠶᠢᠡᠨ ᠭᠡᠷᠡᠮ ᠬᠠᠨ᠎ᠠ ᠮᠥᠷᠭᠦᠯᠭᠢᠯᠡᠨ ᠪᠠᠶ᠎ᠠ ᠡᠷᠭᠡᠳᠡᠨ ᠶᠢᠡᠨ ᠣᠷᠠᠵᠤ ᠮᠠᠯᠳᠠᠭᠠᠤᠨ ᠳᠠᠯᠴᠢᠯᠠᠵᠤ ᠭᠠᠷᠦᠨ᠎ᠡ᠃ ᠡᠨᠡ ᠪᠣᠯ ᠬᠠᠮᠤᠭ ᠡᠴᠡ ᠳᠡᠰᠪᠦᠷᠢᠯᠡᠭᠦ ᠳᠤ ᠪᠠᠷᠭᠡᠳᠡᠢ ᠴᠠᠭ ᠮᠦᠴᠡ ᠪᠣᠯᠬᠤᠷ ᠪᠠᠶ᠎ᠠ ᠶᠢᠨ ᠬᠤᠤᠷ ᠪᠦᠷᠢᠨ ᠠᠷᠢᠯᠤᠳᠠᠯ᠎ᠠ ᠳᠠᠷᠴᠢᠯᠭᠠᠳᠠᠭ ᠶᠢᠡᠷ ᠶᠢᠡᠨ ᠵᠤᠷᠢᠭ ᠰᠦᠰᠦ ᠮᠠᠭᠤᠳᠠᠢ ᠭᠦᠮᠤᠨ ᠬᠤᠤᠷ ᠡᠴᠡ ᠵᠤᠭᠰᠤᠬᠤ ᠳᠤ ᠳᠤᠩ ᠪᠠᠷᠭᠡᠳᠡᠢ ᠪᠢᠯᠡ᠃ ᠾᠧ ᠫᠢᠩ ᠴᠤ ᠭᠡᠤᠨ ᠬᠤᠤᠷ ᠶᠢᠡᠨ ᠵᠤᠭᠰᠤᠨ᠎ᠠ ᠭᠡᠵᠤ ᠭᠡᠳᠦᠡᠳᠡ ᠰᠥᠰᠦᠯᠡᠭ᠍ᠰᠡᠨ ᠪᠣᠯᠪᠠᠴᠤ ᠭᠠᠷᠴᠤ ᠴᠢᠳᠠᠭᠰᠠᠨ ᠦᠭᠡᠶ ᠭᠡᠳᠡᠷᠭᠦ ᠰᠢᠨᠤᠭ ᠪᠣᠯᠵᠤ᠂ ᠵᠤᠭᠤᠰ ᠶᠢᠡᠨ ᠪᠠᠷᠠᠭᠠᠤᠨ ᠰᠠᠠᠳᠤᠷᠬᠤ ᠶᠢᠨ ᠦᠶᠡᠰ ᠭᠡᠷ ᠤᠨ ᠪᠠᠷᠠᠭ᠎ᠠ ᠳᠠᠸᠠᠷ ᠶᠢᠡᠨ ᠭᠢᠮᠳᠠᠴᠢᠯᠠᠨ ᠬᠤᠳᠠᠯᠳᠤᠭᠠᠤᠨ ᠬᠤᠤᠷ ᠠᠪᠴᠤ ᠳᠠᠳᠠᠨ᠎ᠠ᠃ ᠠᠬ᠎ᠠ ᠨᠢ ᠠᠭᠤᠷᠯᠠᠭᠠᠤᠨ ᠳᠡᠭᠦᠨ ᠲᠡᠶ ᠬᠠᠷᠢᠴᠠᠭ᠎ᠠ ᠪᠠᠨ ᠳᠠᠰᠤᠯᠠᠭᠠᠤᠨ ᠵᠤᠭᠤᠰ ᠦᠭ‍ᠭᠦ ᠪᠠᠨ ᠪᠣᠯᠢᠭᠰᠠᠨ ᠪᠦᠭᠡᠤᠨ᠂ ᠡᠴᠢᠭᠡ ᠡᠭᠡ ᠨᠢ ᠳᠡᠭᠦᠨ ᠳᠤ ᠨᠢᠭᠡᠮᠦᠰᠤᠨ ᠭᠦᠰᠡᠯ ᠠᠯᠳᠠᠵᠤ ᠰᠠᠭᠤᠵᠤ ᠪᠠᠢ᠌ᠭᠰᠠᠨ ᠭᠡᠷ ᠶᠢᠡᠨ ᠣᠷᠭᠢᠵᠤ ᠦᠭ‍ᠭᠦᠭᠡᠤᠨ ᠥᠭᠡᠷ᠎ᠡ ᠭᠡᠦᠭᠡᠤᠨ ᠶᠢᠡᠨ ᠳᠦᠰᠢᠴᠢᠭ᠍ᠰᠡᠨ ᠪᠠᠢ᠌ᠵᠡᠢ᠃ ᠡᠨᠡ ᠦᠶ᠎ᠡ ᠳᠤ ᠳᠠᠷᠠ ᠶᠠᠭᠤ ᠴᠤ ᠪᠣᠳᠤᠬᠤ ᠦᠭᠡᠶ ᠪᠣᠯᠤᠭᠠᠤᠨ ᠭᠡᠷ ᠶᠢᠡᠨ ᠬᠠᠰᠢ ᠶᠠᠰᠢ ᠬᠤᠳᠠᠯᠳᠤᠨ ᠵᠤᠭᠤᠰ ᠶᠢᠡᠷ ᠨᠢ ᠬᠤᠤᠷ ᠠᠪᠣᠭᠠᠤᠨ ᠳᠠᠳᠠᠵᠤ ᠰᠠᠭᠤᠭᠰᠠᠨ ᠪᠠᠢ᠌ᠯ᠎ᠡ᠃ ᠢᠩᠭᠢᠭᠡᠤᠨ ᠬᠠᠭᠠᠰ ᠵᠢᠯ ᠤᠨ ᠰᠡᠭᠦᠯᠡᠷ ᠳᠠᠷᠠ ᠪᠠᠢ᠌ᠳᠠᠭ ᠭᠦᠷᠦᠩᠭᠡ ᠪᠠᠨ ᠰᠢᠪᠬᠠᠵᠤ ᠣᠷᠭᠢᠭᠠᠤᠨ ᠳᠤᠨᠤᠭ᠎ᠠ ᠳᠡᠭᠡᠷᠡᠮ ᠭᠢᠵᠤ ᠪᠠᠢ᠌ᠭᠠᠤᠨ ᠪᠠᠷᠢᠭᠳᠠᠵᠤ ᠭᠢᠠᠳᠠᠨ ᠳᠤ ᠣᠷᠤᠭᠰᠠᠨ ᠪᠠᠢ᠌ᠨ᠎ᠡ᠃ ᠡᠴᠢᠭᠡ ᠡᠭᠡ ᠨᠢ ᠳᠠᠯᠠᠢ ᠪᠠᠨ ᠴᠢᠩᠭ᠋ᠠᠯᠠᠨ ᠭᠦᠯᠦᠰᠤ ᠪᠠᠨ ᠣᠷᠤᠰᠬᠠᠵᠤ ᠪᠠᠢ᠌ᠭᠠᠤᠨ ᠰᠤᠷᠭᠠᠭᠤᠯᠢ ᠶᠢᠨ ᠪᠣᠱᠤᠭ ᠢ ᠳᠠᠪᠠᠭᠤᠯᠵᠤ᠂ ᠣᠯᠤᠰ ᠡᠴᠡ ᠶᠡᠭᠡ ᠵᠤᠭᠤᠰ ᠵᠠᠷᠤᠴᠠᠭᠤᠯᠵᠤ ᠪᠠᠢ᠌ᠮᠠᠨ ᠭᠦᠮᠦᠵᠢᠭᠦᠯᠵᠤ ᠪᠣᠢ᠌ᠵᠢᠭᠤᠯᠤᠭᠰᠠᠨ ᠰᠢᠨ᠎ᠠ ᠨᠢᠭᠡ ᠦᠶ᠎ᠡ ᠶᠢᠨ ᠣᠶᠤᠳᠠᠨ ᠢᠩᠭᠢᠵᠤ ᠵᠠᠰᠠᠷᠠᠰᠢ ᠦᠭᠡᠶ ᠬᠠᠷ᠎ᠠ ᠭᠡᠷ ᠤᠨ ᠬᠠᠳᠠᠭᠠᠰᠤ ᠪᠣᠯᠤᠭᠠᠤᠨ ᠵᠤᠭᠰᠤᠭᠰᠠᠨ ᠦᠭᠡᠶ᠂ ᠭᠢᠠᠳᠠᠨ ᠤ ᠡᠮᠴᠢ ᠪᠠᠶ᠎ᠠ ᠶᠢ ᠨᠢ ᠪᠠᠢ᠌ᠴᠠᠭᠠᠬᠤ ᠦᠶᠡᠰ ᠣᠷᠤᠨ ᠨᠤᠳᠤᠭ ᠲᠠᠭᠠᠨ ᠬᠤᠪᠣᠷᠬᠠᠨ ᠭᠠᠷᠳᠠᠭ ᠠᠢ᠌ᠰ ᠡᠪᠠᠦᠡᠴᠢᠨ ᠤ ᠠᠴᠢᠶᠠᠯᠠᠭᠴᠢ ᠪᠤᠯᠵᠠᠢ᠃ ᠢᠩᠭᠢᠭᠡᠤᠨ ᠳᠡᠭᠦᠨ ᠢ ᠳᠤᠰᠬᠠᠢ ᠥᠷᠦᠭᠡᠨ ᠳᠤ ᠳᠤᠰᠠᠭᠠᠷᠯᠠᠵᠤ᠂ ᠪᠣᠰᠤᠳ ᠬᠤᠷᠢᠭᠳᠠᠯ ᠤᠳ ᠴᠤ ᠠᠢ᠌ᠰ ᠡᠪᠠᠦᠡᠴᠢᠨ ᠬᠠᠯᠳᠠᠬᠤ ᠡᠴᠡ ᠠᠶᠤᠭᠠᠤᠨ ᠣᠢ᠌ᠷᠠᠤᠠᠬᠤ ᠠᠮᠢᠳᠠᠨ ᠦᠭᠡᠶ ᠪᠤᠯᠪᠠ᠃ ᠡᠢ᠌ᠮᠤ ᠠᠮᠢᠳᠤᠷᠠᠯ ᠨᠢ ᠳᠡᠭᠦᠨ ᠳᠤ ᠠᠪᠴᠤ ᠭᠡᠯᠡᠪᠠᠯ ᠳᠠᠢ᠌ᠮᠤ ᠠᠶᠤᠮᠰᠢᠭᠳᠠᠢ ᠪᠢᠰᠢ᠂ ᠭᠠᠭᠴᠠᠬᠦ ᠳᠠᠳᠠᠬᠤ ᠬᠤᠤᠷ ᠦᠭᠡᠶ ᠡᠴᠡ ᠪᠣᠯᠵᠤ ᠪᠦᠭᠦ ᠪᠠᠶ᠎ᠠ ᠨᠢ ᠡᠪᠠᠦᠡᠴᠤ ᠵᠤᠪᠠᠬᠤ ᠨᠢ ᠭᠡᠴᠡᠭᠦᠤ᠃ ᠲ᠋ᠡᠭᠡᠭᠡᠤᠨ ᠳᠠᠷᠠ ᠠᠮᠢᠳᠤᠷᠠᠯ ᠤᠨ ᠢᠳᠡᠭᠡᠯ ᠶᠢᠡᠨ ᠪᠦᠷᠢᠨ ᠠᠯᠳᠠᠵᠤ᠂ ᠬᠤᠪᠴᠠᠰᠤ ᠪᠠᠨ ᠣᠷᠠᠭᠠᠤᠨ ᠭᠦᠵᠦᠭᠦᠤ ᠪᠠᠨ ᠪᠣᠭᠤᠵᠤ ᠣᠬᠤᠷᠬᠠᠨ ᠬᠤᠷᠢᠨ ᠳᠦᠷᠪᠡᠨ ᠨᠠᠰᠤᠨ ᠤ ᠢᠴᠢᠭᠦᠷᠢᠳᠡᠢ ᠳᠡᠭᠦᠰᠦᠯ ᠤᠨ ᠳᠡᠮᠳᠡᠭ᠌ ᠶᠢᠡᠨ ᠳᠠᠯᠪᠢᠭᠰᠠᠨ ᠪᠠᠢ᠌ᠯ᠎ᠠ᠃

ᠶᠠᠭᠠᠭᠢᠭᠰᠠᠨ ᠬᠠᠢ᠌ᠷᠠᠨ ᠤ ᠬᠤᠸᠠᠷ ᠴᠡᠴᠡᠭ᠌ ᠠᠳᠠᠯᠢ ᠭᠠᠯ ᠵᠠᠯᠠᠭᠤ ᠨᠠᠰᠤ ᠪᠢᠯᠡ︕ ᠭᠡᠳᠡᠯ᠎ᠡ ᠳᠠᠷᠠ ᠠᠮᠤ ᠴᠡᠴᠡᠭ᠌ ᠡᠴᠡ ᠭᠠᠷᠤᠭᠰᠠᠨ ᠰᠥ᠋ ᠰᠢᠭ᠌ ᠡᠳ᠋ ᠳᠤ ᠬᠤᠤᠷᠳᠠᠨ ᠰᠢᠷᠠᠯᠠᠭᠰᠠᠭᠠᠷ ᠪᠠᠢ᠌ᠵᠤ᠂ ᠣᠬᠤᠷᠬᠠᠨ ᠬᠤᠭᠤᠴᠠᠭᠠᠨ ᠳᠤ ᠬᠠᠳᠠᠵᠤ ᠬᠤᠷᠪᠣᠢ᠌ᠬᠤ ᠳᠤ ᠭᠦᠷᠪᠡ᠃ ᠲ᠋ᠡᠭᠦᠨ ᠤ ᠳᠤᠷᠣᠢ᠌ᠳᠤᠯ ᠳᠤ ᠨᠡᠢ᠌ᠭᠡᠮ ᠤᠨ ᠣᠷᠴᠢᠨ ᠤ ᠪᠣᠭᠢᠷᠳᠠᠯ ᠴᠢᠬᠤᠯᠠ ᠨᠥᠯᠦᠭᠡ ᠥᠵᠡᠭᠦᠯᠦᠭ᠍ᠰᠡᠨ ᠡᠴᠡ ᠭᠠᠳᠠᠨ᠎ᠠ᠂ ᠭᠡᠷ ᠤᠨ ᠠᠬᠠᠮᠠᠤᠨ ᠤᠨ ᠨᠠᠵᠠᠭᠠᠢ᠌ᠷᠠᠯ ᠪᠦᠷ ᠵᠤᠭᠢᠬᠤ ᠬᠠᠷᠢᠭᠤᠴᠠᠯᠭ᠎ᠠ ᠡᠭᠦᠷᠭᠡᠯᠡᠭᠦ ᠶ‍ᠦᠰᠦᠳᠡᠢ᠃ ᠡᠭᠦᠨ ᠡᠴᠡ ᠭᠠᠳᠠᠨ᠎ᠠ᠂ ᠰᠤᠷᠭᠠᠨ ᠭᠦᠮᠦᠵᠢᠯ ᠤᠨ ᠡᠳᠡᠭᠡᠤᠨ ᠤᠨ ᠭᠢᠨ ᠶᠠᠮᠠᠷᠴᠤ ᠬᠠᠷᠢᠭᠤᠴᠠᠯᠭ᠎ᠠ ᠡᠭᠦᠷᠭᠡᠯᠡᠭᠦ ᠦᠭᠡᠶ ᠪᠠᠷ ᠰᠤᠷᠭᠠᠭᠤᠯᠢ ᠡᠴᠡ ᠨᠢ ᠭᠦᠭᠡᠭᠡᠪᠠᠯ ᠪᠠᠷᠠᠴᠢᠬᠤ ᠨᠢ ᠳᠠᠭᠠᠷᠠᠬᠤ ᠦᠭᠡᠶ ᠡᠡᠵᠢ᠃ ᠭᠡᠦᠭᠡᠤᠨ ᠪᠣᠯ ᠮᠠᠨ ᠤ ᠬᠤᠵᠢᠮ ᠢᠷᠡᠭᠡᠳᠦᠢ ᠮᠦᠨ᠂ 《ᠡᠪᠠᠦᠡᠴᠢᠯᠡᠭ᠍ᠰᠡᠨ》 ᠪᠠᠢ᠌ᠪᠠᠯ ᠵᠠᠰᠠᠨ ᠡᠳᠡᠭᠡᠷᠡᠭᠦᠯᠵᠤ ᠪᠠᠢ᠌ᠭᠠᠤᠨ ᠦᠪᠡᠷ ᠤᠨ ᠡᠩᠨᠡᠭᠡᠨ ᠳᠡᠭᠡᠨ ᠳᠠᠳᠠᠨ ᠠᠪᠴᠢᠷᠠᠵᠤ ᠳᠠᠭᠠᠭᠤᠯᠵᠤ ᠶᠠᠪᠣᠬᠤ ᠡᠴᠡ ᠪᠢᠰᠢ᠂ ᠨᠤᠪᠰᠢ ᠠᠳᠠᠯᠢ ᠬᠠᠭᠠᠰ ᠵᠠᠮ ᠳᠠᠭᠠᠨ ᠬᠠᠶᠠᠴᠢᠭᠠᠤᠨ ᠶᠠᠭᠠᠭᠢᠵᠤ ᠪᠣᠯᠬᠤ ᠪᠣᠢ︖ ᠦᠷ᠎ᠡ ᠭᠡᠦᠭᠡᠤᠨ ᠶᠢᠡᠨ ᠠᠩᠬᠠᠷᠤᠨ ᠬᠠᠷᠠᠭᠠᠯᠵᠠᠵᠤ ᠵᠦᠪ ᠵᠠᠮ ᠶᠢᠡᠷ ᠭᠦᠳᠦᠯᠤᠨ ᠵᠢᠯᠤᠭᠤᠤᠠᠬᠤ ᠪᠣᠯ ᠪᠦᠭᠦ ᠨᠡᠢ᠌ᠭᠡᠮ ᠶᠢᠡᠷ ᠶᠢᠡᠨ ᠭᠦᠳᠡᠯᠦᠯᠴᠡᠨ ᠳᠠᠷᠤᠢ ᠳᠦᠷᠭᠡᠨ ᠭᠠᠷᠳᠠᠵᠤ ᠭᠢᠭᠦ ᠴᠢᠬᠤᠯᠠ ᠠᠵᠢᠯ ᠪᠣᠯᠤᠭᠠᠤᠨ ᠪᠠᠢ᠌ᠨ᠎ᠠ᠃

ᠬᠤᠶᠠᠷ᠂ 《ᠳᠠᠮᠵᠢᠨ ᠪᠤᠷᠦᠯᠡᠭᠤᠯᠬᠤ》 ᠭᠡᠳᠡᠭ᠌ ᠰᠢᠨ᠎ᠠ ᠠᠵᠢᠯ ᠲᠦᠷᠦᠯ

ᠯᠢᠤᠢ ᠺᠠᠨ ᠪᠣᠯ ᠮᠥᠭ᠍ᠳᠡᠨ ᠬᠤᠳᠠ ᠶᠢᠨ ᠭᠦᠩᠭᠡᠨ ᠠᠵᠤ ᠣᠢ᠌ᠯᠠᠤᠠᠪᠣᠷᠢ ᠶᠢᠨ ᠳᠤᠪᠴᠢᠶᠠᠨ ᠤ ᠠᠯᠪᠠᠳᠠᠨ ᠪᠣᠯᠤᠨ᠎ᠠ᠃ ᠲ᠋ᠠᠷᠠᠪᠠᠷ ᠠᠯᠪᠠᠨ ᠰᠢᠷᠡᠭᠡᠨ ᠳᠡᠭᠡᠨ ᠮᠢᠳᠠᠢ᠌ᠵᠤ ᠠᠷᠠᠤᠨ ᠤᠨ ᠵᠤᠭᠤᠰ ᠳᠤᠰᠳᠠᠭ ᠠᠬᠤᠢ ᠠᠮᠢᠳᠤᠷᠠᠯ ᠳᠠᠭᠠᠨ ᠳᠤᠩ ᠬᠠᠯᠠᠰᠢᠷᠠᠵᠤ᠂ 《ᠳᠠᠯᠠᠢ ᠳᠤ ᠣᠷᠤᠬᠤ (ᠠᠯᠪᠠᠨ ᠠᠵᠢᠯ ᠶᠢᠡᠨ ᠣᠷᠭᠢᠭᠠᠤᠨ ᠠᠷᠠᠯᠵᠢᠶ᠎ᠠ ᠮᠠᠢ᠌ᠮᠠᠢ ᠭᠢᠭᠦ ᠶᠢ ᠭᠡᠯᠡᠵᠤ ᠪᠠᠢ᠌ᠨ᠎ᠠ)ᠬᠠᠯᠠᠭᠤᠷᠠᠯ》ᠳ᠋ᠤ ᠳᠠᠳᠠᠭᠳᠠᠵᠤ ᠡᠮᠦᠨ᠎ᠡ ᠣᠷᠤᠨ ᠳᠤ ᠶᠠᠪᠣᠬᠤ ᠰᠠᠨᠠᠭ᠎ᠠ ᠣᠷᠤᠭᠠᠤᠨ ᠤᠳᠡᠵᠡᠢ᠃ ᠲ᠋ᠡᠭᠡᠪᠠᠴᠤ ᠠᠬᠠᠮᠠᠤᠨ ᠳᠤᠮᠤᠭᠠᠳᠠᠤᠨ ᠤᠨ ᠢᠳᠬᠠᠯ᠂ ᠭᠡᠷ ᠤᠨ ᠭᠦᠮᠤᠨ ᠤ ᠡᠰᠡᠷᠭᠦᠴᠡᠯ ᠳᠤᠤᠷ᠎ᠠ ᠶᠠᠷᠤ ᠡᠴᠡ ᠵᠤᠷᠢᠭ ᠰᠢᠭᠤᠤᠠᠴᠤ ᠳᠡᠢ᠌ᠯᠦᠭᠡ ᠦᠭᠡᠶ ᠪᠠᠢ᠌ᠯ᠎ᠠ᠃ ᠲ᠋ᠤᠰ ᠵᠠᠭᠤᠨ ᠤ ᠡᠭᠢᠨ ᠤ ᠨᠢᠭᠡᠨ ᠡᠳᠦᠷ᠂ ᠲ᠋ᠡᠷᠡ ᠭᠡᠷ ᠤᠨ ᠭᠦᠮᠦᠰ ᠲᠡᠭᠡᠨ ᠮᠡᠳᠡᠭ᠍ᠳᠡᠯ ᠦᠭᠡᠶ ᠶᠠᠭᠤᠮ᠎ᠠ ᠪᠠᠨ ᠪᠠᠭᠴᠠᠯᠠᠭᠠᠤᠨ ᠡᠮᠦᠨᠡᠰᠢ ᠮᠤᠷᠳᠠᠵᠤ ᠪᠢᠯᠠ᠃

ᠬᠠᠢ᠌ᠨᠠᠨ ᠳᠤ ᠭᠦᠷᠦᠭ᠍ᠰᠡᠨ ᠤ ᠳᠠᠷᠠᠭ᠎ᠠ᠂ ᠲ᠋ᠠᠷᠠ ᠭᠦᠳᠡᠯᠮᠦᠷᠢ ᠭᠦᠴᠤᠨ ᠤ ᠵᠠᠬ᠎ᠠ ᠳᠡᠯᠭᠡᠭᠦᠷ᠂ ᠭᠦᠮᠤᠨ ᠭᠡᠷᠡᠭᠯᠡᠭᠦ ᠠᠯᠪᠠᠨ ᠪᠠᠢ᠌ᠭᠤᠯᠤᠯᠭ᠎ᠠ ᠪᠠᠷ ᠦᠪᠡᠷ ᠤᠨ ᠳᠠᠨᠢᠯᠴᠠᠭᠤᠯᠭ᠎ᠠ ᠪᠠᠨ ᠳᠡᠪᠰᠢᠭᠦᠯᠤᠨ ᠰᠠᠷ᠎ᠠ ᠰᠢᠬᠠᠮ ᠮᠤᠩᠭ᠋ᠠᠨᠢᠭᠰᠠᠨ ᠪᠣᠯᠪᠠᠴᠤ ᠥᠭᠡᠷᠡᠴᠢᠯᠡᠯᠳᠡ ᠨᠡᠭᠡᠭᠡᠯᠳᠡ ᠶᠢᠨ ᠡᠮᠦᠨ᠎ᠡ ᠹᠷᠤᠠᠲ᠋ ᠪᠣᠯᠤᠭᠰᠠᠨ ᠡᠨᠡ ᠭᠠᠵᠠᠷ ᠲᠤ ᠪᠦᠭᠦ ᠣᠯᠤᠰ ᠤᠨ ᠣᠯᠠᠨ ᠭᠠᠵᠠᠷ ᠡᠴᠡ ᠢᠷᠡᠭ᠍ᠰᠡᠨ ᠡᠷᠳᠡᠮᠳᠡᠨ ᠴᠤᠭᠯᠠᠷᠠᠭᠰᠠᠨ ᠶᠢᠡᠷ᠂ ᠯᠢᠤᠢ ᠺᠠᠨ ᠰᠢᠭ ᠭᠢᠷᠢ ᠭᠡᠮ ᠲᠡᠶ ᠭᠦᠮᠤᠨ ᠡᠨᠡ ᠭᠠᠵᠠᠷ ᠭᠦᠯ ᠳᠤᠭᠳᠠᠬᠤ ᠳᠤ ᠳᠣᠢ᠌ᠯ ᠤᠨ ᠪᠠᠷᠭᠡᠳᠡᠢ ᠪᠠᠢ᠌ᠯ᠎ᠡ᠃ ᠲ᠋ᠡᠭᠦᠨ ᠤ ᠭᠡᠷ ᠲᠡᠭᠡᠨ ᠪᠠᠢ᠌ᠬᠤ ᠳᠠᠭᠠᠨ ᠲᠦᠰᠤᠪᠯᠠᠵᠤ ᠪᠠᠢ᠌ᠭᠰᠠᠨ ᠭᠡᠳᠤᠨ ᠮᠠᠢ᠌ᠮᠠᠢ ᠨᠢ ᠡᠨᠡ ᠭᠠᠵᠠᠷ ᠭᠡᠳᠥᠢᠨᠡᠢ ᠣᠯᠢᠭ ᠤᠨ ᠶᠠᠭᠤᠮ᠎ᠠ ᠪᠤᠯᠵᠤ᠂ ᠲ᠋ᠡᠭᠦᠨ ᠤ ᠰᠠᠨᠠᠭᠠᠨ ᠳᠤ ᠣᠷᠤᠮ᠎ᠠ ᠦᠭᠡᠶ ᠶᠠᠭᠤᠮ᠎ᠠ ᠶᠢ ᠴᠤ ᠠᠷᠪᠢᠨ ᠡᠷᠭᠢᠯᠡᠭ᠍ᠰᠡᠨ ᠪᠠᠢ᠌ᠯ᠎ᠡ᠃ ᠲ᠋ᠡᠭᠡᠯ᠎ᠡ ᠴᠤ ᠬᠠᠷᠪᠣᠵᠤ ᠶᠠᠪᠣᠭᠤᠯᠤᠭᠰᠠᠨ ᠰᠤᠮᠤ ᠰᠠᠴᠤᠭᠠᠤᠨ ᠣᠷᠭᠢᠭᠰᠠᠨ ᠣᠰᠤ ᠶᠢ ᠬᠤᠷᠢᠶᠠᠵᠤ ᠪᠣᠯᠳᠠᠭ ᠦᠭᠡᠶ ᠲᠡᠶ ᠠᠳᠠᠯᠢ ᠪᠠᠷ᠂ ᠶᠠᠭᠠᠭᠢᠪᠠᠴᠤ ᠨᠢᠭᠡ ᠪᠦᠳᠦᠯ ᠲᠡᠶ ᠠᠵᠢᠯ ᠣᠯᠤᠭᠠᠤᠨ ᠭᠦᠷᠦᠯᠴᠠᠭᠡᠳᠠᠢ ᠮᠥᠩᠭᠦ ᠡᠪᠦᠷᠳᠦᠯᠡᠭᠡᠤᠨ ᠬᠠᠷᠢᠬᠤ ᠦᠭᠡᠶ ᠶᠤᠮ ᠪᠣᠯ ᠠᠬ᠎ᠠ ᠳᠡᠭᠦᠤ ᠰᠠᠳᠤᠨ ᠠᠯᠪᠠ ᠨᠢᠭᠡᠳᠡᠨ ᠤ ᠠᠯᠢᠨ ᠲᠡᠶ ᠨᠢ ᠴᠤ ᠣᠴᠠᠷᠠᠬᠤ ᠨᠢᠭᠤᠷ ᠦᠭᠡᠶ ᠪᠣᠯᠤᠨ᠎ᠠ᠃ ᠯᠢᠤᠢ ᠺᠠᠨ ᠡᠢ᠌ᠮᠦᠷᠭᠦᠤ ᠪᠣᠳᠤᠯ ᠳᠤ ᠣᠶᠠᠭᠳᠠᠵᠤ ᠵᠡᠭᠡᠯᠢ ᠭᠡᠰᠦᠴᠤ ᠪᠠᠢ᠌ᠬᠤ ᠳᠤ᠂ ᠨᠢᠭᠡᠨ ᠠᠷᠠᠯᠵᠢᠶᠠᠨ ᠤ ᠠᠰᠠᠷ ᠤᠨ ᠳᠤᠤᠷ᠎ᠠ ᠳᠠᠪᠬᠤᠷᠯᠢᠭ ᠳᠤ 《ᠪᠠᠷᠠᠭ᠎ᠠ ᠬᠤᠳᠠᠯᠳᠤᠭᠴᠢ ᠵᠠᠭᠤᠨ ᠨᠠᠷ᠎ᠠ᠂ ᠬᠠᠮᠢᠶᠠᠷᠤᠭᠴᠢ ᠠᠷᠪᠠᠨ ᠨᠠᠷ᠎ᠠ ᠡᠯᠰᠡᠵᠤ ᠰᠠᠷ᠎ᠠ ᠶᠢᠨ ᠰᠠᠭᠤᠷᠢ ᠴᠠᠯᠢᠩ 2500》 ᠭᠡᠵᠤ ᠪᠢᠴᠢᠵᠤ ᠪᠠᠢ᠌ᠬᠤ ᠶᠢ ᠣᠯᠵᠤ ᠬᠠᠷᠠᠵᠠᠢ᠃ 《ᠵᠠ᠂ ᠶᠠᠭᠠᠭᠢᠬᠤᠪ︕ ᠠᠵᠢᠯ ᠮᠡᠷᠭᠡᠵᠢᠯ ᠳᠠᠭᠠᠷᠠᠬᠤ ᠦᠭᠡᠶ ᠴᠤ ᠭᠦᠯ ᠳᠤᠭᠳᠠᠬᠤ ᠠᠵᠢᠯ ᠣᠯᠵᠤ ᠪᠠᠢ᠌ᠭᠠᠤᠨ ᠪᠤᠯᠦᠶ᠎ᠡ》 ᠭᠡᠵᠤ ᠪᠣᠳᠤᠭᠰᠠᠨ ᠳᠠᠷᠠᠪᠠᠷ ᠬᠠᠭᠠᠯᠭ᠎ᠠ ᠶᠢ ᠨᠢ ᠳᠦᠯᠭᠢᠭᠡᠤᠨ ᠣᠷᠤᠭᠰᠠᠨ ᠳᠤ᠂ ᠬᠤᠶᠠᠷ ᠭᠤᠶᠤ ᠠᠪᠠᠬᠠᠢ ᠴᠡᠴᠡᠭ᠌ ᠮᠢᠷᠠᠯᠵᠠᠮ᠎ᠠ ᠢᠨᠢᠶᠠᠳᠤ ᠪᠠᠷ ᠣᠭᠳᠤᠨ ᠵᠤᠴᠢᠯᠠᠭᠰᠠᠨ ᠪᠦᠭᠡᠤᠨ᠂ ᠥᠨᠡᠮᠯᠡᠯ ᠢ ᠨᠢ ᠨᠠᠷᠢᠪᠴᠢᠯᠠᠨ ᠥᠵᠡᠭᠡᠤᠨ ᠬᠠᠮᠢᠶᠠᠷᠤᠭᠴᠢ ᠪᠠᠷ ᠡᠯᠰᠡᠭᠦ ᠭᠢᠷᠢ ᠭᠡᠮ ᠳᠤ ᠨᠠᠢ᠌ᠴᠠᠨ᠎ᠠ ᠭᠡᠵᠡᠢ᠃ ᠡᠡᠵᠡ ᠵᠠᠪᠰᠢᠶᠠᠨ ᠭᠡᠭ᠍ᠴᠢ ᠣᠯᠳᠠᠬᠤ ᠦᠭᠡᠶ ᠦᠶ᠎ᠡ ᠳᠡᠭᠡᠨ ᠣᠭᠤᠨᠤ ᠠᠳᠠᠯᠢ ᠣᠷᠤᠭ᠎ᠠ᠂ ᠣᠯᠳᠠᠭᠠᠤᠨ ᠢᠷᠡᠭᠦ ᠦᠶ᠎ᠡ ᠳᠡᠭᠡᠨ ᠨᠤᠬᠠᠢ ᠠᠳᠠᠯᠢ ᠰᠡᠭᠦᠯ ᠰᠢᠷᠪᠠᠳᠠᠭ ᠦᠦ︖ ᠭᠡᠵᠤ ᠭᠦᠭ᠍ᠰᠡᠨ ᠪᠠᠶᠠᠷᠯᠠᠭᠰᠠᠨ ᠯᠢᠤᠢ ᠺᠠᠨ ᠡᠯᠰᠡᠭ᠍ᠴᠢ ᠠᠪᠠᠬᠠᠢ ᠶᠢᠨ ᠳᠤᠷᠠᠳᠤᠭᠰᠠᠨ ᠪᠦᠭᠦᠨ ᠢ ᠨᠥᠭᠦᠴᠡᠯ ᠦᠭᠡᠶ ᠪᠠᠷ ᠭᠦᠯᠢᠶᠡᠨ ᠠᠪᠴᠡᠢ᠃ ᠡᠯᠰᠡᠭ᠍ᠴᠢ ᠠᠪᠠᠬᠠᠢ ᠳᠡᠭᠦᠨ ᠶᠢᠡᠷ ᠭᠦᠰᠦᠨᠦᠭ᠌ ᠳᠠᠭᠯᠠᠭᠤᠯᠵᠤ ᠪᠠᠷᠠᠭᠰᠠᠨ ᠤ ᠳᠡᠷᠠᠭ᠎ᠠ᠂ ᠭᠠᠭᠴᠠᠬᠦ ᠭᠦᠰᠦᠨᠦᠭ᠌ ᠳᠠᠭᠯᠠᠭᠠᠤᠨ ᠪᠣᠯᠬᠤ ᠦᠭᠡᠶ᠂ ᠡᠷᠭᠡᠪᠰᠢ ᠠᠵᠢᠯ ᠤᠨ ᠪᠠᠢ᠌ᠷᠢᠨ ᠤ ᠪᠠᠳᠤᠯᠭᠠᠨ ᠤ ᠮᠥᠩᠭᠦ ᠳᠠᠪᠤᠨ ᠮᠢᠩᠭ᠋᠎ᠠ ᠳᠤᠰᠢᠶᠠᠬᠤ ᠭᠡᠷᠡᠭ᠍ᠳᠡᠢ ᠭᠡᠰᠡᠨ ᠳᠤ᠂ ᠯᠢᠤᠢ ᠺᠠᠨ ᠪᠣᠭᠴᠤᠨ ᠤ ᠵᠤᠭᠤᠰ ᠶᠢᠡᠨ ᠪᠦᠭᠦᠨ ᠢ ᠠᠭᠤᠳᠠᠯᠠᠭᠠᠤᠨ ᠳᠦᠩᠭᠡᠵᠢ ᠭᠤᠷᠪᠠᠨ ᠮᠢᠩᠭ᠋᠎ᠠ ᠢᠯᠡᠭᠦᠤ ᠪᠠᠢ᠌ᠭᠰᠠᠨ ᠶᠢᠡᠨ ᠳᠤᠰᠢᠶᠡᠭᠠᠳ᠂ ᠥᠯᠡᠳᠡᠭ᠍ᠰᠡᠨ ᠢ ᠨᠢ ᠠᠵᠢᠯ ᠤᠨ ᠪᠠᠢ᠌ᠷᠢᠨ ᠳᠡᠭᠡᠷ᠎ᠡ ᠴᠠᠯᠢᠩ ᠶᠢᠡᠷ ᠶᠢᠡᠨ ᠲᠦᠯᠦᠶ᠎ᠠ ᠭᠡᠰᠡᠨ ᠳᠤ᠂ ᠲ᠋ᠠᠷᠠ ᠬᠤᠶᠠᠷ ᠠᠪᠠᠬᠠᠢ ᠨᠠᠯᠢᠶᠠᠤᠨ ᠳᠦᠳᠡᠭᠡᠯᠵᠡᠭ᠍ᠰᠡᠨ ᠵᠢᠡᠨ 《ᠳᠡᠭᠡᠪᠠᠯ ᠭᠠᠷ ᠣᠳᠠᠰᠤ ᠪᠣᠯᠤᠨ ᠪᠠᠶ᠎ᠠ ᠶᠢᠨ ᠦᠨᠡᠮᠯᠠᠯ ᠶᠢᠡᠷ ᠶᠢᠡᠨ ᠪᠠᠷᠢᠴᠠᠭ᠎ᠠ ᠪᠤᠯᠭ᠎ᠠ》 ᠭᠡᠵᠡᠢ᠃ ᠡᠨᠡ ᠦᠶ᠎ᠡ ᠳᠤ ᠳᠠᠷᠠ ᠨᠢᠭᠡᠭᠡᠨ ᠬᠤᠪᠢ ᠶᠢᠨ ᠰᠠᠷᠠᠮᠵᠢ ᠲᠡᠶ ᠪᠠᠢ᠌ᠭᠰᠠᠨ ᠪᠣᠯ ᠮᠡᠭᠡᠯᠡᠭ᠍ᠴᠢ ᠶᠢᠨ ᠵᠤᠬᠢᠶᠠᠭᠰᠠᠨ ᠳᠤᠤᠷ ᠲᠤ ᠣᠨᠠᠬᠤ ᠦᠭᠡᠶ ᠪᠠᠢ᠌ᠵᠡᠢ᠃ ᠭᠡᠳᠡᠯ᠎ᠡ ᠳᠠᠷᠠ ᠳᠠᠢ᠌ᠮᠤ ᠠᠷᠪᠢᠨ ᠢ ᠪᠣᠳᠤᠬᠤ ᠦᠭᠡᠶ ᠪᠣᠯᠤᠭᠠᠤᠨ ᠱᠠᠭᠠᠷᠳᠠᠯᠭ᠎ᠠ ᠶᠤᠰᠤᠭᠠᠷ ᠨᠢ ᠭᠢᠭ᠍ᠰᠡᠨ ᠪᠠᠢ᠌ᠨ᠎ᠠ᠃ ᠲ᠋ᠠᠳᠠ ᠬᠤᠶᠠᠷ ᠳᠡᠭᠦᠨ ᠳᠤ ᠨᠢᠭᠡ 《221》 ᠭᠡᠭᠦ ᠳᠤᠭ᠎ᠠ ᠲᠡᠶ ᠫᠠᠢ᠌ᠵᠠ ᠥᠭ᠍ᠴᠤ᠂ ᠥᠭᠡᠷ᠎ᠡ ᠨᠢᠭᠡ ᠡᠷᠡᠭ᠍ᠳᠡᠢ ᠶᠢ ᠳᠠᠭᠤᠳᠠᠨ :

《221 ᠨᠤᠮᠸᠷᠳᠤ ᠶᠢ ᠳᠠᠪᠳᠠᠨ ᠪᠣᠯᠪᠠᠰᠤᠷᠠᠬᠤ ᠭᠠᠵᠠᠷ ᠭᠦᠷᠭᠡ》 ᠭᠡᠵᠤ ᠳᠤᠰᠢᠶᠠᠵᠠᠢ᠃ ᠲ᠋ᠠᠷᠠ ᠵᠠᠯᠠᠭᠤ ᠯᠢᠤᠢ ᠺᠠᠨ ᠢ ᠳᠠᠭᠠᠭᠤᠯᠤᠨ ᠨᠢᠭᠡ ᠵᠢᠵᠢᠭ᠌ ᠮᠤᠬᠤᠯᠠᠭ ᠳᠡᠷᠭᠡᠨ ᠳᠤ ᠭᠠᠷᠤᠭᠠᠤᠨ ᠪᠦᠳᠤᠨ ᠰᠦᠨᠢ ᠵᠢᠷᠡᠯᠵᠡᠭᠦᠯᠤᠨ ᠳᠠᠪᠭᠢᠭᠠᠤᠨ ᠳᠠᠷᠠᠭ᠎ᠠ ᠥᠷᠯᠦᠭᠡ ᠨᠢ ᠨᠢᠭᠡᠨ ᠪᠣᠢ᠌ᠳᠠ ᠵᠡᠯᠢᠭᠦᠤᠨ ᠠᠭᠤᠯᠠᠨ ᠵᠠᠪᠰᠠᠷ ᠲᠤ ᠪᠠᠢ᠌ᠷᠢᠯᠠᠭᠰᠠᠨ ᠣᠢ᠌ᠯᠠᠤᠠᠪᠣᠷᠢ ᠶᠢᠨ ᠳᠠᠰᠤᠭ ᠮᠠᠶ‍ᠢᠭᠳᠠᠢ ᠦᠨᠳᠦᠷ ᠭᠡᠷᠡᠮ ᠴᠠᠭᠢᠯᠭᠠᠨ ᠳᠤᠤᠷ ᠳᠠᠳᠠᠭᠰᠠᠨ ᠳᠤᠮᠤ ᠭᠦᠷᠢᠶᠡᠨ ᠳᠤ ᠪᠠᠭᠤᠯᠭᠠᠭᠰᠠᠨ ᠳᠤ᠂ ᠲ᠋ᠤᠰ ᠭᠦᠷᠢᠶᠡᠨ ᠤ ᠬᠠᠷᠠᠭᠤᠯ ᠮᠠᠨᠠᠭ᠎ᠠ ᠮᠠᠰᠢ ᠴᠢᠩᠭ᠋᠎ᠠ ᠪᠠᠢ᠌ᠵᠤ᠂ ᠲ᠋ᠠᠪᠤᠨ ᠵᠠᠭᠤ ᠢᠯᠡᠭᠦᠤ ᠭᠦᠮᠤᠨ ᠣᠷᠮ᠎ᠠ ᠮᠠᠭᠤᠳᠠᠢ ᠣᠩᠰᠠᠢ᠌ᠵᠤ ᠵᠥᠷᠴᠢᠯᠳᠦᠨ᠎ᠡ᠃ ᠡᠨᠡ ᠦᠶ᠎ᠡ ᠳᠤᠯᠵᠤ ᠢᠷᠡᠭᠡᠤᠨ ᠯᠢᠤᠢ ᠺᠠᠨ ᠰᠠ‍‌ᠶᠢ ᠳᠠᠮᠵᠢᠨ ᠪᠣᠷᠤᠯᠠᠭᠤᠯᠤᠭᠴᠢ ᠶᠢᠨ ᠥᠭᠡᠰᠢᠨ ᠳᠤ ᠣᠨᠠᠭᠰᠠᠨ ᠶᠢᠡᠨ ᠮᠡᠳᠡᠭ᠍ᠰᠡᠨ ᠪᠣᠯᠪᠠᠴᠤ ᠨᠢᠭᠡᠨᠳᠡ ᠣᠷᠣᠢ᠌ᠳᠤᠵᠤ᠂ ᠪᠠᠶ᠎ᠠ ᠶᠢᠨ ᠡᠷᠭᠡ ᠴᠢᠯᠦᠭᠡ ᠦᠭᠡᠶ ᠪᠣᠯᠤᠭᠠᠤᠨ ᠭᠠᠳᠠᠨᠠᠭᠢ ᠬᠠᠷᠢᠯᠴᠠᠭ᠎ᠠ ᠳᠠᠰᠤᠷᠠᠭᠰᠠᠨ ᠪᠠᠢ᠌ᠵᠠᠢ᠃ ᠲ᠋ᠠᠮᠵᠢᠨ ᠪᠣᠷᠤᠯᠠᠭᠤᠯᠤᠭᠴᠢ ᠡᠴᠡ ᠡᠳᠦᠷ ᠪᠦᠷᠢ ᠭᠢᠴᠢᠶᠠᠯ ᠣᠷᠤᠵᠤ᠂ ᠲ᠋ᠠᠳᠠᠨ ᠤ ᠥᠢᠯᠤᠨᠪᠦᠷᠢᠯᠡᠭ᠍ᠰᠡᠨ 《ᠭᠦᠮᠤᠨ ᠵᠢᠭᠠᠰᠤ》 ᠲ᠋ᠡᠮᠳᠡᠭ᠍ᠳᠤ ᠣᠭᠢᠶᠠᠯ ᠤᠨ ᠨᠤᠠᠳᠠᠭ ᠶᠢᠡᠨ ᠣᠭᠤᠳᠠ ᠪᠦᠷᠢ ᠶᠢ ᠠᠷᠪᠠᠨ ᠳᠦᠭᠦᠷᠢᠭ᠌ ᠶᠢᠡᠷ ᠶᠠᠭᠠᠭᠢᠵᠤ ᠭᠦᠮᠤᠨ ᠢ ᠬᠠᠭᠤᠷᠴᠤ ᠬᠤᠳᠠᠯᠳᠤᠬᠤ ᠳᠤᠬᠠᠢ ᠠᠷᠭ᠎ᠠ ᠣᠬᠠᠭᠠᠨ ᠵᠢᠭᠠᠵᠤ ᠦᠭ‍ᠭᠦᠨ᠎ᠡ᠃ ᠡᠭᠦᠨ ᠶᠢᠡᠨ ᠳᠠᠳᠠ 《ᠳᠠᠷᠢᠭᠢ ᠶᠢ ᠨᠢ ᠤᠬᠢᠶᠡᠬᠤ》 ᠭᠡᠳᠡᠭ᠌᠃ ᠯᠢᠦᠢ ᠺᠠᠨ ᠤ ᠭᠢᠭᠦ ᠭᠡᠰᠡᠨ ᠥᠨᠤ 《ᠬᠠᠮᠢᠶᠠᠷᠤᠭᠴᠢ》 ᠭᠡᠳᠡᠭ᠌ ᠨᠢ ᠳᠠᠨᠢᠯ ᠪᠣᠶᠤ ᠲᠦᠷᠦᠯ ᠰᠠᠳᠤᠨ ᠡᠴᠡ ᠪᠠᠨ ᠬᠠᠭᠤᠷᠴᠤ ᠠᠪᠴᠢᠷᠠᠭᠠᠤᠨ ᠳᠠᠮᠵᠢᠨ ᠪᠣᠷᠤᠯᠠᠭᠤᠯᠤᠭᠴᠢ ᠪᠣᠯᠭᠠᠬᠤ ᠶᠠᠪᠣᠳᠠᠯ ᠪᠣᠯᠤᠨ᠎ᠠ᠃ ᠲ᠋ᠠᠪᠤᠨ ᠭᠦᠮᠤᠨ ᠠᠪᠴᠢᠷᠠᠪᠠᠯ ᠳᠠᠰᠤᠭ ᠤᠨ ᠳᠠᠷᠤᠭ᠎ᠠ ᠪᠣᠯᠭᠠᠵᠤ᠂ ᠠᠷᠪᠠᠨ ᠭᠦᠮᠤᠨ ᠠᠪᠴᠢᠷᠠᠭᠰᠠᠤᠨ ᠢ ᠰᠤᠮᠤᠨ ᠳᠠᠷᠤᠭ᠎ᠠ ᠪᠣᠯᠭᠠᠵᠤ ᠶᠡᠭᠡ ᠬᠤᠳᠠᠨ ᠳᠤ ᠰᠠᠭᠤᠴᠠ ᠠᠪᠴᠤ ᠦᠭ‍ᠭᠦ ᠶᠤᠮ ᠭᠡᠨ᠎ᠡ᠃ ᠭᠡᠷᠪᠡ ᠨᠢᠭᠡᠴᠤ ᠭᠦᠮᠤᠨ ᠠᠪᠴᠢᠷᠠᠵᠤ ᠳᠡᠢ᠌ᠯᠭᠦ ᠦᠭᠡᠶ ᠪᠣᠯ ᠪᠠᠳᠤᠯᠭᠠᠨ ᠤ ᠮᠥᠩᠭᠦ ᠪᠠᠨ ᠢᠳᠠᠵᠤ ᠪᠠᠷᠠᠳᠠᠯ᠎ᠠ 《ᠳᠠᠷᠢᠭᠢ ᠶᠢ ᠨᠢ ᠣᠭᠢᠶᠠᠵᠤ》 ᠂ ᠭᠡᠷ ᠤᠨ ᠭᠦᠮᠤᠨ ᠲᠡᠶ ᠨᠢ ᠬᠠᠷᠢᠴᠠᠵᠤ ᠪᠠᠢ᠌ᠭᠠᠤᠨ ᠬᠤᠨᠤᠭ ᠬᠤᠭᠤᠯᠠᠨ ᠵᠤᠭᠤᠰ ᠶᠢᠡᠨ ᠨᠡᠭᠡᠵᠤ ᠡᠡᠪᠦᠨ᠎ᠡ᠃ ᠮᠥᠩᠭᠦ ᠣᠯᠬᠤ ᠦᠭᠡᠶ ᠭᠦᠮᠤᠨ ᠢ ᠪᠠᠭ᠎ᠠ ᠳᠠᠰᠤᠯᠭᠠᠨ ᠳᠤ ᠬᠤᠷᠢᠵᠤ ᠥᠯᠪᠠᠷᠭᠡᠵᠤ ᠠᠯᠠᠨ᠎ᠠ ᠭᠡᠰᠡᠨ ᠪᠠᠢ᠌ᠨ᠎ᠡ᠃ ᠡᠳᠦᠷ ᠪᠦᠷᠢ ᠶᠢᠨ ᠢᠳᠡᠭᠦ ᠬᠤᠭᠤᠯᠠ ᠨᠢ ᠪᠣᠳᠠᠭᠠᠨ ᠭᠦᠮᠦᠷᠭᠡ ᠶᠢᠨ ᠢᠯᠵᠢᠷᠡᠭᠡᠵᠤ ᠬᠠᠶᠠᠭᠰᠠᠨ ᠳᠤᠳᠤᠷᠭ᠎ᠠ ᠪᠠᠷ ᠪᠣᠳᠠᠭ᠎ᠠ ᠴᠢᠨᠠᠵᠤ᠂ ᠨᠤᠭᠤᠭᠠᠨ ᠤ ᠵᠠᠬ᠎ᠠ ᠳᠡᠯᠭᠡᠭᠦᠷ ᠡᠴᠡ ᠮᠠᠯᠳᠠᠵᠤ ᠠᠪᠴᠢᠷᠠᠭᠰᠠᠨ ᠢᠯᠵᠢᠷᠠᠵᠤ ᠬᠠᠳᠠᠭᠰᠠᠨ ᠨᠤᠭᠤᠭᠠᠨ ᠤ ᠨᠠᠪᠴᠢ ᠬᠠᠯᠢᠰᠤ ᠶᠢ ᠬᠠᠯᠳᠤ ᠮᠦᠯᠳᠤ ᠣᠭᠠᠵᠤ ᠴᠢᠨᠠᠭᠠᠤᠨ ᠵᠠᠭᠤᠰᠢ ᠭᠢᠳᠡᠭ᠌᠃ ᠡᠩ ᠤᠨ ᠠᠢ᠌ᠯ ᠤᠨ ᠭᠠᠬᠠᠢ ᠶᠢᠨ ᠬᠤᠭᠤᠯᠠ ᠶᠢ ᠴᠤ ᠭᠦᠷᠭᠦ ᠦᠭᠡᠶ ᠡᠨᠡ ᠬᠤᠭᠤᠯᠠ ᠪᠠᠨ 《ᠪᠠᠷᠭᠡ ᠶᠢ ᠰᠤᠷᠭᠠᠬᠤ ᠢᠳᠡᠭᠡᠨ》 ᠭᠡᠳᠡᠭ᠌ ᠪᠦᠭᠡᠤᠨ᠂ ᠭᠠᠷᠴᠤ ᠳᠤᠳᠠᠭᠠᠭᠰᠠᠤᠨ ᠢ ᠥᠭᠦᠳᠡᠯ᠎ᠡ ᠵᠡᠡᠴᠢᠵᠤ᠂ ᠭᠦᠩᠭᠡᠨ ᠢ ᠨᠢ ᠵᠡᠮᠳᠡᠭ᠌ ᠪᠣᠯᠭᠠᠨ ᠭᠦᠡᠳᠤ ᠶᠢ ᠨᠢ ᠴᠤᠭᠢᠵᠤ ᠠᠯᠠᠭᠠᠤᠨ ᠳᠠᠯᠳᠠ ᠭᠢᠳᠡᠭ᠌ ᠪᠠᠢ᠌ᠵᠡᠢ᠃ ᠡᠳᠡᠭᠡᠷ ᠭᠦᠮᠤᠨ ᠪᠣᠯ ᠨᠢᠭᠡᠨ ᠳᠤᠮᠤ ᠪᠦᠯᠦᠭᠯᠡᠯ ᠪᠦᠭᠡᠤᠨ᠂ ᠨᠢᠭᠡᠨ ᠡᠷᠭᠡ ᠰᠦᠷᠳᠠᠢ ᠭᠦᠮᠤᠨ ᠳᠠᠯᠳᠠ ᠡᠴᠡ ᠵᠢᠯᠤᠭᠤᠤᠠᠴᠤ ᠪᠠᠢ᠌ᠳᠠᠭ ᠶᠢᠡᠷ᠂ ᠭᠠᠳᠠᠨᠠᠭᠢ ᠭᠦᠮᠤᠨ ᠣᠴᠢᠪᠠᠯ ᠪᠣᠳᠤᠩ ᠡᠪᠠᠰᠤᠨ ᠳᠤ ᠰᠢᠷᠭᠤᠭᠰᠠᠨ ᠪᠣᠯᠵᠤᠮᠤᠷ ᠠᠳᠠᠯᠢ ᠪᠣᠴᠠᠬᠤ ᠮᠦᠷ ᠦᠭᠡᠶ ᠪᠣᠯᠳᠠᠭ ᠪᠢᠯᠠ᠃

ᠯᠢᠤᠢ ᠺᠠᠨ ᠡᠨᠡ ᠭᠠᠵᠠᠷ ᠰᠠᠷ᠎ᠠ ᠢᠯᠡᠭᠦᠤ ᠡᠳᠦᠷ ᠬᠤᠷᠢᠭᠳᠠᠭᠠᠳ᠂ ᠨᠢᠭᠡᠨ ᠦᠳᠡᠰᠢ ᠬᠠᠷᠠᠭᠤᠯᠴᠢ ᠶᠢᠨ ᠰᠠᠷᠠᠮᠵᠢ ᠦᠭᠡᠶ ᠴᠢᠯᠦᠭᠡ ᠶᠢ ᠵᠠᠪᠰᠢᠨ ᠳᠤᠳᠠᠭᠠᠵᠤ ᠭᠠᠷᠤᠭᠠᠤᠨ ᠣᠮᠠᠷᠠᠰᠢ ᠪᠣᠴᠠᠬᠤ ᠵᠠᠮ ᠶᠢᠡᠨ ᠡᠯᠭᠦᠵᠤ ᠠᠪᠳᠠᠯ᠎ᠠ ᠬᠣᠢ᠌ᠨ᠎ᠠ ᠡᠴᠡ ᠨᠢ ᠨᠡᠭᠡᠭ᠍ᠰᠡᠨ ᠭᠦᠮᠤᠨ ᠳᠤ ᠭᠦᠢᠴᠡᠭ᠍ᠳᠡᠵᠤ ᠨᠠᠪᠰᠢᠷᠠᠳᠠᠯ᠎ᠠ ᠴᠤᠭᠢᠭᠳᠠᠨ ᠭᠡᠳᠤ ᠭᠢᠳᠤᠭᠠᠯᠠᠭᠳᠠᠭᠰᠠᠨ ᠪᠠᠢ᠌ᠨ᠎ᠠ᠃ ᠵᠤᠯ ᠶᠢᠡᠷ ᠶᠡᠭᠡ ᠵᠠᠮ ᠡᠴᠡ ᠣᠢ᠌ᠷ᠎ᠠ ᠪᠣᠯᠬᠤᠷ ᠶᠠᠷᠭᠠᠴᠢᠳ ᠰᠠᠠᠳᠤᠷᠬᠤ ᠳᠠᠭᠠᠨ ᠳᠤᠳᠠᠭᠤ ᠣᠷᠭᠢᠭᠰᠠᠨ ᠤ ᠠᠴᠢ ᠪᠠᠷ ᠯᠢᠤᠢ ᠺᠠᠨ ᠰᠠ‍‌ᠶᠢ ᠠᠮᠢ ᠲᠡᠶ ᠦᠯᠠᠳᠠᠵᠤ᠂ ᠰᠠᠢ᠌ᠨ ᠰᠠᠨᠠᠭᠠᠳᠠᠢ ᠭᠦᠮᠤᠨ ᠤ ᠳᠡᠮᠵᠢᠯᠭᠡ ᠪᠠᠷ ᠠᠮᠢ ᠣᠷᠤᠭᠰᠠᠨ ᠪᠣᠯᠪᠠᠴᠤ ᠵᠡᠭᠦᠨ ᠭᠤᠶᠠᠨ ᠤ ᠭᠢᠨᠢ ᠰᠢᠷᠪᠣᠰᠤ ᠳᠠᠰᠤᠷᠠᠭᠠᠤᠨ ᠳᠤᠭᠤᠯᠠᠩ ᠪᠣᠯᠵᠠᠢ᠃ ᠲ᠋ᠠᠷᠠ ᠨᠢᠭᠡ ᠣᠳᠠᠰᠤᠨ ᠪᠠᠭᠠᠷ ᠡᠴᠡ ᠳᠤᠬᠠᠢ ᠶᠢᠨ ᠭᠠᠵᠠᠷ ᠤᠨ ᠳᠤᠳᠤᠭᠠᠳᠤ ᠶᠢ ᠬᠠᠮᠠᠭᠠᠯᠠᠬᠤ ᠳᠤᠪᠴᠢᠶᠠᠨ ᠳᠤ ᠭᠡᠷᠡᠭ᠌ ᠮᠡᠳᠡᠭᠦᠯᠦᠭᠡᠤᠨ ᠭᠠᠷᠤᠭᠰᠠᠨ ᠡᠴᠡ ᠰᠡᠭᠦᠯᠡᠷ᠂ ᠲ᠋ᠡᠮᠵᠢᠨ ᠪᠣᠷᠤᠯᠠᠭᠤᠯᠤᠭᠴᠢ ᠪᠦᠯᠦᠭᠯᠡᠯ ᠢ ᠣᠷᠤᠯᠳᠤᠭᠰᠠᠨ ᠭᠦᠮᠤᠨ ᠭᠠᠷᠤᠭᠰᠠᠨ ᠦᠭᠡᠶ ᠮᠥᠷᠳᠡᠭᠡᠨ ᠭᠡᠳᠡᠷᠭᠦ ᠯᠢᠤᠢ ᠺᠠᠨ ᠢ ᠪᠠᠷᠢᠪᠴᠢᠯᠠᠬᠤ ᠪᠠᠷ ᠶᠡᠭᠡ ᠳᠤᠭᠠᠨ ᠤ ᠴᠠᠭᠳᠠᠭ᠎ᠠ ᠭᠦᠳᠡᠯᠭᠡᠨ ᠨᠡᠩᠵᠢᠭ᠍ᠰᠡᠨ ᠪᠠᠢ᠌ᠪᠠ᠃ ᠯᠢᠤᠢ ᠺᠠᠨ ᠠᠢ᠌ᠯ ᠤᠨ ᠳᠤᠳᠤᠷᠭᠠᠨ ᠰᠦᠷᠡᠯ ᠳᠤᠤᠷ᠎ᠠ ᠬᠤᠶᠠᠷ ᠬᠤᠨᠤᠭ ᠭᠡᠪᠳᠡᠵᠤ ᠪᠠᠢ᠌ᠭᠠᠤᠨ ᠨᠠᠩᠵᠢᠯᠳᠠ ᠡᠴᠡ ᠮᠤᠯᠳᠡᠷᠡᠵᠤ᠂ ᠭᠦᠮᠤᠨ ᠳᠤ ᠭᠦᠴᠤ ᠶᠠᠪᠣᠬᠤ ᠪᠣᠶᠤ ᠪᠣᠳᠠᠭ᠎ᠠ ᠭᠤᠶᠤᠵᠤ ᠪᠠᠢ᠌ᠭᠠᠤᠨ ᠭᠡᠳᠡᠰᠤ ᠪᠠᠨ ᠡᠪᠯᠡᠭᠦᠯᠵᠤ᠂ ᠲ᠋ᠦᠭᠤᠯᠡᠩ ᠭᠦᠯ ᠶᠢᠡᠨ ᠴᠢᠷᠤᠨ ᠳᠤᠭᠤᠷᠢᠵᠤ ᠳᠤᠭᠰᠢᠨ ᠶᠠᠪᠠᠭᠠᠯᠠᠵᠤ ᠪᠠᠢ᠌ᠭᠠᠤᠨ ᠲᠦᠮᠡ ᠢᠯᠡᠭᠦᠤ ᠭᠠᠵᠠᠷ ᠠᠶᠠᠯᠠᠭᠠᠤᠨ ᠳᠤᠯᠤᠭᠠᠨ ᠵᠢᠯ ᠤᠨ ᠰᠡᠭᠦᠯᠡᠷ 2007 ᠣᠨ ᠳᠤ ᠰᠠ‍‌ᠶᠢ ᠨᠠᠢ᠌ᠰᠯᠠᠯ ᠪᠠᠭᠡᠵᠢᠩ ᠳᠤ ᠭᠦᠷᠴᠤ ᠢᠷᠠᠵᠠᠢ᠃ ᠣᠳᠤ ᠳᠠᠷᠠ ᠮᠢᠩᠭ᠋᠎ᠠ ᠢᠯᠡᠭᠦᠤ ᠭᠠᠵᠠᠷ ᠶᠠᠪᠣᠭᠰᠠᠭᠠᠷ ᠭᠡᠷ ᠲᠡᠭᠡᠨ ᠬᠠᠷᠢᠴᠢᠬᠠᠵᠤ ᠪᠣᠯᠬᠤ ᠪᠤᠯᠪᠠᠴᠤ᠂ ᠶᠡᠭᠡ ᠮᠥᠩᠭᠦ ᠣᠯᠬᠤ ᠪᠠᠷ ᠭᠠᠷᠴᠤ ᠢᠷᠡᠭ᠍ᠰᠡᠨ ᠭᠦᠮᠤᠨ ᠴᠢᠨᠢ ᠭᠣᠢ᠌ᠷᠠᠠᠴᠢ ᠶᠢᠨ ᠳᠦᠷᠢᠳᠠᠢ ᠡᠭᠡ ᠨᠤᠳᠤᠭ ᠡᠯᠢᠭᠡᠨ ᠰᠠᠳᠤᠨ ᠲᠡᠶ ᠪᠠᠨ ᠵᠤᠯᠭᠠᠬᠤ ᠨᠢᠭᠤᠷ ᠦᠭᠡᠶ ᠪᠣᠯᠤᠭᠠᠤᠨ ᠪᠠᠭᠡᠵᠢᠩ ᠬᠤᠳᠠ ᠶᠢᠨ ᠳᠡᠭᠦᠷᠭᠡ ᠪᠠᠷ ᠬᠠᠶᠠᠭᠳᠠᠮᠠᠯ ᠪᠣᠳᠠᠰ ᠳᠡᠭᠦᠵᠤ ᠬᠤᠳᠠᠯᠳᠤᠨ᠂ ᠰᠦᠨᠢ ᠳᠡᠭᠡᠨ ᠬᠠᠶᠠᠭᠳᠠᠮᠠᠯ ᠪᠣᠳᠠᠰ ᠤᠨ ᠳᠤᠮᠳᠠ ᠰᠢᠷᠭᠤᠨ ᠣᠠᠳᠠᠵᠤ ᠪᠠᠢ᠌ᠳᠠᠭ᠃

2008 ᠣᠨ ᠤ ᠡᠭᠢᠨ ᠤ ᠳᠠᠴᠢᠭᠢᠨᠠᠭᠰᠠᠨ ᠨᠢᠭᠡ ᠭᠦᠢᠳᠡᠨ ᠡᠳᠦᠷ᠂ ᠯᠢᠦᠢ ᠺᠠᠨ ᠣᠷᠠᠩ ᠰᠠᠷᠠᠩ ᠬᠤᠪᠴᠠᠰᠤ ᠲᠡᠶ᠂ ᠬᠤᠩᠭᠢᠯᠳᠠᠭ ᠳᠠᠩ ᠱᠠᠬᠠᠢ ᠪᠠᠷ ᠪᠠᠭᠡᠵᠢᠩ ᠤᠨ ᠨᠢᠭᠡ ᠰᠡᠯᠡᠭᠦᠭᠡᠨ ᠵᠡᠭᠡᠯᠢ ᠪᠠᠷ ᠬᠤᠭ ᠨᠤᠪᠰᠢ ᠶᠢᠨ ᠬᠠᠢ᠌ᠷᠴᠠᠭ ᠣᠷᠪᠠᠭᠤᠯᠵᠤ ᠪᠠᠢ᠌ᠭᠠᠤᠨ ᠵᠢᠷᠭᠤᠭᠠᠨ ᠮᠢᠩᠭ᠋ᠠᠨ ᠵᠤᠭᠤᠰ ᠲᠡᠶ ᠨᠢᠭᠡ ᠪᠣᠭᠴᠤ ᠣᠯᠤᠭᠠᠤᠨ ᠳᠤᠮᠢᠯᠠᠭᠰᠠᠨ ᠰᠠᠯᠪᠣᠷᠢ ᠶᠢᠨ ᠴᠠᠭᠳᠠᠭ᠎ᠠ ᠳᠤ ᠳᠤᠰᠢᠶᠠᠵᠠᠢ᠃ ᠨᠤᠪᠰᠢ ᠳᠡᠭᠦᠳᠡᠭ᠌ ᠭᠣᠢ᠌ᠷᠠᠠᠴᠢ ᠮᠥᠩᠭᠦ ᠣᠯᠤᠭᠠᠤᠨ ᠬᠤᠪᠢᠨ ᠳᠠᠭᠠᠨ ᠠᠪᠣᠭᠰᠠᠨ ᠦᠭᠡᠶ ᠡᠨᠡ ᠶᠠᠪᠣᠳᠠᠯ ᠨᠢ ᠣᠯᠠᠨ ᠢ ᠳᠦᠷᠭᠢᠭᠦᠯᠵᠤ᠂ ᠳᠦᠪ ᠳᠸᠯᠸᠢᠰ ᠤᠨ ᠨᠢᠭᠡ᠂ ᠳᠦᠷᠪᠠᠳᠦᠭᠡᠷ ᠰᠤᠪᠠᠭ ᠶᠢᠡᠷ ᠪᠦᠮᠪᠦᠷᠴᠡᠭ᠌ ᠳᠠᠶᠠᠭᠠᠷ ᠰᠠᠴᠤᠭᠳᠠᠭᠰᠠᠨ ᠶᠢᠡᠷ᠂ ᠯᠢᠤᠢ ᠺᠠᠨ ᠤ ᠣᠢ᠌ᠯᠠ ᠶᠠᠪᠣᠳᠠᠯ ᠢ ᠭᠦᠮᠤᠨ ᠪᠦᠭᠦᠨ ᠮᠡᠳᠡᠭᠦ ᠪᠤᠯᠵᠤ᠂ ᠭᠡᠷ ᠤᠨ ᠭᠦᠮᠤᠨ ᠨᠢ ᠴᠤ ᠰᠤᠷᠠᠭ ᠳᠠᠰᠤᠷᠠᠭᠠᠤᠨ ᠨᠢ᠋ᠮᠠᠨ ᠵᠢᠯ ᠪᠣᠯᠤᠭᠰᠠᠨ ᠭᠦᠮᠤᠨ ᠶᠢᠡᠨ ᠡᠷᠢᠵᠤ ᠣᠯᠤᠭᠰᠠᠨ ᠪᠠᠢ᠌ᠪᠠ᠃

ᠭᠦᠮᠤᠨ ᠤ ᠨᠢᠭᠡ ᠨᠠᠰᠤᠨ ᠳᠤ ᠶᠠᠮᠠᠷᠴᠤ ᠭᠦᠴᠢᠷ ᠪᠠᠷᠭᠡᠰᠢᠶᠡᠯ ᠪᠦᠷ ᠳᠤᠯᠭᠠᠷᠠᠵᠤ ᠮᠡᠳᠡᠨ᠎ᠡ᠃ ᠡᠢ᠌ᠮᠤ ᠦᠶᠡᠰ ᠢᠳᠡᠭᠡᠯ ᠠᠯᠳᠠᠬᠤ ᠦᠭᠡᠶ᠂ ᠵᠢᠩᠭᠢᠨᠢ ᠭᠦᠮᠤᠨ ᠤ ᠮᠦᠰᠤ ᠴᠢᠨᠠᠷ ᠶᠢᠡᠨ ᠠᠯᠳᠠᠬᠤ ᠦᠭᠡᠶ ᠶᠠᠪᠣᠭᠰᠠᠨ ᠴᠠᠭ ᠲᠤ᠂ ᠡᠴᠦᠰ ᠤᠨ ᠡᠴᠦᠰ ᠲᠡᠭᠡᠨ ᠰᠠᠢ᠌ᠨ ᠳ᠋ᠦ᠋ᠩ ᠣᠯᠬᠤ ᠨᠢ ᠮᠠᠷᠭᠤᠰᠢ ᠦᠭᠡᠶ᠃ ᠡᠭᠦᠨ ᠳ᠋ᠤ 《ᠳᠠᠮᠵᠢᠨ ᠪᠣᠷᠤᠯᠠᠭᠤᠯᠬᠤ ᠪᠦᠯᠦᠭᠯᠡᠯ》 ᠪᠤᠯ ᠣᠯᠤᠰ ᠭᠦᠷᠤᠨ ᠤ ᠭᠤᠸ᠎ᠠ ᠴᠤᠭᠴᠠᠰ ᠳᠡᠭᠡᠷ᠎ᠡ ᠣᠷᠭᠤᠭᠰᠠᠨ 《ᠬᠤᠤᠷᠳᠤ ᠪᠠᠳᠠᠭᠢ》 ᠮᠦᠨ ᠳᠤᠯᠡ᠂ ᠶᠡᠭᠡ ᠴᠠᠯᠢᠩ ᠦᠨᠳᠦᠷ ᠳᠡᠳᠭᠦᠮᠵᠢ ᠳ᠋ᠤᠨᠢ ᠭᠤᠷᠢᠯᠠᠭᠰᠠᠭᠠᠷ ᠠᠪ ᠠᠮᠠᠷᠬᠠᠨ ᠥᠭᠡᠰᠢᠨ ᠳ᠋ᠤᠨᠢ ᠣᠨᠠᠬᠤ ᠪᠣᠯᠤᠨ᠎ᠠ᠃ ᠣᠢ᠌ᠷ᠎ᠠ ᠳᠤ ᠰᠦᠯᠵᠢᠶᠠᠨ ᠳᠡᠭᠡᠷ᠎ᠡ ᠡᠴᠡ 《ᠤᠯᠡᠭᠠᠨᠬᠠᠳᠡ ᠶᠢᠨ ᠳᠠᠮᠤᠷ ᠵᠠᠮ ᠤᠨ ᠳᠤᠪᠴᠢᠶ᠎ᠠ》 ᠦᠨᠳᠦᠷ ᠴᠠᠯᠢᠩ ᠤᠨ ᠠᠵᠢᠯᠴᠢᠨ ᠡᠯᠰᠡᠭᠦ ᠪᠠᠷ ᠪᠠᠢ᠌ᠬᠤ ᠵᠠᠷ ᠢ ᠦᠵᠡᠵᠠᠢ᠃ ᠬᠠᠷᠢᠯᠴᠠᠬᠤ ᠬᠠᠶ‍ᠢᠭ ᠶᠢᠡᠷ ᠨᠢ ᠣᠳᠠᠰᠤᠳᠠᠵᠤ ᠥᠵᠡᠭ᠍ᠰᠡᠨ ᠳᠤ᠂ ᠨᠢᠭᠡ ᠡᠷᠡᠭ᠍ᠳᠡᠢ ᠭᠦᠮᠤᠨ ᠳᠤᠰᠴᠤ ᠪᠠᠢ᠌ᠭᠤᠯᠤᠯᠭ᠎ᠠ ᠳ᠋ᠤᠨᠢ ᠡᠷᠢᠵᠤ ᠣᠴᠢᠬᠤ ᠶᠢ ᠵᠥᠪᠰᠢᠶᠡᠷᠡᠭᠦ ᠦᠭᠡᠶ ᠪᠦᠭᠡᠤᠨ᠂ ᠲ᠋ᠡᠭᠦᠨ ᠤ ᠵᠢᠭᠠᠵᠤ ᠦᠭ‍ᠭᠦᠭ᠍ᠰᠡᠨ ᠺᠠᠷᠲ᠋ ᠳᠤ 10500 ᠳᠤᠰᠢᠶᠠᠭᠰᠠᠭᠠᠷ ᠳᠠᠮᠤᠷ ᠵᠠᠮ ᠤᠨ ᠠᠵᠢᠯᠳᠠᠨ ᠤ ᠪᠣᠯᠪᠠᠰᠤᠷᠠᠯ ᠤᠨ ᠠᠩᠭᠢ ᠳᠤ ᠣᠷᠤᠭᠤᠯᠵᠤ ᠭᠡᠳᠤᠨ ᠡᠳᠦᠷ ᠰᠤᠷᠤᠯᠴᠠᠭᠤᠯᠤᠭᠠᠤᠨ ᠨᠢᠩᠪᠦᠸᠧ ᠳᠤ ᠳᠠᠮᠤᠷ ᠵᠠᠮ ᠤᠨ ᠪᠠᠷᠢᠯᠭ᠎ᠠ ᠳᠡᠭᠡᠷ᠎ᠡ ᠶᠠᠪᠣᠭᠤᠯᠬᠤ ᠶᠤᠮ ᠭᠡᠨ᠎ᠡ᠃ ᠲ᠋ᠡᠭᠡᠭᠡᠤᠨ ᠳᠠᠠᠳᠠ ᠪᠠᠨ ᠭᠦᠷᠦᠭ᠍ᠰᠡᠨ ᠤ ᠪᠠᠨ ᠬᠣᠢ᠌ᠨ᠎ᠠ ᠪᠠᠰᠠ ᠳᠠᠪᠤᠨ ᠮᠢᠩᠭ᠋᠎ᠠ ᠳᠤᠰᠢᠶᠠᠬᠤ ᠭᠡᠷᠡᠭ᠍ᠳᠡᠢ ᠭᠡᠨ᠎ᠡ᠃ ᠡᠮᠦᠨ᠎ᠡ ᠣᠷᠤᠨ ᠤ ᠪᠠᠷᠢᠯᠭ᠎ᠠ ᠶᠢᠨ ᠭᠠᠵᠠᠷ ᠣᠳᠤ ᠶᠡᠭᠡ ᠳᠤᠭᠠᠨ ᠤ ᠭᠦᠳᠡᠯᠮᠦᠷᠢ ᠭᠦᠴᠤ ᠳᠤᠳᠠᠭᠳᠠᠵᠤ ᠪᠣᠢ ᠳᠤᠯᠠ ᠦᠪᠡᠷ ᠶᠢᠡᠨ ᠡᠷᠢᠭᠡᠤᠨ ᠡᠴᠢᠪᠠᠴᠤ ᠠᠪ ᠠᠳᠠᠯᠢᠬᠠᠨ ᠠᠵᠢᠯ ᠣᠯᠬᠤ ᠪᠦᠭᠡᠤᠨ᠂ ᠨᠢᠭᠡ ᠮᠥᠩᠭᠦᠨ ᠤ ᠰᠥᠢᠦᠡᠭᠡᠯ ᠳᠤᠰᠢᠶᠠᠬᠤ ᠶᠢ ᠪᠠᠢ᠌ᠳᠤᠭᠠᠢ ᠭᠡᠳᠡᠷᠭᠦ ᠣᠷᠢᠤᠠᠴᠢᠯᠠᠭᠰᠠᠨ ᠴᠠᠯᠢᠩ ᠭᠡᠵᠤ ᠦᠭ‍ᠭᠦ ᠪᠣᠯᠵᠤ ᠪᠠᠢ᠌ᠨ᠎ᠡ᠃ ᠡᠢ᠌ᠮᠤ ᠪᠠᠢ᠌ᠳᠠᠯ ᠤᠨ ᠳᠤᠦᠷ᠎ᠡ᠂ ᠮᠡᠭᠡᠯᠡᠭ᠍ᠴᠢ ᠶᠢᠨ ᠣᠯᠳᠤᠢ ᠮᠡᠭᠡ ᠠᠮᠠᠷᠬᠠᠨ ᠳᠠᠨᠢᠭᠳᠠᠨ᠎ᠠ᠃ ᠭᠡᠳᠡᠯ᠎ᠡ ᠣᠯᠠᠩᠭᠢ ᠳᠠᠮᠵᠢᠨ ᠪᠣᠷᠤᠯᠠᠭᠤᠯᠤᠭᠴᠢ ᠪᠦᠯᠦᠭᠯᠡᠯ ᠨᠢ ᠣᠷᠢᠳᠠᠪᠠᠷ ᠴᠢᠮᠠᠳᠤ ᠪᠠᠭ᠎ᠠ ᠰᠠᠭ᠎ᠠ ᠠᠰᠢᠭ ᠭᠦᠷᠳᠠᠭᠡᠵᠤ ᠪᠠᠢ᠌ᠭᠠᠤᠨ ᠴᠢᠮᠢ᠋ᠢ ᠣᠷᠬᠠᠨ ᠳᠠᠭᠠᠨ ᠣᠷᠤᠭᠤᠯᠳᠠᠭ ᠰᠢᠤ ᠳ᠋ᠠ᠃

ᠭᠤᠷᠪᠡ᠂ ᠭᠦᠮᠤᠨ ᠫᠡᠡᠽᠢᠯᠡᠭᠴᠢ

1᠂ ᠲ᠋ᠠᠯᠭᠢᠭᠳᠠᠭᠰᠠᠨ ᠴᠤᠮᠤᠷᠯᠢᠭ

ᠰᠢᠶᠤᠤ ᠵᠢᠤᠸᠠᠨ ᠪᠣᠯ ᠨᠢᠭᠡᠨ ᠳᠤᠮᠳᠠᠳᠤ ᠰᠤᠷᠭᠠᠭᠤᠯᠢ ᠶᠢᠨ ᠠᠩᠬ᠎ᠠ ᠳᠤᠮᠳᠠ ᠶᠢᠨ ᠰᠤᠷᠤᠭᠴᠢ ᠶ‍ᠦᠮ᠃ ᠲ᠋ᠡᠭᠦᠨ ᠤ ᠰᠤᠷᠤᠯᠭ᠎ᠠ ᠨᠢ ᠠᠨᠠᠢ ᠪᠠᠢ᠌ᠳᠠᠭ ᠶᠢᠡᠷ ᠡᠨᠡ ᠰᠤᠷᠭᠠᠭᠤᠯᠢ ᠳᠤ ᠪᠠᠭᠰᠢᠯᠠᠵᠤ ᠪᠠᠢ᠌ᠭ᠎ᠠ ᠡᠵᠢ ᠨᠢ ᠳᠡᠭᠦᠨ ᠢ ᠴᠠᠭ ᠢᠮᠠᠭᠳᠠ ᠴᠢᠩᠭ᠋᠎ᠠ ᠱᠠᠭᠠᠷᠳᠠᠳᠠᠭ ᠪᠠᠢ᠌ᠵᠡᠢ᠃ ᠡᠢ᠌ᠮᠦᠷᠭᠦᠤ ᠴᠢᠩᠭ᠋᠎ᠠ ᠭᠢᠨᠠᠯᠳᠠ ᠶᠢᠨ ᠳᠤᠤᠷ᠎ᠠ ᠰᠢᠶᠤᠤ ᠵᠢᠤᠸᠠᠨ ᠶᠡᠭᠡ ᠳᠠᠷᠤᠯᠳᠠ ᠲᠡᠶ ᠪᠠᠢ᠌ᠵᠤ᠂ ᠥᠭᠡᠷ᠎ᠡ ᠰᠤᠷᠭᠠᠭᠤᠯᠢ ᠳᠤ ᠰᠢᠯᠵᠢᠭᠦ ᠪᠠᠷ ᠣᠷᠤᠯᠳᠤᠭᠰᠠᠨ ᠪᠣᠯᠪᠠᠴᠤ ᠡᠵᠢ ᠨᠢ ᠵᠥᠪᠰᠢᠶᠡᠷᠡᠭ᠍ᠰᠡᠨ ᠦᠭᠡᠶ᠃ ᠢᠩᠭᠢᠵᠤ ᠣᠷᠳᠤ ᠬᠤᠭᠤᠴᠠᠭ᠎ᠠ ᠪᠠᠷ ᠵᠥᠷᠢᠴᠡᠯᠳᠦᠭ᠍ᠰᠡᠨ ᠤ ᠳᠠᠷᠠᠭ᠎ᠠ᠂ ᠰᠢᠶᠤᠤ ᠵᠢᠤᠸᠠᠨ ᠡᠵᠢ ᠲᠡᠶ ᠪᠠᠨ ᠭᠡᠷᠡᠭᠦᠯᠳᠡᠵᠤ ᠭᠠᠷᠤᠭᠠᠤᠨ ᠬᠤᠯᠠ ᠠᠶᠠᠨ ᠤ ᠳᠡᠷᠭᠡᠨ ᠥᠷᠳᠡᠭᠡᠨ ᠳᠤ ᠢᠷᠡᠭᠡᠤᠨ᠂ ᠡᠡᠯᠢ ᠳᠡᠷᠭᠡᠨ ᠳᠤ ᠭᠠᠷᠬᠤ ᠪᠠᠨ ᠣᠯᠬᠤ ᠦᠭᠡᠶ ᠳᠦᠳᠡᠭᠡᠯᠵᠡᠨ᠎ᠡ᠃ ᠡᠷᠡᠭᠡᠯᠵᠡᠨ ᠬᠤᠷᠭᠤᠯᠵᠠᠬᠤ ᠵᠠᠭᠤᠷ᠎ᠠ᠂ ᠦᠪᠡᠷ ᠤᠨ ᠪᠠᠶ᠎ᠠ ᠨᠢ ᠨᠢᠭᠡ᠊ᠨᠳᠡ ᠠᠷᠪᠠᠨ ᠵᠢᠷᠭᠤᠭ᠎ᠠ ᠭᠦᠷᠴᠢᠭᠡᠭ᠍ᠰᠡᠨ ᠶᠤᠮ ᠴᠢᠨᠢ ᠨᠢᠭᠡ ᠠᠵᠢᠯ ᠡᠷᠢᠭᠡᠤᠨ ᠭᠢᠪᠠᠯ ᠪᠢᠴᠢᠭ᠌ ᠦᠵᠡᠵᠤ ᠳᠠᠷᠢᠭᠢ ᠪᠠᠨ ᠰᠢᠪᠬᠠᠭᠰᠠᠨ ᠡᠴᠡ ᠬᠤᠯᠠ ᠳᠡᠭᠡᠷ᠎ᠡ ᠪᠣᠳᠤᠭᠳᠠᠨ᠎ᠠ᠃ ᠨᠠᠰᠤ ᠪᠠᠷ ᠳᠡᠭᠦᠨ ᠡᠴᠡ ᠪᠠᠭ᠎ᠠ ᠣᠯᠤᠰ ᠪᠠᠶ᠎ᠠ ᠪᠠᠨ ᠳᠠᠭᠠᠭᠠᠵᠤ ᠠᠮᠢᠳᠤᠷᠠᠵᠤ ᠪᠠᠢ᠌ᠬᠤ ᠵᠢᠱᠢᠶ᠎ᠠ ᠪᠠᠢ᠌ᠬᠤ ᠯᠠ ᠪᠣᠶᠠᠨ᠂ ᠦᠪᠡᠷ ᠤᠨ ᠪᠠᠶ᠎ᠠ ᠨᠢ ᠳᠠᠳᠠᠨ ᠡᠴᠡ ᠳᠤᠤᠷᠠᠳᠤᠮᠠᠷ ᠶᠠᠭᠤ ᠪᠠᠢ᠌ᠬᠤ ᠪᠢᠯᠠ ᠭᠡᠵᠤ ᠰᠠᠨᠠᠬᠤᠯᠠᠷ ᠡᠷᠴᠢ ᠵᠤᠷᠢᠭ ᠨᠢ ᠳᠤᠤᠷ᠎ᠠ ᠪᠠᠨ ᠭᠦᠭ᠍ᠵᠢᠨ ᠪᠠᠳᠠᠷᠠᠪᠠ᠃ ᠲ᠋ᠠᠭᠢᠭᠠᠤᠨ ᠭᠡᠯᠡᠪᠠᠯ ᠰᠢᠶᠤᠤ ᠵᠢᠤᠸᠠᠨ ᠥᠩᠭᠡ ᠵᠢᠰᠤ ᠭᠡᠭᠡᠡᠴᠢᠷ᠂ ᠰᠤᠭᠳᠡᠢ᠌ᠭᠰᠡᠨ ᠰᠠᠢ᠌ᠬᠠᠨ ᠪᠠᠶ᠎ᠠ ᠪᠢᠯᠳᠠᠷ ᠲᠡᠶ ᠴᠤᠪᠣᠭᠤᠯᠢᠭ ᠳᠦᠷᠦᠭ᠍ᠰᠡᠨ ᠭᠡᠦᠭᠡᠨ ᠳᠤᠯᠠ ᠬᠠᠮᠢᠭ᠎ᠠ ᠭᠦᠷᠪᠠᠴᠤ ᠭᠦᠮᠦᠰ ᠤᠨ ᠨᠢᠳᠤᠨ ᠬᠠᠷᠠᠴᠠ ᠶᠢ ᠪᠣᠯᠢᠶᠠᠳᠠᠭ ᠨᠢ ᠠᠶᠠᠠᠳᠠᠭᠠᠨ ᠤ ᠭᠡᠷᠡᠭ᠌᠃ ᠲ᠋ᠡᠭᠡᠪᠠᠯ ᠠᠵᠢᠯ ᠭᠡᠳᠡᠭ᠌ ᠴᠢᠨᠢ ᠬᠠᠮᠢᠭ᠎ᠠ ᠡᠴᠡ ᠡᠷᠢᠳᠡᠭ᠌ ᠡᠳ᠋ ᠪᠣᠢ︖ ᠡᠨᠡ ᠦᠶ᠎ᠡ ᠳᠤ ᠨᠢᠭᠡᠨ ᠠᠭᠢᠮᠠᠭ ᠨᠠᠰᠤᠨ ᠤ ᠪᠦᠰᠡᠭᠦᠢ ᠬᠠᠵᠠᠭᠤᠳᠠ ᠨᠢ ᠢᠷᠠᠵᠤ ᠶᠡᠭᠡᠯ᠎ᠡ ᠬᠠᠯᠠᠭᠤᠮᠰᠤᠭ ᠶᠢᠡᠷ ᠬᠠᠮᠢᠭ᠎ᠠ ᠭᠦᠷᠭᠦ ᠶᠢ ᠨᠢ ᠠᠰᠠᠭᠤᠭᠰᠠᠨ ᠳᠤ᠂ ᠰᠢᠶᠤᠤ ᠵᠢᠤᠸᠠᠨ ᠠᠯᠭᠤᠷᠬᠠᠨ ᠳᠤᠯᠤᠭᠠᠢ ᠪᠠᠨ ᠰᠠᠵᠢᠪᠠ᠂ ᠲ᠋ᠠᠷᠠ ᠥᠨᠡᠭᠡᠷ ᠬᠠᠮᠢᠭ᠎ᠠ ᠣᠴᠢᠬᠤ ᠪᠠᠨ ᠮᠡᠳᠡᠭᠦ ᠦᠭᠡᠶ ᠪᠠᠢ᠌ᠵᠠᠢ᠃ ᠦᠨᠦ ᠪᠦᠰᠡᠭᠦᠢ ᠳᠡᠭᠦᠨ ᠤ ᠪᠠᠢ᠌ᠳᠠᠯ ᠢ ᠭᠡᠳᠤᠨ ᠬᠤᠪᠢ ᠭᠠᠳᠠᠷᠯᠠᠭᠠᠤᠨ ᠬᠠᠷᠮᠠᠨ ᠡᠴᠡ ᠪᠠᠨ ᠨᠠᠷ᠎ᠠ ᠶᠢᠨ ᠺᠠᠷᠲ᠋ ᠭᠠᠷᠭᠠᠨ ᠰᠢᠶᠤᠤ ᠵᠢᠤᠸᠠᠨ ᠳᠤ ᠪᠠᠷᠢᠭᠤᠯᠵᠤ᠄

《〈ᠭᠡᠷ ᠪᠦᠯᠢ ᠶᠢᠨ ᠥᠢᠯᠡᠴᠢᠯᠭᠡᠨ ᠤ ᠺᠤᠮᠫᠠᠨᠢ〉ᠵᠢᠨ ᠡᠷᠭᠢᠯᠡᠭ᠍ᠴᠢ᠃ ᠡᠡᠵᠢᠯ ᠡᠷᠢᠵᠤ ᠭᠢᠶ᠎ᠠ ᠭᠡᠪᠠᠯ ᠡᠭᠡᠴᠢ ᠪᠠᠨ ᠡᠷᠢᠯ ᠳ᠋ᠠ᠂ ᠰᠠᠷ᠎ᠠ ᠶᠢᠨ ᠮᠢᠩᠭ᠋ᠠᠨ ᠳᠦᠭᠦᠷᠢᠭ᠌ ᠪᠠᠳᠤᠯᠭᠠᠳᠠᠢ ᠤᠯᠦᠨ᠎ᠡ》 ᠭᠡᠵᠡᠢ᠃ ᠡᠨᠡ ᠨᠢ ᠶᠠᠭ ᠳᠠᠭᠠᠷᠠᠭᠰᠠᠨ ᠭᠦᠮᠤᠨ ᠳᠤ ᠳᠠᠬᠤ ᠭᠦᠷᠭᠡᠵᠤ᠂ ᠳᠦᠭᠡᠷᠢᠭ᠍ᠰᠡᠨ ᠭᠦᠮᠤᠨ ᠳᠤ ᠴᠠᠮᠬᠠᠭ ᠪᠣᠯᠤᠭᠠᠤᠨ ᠠᠯᠤᠰ ᠢᠷᠡᠭᠡᠳᠦᠢ ᠶᠢᠨ ᠠᠯᠳᠠᠩᠬᠠᠨ ᠣᠷᠭᠢᠯ ᠢ ᠨᠢ ᠬᠠᠷᠠᠭᠤᠯᠤᠭᠰᠠᠨ ᠶᠠᠪᠣᠳᠠᠯ ᠪᠤᠯᠵᠠᠢ᠃ ᠢᠩᠭᠢᠭᠡᠤᠨ ᠳᠠᠷᠠ ᠥᠴᠦᠭᠡᠨ ᠴᠤ ᠡᠷᠡᠭᠡᠯᠵᠡᠯ ᠦᠭᠡᠶ ᠪᠠᠷ ᠦᠨᠦ ᠪᠦᠰᠡᠭᠦᠢ ᠶᠢ ᠳᠠᠭᠠᠭᠠᠤᠨ ᠶᠠᠪᠣ ᠭᠡᠰᠡᠨ ᠭᠠᠵᠠᠷ ᠨᠢ ᠶᠡᠪᠦᠵᠤ᠂ ᠭᠦᠷ ᠭᠡᠰᠡᠨ ᠭᠠᠵᠠᠷ ᠨᠢ ᠣᠴᠢᠭᠠᠤᠨ ᠯᠠ ᠪᠠᠢ᠌ᠪᠠ᠃ ᠦᠨᠦ ᠪᠦᠰᠡᠭᠦᠢ ᠰᠢᠶᠤᠤ ᠵᠢᠤᠸᠠᠨ ᠢ ᠳᠠᠭᠠᠭᠤᠯᠤᠨ ᠬᠤᠶᠠᠷ ᠡᠳᠦᠷ ᠵᠠᠮᠨᠠᠭᠠᠤᠨ ᠣᠯᠠᠨ ᠠᠷᠪᠢᠨ ᠮᠤᠰᠭᠢᠷᠠᠯᠳᠤᠭᠰᠠᠨ ᠠᠭᠤᠯᠠᠨ ᠬᠠᠪᠴᠢᠯ ᠤᠨ ᠳᠤᠮᠳᠠᠭᠤᠷ ᠰᠢᠷᠭᠤᠯᠠᠨ ᠶᠠᠪᠣᠭᠰᠠᠭᠠᠷ ᠶᠠᠳᠠᠭᠤᠬᠠᠨ ᠨᠢᠭᠡ ᠵᠢᠵᠢᠭ᠌ ᠪᠠᠯᠭᠠᠰᠤᠨ ᠳᠤ ᠢᠷᠠᠵᠤ ᠠᠮᠢᠳᠠᠨ ᠤ ᠭᠦᠯ ᠡᠴᠡ ᠵᠠᠢ᠌ᠳᠠᠭᠤᠬᠠᠨ ᠬᠤᠪᠢ ᠭᠦᠮᠤᠨ ᠤ ᠡᠷᠭᠢᠯᠡᠭ᠍ᠰᠡᠨ ᠵᠢᠵᠢᠭ᠌ ᠪᠠᠭᠤᠳᠠᠯ ᠳᠤ ᠪᠠᠭᠤᠭᠰᠠᠨ ᠳᠤ᠂ ᠦᠨᠦ ᠪᠦᠰᠡᠭᠦᠢ ᠶᠢᠨ ᠬᠠᠮᠰᠠᠭᠠᠳᠠᠨ ᠭᠡᠵᠤ ᠭᠡᠷᠴᠡᠭᠡᠢ ᠴᠢᠷᠠᠢ ᠲᠡᠶ ᠬᠤᠶᠠᠷ ᠪᠣᠵᠠᠭᠠᠢ ᠡᠷ᠎ᠡ ᠪᠠᠭᠤᠳᠠᠯ ᠳᠤ ᠭᠦᠯᠢᠶᠡᠵᠤ ᠪᠣᠢ ᠪᠦᠭᠡᠤᠨ᠂ ᠰᠢᠶ‍ᠦᠤ ᠵᠢᠤᠸᠠᠨ ᠢ ᠥᠵᠡᠮᠡᠭ᠍ᠴᠡ ᠦᠯᠦᠨ ᠪᠠᠷᠰ ᠥᠭ᠍ᠶ‍ᠦᠭᠡᠨ ᠳᠤ ᠪᠠᠭᠤᠭᠰᠠᠨ ᠶᠤᠮᠰᠢᠭ ᠳᠠᠭᠠᠷᠢᠵᠤ ᠣᠷᠤᠭᠠᠤᠨ ᠡᠭᠡᠯᠵᠢᠯᠡᠨ ᠳᠠᠷᠤᠯᠠᠨ ᠪᠣᠵᠠᠷᠯᠠᠭᠰᠠᠨ ᠪᠦᠭᠡᠤᠨ᠂ ᠰᠢᠶ‍ᠦᠤ ᠵᠢᠤᠸᠠᠨ ᠠᠮᠢ ᠴᠦᠯᠠᠨ ᠡᠰᠡᠷᠭᠦᠴᠡᠵᠤ ᠬᠤᠭᠤᠯᠠᠢ ᠶᠢᠨ ᠴᠢᠨᠡᠭᠡᠪᠠᠷ 《ᠡᠡᠮᠢ ᠠᠪᠣᠷ᠎ᠠ︕》 ᠭᠡᠵᠤ ᠬᠠᠰᠭᠢᠷᠤᠭᠰᠠᠨ ᠪᠣᠯᠪᠠᠴᠤ ᠪᠠᠭᠤᠳᠠᠯ ᠤᠨ ᠡᠵᠡᠨ ᠳᠦᠯᠡᠢ ᠪᠠᠷ ᠣᠪᠯᠠᠭᠠᠤᠨ ᠣᠭᠳᠤ ᠬᠠᠮᠢᠶᠠᠷᠬᠤ ᠦᠭᠡᠶ ᠠᠵᠢ᠃ ᠣᠤᠯ ᠨᠢ ᠳᠤᠰᠬᠠᠢ᠌ᠯᠠᠨ ᠶᠠᠯᠠᠳᠤ ᠭᠡᠷᠡᠭ᠌ ᠥᠢᠯᠡᠳᠦᠭ᠍ᠰᠡᠳ ᠤᠨ ᠨᠡᠭᠡᠭᠡᠭ᠍ᠰᠡᠨ ᠬᠠᠷ᠎ᠠ ᠪᠠᠭᠤᠳᠠᠯ ᠪᠠᠢ᠌ᠯ᠎ᠠ᠃ ᠰᠢᠶᠤᠤ ᠵᠢᠤᠸᠠᠨ ᠥᠭᠦᠶ᠎ᠡ ᠭᠡᠤᠨ ᠥᠭᠦᠵᠤ ᠳᠡᠢ᠌ᠯᠭᠦ ᠦᠭᠡᠶ ᠠᠮᠢᠳᠤ ᠶᠢᠨ ᠳᠠᠮᠤ ᠳᠠᠭᠠᠨ ᠳᠠᠯᠴᠢᠯᠠᠵᠤ ᠪᠠᠢ᠌ᠬᠤ ᠳᠤ᠂ ᠦᠨᠦ ᠳᠡᠭᠦᠨ ᠢ ᠮᠡᠭᠡᠯᠡᠵᠤ ᠠᠪᠴᠢᠷᠠᠳᠠᠭ ᠪᠦᠰᠡᠭᠦᠢ ᠬᠠᠵᠠᠭᠤᠳᠠ ᠨᠢ ᠢᠷᠡᠭᠡᠤᠨ᠄

《ᠭᠡᠷ ᠪᠦᠯᠢ ᠶᠢᠨ ᠥᠢᠯᠡᠴᠢᠯᠭᠡ ᠭᠡᠳᠡᠭ᠌ ᠴᠢᠨᠢ ᠡᠷᠡᠭ᠍ᠳᠡᠢ ᠭᠦᠮᠤᠨ ᠢ ᠪᠠᠶᠠᠰᠬᠠᠬᠤ ᠶᠠᠪᠣᠳᠠᠯ ᠢ ᠭᠡᠯᠡᠵᠤ ᠪᠠᠢ᠌ᠨ᠎ᠠ ᠰᠢᠤ᠂ ᠴᠢᠨᠤ ᠡᠨᠡ ᠪᠠᠶ᠎ᠠ ᠪᠢᠯᠳᠠᠷ ᠥᠩᠭᠡ ᠵᠢᠰᠤ ᠪᠠᠷ ᠡᠷ᠎ᠡ ᠭᠦᠮᠤᠨ ᠢ ᠪᠠᠶᠠᠰᠬᠠᠬᠤ ᠠᠷᠭ᠎ᠠ ᠶᠢ ᠰᠠᠢ᠌ᠨ ᠰᠤᠷᠴᠢᠬᠤ ᠶᠤᠮ ᠪᠣᠯ ᠡᠨᠡ ᠳᠡᠯᠡᠭᠡᠢ ᠳᠤ ᠪᠠᠶᠠᠨ ᠳᠠᠷᠭᠤᠨ ᠶᠠᠪᠣᠵᠤ ᠴᠢᠳᠡᠨ᠎ᠡ》 ᠭᠡᠤᠨ ᠶᠠᠩᠰᠢᠵᠤ ᠯᠠ ᠪᠠᠢ᠌ᠵᠡᠢ᠃ ᠨᠢᠭᠦᠯᠳᠤ ᠭᠡᠷᠡᠭ᠌ ᠢᠩᠭᠢᠭᠡᠤᠨ ᠭᠤᠷᠪᠠ ᠬᠤᠨᠤᠭ ᠥᠷᠭᠦᠯᠵᠢᠯᠡᠵᠤ᠂ ᠳᠦᠷᠪᠠᠳᠦᠭᠡᠷ ᠡᠳᠦᠷ ᠨᠢ ᠳᠡᠭᠦᠨ ᠢ ᠱᠠᠠᠰᠢ ᠶᠢᠨ ᠨᠢᠭᠡᠨ ᠳᠦᠴᠢ ᠭᠠᠷᠤᠭᠰᠠᠨ ᠪᠦᠭ᠍ᠳᠡᠷ ᠲᠤ ᠲᠦᠮᠡ ᠳᠠᠪᠤᠨ ᠮᠢᠩᠭ᠋ᠠᠨ ᠳᠦᠭᠦᠷᠢᠭ᠌ ᠶᠢᠡᠷ ᠬᠤᠳᠠᠯᠳᠤᠭᠰᠠᠨ ᠪᠠᠢ᠌ᠨ᠎ᠠ᠃

ᠲ᠋ᠡᠭᠦᠨ ᠢ ᠬᠤᠳᠠᠯᠳᠤᠵᠤ ᠠᠪᠣᠭᠰᠠᠨ ᠳᠠᠷᠠ ᠠᠢ᠌ᠯ ᠨᠢ ᠰᠢᠷ᠎ᠠ ᠭᠦᠷᠦᠰᠦᠳᠤ ᠥᠡᠳᠦᠷᠯᠢᠭ᠌ ᠤᠨ ᠨᠢᠭᠡ ᠪᠣᠢ᠌ᠳᠠ ᠵᠡᠯᠢᠭᠦᠤᠨ ᠶᠠᠳᠠᠭᠤ ᠳᠤᠰᠬᠤᠨ ᠳᠤ ᠰᠡᠭᠤᠷᠢᠰᠢᠵᠤ᠂ ᠢᠳᠡᠭᠦ ᠣᠰᠤ ᠪᠠᠨ ᠳᠠᠪᠤᠨ ᠭᠠᠵᠠᠷ ᠵᠠᠢ᠌ᠳᠠᠢ ᠠᠭᠤᠯᠠᠨ ᠬᠠᠪᠴᠢᠯ ᠡᠴᠡ ᠠᠴᠢᠵᠤ ᠠᠪᠴᠢᠷᠠᠳᠠᠭ ᠪᠦᠭᠡᠤᠨ᠂ ᠪᠤᠳᠠᠭ᠎ᠠ ᠣᠭᠠᠭᠰᠠᠨ ᠣᠰᠤ ᠪᠠᠷ ᠶᠢᠡᠨ ᠬᠤᠪᠴᠠᠰᠤ ᠪᠠᠨ ᠣᠭᠠᠵᠤ ᠬᠠᠮᠤᠭ ᠰᠡᠭᠦᠯ ᠳ᠋ᠤᠨᠢ ᠰᠠ‍‌ᠶᠢ ᠭᠠᠬᠠᠢ ᠢᠳᠡᠭᠦᠯᠳᠡᠭ᠌ ᠣᠰᠤ ᠬᠤᠪᠣᠷ ᠭᠠᠵᠡᠷ᠃ ᠡᠨᠡ ᠠᠢ᠌ᠯ ᠤᠨ ᠭᠡᠦᠭᠡᠨ ᠨᠢ ᠪᠦᠷ ᠭᠠᠳᠠᠭᠰᠢ ᠮᠤᠷᠳᠠᠳᠠᠭ ᠶᠢᠡᠷ ᠭᠦᠤ ᠨᠢ ᠪᠠᠷᠢ ᠣᠯᠬᠤ ᠦᠭᠡᠶ᠂ ᠠᠷᠭ᠎ᠠ ᠦᠭᠡᠶ ᠭᠦᠮᠤᠨ ᠤ ᠫᠠᠠᠽᠠᠴᠢᠨ ᠡᠴᠡ 《ᠪᠠᠷᠢ》 ᠬᠤᠳᠠᠯᠳᠤᠨ ᠠᠪᠳᠠᠭ ᠪᠣᠯᠬᠤᠷ᠂ ᠰᠢᠶᠠᠩ ᠳᠤᠰᠬᠤᠨ ᠤ ᠣᠳᠤᠷᠢᠳᠤᠯᠭ᠎ᠠ ᠮᠠᠳᠠᠵᠤ ᠪᠠᠢ᠌ᠭᠠᠤᠨ ᠨᠢᠳᠤ ᠪᠠᠨ ᠠᠨᠢᠭᠠᠤᠨ ᠬᠠᠮᠢᠶᠠᠷᠬᠤ ᠦᠭᠡᠶ ᠪᠠᠢ᠌ᠳᠠᠭ ᠳᠤᠯᠡ᠂ ᠭᠡᠷ ᠪᠦᠯᠢ ᠶᠢᠨ ᠭᠦᠴᠦᠷᠭᠡᠭᠯᠡᠯ ᠨᠢ ᠵᠦᠢ ᠶᠤᠰᠤᠨ ᠤ ᠭᠡᠷᠡᠭ᠌ ᠪᠣᠯᠵᠠᠢ᠃ ᠰᠢᠶᠤᠤ ᠵᠢᠤᠸᠠᠨ ᠡᠨᠡ ᠠᠢ᠌ᠯ ᠳᠤ ᠬᠤᠳᠠᠯᠳᠤᠭᠳᠠᠭᠠᠤᠨ ᠦᠪᠡᠷ ᠤᠨ ᠪᠠᠶ᠎ᠠ ᠳ᠋ᠤᠨᠢ ᠠᠪᠣ ᠪᠣᠯᠬᠤ ᠨᠠᠰᠤᠳᠠᠢ ᠭᠦᠮᠤᠨ ᠳᠤ ᠰᠥᠭᠦᠳᠤᠨ ᠭᠤᠶ‍ᠦᠵᠤ᠂ ᠭᠦᠮᠤᠨ ᠤ ᠫᠠᠠᠽᠠᠴᠢᠨ ᠳᠤ ᠦᠭ‍ᠭᠦᠭ᠍ᠰᠡᠨ ᠵᠤᠭᠤᠰ ᠢ ᠨᠢ ᠲᠦᠯᠦᠵᠤ ᠶᠡᠭᠡ ᠠᠴᠢ ᠢ ᠨᠢ ᠬᠠᠷᠢᠭᠤᠯᠤᠶ᠎ᠠ ᠭᠡᠵᠤ ᠠᠮᠠᠯᠠᠭᠰᠠᠨ ᠪᠣᠯᠪᠠᠴᠤ ᠡᠨᠡ ᠪᠦᠭ᠍ᠳᠡᠷ ᠤᠨ ᠰᠠᠤᠠᠭᠢᠯ ᠢ ᠭᠦᠳᠡᠯᠭᠡᠵᠤ ᠴᠢᠳᠠᠭᠰᠠᠨ ᠦᠭᠡᠶ᠂ ᠨᠥᠭᠡᠨ ᠭᠡᠷ ᠳᠤᠨᠢ ᠬᠤᠷᠢᠭᠳᠠᠭᠠᠤᠨ 《ᠪᠠᠯᠭᠡ ᠶᠢᠨ ᠪᠣᠭᠤᠯ》᠊ᠤᠨ ᠠᠮᠢᠳᠤᠷᠠᠯ ᠶᠢᠡᠨ ᠥᠷᠭᠦᠯᠵᠢᠯᠡᠭᠦᠯᠵᠤ ᠪᠢᠯᠠ᠃

ᠲ᠋ᠦᠷᠪᠠᠨ ᠵᠢᠯ ᠤᠨ ᠰᠡᠭᠦᠯᠡᠷ᠂ ᠭᠦᠮᠤᠨ ᠤ ᠫᠠᠠᠽᠠᠴᠢᠨ ᠪᠠᠷᠢᠭᠳᠠᠵᠤ᠂ ᠴᠠᠭᠳᠠᠭ᠎ᠠ ᠨᠡᠷ ᠮᠦᠷᠳᠠᠵᠤ ᠢᠷᠡᠭᠡᠤᠨ ᠰᠢᠶᠤᠤ ᠵᠢᠤᠸᠠᠨ ᠢ ᠠᠪᠣᠷᠠᠬᠤ ᠦᠶᠡᠰ᠂ ᠲ᠋ᠠᠷᠠ ᠨᠢᠭᠡ᠊ᠨᠳᠡ ᠬᠤᠶᠠᠷ ᠭᠡᠦᠭᠡᠤᠨ ᠤᠨ ᠡᠭᠡ ᠪᠣᠯᠵᠤ᠂ ᠰᠠ‍‌ᠶᠢ ᠬᠤᠷᠢᠨ ᠨᠠᠰᠤ ᠲᠡᠶ ᠭᠡᠦᠭᠡᠨ ᠤ ᠬᠠᠭᠠᠰ ᠭᠡᠵᠢᠭᠡ ᠨᠢ ᠪᠣᠭᠤᠷᠤᠯᠳᠤᠭᠠᠤᠨ ᠨᠢᠳᠤ ᠨᠢ ᠭᠦᠯᠢᠷᠡᠵᠤ ᠣᠢ ᠮᠠᠳᠠᠷᠠᠯ ᠨᠢ ᠮᠠᠭᠤᠳᠠᠨ ᠮᠤᠨᠤᠭᠰᠢᠴᠢᠭᠰᠠᠨ ᠵᠥᠨᠦᠭ᠌ ᠭᠦᠮᠤᠨ ᠪᠣᠯᠵᠠᠢ᠃

ᠥᠷᠯᠦᠭᠡ ᠶᠢᠨ ᠨᠠᠷᠠᠨ ᠠᠳᠠᠯᠢ ᠭᠠᠯ ᠵᠠᠯᠠᠭᠤ ᠨᠠᠰᠤ᠂ ᠬᠤᠸᠠᠷ ᠴᠡᠴᠡᠭ᠌ ᠮᠠᠳᠤ ᠪᠣᠯᠪᠠᠷᠠᠢ ᠦᠬᠢᠨ ᠨᠢᠭᠡᠨ ᠴᠠᠭ ᠤᠨ ᠠᠭᠤᠷ ᠶᠢᠡᠷ ᠶᠢᠡᠨ ᠭᠡᠷ ᠡᠴᠡ ᠪᠠᠨ ᠳᠤᠳᠠᠭᠠᠵᠤ ᠭᠠᠷᠤᠭᠠᠤᠨ ᠢᠩᠭᠢᠵᠤ ᠳᠠᠮᠳᠤᠭᠯᠠᠭᠳᠠᠬᠤ ᠶᠢ ᠥᠵᠡᠭ᠍ᠰᠡᠨ ᠪᠣᠯᠭᠠᠨ ᠨᠢᠳᠤ ᠬᠠᠯᠢᠷᠠᠮᠠᠷ ᠡ᠃ ᠨᠡᠢ᠌ᠭᠡᠮ ᠤᠨ ᠣᠷᠤᠰᠬᠠᠯ ᠤᠨ ᠭᠦᠨ ᠭᠦᠶ‍ᠦᠭᠡᠨ ᠢ ᠥᠵᠡᠭᠡᠳᠦᠢ ᠵᠠᠯᠠᠭᠤᠴᠤᠳ ᠮᠢᠨᠢ ᠮᠠᠭᠤ ᠭᠦᠮᠤᠨ ᠤ ᠥᠭᠡ ᠶᠢ ᠠᠮᠠᠷᠬᠠᠨ ᠢᠳᠠᠭᠡᠵᠤ᠂ ᠤᠷᠬᠠᠨ ᠳ᠋ᠤᠨᠢ ᠣᠷᠤᠭᠰᠠᠭᠠᠷ ᠰᠠᠢ᠌ᠨ ᠰᠠᠢ᠌ᠬᠠᠨ ᠬᠤᠵᠢᠮ ᠢᠷᠡᠭᠡᠳᠦᠢ ᠪᠠᠨ ᠥᠭᠡᠢ᠌ᠭᠢᠭᠦ ᠳᠤ ᠮᠥᠨᠦᠭᠡᠨ ᠵᠠᠭᠤᠷ᠎ᠠ ᠭᠡᠭ᠍ᠴᠢ ᠶᠢ ᠮᠠᠳᠠᠵᠤ ᠠᠪ᠃

2᠂ ᠬᠠᠷ᠎ᠠ ᠳᠤᠭᠤᠰᠬᠠᠨ ᠣᠢ᠌ᠯᠠᠤᠠᠪᠣᠷᠢ

ᠯᠢᠤ ᠭᠠᠩ᠂ ᠵᠧᠩᠵᠧᠤ ᠬᠤᠳᠠ ᠶᠢᠨ ᠭᠦᠮᠤᠨ᠃ ᠡᠡᠷᠪᠠᠨ ᠳᠤᠯᠤᠭᠠᠳᠠᠢ᠂ ᠦᠨᠳᠦᠷ ᠵᠡᠷᠭᠡ ᠶᠢᠨ ᠳᠤᠮᠳᠠᠳᠤ ᠰᠤᠷᠭᠠᠭᠤᠯᠢ ᠪᠠᠨ ᠳᠡᠭᠦᠰᠦᠭᠡᠳᠦᠢ ᠪᠠᠢ᠌ᠬᠤ ᠳᠤ ᠡᠴᠢᠭᠡ ᠡᠭᠡ ᠨᠢ ᠣᠷᠤᠭ ᠰᠠᠯᠤᠭᠠᠤᠨ ᠡᠷᠦᠭᠡ ᠭᠡᠷ ᠨᠢ ᠪᠣᠰᠨᠢᠵᠠᠢ᠃ ᠰᠠᠤᠠᠭᠢᠯ ᠰᠠᠨᠠᠭ᠎ᠠ ᠨᠢ ᠶᠡᠭᠡ ᠣᠢ᠌ᠮᠠᠷᠠᠵᠤ ᠰᠤᠷᠤᠯᠴᠠᠬᠤ ᠣᠷᠮ᠎ᠠ ᠦᠭᠡᠶ ᠪᠣᠯᠤᠭᠠᠤᠨ ᠭᠦᠳᠡᠯᠮᠦᠷᠢ ᠭᠦᠴᠤᠨ ᠤ ᠵᠠᠬ᠎ᠠ ᠳᠡᠯᠭᠡᠭᠦᠷ ᠶᠢᠡᠷ ᠡᠷᠭᠢᠴᠡᠨ ᠰᠤᠯᠠ ᠠᠵᠢᠯ ᠭᠢᠭᠡᠤᠨ ᠠᠮᠢ ᠵᠢᠭᠤᠬᠤ ᠪᠤᠯᠪᠠ᠃ ᠡᠴᠢᠭᠡ ᠡᠭᠡ ᠨᠢ ᠬᠤᠪᠢ ᠬᠤᠪᠢᠨ ᠳᠠᠭᠠᠨ ᠰᠢᠨ᠎ᠠ ᠭᠡᠷ ᠪᠦᠯᠢ ᠪᠣᠰᠬᠠᠬᠤ ᠪᠠᠷ ᠶᠠᠭᠠᠷᠠᠯᠳᠤᠭᠠᠤᠨ ᠳᠡᠭᠦᠨ ᠢ ᠬᠠᠮᠢᠶᠠᠷᠤᠭᠰᠠᠨ ᠠᠮᠢᠳᠠᠨ ᠪᠠᠢ᠌ᠬᠤ ᠦᠭᠡᠶ᠃

ᠨᠢᠭᠡᠨ ᠡᠳᠦᠷ᠂ ᠯᠢᠤ ᠭᠠᠩ ᠭᠢᠳᠠᠯ ᠦᠭᠡᠶ ᠭᠠᠯᠳᠤ ᠳᠡᠷᠭᠡᠨ ᠤ ᠬᠠᠪᠢ ᠪᠠᠷ ᠵᠤᠷᠴᠢᠵᠤ ᠪᠠᠢ᠌ᠳᠠᠯ᠎ᠠ ᠬᠠᠵᠠᠭᠤᠳᠠ ᠨᠢ ᠨᠢᠭᠡ ᠵᠢᠵᠢᠭ᠌ ᠮᠢᠶᠠᠠᠪᠣᠤ ᠳᠡᠷᠭᠡ ᠢᠷᠡᠭᠡᠤᠨ 《ᠵᠤᠷᠳ᠋》 ᠭᠢᠨ ᠵᠤᠭᠰᠤᠵᠤ᠂ ᠨᠢᠭᠡ ᠭᠦᠮᠤᠨ ᠪᠠᠭᠤᠵᠤ ᠢᠷᠡᠭᠡᠤᠨ ᠶᠡᠭᠡᠯ᠎ᠡ ᠳᠤᠳᠤᠨᠤᠰᠤᠭ ᠶᠢᠡᠷ ᠮᠡᠡᠳᠦᠴᠢᠯᠡᠭ᠍ᠰᠡᠨ ᠶᠢᠡᠨ :

《ᠪᠢᠳᠠ ᠪᠣᠯ ᠭᠠᠳᠠᠭᠠᠳᠤ ᠶᠢᠨ ᠪᠠᠯᠠ ᠣᠷᠤᠭᠤᠯᠤᠭᠰᠠᠨ ᠺᠤᠮᠫᠠᠨᠢ ᠶᠢᠨ ᠭᠢ᠃ ᠰᠤᠯᠠ ᠠᠵᠢᠯᠴᠢᠨ ᠡᠯᠰᠡᠨ᠎ᠡ᠃ ᠰᠡᠷ᠎ᠡ ᠶᠢᠨ ᠭᠤᠷᠪᠠᠨ ᠮᠢᠩᠭ᠋ᠠᠨ ᠳᠦᠭᠦᠷᠢᠭ᠌ ᠤᠨ ᠴᠠᠯᠢᠩ ᠥᠭ᠍ᠴᠤ᠂ ᠨᠡᠮᠡᠯᠳᠡ ᠱᠠᠩᠨᠠᠯ ᠲᠡᠶ ᠪᠠᠨ ᠳᠠᠪᠤᠨ ᠮᠢᠩᠭ᠋᠎ᠠ ᠳᠠᠪᠠᠨ᠎ᠠ᠃ ᠣᠯᠳᠠᠰᠢ ᠦᠭᠡᠶ ᠵᠤᠯ ᠵᠠᠪᠰᠢᠶᠠᠨ︕ ᠭᠢᠪᠠᠯ ᠳᠦᠷᠭᠡᠨ ᠳᠡᠷᠭᠡᠨ ᠳᠡᠭᠡᠷ᠎ᠡ ᠭᠠᠷᠴᠤ ᠰᠡᠭᠤ》 ᠭᠡᠪᠡ᠃ 《ᠡᠨᠡ ᠴᠤ ᠣᠯᠳᠠᠰᠢ ᠦᠭᠡᠶ ᠰᠠᠢ᠌ᠨ ᠵᠠᠪᠰᠢᠶᠠᠨ ᠪᠠᠢ᠌ᠨ᠎ᠡ》 ᠭᠡᠵᠤ ᠪᠣᠳᠤᠭᠰᠠᠨ ᠯᠢᠤ ᠭᠠᠩ ᠥᠴᠦᠭᠡᠨ ᠴᠤ ᠳᠦᠳᠡᠭᠡᠯᠵᠡᠯ ᠦᠭᠡᠶ ᠳᠡᠷᠭᠡᠨ ᠳᠡᠭᠡᠷ᠎ᠡ ᠨᠢ ᠭᠠᠷᠴᠤ ᠰᠡᠭᠤᠵᠡᠢ᠃ ᠲ᠋ᠡᠷᠭᠡᠨ ᠳᠤᠳᠤᠷ᠎ᠠ ᠯᠢᠤ ᠭᠠᠩ ᠲᠡᠶ ᠨᠠᠰᠤ ᠬᠤᠷᠠᠭ ᠤᠨ ᠠᠷᠪᠠᠨ ᠭᠡᠳᠤᠨ ᠭᠦᠮᠤᠨ ᠰᠠᠭᠤᠵᠤ ᠪᠠᠢ᠌ᠨ᠎ᠡ᠃ ᠡᠨᠡ ᠳᠡᠷᠭᠡ ᠳᠤᠤᠷ᠎ᠠ ᠪᠠᠨ ᠭᠦᠳᠡᠯᠵᠤ ᠭᠠᠷᠤᠭᠠᠤᠨ ᠥᠭᠡᠷ᠎ᠡ ᠭᠠᠵᠠᠷ ᠡᠴᠡ ᠪᠠᠰᠠ ᠬᠤᠶᠠᠷ ᠭᠦᠮᠤᠨ ᠣᠯᠵᠤ ᠴᠢᠭᠢᠭᠡᠤᠨ ᠬᠣᠢ᠌ᠰᠢ ᠬᠠᠠᠳᠤᠭᠰᠠᠨ ᠶᠡᠭᠡ ᠵᠠᠮ ᠢ ᠡᠯᠭᠦᠭᠡᠤᠨ ᠪᠦᠳᠤᠨ ᠨᠢᠭᠡ ᠰᠦᠨᠢ ᠳᠠᠪᠭᠢᠭᠤᠯᠤᠭᠠᠤᠨ ᠱᠠᠨ ᠰᠢ ᠮᠤᠵᠢ ᠶᠢ ᠭᠤᠯᠳᠤ ᠪᠠᠷ ᠳᠤᠭᠤᠯᠵᠤ᠂ ᠮᠠᠷᠭᠠᠰᠢ ᠥᠷᠯᠦᠭᠡ ᠨᠢ ᠣᠯᠠᠨ ᠠᠷᠪᠢᠨ ᠠᠭᠤᠯᠠ ᠬᠠᠢ᠌ᠷᠬᠠᠤᠨ ᠤᠨ ᠵᠠᠪᠰᠠᠷ ᠳ᠋ᠠᠭᠢ ᠣᠭᠠᠯᠵᠠᠯᠠᠭᠰᠠᠨ ᠡᠩᠭᠦᠯ ᠳᠤᠩᠬᠤᠯ ᠵᠠᠮ ᠶᠢᠡᠷ ᠬᠠᠭᠠᠰ ᠡᠳᠦᠷ ᠨᠥᠳᠦᠭᠦᠯᠵᠤ ᠪᠠᠢ᠌ᠭᠠᠤᠨ ᠭᠡᠳᠤᠨ ᠦᠨᠳᠦᠷ ᠬᠤᠯᠠᠩ ᠲᠡᠶ ᠳᠤᠮᠤ ᠭᠦᠷᠢᠶᠡᠨ ᠳᠤ ᠳᠡᠭᠡᠭᠡᠵᠤ ᠠᠪᠴᠢᠷᠡᠵᠡᠢ᠃ ᠡᠨᠡ ᠦᠶ᠎ᠡ ᠳᠤ ᠨᠢᠭᠡ ᠪᠦᠯᠦᠭ᠌ ᠭᠦᠮᠤᠨ ᠮᠡᠭᠡᠯᠡᠭ᠍ᠳᠡᠭ᠍ᠰᠡᠨ ᠶᠢᠡᠨ ᠮᠡᠳᠡᠭᠡᠤᠨ ᠳᠤᠭᠤᠰᠬᠠᠨ ᠣᠢ᠌ᠯᠠᠤᠠᠪᠣᠷᠢ ᠳᠤ ᠠᠵᠢᠯᠯᠠᠬᠤ ᠦᠭᠡᠶ ᠭᠡᠮᠡᠨ ᠡᠰᠡᠷᠭᠦᠴᠡᠯ ᠳᠠᠯᠪᠢᠭᠰᠠᠨ ᠳᠤ᠂ ᠲ᠋ᠡᠷᠭᠡᠨ ᠳᠡᠭᠡᠷ᠎ᠡ ᠶᠠᠪᠣᠭ᠎ᠠ ᠬᠤᠶᠠᠷ ᠪᠣᠵᠠᠭᠠᠢ ᠡᠷ᠎ᠡ ᠳᠠᠮᠤᠷ ᠰᠢᠳᠠᠮ ᠰᠢᠭᠦᠷᠤᠨ ᠠᠪᠣᠭᠠᠤᠨ :

《ᠳᠤᠭᠤᠢ ᠪᠠᠢ︕ ᠡᠨᠡ ᠭᠠᠵᠠᠷ ᠢᠷᠡᠭᠡᠤᠨ ᠪᠠᠰᠠ ᠨᠤᠮᠤᠬᠠᠨ ᠪᠠᠢ᠌ᠬᠤ ᠦᠭᠡᠶ ᠪᠣᠯ ᠴᠤᠭᠢᠵᠤ ᠠᠯᠠᠨ᠎ᠠ︕》 ᠭᠡᠵᠤ ᠵᠠᠩᠳᠤᠷᠠᠭᠰᠠᠨ ᠪᠠᠢ᠌ᠪᠠ᠃ ᠣᠳᠠᠯ ᠦᠭᠡᠶ ᠡᠳᠡᠨᠦᠰ ᠢ ᠳᠤᠭᠤᠰᠬᠠᠨ ᠣᠢ᠌ᠯᠠᠤᠠᠪᠣᠷᠢ ᠶᠢᠨ ᠭᠦᠷᠢᠶᠡᠨ ᠳᠤ ᠳᠡᠭᠡᠭᠡᠵᠤ ᠣᠷᠤᠭᠠᠤᠨ ᠭᠦᠮᠤᠨ ᠪᠦᠷᠢ ᠶᠢ ᠳᠠᠪᠤᠨ ᠵᠠᠭᠤᠨ ᠳᠦᠭᠦᠷᠢᠭ᠌ ᠶᠢᠡᠷ ᠬᠤᠳᠠᠯᠳᠤᠭᠰᠠᠨ ᠪᠠᠢ᠌ᠨ᠎ᠡ᠃ ᠡᠨᠡ ᠴᠠᠭ ᠡᠴᠡ ᠡᠭᠢᠯᠡᠭᠡᠤᠨ ᠯᠢᠤ ᠭᠠᠩ ᠨᠡᠷ ᠤᠨ ᠳᠠᠮᠤ ᠶᠢᠨ ᠠᠶᠠᠨ ᠡᠭᠢᠯᠡᠵᠤ᠂ ᠴᠡᠳᠦᠳᠡᠯ᠎ᠡ ᠪᠠᠨ ᠢᠳᠡᠭᠦᠯᠭᠦ ᠦᠭᠡᠶ ᠪᠠᠢ᠌ᠭᠠᠤᠨ ᠠᠷᠪᠠᠨ ᠭᠡᠳᠤᠨ ᠴᠠᠭ ᠤᠨ ᠭᠦᠡᠳᠤ ᠨᠦᠰᠠᠷ ᠭᠦᠳᠡᠯᠮᠦᠷᠢ ᠭᠢᠯᠭᠡᠵᠤ᠂ ᠪᠠᠭ᠎ᠠ ᠯᠠ ᠰᠠᠨᠠᠭᠠᠨ ᠳ᠋ᠤᠨᠢ ᠨᠡᠢ᠌ᠯᠭᠦ ᠦᠭᠡᠶ ᠪᠣᠯᠤᠭᠰᠠᠭᠠᠷ ᠳᠤᠭᠤᠰᠬ᠎ᠠ ᠰᠢᠭᠦᠷᠤᠨ ᠳᠤᠩᠭ᠋ᠤᠷᠠᠳᠠᠯ᠎ᠠ ᠴᠤᠭᠢᠵᠤ ᠬᠤᠷᠤᠭᠤ ᠭᠢᠷᠢ ᠪᠣᠯᠤᠳ ᠳᠡᠭᠡᠰᠤ ᠪᠠᠷ ᠨᠠᠪᠰᠢᠷᠠᠳᠠᠯ᠎ᠠ ᠭᠤᠶᠡᠳᠡᠨ᠎ᠡ᠃ ᠡᠨᠡ ᠳᠤᠭᠤᠰᠬᠠᠨ ᠣᠢ᠌ᠯᠠᠤᠠᠪᠣᠷᠢ ᠶᠢᠨ ᠣᠢ᠌ᠷ᠎ᠠ ᠬᠠᠪᠢ ᠳᠤ ᠭᠦᠮᠤᠨ ᠠᠮᠢᠳᠠᠨ ᠤ ᠪᠠᠷ᠎ᠠ ᠦᠭᠡᠶ ᠪᠦᠭᠡᠤᠨ᠂ ᠳᠦᠷᠪᠠᠨ ᠮᠸᠲ᠋ᠷ ᠦᠨᠳᠦᠷ ᠭᠡᠷᠡᠮ ᠤᠨ ᠣᠷᠤᠢ ᠪᠠᠷ ᠦᠨᠳᠦᠷ ᠭᠦᠴᠦᠳᠡᠯᠳᠤ ᠴᠠᠭᠢᠯᠭᠠᠨ ᠭᠦᠶ‍ᠦᠯᠭᠡᠵᠤ᠂ ᠳᠦᠷᠪᠠᠨ ᠥᠡᠴᠦᠭ᠌ ᠳᠤᠨᠢ ᠬᠠᠷᠠᠭᠤᠯ ᠤᠨ ᠭᠡᠷ ᠲᠡᠶ ᠪᠠᠢ᠌ᠵᠤ ᠡᠳᠦᠷ ᠰᠦᠨᠢ ᠦᠭᠡᠶ ᠭᠦᠮᠤᠨ ᠡᠭᠡᠯᠵᠢᠯᠡᠨ ᠬᠠᠷᠠᠵᠤ᠂ ᠬᠠᠷᠠᠳᠠᠵᠤ ᠡᠷᠡᠭᠦᠳᠡᠭᠦ ᠨᠢ ᠴᠠᠭᠠᠠᠳᠠᠨ ᠤ ᠭᠢᠠᠳᠠᠨ ᠡᠴᠡ ᠠᠪᠳᠠᠬᠤ ᠦᠭᠡᠶ ᠬᠠᠯᠠᠳᠠᠢ ᠪᠠᠢ᠌ᠯ᠎ᠠ᠃

ᠯᠢᠤ ᠭᠠᠩ ᠨᠡᠷ ᠢ ᠢᠷᠡᠭ᠍ᠰᠡᠨ ᠭᠤᠷᠪᠠᠳᠤᠭᠠᠷ ᠡᠳᠦᠷ ᠨᠢ ᠭᠠᠷᠴᠤ ᠳᠤᠳᠠᠭᠠᠬᠤ ᠪᠠᠷ ᠣᠷᠤᠯᠳᠤᠭᠰᠠᠨ ᠨᠢᠭᠡ ᠾᠸᠨᠠᠨ ᠵᠠᠯᠠᠭᠤ ᠶᠢ ᠭᠦᠯ ᠭᠠᠷ ᠢ ᠨᠢ ᠬᠤᠭᠤ ᠴᠤᠭᠢᠵᠤ᠂ ᠬᠠᠶᠠᠭᠳᠠᠮᠠᠯ ᠤᠨ ᠨᠥᠭᠡᠨ ᠳᠤ ᠠᠮᠢᠳᠤ ᠪᠠᠷ ᠪᠣᠯᠠᠭᠰᠠᠨ ᠪᠠᠢ᠌ᠨ᠎ᠠ᠃ ᠶᠠᠫᠣᠠᠴᠤᠳ ᠵᠡᠭᠦᠨ ᠬᠣᠢ᠌ᠳᠤ ᠣᠷᠤᠨ ᠢ ᠡᠵᠡᠯᠡᠭᠡᠤᠨ᠂ ᠲ᠋ᠦᠮᠳᠡᠳᠤ ᠣᠷᠤᠰ ᠤᠨ ᠭᠢᠯᠢ ᠳᠡᠭᠡᠷᠡᠭᠢ ᠪᠠᠷᠰ ᠤᠨ ᠳᠤᠯᠤᠭᠠᠢ᠌ᠳᠤ ᠪᠠᠭᠢᠯᠠᠯᠳᠠ ᠶᠢ ᠪᠠᠷᠢᠬᠤ ᠳᠠᠭᠠᠨ ᠭᠡᠳᠤᠨ ᠠᠷᠪᠠᠨ ᠲᠦᠮᠡᠨ ᠨᠤᠮᠤᠬᠠᠨ ᠠᠷᠠᠤᠨ ᠢ ᠪᠠᠷᠢᠪᠴᠢᠯᠠᠨ ᠠᠪᠠᠴᠢᠭᠠᠤᠨ ᠥᠭᠡᠷ ᠮᠠᠯ ᠠᠳᠠᠯᠢ ᠬᠠᠷ᠎ᠠ ᠠᠵᠢᠯ ᠭᠢᠯᠭᠡᠵᠤ᠂ ᠡᠡᠷᠪᠠᠨ ᠤ ᠨᠢ᠋ᠮᠠ ᠶ‍ᠢᠰᠤ ᠨᠢ ᠶᠠᠳᠠᠷᠠᠵᠤ ᠥᠭᠦᠭ᠍ᠰᠡᠨ ᠪᠣᠶᠤ ᠴᠤᠭᠢᠭᠳᠠᠵᠤ ᠠᠯᠠᠭᠳᠠᠭᠰᠠᠨ ᠪᠠᠢ᠌ᠪᠡ᠃ ᠭᠡᠳᠡᠯ᠎ᠡ ᠳᠠᠢ᠌ᠪᠣᠩ ᠨᠡᠢ᠌ᠭᠡᠮ ᠤᠨ ᠵᠢᠷᠭᠠᠯᠳᠤ ᠭᠦᠷᠤᠨ ᠳᠤ ᠡᠢ᠌ᠮᠤ ᠬᠠᠷᠠᠩᠭ᠋ᠤᠢ ᠳᠠᠮᠤ ᠶᠢᠨ ᠣᠷᠤᠨ ᠪᠠᠢ᠌ᠨ᠎ᠠ ᠭᠡᠵᠤ ᠭᠡᠨ ᠰᠡᠨᠡᠯ᠎ᠡ᠃ ᠡᠨᠡ ᠣᠢ᠌ᠯᠠᠤᠠᠪᠣᠷᠢ ᠳᠤ ᠣᠷᠢᠳᠠᠵᠤ ᠢᠷᠡᠭ᠍ᠰᠡᠨ ᠭᠦᠮᠤᠨ ᠨᠢ ᠪᠦᠭᠦᠯᠢ ᠳᠤᠯᠤᠭᠠᠨ ᠵᠢᠯ ᠪᠣᠯᠵᠤ ᠪᠣᠢ ᠪᠦᠭᠡᠤᠨ ᠦᠰᠦ ᠰᠠᠬᠠᠯ ᠨᠢ ᠣᠷᠳᠤ ᠣᠷᠭᠤᠭᠠᠤᠨ ᠮᠦᠷᠤ ᠶᠢ ᠨᠢ ᠳᠠᠪᠠᠵᠤ᠂ ᠨᠢᠳᠤ ᠨᠢ ᠭᠦᠯᠢᠷᠡᠨ ᠣᠢ᠌ᠯᠠ ᠭᠦᠳᠡᠯᠦᠯ ᠨᠢ ᠭᠦᠳᠡᠭᠢ ᠪᠢᠳᠠᠭᠤᠯᠢᠭ ᠪᠣᠯᠤᠭᠠᠤᠨ ᠡᠯᠳᠡᠨ ᠴᠤᠭᠢᠵᠤ ᠪᠠᠢ᠌ᠳᠠᠯ᠎ᠠ ᠮᠠᠳᠠᠷᠠᠯ ᠦᠭᠡᠶ ᠶᠤᠮᠰᠢᠭ ᠮᠤᠨᠤᠭ ᠪᠤᠯᠵᠠᠢ᠃ ᠡᠳᠡᠭᠡᠷ ᠭᠦᠮᠦᠰ ᠤᠨ ᠳᠤᠮᠳᠠ ᠬᠠᠮᠤᠭ ᠠᠬᠠᠮᠠᠤᠨ ᠨᠢ ᠳᠠᠪᠢ ᠭᠠᠷᠴᠤ᠂ ᠬᠠᠮᠤᠭ ᠪᠠᠭ᠎ᠠ ᠨᠢ ᠰᠠ‍‌ᠶᠢ ᠨᠢ᠋ᠮᠠᠬᠠᠨ ᠨᠠᠰᠤᠳᠠᠢ ᠠᠮᠠᠨ ᠰᠥ᠋ ᠨᠢ ᠠᠷᠢᠯᠤᠭᠠᠳᠤᠢ ᠨᠢᠯᠬ᠎ᠠ ᠪᠠᠢ᠌ᠭᠰᠠᠨ ᠪᠣᠯᠪᠠᠴᠤ ᠡᠳᠡᠭᠡᠷ ᠬᠠᠷ᠎ᠠ ᠰᠠᠤᠠᠭᠢᠯᠳᠠᠢ ᠣᠢ᠌ᠯᠠᠤᠠᠪᠣᠷᠢ ᠶᠢᠨ ᠡᠵᠡᠳ ᠠᠳᠠᠯᠢᠬᠠᠨ ᠬᠠᠢ᠌ᠷ᠎ᠠ ᠨᠠᠢ᠌ᠷ ᠦᠭᠡᠶ ᠡᠯᠳᠡᠨ ᠳᠠᠮᠤᠯᠠᠵᠤ᠂ ᠲ᠋ᠤᠯᠤᠭᠠᠢ ᠶᠢ ᠨᠢ ᠴᠢᠰᠤ ᠰᠠᠳᠠᠭᠠᠨᠠᠳᠠᠯ᠎ᠠ ᠴᠤᠭᠢᠭᠠᠤᠨ ᠡᠮᠨᠡᠨ ᠵᠠᠰᠠᠵᠤ ᠥᠭ᠍ᠳᠡᠭ᠌ ᠦᠭᠡᠶ ᠳᠤᠯᠠ ᠢᠳᠡᠭᠡ ᠰᠢᠭᠦᠰᠤ ᠭᠤᠭᠤᠵᠢᠭᠤᠯᠴᠢᠬᠠᠭᠰᠠᠨ ᠠᠷᠠᠢ᠌ᠬᠠᠨ ᠠᠮᠢ ᠲᠡᠶ ᠶᠠᠭᠤᠮᠠᠰ ᠯᠠ ᠭᠡᠯᠳᠦᠷᠢᠵᠤ ᠶᠡᠪᠦᠨ᠎ᠡ᠃ ᠡ᠊ᠨᠳᠡ ᠢᠷᠡᠭ᠍ᠰᠡᠳ ᠵᠤᠭᠤᠰ ᠣᠯᠬᠤ ᠶᠢ ᠭᠡᠯᠡᠭᠦ ᠦᠭᠡᠶ᠂ ᠠᠮᠢ ᠲᠡᠶ ᠮᠤᠯᠳᠠᠷᠠᠬᠤ ᠨᠢ ᠮᠦᠨᠴᠤ ᠳᠡᠭ᠍ᠷᠢ ᠳᠤ ᠭᠠᠷᠬᠤ ᠡᠴᠡ ᠪᠠᠷᠭᠡᠳᠡᠢ ᠶᠠᠪᠣᠳᠠᠯ ᠪᠣᠯᠤᠭᠰᠠᠨ ᠪᠢᠯᠠ᠃

ᠯᠢᠤ ᠭᠠᠩ ᠢ ᠢᠷᠡᠭ᠍ᠰᠡᠨ ᠤ ᠳᠤᠯᠤᠭᠠᠳᠠᠭᠢ ᠡᠳᠦᠷ᠂ ᠡᠡᠵᠢᠯ ᠳᠠᠭᠠᠨ ᠬᠣᠢ᠌ᠷᠭᠤᠰᠢᠯ᠎ᠠ ᠭᠡᠤᠨ ᠳᠤᠯᠤᠭᠠᠢ ᠣᠷᠤᠭᠤ ᠨᠢ ᠴᠢᠯᠠᠭᠤ ᠪᠠᠷ ᠴᠤᠭᠢᠭᠰᠠᠨ ᠳᠤ ᠮᠠᠨᠠᠷᠠᠵᠤ ᠣᠨᠠᠭᠠᠤᠨ ᠭᠤᠷᠪᠠᠨ ᠴᠠᠭ ᠰᠡᠷᠭᠦᠭ᠍ᠰᠡᠨ ᠦᠭᠡᠶ ᠪᠣᠯᠬᠤᠷ ᠳᠡᠭᠦᠨ ᠢ ᠥᠭᠦᠴᠢᠯ᠎ᠡ ᠭᠡᠵᠤ ᠭᠡᠮᠭᠡᠳᠡᠭ᠌ ᠳᠤᠭᠤᠰᠬ᠎ᠠ ᠭᠢᠳᠡᠭ᠌ ᠨᠥᠭᠡᠨ ᠳᠤ ᠠᠪᠠᠴᠢᠵᠤ ᠬᠠᠶᠠᠵᠠᠢ᠃ ᠵᠤᠯ ᠶᠢᠡᠷ ᠳᠠᠷᠠ ᠣᠷᠤᠢ ᠨᠢ ᠭᠡᠮᠭᠡᠳᠡᠭ᠌ ᠳᠤᠭᠤᠰᠬ᠎ᠠ ᠲᠦᠯᠬᠢᠵᠤ ᠣᠷᠤᠭᠤᠯᠤᠭᠰᠠᠨ ᠦᠭᠡᠶ ᠡᠴᠡ ᠪᠣᠯᠵᠤ ᠯᠢᠤ ᠭᠠᠩ ᠪᠣᠯᠠᠭᠳᠠᠭᠰᠠᠨ ᠦᠭᠡᠶ᠂ ᠲ᠋ᠤᠰ ᠰᠦᠨᠢ ᠨᠢ ᠮᠡᠳᠡᠭᠡ ᠣᠷᠤᠵᠤ ᠳᠤᠮᠤ ᠨᠥᠭᠡᠨ ᠡᠴᠡ ᠮᠥᠯᠭᠦᠵᠤ ᠭᠠᠷᠤᠭᠠᠤᠨ ᠳᠤᠳᠠᠭᠠᠭᠰᠠᠨ ᠶᠢᠡᠷ ᠠᠮᠢ ᠮᠤᠯᠳᠠᠷᠠᠭᠰᠠᠨ ᠪᠠᠢ᠌ᠯ᠎ᠡ᠃ ᠢᠩᠭᠢᠭᠡᠤᠨ ᠱᠠᠨ ᠰᠢ ᠶᠢᠨ ᠬᠠᠷ᠎ᠠ ᠳᠤᠭᠤᠰᠬᠠᠨ ᠤ ᠣᠢ᠌ᠯᠠᠤᠠᠪᠣᠷᠢ ᠶᠢᠨ ᠮᠦᠨ ᠳᠦᠷᠢ ᠢᠯᠡᠴᠢᠯᠡᠭ᠍ᠳᠡᠵᠤ᠂ ᠭᠡᠦᠭᠡᠤᠨ ᠶᠢᠡᠨ ᠠᠯᠳᠠᠭᠰᠠᠨ ᠭᠡᠷ ᠤᠨ ᠠᠬᠠᠮᠠᠤᠨ ᠨᠡᠷ ᠬᠤᠯᠪᠣᠭᠠᠯᠠᠵᠠᠭᠠᠨ ᠳᠤᠭᠤᠰᠬᠠᠨ ᠣᠢ᠌ᠯᠠᠤᠠᠪᠣᠷᠢ ᠪᠠᠷ ᠶᠠᠪᠣᠵᠤ ᠳᠦᠴᠢᠨ ᠭᠡᠳᠤᠨ ᠭᠦᠮᠤᠨ ᠢ ᠠᠪᠣᠷᠠᠨ ᠭᠠᠷᠭᠠᠵᠠᠢ᠃ ᠲ᠋ᠡᠭᠡᠪᠠᠴᠤ ᠣᠯᠠᠩᠭᠢ ᠣᠢ᠌ᠯᠠᠤᠠᠪᠣᠷᠢ ᠬᠠᠭᠠᠯᠭ᠎ᠠ ᠪᠠᠨ ᠳᠠᠷᠤᠵᠤ ᠭᠦᠮᠤᠨ ᠢ ᠣᠢ᠌ᠷᠠᠳᠤᠭᠤᠯᠬᠤ ᠦᠭᠡᠶ ᠪᠦᠭᠡᠤᠨ᠂ ᠤᠷᠤᠨ ᠨᠤᠳᠤᠭ ᠤᠨ ᠵᠠᠰᠠᠭ ᠤᠨ ᠣᠷᠳᠤᠨ ᠴᠤ ᠬᠠᠮᠠᠭᠠᠯᠠᠬᠤ ᠲᠦᠷᠦ ᠶᠢᠨ ᠪᠣᠳᠤᠯᠭ᠎ᠠ ᠠᠪᠣᠭᠰᠠᠨ ᠶᠢᠡᠷ᠂ ᠣᠯᠠᠩᠭᠢ ᠭᠡᠷ ᠤᠨ ᠠᠬᠠᠮᠠᠤᠨ ᠬᠠᠳᠠ ᠮᠥᠷᠭᠦᠭᠡᠤᠨ ᠬᠤᠭᠤᠰᠤᠨ ᠪᠣᠴᠠᠬᠤ ᠯᠠ ᠭᠡᠷᠡᠭ᠌᠃ ᠠᠪᠤᠷᠠᠭᠳᠠᠭᠰᠠᠨ ᠭᠡᠦᠭᠡᠤᠨ ᠤᠨ ᠡᠷᠭᠢᠴᠡᠭᠦᠯᠭᠦ ᠪᠠᠷ᠂ ᠲ᠋ᠠᠳᠠᠨ ᠢ ᠵᠸᠩᠵᠸᠤ ᠶᠢᠨ ᠣᠭᠳᠤᠯᠤᠯ ᠤᠨ ᠭᠦᠭᠡᠷᠭᠡᠨ ᠤ ᠳᠤᠤᠭᠤᠷ ᠵᠤᠭᠠᠴᠠᠬᠤ ᠪᠣᠶᠤ ᠳᠡᠷᠭᠡᠨ ᠥᠷᠳᠡᠭᠡᠨ ᠬᠠᠪᠢ ᠪᠠᠷ ᠡᠷᠭᠢᠴᠡᠵᠤ ᠪᠠᠢ᠌ᠬᠤ ᠳᠤ᠂ ᠭᠦᠮᠤᠨ ᠤ ᠫᠠᠠᠽᠠᠴᠢᠨ ᠦᠨᠳᠦᠷ ᠴᠠᠯᠢᠩ ᠶᠢᠡᠷ ᠥᠭ᠍ᠶ‍ᠦᠭᠡᠳᠦᠭᠦ ᠪᠣᠶᠤ ᠪᠣᠰᠤᠳ ᠰᠢᠯᠳᠠᠭ ᠶᠢᠡᠷ ᠬᠠᠭᠤᠷᠴᠤ ᠳᠡᠷᠭᠡᠨ ᠳᠡᠭᠡᠷ᠎ᠡ ᠪᠠᠨ ᠭᠠᠷᠭᠠᠭᠰᠠᠨ ᠪᠦᠭᠡᠤᠨ᠂ ᠪᠠᠰᠡ ᠵᠠᠷᠢᠮ ᠢ ᠨᠢ ᠰᠡᠯᠡᠭᠦᠤ ᠭᠠᠵᠠᠷ ᠰᠢᠭᠤᠳ ᠳᠡᠷᠭᠡᠨ ᠳᠤᠳᠤᠷ᠎ᠠ ᠪᠠᠨ ᠴᠢᠷᠴᠤ ᠣᠷᠤᠭᠤᠯᠤᠭᠠᠤᠨ ᠭᠦᠯᠢᠵᠤ ᠠᠪᠴᠢᠷᠠᠭᠠᠤᠨ ᠬᠤᠳᠠᠯᠳᠤᠭᠰᠠᠨ ᠪᠠᠢ᠌ᠨ᠎ᠠ᠃ ᠲ᠋ᠤᠭᠤᠰᠬᠠᠨ ᠣᠢ᠌ᠯᠠᠤᠠᠪᠣᠷᠢ ᠶᠢᠨ ᠡᠵᠡᠳ ᠬᠠᠤᠯᠢ ᠴᠠᠭᠠᠵᠠ ᠶᠢ ᠬᠠᠮᠢᠶᠠᠷᠬᠤ ᠦᠭᠡᠶ ᠭᠠᠯᠵᠠᠭᠤᠷᠠᠬᠤ ᠳᠤ᠂ ᠭᠦᠮᠤᠨ ᠤ ᠫᠠᠠᠽᠠᠴᠢᠨ ᠴᠤ ᠠᠮᠠᠭᠠᠢ ᠵᠢᠯᠤᠭᠤ ᠦᠭᠡᠶ ᠳᠤᠭᠰᠢᠷᠠᠭᠠᠤᠨ ᠵᠡᠭᠡᠯᠢ ᠪᠠᠷ ᠭᠦᠮᠤᠨ ᠪᠠᠷᠢᠬᠤ ᠭᠡᠮᠵᠢᠶᠡᠨ ᠳᠤ ᠭᠦᠷᠦᠭ᠍ᠰᠡᠨ ᠡᠡᠵᠢ᠃ ᠢᠩᠭᠢᠭᠡᠤᠨ ᠵᠸᠩᠵᠸᠤ ᠬᠤᠳᠠ ᠶᠢᠨ ᠳᠦᠷᠪᠡᠨ ᠵᠠᠭᠤᠨ ᠭᠡᠷ ᠤᠨ ᠠᠬᠠᠮᠠᠤᠨ ᠨᠠᠷ᠎ᠠ ᠬᠤᠯᠪᠣᠭᠠᠯᠠᠨ ᠳᠡᠭᠡᠭ᠍ᠰᠢ ᠡᠷᠭᠦᠳᠡᠯ ᠭᠠᠷᠭᠠᠵᠤ᠂ ᠬᠠᠷᠭᠢᠰ ᠭᠡᠷᠴᠡᠭᠡᠢ ᠳᠤᠭᠤᠰᠬᠠᠨ ᠣᠢ᠌ᠯᠠᠤᠠᠪᠣᠷᠢ ᠶᠢᠨ ᠡᠵᠡᠳ ᠢ ᠰᠢᠦᠡᠭᠡᠵᠤ ᠦᠷ᠎ᠡ ᠭᠡᠦᠭᠡᠤᠨ ᠢ ᠨᠢ ᠭᠡᠷ ᠳᠤᠨᠢ ᠪᠣᠴᠠᠭᠠᠯᠭᠠᠬᠤ ᠶᠢ ᠱᠠᠭᠠᠷᠳᠠᠭᠰᠠᠨ ᠪᠠᠢ᠌ᠨ᠎ᠠ᠃ ᠲᠦᠷᠦ ᠶᠢᠨ ᠶᠠᠪᠣᠳᠠᠯ ᠤᠨ ᠬᠤᠷᠢᠶᠠᠨ ᠤ ᠶᠡᠷᠦᠩᠭᠡᠢ ᠰᠠᠢ᠌ᠳ ᠸᠧᠨ ᠵᠢᠶᠠ ᠪᠣᠤ ᠳᠤᠰ ᠮᠡᠳᠡᠭᠦᠯᠦᠯᠳᠡ ᠳᠤ ᠴᠤᠬᠤᠯᠪᠣᠷᠢ ᠪᠢᠴᠢᠵᠤ᠂ ᠶᠠᠷᠭᠠᠴᠢᠳ ᠢ ᠴᠢᠩᠭ᠋᠎ᠠ ᠰᠢᠦᠡᠭᠡᠭᠦ ᠰᠢ᠌ᠤᠠᠪᠣᠷᠢ ᠭᠠᠷᠭᠠᠭᠰᠠᠨ ᠪᠠᠢ᠌ᠨ᠎ᠠ᠃

ᠵᠠᠯᠠᠭᠤᠴᠤᠳ ᠳᠠᠨᠠᠷ ᠮᠠᠳᠠᠵᠤ ᠠᠪ᠂ ᠣᠳᠤ ᠴᠠᠭ ᠨᠢ ᠲᠦᠷᠦ ᠰᠠᠢ᠌ᠬᠠᠨ ᠪᠦᠭᠡᠤᠨ ᠲᠦᠷᠦ ᠶᠢᠨ ᠪᠣᠳᠤᠯᠭ᠎ᠠ ᠰᠤᠳᠤ ᠮᠡᠷᠭᠡᠨ ᠪᠠᠢ᠌ᠬᠤ ᠨᠢ ᠴᠤ ᠮᠠᠷᠭᠤᠰᠢ ᠦᠭᠡᠶ ᠪᠣᠳᠠᠳᠤ ᠭᠡᠷᠡᠭ᠌᠃ ᠲ᠋ᠡᠭᠡᠪᠠᠴᠤ 《ᠪᠤᠷᠬᠠᠨ ᠲᠡᠶ ᠭᠠᠵᠠᠷ ᠪᠣᠭ ᠤᠯᠡᠨ》 ᠭᠡᠭ᠍ᠴᠢ ᠪᠠᠷ᠂ ᠲᠦᠷᠦ ᠶᠢ ᠰᠠᠮᠠᠭᠤᠷᠠᠭᠤᠯᠤᠨ ᠲᠦᠮᠡᠨ ᠢ ᠬᠤᠤᠷᠯᠠᠳᠠᠭ 《ᠮᠠᠩᠭ᠋ᠤᠰ ᠤᠨ ᠲᠦᠷᠦᠯᠳᠠᠨ》᠊ᠤ ᠦᠨᠳᠦᠰᠦ ᠨᠢ ᠭᠡᠵᠢᠶᠡᠳᠡ ᠳᠠᠰᠤᠷᠠᠬᠤ ᠦᠭᠡᠶ᠂ ᠵᠠᠪᠰᠢᠶᠠᠨ ᠥᠵᠡᠭ᠍ᠰᠡᠭᠡᠷ ᠯᠠ ᠥᠡᠳᠡᠯᠵᠡᠭᠡᠤᠨ ᠪᠠᠢ᠌ᠳᠠᠭ ᠢ ᠣᠯᠵᠤ ᠬᠠᠷᠠᠬᠤ ᠭᠡᠷᠡᠭ᠍ᠳᠡᠢ᠃ ᠲ᠋ᠡᠭᠢᠪᠠᠯ ᠰᠠᠢ᠌ᠨ ᠮᠠᠭᠤ ᠭᠦᠮᠤᠨ ᠤ ᠢᠯᠭᠠᠭ᠎ᠠ ᠶᠢ ᠨᠢᠭᠤᠷ ᠤᠨ ᠥᠩᠭᠡ ᠪᠠᠷ ᠨᠢ ᠳᠠᠨᠢᠬᠤ ᠶᠢᠨ ᠠᠷᠭ᠎ᠠ ᠦᠭᠡᠶ ᠳᠤᠯᠠ᠂ ᠠᠰᠢᠭ ᠣᠯᠵᠠ ᠶᠢᠨ ᠴᠢᠮᠡᠭᠡ ᠰᠤᠨᠤᠰᠤᠭᠰᠠᠭᠠᠷ ᠯᠠ ᠪᠣᠤ ᠣᠷᠤᠭᠰᠢ ᠵᠢᠦᠡᠭᠦᠯᠡᠭᠡᠤᠨ ᠪᠠᠢ᠂ 《ᠮᠠᠩᠭ᠋ᠤᠰ》᠊ᠤᠨ ᠰᠢᠳᠡᠭ᠍ᠰᠡᠨ ᠥᠭ᠍ᠶ‍ᠦᠭᠡ ᠮᠦᠨ ᠡᠰᠡᠭᠦ ᠶᠢ ᠳᠠᠨᠢᠵᠤ ᠠᠪᠬᠤ ᠯᠠ ᠳᠡᠷᠢᠭᠦᠨ ᠴᠢᠬᠤᠯᠠ ᠶᠠᠪᠣᠳᠠᠯ ᠪᠣᠯᠬᠤ ᠳᠤᠯᠠ ᠪᠢᠳᠠ ᠪᠦᠭᠦᠨ ᠤ ᠭᠢᠷᠠᠬᠠᠢ ᠬᠠᠷᠠᠴᠠ ᠰᠤᠷᠭᠤᠭ ᠰᠠᠷᠠᠮᠵᠢ ᠳᠤ ᠳᠦᠰᠢᠭᠯᠡᠨ᠎ᠡ ᠰᠢᠤ᠃

ᠵᠤᠬᠢᠶᠠᠭᠴᠢ᠄ ᠨᠣ᠋·ᠪᠠᠭᠠᠳᠤᠷ
ᠳᠠᠷᠤᠮ᠄ 5893
ᠴᠠᠭ᠄ 2009 ᠤᠨ ᠤ 04 ᠰᠠᠷ᠎ᠠ ᠶᠢᠨ 29

ᠡᠮᠦᠨᠡᠬᠢ   ᠳᠠᠷᠠᠭᠠᠬᠢ

ᠰᠢᠭᠦᠮᠵᠢ ᠪᠢᠴᠢᠬᠦ
ᠨᠡᠪᠲᠡᠷᠡᠨ ᠤᠷᠤᠭᠠᠷᠠᠢ᠃
ᠨᠡᠪᠲᠡᠷᠡᠨ ᠤᠷᠤᠪᠠᠯ ᠰᠠᠶ‍ᠢ ᠰᠢᠭᠦᠮᠵᠢ ᠪᠢᠴᠢᠵᠦ ᠳᠡᠢ᠌ᠯᠦᠨ᠎ᠡ᠃