ᠳ·ᠬᠦᠬᠡᠮᠦ᠋ᠷᠡᠨ ᠄ 《ᠭᠡᠷᠢᠶᠡᠰ》
ᠨᠢᠭᠡ

ᠨᠢᠭᠡ

᠊᠊᠊᠊᠊᠊᠊᠊᠊᠊᠊᠊᠊᠊᠊ ᠣᠳᠤᠳᠠᠢ ᠳᠡᠩᠭᠡᠷᠢ ᠣᠷᠴᠢᠵᠤ ᠪᠦᠯᠦᠭᠡ᠂ ᠣᠯᠠᠨ ᠣᠯᠤᠰ ᠪᠣᠯᠬ᠎ᠠ ᠪᠦᠯᠦᠭᠡ᠂ ᠣᠷᠤᠨ ᠳᠤᠷ ᠶᠢᠡᠨ ᠦᠯᠦ ᠣᠷᠤᠨ ᠣᠯᠠᠵᠠᠯᠠᠯᠳᠤᠨ ᠪᠦᠯᠦᠭᠡ᠃ ᠭᠦᠷᠦᠰᠳᠡᠢ ᠡᠳᠦᠭᠡᠨ ᠭᠦᠷᠪᠠᠵᠤ ᠪᠦᠯᠦᠭᠡ᠂ ᠭᠦᠷ ᠣᠯᠤᠰ ᠪᠣᠯᠬ᠎ᠠ ᠪᠦᠯᠦᠭᠡ᠂ ᠭᠦᠡᠵᠢᠯᠡᠨ ᠳᠡᠭᠡᠨ ᠦᠯᠦ ᠭᠡᠪᠳᠡᠨ ᠭᠦᠷᠦᠯᠡᠯᠳᠤᠨ ᠪᠦᠯᠦᠭᠡ᠃ ᠳᠠᠢ᠌ᠮᠤ ᠴᠠᠭ ᠲᠤᠷ᠂ ᠭᠦᠰᠡᠵᠤ ᠡᠰᠡ ᠶᠠᠪᠣᠪᠠ ᠊ᠶ᠎ᠠ᠂ ᠭᠦᠷᠦᠯᠴᠡᠭᠦᠢ ᠳᠤᠷ ᠪᠣᠯᠪᠠ ᠊ᠶ᠎ᠠ᠃ ᠪᠣᠷᠤᠭᠤᠳᠴᠤ ᠡᠰᠡ ᠶᠠᠪᠣᠪᠠ ᠊ᠶ᠎ᠠ᠂ ᠪᠣᠯᠬᠠᠯᠳᠤᠬᠤᠢ ᠳᠤᠷ ᠪᠣᠯᠪᠠ ᠊ᠶ᠎ᠠ᠃ ᠠᠮᠠᠷᠠᠵᠤ ᠡᠰᠡ ᠶᠠᠪᠣᠪᠠ ᠊ᠶ᠎ᠠ᠂ ᠠᠯᠠᠯᠳᠤᠬᠤᠢ ᠳᠤᠷ ᠪᠣᠯᠪᠠ ᠊ᠶ᠎ᠠ᠃

《ᠮᠤᠩᠭ᠋ᠤᠯ ᠤᠨ ᠨᠢᠭᠤᠴᠠ ᠳᠤᠪᠴᠢᠶᠠᠨ》 ᠡᠴᠡ


ᠣᠷᠤᠢ ᠶᠢᠨ ᠨᠠᠷᠠ ᠣᠨᠠᠬᠤ ᠦᠶ᠎ᠡ ᠪᠠᠷ ᠰᠠᠮᠫᠢᠯ ᠨᠤᠶᠠᠨ ᠤ ᠪᠢᠴᠢᠭᠡᠴᠢ ᠫᠣᠩᠰᠤᠭ ᠣᠷᠳᠤᠨ ᠳᠤ ᠣᠷᠤᠵᠤ ᠭᠡᠳᠤᠨ ᠰᠠᠷ᠎ᠠ ᠤᠨ ᠡᠮᠦᠨ᠎ᠡ ᠪᠣᠳᠤᠵᠤ ᠳᠤᠭᠳᠠᠭᠰᠠᠨ 《ᠳᠢᠶᠠᠭᠤᠤ ᠶᠢᠨ ᠳᠡᠭᠡᠷᠡᠮ》 ᠢ ᠣᠰᠠᠳᠬᠠᠬᠤ ᠮᠡᠷᠭᠡᠨ ᠪᠣᠳᠤᠯᠭ᠎ᠠ ᠶᠢᠡᠨ ᠳᠡᠪᠰᠢᠭᠦᠯᠤᠨ ᠶᠠᠷᠢᠯᠴᠠᠪᠠ᠃ ᠰᠠᠮᠫᠢᠯ ᠨᠤᠶᠠᠨ ᠫᠣᠩᠰᠤᠭ ᠡᠴᠡ᠄

᠊᠊᠊᠊᠊᠊᠊᠊᠊᠊᠊᠊᠊᠊᠊ ᠢᠨ᠂ ᠮᠢᠨᠤ ᠮᠡᠷᠭᠡᠨ ᠪᠢᠴᠢᠭᠡᠴᠢ ᠶᠠᠮᠠᠷ ᠰᠠᠢ᠌ᠨ ᠠᠷᠭ᠎ᠠ ᠪᠣᠳᠤᠵᠤ ᠣᠯᠪᠠ︖

᠊᠊᠊᠊᠊᠊᠊᠊᠊᠊᠊᠊᠊᠊᠊ ᠦᠴᠦᠭᠡᠨ ᠪᠢᠴᠢᠭᠡᠴᠢ ᠪᠢ᠂ ᠡᠳᠦᠭᠡ᠂ ᠰᠠᠷ᠎ᠠ ᠶᠢᠨ ᠡᠮᠦᠨ᠎ᠡ ᠡᠴᠡ ᠣᠯᠠᠨ ᠮᠠᠯᠴᠢᠳ ᠪᠠ ᠳᠠᠷᠢᠶᠠᠴᠢᠳ ᠤᠨ ᠳᠤᠮᠳᠠ ᠭᠦᠡᠵᠡᠭᠡᠢ᠌ᠷᠡᠨ᠂ ᠰᠡᠳᠭᠢᠯ ᠶᠢᠡᠨ ᠰᠤᠯᠢᠯᠴᠠᠨ᠂ ᠡᠷᠭᠢᠮ ᠨᠤᠶᠠᠨ ᠤ ᠠᠭᠤᠤ ᠪᠣᠳᠤᠯᠭ᠎ᠠ ᠶᠢ ᠰᠤᠷᠳᠠᠯᠴᠢᠯᠠᠨ ᠶᠠᠷᠢᠯᠴᠠᠭᠰᠠᠭᠠᠷ ᠪᠦᠭᠦᠳᠡ ᠣᠯᠠᠨ ᠤ ᠰᠡᠳᠭᠢᠯ ᠨᠢᠭᠡᠳᠴᠦ ᠨᠢᠳᠤᠷᠭ᠎ᠠ ᠵᠠᠩᠭᠢᠳᠤᠨ᠂ ᠬᠠᠮᠳᠤ ᠶᠢᠨ ᠳᠠᠢ᠌ᠰᠤᠨ ᠪᠣᠯᠤᠭᠰᠠᠨ 《ᠲ᠋ᠢᠶᠠᠭᠤᠤ ᠶᠢᠨ ᠳᠡᠭᠡᠷᠡᠮ》 ᠢ ᠣᠰᠠᠳᠬᠠᠬᠤ ᠠᠷᠭ᠎ᠠ ᠶᠢ ᠨᠢᠭᠡᠨᠲᠡ ᠢᠯᠡᠷᠭᠡᠢ ᠪᠣᠯᠭᠠᠪᠠ᠃ ᠳᠡᠢ᠌ᠡᠭᠦ ᠳᠠᠪᠤᠨ ᠡᠳᠦᠷ ᠤᠨ ᠠᠷᠤ ᠳ᠋ᠠᠭᠢ ᠮᠠᠨ ᠤ ᠨᠤᠳᠤᠭ ᠤᠨ 《ᠭᠡᠭᠡᠨ ᠣᠪᠣᠭᠠᠨ》 ᠤ ᠳᠠᠢ᠌ᠯᠠᠯᠭ᠎ᠠ ᠭᠢᠭᠦ ᠡᠳᠦᠷ ᠳᠦᠭ᠌ ᠲᠦᠮᠡᠨ ᠬᠠᠮᠳᠤᠪᠠᠷ ᠴᠤᠭᠯᠠᠷᠠᠨ ᠨᠤᠶᠠᠨ ᠳᠠᠨ ᠤ ᠵᠠᠷᠯᠢᠭ ᠵᠢᠭᠠᠪᠣᠷᠢ ᠶᠢ ᠭᠦᠯᠢᠶᠡᠨ ᠰᠤᠨᠤᠰᠬᠤ ᠪᠠᠷ ᠢᠷᠡᠭ᠍ᠰᠡᠨ ᠦᠶ᠎ᠡ ᠳᠤ ᠡᠨᠡ ᠭᠡᠳᠤᠨ ᠵᠤᠷᠪᠣᠰ ᠵᠣᠢ᠌ᠯ ᠢ ᠶᠠᠷᠢᠪᠠᠯ ᠪᠦᠭᠦᠳᠡᠭᠡᠷ ᠶᠢᠡᠨ ᠯᠠᠪ ᠭᠦᠷᠢᠶᠡᠯᠡᠨ ᠳᠠᠭᠤᠳᠠᠵᠤ ᠡᠨᠡᠭᠦ ᠣᠰᠠᠳᠬᠠᠬᠤ ᠭᠦᠳᠡᠯᠭᠡᠭᠡᠨ ᠭᠠᠠᠵᠤᠭ᠎ᠠ ᠳᠦᠭᠦᠷᠡᠩ ᠪᠣᠯᠬᠤ ᠨᠢ ᠯᠠᠪᠳᠠᠢ ᠭᠡᠵᠤ ᠡᠪᠦᠷ ᠡᠴᠡ ᠪᠠᠨ ᠨᠢᠭᠡ ᠡᠪᠭᠡᠮᠡᠯ 《ᠲ᠋ᠡᠶᠠᠭᠤᠤ ᠶᠢᠨ ᠳᠡᠭᠡᠷᠡᠮ》 ᠢ ᠣᠰᠠᠳᠬᠠᠬᠤ ᠪᠣᠳᠤᠯᠭ᠎ᠠ ᠭᠡᠵᠤ ᠭᠠᠷᠭᠠᠨ ᠰᠠᠮᠫᠢᠯ ᠨᠤᠶᠠᠨ ᠳᠤ ᠪᠠᠷᠢᠪᠠ᠃

ᠡᠳᠡᠨᠡᠷ ᠤᠨ ᠶᠠᠷᠢᠯᠴᠠᠭ᠎ᠠ ᠯᠠᠪ ᠰᠢᠳᠠᠭᠠᠭᠰᠠᠨ ᠤ ᠰᠡᠭᠦᠯᠡᠷ ᠳᠠᠭᠤᠰᠴᠤ ᠫᠣᠩᠰᠤᠭ ᠳᠠᠭᠢᠯᠭ᠎ᠠ ᠶᠢᠨ ᠣᠴᠢᠷ ᠢ ᠪᠡᠯᠡᠳᠭᠡᠭᠦ ᠳᠤᠬᠠᠢ ᠭᠠᠷᠴᠤ ᠶᠠᠪᠣᠪᠠ᠃ ᠰᠠᠮᠫᠢᠯ ᠨᠤᠶᠠᠨ ᠴᠤ ᠣᠷᠳᠤᠨ ᠳᠠᠭᠠᠨ ᠪᠠᠶ᠎ᠠ ᠠᠮᠠᠷᠠᠵᠤ ᠨᠣᠢ᠌ᠷᠰᠤᠪᠠ᠃

ᠣᠳᠤᠨ ᠮᠠᠴᠢᠳ ᠣᠷᠴᠢᠵᠤ᠂ ᠦᠷᠤᠨ᠎ᠠ ᠳᠠᠰᠢᠭᠰᠠᠨ ᠨᠠᠷᠠᠨ ᠳᠠᠭᠢᠨ ᠳᠤᠷᠤᠨ᠎ᠠ ᠡᠴᠡ ᠮᠠᠠᠳᠤᠨ᠂ ᠨᠢᠭᠡᠨ ᠰᠦᠨᠢ ᠦᠨᠵᠢᠵᠤ᠂ ᠰᠢᠨ᠎ᠠ ᠡᠳᠦᠷ ᠡᠭᠢᠯᠡᠭ᠍ᠰᠡᠨ ᠢ ᠢᠯᠡᠳᠭᠡᠨ᠎ᠡ᠃ ᠫᠣᠩᠰᠤᠭ ᠨᠠᠷᠢᠨ ᠬᠠᠭ ᠤᠨ ᠡᠮᠦᠨ᠎ᠡ ᠪᠠᠢ᠌ᠬᠤ 《ᠭᠡᠭᠡᠨ ᠣᠪᠣᠭᠠᠨ》 ᠤ ᠳᠡᠷᠭᠡᠳᠡ ᠢᠷᠠᠵᠤ᠂ ᠭᠤᠴᠤᠭ ᠤᠳ ᠢ ᠵᠠᠷᠯᠢᠭᠳᠠᠨ᠄

᠊᠊᠊᠊᠊᠊᠊᠊᠊᠊᠊᠊᠊᠊᠊ ᠡᠨᠡ ᠣᠳᠠᠭᠠᠨ ᠤ ᠳᠠᠭᠢᠯᠭ᠎ᠠ ᠶᠢᠨ ᠶᠤᠰᠤᠯᠠᠯ ᠢ ᠡᠮᠦᠨ᠎ᠡ ᠣᠳᠠᠭᠠᠨ ᠤ ᠡᠴᠡ ᠬᠤᠯᠠ ᠰᠠᠢ᠌ᠨ ᠭᠢᠭᠦ ᠭᠡᠷᠡᠭ᠍ᠳᠡᠢ ᠪᠣᠯᠤᠭᠰᠠᠨ᠂ ᠪᠢᠳᠠ ᠨᠠᠢ᠌ᠷ ᠤᠨ ᠡᠭᠢᠨ ᠡᠴᠡ ᠳᠠᠭᠤᠰᠳᠠᠯ᠎ᠠ ᠭᠡᠷᠰᠤ ᠪᠣᠯᠭᠤᠮᠵᠢᠳᠠᠢ᠂ ᠶᠠᠭᠠᠭᠢᠭᠰᠠᠨ ᠴᠤ ᠡᠮᠦᠨ᠎ᠡ ᠣᠳᠠᠭᠠᠨ ᠤ ᠰᠢᠭ᠌ ᠴᠦᠯᠳᠤ ᠭᠡᠷᠡᠭ᠌ ᠢ ᠡᠭᠦᠰᠭᠡᠵᠤ ᠪᠣᠯᠬᠤ ᠦᠭᠡᠶ᠂ ᠳᠡᠭᠡᠷᠡᠮ ᠦᠨᠡᠨ ᠢᠷᠡᠭ᠍ᠰᠡᠨ ᠴᠤ ᠠᠶᠤᠵᠤ ᠰᠤᠴᠢᠵᠤ ᠪᠣᠯᠬᠤ ᠦᠭᠡᠶ᠂ ᠡᠷᠡᠰ ᠶᠢᠡᠷ ᠳᠠᠮᠠᠴᠠᠨ ᠨᠤᠶᠠᠨ ᠢ ᠦᠯᠦ ᠰᠤᠴᠢᠭᠠᠨ᠂ ᠨᠤᠶᠠᠨ ᠢ ᠡᠷᠭᠡᠪᠰᠢ ᠰᠠᠢ᠌ᠳᠤᠷ ᠬᠠᠮᠠᠭᠠᠯᠠᠬᠤ ᠭᠡᠷᠡᠭ᠍ᠳᠡᠢ᠂ ᠭᠡᠷᠪᠡ ᠠᠯᠳᠠᠰᠢ ᠭᠠᠷᠪᠠᠯ ᠳᠠᠨᠠᠷ ᠤᠨ ᠭᠦᠢᠰᠤ ᠳᠡᠮᠳᠡᠷᠢᠭ᠍ᠳᠡᠭᠦ ᠶᠢ ᠪᠣᠳᠤ ᠭᠡᠵᠤ ᠬᠠᠳᠠᠭᠤ ᠪᠠᠭᠤᠯᠭᠠᠪᠠ᠃

ᠳᠠᠷᠠ ᠵᠢᠯ᠂ ᠳᠤᠳᠤᠯᠠᠪᠠᠯ ᠵᠢᠷᠭᠤᠭᠠᠨ ᠵᠢᠯ ᠤᠨ ᠡᠮᠦᠨ᠎ᠡ᠂ 《ᠭᠡᠭᠡᠨ ᠣᠪᠣᠭᠠᠨ》 ᠤ ᠳᠠᠢ᠌ᠯᠠᠯᠭ᠎ᠠ ᠳᠤ᠂ ᠣᠳᠤ ᠶᠢᠨ ᠰᠠᠮᠫᠢᠯ ᠨᠤᠶᠠᠨ ᠤ ᠠᠪᠠᠭ᠎ᠠ᠂ ᠣᠤᠯ ᠤᠨ ᠭᠤᠪᠢ ᠠᠢ᠌ᠮᠠᠭ ᠤᠨ ᠨᠤᠶᠠᠨ ᠳᠤᠳᠤᠵᠠᠪ ᠨᠤᠶᠠᠨ ᠡᠮᠦᠨ᠎ᠡ ᠣᠳᠠᠭᠠᠨ ᠤ ᠳᠠᠢ᠌ᠯᠠᠯᠭ᠎ᠠ ᠳᠤ 《ᠳᠢᠶᠠᠭᠤᠤ ᠶᠢᠨ ᠳᠡᠭᠡᠷᠡᠮ》 ᠶᠢᠨ ᠬᠤᠭᠤᠰᠤᠨ ᠴᠢᠮᠡᠭᠡ ᠡᠴᠡ ᠰᠤᠴᠢᠨ ᠮᠤᠷᠢᠨ ᠳᠤ ᠬᠠᠶᠠᠭᠳᠠᠨ ᠨᠠᠰᠤ ᠪᠠᠷᠠᠵᠤ᠂ ᠸᠠᠩ ᠤᠨ ᠰᠦᠮ᠎ᠡ ᠡᠴᠡ ᠰᠠᠮᠫᠢᠯ ᠢ ᠠᠷᠢᠭᠤᠨ ᠴᠠᠭᠠᠨ ᠣᠷᠳᠤᠨ ᠳᠤ ᠬᠠᠨ ᠸᠠᠩ ᠤᠨ ᠵᠡᠷᠭᠡ ᠶᠢ ᠵᠠᠯᠭᠠᠮᠵᠢᠯᠠᠭᠤᠯᠤᠨ ᠠᠪᠠᠭ᠎ᠠ ᠶᠢᠨ ᠶᠢᠡᠨ ᠰᠠᠭᠤᠷᠢ ᠶᠢ ᠣᠷᠤᠯᠠᠨ ᠰᠠᠭᠤᠷᠰᠢᠭᠰᠠᠨ ᠶᠤᠮ᠃ ᠳᠤᠳᠤᠵᠠᠪ ᠨᠤᠶᠠᠨ ᠤ ᠪᠠᠶ᠎ᠠ ᠪᠠᠷᠠᠭᠰᠠᠨ ᠰᠢᠯᠳᠠᠭᠠᠨ ᠨᠢ ᠦᠨᠡᠨ ᠳᠡᠭᠡᠨ ᠬᠠᠭᠤᠷᠮᠠᠭ ᠴᠤᠤᠷᠬᠠᠯ ᠡᠴᠡ ᠪᠣᠯᠵᠤ ᠡ᠊ᠨᠳᠡᠭ᠍ᠰᠡᠨ ᠶᠤᠮ᠃ ᠳᠠᠷᠠ ᠣᠳᠠᠭ᠎ᠠ ᠶᠢᠨ ᠣᠪᠣᠭᠠᠨ ᠳᠠᠭᠢᠯᠭ᠎ᠠ ᠡᠭᠢᠯᠡᠵᠤ ᠵᠠᠪᠳᠤᠭ᠎ᠠ ᠦᠭᠡᠶ ᠪᠠᠷ ᠭᠦᠯ ᠠᠯᠳᠠᠨ ᠭᠡᠭᠡᠨ ᠣᠪᠣᠭᠠᠨ ᠤ ᠳᠡᠦᠭᠡᠨ ᠳᠤ ᠤᠷᠢᠳ ᠭᠠᠷᠤᠭ᠎ᠠ ᠦᠭᠡᠶ ᠨᠢᠭᠡ ᠢᠨᠢᠶᠠᠳᠤᠮ ᠥᠯᠡᠳᠡᠭ᠍ᠰᠡᠨ ᠶᠤᠮ᠃ ᠳᠡᠭᠦᠨ ᠡᠴᠡ ᠡᠭᠢᠯᠡᠨ ᠭᠤᠪᠢ ᠠᠢ᠌ᠮᠠᠭ ᠤᠨ ᠭᠤᠷᠪᠠᠨ ᠨᠠᠰᠤᠳᠠᠢ ᠬᠡᠦᠬᠡᠳ ᠡᠴᠡ ᠨᠠᠶᠠᠨ ᠨᠠᠰᠤᠳᠠᠢ ᠥᠳᠦᠯᠦᠭᠡ ᠪᠣᠯᠳᠠᠯ᠎ᠠ 《ᠳᠢᠶᠠᠭᠤᠤ ᠶᠢᠨ ᠳᠡᠭᠡᠷᠡᠮ》 ᠭᠡᠪᠠᠯ ᠮᠠᠨ ᠤ ᠨᠤᠳᠤᠭ ᠲᠤ ᠢᠷᠡᠭᠦ ᠦᠭᠡᠶ ᠪᠣᠯ ᠰᠠᠢ᠌ᠨ ᠭᠡᠵᠤ ᠵᠠᠯᠪᠢᠷᠠᠨ᠎ᠠ᠃ ᠳᠠᠷᠠ ᠦᠶ᠎ᠡ ᠡᠴᠡ ᠳᠢᠶᠠᠭᠤᠤ ᠶᠢᠨ ᠨᠠᠷ᠎ᠠ ᠰᠦᠷ ᠪᠦᠭᠦ ᠵᠢᠷᠢᠮ ᠤᠨ ᠴᠢᠭᠤᠯᠭᠠᠨ᠂ ᠵᠤᠰᠤᠳᠤ ᠶᠢᠨ ᠴᠢᠭᠤᠯᠭᠠᠨ᠂ ᠵᠠᠯᠭᠠᠭᠠᠤᠨ ᠮᠥᠭ᠍ᠳᠡᠨ ᠳᠤ ᠭᠦᠷᠳᠡᠯ᠎ᠡ ᠠᠯᠳᠠᠷᠰᠢᠭᠰᠠᠨ ᠶᠤᠮ᠃

ᠲ᠋ᠡᠭᠡᠭᠡᠳ ᠴᠢᠨᠠᠭᠰᠢ ᠪᠠᠨ 《ᠭᠡᠭᠡᠨ ᠣᠪᠣᠭᠠᠨ》 ᠤ ᠪᠠᠷᠠᠭᠤᠨ ᠰᠠᠷᠠᠭᠤᠯ ᠳᠠᠯ᠎ᠠ ᠳᠤ ᠪᠠᠢ᠌ᠭᠤᠯᠤᠭᠰᠠᠨ᠂ ᠪᠠᠶᠠᠤᠨ ᠭᠡᠷᠭᠡᠮᠳᠡᠳ ᠤᠨ ᠨᠠᠢ᠌ᠷ ᠲᠤ ᠰᠠᠭᠠᠳᠠᠬᠤ ᠪᠠᠷ ᠪᠡᠯᠡᠳᠭᠡᠭ᠍ᠰᠡᠨ ᠳᠤᠮᠤ ᠮᠤᠩᠭ᠋ᠤᠯ ᠭᠡᠷ ᠤᠳ ᠢ ᠪᠠᠢ᠌ᠴᠠᠭᠠᠨ ᠦᠵᠡᠪᠠ᠃ ᠡᠭᠦᠨ ᠤ ᠳᠠᠭᠤ ᠨᠠᠢ᠌ᠷ ᠳᠤ ᠣᠷᠤᠯᠴᠠᠬᠤ ᠭᠦᠮᠦᠰ ᠪᠠ ᠨᠠᠭᠠᠳᠤᠮ ᠤᠨ ᠬᠤᠷᠠᠯ ᠳᠤ ᠰᠠᠭᠠᠳᠤᠭᠰᠠᠨ ᠨᠤᠶᠠᠤᠨ ᠤᠨ ᠪᠦᠷᠢᠳᠭᠡᠯ ᠵᠡᠷᠭᠡ ᠢ ᠠᠪᠴᠤ ᠰᠠᠮᠫᠢᠯ ᠨᠤᠶᠠᠨ ᠤ ᠣᠷᠳᠤᠨ ᠳᠤ ᠢᠷᠠᠯ᠎ᠠ᠃ ᠰᠠᠮᠫᠢᠯ ᠨᠤᠶᠠᠨ ᠳᠤ ᠫᠣᠩᠰᠤᠭ᠄

᠊᠊᠊᠊᠊᠊᠊᠊᠊᠊᠊᠊᠊᠊᠊ ᠦᠨᠦ ᠵᠢᠯ ᠤᠨ ᠨᠠᠢ᠌ᠷᠲ᠋ᠤ ᠭᠠᠭᠴᠠᠬᠦ ᠵᠡᠭᠡᠷᠭᠡᠡᠳᠤ ᠶᠢᠨ ᠵᠢᠮᠪᠠ ᠪᠠᠶᠠᠨ ᠢᠷᠠᠵᠤ ᠳᠡᠢ᠌ᠯᠦᠭ᠍ᠰᠡᠨ ᠦᠭᠡᠶ᠂ ᠪᠣᠰᠤᠳ ᠨᠢ ᠪᠦᠷ ᠣᠷᠤᠯᠴᠠᠵᠤ ᠪᠠᠢ᠌ᠨ᠎ᠠ᠃ ᠡᠭᠦᠨ ᠳᠤ ᠰᠸᠷᠠᠪ ᠪᠠᠶᠠᠨ 30 ᠬᠤᠨᠢ᠂ 5 ᠥᠭᠡᠷ᠂ 30 ᠯᠠᠩ ᠮᠥᠩᠭᠦ ᠡᠷᠭᠦᠪᠡ᠃ ᠨᠠᠮᠰᠠᠷᠠᠢ ᠪᠠᠶᠠᠨ 50 ᠬᠤᠨᠢ᠂ 5 ᠥᠭᠡᠷ᠂ 50 ᠯᠠᠩ ᠮᠥᠩᠭᠦ ᠡᠷᠭᠦᠵᠤ᠂ ᠪᠠᠰᠠ ᠳᠡᠭᠡᠷ᠎ᠡ ᠨᠢ ᠡᠮᠡᠭᠡᠯ ᠬᠠᠵᠠᠭᠠᠷ ᠲᠡᠶ ᠵᠢᠷᠤᠭ᠎ᠠ ᠮᠤᠷᠢ ᠨᠢᠭᠡ ᠪᠠᠷᠢᠪᠠ᠃ ᠭᠡᠡᠵᠦᠦᠷ ᠪᠠᠶᠠᠨ 20 ᠬᠤᠨᠢ᠂ 4 ᠥᠭᠡᠷ᠂ 20 ᠯᠠᠩ ᠮᠥᠩᠭᠦ᠂ ᠨᠢᠭᠡ ᠵᠣᠢ᠌ᠷᠠᠢ ᠣᠨᠠᠭ᠎ᠠ ᠪᠠᠷᠢᠪᠠ ᠁ ᠭᠡᠭᠦ ᠳᠤ ᠰᠠᠮᠫᠢᠯ ᠨᠤᠶᠠᠨ ᠪᠠᠶᠠᠰᠴᠤ᠄

᠊᠊᠊᠊᠊᠊᠊᠊᠊᠊᠊᠊᠊᠊᠊ ᠪᠣᠯᠵᠤ ᠪᠠᠢ᠌ᠨ᠎ᠠ᠂ ᠪᠣᠯᠵᠤ ᠪᠠᠢ᠌ᠨ᠎ᠠ

᠊᠊᠊᠊᠊᠊᠊᠊᠊᠊᠊᠊᠊᠊᠊ ᠠᠢ︕ ᠨᠤᠶᠠᠨ ᠮᠢᠨᠢ᠂ ᠣᠷᠢᠳᠠ ᠳᠡᠭᠡᠳᠤ ᠨᠤᠶᠠᠨ ᠪᠠᠢ᠌ᠬᠤ ᠦᠶ᠎ᠡ ᠳᠤ᠂ ᠡᠨᠡ ᠴᠢᠨᠢ ᠶᠠᠭᠤ ᠴᠤ ᠪᠢᠰᠢ ᠰᠢᠤ᠂ ᠡᠳᠦᠭᠡ 《ᠳᠢᠶᠠᠭᠤᠤ ᠶᠢᠨ ᠳᠡᠭᠡᠷᠡᠮ》 ᠵᠢᠯ ᠳᠠᠷᠠᠭᠠᠯᠠᠨ᠂ ᠠᠷᠠᠤᠨ ᠤᠨ ᠡᠳ᠋ ᠬᠤᠭᠰᠢᠯ ᠢ ᠪᠣᠯᠢᠶᠠᠨ ᠳᠡᠭᠡᠷᠮᠳᠡᠵᠤ᠂ ᠭᠠᠯ ᠳᠠᠯᠪᠢᠨ᠂ ᠭᠦᠮᠤᠨ ᠠᠯᠠᠵᠤ᠂ ᠦᠢᠯᠡᠳᠬᠦ ᠦᠭᠡᠶ ᠮᠠᠭᠤ ᠭᠡᠷᠡᠭ᠌ ᠢ ᠥᠢᠯᠡᠳᠦᠭ᠍ᠰᠡᠨ ᠡᠴᠡ ᠠᠷᠠᠤᠨ ᠤᠨ ᠠᠮᠢᠳᠤᠷᠠᠯ ᠣᠳᠤ ᠶᠠᠪᠣᠬᠤ ᠳᠤᠳᠤᠮ ᠳᠤᠷᠣᠢ᠌ᠳᠠᠵᠤ᠂ ᠣᠤᠯ ᠤᠨ ᠢᠳᠠᠪᠭᠢᠵᠢᠯ ᠨᠢ ᠴᠤ ᠪᠠᠭᠤᠷᠠᠨ ᠳᠠᠢ᠌ᠮᠤ ᠰᠠᠢ᠌ᠨ ᠪᠢᠰᠢ ᠪᠣᠯᠪᠠ᠂ ᠳᠠᠢ᠌ᠮᠤ ᠡᠴᠡ ᠦᠨᠦ ᠨᠠᠢ᠌ᠷ ᠤᠨ ᠭᠤᠤᠯ ᠨᠢ 《ᠳᠡᠭᠡᠷᠡᠮ ᠢ ᠣᠰᠠᠳᠬᠠᠬᠤ》 ᠣᠴᠢᠷ ᠪᠣᠯᠤᠨ᠎ᠠ ᠭᠡᠪᠠᠯ ᠰᠠᠮᠫᠢᠯ ᠨᠤᠶᠠᠨ᠄

᠊᠊᠊᠊᠊᠊᠊᠊᠊᠊᠊᠊᠊᠊᠊ ᠲ᠋ᠠᠭᠠᠷᠠᠵᠤ ᠪᠠᠢ᠌ᠨ᠎ᠠ᠂ ᠪᠢ ᠪᠠᠰᠠ ᠪᠣᠳᠤᠭᠠᠤᠨ ᠨᠠᠯᠢᠶᠠᠤᠨ ᠣᠳᠠᠵᠠᠢ᠂ ᠥᠭᠡᠷ᠎ᠡ ᠵᠢᠮᠪᠠ ᠡᠴᠡ ᠣᠠᠳᠤᠤ ᠨᠠᠢ᠌ᠷ ᠲᠤ ᠢᠷᠡᠭᠡ ᠦᠭᠡᠶ ᠪᠠᠰᠠ ᠪᠠᠢ᠌ᠨᠤ︖

᠊᠊᠊᠊᠊᠊᠊᠊᠊᠊᠊᠊᠊᠊᠊ ᠣᠳᠤ ᠮᠠᠨ ᠤ ᠨᠤᠶᠠᠨ ᠤ ᠬᠠᠷᠢᠶᠠᠳᠤ ᠰᠦᠮ᠎ᠡ ᠤᠨ ᠳ᠋ᠠ ᠯᠠᠮ᠎ᠠ ᠵᠠᠮᠰᠤᠵᠤᠩᠨᠠᠢ᠂ ᠭᠡᠪᠭᠦᠢ ᠫᠠᠯᠵᠠᠢ᠌ᠫᠣᠷᠪᠣ ᠨᠡᠷ ᠢᠷᠡᠭᠡ ᠦᠭᠡᠶ

᠊᠊᠊᠊᠊᠊᠊᠊᠊᠊᠊᠊᠊᠊᠊ ᠴᠢᠮᠡᠭᠡ ᠥᠭ᠍ᠴᠤ ᠳᠠᠭᠤᠳᠠᠨ ᠠᠪᠴᠢᠷ᠎ᠠ ᠭᠡᠵᠤ ᠰᠠᠮᠫᠢᠯ ᠨᠤᠶᠠᠨ ᠵᠠᠷᠯᠢᠭ ᠪᠠᠭᠤᠪᠠ᠃

ᠫᠣᠩᠰᠤᠭ ᠶᠠᠭᠠᠷᠠᠪᠴᠢᠯᠠᠨ ᠣᠷᠳᠤᠨ ᠡᠴᠡ ᠭᠠᠷᠴᠤ᠂ ᠪᠢᠴᠢᠭ᠌ ᠤᠨ ᠦᠷᠦᠭᠡᠨ ᠳᠤ ᠣᠷᠤᠨ ᠨᠢᠭᠡᠨ ᠬᠠᠭᠤᠳᠠᠰᠤ ᠶᠢ ᠵᠤᠬᠢᠶᠠᠮᠵᠢᠯᠠᠨ ᠪᠢᠴᠢᠪᠠ᠃

ᠡᠷᠭᠢᠮ ᠬᠠᠷᠢᠶᠠᠳᠤ ᠰᠦᠮ᠎ᠡ ᠶᠢᠨ ᠳ᠋ᠠ ᠯᠠᠮ᠎ᠠ ᠵᠠᠮᠰᠤᠵᠤᠩᠨᠠᠢ᠂ ᠭᠡᠪᠭᠦᠢ ᠫᠠᠯᠵᠠᠢ᠌ᠫᠣᠷᠪᠣ ᠶᠢᠨ ᠰᠢᠷᠡᠭᠡᠨ᠎ᠡ ᠢᠯᠡᠭᠡᠪᠡ᠃

ᠡᠳᠦᠭᠡ ᠳᠤᠯᠤᠭᠠᠨ ᠰᠠᠷ᠎ᠠ ᠶᠢᠨ ᠠᠷᠪᠠᠨ ᠤ ᠭᠡᠭᠡᠨ ᠣᠪᠣᠭᠠᠨ ᠤ ᠶᠡᠭᠡ ᠳᠠᠭᠢᠯᠭ᠎ᠠ ᠶᠢᠨ ᠨᠠᠢ᠌ᠷ ᠲᠤ ᠲᠦᠮᠡᠨ ᠣᠯᠠᠨ ᠤ ᠪᠠᠨ ᠨᠢᠭᠦᠯ ᠭᠢᠯᠢᠠᠴᠠ ᠶᠢ ᠠᠷᠢᠯᠭᠠᠵᠤ᠂ ᠭᠠᠢ ᠪᠠᠷᠴᠢᠳ ᠢ ᠨᠢ ᠦᠯᠳᠡᠨ᠂ ᠡᠪᠦᠡᠴᠢᠨ ᠡᠮᠭᠡᠭ᠌ ᠦᠭᠡᠶ᠂ ᠪᠠᠶᠠᠨ ᠳᠠᠩᠰᠤᠭ ᠠᠮᠢᠳᠤᠷᠠᠨ ᠣᠷᠴᠢᠭᠤᠯᠬᠤ ᠶᠢᠨ ᠲᠦᠯᠦᠭᠡ ᠳᠡᠭᠡᠳᠦᠰ ᠡᠴᠡ ᠣᠯᠠᠮᠵᠢᠯᠠᠭᠰᠠᠨ 《ᠶᠡᠭᠡ ᠭᠦᠯᠭᠡᠨ ᠰᠤᠳᠤᠷ》 ᠢ ᠣᠩᠰᠢᠭᠤᠯᠤᠨ᠂ ᠭᠠᠠᠵᠤᠤᠷ ᠳ᠋ᠠᠠᠵᠤᠤᠷ ᠶᠢᠡᠷ ᠢᠷᠦᠭᠡᠯ ᠬᠤᠷᠣᠢ᠌ᠯᠠᠨ ᠶᠤᠢᠮ ᠣᠩᠰᠢᠭᠤᠯᠤᠨ᠎ᠠ᠂ ᠳᠠᠢ᠌ᠮᠤ ᠡᠴᠡ ᠳᠠᠨᠠᠷ ᠡᠷᠭᠡᠪᠰᠢ ᠰᠢᠨ᠎ᠠ ᠶ‍ᠢᠰᠤᠨ ᠤ ᠡᠳᠦᠷ ᠪᠣᠯᠳᠠᠯ᠎ᠠ ᠭᠡᠭᠡᠨ ᠣᠪᠣᠭᠠᠨ ᠤ ᠳᠠᠭᠢᠯᠭ᠎ᠠ ᠶᠢᠨ ᠳᠡᠷᠭᠡᠳᠡᠭᠢ ᠠᠷᠢᠭᠤᠨ ᠴᠠᠭᠠᠨ ᠣᠷᠳᠤᠨ ᠳᠤ ᠢᠷᠡᠭᠦ ᠭᠡᠷᠡᠭ᠍ᠳᠡᠢ᠂ ᠴᠠᠭ ᠢ ᠬᠣᠢ᠌ᠰᠢᠯᠠᠵᠤ ᠶᠡᠭᠡ ᠶᠠᠪᠣᠳᠠᠯ ᠢ ᠬᠠᠷᠰᠢᠯᠠᠵᠤ ᠪᠣᠯᠬᠤ ᠦᠭᠡᠶ᠂ ᠵᠠᠷᠯᠢᠭ ᠢ ᠭᠡᠴᠢᠶᠡᠭᠡᠷᠡᠢ︕

ᠡᠭᠦᠨ᠎ᠡ᠄ ᠭᠤᠪᠢ ᠠᠢ᠌ᠮᠠᠭ ᠤᠨ

ᠰᠠᠮᠫᠢᠯ ᠨᠤᠶᠠᠨ ᠤ ᠪᠢᠴᠢᠭ᠌᠃

ᠳᠤᠢᠳᠠᠯ ᠦᠭᠡᠶ ᠰᠢᠨ᠎ᠠ ᠶᠢᠨ ᠨᠠᠢ᠌ᠮᠠᠨ ᠤ ᠣᠷᠤᠢ ᠶᠢᠨ ᠨᠠᠷᠠᠨ ᠳᠠᠰᠢᠬᠤ ᠦᠶ᠎ᠡ ᠪᠠᠷ ᠳᠤᠰ ᠪᠢᠴᠢᠭ᠌ ᠢ ᠰᠦᠮ᠎ᠡ ᠳᠤᠷ ᠭᠦᠷᠭᠡᠵᠤ ᠢᠷᠠᠪᠠ᠃ ᠳ᠋ᠠ ᠯᠠᠮ᠎ᠠ ᠦᠵᠡᠵᠤ ᠡᠭᠦᠨ ᠢ ᠨᠢᠭᠡᠨ ᠭᠤᠴᠤᠭ ᠳᠤ ᠥᠭ᠍ᠴᠤ᠂ ᠪᠠᠷᠠᠭᠤᠨ ᠴᠤᠬᠤᠷᠳᠤ ᠶᠢᠨ ᠭᠦᠳᠦᠯ ᠤᠨ ᠡᠮᠦᠨᠡᠭᠢ ᠮᠤᠷᠢᠨ ᠳᠤᠯᠤᠭᠠᠢ᠌ᠳᠤ ᠰᠦᠮ᠎ᠡ ᠶᠢᠨ ᠳ᠋ᠠ ᠯᠠᠮ᠎ᠠ ᠳᠤ ᠭᠦᠷᠭᠡᠯᠭᠡᠪᠡ᠃

ᠵᠠᠷᠯᠢᠭ ᠢ ᠮᠠᠳᠠᠨ᠂ ᠮᠠᠷᠭᠠᠰᠢ ᠨᠢ ᠬᠤᠷᠳᠤᠯᠠᠨ ᠶᠠᠪᠣᠬᠤ ᠦᠭᠡᠶ ᠪᠣᠯᠬᠤ ᠦᠭᠡᠶ ᠭᠡᠳ ᠰᠦᠨᠢᠵᠢᠨ ᠣᠠᠳᠠᠭᠰᠠᠨ ᠦᠭᠡᠶ ᠨᠤᠮ ᠰᠤᠳᠤᠷ᠂ ᠳᠠᠭᠢᠯᠭ᠎ᠠ ᠶᠢᠨ ᠪᠠᠷᠢᠴᠠ ᠪᠠᠨ ᠪᠡᠯᠡᠳᠭᠡᠨ᠂ ᠦᠷ ᠤᠨ ᠭᠢᠷᠠᠭ᠎ᠠ ᠭᠡᠢ᠌ᠭᠦ ᠦᠶ᠎ᠡ ᠪᠠᠷ ᠳᠠᠪᠤᠨ ᠮᠤᠷᠢᠳᠠᠨ ᠰᠦᠮ᠎ᠡ ᠡᠴᠡ ᠭᠠᠷᠴᠤ ᠳᠤᠷᠤᠨ᠎ᠠ ᠵᠥᠭ᠌ ᠨᠢᠰᠭᠦ ᠮᠠᠳᠤ ᠳᠤᠪᠳᠤᠯᠠᠨ ᠣᠤᠠᠪᠠ᠃

ᠮᠤᠷᠢᠨ ᠳᠤᠯᠤᠭᠠᠢ᠌ᠳᠤ ᠰᠦᠮ᠎ᠡ ᠶᠢᠨ ᠯᠠᠮ᠎ᠠ ᠪᠠᠭᠰᠢ ᠱᠠᠪᠢ ᠭᠡᠳᠦᠭᠦᠯᠡ ᠪᠠ ᠣᠯᠠᠭᠠᠴᠢ ᠭᠤᠴᠤᠭ ᠲᠡᠶ ᠬᠠᠮᠳᠤ ᠠᠷᠢᠭᠤᠨ ᠴᠠᠭᠠᠨ ᠣᠷᠳᠤᠨ ᠢ ᠴᠢᠭᠯᠡᠨ ᠶᠠᠪᠣᠬᠤ ᠶᠢ ᠲᠦᠷ ᠥᠭᠦᠯᠡᠭᠦ ᠦᠭᠡᠶ᠂ ᠠᠯᠤᠰ ᠤᠨ ᠭᠤᠪᠢ ᠶᠢᠨ ᠡᠮᠦᠨᠡᠭᠢ ᠵᠡᠭᠡᠷᠭᠡᠡᠳᠤ ᠶᠢᠨ ᠵᠢᠮᠪᠠ ᠪᠠᠶᠠᠨ ᠤ ᠭᠡᠷ ᠡᠴᠡ ᠣᠴᠢᠷ ᠡᠭᠢᠯᠡᠪᠡ᠃

ᠨᠠᠢ᠌ᠮᠠᠨ ᠤ ᠡᠳᠦᠷ ᠤᠨ ᠦᠳᠡ ᠶᠢᠨ ᠦᠶ᠎ᠡ ᠪᠠᠷ ᠮᠤᠩᠭ᠋ᠤᠯᠵᠢᠨ ᠭᠤᠷᠯᠤᠰ ᠤᠨ ᠭᠢᠵᠠᠭᠠᠷ ᠪᠠ ᠳᠠᠷᠬᠠᠨ ᠠᠢ᠌ᠮᠠᠭ ᠤᠨ ᠮᠤᠩᠭ᠋ᠤᠯᠴᠤᠳ ᠲᠦᠮᠡᠨ ᠤ ᠡᠳ᠋ ᠬᠤᠭᠰᠢᠯ ᠢ ᠪᠣᠯᠢᠶᠠᠨ ᠳᠡᠭᠡᠷᠡᠮᠳᠡᠭ᠍ᠰᠡᠨ 《ᠳᠡᠶᠠᠭᠤᠤ ᠶᠢᠨ ᠳᠡᠭᠡᠷᠡᠮ》 ᠤᠨ ᠴᠡᠷᠢᠭ᠌ ᠤᠳ ᠶᠠᠭ ᠰᠠᠢ᠌ᠬᠠᠨ ᠵᠡᠭᠡᠷᠭᠡᠡᠳᠤ ᠶᠢᠨ ᠵᠢᠮᠪᠠ ᠪᠠᠶᠠᠨ ᠤ ᠭᠡᠷ ᠲᠤ ᠰᠦᠷ ᠳᠠᠷᠤᠨ ᠪᠠᠭᠤᠪᠠ᠃ ᠵᠢᠮᠪᠠ ᠭᠡᠭ᠍ᠴᠢ ᠡᠩ ᠤᠨ ᠨᠢᠭᠡᠨ ᠭᠦᠮᠤᠨ ᠪᠢᠰᠢ᠂ ᠳᠠᠷᠠ ᠭᠦᠮᠤᠨ ᠭᠡᠭ᠍ᠴᠢ ᠳᠠᠪᠤᠨ ᠵᠠᠯᠠᠩ ᠭᠡᠷ ᠲᠡᠶ᠂ ᠭᠦᠷᠢᠶ᠎ᠡ ᠬᠠᠰᠢᠶ᠎ᠠ ᠳᠦᠷᠪᠠᠯᠵᠢᠨ᠂ ᠪᠠᠰᠠ ᠬᠤᠪᠢ ᠪᠠᠷ ᠶᠢᠡᠨ ᠬᠤᠶᠠᠷ ᠵᠠᠭᠤ ᠭᠠᠷᠤᠢ ᠬᠤᠪᠢ ᠶᠢᠨ ᠴᠡᠷᠢᠭ᠌ ᠲᠡᠶ ᠵᠡᠭᠡᠷᠭᠡᠡᠳᠤ ᠶᠢᠨ ᠨᠤᠳᠤᠭ ᠤᠨ ᠬᠠᠮᠤᠭ ᠳᠤᠮᠤ ᠭᠠᠵᠠᠷ ᠡᠵᠡᠨ ᠪᠠᠶᠠᠨ ᠭᠦᠮᠤᠨ ᠪᠠᠢ᠌ᠯ᠎ᠠ᠃ ᠣᠶᠤᠨ ᠣᠬᠠᠭᠠᠨ ᠳᠠᠷᠢᠭᠢ ᠭᠡᠴᠡᠭᠦᠤ ᠶᠤᠮᠰᠠᠨ᠃ ᠳᠠᠷᠠ ᠶᠠᠷᠤᠨᠢ ᠭᠡᠷᠡᠮ ᠤᠨ ᠣᠷᠤᠢ ᠶᠢᠨ ᠡᠪᠠᠰᠤ ᠭᠡᠮᠡᠷᠭᠡᠨ ᠰᠠᠯᠭᠢᠨ ᠤ ᠠᠶ᠎ᠠ ᠶᠢ ᠳᠠᠭᠠᠵᠤ ᠴᠢᠳᠠᠬᠤ ᠴᠢᠳᠠᠪᠣᠷᠢᠳᠠᠢ᠃ ᠡᠳᠦᠭᠡ ᠳᠡᠯᠡᠭᠡᠢ ᠳᠠᠶᠠᠭᠠᠷ ᠳᠠᠢ᠌ᠨ ᠳᠠᠵᠢᠨ ᠪᠣᠯᠵᠤ᠂ ᠣᠯᠤᠰ ᠳᠠᠶᠠᠭᠠᠷ ᠫᠣᠤ ᠶᠢᠨ ᠳᠠᠭᠤᠨ ᠳᠠᠰᠤᠷᠠᠬᠤ ᠦᠭᠡᠶ᠂ ᠭᠦᠮᠤᠨ ᠠᠷᠠᠤᠨ ᠳᠤᠭᠳᠠᠭᠰᠠᠨ ᠰᠡᠳᠭᠢᠯ ᠦᠭᠡᠶ ᠴᠠᠭ ᠦᠶ᠎ᠡ ᠳᠤ ᠵᠢᠮᠪᠠ ᠬᠠᠷᠢᠨ ᠬᠠᠮᠢᠶ᠎ᠠ ᠴᠤ ᠦᠭᠡᠶ ᠭᠡᠮᠡᠷᠭᠡᠨ ᠰᠠᠭᠤᠳᠠᠭ ᠨᠢ ᠳᠠᠷᠤᠢ ᠳᠡᠭᠦᠨ ᠤ 《ᠡᠪᠠᠰᠤᠨ ᠤ ᠴᠢᠨᠠᠷ》 ᠡᠴᠡ ᠡᠭᠦᠰᠦᠭ᠍ᠰᠡᠨ ᠪᠦᠯᠦᠭᠡ᠃

ᠶᠠᠭ ᠡᠢ᠌ᠮᠤ ᠡᠴᠡ ᠪᠣᠯᠵᠤ ᠵᠢᠮᠪᠠ ᠪᠠᠶᠠᠨ ᠰᠢᠨ᠎ᠠ ᠳᠤᠮᠳᠠᠳᠤ ᠣᠯᠤᠰ ᠴᠢᠯᠦᠭᠡᠯᠡᠭ᠍ᠳᠡᠨ᠂ ᠭᠠᠵᠠᠷ ᠤᠨ ᠡᠵᠡᠨ᠂ ᠣᠶᠠᠤᠨ ᠪᠠᠶᠠᠤᠨ ᠤᠨ ᠭᠠᠵᠠᠷ ᠰᠢᠷᠤᠢ ᠶᠢ ᠬᠤᠷᠢᠶᠠᠨ᠂ ᠠᠷᠠᠤᠨ ᠲᠦᠮᠡᠨ ᠳᠤ ᠬᠤᠪᠢᠶᠠᠨ ᠥᠭ᠍ᠴᠤ ᠪᠠᠢ᠌ᠭᠰᠠᠨ ᠦᠶ᠎ᠡ ᠳᠤ ᠴᠠᠭ ᠳᠦᠷᠤ ᠶᠢᠨ ᠰᠠᠮᠠᠭᠤᠨ ᠪᠠ ᠥᠢᠮᠡᠭᠡᠨ ᠳᠠᠪᠵᠢᠶᠠᠨ ᠢ ᠳᠠᠯᠢᠮᠳᠠᠭᠤᠯᠤᠨ᠂ ᠠᠯᠢ ᠣᠯᠠᠨ ᠨᠤᠳᠤᠭ ᠤᠨ ᠶᠢᠡᠨ ᠡᠳ᠋ ᠡᠷᠳᠡᠨᠢᠰ ᠪᠠ ᠴᠢᠬᠤᠯᠠ ᠣᠯᠠᠮᠵᠢᠯᠠᠯ ᠤᠨ ᠶᠠᠭᠤᠮ᠎ᠠ ᠪᠠᠨ ᠠᠪᠴᠤ ᠬᠦᠬᠡ‍ᠨᠠᠭᠤᠷ ᠲᠦᠪᠡᠳ ᠳᠤ ᠵᠤᠯᠠᠵᠤ ᠶᠠᠪᠣᠭᠰᠠᠨ ᠨᠢ ᠶᠠᠭ ᠣᠶᠤᠨ ᠣᠬᠠᠭᠠᠨ ᠳᠠᠷᠢᠭᠢ ᠳᠤᠯᠤᠭᠠᠢ ᠭᠡᠴᠡᠭᠦᠤ ᠭᠡᠳᠡᠭ᠌ ᠶᠢᠨ ᠳᠤᠪᠣᠢ᠌ᠮ᠎ᠠ ᠢᠯᠡᠷᠡᠭᠦᠯᠦᠨ᠎ᠡ᠃ ᠥᠨᠡ᠊ᠨᠳᠡᠭᠡᠨ ᠵᠢᠮᠪᠠ ᠪᠠᠶᠠᠨ 《ᠰᠤᠶᠤᠯ ᠤᠨ ᠬᠤᠪᠢᠰᠬᠠᠯ》᠂ 《ᠠᠷᠢᠭᠤᠳᠬᠠᠬᠤ ᠭᠦᠳᠡᠯᠭᠡᠭᠡᠨ》᠂ 《ᠦᠪᠣᠷ ᠠᠷᠠᠤᠨ ᠤᠨ ᠨᠠᠮ》 ᠁ ᠭᠡᠳ ᠠᠯᠢ ᠣᠯᠠᠨ ᠢ ᠭᠦᠷᠴᠤ ᠢᠷᠡᠭᠦ ᠶᠢ ᠠᠯᠢ ᠭᠡᠳᠥᠢᠨ ᠲᠦᠰᠤᠪᠯᠠᠵᠤ ᠮᠡᠳᠡᠭᠡᠳ ᠳᠠᠷᠠ ᠴᠠᠭ ᠤᠨ ᠳᠠᠷᠠ ᠦᠶ᠎ᠡ ᠳᠤ ᠳᠠᠷᠠᠭᠠᠴᠢ ᠶᠢᠨ ᠦᠶ᠎ᠡ ᠶᠢᠨ ᠪᠠᠢ᠌ᠳᠠᠯ ᠢ ᠣᠯᠵᠤ ᠬᠠᠷᠠᠭᠰᠠᠨ ᠬᠤᠯᠠ ᠶᠢᠨ ᠬᠠᠷᠠᠯᠳᠠ ᠨᠢ ᠭᠦᠮᠤᠨ ᠢ ᠰᠤᠴᠢᠭᠠᠮ᠎ᠠ ᠭᠠᠢ᠌ᠬᠠᠯᠳᠠᠢ ᠶᠤᠮ᠃ ᠭᠡᠪᠠᠴᠤ ᠵᠢᠮᠪᠠ ᠮᠠᠨᠢ ᠲᠦᠷ ᠵᠠᠭᠤᠷ᠎ᠠ ᠠᠷᠭ᠎ᠠ ᠦᠭᠡᠶ ᠳᠡᠭᠡᠷᠡᠮ᠂ ᠬᠣᠢ᠌ᠱᠠ ᠴᠡᠷᠢᠭ᠌᠂ ᠫᠠᠭᠳᠠᠭᠠᠷ ᠳᠡᠭᠡᠷᠡᠮ ᠁ ᠭᠡᠳ ᠠᠯᠢ ᠣᠯᠠᠨ ᠨᠡᠢ᠌ᠭᠡᠮ ᠤᠨ ᠬᠠᠳᠠᠭᠤ ᠰᠢᠷᠦᠭᠦᠨ ᠣᠷᠤᠰᠬᠠᠯ ᠡᠴᠡ ᠳᠠᠪᠠᠵᠤ ᠴᠢᠳᠠᠬᠤ ᠦᠭᠡᠶ ᠳᠠᠭᠠᠨ ᠳᠡᠶᠠᠭᠤᠤ ᠳᠤ ᠨᠢᠷᠤᠭᠤ ᠪᠦᠭᠦᠨ 《ᠳᠢᠶᠠᠨ ᠰᠠᠨ ᠶ‍ᠧ》 ᠭᠡᠵᠤ ᠪᠢᠯᠳᠠᠭᠤᠴᠢᠯᠠᠨ᠎ᠠ᠃

ᠵᠢᠮᠪᠠ ᠶᠢᠨ ᠭᠡᠷ ᠲᠤ ᠳᠢᠶᠠᠭᠤᠤ ᠰᠦᠷ ᠳᠠᠷᠤᠨ ᠪᠠᠭᠤᠵᠤ᠂ ᠭᠠᠬᠠᠢ ᠬᠤᠨᠢ ᠨᠢᠳᠤᠯᠵᠤ᠂ ᠭᠡᠳᠡᠰᠤ ᠪᠠᠨ ᠳᠦᠭᠦᠷᠭᠡᠭᠦ ᠶᠢᠨ ᠳᠠᠭᠤ ᠳᠡᠭᠦᠨ ᠯᠦᠭᠡ ᠶᠠᠷᠢᠯᠴᠠᠨ᠎ᠠ᠃

᠊᠊᠊᠊᠊᠊᠊᠊᠊᠊᠊᠊᠊᠊᠊ ᠭᠡᠢ︕ ᠵᠢᠮᠪᠠ ᠪᠠᠶᠠᠨ ᠡ︕ ᠪᠢ ᠴᠢᠮ᠎ᠠ ᠳᠤ ᠭᠢᠷᠢ ᠵᠡᠷᠭᠡ ᠪᠣᠢ︖

᠊᠊᠊᠊᠊᠊᠊᠊᠊᠊᠊᠊᠊᠊᠊ ᠲ᠋ᠠ ᠴᠢᠨᠢ ᠮᠢᠨᠤ ᠬᠠᠮᠤᠭ ᠪᠢᠰᠢᠷᠳᠡᠭ᠌ ᠪᠠᠭᠠᠳᠤᠷ ᠡᠷ᠎ᠡ ᠰᠢᠤ︕ ᠳᠠᠨ ᠰᠢᠭ᠌ ᠳᠦᠷᠪᠠᠨ ᠳᠠᠯᠠᠢ ᠪᠠᠷ ᠨᠤᠳᠤᠭ ᠶᠢᠡᠨ ᠭᠢᠵᠤ᠂ ᠡᠷᠭᠢᠮᠰᠦᠭ᠌ ᠰᠦᠷ ᠶᠢᠡᠷ ᠳᠢᠳᠢᠮ ᠪᠣᠯᠭᠠᠨ᠂ ᠬᠠᠠᠳᠤᠭᠰᠠᠨ ᠵᠥᠭ᠌ ᠬᠠᠷᠰᠢ ᠦᠭᠡᠶ᠂ ᠣᠴᠢᠭᠰᠠᠨ ᠭᠠᠵᠠᠷ ᠣᠭᠳᠤᠯ ᠵᠤᠭᠰᠤᠬᠤ ᠦᠭᠡᠶ᠂ ᠭᠠᠩ ᠲᠡᠶ ᠵᠢᠯ ᠴᠤ ᠥᠯᠦᠰᠭᠦ ᠶᠢ ᠮᠡᠳᠡᠭᠦ ᠦᠭᠡᠶ᠂ ᠭᠠᠴᠢᠭ ᠤᠨ ᠴᠠᠭ ᠲᠤ ᠵᠤᠪᠠᠭᠤᠷᠢ ᠶᠢ ᠡᠳ᠋ᠯᠡᠭᠦ ᠦᠭᠡᠶ᠂ ᠨᠢᠭᠡ ᠬᠠᠰᠭᠢᠷᠤᠮᠠᠭᠴᠠ ᠭᠡᠳᠤᠨ ᠵᠠᠭᠤᠨ ᠡᠷᠦᠭᠡ ᠡᠶᠡᠪᠠᠷ ᠳᠠᠭᠠᠯᠳᠤᠨ᠂ ᠨᠢᠭᠤᠷ ᠬᠤᠪᠢᠷᠠᠮᠠᠭᠴᠠ ᠲᠦᠮᠡᠨ ᠢᠷᠭᠡᠳ ᠳᠤᠯᠤᠭᠠᠢ ᠪᠦᠭᠦᠢᠭᠦ᠂ ᠡ︕ ᠶᠠᠷᠢᠳᠢᠠᠴᠤ ᠶᠢᠨ ᠡᠷᠭᠢᠮᠰᠦᠭ᠌ ᠪᠠᠭᠠᠳᠤᠷ᠂ ᠡᠨᠡ ᠬᠤᠷᠸ᠎ᠠ ᠳᠤ ᠳᠡᠦᠭᠡᠨ ᠰᠠᠭᠢᠭᠤᠰᠤ︕ ᠳᠠᠢ᠌ᠮᠤ ᠡᠴᠡ ᠪᠢ ᠪᠢᠰᠢᠷᠭᠦ ᠦᠭᠡᠶ ᠭᠡᠨ ᠢ ᠪᠢᠰᠢᠷᠡᠭᠦ ᠪᠣᠢ︖ ᠳᠠ ᠢᠳᠡᠭᠡᠭᠦ ᠦᠭᠡᠶ ᠪᠠᠢ᠌ᠬ᠎ᠠ︖ ᠭᠡᠳ ᠪᠠᠷᠠᠭᠤᠨ ᠬᠠᠨ᠎ᠠ ᠶᠢᠨ ᠰᠠᠷᠭ᠎ᠠ ᠶᠢᠨ ᠳᠤᠳᠤᠷ᠎ᠠ ᠳᠠᠯ᠎ᠠ ᠳᠤ ᠡᠯᠭᠦᠰᠳᠡᠢ ᠡᠪᠦᠭᠡ ᠡᠯᠦᠡᠴᠡ ᠶᠢᠨ ᠶᠢᠡᠨ ᠵᠢᠷᠤᠮᠠᠯ ᠭᠦᠷᠦᠭ᠌ ᠶᠢ ᠵᠢᠭᠠᠵᠤ᠂ ᠴᠢ ᠦᠵᠡᠯ ᠳ᠋ᠠ︕ ᠳᠠᠷᠠ ᠴᠢᠨᠢ ᠮᠢᠨᠤ ᠰᠡᠳᠭᠢᠯ ᠳᠤᠳᠤᠷᠭᠢ ᠳᠠ ᠰᠢᠤ ᠭᠡᠪᠡ᠃ ᠳᠢᠶᠠᠭᠤᠤ ᠨᠢᠳᠤ ᠰᠡᠢ᠌ᠮᠡᠢ᠌ᠯᠭᠡᠨ ᠥᠵᠡᠭᠡᠳ᠄

᠊᠊᠊᠊᠊᠊᠊᠊᠊᠊᠊᠊᠊᠊᠊ ᠪᠢ ᠶᠠᠭᠠᠭᠢᠭᠠᠤᠨ ᠶᠤᠸᠠᠨ ᠮᠢᠩ ᠤᠨ ᠦᠶ᠎ᠡ ᠶᠢᠨ ᠬᠤᠪᠴᠠᠰᠤ ᠡᠮᠦᠰᠴᠢᠭᠡᠪᠡ ︖ ᠡᠨᠡ ᠴᠢᠨᠢ ᠨᠠᠳᠠ ᠶᠢ ᠶᠠᠭᠤ ᠪᠣᠯᠭᠠᠨ ᠦᠵᠡᠵᠤ ᠪᠠᠢ᠌ᠬᠤ ᠨᠢ ᠪᠣᠢ︖ ᠭᠡᠵᠤ ᠠᠭᠤᠷᠳᠠᠢ᠌ᠬᠠᠨ ᠠᠰᠠᠭᠤᠪᠠ᠃ ᠳᠡᠭᠡᠭᠦ ᠳᠤ ᠵᠢᠮᠪᠠ᠄

᠊᠊᠊᠊᠊᠊᠊᠊᠊᠊᠊᠊᠊᠊᠊ ᠬᠠᠢ︕ ᠳᠢᠶᠠᠨ ᠰᠠᠨ ᠶ‍ᠧ᠂ ᠳᠠ ᠣᠢ᠌ᠯᠭᠠᠬᠤ ᠦᠭᠡᠶ ᠪᠠᠢ᠌ᠨ᠎ᠠ᠂ ᠳᠠᠷᠠ ᠴᠢᠨᠢ ᠳᠠᠷᠤᠢ ᠴᠢ ᠮᠦᠨ ᠰᠢᠤ︕ ᠪᠢ ᠳᠤᠰᠬᠠᠢ᠌ᠯᠠᠨ ᠨᠤᠶᠠᠨ ᠤ ᠵᠢᠷᠤᠭᠴᠢᠨ ᠨᠢᠮᠠᠳᠤᠷᠵᠢ ᠪᠠᠷ ᠵᠢᠷᠤᠭᠤᠯᠪᠠ᠂ ᠣᠴᠢᠷ ᠨᠢ ᠳᠠᠨ ᠶᠢ ᠪᠠᠢ᠌ᠬᠤ ᠦᠭᠡᠶ ᠬᠤᠭᠤᠷᠤᠠᠳᠤ ᠵᠢᠷᠤᠭᠰᠠᠨ᠂ ᠭᠡᠷᠪᠡ ᠳᠠ ᠡ᠊ᠨᠳᠡ ᠪᠠᠢ᠌ᠬᠤ ᠳᠤ ᠵᠢᠷᠤᠪᠠᠯ ᠠᠭᠤᠷ ᠣᠠᠳᠤᠭᠤᠴᠠᠯ ᠭᠦᠷᠴᠢᠭᠡᠭᠦ ᠪᠣᠯᠪᠠᠤ ᠭᠡᠳ᠂ ᠥᠨᠡ᠊ᠨᠳᠡᠭᠡᠨ ᠬᠤᠪᠴᠠᠰᠤ ᠬᠤᠨᠠᠷ ᠥᠩᠭᠡᠷᠭ᠍ᠰᠡᠨ ᠤ ᠳᠠᠳᠤᠢ᠂ ᠥᠭᠡᠷ᠎ᠡ ᠶᠠᠮᠠᠷᠴᠤ ᠪᠣᠷᠤᠭᠤ ᠦᠭᠡᠶ ᠰᠢᠤ︕ ᠳᠠᠢ᠌ᠮᠤ ᠪᠢᠰᠢᠤ︕ ᠭᠡᠭᠦ ᠳᠤ ᠬᠤᠶᠠᠭᠤᠯᠠ ᠨᠠᠷᠢᠨ ᠬᠠᠮ ᠬᠤᠯᠢᠯᠳᠤᠭᠰᠠᠨ ᠵᠢᠭᠡᠭᠦᠨ ᠢᠨᠢᠶᠠᠳᠤ ᠪᠠᠷ ᠳᠠᠷᠠ ᠦᠷᠦᠭᠡᠨ ᠳᠤ ᠱᠤᠤᠭᠢᠯᠳᠤᠨ᠎ᠠ᠃

᠊᠊᠊᠊᠊᠊᠊᠊᠊᠊᠊᠊᠊᠊᠊ ᠢᠨ᠂ ᠡᠷᠭᠢᠮ ᠳᠢᠶᠠᠨ ᠰᠠᠨ ᠶ‍ᠧ ᠮᠢᠨᠢ᠂ ᠦᠨᠦᠳᠤᠷ ᠮᠠᠨ ᠤ ᠭᠡᠷ ᠲᠤ ᠰᠠᠭᠠᠳᠤᠭᠰᠠᠨ ᠣᠴᠢᠷ ᠶᠠᠭᠤᠨ ᠪᠣᠯᠪᠠ︖

᠊᠊᠊᠊᠊᠊᠊᠊᠊᠊᠊᠊᠊᠊᠊ ᠲ᠋ᠠᠮᠠᠢ ᠣᠴᠢᠷ ᠦᠭᠡᠶ᠂ ᠪᠢ ᠦᠴᠦᠭᠡᠳᠦᠷ ᠦᠯᠵᠡᠢ᠌ᠮᠦᠷᠠᠨ ᠤ ᠡᠮᠦᠨ᠎ᠡ ᠡᠷᠭᠢ ᠳ᠋ᠠᠭᠢ ᠰᠢᠷᠡᠭᠡᠳᠤ ᠶᠢᠨ ᠯᠤᠪᠰᠠᠩ ᠤᠨ ᠠᠢ᠌ᠯ ᠡᠴᠡ ᠠᠪᠴᠠᠭ᠎ᠠ ᠪᠠᠨ ᠠᠪᠴᠤ᠂ ᠵᠠᠮ ᠳᠠᠭᠠᠷᠠᠵᠤ ᠪᠠᠢ᠌ᠬᠤ ᠪᠣᠯᠬᠤᠷ ᠴᠢᠮ᠎ᠠ ᠶᠢ ᠥᠵᠡᠭᠡᠳ ᠭᠠᠷᠤᠶ᠎ᠠ ᠭᠡᠳ ᠢᠷᠠᠯ᠎ᠠ︕

᠊᠊᠊᠊᠊᠊᠊᠊᠊᠊᠊᠊᠊᠊᠊ ᠠᠢ︕ ᠰᠠᠨ ᠶ‍ᠧ ᠮᠢᠨᠢ᠂ ᠣᠳᠤ ᠬᠤᠶᠠᠷ ᠡᠳᠦᠷ ᠤᠨ ᠳᠠᠷᠠᠭ᠎ᠠ ᠮᠠᠨ ᠤ ᠭᠤᠪᠢ ᠠᠢ᠌ᠮᠠᠭ ᠤᠨ ᠭᠡᠭᠡᠨ ᠣᠪᠣᠭᠠᠨ ᠤ ᠳᠠᠭᠢᠯᠭ᠎ᠠ ᠶᠢᠨ ᠨᠠᠢ᠌ᠷ ᠪᠣᠯᠬᠤ ᠭᠡᠵᠤ ᠪᠠᠢ᠌ᠨ᠎ᠠ᠂ ᠪᠢ ᠡᠨᠡ ᠵᠢᠯ ᠣᠴᠢᠭᠰᠠᠨ ᠦᠭᠡᠶ᠂ ᠵᠢᠯ ᠤᠨ ᠡᠷᠭᠦᠴᠡ ᠪᠠᠰᠠ ᠨᠠᠯᠢᠶᠠᠤᠨ ᠦᠨᠳᠦᠷ ᠪᠣᠯᠵᠤ᠂ ᠨᠠᠳᠠ ᠪᠠᠨ ᠭᠦᠴᠢᠷᠳᠡᠭᠦᠯᠵᠤ ᠪᠠᠢ᠌ᠨ᠎ᠠ᠂ ᠳᠠᠢ᠌ᠮᠤ ᠡᠴᠡ᠁ ᠭᠡᠳᠡᠯ᠎ᠡ ᠳᠢᠶᠠᠭᠤᠤ ᠢᠨᠢᠶᠡᠭᠡᠳ᠄

᠊᠊᠊᠊᠊᠊᠊᠊᠊᠊᠊᠊᠊᠊᠊ ᠥᠭᠡ ᠶᠢ ᠳᠡᠭᠡᠭᠡᠵᠤ ᠶᠠᠷᠢᠳᠠᠭ ᠦᠭᠡᠶ᠂ ᠴᠢ ᠮᠢᠨᠤ ᠲᠦᠯᠦᠭᠡ ᠨᠢᠭᠡ ᠰᠡᠳᠭᠢᠯ ᠤᠨ ᠭᠦᠮᠤᠨ ᠶᠢᠡᠨ ᠵᠠᠷᠤᠵᠤ᠂ ᠰᠠᠮᠫᠢᠯ ᠤᠨ ᠪᠠᠢ᠌ᠳᠠᠯ ᠢ ᠳᠠᠩᠨᠠᠵᠤ ᠮᠡᠳᠡᠭᠡᠳ ᠠᠯᠢ︕ ᠡᠨᠡ ᠮᠠᠭᠤ ᠰᠠᠮᠫᠢᠯ ᠢ ᠳᠤᠳᠤᠵᠠᠪ ᠤᠨ ᠬᠣᠢ᠌ᠨ᠎ᠠ ᠡᠴᠡ ᠨᠢ ᠳᠤᠨᠢᠯᠭᠠᠴᠢᠬᠠᠶ᠎ᠠ︕ ᠭᠦᠮᠤᠨ ᠦᠭᠡᠶ ᠭᠠᠵᠠᠷ ᠠᠮᠢᠳᠤᠷᠠᠵᠤ ᠪᠠᠢ᠌ᠨ᠎ᠠ ᠭᠡᠵᠤ ᠪᠣᠳᠤᠵᠤ ᠪᠠᠢ᠌ᠨ᠎ᠠ ᠪᠠ ⁈ ᠰᠤᠨᠤᠰᠬᠤ ᠳᠤ ᠰᠠᠮᠫᠢᠯ ᠨᠠᠮ᠎ᠠ ᠲᠡᠶ ᠥᠰᠢᠯᠳᠦᠭᠦ ᠭᠡᠵᠤ ᠪᠠᠢ᠌ᠨ᠎ᠠ ᠭᠡᠨ᠎ᠡ︖ ᠪᠢ ᠡᠷᠢᠭᠡᠳ ᠣᠴᠢᠬᠤ ᠡᠴᠡ ᠡᠮᠦᠨ᠎ᠡ ᠨᠠᠮ᠎ᠠ ᠶᠢ ᠦᠪᠠᠰᠤᠪᠠᠨ ᠡᠷᠢᠨ᠎ᠡ ᠭᠡᠵᠤ᠂ 《ᠪᠠᠷᠰ ᠤᠨ ᠠᠮᠠ ᠶᠢ ᠳᠤᠭᠤᠯ ᠳᠤᠯᠢᠶᠠᠬᠤ》 ᠭᠡᠵᠤ᠂ ᠰᠠᠮᠫᠢᠯ ᠭᠢᠷᠢ ᠪᠠᠨ ᠮᠡᠳᠡᠭᠦ ᠦᠭᠡᠶ ᠪᠠᠢ᠌ᠨ᠎ᠠ︕ ᠪᠢ ᠪᠣᠯᠬᠤ ᠦᠭᠡᠶ ᠪᠣᠯ ᠨᠠᠢ᠌ᠷ ᠭᠢᠭ᠍ᠰᠡᠨ ᠳᠠᠷᠠ ᠡᠳᠦᠷ ᠨᠢ ᠳᠡᠭᠦᠨ ᠳᠤ ᠭᠢᠳᠠᠤᠨ ᠤᠨ 《ᠯᠢ ᠴᠤᠸᠠᠩ ᠸᠠᠩ》 ᠤᠨ ᠥᠯᠢᠭᠡᠷ ᠢ ᠥᠵᠡᠭᠦᠯᠴᠢᠭᠡᠶ᠎ᠡ ᠭᠡᠵᠤ ᠰᠠᠭᠰᠤᠷᠠᠨ ᠶᠠᠷᠢᠨ᠎ᠠ᠃ ᠳᠡᠭᠡᠭᠦ ᠳᠤ ᠵᠢᠮᠪᠠ᠄

᠊᠊᠊᠊᠊᠊᠊᠊᠊᠊᠊᠊᠊᠊᠊ ᠲ᠋ᠠᠢ᠌ᠮᠤ᠂ ᠳᠠᠨ ᠤ ᠭᠡᠯᠡᠭᠦ ᠳᠠᠭᠠᠷᠠᠨ᠎ᠠ᠂ ᠮᠢᠨᠤ ᠦᠴᠦᠭᠡᠨ ᠭᠤᠴᠤᠭ ᠨᠤᠤᠬᠠᠢ ᠪᠣᠯ ᠡᠨᠡ ᠶᠠᠪᠣᠳᠠᠯ ᠢ ᠳᠠᠭᠤᠯᠠᠵᠤ ᠪᠠᠢ᠌ᠭᠠᠤᠨ ᠪᠦᠳᠦᠭᠡᠵᠤ ᠴᠢᠳᠠᠬᠤ ᠴᠢᠳᠠᠪᠣᠷᠢᠳᠠᠢ ᠭᠦᠮᠤᠨ ᠰᠢᠤ

᠊᠊᠊᠊᠊᠊᠊᠊᠊᠊᠊᠊᠊᠊᠊ ᠨᠤᠤᠬᠠᠢ ᠭᠡᠨ᠎ᠡ︖ ᠶᠤᠰᠤᠳᠠᠢ ᠨᠤᠬᠠᠢ ᠰᠢᠭ᠌ ᠠᠮᠢᠳᠠᠨ ᠪᠢᠰᠢ ᠪᠠᠢ᠌ᠬ᠎ᠠ︕ ᠦᠨᠡᠨ ᠭᠡᠷᠡᠭ᠌ ᠲᠤ ᠡᠷᠳᠡᠮ ᠭᠠᠷᠭᠠᠵᠤ ᠳᠠᠢ᠌ᠯᠤᠨ᠎ᠠ ᠦᠦ︖

᠊᠊᠊᠊᠊᠊᠊᠊᠊᠊᠊᠊᠊᠊᠊ ᠲ᠋ᠠ ᠦᠵᠡᠯ ᠦᠭᠡᠶ ᠪᠣᠯᠬᠤᠷ ᠮᠡᠳᠡᠭᠦ ᠦᠭᠡᠶ ᠪᠠᠢ᠌ᠨ᠎ᠠ᠂ ᠨᠤᠤᠬᠠᠢ ᠶᠢ ᠳᠠᠭᠤᠳᠠ︕ ᠭᠡᠵᠤ ᠭᠠᠳᠠᠭᠰᠢ ᠡᠭᠦᠳᠡ ᠳᠠᠰᠢ ᠬᠠᠰᠭᠢᠷᠬᠤ ᠳᠤ ᠳᠠᠮᠠᠢ ᠣᠳᠠᠭᠰᠠᠨ ᠦᠭᠡᠶ ᠡᠭᠦᠳᠡ ᠳᠤᠭᠰᠢᠬᠤ ᠳᠠᠭᠤᠨ ᠭᠠᠷᠤᠨ᠎ᠠ᠃

ᠡᠭᠦᠳᠡ ᠳᠠᠰᠢ ᠠᠵᠢᠬᠤ ᠳᠤ᠂ ᠨᠢᠭᠡ ᠱᠥᠪᠤᠢᠭ᠍ᠰᠡᠨ ᠬᠤᠩᠰᠢᠶᠠᠷ᠂ ᠦᠯᠦ ᠮᠡᠳᠡᠭ᠍ᠳᠡᠮ᠎ᠡ ᠭᠦᠮᠦᠰᠦᠭᠡ ᠪᠠ ᠨᠢᠴᠦᠭᠦᠨ ᠳᠤᠯᠤᠭᠠᠢ ᠭᠡᠮᠡᠷᠭᠡᠨ ᠰᠢᠩᠭᠡᠷᠡᠭ᠍ᠰᠡᠨ ᠭᠡᠵᠢᠭᠡ᠂ ᠬᠠᠳᠠᠮ᠎ᠠ ᠭᠤᠧᠨ ᠰᠢᠭ᠌ ᠬᠠᠳᠠᠩᠭᠢᠷ ᠭᠤᠴᠢᠭᠠᠤᠨ ᠨᠠᠰᠤᠨ ᠤ ᠡᠷ᠎ᠡ ᠣᠷᠤᠵᠤ ᠢᠷᠠᠪᠠ᠃ ᠡᠨᠡ ᠪᠣᠯ ᠳᠠᠷᠤᠢ ᠨᠤᠤᠬᠠᠢ ᠮᠦᠨ᠃ ᠳᠢᠶᠠᠭᠤᠤ ᠨᠢᠭᠡᠨ ᠵᠡᠷᠭᠡ ᠥᠵᠡᠭᠡᠳ᠄

᠊᠊᠊᠊᠊᠊᠊᠊᠊᠊᠊᠊᠊᠊᠊ ᠡᠨ︕ ᠡᠨᠡ ᠬᠠᠷᠢᠨ ᠪᠦᠳᠦᠭᠡᠯᠴᠢ ᠭᠦᠮᠤᠨ ᠤ ᠰᠢᠠᠵᠢ ᠪᠦᠷᠢᠨ ᠪᠠᠢ᠌ᠨ᠎ᠠ᠂ ᠶᠠᠪᠣᠳᠠᠯ ᠢ ᠰᠠᠢ᠌ᠬᠠᠨ ᠪᠦᠳᠦᠭᠡᠪᠠᠯ ᠱᠠᠩᠨᠠᠯ ᠢ ᠪᠢ ᠦᠭ‍ᠭᠦᠶ᠎ᠡ︕ ᠭᠡᠷᠪᠡ ᠰᠠᠨᠠᠭᠠᠨ ᠡᠴᠡ ᠭᠠᠳᠠᠭᠤᠷ ᠣᠴᠢᠷ ᠪᠣᠯᠪᠠᠯ ᠳᠠᠷᠠ ᠦᠶ᠎ᠡ ᠳᠤ ᠨᠠᠳᠠ ᠪᠢᠳᠡᠭᠡᠢ ᠭᠤᠮᠳᠠᠭᠠᠷᠠᠢ︕ ᠮᠠᠳᠠᠪᠠᠤ︖ ᠭᠡᠵᠤ ᠭᠡᠭ᠍ᠵᠡᠭᠦᠷᠡᠨ ᠶᠠᠷᠢᠨ᠎ᠠ᠃ ᠨᠤᠤᠬᠠᠢ᠄

᠊᠊᠊᠊᠊᠊᠊᠊᠊᠊᠊᠊᠊᠊᠊ ᠢᠨ︕ ᠵᠠᠭᠤᠨ ᠬᠤᠪᠢ ᠶᠢᠨ ᠰᠡᠳᠭᠢᠯ ᠪᠠᠢ᠌ᠭᠠᠷᠠᠢ︕ ᠪᠢ ᠭᠡᠭ᠍ᠴᠢ ᠣᠤᠯ ᠡᠴᠡ ᠡᠨᠡᠭᠦ ᠠᠵᠢᠯ ᠢ ᠣᠰᠤᠯᠳᠤᠯ ᠦᠭᠡᠶ ᠭᠢᠳᠡᠭ᠌ ᠳᠡᠦᠭᠡ ᠲᠡᠶ᠂ ᠮᠠᠨ ᠤ ᠪᠠᠶᠠᠨ ᠨᠠᠮ᠎ᠠ ᠶᠢ 《ᠨᠤᠬᠠᠢ ᠶᠢᠨ ᠪᠦᠭᠡᠰᠤ》 ᠭᠡᠭᠦ ᠰᠠᠢ᠌ᠬᠠᠨ ᠴᠤᠯᠠ ᠶᠢ ᠭᠦᠷᠳᠡᠭᠡᠭ᠍ᠰᠡᠨ᠂ ᠭᠢ ᠭᠢ ᠭᠢ ᠭᠡᠳ ᠵᠢᠰᠤᠷᠳᠠᠨ ᠢᠨᠢᠶᠠᠨ᠎ᠠ᠃ ᠳᠢᠶᠠᠭᠤᠤ᠄

ᠳᠠᠢ᠌ᠮᠤ ᠪᠣᠯ ᠪᠢ ᠶᠠᠷᠢᠬᠤ ᠦᠭᠡᠶ᠂ ᠠᠯᠢᠪᠠ ᠣᠴᠢᠷ ᠢ ᠬᠤᠶᠠᠷ ᠡᠳᠦᠷ ᠤᠨ ᠳᠤᠳᠤᠷ᠎ᠠ ᠨᠠᠳᠠ ᠳᠤ ᠪᠦᠷᠢᠨ ᠳᠡᠭᠦᠯᠳᠡᠷ ᠶᠠᠷᠢᠬᠤ ᠭᠡᠷᠡᠭ᠍ᠳᠡᠢ᠂ ᠪᠢ ᠣᠳᠤ ᠵᠢᠮᠪᠠ ᠪᠠᠶᠠᠨ ᠤ ᠭᠡᠷ ᠲᠤ ᠭᠡᠳᠤᠨ ᠡᠳᠦᠷ ᠪᠠᠶ᠎ᠠ ᠠᠮᠠᠷᠠᠨ᠎ᠠ ᠭᠡᠵᠤ ᠴᠢᠨᠠᠭᠰᠢ ᠣᠬᠤᠷᠢᠵᠤ᠂ ᠣᠷᠤᠨ ᠰᠢᠷᠡᠭᠡ ᠶᠢ ᠨᠢ ᠲᠦᠰᠢᠵᠤ ᠰᠠᠭᠤᠨ᠎ᠠ᠃ ᠵᠢᠮᠪᠠ᠄

᠊᠊᠊᠊᠊᠊᠊᠊᠊᠊᠊᠊᠊᠊᠊ ᠨᠤᠤᠬᠠᠢ ᠴᠢ ᠨᠠᠳᠠ ᠳᠤ ᠡᠨᠡ ᠣᠴᠢᠷ ᠢ ᠰᠠᠢ᠌ᠨ ᠪᠠᠶᠡᠯᠡᠭᠦᠯ ᠮᠠᠳᠠᠪᠠᠤ︖ ᠪᠢᠳᠠᠨ ᠤ ᠠᠮᠢ ᠨᠠᠰᠤᠨ᠂ ᠡᠳ᠋ ᠬᠤᠭᠰᠢᠯ ᠪᠦᠷ ᠴᠢᠨᠤ ᠴᠢᠷᠮᠠᠢ᠌ᠯᠭ᠎ᠠ ᠳᠡᠭᠡᠷ᠎ᠡ ᠳᠤᠭᠳᠠᠨ᠎ᠠ ᠰᠢᠤ︕ ᠣᠳᠤ ᠪᠠᠷ ᠶᠢᠡᠨ ᠶᠠᠪᠣᠭᠠᠷᠠᠢ︕ ᠪᠢᠳᠡᠭᠡᠢ ᠳᠡᠳᠡᠭᠡᠷ ᠭᠦᠮᠦᠰ ᠲᠤ ᠰᠠᠪ ᠮᠡᠳᠡᠭ᠍ᠳᠡᠵᠤ᠂ ᠮᠢᠨᠤ ᠨᠠᠷ᠎ᠠ ᠰᠦᠷ ᠢ ᠮᠢᠨᠢ ᠭᠤᠳᠤᠭᠠᠷᠠᠢ︕ ᠭᠡᠵᠤ ᠴᠢᠩᠳᠠᠯᠠᠨ ᠭᠡᠯᠡᠵᠤ ᠳᠡᠭᠦᠨ ᠢ ᠡᠷᠦᠭᠡᠨ ᠡᠴᠡ ᠭᠠᠷᠭᠠᠨ ᠶᠠᠪᠣᠭᠤᠯᠪᠠ᠃

ᠨᠤᠤᠬᠠᠢ ᠶᠠᠪᠣᠭᠰᠠᠨ ᠤ ᠰᠡᠭᠦᠯᠡᠷ ᠳᠢᠶᠠᠭᠤᠤ ᠪᠣᠯᠤᠨ ᠵᠢᠮᠪᠠ ᠬᠤᠶᠠᠭᠤᠯᠠ ᠳᠠᠭᠢᠨ ᠵᠤᠭᠤᠭᠳᠠᠵᠤ᠂ ᠡᠨᠡ ᠰᠠᠮᠫᠢᠯ ᠤᠨ ᠨᠤᠳᠤᠭ ᠢ ᠳᠦᠢᠪᠠᠭᠡᠨ ᠡᠵᠡᠷᠭᠡᠵᠤ᠂ ᠦᠪᠡᠷ ᠤᠨ ᠡᠷᠭᠡ ᠰᠦᠷ ᠶᠢᠡᠨ ᠭᠤᠪᠢ ᠠᠢ᠌ᠮᠠᠭ ᠤᠨ ᠣᠯᠠᠨ ᠮᠤᠩᠭ᠋ᠤᠯᠴᠤᠳ ᠤᠨ ᠳᠤᠮᠳᠠ ᠣᠯᠠᠮ ᠢᠯᠡᠭᠦᠤ ᠬᠠᠮᠤᠭ ᠶᠡᠭᠡ ᠳᠤᠯᠤᠭᠠᠢ᠌ᠯᠠᠭᠴᠢ ᠪᠣᠯᠭᠠᠬᠤ ᠪᠠᠷ ᠭᠤᠷᠢᠳᠠᠵᠤ ᠰᠠᠭᠤᠨ᠎ᠠ᠃ ᠰᠠᠨᠠᠭ᠎ᠠ ᠮᠠᠭᠤᠳᠤ ᠶᠢᠨ ᠪᠦᠷᠢᠯᠭᠡᠭᠦ ᠦᠵᠡᠯ ᠶᠢᠡᠨ ᠶᠠᠷᠢᠯᠴᠠᠵᠤ ᠰᠠᠭᠤᠬᠤ ᠶᠢ ᠲᠦᠷ ᠥᠭᠦᠯᠡᠭᠦ ᠦᠭᠡᠶ᠃

ᠰᠠᠮᠫᠢᠯ ᠨᠤᠶᠠᠨ ᠭᠤᠪᠢ ᠠᠢ᠌ᠮᠠᠭ ᠤᠨ 《ᠭᠡᠭᠡᠨ ᠣᠪᠣᠭᠠᠨ ᠤ ᠳᠠᠭᠢᠯᠭ᠎ᠠ》 ᠭᠢᠭᠦ ᠶᠡᠭᠡ ᠣᠴᠢᠷ ᠶᠢᠡᠨ ᠭᠡᠷᠭᠢᠨ ᠪᠦᠷᠢᠨ ᠳᠡᠭᠦᠯᠳᠡᠷ ᠪᠣᠯᠭᠠᠬᠤ ᠳᠤᠬᠠᠢ ᠫᠣᠩᠰᠤᠭ ᠯᠦᠭᠡ ᠶᠠᠷᠢᠯᠴᠠᠨ᠂ ᠳᠠᠭᠢᠨ ᠪᠣᠢ᠌ᠳᠠ ᠴᠡᠪᠠᠭ᠍ᠵᠡᠪ ᠢ ᠳᠠᠭᠤᠳᠠᠨ᠂ ᠠᠮᠤᠷ ᠲᠦᠪᠰᠢᠨ ᠢ ᠭᠡᠷᠭᠢᠨ ᠬᠠᠮᠠᠭᠠᠯᠠᠬᠤ ᠪᠠ ᠠᠷᠤ ᠳᠠᠯ᠎ᠠ ᠶᠢᠨ ᠠᠵᠢᠯ ᠢ ᠭᠡᠷᠭᠢᠨ ᠰᠠᠢ᠌ᠨ ᠭᠢᠭᠦ ᠳᠤᠬᠠᠢ ᠵᠢᠭᠠᠨ ᠵᠠᠭᠢᠵᠤ᠂ ᠳᠠᠭᠢᠨ ᠢᠷᠦᠭᠡᠯᠴᠢ ᠡᠷᠳᠡᠮᠵᠡᠪ ᠢ ᠠᠪᠴᠢᠷᠠᠨ ᠳᠠᠭᠢᠯᠭ᠎ᠠ ᠶᠢᠨ ᠢᠷᠦᠭᠡᠯ ᠢ ᠳᠠᠯᠪᠢᠭᠤᠯᠬᠤ ᠳᠤᠬᠠᠢ ᠶᠠᠷᠢᠯᠴᠠᠬᠤ ᠳᠤ ᠫᠣᠩᠰᠤᠭ᠄

᠊᠊᠊᠊᠊᠊᠊᠊᠊᠊᠊᠊᠊᠊᠊ ᠨᠤᠶᠠᠨ ᠮᠢᠨᠢ︕ ᠳᠠ ᠮᠡᠳᠡᠭᠦ ᠦᠭᠡᠶ ᠪᠠᠢ᠌ᠨ᠎ᠠ᠂ ᠡᠷᠳᠡᠮᠵᠡᠪ ᠨᠢᠳᠤᠨᠤᠨ ᠡᠪᠡᠳᠴᠢᠨ ᠶᠢᠡᠷ ᠥᠭᠦᠴᠢᠭᠡᠵᠡᠢ᠂ ᠣᠳᠤ ᠵᠥᠪᠭᠡᠨ ᠨᠤᠶᠠᠨ ᠳᠠᠨ ᠤ ᠬᠠᠵᠠᠭᠤ ᠶᠢᠨ ᠭᠦᠮᠦᠰ ᠡᠴᠡ ᠰᠤᠩᠭ᠋ᠤᠬᠤ ᠭᠡᠷᠡᠭ᠍ᠳᠡᠢ ᠪᠣᠯᠤᠭᠰᠠᠨ᠂ ᠭᠡᠭᠦ ᠳᠤ ᠰᠠᠮᠫᠢᠯ ᠨᠤᠶᠠᠨ᠄

᠊᠊᠊᠊᠊᠊᠊᠊᠊᠊᠊᠊᠊᠊᠊ ᠲ᠋ᠠᠢ᠌ᠮᠤ ᠪᠣᠯ ᠴᠢ ᠣᠷᠤᠯᠠᠭᠠᠤᠨ ᠭᠦᠢᠴᠡᠳᠭᠡ︕ ᠪᠣᠯᠬᠤ ᠪᠠᠢ᠌ᠬ᠎ᠠ︖

᠊᠊᠊᠊᠊᠊᠊᠊᠊᠊᠊᠊᠊᠊᠊ ᠢᠨ᠂ ᠪᠢ ᠭᠦᠢᠴᠡᠳᠭᠡᠶ᠎ᠡ ᠭᠡᠵᠤ ᠫᠣᠩᠰᠤᠭ ᠭᠦᠯᠢᠶᠡᠨ ᠠᠪᠣᠪᠠ᠃

ᠨᠢᠭᠡᠨ ᠡᠳᠦᠷ ᠢ ᠢᠩᠭᠡᠵᠤ ᠶᠠᠷᠢᠯᠴᠠᠨ ᠳᠤᠭᠳᠠᠯᠴᠠᠨ ᠳᠠᠭᠤᠰᠠᠬᠤ ᠶᠢ ᠣᠴᠢᠷ ᠪᠣᠯᠭᠠᠨ ᠶᠠᠷᠢᠬᠤ ᠦᠭᠡᠶ᠃ ᠳᠤᠢᠳᠠᠯ ᠦᠭᠡᠶ ᠳ᠋ᠠ ᠯᠠᠮ᠎ᠠ ᠵᠠᠮᠰᠤᠵᠤᠩᠨᠠᠢ᠂ ᠭᠡᠪᠭᠦᠢ ᠫᠠᠯᠵᠠᠢ᠌ᠫᠣᠷᠪᠣ ᠨᠡᠷ ᠣᠷᠤᠢ ᠪᠣᠯᠬᠤ ᠶᠢᠨ ᠠᠯᠳᠠ ᠪᠠᠷ ᠠᠷᠢᠭᠤᠨ ᠴᠠᠭᠠᠨ ᠣᠷᠳᠤᠨ ᠳᠤ ᠭᠦᠷᠴᠤ ᠢᠷᠠᠨ ᠰᠠᠮᠫᠢᠯ ᠨᠤᠶᠠᠨ ᠲᠡᠶ ᠪᠠᠷᠠᠭᠠᠳᠠᠪᠠ᠃

ᠦᠶ᠎ᠡ ᠦᠶ᠎ᠡ ᠰᠠᠯᠭᠢᠯᠠᠬᠤ ᠨᠠᠮᠤᠷ ᠴᠠᠭ ᠤᠨ ᠭᠤᠪᠢ ᠨᠤᠳᠤᠭ ᠤᠨ ᠰᠠᠯᠭᠢᠨ ᠦᠷᠤᠴᠠ ᠵᠥᠭᠡᠯᠡᠨ ᠡᠭᠡ ᠶᠢᠨ ᠭᠠᠷ ᠰᠢᠭ᠌᠂ ᠣᠢ᠌ ᠲᠦᠮᠡᠨ ᠶᠢᠡᠨ ᠢᠯᠪᠢᠨ ᠥᠯᠢᠶᠡᠭᠦ ᠳᠤ᠂ ᠮᠤᠷᠢ ᠪᠠᠷ ᠵᠠᠮᠨᠠᠨ᠂ ᠭᠦᠰᠡᠭᠡ ᠪᠠᠷ ᠠᠶᠠᠯᠠᠭᠰᠠᠨ ᠨᠤᠳᠤᠭ ᠣᠰᠤᠨ ᠤ ᠭᠢᠨᠢ ᠪᠣᠭᠤᠷᠤᠯ ᠨᠠᠰᠤᠳᠠᠢ᠌ᠴᠤᠳ ᠪᠠ ᠵᠠᠯᠠᠭᠤ ᠪᠠᠭᠠᠴᠤᠳ ᠤᠨ ᠰᠡᠳᠭᠢᠯ ᠳᠤ ᠦᠪᠡᠷ ᠤᠨ ᠡᠷᠭᠡ ᠦᠭᠡᠶ ᠨᠤᠳᠤᠭ ᠣᠰᠤᠨ ᠤ ᠪᠠᠨ ᠲᠦᠯᠦᠭᠡ ᠠᠯᠢᠪᠠ ᠪᠠᠨ ᠬᠠᠷᠠᠮ ᠦᠭᠡᠶ ᠵᠤᠷᠢᠭᠤᠯᠬᠤ ᠭᠦᠰᠡᠯ ᠰᠡᠳᠭᠢᠯ ᠢ ᠨᠢ ᠭᠦᠪᠴᠢᠯᠡᠨ᠎ᠡ᠃

ᠠᠯᠳᠠᠨ ᠫᠢᠯᠠ ᠰᠢᠭ᠌ ᠳᠦᠭᠦᠷᠢᠭ᠌᠂ ᠠᠭᠠᠷ ᠳᠡᠭ᠍ᠷᠢ ᠲᠡᠭᠡᠨ ᠭᠡᠷᠡᠯ ᠶᠢᠡᠨ ᠰᠠᠴᠤᠷᠠᠭᠤᠯᠤᠭᠰᠠᠨ ᠨᠠᠷᠠᠨ᠂ ᠡᠨᠡᠭᠦ ᠨᠠᠢ᠌ᠷ ᠨᠠᠭᠠᠳᠤᠮ ᠡᠭᠢᠯᠡᠵᠤ᠂ ᠨᠤᠳᠤᠭ ᠤᠨ ᠰᠠᠭᠢᠭᠤᠰᠤ ᠪᠠᠨ ᠪᠠᠶᠠᠰᠬᠠᠨ᠂ ᠭᠡᠢ᠌ᠮᠦᠷᠢ ᠪᠠᠨ ᠭᠡᠢ᠌ᠰᠭᠡᠨ᠂ ᠨᠢᠭᠦᠯ ᠭᠢᠯᠢᠠᠴᠠ ᠪᠠᠨ ᠳᠠᠢ᠌ᠯᠠᠵᠤ᠂ ᠠᠮᠤᠷ ᠳᠠᠢ᠌ᠪᠣᠩ ᠢ ᠭᠦᠭᠡᠭᠡᠴᠡᠯᠳᠦᠭ᠍ᠰᠡᠨ ᠦᠷᠭᠡᠨ ᠣᠯᠠᠨ ᠮᠤᠩᠭ᠋ᠤᠯᠴᠤᠳ ᠲᠦᠮᠡᠨ ᠡᠴᠡ ᠰᠠᠯᠵᠤ ᠶᠠᠳᠠᠵᠤ ᠪᠠᠢ᠌ᠬᠤ ᠭᠡᠮᠡᠷᠭᠡᠨ ᠳᠤᠷ᠎ᠠ ᠲᠡᠶ ᠳᠤᠷ᠎ᠠ ᠦᠭᠡᠶ ᠶᠢᠨ ᠬᠤᠭᠤᠷᠤᠠᠳᠤ ᠬᠠᠨ ᠠᠭᠤᠯᠠᠨ ᠤ ᠠᠷᠤ ᠳᠤ ᠠᠭᠠᠵᠢᠮᠬᠠᠨ ᠳᠠᠰᠢᠯ᠎ᠠ᠃

ᠦᠶ᠎ᠡ ᠣᠯᠠᠮᠵᠢᠯᠠᠨ ᠨᠤᠳᠤᠭᠰᠢᠭᠰᠠᠨ᠂ ᠥᠯᠢᠭᠡᠷ ᠳᠤᠮᠤᠭ ᠲᠡᠶ ᠬᠠᠭᠤᠴᠤᠤᠯ ᠪᠣᠯᠤᠭᠰᠠᠨ ᠭᠤᠪᠢ ᠠᠢ᠌ᠮᠠᠭ ᠤᠨ ᠡᠨᠡ ᠨᠤᠳᠤᠭ ᠲᠤ ᠳᠠᠪᠤᠨ ᠵᠢᠯ ᠠᠯᠭᠠᠰᠠᠨ ᠨᠢᠭᠡ ᠪᠣᠯᠬᠤ ᠣᠪᠣᠭᠠᠨ ᠳᠠᠭᠢᠯᠭ᠎ᠠ ᠨᠢ ᠦᠨᠢ ᠮᠥᠩᠭᠡ ᠡᠢ᠌ᠮᠦᠷᠭᠦ ᠭᠦᠭ᠍ᠵᠢᠯ ᠪᠠᠳᠠᠷᠠᠯ ᠪᠠ ᠭᠦᠰᠡᠯ ᠰᠡᠳᠭᠢᠯ ᠢ ᠨᠢ ᠵᠦᠩᠨᠠᠨ ᠪᠠᠶᠡᠯᠡᠭᠦᠯᠭᠦ ᠪᠣᠯᠤᠭᠰᠠᠨ ᠳᠠᠭᠠᠨ ᠳᠦᠭ᠌ ᠲᠦᠮᠡᠨ ᠮᠤᠩᠭ᠋ᠤᠯ ᠮᠠᠯᠴᠢᠳ ᠳᠠᠷᠢᠶᠠᠴᠢᠳ ᠮᠠᠨᠢ ᠮᠠᠩᠨᠠᠢ ᠳᠠᠨᠠᠢ᠌ᠨ ᠪᠠᠶᠠᠰᠴᠤ᠂ ᠶᠠᠮᠠᠷᠴᠤ ᠭᠦᠴᠢᠷ ᠪᠠᠷᠭᠡᠰᠢᠶᠡᠯ ᠶᠢᠡᠨ ᠮᠠᠷᠳᠠᠭᠰᠠᠨ ᠰᠢᠭ᠌ ᠪᠣᠳᠤᠭᠳᠤᠭᠤᠯᠤᠨ᠎ᠠ᠃

ᠳᠤᠯᠤᠭᠠᠨ ᠰᠠᠷ᠎ᠠ ᠶᠢᠨ ᠠᠷᠪᠠᠨ ᠤ ᠦᠷᠯᠦᠭᠡ ᠶᠢᠨ ᠭᠢᠷᠠᠭ᠎ᠠ ᠵᠡᠭᠦᠨ ᠡᠴᠡ ᠳᠤᠳᠤᠷᠠᠬᠤ ᠦᠶ᠎ᠡ ᠳᠤ᠂ ᠭᠤᠪᠢ ᠶᠢᠨ ᠴᠡᠭᠡᠯ ᠳᠤ ᠨᠣᠢ᠌ᠷᠰᠤᠭᠰᠠᠨ ᠰᠢᠪᠠᠭᠤᠳ ᠳᠠᠭᠤᠨ ᠶᠢᠡᠨ ᠡᠷᠭᠦᠨ᠂ ᠳᠤᠩᠭ᠋ᠠᠯᠠᠭ ᠰᠠᠢ᠌ᠬᠠᠨ ᠦᠯᠵᠡᠢ ᠪᠠᠯᠭᠡ ᠣᠷᠤᠰᠢᠭᠰᠠᠨ ᠢᠷᠦᠭᠡᠯ ᠵᠦᠩᠨᠠᠯᠳᠤ ᠡᠳᠦᠷ ᠪᠣᠯᠤᠭᠰᠠᠨ ᠶᠢᠡᠨ ᠮᠡᠳᠡᠭᠡᠯᠡᠨ᠂ ᠮᠤᠩᠭ᠋ᠤᠯ ᠦᠷᠦᠭᠡᠨ ᠳᠡᠭᠡᠨ ᠳᠠᠪᠳᠠᠢ ᠨᠣᠢ᠌ᠷᠰᠤᠨ᠂ ᠨᠠᠢ᠌ᠷ ᠤᠨ ᠭᠦᠭ᠍ᠵᠢᠶᠡᠨ ᠳᠡᠭᠡᠨ ᠰᠤᠭᠳᠤᠭᠤᠷᠠᠵᠤ ᠪᠠᠢ᠌ᠭᠰᠠᠨ ᠣᠯᠠᠨ ᠲᠦᠮᠡᠨ ᠶᠢᠡᠨ ᠳᠠᠭᠤᠳᠠᠨ ᠰᠡᠷᠭᠦᠭᠡᠵᠤ ᠪᠠᠢ᠌ᠬᠤ ᠭᠡᠮᠡᠷᠭᠡᠨ ᠰᠠᠨᠠᠭᠳᠠᠭᠤᠯᠤᠨ᠎ᠠ᠃

ᠳᠤᠢᠳᠠᠯ ᠦᠭᠡᠶ ᠭᠦᠮᠦᠰ ᠪᠣᠰᠤᠨ᠂ ᠦᠪᠡᠷ ᠤᠨ ᠠᠪᠴᠢᠷᠠᠭᠰᠠᠨ ᠪᠠᠯᠭᠡ ᠰᠠᠯᠳᠠ ᠪᠠ ᠪᠠᠷᠢᠴᠠ ᠪᠠᠨ ᠬᠠᠨ ᠠᠭᠤᠯᠠᠨ ᠤ ᠨᠢᠷᠤᠭᠤ ᠭᠡᠮᠡᠷ ᠭᠦᠳᠥᠢᠵᠤ ᠪᠣᠰᠤᠭᠰᠠᠨ ᠭᠦᠳᠦᠯ ᠤᠨ ᠣᠷᠤᠢ ᠳᠤ ᠬᠠᠷᠠᠭᠳᠠᠬᠤ ᠳᠤᠭᠰᠢᠨ ᠬᠠᠷ᠎ᠠ ᠰᠦᠯᠳᠡ ᠲᠡᠶ᠂ ᠲᠦᠮᠡᠨ ᠮᠤᠩᠭ᠋ᠤᠯᠴᠤᠳ ᠳᠠᠭᠠᠨ ᠭᠦᠰᠡᠯ ᠢ ᠨᠢ ᠬᠠᠩᠭ᠋ᠠᠭᠴᠢ᠂ ᠨᠠᠢ᠌ᠮᠠᠨ ᠪᠣᠶᠠᠠᠳᠤ ᠭᠡᠭᠡᠨ ᠣᠪᠣᠭᠠᠨ ᠤ ᠳᠡᠭᠡᠷ᠎ᠡ ᠳᠠᠯᠪᠢᠨ᠂ ᠡᠪᠦᠭᠡ ᠳᠡᠭᠡᠳᠦᠰ᠂ ᠡᠯᠦᠡᠴᠡ ᠬᠤᠯᠤᠠᠴᠠ ᠶᠢᠨ ᠰᠦᠨᠠᠰᠤ ᠰᠠᠭᠢᠭᠤᠰᠤ ᠳᠠᠭᠠᠨ ᠳᠠᠭᠠᠳᠬᠠᠨ ᠮᠦᠷᠭᠦᠵᠤ᠂ ᠨᠠᠷᠠᠨ ᠡᠷᠭᠢᠯᠳᠡ ᠪᠠᠷ ᠭᠤᠷᠪᠠᠠᠳᠠ ᠳᠤᠭᠤᠷᠢᠯᠠᠨ ᠶᠤᠰᠤᠯᠠᠭᠠᠤᠨ ᠨᠠᠢ᠌ᠷ ᠤᠨ ᠳᠠᠯᠠᠪᠠᠢ ᠳᠠᠭᠢ ᠨᠤᠶᠠᠤᠨ ᠭᠡᠷᠭᠡᠮᠳᠡᠳ ᠤᠨ ᠠᠷᠤ ᠳᠤᠭᠣᠢ᠌ᠯᠠᠨ ᠰᠠᠭᠤᠴᠢᠬᠠᠵᠤ᠂ ᠪᠣᠢ᠌ᠳᠠ ᠴᠡᠪᠠᠭ᠍ᠵᠡᠪ ᠣᠯᠠᠨ ᠤ ᠡᠮᠦᠨ᠎ᠡ ᠭᠠᠷᠴᠤ ᠦᠨᠳᠦᠷ ᠳᠠᠭᠤᠨ ᠶᠢᠡᠷ ᠨᠤᠶᠠᠨ ᠤ ᠪᠢᠴᠢᠭᠡᠴᠢ ᠫᠣᠩᠰᠤᠭ ᠡᠴᠡ ᠣᠪᠣᠭᠠᠨ ᠤ ᠢᠷᠦᠭᠡᠯ ᠳᠠᠯᠪᠢᠨ᠎ᠠ ᠭᠡᠵᠤ ᠣᠯᠠᠨ ᠳᠤ ᠮᠡᠳᠡᠭ᠍ᠳᠡᠨ᠎ᠡ᠃

ᠳᠤᠭᠰᠢᠨ ᠬᠠᠷ᠎ᠠ ᠰᠦᠯᠳᠡ ᠡᠴᠡ ᠳᠦᠷᠪᠠᠨ ᠵᠥᠭ᠌ ᠨᠠᠢ᠌ᠮᠠᠨ ᠵᠤᠪᠭᠢᠰ ᠰᠠᠴᠤᠯᠠᠨ ᠳᠠᠳᠠᠭᠰᠠᠨ ᠵᠠᠯ᠎ᠠ ᠳᠡᠭᠡᠷ᠎ᠡ ᠣᠳᠠᠭᠠᠨ ᠣᠨ ᠤ ᠬᠠᠭᠤᠴᠢᠪᠳᠤᠷ ᠭᠦᠭᠡ ᠴᠠᠭᠠᠨ ᠬᠠᠳᠠᠭ ᠤᠳ ᠦᠶ᠎ᠡ ᠦᠶ᠎ᠡ ᠰᠡᠪᠢᠯᠵᠡᠭᠦ ᠰᠠᠯᠭᠢᠨ ᠳᠤ ᠰᠠᠷᠪᠠᠯᠵᠠᠨ᠂ ᠦᠷᠯᠦᠭᠡ ᠡᠴᠡ ᠠᠪᠣᠭᠠᠤᠨ ᠰᠢᠳᠠᠭᠠᠭᠰᠠᠨ ᠰᠠᠩ ᠤᠨ ᠦᠨᠦᠷ ᠣᠷᠴᠢᠮ ᠤᠨ ᠭᠦᠮᠦᠰ ᠤᠨ ᠬᠠᠮᠠᠷ ᠤᠨ ᠥᠵᠦᠭᠦᠷ ᠢ ᠣᠳᠠᠨ᠂ ᠣᠪᠣᠭᠠᠨ ᠤ ᠡᠮᠦᠨ᠎ᠡ ᠳᠠᠯ᠎ᠠ ᠳᠤ ᠳᠠᠯᠪᠢᠭᠰᠠᠨ ᠦᠨᠳᠦᠷ ᠭᠦᠯᠢᠰ ᠤᠨ ᠳᠡᠭᠡᠷ᠎ᠡ ᠶ‍ᠢᠰᠤ ᠶ‍ᠢᠰᠤᠨ ᠨᠠᠶᠠᠨ ᠨᠢᠭᠡᠨ ᠴᠠᠭᠠᠨ ᠢᠳᠡᠭᠡᠨ ᠢ ᠦᠷᠠᠨ᠂ ᠳᠡᠭᠦᠨ ᠤ ᠬᠠᠵᠠᠭᠤ ᠳᠤ ᠭᠦᠵᠢ ᠵᠤᠯᠠ ᠠᠳᠬᠤ ᠠᠳᠬᠤ ᠪᠠᠷ ᠰᠢᠳᠠᠭᠠᠨ᠎ᠠ᠃

ᠬᠤᠯᠠ ᠤᠢ᠌ᠷ᠎ᠡ ᠶᠢᠨ ᠮᠠᠯᠴᠢᠳ ᠤᠨ ᠰᠡᠳᠭᠢᠯ ᠤᠨ ᠰᠢᠳᠦᠭᠡᠨ ᠪᠣᠯᠤᠭᠰᠠᠨ ᠨᠠᠢ᠌ᠮᠠᠨ ᠪᠣᠶᠠᠠᠳᠤ ᠭᠡᠭᠡᠨ ᠣᠪᠣᠭᠠᠨ ᠭᠡᠵᠤ ᠶᠤᠰᠤᠳᠠᠢ ᠭᠤᠪᠢ ᠠᠢ᠌ᠮᠠᠭ ᠤᠨ ᠰᠦᠯᠳᠡ ᠨᠢ ᠰᠠᠠᠵᠠᠢ᠃ ᠭᠦᠯᠢᠰ ᠤᠨ ᠭᠤᠷᠪᠠᠨ ᠭᠦᠯ ᠤᠨ ᠴᠠᠭᠠᠨ᠎ᠠ᠂ ᠭᠦᠰᠡᠷ ᠢᠰᠭᠡᠢ ᠳᠠᠪᠢᠰᠤᠨ᠂ ᠳᠡᠭᠡᠷ᠎ᠡ ᠨᠢ ᠳᠦᠷᠪᠠᠨ ᠢᠰᠠᠷᠠᠢ ᠳᠠᠪᠢᠰᠤᠨ᠂ ᠳ᠋ᠠ ᠯᠠᠮ᠎ᠠ ᠵᠠᠮᠰᠤᠵᠤᠩᠨᠠᠢ ᠭᠡᠪᠭᠦᠢ ᠫᠠᠯᠵᠠᠢ᠌ᠫᠣᠷᠪᠣ ᠭᠢᠭᠡᠳ ᠬᠤᠶᠠᠷ ᠪᠠᠠᠳᠠᠢ ᠴᠠᠭ ᠶᠢ ᠭᠦᠯᠢᠶᠡᠨ ᠵᠠᠪᠢᠯᠠᠨ ᠰᠠᠭᠤᠨ᠎ᠠ᠃

ᠳᠠᠳᠠᠨ ᠤ ᠡᠰᠡᠷᠭᠦ ᠳᠠᠯ᠎ᠠ ᠳᠤ ᠰᠠᠮᠫᠢᠯ ᠨᠤᠶᠠᠨ ᠰᠢᠷᠡᠭᠡᠨ ᠳᠤ ᠰᠠᠭᠠᠳᠠᠨ᠎ᠠ᠃ ᠳᠡᠭᠦᠨ ᠢ ᠳᠠᠭᠠᠭᠠᠤᠨ ᠨᠠᠮᠰᠠᠷᠠᠢ ᠪᠠᠶᠠᠨ᠂ ᠭᠡᠡᠵᠦᠦᠷ ᠪᠠᠶᠠᠨ᠂ ᠰᠸᠷᠠᠪ ᠪᠠᠶᠠᠨ ᠪᠠ ᠭᠡᠷᠭᠡᠮ ᠵᠡᠷᠭᠡᠳᠡᠨ ᠤᠳ ᠰᠠᠭᠤᠵᠠᠭᠠᠨ᠎ᠠ᠃ ᠳᠡᠭᠦᠨ ᠤ ᠭᠠᠳᠠᠭᠤᠷ ᠭᠤᠪᠢ ᠠᠢ᠌ᠮᠠᠭ ᠤᠨ ᠮᠠᠯᠴᠢᠨ ᠲᠦᠮᠡᠨ ᠭᠢᠭᠡᠳ ᠭᠡᠭᠡᠨ ᠣᠪᠣᠭᠠᠨ ᠤ ᠣᠷᠴᠢᠮ ᠤᠨ ᠭᠡᠳᠤᠨ ᠵᠠᠭᠤᠨ ᠭᠠᠵᠠᠷ ᠤᠨ ᠮᠤᠩᠭ᠋ᠤᠯ ᠰᠥᠰᠦᠭ᠍ᠳᠡᠨ ᠤᠳ ᠳᠤᠭᠣᠢ᠌ᠯᠠᠨ ᠰᠠᠭᠤᠵᠠᠭᠠᠵᠤ ᠣᠪᠣᠭᠠᠨ ᠢᠷᠦᠭᠡᠯ ᠢ ᠰᠤᠨᠤᠰᠤᠨ᠎ᠠ᠃

ᠣᠯᠠᠨ ᠪᠦᠭᠦᠳᠡᠭᠡᠷ ᠨᠢᠳᠤ ᠳᠦᠭᠦᠷᠢᠭᠯᠡᠨ ᠥᠵᠡᠭᠦ ᠳᠤ ᠣᠯᠠᠨ ᠤ ᠡᠮᠦᠨ᠎ᠡ ᠨᠢᠭᠡ ᠦᠨᠳᠦᠷ ᠳᠠᠷᠭᠤᠨ ᠪᠠᠶ᠎ᠠ ᠲᠡᠶ᠂ ᠬᠠᠴᠠᠷ ᠳᠠᠭᠠᠨ ᠢᠨᠢᠶᠠᠳᠤ ᠳᠤᠳᠤᠷᠠᠭᠤᠯᠤᠭᠰᠠᠨ᠂ ᠮᠦᠷᠤ ᠦᠷᠭᠡᠨ᠂ ᠪᠠᠶ᠎ᠠ ᠲᠡᠭᠡᠨ ᠪᠤᠰ ᠶᠢᠡᠷ ᠣᠶᠤᠭᠰᠠᠨ᠂ ᠦᠯᠵᠡᠢ ᠵᠠᠩᠭᠢᠶ᠎ᠠ ᠪᠠᠷ ᠡᠮᠵᠢᠶᠡᠷᠯᠡᠭ᠍ᠰᠡᠨ ᠣᠭᠠᠯᠵᠠ ᠲᠡᠶ ᠮᠤᠩᠭ᠋ᠤᠯᠵᠢᠨ ᠳᠡᠷᠯᠢᠭ᠌ ᠭᠡᠳᠦᠷᠴᠤ᠂ ᠭᠦᠯ ᠳᠡᠭᠡᠨ ᠪᠣᠷᠤ ᠥᠩᠭᠡᠳᠡᠢ ᠣᠶᠤᠮᠠᠯ ᠭᠤᠳᠤᠯ ᠡᠮᠦᠰᠤᠨ ᠳᠤᠠᠳᠠᠭᠤᠷ ᠶᠢᠡᠨ ᠨᠤᠭᠤᠭᠠᠨ ᠥᠩᠭᠡᠳᠡᠢ ᠳᠤᠷᠭᠠᠨ ᠪᠦᠰᠡ ᠪᠦᠰᠡᠯᠵᠡᠢ᠃ ᠭᠦᠵᠦᠭᠦᠨ ᠳᠡᠭᠡᠨ ᠴᠠᠭᠠᠨ ᠬᠠᠳᠠᠭ ᠵᠡᠭᠦᠵᠤ᠂ ᠭᠠᠷ ᠲᠠᠭᠠᠨ ᠴᠠᠭᠠᠰᠤᠨ᠎ᠠ ᠪᠢᠴᠢᠭ᠍ᠰᠡᠨ ᠢᠷᠦᠭᠡᠯ ᠶᠢᠡᠨ ᠠᠳᠬᠤᠨ᠂ ᠣᠯᠠᠨ ᠤ ᠡᠮᠦᠨ᠎ᠡ ᠪᠠᠭᠠᠳᠤᠷᠯᠢᠭ ᠪᠦᠭᠡᠳ ᠡᠶᠡᠪᠠᠷᠭᠦᠤ᠂ ᠡᠷᠳᠡᠮᠳᠡᠢ ᠪᠦᠭᠡᠳ ᠡᠨᠡᠷᠢᠩᠭᠦᠢ ᠳᠦᠷᠢ ᠲᠡᠶ ᠨᠢᠭᠡᠨ ᠮᠤᠩᠭ᠋ᠤᠯ ᠡᠷ᠎ᠡ ᠢᠯᠠᠷᠠᠪᠠ᠃

ᠨᠠᠢ᠌ᠮᠠᠨ ᠪᠣᠶᠠᠠᠳᠤ ᠭᠡᠭᠡᠨ ᠣᠪᠣᠭᠠᠨ ᠤ ᠢᠷᠦᠭᠡᠯ ᠤᠨ ᠥᠭᠡ᠄

ᠣᠮ ᠮᠠ ᠬᠤᠩ᠂ ᠣᠮ ᠮᠠ ᠬᠤᠩ᠂

ᠭᠦᠭᠡ ᠮᠥᠩᠭᠦᠨ ᠳᠡᠭ᠍ᠷᠢ

ᠭᠦᠷᠦᠰᠳᠤ ᠠᠯᠳᠠᠨ ᠳᠡᠯᠡᠭᠡᠢ

ᠬᠠᠪᠣᠳᠤ ᠬᠠᠰᠠᠷ ᠤᠨ ᠬᠣᠢ᠌ᠴᠢᠰ

ᠬᠤᠷᠴᠢᠨ ᠮᠤᠩᠭ᠋ᠤᠯᠵᠢᠨ ᠤ ᠦᠷᠠᠰ

ᠴᠢᠨ ᠸᠠᠩ ᠨᠤᠶᠠᠨ ᠤ ᠭᠡᠰᠢᠭ᠌

ᠬᠠᠨ ᠸᠠᠩ ᠨᠤᠶᠠᠨ ᠤ ᠪᠣᠶᠠᠨ

ᠬᠠᠷᠠᠴᠤ ᠠᠷᠠᠤᠨ ᠤᠨ ᠰᠢᠳᠦᠭᠡᠨ

ᠭᠤᠪᠢ ᠠᠢ᠌ᠮᠠᠭ ᠤᠨ ᠳᠠᠭᠢᠯᠭ᠎ᠠ

ᠨᠠᠢ᠌ᠮᠠᠨ ᠪᠣᠶᠠᠠᠳᠤ ᠭᠡᠭᠡᠨ ᠣᠪᠣᠭ᠎ᠠ

ᠨᠠᠢ᠌ᠷᠠᠮᠳᠠᠭᠤ ᠣᠷᠤᠰᠢᠯᠠᠭᠤᠯᠬᠤ ᠢᠷᠦᠭᠡᠯ ᠤᠨ ᠣᠪᠣᠭ᠎ᠠ

ᠨᠠᠢ᠌ᠳᠠ ᠣᠯᠠᠨ ᠤ ᠰᠥᠵᠢᠭ᠌ ᠤᠨ ᠣᠪᠣᠭ᠎ᠠ

ᠨᠠᠰᠤᠨ ᠳᠤᠷᠰᠢᠭᠢ ᠮᠥᠩᠭᠡ ᠶᠢᠨ ᠣᠪᠣᠭ᠎ᠠ

ᠣᠮ ᠮᠠ ᠬᠤᠩ᠂ ᠣᠮ ᠮᠠ ᠬᠤᠩ᠂

ᠬᠤᠷ᠎ᠠ ᠪᠣᠷᠤᠭᠠᠨ ᠢ ᠭᠦᠷᠳᠡᠭᠡᠵᠤ

ᠬᠤᠳᠠᠯ ᠦᠨᠡᠨ ᠢ ᠢᠯᠭᠠᠵᠤ

ᠲᠦᠮᠡᠨ ᠤ ᠭᠦᠰᠡᠯ ᠢ ᠭᠦᠢᠴᠡᠭᠡᠵᠤ

ᠳᠠᠶᠠᠨ ᠤ ᠰᠡᠳᠭᠢᠯ ᠢ ᠠᠮᠤᠷᠵᠢᠭᠤᠯᠤᠨ

ᠭᠡᠢ᠌ᠮᠦᠷᠢ ᠶᠢ ᠮᠠᠠᠳᠤᠭᠤᠯᠤᠨ

ᠭᠡᠰᠢᠭ᠌ ᠪᠣᠶᠠᠨ ᠢ ᠬᠤᠷᠣᠢ᠌ᠯᠠᠨ

ᠳᠡᠭᠡᠳᠦᠰ ᠤᠨ ᠰᠦᠷ ᠢ ᠮᠠᠠᠳᠤᠭᠤᠯᠤᠨ

ᠳᠡᠯᠭᠡᠷ ᠵᠢᠯ ᠢ ᠣᠯᠭᠤᠵᠤ

ᠡᠪᠡᠳᠴᠢᠨ ᠳᠠᠬᠤᠯ ᠦᠭᠡᠶ

ᠡᠩᠭᠡ ᠲᠦᠪᠰᠢᠨ ᠪᠣᠯᠭᠠᠵᠤ

ᠬᠤᠤᠷᠳᠠᠨ ᠳᠠᠢ᠌ᠰᠤᠨ ᠦᠭᠡᠶ

ᠬᠤᠳᠠᠯᠠ ᠲᠦᠮᠡᠨ ᠢ ᠡᠩᠭᠡᠵᠢᠭᠦᠯᠦᠭ᠍ᠰᠡᠨ

ᠨᠠᠢ᠌ᠮᠠᠨ ᠪᠣᠶᠠᠠᠳᠤ ᠭᠡᠭᠡᠨ ᠣᠪᠣᠭ᠎ᠠ

ᠨᠠᠮᠰᠠᠷᠠᠢ ᠪᠣᠷᠬᠠᠨ ᠤ ᠠᠳᠢᠰ ᠤᠨ ᠣᠪᠣᠭ᠎ᠠ

ᠨᠠᠢ᠌ᠮᠠᠨ ᠵᠥᠭ᠌ ᠤᠨ ᠠᠳᠢᠰ ᠤᠨ ᠣᠪᠣᠭ᠎ᠠ

ᠨᠠᠰᠤᠳᠠᠨ ᠵᠢᠷᠭᠠᠬᠤ ᠶᠢᠨ ᠢᠷᠦᠭᠡᠯ ᠤᠨ ᠣᠪᠣᠭ᠎ᠠ

ᠣᠮ ᠮᠠ ᠬᠤᠩ᠂ ᠣᠮ ᠮᠠ ᠬᠤᠩ᠂

ᠬᠤᠷᠤᠢ᠂ ᠬᠤᠷᠤᠢ᠂ ᠬᠤᠷᠤᠢ᠃

ᠪᠦᠭᠦᠳᠡ ᠣᠯᠠᠨ ᠶᠢᠡᠷ ᠪᠣᠰᠤᠨ ᠵᠤᠭᠰᠤᠵᠤ᠂ ᠢᠷᠦᠭᠡᠯᠴᠢ ᠲᠡᠶ ᠬᠠᠮᠳᠤ ᠦᠨᠳᠦᠷ ᠳᠠᠭᠤᠨ ᠶᠢᠡᠷ ᠬᠠᠮᠳᠤᠪᠠᠷ ᠶᠢᠡᠨ 《ᠬᠤᠷᠤᠢ᠂ ᠬᠤᠷᠤᠢ᠂ ᠬᠤᠷᠤᠢ︕》 ᠭᠡᠵᠤ ᠬᠤᠷᠣᠢ᠌ᠯᠠᠨ ᠣᠷᠢᠶᠠᠯᠠᠨ᠎ᠠ᠃ ᠫᠣᠩᠰᠤᠭ ᠨᠠᠷᠠᠨ ᠤ ᠪᠠᠢ᠌ᠳᠠᠯ ᠢ ᠦᠵᠡᠵᠤ᠂ ᠣᠯᠠᠨ ᠤ ᠡᠰᠡᠷᠭᠦ᠄

᠊᠊᠊᠊᠊᠊᠊᠊᠊᠊᠊᠊᠊᠊᠊ ᠣᠳᠤ ᠬᠠᠷᠢᠶᠠᠳᠤ ᠰᠦᠮ᠎ᠡ ᠶᠢᠨ ᠳ᠋ᠠ ᠯᠠᠮ᠎ᠠ ᠡᠴᠡ 《ᠶᠡᠭᠡ ᠭᠦᠯᠭᠡᠨ ᠰᠤᠳᠤᠷ》 ᠢ ᠣᠩᠰᠢᠨ᠎ᠠ ᠭᠡᠵᠤ ᠵᠠᠷᠯᠠᠪᠠ᠃

ᠰᠤᠳᠤᠷ ᠤᠨ ᠣᠩᠰᠢᠯᠭ᠎ᠠ ᠶᠢᠨ ᠳᠠᠷᠠᠭ᠎ᠠ ᠳ᠋ᠠ ᠯᠠᠮ᠎ᠠ ᠡᠴᠡ ᠮᠤᠩᠭ᠋ᠤᠯ ᠲᠦᠮᠡᠨ ᠳᠡᠭᠡᠨ ᠠᠳᠢᠰ ᠭᠦᠷᠳᠡᠭᠡᠵᠤ ᠰᠤᠩ ᠬᠠᠢ᠌ᠷᠠᠯᠠᠪᠠ᠃ ᠫᠣᠩᠰᠤᠭ ᠡᠴᠡ ᠳᠠᠭᠢᠨ᠄

᠊᠊᠊᠊᠊᠊᠊᠊᠊᠊᠊᠊᠊᠊᠊ ᠣᠯᠠᠨ ᠮᠤᠩᠭ᠋ᠤᠯ ᠲᠦᠮᠡᠨ ᠮᠢᠨᠢ︕ ᠣᠳᠤ ᠠᠢ᠌ᠮᠠᠭ ᠤᠨ ᠨᠤᠶᠠᠨ ᠡᠴᠡ ᠣᠷᠤᠨ ᠨᠤᠳᠤᠭ ᠤᠨ ᠡᠩᠭᠡ ᠠᠮᠤᠭᠤᠯᠠᠩ ᠤᠨ ᠳᠤᠬᠠᠢ ᠥᠭᠡ ᠶᠠᠷᠢᠨ᠎ᠠ ᠭᠡᠵᠤ ᠵᠠᠷᠯᠠᠪᠠ᠃

ᠠᠢ᠌ᠮᠠᠭ ᠤᠨ ᠨᠤᠶᠠᠨ ᠰᠠᠮᠫᠢᠯ ᠣᠯᠠᠨ ᠤ ᠡᠮᠦᠨ᠎ᠡ ᠢᠯᠡᠷᠡᠭᠦ ᠳᠤ ᠭᠦᠮᠦᠰ ᠤᠨ ᠨᠢᠳᠤᠨ ᠳᠤ ᠡᠩ ᠤᠨ ᠪᠦᠭᠡᠳ ᠶᠡᠭᠡᠮᠰᠦᠭ᠌᠂ ᠡᠴᠢᠨ᠎ᠡ ᠪᠦᠭᠡᠳ ᠪᠣᠷᠤᠭᠵᠢᠭᠤᠨ᠂ ᠪᠣᠳᠤᠯᠭᠠᠳᠠᠢ ᠪᠦᠭᠡᠳ ᠣᠬᠠᠭᠠᠯᠢᠭ ᠳᠦᠷᠢ ᠢᠯᠠᠷᠪᠠ᠃ ᠦᠪᠴᠢ ᠪᠠᠶ᠎ᠠ ᠳᠡᠭᠡᠨ ᠴᠢᠨ ᠸᠠᠩ ᠤᠨ ᠬᠤᠪᠴᠠᠰᠤ ᠡᠮᠦᠰᠴᠤ᠂ ᠭᠦᠵᠦᠭᠦᠨ ᠳᠡᠭᠡᠨ ᠮᠠᠨᠢ ᠵᠡᠭᠦᠵᠤ᠂ ᠳᠤᠯᠤᠭᠠᠢ ᠳᠠᠭᠠᠨ ᠣᠯᠠᠭᠠᠨ ᠵᠢᠯᠠᠭ᠎ᠠ ᠲᠡᠶ ᠮᠠᠨᠤ ᠡᠷᠳᠡᠨᠢ ᠶᠢᠡᠷ ᠴᠤᠭᠴᠠᠯᠠᠭᠰᠠᠨ ᠵᠢᠩᠰᠠ ᠲᠡᠶ ᠣᠳᠤᠭ᠎ᠠ ᠳᠤ ᠮᠠᠯᠠᠭᠠᠢ ᠳᠠᠷᠤᠨ᠂ ᠭᠦᠯ ᠳᠡᠭᠡᠨ ᠭᠦᠩᠭᠡᠨ ᠣᠯᠠ ᠲᠡᠶ ᠪᠣᠯᠭ᠎ᠠ ᠶᠢᠨ ᠠᠷᠠᠰᠤᠨ ᠭᠤᠳᠤᠯ ᠢᠰᠭᠦᠯᠤᠨ᠂ ᠨᠢᠭᠦᠯ ᠪᠣᠶᠠᠨ ᠢ ᠬᠠᠮᠳᠤ ᠳᠤ ᠨᠢ ᠰᠢᠩᠭᠡᠭ᠍ᠰᠡᠨ ᠰᠢᠷᠠᠪᠳᠤᠷ ᠴᠢᠷᠠᠢ᠂ ᠪᠠᠭᠠᠬᠠᠨ ᠰᠠᠬᠠᠯ᠂ ᠡᠷᠢᠶᠡᠡᠳᠦᠭ᠍ᠰᠡᠨ ᠬᠤᠭᠤᠯᠠᠢ ᠲᠡᠶ ᠨᠢᠭᠡᠨ ᠦᠶ᠎ᠡ ᠶᠢᠨ ᠹᠢᠤᠳᠠᠯ ᠤᠨ ᠨᠤᠶᠠᠨ ᠪᠠᠢ᠌ᠵᠤᠬᠤᠢ᠃

᠊᠊᠊᠊᠊᠊᠊᠊᠊᠊᠊᠊᠊᠊᠊ ᠣᠠᠯᠠ ᠣᠯᠠᠨ ᠮᠤᠩᠭ᠋ᠤᠯᠴᠤᠳ ᠮᠢᠨᠢ᠂ ᠠᠢ᠌ᠮᠠᠭ ᠨᠤᠳᠤᠭ ᠤᠨ ᠨᠤᠶᠠᠤᠨ ᠵᠢᠩᠰᠠᠳᠠᠤᠨ ᠮᠢᠨᠢ᠂ ᠦᠨᠦᠳᠤᠷ ᠡᠨᠡᠭᠦ ᠨᠠᠢ᠌ᠮᠠᠨ ᠪᠣᠶᠠᠠᠳᠤ ᠭᠡᠭᠡᠨ ᠣᠪᠣᠭᠠᠨ ᠤ ᠨᠠᠢ᠌ᠷ ᠡᠴᠡ ᠨᠤᠳᠤᠭ ᠣᠰᠤᠨ ᠤ ᠪᠠᠨ ᠠᠮᠤᠷ ᠲᠦᠪᠰᠢᠨ᠂ ᠪᠠᠶᠠᠨ ᠴᠢᠨᠡᠭᠡᠯᠢᠭ᠌ ᠤᠨ ᠲᠦᠯᠦᠭᠡ ᠳᠤᠭᠢᠷᠠᠮᠵᠢᠳᠠᠢ ᠠᠷᠭ᠎ᠠ ᠵᠥᠪᠳᠡᠯᠴᠡᠭᠦ ᠳᠤᠬᠠᠢ ᠶᠠᠴᠢᠯᠴᠠᠬᠤ ᠶᠢ ᠣᠠᠴᠠ ᠴᠢᠬᠤᠯᠴᠢᠯᠠᠨ᠂ ᠳᠠ ᠨᠡᠷ ᠡᠴᠡ ᠰᠠᠨᠠᠯ ᠪᠣᠳᠤᠯ ᠰᠤᠯᠢᠯᠴᠠᠬᠤ ᠪᠠᠷ ᠵᠤᠷᠢᠵᠤ ᠨᠠᠢ᠌ᠷ ᠤᠨ ᠡᠭᠢᠯᠡᠯᠳᠡ ᠪᠣᠯᠭᠠᠵᠤ ᠪᠠᠢ᠌ᠨ᠎ᠠ ᠭᠡᠵᠤ ᠰᠠᠮᠫᠢᠯ ᠨᠤᠶᠠᠨ ᠶᠠᠷᠢᠪᠠ᠃ ᠳᠡᠭᠡᠭᠦ ᠳᠤ ᠨᠠᠮᠰᠠᠷᠠᠢ ᠪᠠᠶᠠᠨ ᠤ ᠪᠢᠴᠢᠭᠡᠴᠢ ᠳᠦᠭᠦᠷᠡᠩᠰᠡᠩ᠄

᠊᠊᠊᠊᠊᠊᠊᠊᠊᠊᠊᠊᠊᠊᠊ ᠨᠤᠶᠠᠨ ᠮᠢᠨᠢ ᠡ︕ ᠡᠨᠡ ᠠᠰᠠᠭᠤᠳᠠᠯ ᠪᠣᠯ ᠮᠠᠨ ᠤ ᠭᠤᠪᠢ ᠠᠢ᠌ᠮᠠᠭ ᠤᠨ ᠮᠠᠯᠴᠢᠳ ᠲᠤ ᠰᠦᠷᠡᠭᠡᠢ ᠳᠠᠷᠤᠯᠳᠠ ᠪᠣᠯᠵᠤ ᠪᠠᠢ᠌ᠭ᠎ᠠ ᠠᠰᠠᠭᠤᠳᠠᠯ᠂ ᠭᠡᠳᠤᠨ ᠵᠢᠯ ᠤᠨ ᠳᠤᠷᠰᠢ ᠳᠠᠮᠠᠴᠠᠯ ᠭᠢᠭᠡᠳ ᠶᠠᠷᠤᠨᠢ ᠲᠤᠢ᠌ᠯᠪᠣᠷᠢᠳᠠᠢ ᠳᠡᠢ᠌ᠯᠦᠭ᠍ᠰᠡᠨ ᠦᠭᠡᠶ᠂ ᠣᠳᠤ ᠰᠤᠨᠤᠰᠬᠤ ᠳᠤ ᠳᠢᠶᠠᠭᠤᠤ ᠶᠢᠨ ᠳᠡᠭᠡᠷᠡᠮ ᠨᠢᠭᠡᠨᠲᠡ ᠦᠯᠵᠡᠢ᠌ᠮᠦᠷᠠᠨ ᠤ ᠳᠡᠭᠡᠷ᠎ᠡ ᠪᠠᠢ᠌ᠬᠤ ᠰᠢᠷᠡᠭᠡᠳᠤ ᠶᠢᠨ ᠨᠤᠳᠤᠭ ᠢ ᠴᠦᠯᠪᠠᠵᠤ ᠪᠠᠢ᠌ᠬᠤ ᠰᠤᠷᠠᠭ ᠲᠡᠶ᠃ ᠠᠯᠢ ᠨᠢᠭᠡ ᠡᠳᠦᠷ ᠮᠠᠨ ᠤ ᠠᠢ᠌ᠮᠠᠭ ᠤᠨ ᠤᠢ᠌ᠷ᠎ᠡ ᠭᠢᠵᠠᠭᠠᠷ ᠲᠤ ᠢᠷᠡᠭᠦ ᠪᠣᠯᠵᠠᠰᠢ ᠦᠭᠡᠶ᠂ ᠳᠠᠢ᠌ᠮᠤ ᠡᠴᠡ ᠪᠢᠳᠠ ᠠᠷᠠᠤᠨ ᠣᠯᠠᠨ ᠲᠡᠶ ᠬᠤᠯᠪᠣᠭᠠᠯᠠᠨ᠂ ᠳᠠᠳᠠᠨ ᠲᠡᠶ ᠥᠭᠦᠵᠤ ᠰᠡᠭᠡᠭᠦ ᠶᠢᠨ ᠳᠠᠮᠠᠴᠠᠯ ᠭᠢᠭᠦ ᠪᠠᠷ ᠪᠣᠳᠤᠵᠤ ᠪᠠᠢ᠌ᠨ᠎ᠠ ᠭᠡᠪᠡ᠃ ᠰᠸᠷᠠᠪ ᠪᠠᠶᠠᠨ ᠦᠨᠳᠠᠢ᠌ᠨ ᠪᠣᠰᠴᠤ᠄

᠊᠊᠊᠊᠊᠊᠊᠊᠊᠊᠊᠊᠊᠊᠊ ᠮᠢᠨᠤ ᠥᠵᠡᠭᠦ ᠪᠠᠷ ᠮᠤᠩᠭ᠋ᠤᠯᠵᠢᠨ ᠭᠤᠷᠯᠤᠰ ᠤᠨ ᠪᠠᠭᠠᠳᠤᠷ ᠢᠳᠠᠳᠠᠨ ᠪᠠ ᠳᠠᠷᠬᠠᠨ ᠤ ᠮᠠᠢ᠌ᠷᠠᠨ ᠨᠡᠷ ᠲᠡᠶ ᠬᠤᠯᠪᠣᠭᠠᠯᠠᠨ ᠳᠢᠶᠠᠭᠤᠤ ᠶᠢᠨ ᠳᠡᠭᠡᠷᠡᠮ ᠢ ᠣᠰᠠᠳᠬᠠᠪᠠᠯ ᠮᠠᠨ ᠤ ᠳᠠᠯ᠎ᠠ ᠶᠢᠨ ᠬᠤᠭᠢᠷᠠᠯ ᠳᠠᠮᠠᠢ ᠭᠠᠷᠬᠤ ᠦᠭᠡᠶ᠂ ᠣᠯᠠᠨ ᠳᠠᠯ᠎ᠠ ᠶᠢᠨ ᠠᠰᠢᠭ ᠶᠢ ᠣᠯᠵᠤ ᠪᠣᠯᠤᠨ᠎ᠠ ᠭᠡᠪᠡ᠃ ᠭᠡᠡᠵᠦᠦᠷ ᠪᠠᠶᠠᠨ ᠦᠨᠳᠠᠢ᠌ᠨ ᠪᠣᠰᠴᠤ᠄

᠊᠊᠊᠊᠊᠊᠊᠊᠊᠊᠊᠊᠊᠊᠊ ᠮᠢᠨᠤ ᠥᠵᠡᠭᠦ ᠪᠠᠷ ᠳᠢᠶᠠᠭᠤᠤ ᠶᠢᠨ ᠳᠡᠭᠡᠷᠡᠮ ᠥᠨᠡ᠊ᠨᠳᠡᠭᠡᠨ ᠳᠠᠢ᠌ᠮᠤ ᠠᠢ᠌ᠬᠤᠪᠳᠤᠷ ᠪᠢᠰᠢ᠂ ᠵᠥᠪᠭᠡᠨ ᠮᠠᠨ ᠤ ᠠᠢ᠌ᠮᠠᠭ ᠤᠨ ᠡᠯ᠎ᠡ ᠡᠳᠡᠭᠡᠳ ᠪᠠ ᠠᠷᠠᠤᠨ ᠲᠦᠮᠡᠨ ᠭᠦᠴᠤ ᠰᠡᠳᠭᠢᠯ ᠬᠠᠮᠳᠤᠷᠠᠪᠠᠯ ᠳᠡᠭᠦᠨ ᠤ ᠵᠢᠷᠦᠭᠡ ᠶᠢ ᠨᠢ ᠠᠪᠴᠤ ᠰᠦᠰᠦ ᠶᠢ ᠨᠢ ᠮᠤᠬᠤᠭᠠᠵᠤ ᠳᠡᠢ᠌ᠯᠭᠦ ᠰᠢᠭ᠌ ᠪᠣᠳᠤᠭᠳᠠᠨ᠎ᠠ ᠭᠡᠪᠡ᠃ ᠳᠡᠭᠡᠳᠡᠯ᠎ᠡ ᠠᠷᠠᠤᠨ ᠲᠦᠮᠡᠨ ᠤ ᠳᠤᠮᠳᠠ ᠡᠴᠡ ᠣᠷᠠᠢ ᠵᠠᠯᠠᠭᠤᠴᠤᠳ ᠰᠠᠨᠠᠯ ᠶᠢᠡᠨ ᠡᠷᠭᠦᠪᠡ᠃ ᠡᠭᠦᠨ ᠳᠤ ᠴᠤᠬᠤᠷᠳᠤ ᠨᠤᠳᠤᠭ ᠤᠨ ᠮᠠᠯᠴᠢᠨ ᠵᠠᠯᠠᠭᠤ ᠳ᠋ᠠᠮᠪᠠ ᠪᠣᠰᠴᠤ᠄

᠊᠊᠊᠊᠊᠊᠊᠊᠊᠊᠊᠊᠊᠊᠊ ᠮᠢᠨᠤ ᠥᠵᠡᠭᠦ ᠪᠠᠷ ᠭᠡᠡᠵᠦᠦᠷ ᠪᠠᠶᠠᠨ ᠤ ᠥᠭᠡ ᠵᠤᠭᠢᠰᠳᠠᠢ᠂ ᠣᠴᠢᠷ ᠨᠢ ᠡᠮᠦᠨ᠎ᠡ ᠣᠷᠤᠨ ᠳᠤ ᠭᠢᠳᠠᠤᠨ ᠤᠨ ᠨᠠᠢ᠌ᠮᠠᠨ ᠵᠠᠮ ᠤᠨ ᠴᠡᠷᠢᠭ᠌ ᠭᠡᠵᠤ ᠮᠠᠠᠳᠤᠨ᠂ ᠳᠡᠳᠡᠭᠡᠷ ᠳᠡᠭᠡᠷᠡᠮ ᠤᠳ ᠢ ᠱᠥᠭᠦᠷᠳᠡᠵᠤ ᠪᠠᠢ᠌ᠨ᠎ᠠ ᠭᠡᠨ᠎ᠡ᠃ ᠭᠡᠷᠪᠡ ᠨᠤᠶᠠᠨ ᠳᠠ ᠭᠦᠮᠤᠨ ᠵᠠᠷᠤᠵᠤ ᠳᠠᠳᠠᠨ ᠢ ᠨᠤᠳᠤᠭ ᠳᠠᠰᠢ ᠵᠠᠯᠠᠪᠠᠯ ᠪᠢᠳᠠᠨ ᠳᠤ ᠯᠠᠪ ᠳᠤᠰᠠ ᠪᠣᠯᠵᠤ᠂ ᠢᠷᠡᠭᠡᠳᠦᠢ ᠯᠠᠪ ᠰᠠᠷᠠᠭᠤᠯ ᠰᠠᠢ᠌ᠬᠠᠨ ᠪᠣᠯᠤᠨ᠎ᠠ᠃ ᠣᠴᠢᠷ ᠨᠢ ᠮᠠᠨ ᠤ ᠭᠦᠴᠤ ᠮᠡᠭᠦᠰ᠂ ᠴᠢᠳᠠᠯ ᠳᠤᠷᠤᠢ᠂ ᠮᠡᠳᠡᠯᠭᠡ ᠪᠠᠭ᠎ᠠ᠂ ᠭᠢᠳᠠᠤᠨ ᠤᠨ ᠰᠢᠨ᠎ᠠ ᠰᠤᠷᠭᠤᠭ ᠰᠤᠶᠤᠯ ᠢ ᠭᠦᠯᠢᠶᠡᠭᠦ ᠴᠢᠬᠤᠯᠳᠠᠢ᠂ ᠡᠢ᠌ᠮᠤ ᠡᠴᠡ ᠳᠠᠳᠠᠨ ᠡᠴᠡ ᠳᠡᠮᠵᠢᠯᠭᠡ ᠭᠦᠰᠡᠪᠠᠯ ᠵᠤᠭᠢᠬᠤ ᠰᠢᠭ᠌ ᠰᠠᠨᠠᠭᠳᠠᠨ᠎ᠠ ᠭᠡᠵᠤ ᠶᠠᠷᠢᠪᠠ᠃ ᠡᠭᠦᠨ ᠳᠤ ᠣᠯᠠᠨ ᠲᠦᠮᠡᠨ ᠱᠤᠤᠭᠢᠯᠳᠤᠨ ᠣᠢ᠌ᠮᠠᠵᠤ᠂ ᠶᠠᠷᠢᠯᠴᠠᠵᠤ ᠪᠠᠢ᠌ᠬᠤ ᠰᠢᠭ᠌᠂ ᠰᠤᠳᠤᠯᠵᠤ ᠪᠠᠢ᠌ᠬᠤ ᠰᠢᠭ᠌ ᠣᠢ᠌ᠮᠠᠯᠳᠤᠨ᠎ᠠ᠃ ᠨᠢᠭᠡ ᠵᠡᠷᠭᠡ ᠣᠳᠠᠭᠰᠠᠨ ᠤ ᠳᠠᠷᠠᠭ᠎ᠠ ᠰᠠᠮᠫᠢᠯ ᠨᠤᠶᠠᠨ᠄

᠊᠊᠊᠊᠊᠊᠊᠊᠊᠊᠊᠊᠊᠊᠊ ᠨᠤᠶᠠᠨ ᠰᠠᠢ᠌ᠳ ᠳᠠᠨᠠᠷ ᠤᠨ ᠥᠵᠡᠭᠦ ᠪᠠᠷ ᠦᠨᠦ ᠵᠠᠯᠠᠭᠤ ᠶᠢᠨ ᠶᠠᠷᠢᠶ᠎ᠠ ᠶᠤᠰᠤ ᠲᠡᠶ ᠦᠦ︖ ᠦᠭᠡᠶ ᠦᠦ︖ ᠭᠡᠭᠦ ᠳᠤ ᠫᠣᠩᠰᠤᠭ ᠬᠠᠵᠠᠭᠤ ᠳ᠋ᠦᠨᠢ ᠭᠦᠷᠴᠤ᠄

᠊᠊᠊᠊᠊᠊᠊᠊᠊᠊᠊᠊᠊᠊᠊ ᠦᠨᠡᠨ ᠢ ᠭᠡᠯᠡᠭᠦ ᠳᠤ ᠵᠤᠭᠢᠰᠳᠠᠢ᠂ ᠭᠡᠪᠠᠴᠤ ᠮᠠᠨ ᠤ ᠡᠪᠦᠭᠡ ᠳᠡᠭᠡᠳᠦᠰ ᠴᠢᠩᠭᠢᠰ ᠪᠣᠭᠳᠠ ᠳᠡᠯᠡᠭᠡᠢ ᠶᠢ ᠡᠵᠡᠯᠡᠵᠤ ᠶᠠᠪᠣᠬᠤ ᠳᠠᠭᠠᠨ ᠶᠠᠷᠤᠨᠢ ᠭᠢᠳᠠᠤᠨ ᠡᠴᠡ ᠳᠤᠰᠠᠯᠠᠮᠵᠢ ᠭᠤᠶᠤᠭᠰᠠᠨ ᠳᠡᠦᠭᠡ ᠪᠠᠢ᠌ᠳᠠᠭ ᠦᠭᠡᠶ᠃ ᠳᠠᠢ᠌ᠮᠤ ᠡᠴᠡ ᠮᠢᠨᠤ ᠥᠵᠡᠭᠦ ᠪᠠᠷ ᠨᠢᠭᠤᠷ ᠲᠤ ᠭᠦᠷᠦᠮᠡᠷ ᠰᠠᠨᠠᠭᠳᠠᠨ᠎ᠠ᠃ ᠭᠡᠭᠦ ᠳᠤ ᠰᠠᠮᠫᠢᠯ ᠨᠤᠶᠠᠨ ᠰᠤᠨᠤᠰᠴᠤ ᠳᠠᠭᠤᠰᠤᠭᠰᠠᠨ ᠤ ᠳᠠᠷᠠᠭ᠎ᠠ ᠶᠡᠭᠡᠪᠠᠷ ᠠᠭᠤᠷ ᠭᠦᠷᠴᠤ ᠰᠢᠷᠡᠭᠡ ᠠᠯᠭᠠᠳᠠᠨ ᠪᠣᠰᠴᠤ᠄

᠊᠊᠊᠊᠊᠊᠊᠊᠊᠊᠊᠊᠊᠊᠊ ᠲ᠋ᠠᠷᠠ ᠭᠡᠨ ᠤ ᠭᠡᠷ ᠤᠨ ᠨᠤᠬᠠᠢ︖ ᠭᠡᠵᠤ ᠳᠡᠯᠪᠠᠭᠡᠨᠡᠨ ᠬᠠᠰᠭᠢᠷᠤᠨ᠎ᠠ᠃ ᠡᠨᠡ ᠦᠶ᠎ᠡ ᠳᠤ ᠴᠤᠬᠤᠷᠳᠤ ᠶᠢᠨ ᠪᠠᠶᠠᠨ ᠭᠡᠡᠵᠦᠦᠷ ᠭᠦᠶᠤᠨ ᠪᠣᠰᠴᠤ᠄

᠊᠊᠊᠊᠊᠊᠊᠊᠊᠊᠊᠊᠊᠊᠊ ᠠᠢ︕ ᠨᠤᠶᠠᠨ ᠠᠭᠤᠷ ᠶᠢᠡᠨ ᠳᠠᠷᠤ︕ ᠦᠨᠦ ᠴᠢᠨᠢ ᠮᠢᠨᠤ ᠬᠠᠷᠢᠶᠠᠳᠤ ᠪᠣᠭᠤᠯ ᠡ︕ ᠭᠡᠪᠡ᠃ ᠰᠠᠮᠫᠢᠯ ᠨᠤᠶᠠᠨ᠄

᠊᠊᠊᠊᠊᠊᠊᠊᠊᠊᠊᠊᠊᠊᠊ ᠪᠣᠢ᠌ᠳᠠ ᠴᠡᠪᠠᠭ᠍ᠵᠡᠪ ᠬᠠᠮᠢᠭ᠎ᠠ ᠪᠠᠢ᠌ᠨ᠎ᠠ︖ ᠬᠤᠷᠳᠤᠨ ᠳᠠᠷᠠ ᠵᠡᠯᠢᠭᠦᠤᠨ ᠪᠣᠭᠤᠯ ᠢ ᠪᠠᠷᠢᠪᠴᠢᠯᠠᠨ ᠨᠤᠳᠤᠭ ᠤᠨ ᠭᠢᠠᠳᠠᠨ ᠳᠤ ᠠᠪᠴᠤ ᠬᠤᠷᠢ︕ ᠭᠡᠪᠡ᠃ ᠳᠡᠭᠡᠭᠡᠳ ᠯᠠ ᠳ᠋ᠠᠮᠪᠠ ᠨᠢᠭᠡᠨ ᠠᠮᠠᠨ ᠪᠣᠷᠤᠭᠤ ᠶᠢᠡᠷ ᠬᠤᠷᠢᠭᠳᠠᠯ ᠪᠣᠯᠵᠤ ᠰᠠᠭᠤᠨ᠎ᠠ᠃ ᠫᠣᠩᠰᠤᠭ ᠶᠠᠭᠠᠷᠠᠪᠴᠢᠯᠠᠨ ᠣᠯᠠᠨ ᠤ ᠡᠮᠦᠨ᠎ᠡ ᠭᠠᠷᠴᠤ᠄

᠊᠊᠊᠊᠊᠊᠊᠊᠊᠊᠊᠊᠊᠊᠊ ᠣᠯᠠᠨ ᠲᠦᠮᠡᠨ ᠨᠠᠮᠵᠢᠭᠤᠨ ᠪᠠᠢ᠌ᠭᠠᠷᠠᠢ︕ ᠪᠢ ᠠᠢ᠌ᠮᠠᠭ ᠤᠨ ᠨᠤᠶᠠᠨ ᠢ ᠲᠦᠯᠦᠭᠡᠯᠡᠨ ᠭᠡᠳᠤ ᠥᠭᠡ ᠶᠠᠷᠢᠶ᠎ᠠ︕ ᠡᠳᠦᠭᠡ ᠶᠢᠨ ᠳ᠋ᠠᠮᠪᠠ ᠭᠡᠭ᠍ᠴᠢ ᠵᠠᠯᠠᠭᠤ ᠭᠡᠯᠡᠭ᠍ᠰᠡᠨ ᠥᠭᠡ ᠪᠠᠭᠠᠬᠠᠨ ᠠᠯᠳᠠᠭ᠎ᠠ ᠭᠠᠷᠤᠭᠰᠠᠨ ᠡᠴᠡ ᠬᠤᠷᠢᠭᠳᠠᠯ ᠪᠣᠯᠪᠠ᠃ ᠭᠡᠪᠠᠴᠤ ᠳᠠᠨᠠᠷ ᠪᠢᠳᠡᠭᠡᠢ ᠠᠶᠤᠨ ᠰᠤᠴᠢᠭᠠᠷᠠᠢ︕ ᠣᠴᠢᠷ ᠨᠢ ᠮᠠᠨ ᠤ ᠮᠤᠩᠭ᠋ᠤᠯ ᠤᠨ ᠳᠡᠭᠡᠳᠦᠰ ᠶᠠᠷᠤᠨᠢ ᠳᠡᠯᠡᠭᠡᠢ ᠶᠢ ᠡᠵᠡᠯᠡᠵᠤ ᠶᠠᠪᠣᠬᠤ ᠳᠠᠭᠠᠨ ᠭᠢᠳᠠᠤᠨ ᠤᠨ ᠳᠤᠰᠠᠯᠠᠮᠵᠢ ᠶᠢ ᠭᠦᠷᠳᠡᠭ᠍ᠰᠡᠨ ᠦᠭᠡᠶ᠂ ᠣᠴᠢᠷ ᠨᠢ ᠭᠢᠳᠠᠤᠨ ᠢ ᠳᠠᠷᠤᠩᠭ᠋ᠣᠢ᠌ᠯᠠᠨ ᠶᠠᠪᠣᠭᠰᠠᠨ ᠢᠷᠠᠭᠤ ᠳᠡᠦᠭᠡ ᠲᠡᠶ᠂ ᠡᠢ᠌ᠮᠤ ᠡᠴᠡ ᠳ᠋ᠠᠮᠪᠠ ᠭᠢᠳᠠᠤᠨ ᠤᠨ ᠴᠡᠷᠢᠭ᠌ ᠢ ᠵᠠᠯᠠᠵᠤ ᠠᠪᠴᠢᠷᠠᠬᠤ ᠳᠤᠬᠠᠢ ᠶᠠᠷᠢᠬᠤ ᠴᠢᠨᠢ ᠪᠠᠰᠠ ᠨᠢᠭᠡ ᠳᠠᠯ᠎ᠠ ᠳᠠᠭᠠᠨ ᠪᠠᠷᠰ ᠢ ᠠᠭᠤᠯᠠᠨ ᠡᠴᠡ ᠪᠠᠭᠤᠯᠭᠠᠨ ᠬᠤᠨᠢᠨ ᠰᠦᠷᠦᠭ᠌ ᠰᠠᠭᠢᠭᠤᠯᠤᠭᠰᠠᠨ ᠭᠡᠷᠡᠭ᠌ ᠪᠢᠰᠢᠤ︕ ᠳᠠᠷᠬᠠᠨ ᠤ ᠮᠠᠢ᠌ᠷᠠᠨ ᠶᠠᠭᠤᠨ ᠳᠤ ᠳᠠᠮᠠᠴᠠᠯ ᠭᠢᠵᠤ ᠪᠠᠢ᠌ᠬᠤ ᠪᠣᠢ︖ ᠣᠴᠢᠷ ᠨᠢ ᠳᠠᠷᠤᠢ ᠵᠡᠭᠦᠨ ᠬᠣᠢ᠌ᠳᠤ ᠶᠢᠨ ᠬᠣᠢ᠌ᠱᠠ ᠴᠡᠷᠢᠭ᠌ ᠢ ᠨᠤᠳᠤᠭ ᠣᠷᠤᠨ ᠳᠠᠭᠠᠨ ᠵᠠᠯᠠᠭᠰᠠᠨ ᠡᠴᠡ ᠣᠳᠤ ᠭᠠᠵᠠᠷ ᠨᠤᠳᠤᠭ ᠶᠢᠡᠨ ᠠᠯᠳᠠᠵᠤ᠂ ᠳᠡᠭᠡᠳᠦᠰ ᠤᠨ ᠣᠩᠭ᠋ᠤᠨ ᠭᠡᠭᠦᠷ ᠶᠢᠡᠨ ᠭᠦᠷᠳᠡᠯ᠎ᠡ ᠣᠷᠪᠠᠭᠤᠯᠠᠭᠳᠠᠨ᠂ ᠳᠠᠷᠢᠶᠠᠨ ᠭᠠᠵᠠᠷ ᠭᠠᠷᠭᠠᠨ᠂ ᠮᠠᠯᠴᠢᠨ ᠲᠦᠮᠡᠨ ᠠᠷᠭ᠎ᠠ ᠪᠣᠰᠤ ᠮᠥᠭ᠍ᠳᠡᠨ ᠭᠦᠷᠳᠡᠯ᠎ᠡ ᠵᠠᠷᠭᠤ ᠭᠢᠭ᠍ᠰᠡᠨ ᠴᠤ ᠳᠤᠰᠠ ᠭᠠᠷᠤᠭᠰᠠᠨ ᠦᠭᠡᠶ᠂ ᠡᠴᠦᠰ ᠲᠡᠭᠡᠨ ᠳᠠᠷᠠ ᠮᠠᠢ᠌ᠷᠠᠨ ᠪᠣᠰᠤᠯᠭ᠎ᠠ ᠭᠠᠷᠭᠠᠨ ᠭᠢᠳᠠᠤᠨ ᠲᠡᠶ ᠳᠠᠮᠠᠴᠠᠯ ᠭᠢᠯ᠎ᠠ︕ ᠳᠡᠭᠡᠭᠡᠳ ᠶᠠᠭᠠᠭᠢᠯ᠎ᠠ︕ ᠣᠳᠤ ᠭᠡᠷ ᠪᠠᠢ᠌ᠭᠠᠤᠨ ᠪᠣᠴᠠᠵᠤ ᠳᠡᠢ᠌ᠯᠡᠭᠦ ᠦᠭᠡᠶ᠂ ᠪᠣᠰᠤᠳ ᠤᠨ ᠨᠤᠳᠤᠭ ᠶᠢᠡᠷ ᠳᠠᠨᠤᠵᠤ ᠳᠠᠷᠪᠠᠨ ᠥᠨᠡᠭᠡᠷ ᠬᠠᠷᠠᠰᠠᠯᠳᠠᠢ ᠪᠢᠰᠢᠤ︕ ᠳᠠᠢ᠌ᠮᠤ ᠡᠴᠡ ᠭᠢᠳᠠᠤᠨ ᠭᠦᠮᠤᠨ ᠢ ᠢᠳᠡᠭᠡᠵᠤ ᠪᠣᠯᠬᠤ ᠦᠭᠡᠶ᠂ ᠡᠨᠡ ᠶᠠᠷᠢᠳᠢᠠᠴᠤ ᠳᠤ ᠮᠤᠩᠭ᠋ᠤᠯ ᠭᠦᠮᠤᠨ ᠰᠠ‍‌ᠶᠢ ᠬᠤᠭᠤᠷᠤᠠᠳᠤ ᠪᠠᠨ ᠪᠦᠯᠭᠦᠮᠳᠡᠨ ᠶᠠᠪᠣᠬᠤ ᠨᠢ ᠵᠤᠢ᠌᠂ ᠪᠦᠭᠦᠳᠡᠭᠡᠷ ᠣᠢ᠌ᠯᠭᠠᠬᠤ ᠭᠡᠷᠡᠭ᠍ᠳᠡᠢ᠂ ᠵᠦᠪ ᠣᠨᠤᠪᠴᠢᠳᠠᠢ ᠮᠡᠳᠡᠭᠦ ᠭᠡᠷᠡᠭ᠍ᠳᠡᠢ ᠭᠡᠵᠤ ᠳᠠᠢ᠌ᠤᠠᠬᠠᠷᠠᠯ ᠶᠤᠮ ᠦᠦ︖ ᠰᠠᠨᠠᠭᠤᠯᠤᠯ ᠶᠤᠮ ᠦᠦ︖ ᠪᠣᠤ ᠮᠠᠳᠠ︕ ᠡᠨᠡ ᠨᠢᠭᠡ ᠪᠠᠳᠠᠭ ᠥᠭᠡ ᠶᠢ ᠶᠠᠷᠢᠬᠤ ᠳᠤ ᠰᠤᠴᠢᠯ ᠠᠶᠤᠮᠰᠢᠭ ᠤᠨ ᠳᠤᠮᠳᠠᠭᠢ ᠣᠯᠠᠨ ᠲᠦᠮᠡᠨ ᠨᠠᠮ ᠵᠢᠮ ᠪᠣᠯᠵᠤ ᠵᠤᠭᠰᠤᠨ᠎ᠠ᠃ ᠵᠠᠯᠭᠠᠭᠠᠤᠨ ᠫᠣᠩᠰᠤᠭ᠄

᠊᠊᠊᠊᠊᠊᠊᠊᠊᠊᠊᠊᠊᠊᠊ ᠭᠡᠷᠪᠡ ᠪᠢᠳᠠᠨ ᠳᠢᠶᠠᠭᠤᠤ ᠶᠢᠨ ᠳᠡᠭᠡᠷᠡᠮ ᠢ ᠣᠰᠠᠳᠬᠠᠶ᠎ᠠ ᠭᠡᠪᠠᠯ᠂ ᠨᠤᠶᠠᠨ ᠤ ᠡᠨᠡ ᠳᠠᠪᠤᠨ ᠵᠤᠷᠪᠣᠰ ᠶᠢ ᠭᠦᠢᠴᠡᠳᠭᠡᠭᠦ ᠴᠢᠬᠤᠯᠠ ᠲᠡᠶ᠂ ᠡᠭᠦᠨ ᠳᠤ᠄ ⑴ᠨᠤᠳᠤᠭ ᠤᠨ ᠠᠷᠠᠤᠨ ᠲᠦᠮᠡᠨ ᠤ ᠰᠠᠢ᠌ᠨ ᠦᠷ᠎ᠡ ᠬᠡᠦᠬᠡᠳ ᠡᠴᠡ ᠰᠢᠯᠢᠳᠡᠭ᠌ ᠡᠷᠡᠴᠦᠳ ᠢ ᠴᠤᠭᠯᠠᠭᠤᠯᠤᠨ᠂ ᠨᠤᠳᠤᠭ ᠤᠨ ᠴᠡᠷᠢᠭ᠌ ᠶᠢ ᠪᠠᠢ᠌ᠭᠤᠯᠤᠨ᠎ᠠ᠃ ⑵ᠨᠤᠳᠤᠭ ᠤᠨ ᠭᠢᠯᠢ ᠭᠢᠵᠠᠭᠠᠷ ᠢ ᠰᠡᠷᠭᠡᠢ᠌ᠯᠡᠨ ᠬᠠᠮᠠᠭᠠᠯᠠᠵᠤ᠂ ᠭᠤᠷᠯᠤᠰ ᠮᠤᠩᠭ᠋ᠤᠯᠵᠢᠨ᠂ ᠳᠠᠷᠬᠠᠨ ᠤ ᠭᠢᠯᠢ ᠳᠠᠭᠤ ᠳ᠋ᠠᠭᠢ ᠮᠠᠯᠴᠢᠳ ᠢ ᠳᠤᠳᠤᠭᠰᠢ ᠨᠡᠭᠦᠯᠭᠡᠨ ᠣᠤᠯ ᠣᠷᠤᠨ ᠳ᠋ᠦᠨᠢ ᠭᠢᠯᠢ ᠶᠢᠨ ᠴᠡᠷᠢᠭ᠌ ᠰᠠᠭᠢᠵᠤ ᠰᠠᠭᠤᠨ᠎ᠠ᠃ ⑶ᠮᠤᠩᠭ᠋ᠤᠯ ᠪᠠᠶᠠᠤᠨ ᠨᠤᠶᠠᠤᠨ ᠴᠡᠷᠢᠭ᠌ ᠤᠨ ᠭᠦᠴᠤ ᠭᠦᠯᠦᠰᠤ᠂ ᠡᠮᠦᠰᠭᠦ ᠬᠤᠪᠴᠠᠰᠤ ᠬᠤᠨᠠᠷ᠂ ᠢᠳᠡᠭᠦ ᠪᠣᠳᠠᠭ᠎ᠠ᠂ ᠫᠣᠤ ᠵᠡᠪᠰᠡᠭ᠌ ᠵᠡᠷᠭᠡ ᠶᠢ ᠵᠤᠭᠤᠰ ᠮᠥᠩᠭᠦ ᠪᠠᠷ ᠳᠠᠮᠵᠢᠨ ᠳᠤᠰᠠᠯᠠᠬᠤ ᠭᠡᠷᠡᠭ᠍ᠳᠡᠢ᠃ ⑷ᠦᠷᠭᠡᠨ ᠣᠯᠠᠨ ᠲᠦᠮᠡᠨ ᠦᠷ᠎ᠡ ᠬᠡᠦᠬᠡᠳ ᠶᠢᠡᠨ ᠨᠤᠳᠤᠭ ᠤᠨ ᠴᠡᠷᠢᠭ᠌ ᠲᠤ ᠢᠳᠠᠪᠭᠢᠳᠠᠢ ᠣᠷᠤᠯᠴᠠᠭᠤᠯᠬᠤ ᠭᠡᠷᠡᠭ᠍ᠳᠡᠢ᠃ ᠬᠤᠶᠠᠷ ᠭᠦᠪᠠᠭᠦᠨ ᠲᠡᠶ ᠪᠣᠯ ᠨᠢᠭᠡ ᠨᠢ ᠴᠡᠷᠢᠭ᠌ ᠲᠤ ᠣᠷᠤᠨ᠎ᠠ᠂ ᠭᠤᠷᠪᠠᠨ ᠭᠦᠪᠠᠭᠦᠨ ᠲᠡᠶ ᠪᠣᠯ ᠬᠤᠶᠠᠷ ᠨᠢ ᠴᠡᠷᠢᠭ᠌ ᠲᠤ ᠣᠷᠤᠵᠤ ᠰᠦᠮ᠎ᠡ ᠳᠤ ᠣᠴᠢᠵᠤ ᠯᠠᠮ᠎ᠠ ᠶᠢᠨ ᠠᠯᠪᠠ ᠶᠢ ᠭᠦᠢᠴᠡᠳᠭᠡᠭᠦ ᠶᠢ ᠬᠤᠷᠢᠭᠯᠠᠨ᠎ᠠ᠃ ⑸ᠭᠦᠮᠤᠨ ᠶᠠᠪᠣᠭᠤᠯᠵᠤ ᠲᠦᠰᠢᠶᠠᠳᠤ ᠴᠢᠨ ᠸᠠᠩ ᠡᠴᠡ ᠴᠡᠷᠢᠭ᠌ ᠮᠤᠷᠢ ᠫᠣᠤ ᠵᠡᠪᠰᠡᠭ᠌ ᠭᠤᠶᠤᠵᠤ᠂ ᠳᠤᠳᠤᠷ᠎ᠠ ᠭᠠᠳᠠᠨ᠎ᠠ ᠡᠴᠡ ᠨᠢ ᠬᠠᠪᠴᠢᠨ ᠴᠤᠭᠢᠪᠠᠯ ᠪᠦᠭᠦᠳᠡᠭᠡᠷ ᠪᠦᠷᠢᠨ ᠳᠠᠢ᠌ᠯᠵᠤ ᠴᠢᠳᠠᠨ᠎ᠠ ᠭᠡᠭᠦ ᠳᠤ ᠳᠤᠭᠤᠢ ᠪᠠᠢ᠌ᠭᠰᠠᠨ ᠭᠦᠮᠦᠰ ᠳᠠᠭᠤ ᠲᠡᠶ ᠪᠣᠯᠵᠤ᠂ 《ᠳᠠᠭᠠᠷᠠᠵᠤ ᠪᠠᠢ᠌ᠨ᠎ᠠ᠂ ᠳᠠᠭᠠᠷᠠᠵᠤ ᠪᠠᠢ᠌ᠨ᠎ᠠ》 ᠭᠡᠵᠤ ᠬᠠᠰᠭᠢᠷᠴᠢᠬᠠᠨ᠎ᠠ᠃

ᠡᠨᠡ ᠣᠢ᠌ ᠲᠦᠮᠡᠨ ᠤ ᠣᠪᠣᠭᠠᠨ ᠨᠠᠢ᠌ᠷ ᠢᠩᠭᠢᠵᠤ ᠬᠠᠭᠠᠰ ᠬᠤᠭᠤᠰ ᠲᠡᠶ ᠡᠭᠢᠯᠡᠵᠤ ᠳᠠᠭᠤᠰᠤᠭ᠎ᠠ ᠦᠭᠡᠶ ᠪᠠᠷ ᠥᠢᠮᠡᠭᠡᠨ ᠳᠠᠪᠵᠢᠶᠠᠨ ᠪᠣᠯᠵᠤ᠂ ᠪᠠᠢ᠌ᠬᠤ ᠳᠤ ᠨᠢᠭᠡᠨ ᠴᠤᠬᠤᠷ ᠮᠤᠷᠢ ᠣᠨᠤᠭᠰᠠᠨ ᠬᠠᠳᠠᠩᠭᠢᠷ ᠡᠷ᠎ᠡ ᠣᠯᠠᠨ ᠤ ᠳᠤᠮᠳᠠ ᠡᠴᠡ ᠰᠡᠮᠡᠭᠡᠨ ᠭᠠᠷᠴᠤ ᠪᠠᠷᠠᠭᠤᠨ ᠡᠮᠦᠨᠡᠭᠢ ᠵᠡᠭᠡᠷᠭᠡᠡᠳᠤ ᠶᠢᠨ ᠵᠠᠮ ᠢ ᠡᠯᠭᠦᠨ ᠬᠣᠢ᠌ᠰᠢ ᠬᠠᠷᠠᠯ ᠦᠭᠡᠶ ᠳᠠᠪᠭᠢᠨ ᠣᠤᠠᠪᠠ᠃ ᠰᠠᠮᠫᠢᠯ ᠨᠤᠶᠠᠨ ᠣᠯᠠᠨ ᠤ ᠡᠮᠦᠨ᠎ᠡ ᠳᠠᠭᠢᠨ᠄

᠊᠊᠊᠊᠊᠊᠊᠊᠊᠊᠊᠊᠊᠊᠊ ᠡᠨᠡ ᠣᠳᠠᠭᠠᠨ ᠤ ᠨᠠᠢ᠌ᠷ ᠶᠢ ᠢᠩᠭᠢᠵᠤ ᠳᠠᠭᠤᠰᠭᠠᠶ᠎ᠠ︕ ᠳᠠᠷᠠᠭ᠎ᠠ ᠣᠳᠠᠭ᠎ᠠ ᠯᠠᠪ ᠨᠥᠭᠦᠪᠦᠷᠢᠯᠡᠨ ᠭᠦᠢᠴᠡᠳᠭᠡᠨ᠎ᠡ᠂ ᠡᠳᠦᠭᠡ ᠳᠠ ᠣᠯᠠᠨ ᠳᠤ ᠭᠡᠯᠡᠭᠦ ᠨᠢ ᠨᠠᠢ᠌ᠮᠠᠨ ᠰᠠᠷ᠎ᠠ ᠶᠢᠨ ᠨᠢᠭᠡᠨ ᠤ ᠡᠳᠦᠷ ᠪᠣᠯᠳᠠᠯ᠎ᠠ ᠣᠳᠤ ᠶᠢᠨ ᠵᠠᠷᠯᠢᠭ ᠢ ᠳᠠᠷᠠ ᠶᠤᠰᠤᠭᠠᠷ ᠪᠠᠶᠡᠯᠡᠭᠦᠯᠭᠦ ᠭᠡᠷᠡᠭ᠍ᠳᠡᠢ᠂ ᠳᠢᠶᠠᠭᠤᠤ ᠶᠢᠨ ᠳᠡᠭᠡᠷᠡᠮ ᠶᠢᠨ ᠣᠴᠢᠷ ᠪᠣᠯ ᠭᠦᠮᠦᠰᠭᠡ ᠰᠢᠳᠠᠮᠠᠷ ᠶᠠᠭᠠᠷᠠᠤ ᠪᠣᠯᠤᠭᠰᠠᠨ ᠳᠤᠯᠠ ᠢᠯᠠᠯᠳᠠ ᠶᠢᠨ ᠲᠦᠯᠦᠭᠡ ᠬᠠᠮᠳᠤᠪᠠᠷ ᠴᠢᠷᠮᠠᠢ᠌ᠬᠤ ᠭᠡᠷᠡᠭ᠍ᠳᠡᠢ ᠭᠡᠪᠡ᠃

ᠨᠠᠢ᠌ᠷ ᠳᠠᠭᠤᠰᠪᠠ᠃ ᠶᠠᠭ ᠨᠢᠭᠡ ᠥᠯᠢᠭᠡᠷ ᠳᠠᠭᠤᠰᠤᠨ ᠰᠢᠪᠠᠭᠤᠳ ᠡᠭᠦᠷ ᠡᠭᠦᠷ ᠲᠡᠭᠡᠨ ᠪᠣᠴᠠᠭᠰᠠᠨ ᠰᠢᠭ᠌ ᠭᠦᠮᠦᠰ ᠮᠤᠷᠢ ᠭᠦᠰᠡᠭᠡ ᠪᠠᠷ ᠨᠤᠳᠤᠭ ᠣᠷᠤᠨ ᠶᠢᠡᠨ ᠴᠢᠭᠯᠡᠨ ᠪᠣᠳᠤᠯ ᠲᠡᠶ ᠪᠣᠳᠤᠯ ᠦᠭᠡᠶ ᠶᠠᠪᠣᠬᠤ ᠶᠢ ᠶᠠᠷᠢᠬᠤ ᠦᠭᠡᠶ᠃

ᠫᠣᠩᠰᠤᠭ ᠴᠤ ᠰᠠᠮᠫᠢᠯ ᠨᠤᠶᠠᠨ ᠲᠡᠶ ᠬᠠᠮᠳᠤᠪᠠᠷ ᠠᠷᠢᠭᠤᠨ ᠴᠠᠭᠠᠨ ᠣᠷᠳᠤᠨ ᠳᠤ ᠢᠷᠠᠵᠤ᠂ ᠢᠭᠢᠷ ᠴᠢᠭᠢᠷ ᠣᠴᠢᠷ ᠢ ᠶᠠᠷᠢᠯᠴᠠᠨ᠂ ᠭᠡᠷᠭᠢᠨ ᠪᠠᠢ᠌ᠷᠯᠠᠭᠤᠯᠬᠤ ᠳᠤᠬᠠᠢ ᠪᠣᠢ᠌ᠳᠠ ᠴᠡᠪᠠᠭ᠍ᠵᠡᠪ ᠳᠤ ᠳᠤᠰᠢᠶᠠᠨ ᠥᠭ᠍ᠴᠤ᠂ ᠨᠠᠢ᠌ᠮᠠᠨ ᠰᠠᠷ᠎ᠠ ᠶᠢᠨ ᠨᠢᠭᠡᠨ ᠤ ᠡᠳᠦᠷ ᠡᠴᠡ ᠡᠮᠦᠨ᠎ᠡ ᠪᠦᠷᠢᠨ ᠳᠡᠭᠦᠯᠳᠡᠷ ᠪᠣᠯᠭᠠᠬᠤ ᠭᠡᠷᠡᠭ᠍ᠳᠡᠢ ᠭᠡᠵᠡᠢ᠃

ᠣᠷᠤᠢ ᠪᠣᠯᠬᠤ ᠶᠢᠨ ᠠᠯᠳᠠ ᠪᠠᠷ ᠫᠣᠩᠰᠤᠭ ᠰᠠᠮᠫᠢᠯ ᠨᠤᠶᠠᠨ ᠡᠴᠡ ᠴᠢᠯᠦᠭᠡ ᠭᠤᠶᠤᠨ ᠭᠡᠷ ᠲᠡᠭᠡᠨ ᠪᠣᠴᠠᠬᠤ ᠳᠤᠬᠠᠢ ᠭᠡᠯᠡᠭᠦ ᠳᠤ ᠰᠠᠮᠫᠢᠯ ᠨᠤᠶᠠᠨ᠄

᠊᠊᠊᠊᠊᠊᠊᠊᠊᠊᠊᠊᠊᠊᠊ ᠠᠢ︕ ᠪᠢᠴᠢᠭᠡᠴᠢ ᠮᠢᠨᠢ ᠡ︕ ᠴᠢᠨᠤ ᠰᠡᠳᠭᠢᠯ ᠤᠨ ᠭᠤᠨᠢᠭ ᠢ ᠪᠢ ᠣᠢ᠌ᠯᠭᠠᠵᠤ ᠪᠠᠢ᠌ᠨ᠎ᠠ᠂ ᠡᠭᠡᠨᠡᠷ ᠴᠢᠨᠢ ᠪᠠᠶ᠎ᠠ ᠥᠩᠭᠡᠷᠡᠵᠤ ᠡᠷᠦᠭᠡ ᠳᠤ ᠴᠢᠨᠢ ᠦᠨᠦᠴᠢᠨ ᠬᠤᠶᠠᠷ ᠬᠡᠦᠬᠡᠳ ᠪᠠᠢ᠌ᠬᠤ ᠶᠢ ᠴᠢᠨᠢ ᠮᠠᠳᠠᠵᠤ ᠪᠠᠢ᠌ᠨ᠎ᠠ᠃ ᠢᠯᠠᠯᠳᠠ ᠶᠢᠨ ᠳᠠᠷᠠᠭ᠎ᠠ ᠪᠢ ᠴᠢᠮ᠎ᠠ ᠳᠤ ᠡᠵᠡᠨ ᠮᠠᠳᠠᠵᠤ ᠮᠢᠨᠤ ᠬᠠᠮᠤᠭ ᠪᠠᠭ᠎ᠠ ᠭᠡᠦᠭᠡᠨ ᠳᠡᠭᠦᠤ ᠶᠢ ᠴᠢᠮ᠎ᠠ ᠳᠤ ᠱᠠᠩᠨᠠᠨ ᠪᠣᠭᠳᠤᠯᠤᠶ᠎ᠠ︕

᠊᠊᠊᠊᠊᠊᠊᠊᠊᠊᠊᠊᠊᠊᠊ ᠨᠤᠶᠠᠨ ᠤ ᠭᠡᠰᠢᠭ᠌ ᠭᠡᠵᠤ ᠶᠠᠭᠠᠷᠠᠨ ᠶᠤᠰᠤᠴᠢᠯᠠᠨ ᠭᠦᠢᠴᠡᠳᠭᠡᠪᠡ᠃

ᠫᠣᠩᠰᠤᠭ ᠰᠡᠳᠭᠢᠯ ᠳᠤᠳᠤᠷ᠎ᠠ ᠪᠠᠨ ᠪᠠᠶᠠᠷᠯᠠᠪᠠᠴᠤ ᠨᠢᠭᠤᠷ ᠲᠡᠭᠡᠨ ᠮᠡᠳᠡᠭ᠍ᠳᠡᠯ ᠦᠭᠡᠶ ᠭᠠᠷᠴᠤ ᠢᠷᠠᠨ ᠱᠤᠩ ᠳᠤ ᠣᠶᠠᠭᠠᠳᠠᠢ ᠰᠠᠷᠠᠯ ᠮᠤᠷᠢ ᠶᠢ ᠠᠯᠳᠠᠷᠭᠠᠨ ᠪᠠᠷᠠᠭᠤᠠᠰᠢ ᠡᠷᠦᠭᠡ ᠪᠠᠨ ᠴᠢᠭᠯᠡᠨ ᠱᠤᠭᠰᠢᠭᠤᠯᠤᠨ ᠶᠠᠪᠣᠨ᠎ᠠ᠃ ᠡᠭᠦᠨ ᠤ ᠡᠷᠦᠭᠡ ᠳᠡᠭᠡᠨ ᠪᠣᠴᠠᠬᠤ ᠶᠢ ᠲᠦᠷ ᠥᠭᠦᠯᠡᠭᠦ ᠦᠭᠡᠶ᠃

ᠨᠤᠤᠬᠠᠢ ᠮᠤᠷᠢ ᠭᠤᠶᠠᠳᠠᠨ ᠳᠠᠪᠭᠢᠭᠰᠠᠭᠠᠷ ᠯᠠᠪ ᠠᠰᠠᠭᠠᠬᠤ ᠦᠶ᠎ᠡ ᠪᠠᠷ ᠵᠡᠭᠡᠷᠭᠡᠡᠳᠤ ᠶᠢᠨ ᠵᠢᠮᠪᠠ ᠪᠠᠶᠠᠨ ᠤ ᠭᠡᠷ ᠲᠤ ᠣᠷᠤᠪᠠ᠃ ᠶᠠᠭᠠᠷᠤᠤ ᠰᠠᠠᠳᠤᠷᠤ ᠪᠠᠷ ᠦᠷᠦᠭᠡᠨ ᠳᠤ ᠣᠷᠤᠵᠤ ᠵᠢᠮᠪᠠ ᠪᠣᠯᠤᠨ ᠳᠢᠶᠠᠭᠤᠤ ᠳᠤ ᠣᠴᠢᠷ ᠢ ᠨᠢᠭᠡᠳ ᠨᠢᠭᠡ ᠪᠠᠷ ᠶᠠᠷᠢᠪᠠ᠃ ᠳᠡᠭᠡᠭᠦ ᠳᠤ ᠳᠢᠶᠠᠭᠤᠤ ᠶᠢᠨ ᠵᠢᠶᠤᠢᠠᠰᠢ ᠠᠷᠰᠠᠯᠠᠨ ᠳᠠᠳᠠᠨᠠᠷ ᠳᠤ᠄

᠊᠊᠊᠊᠊᠊᠊᠊᠊᠊᠊᠊᠊᠊᠊ ᠭᠡᠷᠪᠡ ᠳᠠᠳᠠᠨᠠᠷ ᠤᠨ ᠵᠥᠪᠳᠡᠯᠭᠡ ᠥᠨᠡᠭᠡᠷ ᠪᠠᠶᠡᠯᠡᠭᠦ ᠳᠤ ᠭᠦᠷᠪᠠᠯ ᠮᠠᠨ ᠳᠤ ᠬᠤᠭᠢᠷᠠᠯ ᠣᠴᠠᠷᠠᠨ᠎ᠠ᠂ ᠳᠠᠢ᠌ᠮᠤ ᠡᠴᠡ ᠪᠢᠳᠠ ᠳᠠᠳᠠᠨ ᠤ ᠪᠣᠳᠤᠭᠰᠠᠨ ᠪᠢᠰᠢ ᠭᠢᠵᠤ ᠵᠠᠪᠳᠤᠭ᠎ᠠ ᠦᠭᠡᠶ ᠲᠤᠬᠢᠶᠠᠯ ᠢ ᠠᠰᠢᠭᠯᠠᠨ ᠭᠦᠴᠤ ᠶᠢ ᠨᠢ ᠰᠥᠢᠷᠡᠭᠦᠯᠵᠤ᠂ ᠡᠳ᠋ ᠪᠣᠳᠠᠰ ᠶᠢ ᠨᠢ ᠠᠪᠴᠢᠷᠠᠬᠤ ᠨᠢ ᠣᠯᠵᠠ ᠪᠢᠰᠢᠤ︕ ᠳᠠᠢ᠌ᠮᠤ ᠡᠴᠡ ᠬᠠᠮᠤᠭ ᠤᠨ ᠶᠡᠭᠡ ᠭᠦᠴᠤᠨ ᠲᠡᠶ ᠨᠠᠮᠰᠠᠷᠠᠢ ᠪᠠᠶᠠᠨ ᠢ ᠣᠷᠢᠳᠠᠪᠠᠷ ᠳᠠᠭᠤᠰᠬᠠᠪᠠᠯ ᠪᠢᠳᠠᠨ ᠤ ᠶᠡᠭᠡ ᠲᠦᠯᠦᠪᠯᠡᠭᠡ ᠳᠤ ᠵᠠᠮ ᠨᠡᠭᠡᠭᠡᠭ᠍ᠰᠡᠨ ᠰᠢᠭ᠌ ᠠᠮᠠᠷᠬᠠᠨ ᠪᠣᠯᠤᠨ᠎ᠠ᠃ ᠳᠠᠢ᠌ᠮᠤ ᠡᠴᠡ ᠡᠨᠡ ᠣᠳᠠᠭᠠᠨ ᠤ ᠱᠥᠭᠦᠷᠳᠡᠯᠳᠡ ᠢ ᠰᠠᠢ᠌ᠨ ᠭᠢᠪᠠᠰᠤ ᠯᠠᠪ ᠣᠰᠤᠯᠳᠤᠯ ᠭᠠᠷᠬᠤ ᠦᠭᠡᠶ ᠠᠮᠵᠢᠯᠳᠠ ᠣᠯᠤᠨ᠎ᠠ ᠭᠡᠭᠦ ᠳᠤ ᠳᠢᠶᠠᠭᠤᠤ ᠵᠢᠮᠪᠠ ᠬᠤᠶᠠᠷ ᠶᠠᠷᠢᠯᠴᠠᠨ ᠦᠨᠦ ᠣᠷᠤᠢ ᠳᠠᠭᠠᠨ ᠨᠤᠤᠬᠠᠢ ᠴᠡᠷᠢᠭ᠌ ᠠᠪᠴᠤ ᠨᠠᠮᠰᠠᠷᠠᠢ ᠶᠢ ᠰᠢᠬᠠᠮᠳᠠᠭᠤᠯᠤᠨ ᠳᠠᠢ᠌ᠯᠠᠵᠤ᠂ 《ᠢᠮᠠᠭᠠᠨ ᠮᠢᠬ᠎ᠠ ᠬᠠᠯᠠᠭᠤᠨ ᠳ᠋ᠠᠭᠠᠨ》 ᠭᠡᠭᠦ ᠶᠤᠰᠤᠨ ᠢ ᠥᠵᠡᠭᠦᠯᠭᠦ ᠭᠡᠷᠡᠭ᠍ᠳᠡᠢ ᠭᠡᠪᠡ᠃

ᠨᠤᠤᠬᠠᠢ ᠡᠭᠦᠨ ᠳᠤ ᠪᠠᠶᠠᠰᠴᠤ ᠦᠳᠡᠰᠢ ᠳᠠᠢ᠌ᠯᠠᠯᠭ᠎ᠠ ᠳᠤ ᠭᠦᠷᠳᠡᠵᠤ᠂ ᠰᠦᠨᠢ ᠶᠢᠨ ᠭᠦᠨ ᠳᠤ ᠵᠠᠭᠤᠨ ᠴᠡᠷᠢᠭ᠌ ᠳᠠᠭᠠᠭᠤᠯᠤᠨ ᠬᠠᠷ᠎ᠠ ᠬᠤᠷᠳᠤ ᠪᠠᠷ ᠨᠠᠮᠰᠠᠷᠠᠢ ᠶᠢᠨ ᠨᠤᠳᠤᠭ ᠢ ᠴᠢᠭᠯᠡᠨ ᠶᠠᠪᠣᠨ᠎ᠠ᠃

ᠣᠨᠠᠬᠤ ᠨᠠᠷᠠᠨ ᠲᠡᠶ ᠣᠷᠤᠯᠳᠤᠨ ᠫᠣᠩᠰᠤᠭ ᠰᠠᠷᠠᠯ ᠮᠤᠷᠢᠨ ᠳᠤ ᠭᠡᠳᠦᠢ ᠳᠠᠰᠢᠭᠤᠷ ᠦᠭ‍ᠭᠦᠭ᠍ᠰᠡᠨ ᠴᠤ ᠪᠦᠷᠦᠢ ᠳᠠᠰᠤᠷᠬᠤ ᠶᠢᠨ ᠦᠶ᠎ᠡ ᠳᠦᠩᠭᠡᠵᠢ ᠨᠠᠮᠰᠠᠷᠠᠢ ᠪᠠᠶᠠᠨ ᠤ ᠫᠣᠤᠯᠤ ᠶᠢᠨ ᠡᠮᠦᠨ᠎ᠡ ᠳᠤᠯᠪᠠ᠃ ᠰᠠᠷᠠᠯ ᠮᠤᠷᠢᠨ ᠤ ᠶᠠᠪᠣᠭᠠᠨ ᠵᠢᠷᠤᠭ᠎ᠠ ᠳᠤ ᠫᠣᠩᠰᠤᠭ ᠦᠷᠤᠪᠳᠤᠨ ᠨᠠᠮᠰᠠᠷᠠᠢ ᠪᠠᠶᠠᠨ ᠤ ᠶᠤᠭᠤᠷ ② ᠲᠤ ᠪᠠᠭᠤᠪᠠ᠃ ᠨᠠᠮᠰᠠᠷᠠᠢ ᠪᠠᠶᠠᠨ ᠤ ᠳᠠᠢ᠌ᠯᠠᠯᠭ᠎ᠠ ᠭᠦᠷᠳᠡᠨ ᠬᠤᠶᠠᠭᠤᠯᠠ ᠡᠨᠡ ᠳᠠᠷᠠ ᠶᠠᠪᠣᠳᠠᠯ ᠵᠤᠭᠤᠭ᠍ᠳᠡᠨ ᠰᠦᠨᠢ ᠪᠣᠯᠵᠤ ᠨᠣᠢ᠌ᠷ ᠠᠪᠣᠪᠠ᠃ ᠦᠷ ᠴᠠᠢ᠌ᠬᠤ ᠶᠢᠨ ᠠᠯᠳᠠ ᠪᠠᠷ ᠭᠡᠨᠡᠳᠲᠡ ᠨᠠᠮᠰᠠᠷᠠᠢ ᠪᠠᠶᠠᠨ ᠤ ᠳᠦᠷᠪᠠᠨ ᠳᠠᠯ᠎ᠠ ᠶᠢᠨ ᠫᠣᠤᠯᠤ ᠳᠤ ᠫᠣᠤ ᠶᠢᠨ ᠳᠠᠭᠤᠨ ᠨᠢᠵᠢᠭᠢᠨᠠᠵᠤ᠂ ᠳᠠᠷᠢ ᠶᠢᠨ ᠣᠳᠤᠭ᠎ᠠ ᠭᠠᠷᠴᠤ ᠳᠠᠢ᠌ᠨ ᠡᠭᠢᠯᠡᠭ᠍ᠰᠡᠨ ᠶᠢ ᠮᠡᠳᠡᠭᠡᠯᠡᠪᠡ᠃ ᠡᠨᠡ ᠦᠶ᠎ᠡ ᠳᠤ ᠪᠢᠴᠢᠭᠡᠴᠢ ᠳᠦᠭᠦᠷᠡᠩᠰᠡᠩ ᠳᠤᠳᠤᠭᠰᠢ ᠣᠷᠤᠵᠤ ᠢᠷᠠᠨ᠄

᠊᠊᠊᠊᠊᠊᠊᠊᠊᠊᠊᠊᠊᠊᠊ ᠨᠤᠶᠠᠠᠳᠠᠨ᠂ ᠳᠢᠶᠠᠭᠤᠤ ᠶᠢᠨ ᠳᠡᠭᠡᠷᠡᠮ ᠮᠠᠨ ᠤ ᠶᠤᠭᠤᠷ ᠤᠨ ᠭᠠᠳᠠᠭᠤᠷ ᠪᠦᠰᠡᠯᠡᠨ ᠰᠢᠷᠦᠭᠦᠨ ᠭᠠᠯᠠᠯᠠᠵᠤ ᠪᠠᠢ᠌ᠨ᠎ᠠ᠂ ᠲᠦᠯᠦᠪᠠᠯᠯᠭᠡ ᠶᠤᠰᠤᠭᠠᠷ ᠮᠠᠨ ᠭᠢᠨ ᠫᠣᠤᠳᠠᠵᠤ ᠪᠠᠢ᠌ᠨ᠎ᠠ ᠭᠡᠭᠦ ᠳᠤ ᠨᠠᠮᠰᠠᠷᠠᠢ᠄

᠊᠊᠊᠊᠊᠊᠊᠊᠊᠊᠊᠊᠊᠊᠊ ᠳᠠᠢ᠌ᠰᠤᠨ ᠢ ᠣᠷᠤᠭᠤᠯᠵᠤ ᠪᠣᠯᠬᠤ ᠦᠭᠡᠶ᠂ ᠰᠠᠢ᠌ᠳᠤᠷ ᠪᠠᠳᠤᠯᠠᠨ ᠪᠠᠢ᠌ᠯᠳᠤ ᠭᠡᠪᠠᠯ᠄

᠊᠊᠊᠊᠊᠊᠊᠊᠊᠊᠊᠊᠊᠊᠊ ᠵᠠ ᠭᠢᠨ ᠣᠬᠤᠷᠢᠨ ᠭᠠᠷᠪᠠ᠃

ᠴᠠᠭ ᠢᠯᠡᠭᠦᠤ ᠶᠢᠨ ᠰᠢᠷᠦᠭᠦᠨ ᠳᠡᠮᠴᠡᠯᠳᠦᠭᠡᠨ ᠢ ᠥᠩᠭᠡᠷᠭᠡᠭᠦ ᠳᠤ ᠨᠠᠮᠰᠠᠷᠠᠢ ᠪᠠᠶᠠᠨ ᠤ ᠴᠢᠷᠠᠢ ᠰᠢᠷᠤᠢ ᠮᠠᠳᠤ ᠪᠣᠯᠵᠤ ᠭᠠᠷᠴᠤ ᠣᠷᠤᠬᠤ ᠪᠠᠨ ᠣᠯᠵᠤ ᠶᠠᠳᠠᠨ ᠦᠷᠦᠭᠡᠨ ᠳᠡᠭᠡᠨ ᠳᠡᠪᠠᠭ᠍ᠴᠡᠭᠦ ᠳᠤ ᠫᠣᠩᠰᠤᠭ ᠴᠤ ᠲᠠᠭᠠᠨ ᠰᠠᠠᠳᠤᠷᠤᠨ᠎ᠠ᠃ ᠳᠡᠭᠡᠳᠡᠯ᠎ᠡ ᠭᠠᠳᠠᠨ᠎ᠠ ᠡᠴᠡ ᠳᠦᠭᠦᠷᠡᠩᠰᠡᠩ ᠣᠷᠤᠵᠤ ᠢᠷᠠᠨ᠄

᠊᠊᠊᠊᠊᠊᠊᠊᠊᠊᠊᠊᠊᠊᠊ ᠨᠤᠶᠠᠠᠳᠠᠨ᠂ ᠣᠳᠤ ᠶᠠᠭ ᠢᠩᠭᠢᠵᠤ ᠪᠠᠢ᠌ᠯᠳᠤᠪᠠᠯ ᠨᠢᠭᠡ ᠴᠠᠭ ᠤᠨ ᠳᠠᠷᠠᠭ᠎ᠠ ᠮᠠᠨ ᠤ ᠰᠤᠮᠤ ᠪᠠᠢ᠌ᠬᠤ ᠦᠭᠡᠶ ᠪᠣᠯᠤᠨ᠎ᠠ︕ ᠭᠡᠪᠠᠯ ᠨᠠᠮᠰᠠᠷᠠᠢ ᠪᠠᠶᠠᠨ ᠣᠯᠠᠮ ᠢᠯᠡᠭᠦᠤ ᠰᠠᠠᠳᠤᠷᠤᠨ ᠬᠤᠶᠠᠷ ᠨᠢᠳᠤ ᠨᠢ ᠣᠷᠤ ᠣᠷᠤᠨ ᠳᠠᠭᠠᠨ ᠦᠭᠡᠶ ᠪᠣᠯᠬᠤ ᠳᠤ ᠫᠣᠩᠰᠤᠭ᠄

᠊᠊᠊᠊᠊᠊᠊᠊᠊᠊᠊᠊᠊᠊᠊ ᠨᠠᠮᠰᠠᠷᠠᠢ ᠴᠢ ᠪᠢᠳᠡᠭᠡᠢ ᠰᠠᠠᠳᠤᠷᠠ᠂ ᠪᠢ ᠣᠮᠠᠷᠠᠰᠢ ᠭᠠᠷᠴᠤ ᠭᠡᠡᠵᠦᠦᠷ ᠪᠠᠶᠠᠨ ᠡᠴᠡ ᠳᠤᠰᠠᠯᠠᠬᠤ ᠫᠣᠤ ᠵᠡᠪᠰᠡᠭ᠌ ᠪᠠ ᠨᠤᠳᠤᠭ ᠤᠨ ᠴᠡᠢ᠌ᠭ᠌ ᠢ ᠨᠢ ᠵᠢᠭᠡᠯᠡᠵᠤ ᠴᠢᠮ᠎ᠠ ᠳᠤ ᠬᠠᠪᠰᠤᠷᠠᠭᠤᠯᠤᠶ᠎ᠠ︕ ᠭᠡᠭᠦ ᠳᠤ

᠊᠊᠊᠊᠊᠊᠊᠊᠊᠊᠊᠊᠊᠊᠊ ᠠᠢ︕ ᠪᠢᠴᠢᠭᠡᠴᠢ ᠴᠢ ᠭᠠᠭᠴᠠ ᠪᠠᠶ᠎ᠠ ᠪᠠᠷ ᠭᠠᠷᠴᠤ ᠪᠣᠯᠬᠤ ᠦᠭᠡᠶ᠂ ᠣᠳᠤ ᠴᠢᠨᠢ ᠭᠠᠳᠠᠨ᠎ᠠ ᠫᠣᠤᠳᠠᠵᠤ ᠪᠠᠢ᠌ᠨ᠎ᠠ ᠰᠢᠤ ᠭᠡᠪᠠᠯ᠄

᠊᠊᠊᠊᠊᠊᠊᠊᠊᠊᠊᠊᠊᠊᠊ ᠬᠠᠮᠢᠶ᠎ᠠ ᠦᠭᠡᠶ ᠭᠢᠨ ᠬᠣᠢ᠌ᠳᠤ ᠡᠭᠦᠳᠡ ᠶᠢᠡᠷ ᠰᠢᠷᠭᠤᠯᠤᠨ ᠭᠠᠷᠴᠤ ᠣᠮᠠᠷᠠᠰᠢ ᠭᠡᠡᠵᠦᠦᠷ ᠪᠠᠶᠠᠨ ᠤ ᠶᠤᠭᠤᠷ ᠶᠢ ᠴᠢᠭᠯᠡᠨ ᠪᠣᠷᠭᠠᠰᠤ ᠰᠤᠬᠠᠢ ᠶᠢᠨ ᠳᠤᠮᠳᠠᠭᠤᠷ ᠳᠤᠪᠳᠤᠯᠠᠨ ᠨᠢᠰᠭᠡᠪᠡ᠃ ᠡᠮᠦᠨ᠎ᠡ ᠡᠭᠦᠳᠡᠨ ᠳᠤ ᠰᠢᠷᠦᠭᠦᠨ ᠭᠠᠯᠠᠯᠠᠵᠤ ᠪᠠᠢ᠌ᠭᠰᠠᠨ ᠨᠤᠤᠬᠠᠢ ᠳᠤ᠄

᠊᠊᠊᠊᠊᠊᠊᠊᠊᠊᠊᠊᠊᠊᠊ ᠠᠷᠤ ᠡᠭᠦᠳᠡ ᠶᠢᠡᠷ ᠨᠢᠭᠡ ᠰᠢᠪᠢ ᠮᠤᠷᠢᠳᠠᠨ ᠦᠨᠳᠦᠷ ᠪᠣᠷᠭᠠᠰᠤ ᠮᠤᠳᠤᠨ ᠶᠢᠡᠷ ᠳᠤᠳᠠᠭᠠᠨ ᠭᠠᠷᠪᠠ ᠭᠡᠭᠦ ᠴᠢᠮᠡᠭᠡ ᠢᠷᠡᠭᠦ ᠳᠤ᠄

᠊᠊᠊᠊᠊᠊᠊᠊᠊᠊᠊᠊᠊᠊᠊ ᠬᠠᠮᠢᠶᠠᠷᠬᠤ ᠭᠡᠷᠡᠭ᠌ ᠦᠭᠡᠶ ᠰᠢᠷᠦᠭᠦᠨ ᠫᠣᠤᠳᠠᠵᠤ ᠣᠷᠢᠳᠠᠪᠠᠷ ᠫᠣᠤᠯᠤ ᠶᠢ ᠡᠵᠡᠯᠡᠵᠤ ᠠᠪ︕ ᠭᠢᠨ ᠡᠮᠦᠨ᠎ᠡ ᠫᠣᠤᠯᠤ ᠳᠤ ᠶᠡᠭᠡ ᠭᠦᠴᠤᠨ ᠶᠢᠡᠨ ᠳᠠᠯᠪᠢᠨ ᠰᠢᠬᠠᠮᠳᠠᠭᠤᠯᠪᠠ᠃

ᠫᠣᠩᠰᠤᠭ ᠨᠠᠷᠠᠨ ᠮᠠᠠᠳᠤᠬᠤ ᠶᠢᠨ ᠦᠶ᠎ᠡ ᠪᠠᠷ ᠭᠡᠡᠵᠦᠦᠷ ᠪᠠᠶᠠᠨ ᠤ ᠫᠣᠤᠯᠤ ᠶᠢᠨ ᠡᠮᠦᠨ᠎ᠡ ᠢᠷᠡᠭᠦ ᠳᠤ ᠫᠣᠤᠯᠤ ᠶᠢᠨ ᠳᠡᠭᠡᠷᠡᠭᠢ ᠴᠡᠷᠢᠭ᠌ ᠶᠡᠭᠡ ᠳᠠᠭᠤᠨ ᠶᠢᠡᠷ᠄

᠊᠊᠊᠊᠊᠊᠊᠊᠊᠊᠊᠊᠊᠊᠊ ᠡᠮᠦᠨᠡᠭᠢ ᠮᠤᠷᠢᠳᠠᠨ ᠨᠠᠷ᠎ᠠ ᠪᠠᠨ ᠮᠡᠳᠡᠭᠦᠯ︕ ᠦᠷᠴᠠᠢ᠌ᠬᠤ ᠦᠶ᠎ᠡ ᠪᠠᠷ ᠢᠷᠡᠭᠦ ᠶᠠᠮᠠᠷ ᠣᠴᠢᠷ︖ ᠭᠡᠵᠤ ᠬᠠᠰᠭᠢᠴᠠᠨ ᠠᠰᠠᠭᠤᠬᠤ ᠳᠤ ᠫᠣᠩᠰᠤᠭ ᠶᠡᠭᠡ ᠳᠠᠭᠤᠨ ᠶᠢᠡᠷ᠄

᠊᠊᠊᠊᠊᠊᠊᠊᠊᠊᠊᠊᠊᠊᠊ ᠲ᠋ᠠᠨᠠᠷ ᠳᠤᠳᠤᠭᠰᠢ ᠣᠷᠤᠵᠤ ᠭᠡᠡᠵᠦᠦᠷ ᠪᠠᠶᠠᠨ ᠳᠠᠭᠠᠨ ᠮᠡᠳᠡᠭᠦᠯ︕ ᠠᠢ᠌ᠮᠠᠭ ᠤᠨ ᠪᠢᠴᠢᠭᠡᠴᠢ ᠢᠷᠠᠵᠠᠢ︕ ᠭᠡᠪᠠᠯ ᠨᠢᠭᠡ ᠨᠢ ᠣᠷᠤᠵᠤ ᠭᠡᠡᠵᠦᠦᠷ ᠪᠠᠶᠠᠨ ᠳᠤ ᠮᠡᠳᠡᠭᠦᠯᠪᠡ᠃

ᠭᠡᠡᠵᠦᠦᠷ ᠪᠠᠶᠠᠨ ᠳᠤᠷ᠎ᠠ ᠦᠭᠡᠶ ᠴᠤ ᠳᠤᠷ᠎ᠠ ᠲᠡᠶ ᠰᠢᠭ᠌ ᠭᠠᠷᠴᠤ ᠣᠭᠳᠤᠨ ᠥᠵᠡᠭᠦ ᠳᠤ ᠥᠨᠡᠭᠡᠷ ᠫᠣᠩᠰᠤᠭ ᠪᠢᠴᠢᠭᠡᠴᠢ ᠪᠠᠢ᠌ᠵᠠᠢ᠂ ᠭᠡᠡᠵᠦᠦᠷ ᠪᠠᠶᠠᠨ ᠣᠴᠢᠷ ᠶᠤᠰᠤ ᠭᠦᠢᠴᠡᠳᠭᠡᠨ᠄

᠊᠊᠊᠊᠊᠊᠊᠊᠊᠊᠊᠊᠊᠊᠊ ᠬᠤᠷᠳᠤᠨ ᠡᠭᠦᠳᠡ ᠳᠠᠢ᠌ᠯᠵᠤ ᠪᠢᠴᠢᠭᠡᠴᠢ ᠶᠢ ᠣᠭᠳᠤᠵᠤ ᠣᠷᠤᠭᠤᠯ︕ ᠭᠡᠵᠤ ᠳᠤᠤᠷᠠᠭᠢ ᠭᠦᠮᠦᠰ ᠶᠢᠡᠷ ᠵᠠᠩᠳᠤᠷᠬᠤ ᠳᠤ ᠫᠣᠩᠰᠤᠭ ᠨᠠᠮᠰᠠᠷᠠᠢ ᠶᠢᠨ ᠶᠤᠭᠤᠷ ᠢ ᠳᠢᠶᠠᠭᠤᠤ ᠶᠢᠨ ᠳᠡᠭᠡᠷᠡᠮ ᠳᠤ ᠪᠦᠰᠡᠯᠡᠭ᠍ᠳᠡᠨ ᠪᠠᠴᠢᠮ ᠪᠣᠯᠤᠭᠰᠠᠨ ᠢ ᠭᠡᠯᠡᠵᠤ᠂ ᠢᠷᠡᠭ᠍ᠰᠡᠨ ᠶᠠᠪᠣᠳᠠᠯ ᠶᠢᠡᠨ ᠭᠡᠯᠡᠭᠦ ᠳᠤ ᠭᠡᠡᠵᠦᠦᠷ ᠪᠠᠶᠠᠨ ᠠᠷᠭ᠎ᠠ ᠦᠭᠡᠶ ᠫᠣᠩᠰᠤᠭ ᠤᠨ ᠭᠡᠯᠡᠭ᠍ᠰᠡᠨ ᠶᠤᠰᠤᠭᠠᠷ ᠪᠦᠷᠢᠨ ᠶᠢ ᠭᠦᠢᠴᠡᠳᠭᠡᠨ ᠭᠡᠡᠵᠦᠦᠷ ᠪᠠᠶᠠᠨ ᠪᠠ ᠫᠣᠩᠰᠤᠭ ᠴᠡᠷᠢᠭ᠌ ᠠᠪᠴᠤ ᠨᠤᠤᠬᠠᠢ ᠶᠢᠨ ᠭᠠᠳᠠᠨ᠎ᠠ ᠡᠴᠡ ᠫᠣᠤᠳᠠᠨ ᠣᠷᠤᠭᠰᠠᠨ ᠳᠤ ᠴᠠᠭ ᠪᠣᠯᠤᠯ ᠦᠭᠡᠶ ᠪᠠᠷ ᠨᠤᠤᠬᠠᠢ ᠶᠢᠨ ᠴᠡᠷᠢᠭ᠌ ᠪᠣᠳᠠᠷᠠᠨ ᠪᠠᠷᠠᠭᠤᠨ ᠭᠠᠷ ᠶᠢᠡᠨ ᠬᠤᠭᠤ ᠫᠣᠤᠳᠠᠭᠤᠯᠤᠨ ᠨᠤᠤᠬᠠᠢ ᠰᠦᠷ ᠮᠠᠭᠤᠳᠠᠢ ᠵᠡᠭᠡᠷᠭᠡᠡᠳᠤ ᠶᠢ ᠴᠢᠭᠯᠡᠨ ᠳᠤᠳᠠᠭᠠᠨ ᠶᠠᠪᠣᠪᠠ᠃

ᠡᠳᠦᠭᠡ ᠢᠯᠠᠯᠳᠠ ᠶᠢᠨ ᠡᠷᠴᠢᠨ ᠳᠡᠭᠡᠷ᠎ᠡ ᠳᠡᠭᠡᠷᠡᠮ ᠶᠢ ᠭᠤᠤᠯ ᠭᠦᠷᠳᠡᠯ᠎ᠡ ᠨᠡᠭᠡᠮᠵᠢᠯᠡᠨ ᠠᠯᠠᠵᠤ᠂ ᠪᠣᠴᠠᠵᠤ ᠢᠷᠠᠨ ᠶᠡᠭᠡ ᠬᠤᠷᠢᠮ ᠳᠠᠯᠪᠢᠨ ᠨᠠᠮᠰᠠᠷᠠᠢ ᠪᠠᠶᠠᠨ᠂ ᠭᠡᠡᠵᠦᠦᠷ ᠪᠠᠶᠠᠨ᠂ ᠫᠣᠩᠰᠤᠭ ᠨᠡᠷ ᠨᠠᠷᠭᠢᠯᠳᠤᠬᠤ ᠶᠢ ᠲᠦᠷ ᠥᠭᠦᠯᠡᠭᠦ ᠦᠭᠡᠶ᠃

ᠨᠤᠤᠬᠠᠢ ᠭᠦᠡᠳᠤ ᠰᠢᠷᠬ᠎ᠠ ᠶᠢ ᠣᠯᠵᠤ᠂ ᠥᠯᠡᠳᠡᠭ᠍ᠰᠡᠨ ᠳᠠᠪᠢ ᠣᠷᠴᠢᠮ ᠴᠡᠷᠢᠭ᠌ ᠶᠢᠡᠨ ᠳᠠᠭᠠᠭᠤᠯᠤᠨ ᠵᠡᠭᠡᠷᠭᠡᠡᠳᠤ ᠳᠤ ᠳᠤᠳᠠᠭᠠᠨ ᠢᠷᠡᠭᠦ ᠳᠤ ᠵᠢᠮᠪᠠ ᠪᠣᠯᠤᠨ ᠳᠢᠶᠠᠭᠤᠤ ᠶᠡᠭᠡᠳᠡ ᠠᠭᠤᠷᠰᠠᠨ ᠨᠠᠷ᠎ᠠ ᠰᠤᠢᠷ᠂ ᠣᠮᠤᠭ ᠵᠤᠷᠢᠭ ᠢ ᠨᠢᠭᠡᠨᠲᠡ ᠭᠤᠳᠤᠭᠠᠵᠤ ᠭᠦᠢᠴᠡᠪᠡ ᠭᠡᠵᠤ ᠡᠭᠦᠳᠡᠨ ᠭᠠᠳᠠᠨ᠎ᠠ ᠫᠣᠤᠳᠠᠨ ᠠᠯᠠᠪᠠ᠃ ᠳᠢᠶᠠᠭᠤᠤ ᠶᠢᠨ ᠵᠢᠶᠤᠢᠠᠰᠢ ᠠᠷᠰᠠᠯᠠᠨ ᠨᠢᠭᠡᠨ ᠵᠡᠷᠭᠡ ᠣᠳᠠᠭᠠᠤᠨ᠄

᠊᠊᠊᠊᠊᠊᠊᠊᠊᠊᠊᠊᠊᠊᠊ ᠣᠳᠤ ᠪᠣᠳᠤᠯᠭ᠎ᠠ ᠶᠢ ᠥᠭᠡᠷᠴᠢᠯᠡᠨ ᠨᠠᠮᠰᠠᠷᠠᠢ ᠶᠢ ᠬᠣᠢ᠌ᠨ᠎ᠠ ᠮᠠᠳᠠᠵᠤ᠂ ᠫᠣᠩᠰᠤᠭ ᠶᠢ ᠣᠰᠠᠳᠬᠠᠬᠤ ᠨᠢ ᠴᠢᠬᠤᠯᠠ︕ ᠣᠴᠢᠷ ᠨᠢ᠂ ᠨᠠᠮᠰᠠᠷᠠᠢ ᠶᠢ ᠫᠣᠩᠰᠤᠭ ᠬᠠᠪᠰᠤᠷᠴᠤ ᠳᠤᠰᠠᠯᠠᠮᠵᠢ ᠣᠯᠤᠭᠰᠠᠨ ᠦᠭᠡᠶ ᠪᠣᠯ ᠯᠠᠪ ᠮᠠᠨ ᠤ ᠪᠣᠳᠤᠯ ᠢᠯᠠᠯᠳᠠ ᠣᠯᠬᠤ ᠪᠠᠢ᠌ᠭᠰᠠᠨ᠂ ᠳᠠᠢ᠌ᠮᠤ ᠡᠴᠡ ᠳᠠᠷᠠ ᠦᠴᠦᠭᠡᠨ ᠪᠢᠴᠢᠭ᠍ᠳᠡᠨ ᠢ ᠣᠰᠠᠳᠬᠠᠬᠤ ᠨᠢ ᠴᠢᠬᠤᠯᠠ ᠪᠣᠯᠵᠠᠢ ᠳᠢᠶᠠᠭᠤᠤ ᠶᠡᠭᠡᠳᠡ ᠵᠦᠪᠰᠢᠶᠠᠷᠠᠨ᠄

᠊᠊᠊᠊᠊᠊᠊᠊᠊᠊᠊᠊᠊᠊᠊ ᠮᠡᠷᠭᠡᠨ ᠠᠷᠭ᠎ᠠ ᠰᠠᠴᠠᠨ ᠣᠬᠠᠭᠠᠨ ᠪᠣᠯᠠᠢ ︕ ᠭᠡᠵᠤ ᠳᠠᠷᠠ ᠳᠤᠤᠷ᠎ᠠ ᠨᠢ ᠠᠷᠪᠠᠨ ᠮᠤᠷᠢᠳᠠᠨ ᠢ ᠵᠠᠷᠤᠵᠤ᠂ ᠫᠣᠩᠰᠤᠭ ᠶᠢ ᠭᠡᠳᠡᠨ ᠳᠠᠭᠠᠵᠤ ᠪᠠᠢ᠌ᠭᠠᠤᠨ ᠠᠯᠠᠨ ᠳᠤᠨᠢᠯᠭᠠᠵᠤ ᠬᠤᠷᠤᠰᠤᠯ ᠢ ᠳᠠᠢ᠌ᠯᠤᠭᠠᠷᠠᠢ︕ ᠭᠡᠳ ᠦᠪᠡᠷ ᠤᠨ ᠰᠢᠳᠠᠷ ᠶᠠᠪᠣᠭᠴᠢ ᠵᠢᠰᠤᠷ ᠢ ᠳᠠᠯᠪᠢᠵᠤ ᠶᠠᠪᠣᠭᠤᠯᠪᠠ᠃

ᠨᠠᠢ᠌ᠷ ᠤᠨ ᠠᠷᠭᠢᠨ ᠳᠤ ᠪᠠᠶᠠᠰᠴᠤ ᠪᠠᠢ᠌ᠭᠰᠠᠨ ᠫᠣᠩᠰᠤᠭ ᠨᠡᠷ ᠦᠳᠡ ᠶᠢᠨ ᠨᠠᠷᠠᠨ ᠭᠡᠯᠪᠠᠢ᠌ᠭᠦ ᠦᠶ᠎ᠡ ᠪᠠᠷ ᠳᠠᠢ᠌ᠯᠠᠯᠭ᠎ᠠ ᠳᠠᠭᠤᠰᠤᠨ ᠳᠤᠰ ᠳᠤᠰ ᠰᠠᠯᠵᠤ ᠡᠷᠦᠭᠡ ᠡᠷᠦᠭᠡ ᠳᠡᠭᠡᠨ ᠪᠣᠴᠠᠪᠠ᠃

ᠫᠣᠩᠰᠤᠭ ᠮᠤᠷᠢᠨ ᠲᠠᠭᠠᠨ ᠮᠤᠷᠳᠠᠵᠤ᠂ ᠡᠷᠦᠭᠡ ᠪᠠᠨ ᠴᠢᠭᠯᠡᠨ ᠶᠠᠭᠠᠷᠠᠪᠴᠢᠯᠠᠨ ᠶᠠᠪᠣᠭᠰᠠᠭᠠᠷ ᠣᠳᠠ ᠶᠢᠨ ᠣᠯᠤᠮ ᠤᠨ ᠳᠡᠷᠭᠡᠳᠡ ᠭᠦᠷᠪᠡ᠃ ᠡᠨᠡᠭᠦ ᠣᠯᠤᠮ ᠢ ᠥᠩᠭᠡᠷᠡᠭ᠍ᠰᠡᠭᠡᠷ᠂ ᠫᠣᠩᠰᠤᠭ ᠤᠨ ᠨᠤᠳᠤᠭ ᠪᠦᠪᠠᠢ ᠶᠢᠨ ᠨᠤᠳᠤᠭ ᠪᠣᠯᠤᠨ᠎ᠠ᠂ ᠳᠡᠭᠡᠭᠡᠳ ᠮᠤᠷᠢᠨ ᠢ ᠠᠯᠭᠤᠷ ᠠᠯᠬᠠᠭᠤᠯᠤᠨ ᠣᠳᠠ ᠶᠢᠨ ᠣᠯᠤᠮ ᠶᠢᠡᠷ ᠶᠠᠪᠣᠨ᠎ᠠ᠃

ᠳᠠᠷᠠ ᠰᠡᠳᠭᠢᠯ ᠳᠡᠭᠡᠨ ᠣᠯᠠᠨ ᠣᠯᠠᠨ ᠣᠴᠢᠷ ᠢ ᠡᠷᠭᠢᠴᠡᠭᠦᠯᠤᠨ᠂ ᠮᠤᠷᠢᠨ ᠤ ᠠᠯᠬᠤᠭ᠎ᠠ ᠳᠤ ᠪᠣᠳᠤᠯᠳᠠᠢ᠌ᠬᠠᠨ ᠶᠠᠪᠣᠭᠰᠠᠭᠠᠷ᠂ ᠣᠳᠠᠯ ᠦᠭᠡᠶ ᠡᠷᠦᠭᠡ ᠳᠡᠭᠡᠨ ᠪᠠᠭᠤᠪᠠ᠃ ᠳᠡᠭᠦᠨ ᠤ ᠭᠦᠪᠠᠭᠦᠨ ᠮᠤᠯᠤᠮ᠂ ᠮᠤᠯᠤᠷ ᠬᠤᠶᠠᠭᠤᠯᠠ ᠭᠠᠷᠴᠤ ᠢᠷᠠᠨ᠂ ᠡᠴᠢᠭᠡ ᠪᠠᠨ ᠣᠭᠳᠤᠨ ᠮᠤᠷᠢᠨ ᠡᠴᠡ ᠨᠢ ᠪᠠᠭᠤᠯᠭᠠᠨ ᠭᠡᠷ ᠳᠡᠭᠡᠨ ᠣᠷᠤᠨ᠎ᠠ᠃ ᠢᠠᠵᠢ ᠴᠡᠴᠡᠭ᠍ᠮ᠎ᠡ ᠴᠠᠢ ᠣᠰᠤ ᠶᠢ ᠤᠢ᠌ᠷᠠᠳᠤᠭᠤᠯᠤᠨ᠂ ᠨᠤᠶᠠᠨ ᠤ ᠴᠢᠯᠡᠭᠡ ᠶᠢ ᠳᠠᠢ᠌ᠯᠤᠨ᠎ᠠ᠃ ᠮᠤᠯᠤᠮ᠄

᠊᠊᠊᠊᠊᠊᠊᠊᠊᠊᠊᠊᠊᠊᠊ ᠠᠪᠣ ᠡ︕ ᠶᠡᠭᠡ ᠨᠠᠢ᠌ᠷ ᠶᠠᠮᠠᠷ ᠵᠡᠷᠭᠡ ᠶᠠᠪᠣᠭᠳᠠᠪᠠ︖

᠊᠊᠊᠊᠊᠊᠊᠊᠊᠊᠊᠊᠊᠊᠊ ᠨᠠᠢ᠌ᠷ ᠭᠡᠵᠤ ᠰᠠᠢ᠌ᠬᠠᠨ ᠶᠠᠪᠣᠭᠳᠠᠭᠰᠠᠨ᠂ ᠪᠦᠭᠦᠳᠡᠭᠡᠷ ᠪᠦᠷ ᠰᠡᠳᠭᠢᠯ ᠬᠠᠨᠤᠵᠤ᠂ ᠰᠠᠨᠠᠭ᠎ᠠ ᠠᠭᠤᠵᠢᠷᠠᠳᠠᠯ᠎ᠠ ᠨᠠᠭᠠᠳᠴᠤ ᠵᠢᠷᠭᠠᠪᠠ ᠭᠡᠵᠤ ᠬᠤᠳᠠᠯ ᠶᠠᠷᠢᠨ᠎ᠠ᠃ ᠮᠤᠯᠤᠮ᠄

᠊᠊᠊᠊᠊᠊᠊᠊᠊᠊᠊᠊᠊᠊᠊ ᠬᠣᠢ᠌ᠳᠤᠨ ᠵᠢᠯ ᠪᠢ ᠪᠠᠰᠠ ᠨᠠᠭᠠᠳᠤᠮ ᠳᠤ ᠣᠴᠢᠵᠤ ᠮᠤᠷᠢ ᠣᠷᠤᠯᠳᠤᠨ᠂ ᠨᠠᠢ᠌ᠷ ᠲᠤ ᠭᠦᠭ᠍ᠵᠢᠶᠡᠨ ᠨᠠᠮᠠᠨ᠎ᠠ︕ ᠭᠡᠵᠤ ᠣᠮᠤᠭᠳᠠᠢ᠌ᠬᠠᠨ ᠶᠠᠷᠢᠪᠠ᠃ ᠬᠤᠶᠠᠳᠤᠭᠠᠷ ᠭᠦᠤ᠄

᠊᠊᠊᠊᠊᠊᠊᠊᠊᠊᠊᠊᠊᠊᠊ ᠠᠪᠣ ᠡ︕ ᠪᠢ ᠪᠠᠰᠠ ᠢᠷᠡᠭᠦ ᠵᠢᠯ ᠨᠤᠮᠤ ᠬᠠᠷᠪᠣᠵᠤ᠂ ᠣᠯᠠᠨ ᠳᠤ ᠴᠢᠳᠠᠮᠠᠭᠠᠢ ᠪᠠᠨ ᠥᠵᠡᠭᠦᠯᠦᠨ᠎ᠡ︕ ᠭᠡᠵᠤ ᠠᠳᠠᠭᠠᠷᠬᠠᠨ ᠭᠦᠭᠡᠷᠳᠡᠨ ᠶᠠᠷᠢᠨ᠎ᠠ᠃ ᠬᠡᠦᠬᠡᠳ ᠶᠢᠡᠨ ᠬᠠᠷᠠᠭᠰᠠᠨ ᠫᠣᠩᠰᠤᠭ᠄

᠊᠊᠊᠊᠊᠊᠊᠊᠊᠊᠊᠊᠊᠊᠊ ᠢᠨ᠂ ᠳᠠ ᠬᠤᠶᠠᠭᠤᠯᠠ ᠪᠦᠷ ᠠᠳᠠᠯᠢᠬᠠᠨ ᠮᠤᠩᠭ᠋ᠤᠯ ᠡᠷ᠎ᠡ ᠪᠣᠯᠵᠤ ᠪᠠᠢ᠌ᠭ᠎ᠠ ᠳᠤᠯᠠ ᠪᠦᠷ ᠮᠤᠩᠭ᠋ᠤᠯ ᠤᠨ ᠲᠦᠯᠦᠭᠡ ᠴᠢᠷᠮᠠᠢ᠌ᠵᠤ᠂ ᠮᠤᠩᠭ᠋ᠤᠯ ᠰᠤᠶᠤᠯ ᠢ ᠭᠦᠭ᠍ᠵᠢᠭᠦᠯᠤᠨ᠂ ᠮᠤᠩᠭ᠋ᠤᠯ ᠭᠡᠭᠦ ᠨᠠᠷ᠎ᠠ ᠶᠢ ᠡᠷᠭᠦᠵᠤ ᠶᠠᠪᠣᠬᠤ ᠭᠡᠷᠡᠭ᠍ᠳᠡᠢ ᠰᠢᠤ︕ ᠵᠥᠪᠭᠡᠨ ᠭᠦᠴᠤ ᠪᠠᠢ᠌ᠭᠠᠤᠨ ᠪᠣᠯᠬᠤ ᠪᠢᠰᠢ᠂ ᠡᠷᠳᠡᠮ ᠦᠭᠡᠶ ᠪᠣᠯ ᠪᠣᠯᠬᠤ ᠦᠭᠡᠶ ᠰᠢᠤ︕ ᠳᠠᠢ᠌ᠮᠤ ᠡᠴᠡ ᠳᠠ ᠬᠤᠶᠠᠭᠤᠯᠠ ᠡᠷᠭᠡᠪᠠᠰᠢ ᠨᠤᠮ ᠪᠢᠴᠢᠭ᠌᠂ ᠭᠦᠴᠤ ᠴᠢᠳᠠᠯ ᠢ ᠬᠤᠤᠰᠯᠠᠭᠤᠯᠤᠨ ᠪᠠᠶᠡᠯᠡᠭᠦᠯᠭᠦ ᠭᠡᠷᠡᠭ᠍ᠳᠡᠢ᠂ ᠮᠠᠳᠠᠪᠠᠤ︖ ᠶᠠᠭ ᠮᠤᠬᠤᠯᠠᠢ ᠸᠠᠩ ᠰᠢᠭ᠌ ᠭᠦᠴᠤ ᠣᠬᠠᠭᠠᠨ ᠢ ᠬᠠᠮᠳᠤ ᠳᠤ ᠨᠢ ᠰᠢᠩᠭᠡᠭᠡᠵᠤ᠂ ᠭᠦᠴᠤ ᠪᠠᠷ ᠪᠠᠢ᠌ᠯᠳᠤᠪᠠᠯ ᠭᠦᠴᠤ ᠪᠠᠷ ᠳᠠᠢ᠌ᠯᠵᠤ᠂ ᠣᠬᠠᠭᠠᠨ ᠶᠢᠡᠷ ᠪᠠᠢ᠌ᠯᠳᠤᠪᠠᠯ ᠣᠬᠠᠭᠠᠨ ᠶᠢᠡᠷ ᠢᠯᠠᠵᠤ᠂ ᠠᠯᠢᠨ ᠳᠤ ᠨᠢ ᠴᠤ ᠱᠥᠭᠦᠭ᠍ᠳᠡᠭᠦ ᠦᠭᠡᠶ ᠪᠠᠷ ᠶᠠᠪᠣᠨ᠎ᠠ ᠰᠢᠤ ᠭᠡᠵᠤ ᠣᠴᠢᠷᠳᠠᠢ ᠥᠭᠡ ᠪᠠᠷ ᠰᠤᠷᠭᠠᠵᠤ ᠪᠠᠢ᠌ᠳᠠᠯ᠎ᠠ ᠭᠡᠨᠡᠳᠲᠡ᠂ ᠭᠡᠷ ᠤᠨ ᠭᠠᠳᠠᠨ᠎ᠠ ᠫᠣᠤ ᠳᠤᠤᠭᠠᠷᠴᠤ᠂ ᠬᠤᠶᠠᠷ ᠵᠠᠷᠤᠴᠠ ᠳᠤᠳᠤᠭᠰᠢ ᠪᠠᠨ ᠭᠦᠶ‍ᠦᠯᠳᠤᠨ ᠣᠷᠤᠵᠤ ᠢᠷᠠᠨ᠂ ᠪᠢᠴᠢᠭᠡᠴᠢ ᠨᠤᠶᠠᠨ ᠡ︕ ᠪᠠᠷᠠᠵᠠᠢ᠂ ᠪᠠᠷᠠᠭᠤᠨ ᠵᠡᠭᠦᠨ ᠳᠠᠯ᠎ᠠ ᠡᠴᠡ ᠮᠤᠷᠢᠳᠠᠢ ᠳᠡᠭᠡᠷᠡᠮ ᠪᠦᠭ‍ᠬᠦᠵᠤ᠂ ᠮᠠᠨ ᠤ ᠡᠷᠦᠭᠡ ᠥᠭᠡᠳᠡ ᠭᠠᠯᠯᠠᠵᠤ ᠡᠭᠢᠯᠡᠯ᠎ᠡ ᠭᠡᠪᠡ᠃

᠊᠊᠊᠊᠊᠊᠊᠊᠊᠊᠊᠊᠊᠊᠊ ᠲ᠋ᠠᠨᠠᠷ ᠭᠡᠷ ᠲᠡᠭᠡᠨ ᠪᠠᠢ᠌ᠵᠤ ᠪᠠᠢ᠌ᠭᠠᠷᠠᠢ︕ ᠭᠡᠳ ᠥᠪᠠᠷᠳᠡᠭᠡᠨ ᠭᠠᠷ ᠫᠣᠤ ᠪᠠᠨ ᠠᠪᠴᠤ᠂ ᠡᠭᠦᠳᠡ ᠰᠡᠭᠦᠨ ᠭᠠᠷᠴᠤ ᠢᠷᠠᠪᠠ᠃ ᠳᠡᠭᠡᠭᠦ ᠳᠤ ᠭᠦᠷᠢᠶᠡᠨ ᠡᠭᠦᠳᠡᠨ ᠤ ᠳᠡᠷᠭᠡᠳᠡ ᠨᠢᠭᠡ ᠫᠣᠤ ᠳᠤᠤᠭᠠᠷᠴᠤ ᠭᠦᠮᠤᠨ ᠶᠢ ᠨᠢ ᠴᠤ ᠣᠯᠵᠤ ᠥᠵᠡᠭ᠍ᠰᠡᠨ ᠦᠭᠡᠶ ᠥᠩᠭᠦᠷᠢᠳᠡᠨ ᠣᠨᠠᠪᠠ᠃ ᠳᠤᠢᠳᠠᠯ ᠦᠭᠡᠶ ᠠᠷᠪᠠᠭᠠᠤᠨ ᠮᠤᠷᠢᠳᠠᠨ ᠡᠭᠦᠳᠡᠨ ᠤ ᠵᠡᠭᠦᠨ ᠳᠠᠯ᠎ᠠ ᠳ᠋ᠠᠭᠢ ᠲᠦᠯᠡᠭᠡᠨ ᠣᠪᠣᠭᠠᠨ ᠳᠤ ᠭᠠᠯ ᠳᠠᠯᠪᠢᠵᠤ ᠡᠮᠦᠨᠡᠰᠢ ᠳᠠᠪᠭᠢᠯᠳᠤᠨ ᠣᠤᠠᠪᠠ᠃

ᠮᠤᠯᠤᠮ ᠮᠤᠯᠤᠷ ᠢᠠᠵᠢ ᠴᠡᠴᠡᠭ᠍ᠮ᠎ᠡ ᠨᠡᠷ ᠶᠡᠭᠡᠪᠠᠷ ᠣᠭᠢᠯᠠᠨ ᠬᠠᠰᠭᠢᠷᠤᠯᠳᠤᠨ ᠫᠣᠩᠰᠤᠭ ᠢ ᠡᠷᠭᠦᠵᠤ ᠠᠪᠬᠤ ᠳᠤ ᠳᠡᠭᠦᠨ ᠤ ᠴᠡᠭᠡᠵᠢᠨ ᠳᠡᠭᠡᠷ᠎ᠡ ᠰᠤᠮᠤ ᠣᠨᠤᠵᠤ᠂ ᠨᠢᠭᠡᠨᠲᠡ ᠭᠦᠡᠳᠤ ᠪᠣᠯᠤᠭᠰᠠᠨ ᠪᠠᠢ᠌ᠯ᠎ᠠ᠃ ᠬᠤᠶᠠᠷ ᠶᠠᠷᠢᠳᠢᠠᠴᠤ ᠶᠢᠨ ᠬᠤᠭᠤᠷᠤᠠᠳᠤ ᠪᠣᠯᠤᠭᠰᠠᠨ ᠫᠣᠩᠰᠤᠭ ᠪᠢᠴᠢᠭᠡᠴᠢ᠂ ᠬᠤᠶᠠᠷ ᠭᠦᠪᠠᠭᠦᠨ ᠲᠡᠭᠡᠨ ᠴᠡᠴᠡᠷᠭᠢᠯᠡᠭ᠍ᠰᠡᠨ ᠬᠤᠭᠤᠯᠠᠢ ᠪᠠᠷ᠄

᠊᠊᠊᠊᠊᠊᠊᠊᠊᠊᠊᠊᠊᠊᠊ ᠬᠡᠦᠬᠡᠳ ᠮᠢᠨᠢ︕ ᠡᠴᠢᠭᠡ ᠨᠢ ᠪᠣᠳᠤᠬᠤ ᠳᠤ ᠳᠠᠨᠠᠷ ᠡᠴᠡ ᠰᠠᠯᠠᠵᠤ ᠶᠠᠪᠣᠬᠤ ᠭᠡᠷᠡᠭ᠌ ᠪᠣᠯᠤᠭᠰᠠᠨ᠂ ᠬᠤᠤᠷᠳᠠᠨ ᠤ ᠬᠤᠯᠠᠭᠠᠢ ᠰᠤᠮᠤ ᠭᠡᠭ᠍ᠴᠢ ᠥᠨᠡᠭᠡᠷ ᠬᠤᠤᠷᠳᠠᠢ ᠶᠤᠮ ᠪᠠᠢ᠌ᠨ᠎ᠠ᠃ ᠭᠡᠪᠠᠴᠤ ᠡᠴᠢᠭᠡ ᠨᠢ ᠳᠡᠭᠡᠵᠤ ᠡᠷᠳᠡ ᠳᠠᠨᠠᠷ ᠢ ᠬᠠᠶᠠᠵᠤ ᠶᠠᠪᠣᠬᠤ ᠨᠢ ᠪᠠᠬᠠᠨ ᠰᠡᠳᠭᠢᠯ ᠳᠤ ᠬᠠᠷᠠᠮᠰᠠᠯᠳᠠᠢ ᠶᠤᠮᠰᠠᠠᠵᠠᠢ᠂ ᠡᠭᠡ ᠴᠢᠨᠢ ᠡᠪᠡᠳᠴᠢᠨ ᠶᠢᠡᠨ ᠦᠭᠡᠶ ᠪᠣᠯᠤᠭᠠᠤᠨ ᠪᠠᠢ᠌ᠳᠠᠯ᠎ᠠ ᠡᠳᠦᠭᠡ ᠪᠢ ᠴᠤ ᠡᠢ᠌ᠮᠤ ᠪᠣᠯᠪᠠ︕ ᠭᠡᠪᠠᠴᠤ ᠬᠤᠷᠢᠨ ᠵᠢᠯ ᠤᠨ ᠳᠠᠷᠠᠭ᠎ᠠ ᠳᠠᠨᠠᠷ ᠮᠦᠨ ᠴᠤ ᠡᠴᠢᠭᠡ ᠪᠠᠨ ᠰᠢᠭ᠌ ᠪᠠᠭᠠᠳᠤᠷ ᠡᠷᠳᠡᠮᠳᠡᠨ ᠪᠣᠯᠬᠤ ᠭᠡᠳᠡᠭ᠌ ᠢ ᠪᠣᠳᠤᠬᠤ ᠲᠡᠶ ᠵᠡᠷᠭᠡ ᠬᠠᠷᠠᠮᠰᠠᠯ ᠭᠤᠨᠢᠶᠠᠯ ᠪᠦᠷᠢᠮᠦᠰᠤᠨ ᠠᠷᠢᠯᠤᠵᠤ ᠳᠠᠯ᠎ᠠ ᠮᠠᠳᠤ ᠠᠭᠤᠵᠢᠷᠠᠬᠤ ᠶᠤᠮ᠃ ᠭᠡᠪᠠᠴᠤ ᠬᠠᠷᠭᠢᠰ ᠳᠠᠢ᠌ᠰᠤᠨ ᠳᠤ ᠶᠠᠰᠤ ᠪᠠᠨ ᠬᠤᠭᠤᠯᠠᠬᠤ ᠡᠴᠡ ᠪᠢᠰᠢ ᠨᠠᠷ᠎ᠠ ᠪᠠᠨ ᠬᠤᠭᠤᠯᠠᠬᠤ ᠦᠭᠡᠶ ᠪᠠᠢ᠌ᠬᠤ ᠭᠡᠷᠡᠭ᠍ᠳᠡᠢ᠂ ᠠᠪᠣ ᠶᠢᠨ ᠶᠢᠡᠨ ᠵᠢᠭᠠᠭᠰᠠᠨ ᠭᠡᠳᠤᠨ ᠥᠰᠦᠭ᠌ ᠶᠢᠡᠨ ᠴᠡᠭᠡᠵᠢᠯᠡᠵᠤ ᠶᠠᠪᠣᠭᠠᠷᠠᠢ︕ ᠮᠠᠨ ᠤ ᠮᠤᠩᠭ᠋ᠤᠯ ᠭᠦᠮᠤᠨ᠂ ᠮᠤᠩᠭ᠋ᠤᠯ ᠥᠰᠦᠭ᠌ ᠭᠡᠭ᠍ᠴᠢ ᠭᠡᠵᠢᠶᠡᠳᠡ ᠳᠡᠯᠡᠭᠡᠢ ᠳᠡᠭᠡᠷ᠎ᠡ ᠪᠣᠰᠤᠭ᠎ᠠ ᠶᠠᠪᠣᠨ᠎ᠠ ᠭᠡᠰᠡᠨ ᠥᠭᠡ᠂ ᠠᠪᠣ ᠨᠢ ᠪᠢ ᠪᠣᠰᠤᠳ ᠭᠦᠮᠤᠨ ᠰᠢᠭ᠌ ᠭᠦᠷᠢᠶ᠎ᠡ ᠳᠦᠭᠦᠷᠡᠩ ᠮᠠᠯ ᠰᠦᠷᠦᠭ᠌᠂ ᠠᠪᠳᠠᠷ᠎ᠠ ᠳᠦᠭᠦᠷᠡᠩ ᠠᠯᠳᠠ ᠮᠥᠩᠭᠦ ᠪᠠᠢ᠌ᠬᠤ ᠦᠭᠡᠶ ᠴᠤ ᠭᠤᠪᠢ ᠠᠢ᠌ᠮᠠᠭ ᠤᠨ ᠦᠷᠭᠡᠨ ᠲᠦᠮᠡᠨ ᠳᠤ ᠢᠳᠡᠭᠡᠯ ᠠᠯᠳᠠᠭᠰᠠᠨ ᠣᠳᠠᠭ᠎ᠠ ᠦᠭᠡᠶ᠂ ᠴᠢᠳᠠᠯ ᠤᠨ ᠴᠢᠨᠡᠭᠡ ᠪᠠᠷ ᠶᠢᠡᠨ ᠴᠢᠷᠮᠠᠢ᠌ᠭᠰᠠᠨ ᠡᠴᠡ ᠲᠦᠮᠡᠨ ᠤ ᠳᠤᠮᠳᠠ ᠪᠠᠨ ᠶᠠᠪᠣᠵᠤ ᠢᠷᠡᠭ᠍ᠰᠡᠨ᠂ ᠳᠠᠨᠠᠷ ᠦᠨᠢᠳᠠ ᠮᠡᠳᠡᠭᠦ ᠭᠡᠷᠡᠭ᠍ᠳᠡᠢ᠂ ᠳᠠᠢ᠌ᠮᠤ ᠡᠴᠡ ᠰᠤᠶᠤᠯ ᠨᠤᠮ ᠶᠢᠡᠨ ᠰᠠᠢ᠌ᠳᠤᠷ ᠰᠤᠷᠴᠤ ᠬᠤᠵᠢᠮ ᠠᠪᠣ ᠪᠠᠨ ᠰᠢᠭ᠌ ᠪᠢᠴᠢᠭᠡᠴᠢ ᠪᠣᠯᠬᠤ ᠦᠭᠡᠶ ᠴᠤ ᠪᠠᠶ᠎ᠠ ᠪᠠᠨ ᠳᠡᠵᠢᠭᠡᠵᠤ ᠳᠠᠢ᠌ᠯᠤᠨ᠎ᠠ ᠭᠡᠳᠡᠭ᠌ ᠢ ᠴᠡᠭᠡᠵᠢᠯᠡᠵᠤ ᠶᠠᠪᠣᠭᠠᠷᠠᠢ︕ ᠭᠡᠵᠤ ᠬᠤᠶᠠᠷ ᠭᠦᠪᠠᠭᠦᠨ ᠳᠡᠭᠡᠨ ᠦᠨᠢᠳᠠ ᠶᠢᠨ ᠭᠡᠷᠢᠶᠡᠰ ᠭᠡᠮᠡᠷᠭᠡᠨ ᠨᠢᠭᠡᠨ ᠪᠠᠳᠠᠭ ᠭᠦᠨ ᠣᠴᠢᠷᠳᠠᠢ ᠳᠠᠯᠳᠠ ᠥᠭᠡ ᠶᠢ ᠥᠯᠳᠡᠭᠡᠨ ᠬᠤᠴᠤᠷᠭᠠᠵᠠᠢ᠃

ᠡᠭᠦᠨ ᠤ ᠳᠠᠭᠤ ᠴᠡᠴᠡᠭ᠍ᠮ᠎ᠡ ᠨᠡᠷ ᠳᠠᠭᠤ ᠳᠠᠯᠪᠢᠨ ᠣᠭᠢᠯᠠᠯᠳᠤᠨ ᠰᠠᠯᠵᠤ ᠶᠠᠪᠣᠬᠤ ᠭᠡᠵᠤ ᠪᠠᠢ᠌ᠭ᠎ᠠ ᠭᠡᠷ ᠤᠨ ᠡᠵᠡᠨ ᠶᠢᠡᠨ ᠬᠠᠢ᠌ᠷᠠᠯᠠᠵᠤ ᠪᠠᠢ᠌ᠬᠤ ᠶᠤᠮ ᠦᠦ︖ ᠪᠣᠤ ᠮᠠᠳᠠ᠂ ᠵᠢᠭᠤᠷᠤᠯᠳᠤᠨ ᠬᠠᠢ᠌ᠯᠠᠨ᠎ᠠ᠃ ᠳᠡᠭᠦᠨ ᠡᠴᠡ ᠨᠢᠭᠡᠨ ᠰᠦᠨᠢ ᠶᠢ ᠥᠩᠭᠡᠷᠭᠡᠵᠤ ᠳᠡᠢ᠌ᠯᠦᠭ᠍ᠰᠡᠨ ᠦᠭᠡᠶ ᠫᠣᠩᠰᠤᠭ ᠪᠢᠴᠢᠭᠡᠴᠢ ᠬᠤᠯᠠᠭᠠᠢ ᠰᠤᠮᠤᠨ ᠳᠤ ᠡᠨᠡ ᠨᠠᠰᠤ ᠪᠠᠨ ᠳᠠᠭᠤᠰᠬᠠᠪᠠ᠃


ᠰᠠᠷᠭ᠎ᠠ ① ᠊᠊᠊᠊᠊᠊᠊᠊᠊᠊᠊᠊᠊᠊᠊ ᠬᠠᠶᠠᠭᠠᠨ ᠳᠡᠭᠡᠷ᠎ᠡ ᠮᠤᠳᠤᠨ ᠶᠢᠡᠷ ᠵᠤᠬᠢᠶᠠᠭᠰᠠᠨ ᠨᠢᠭᠡ ᠵᠣᠢ᠌ᠯ ᠤᠨ ᠳᠠᠯᠪᠢᠭᠤᠷ᠃ ᠶᠤᠭᠤᠷ ② ᠊᠊᠊᠊᠊᠊᠊᠊᠊᠊᠊᠊᠊᠊᠊ ᠪᠠᠭᠤᠷᠠᠢ᠃


ᠵᠤᠬᠢᠶᠠᠭᠴᠢ ᠶᠢᠨ ᠬᠠ‍‌ᠶᠢᠭ ᠄ ᠺᠦᠷᠡᠯ᠎ᠡ ᠬᠤᠳᠠᠨ

ᠵᠤᠬᠢᠶᠠᠭᠴᠢ᠄ ᠳ·ᠬᠦᠬᠡᠮᠦ᠋ᠷᠡᠨ
ᠳᠠᠷᠤᠮ᠄ 1972
ᠴᠠᠭ᠄ 2011 ᠤᠨ ᠤ 07 ᠰᠠᠷ᠎ᠠ ᠶᠢᠨ 21