ᠯᠤᠤᠽᠡᠷ ᠄ 《ᠬᠦᠬᠡ ᠰᠤᠳᠤᠷ ᠤᠨ ᠪᠢᠲᠡᠭᠦᠦ ᠬᠤᠯᠪᠤᠭ᠎ᠠ》
ᠲᠦᠷᠪᠡ

ᠠ ᠄ ᠵᠧ ᠭᠦᠶ‍ᠢ ᠥᠨᠡᠭᠡᠷ ᠳᠠᠢ᠌ᠮᠤ ᠦᠦ᠂

ᠵᠡᠭᠡᠷ᠎ᠡ ᠶᠢᠨ ᠡᠪᠠᠷ ᠵᠥᠷᠢᠯᠳᠦᠳᠡᠭ᠌

ᠵᠤᠯᠭᠠᠪᠠᠯ ᠪᠢᠳᠠ ᠴᠢᠨᠢ ᠭᠡᠯᠡᠯᠴᠡᠳᠡᠭ᠌᠂

ᠵᠢᠪᠬᠤᠯᠠᠩᠳᠤ ᠭᠦᠭᠡ ᠮᠤᠩᠭ᠋ᠤᠯ ᠤᠨ ᠵᠢᠠᠨ

ᠵᠤᠭᠤᠭ ᠢ ᠵᠠᠯᠭᠠᠭᠠᠤᠨ ᠭᠡᠯᠡᠯᠴᠡᠨ᠎ᠡ ᠦᠦ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠣᠭᠤᠨᠤ ᠶᠢᠨ ᠡᠪᠠᠷ ᠣᠷᠢᠶᠠᠯᠳᠤᠳᠠᠭ

ᠣᠴᠠᠷᠠᠪᠠᠯ ᠪᠢᠳᠠ ᠴᠢᠨᠢ ᠰᠢᠯᠦᠭᠯᠡᠳᠡᠭ᠌᠂

ᠣᠷᠢᠳᠤ ᠶᠢᠨ ᠰᠡᠭᠦᠭᠡᠭ᠍ᠰᠡᠨ ᠭᠦᠭᠡ ᠰᠤᠳᠤᠷ ᠵᠢᠠᠨ

ᠣᠳᠤ ᠳᠠᠭᠢᠭᠠᠤᠨ ᠭᠡᠯᠡᠯᠴᠡᠶ᠎ᠡ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠠᠷᠳᠠ᠂ ᠬᠤᠰᠠᠭᠤᠷ᠂ ᠲ᠋ᠠᠯᠵᠢᠳᠠᠢ ᠭᠡᠭ᠍ᠴᠢ

ᠭᠡᠨ ᠤ ᠲᠦᠷᠦᠯ ᠤᠨ ᠭᠦᠮᠦᠰ ᠪᠣᠢ︖

ᠭᠡᠷᠡᠢ᠌ᠤᠨ ᠤᠨ ᠥᠭᠡ ᠶᠢ ᠢᠳᠡᠭᠡᠭ᠍ᠰᠡᠨ

ᠠᠯᠢ ᠭᠡᠷ ᠤᠨ ᠬᠤᠯᠤᠭᠠᠨ᠎ᠠ ᠪᠣᠢ︖

ᠭᠡᠴᠡᠭᠦᠤ ᠰᠤᠷᠳᠤᠭᠤᠯᠠᠵᠤ ᠰᠠᠭᠰᠠᠭᠤᠷᠠᠭᠰᠠᠨ

ᠬᠠᠮᠢᠭᠠᠭᠢ ᠡᠷᠭᠢᠭᠦᠤ ᠨᠤᠶᠠᠤᠨ ᠪᠣᠢ︖

ᠭᠢᠮᠡᠳᠡᠭᠡᠢ ᠢᠯᠠᠭᠤ ᠶᠢ ᠥᠷᠨᠢᠭᠦᠯᠦᠭ᠍ᠰᠡᠨ

ᠶᠠᠮᠠᠷ ᠭᠡᠨ ᠤ ᠬᠤᠩᠰᠢᠶᠠᠷ ᠪᠣᠢ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠠᠷᠳᠠ᠂ ᠬᠤᠰᠠᠭᠤᠷ᠂ ᠲ᠋ᠠᠯᠵᠢᠳᠠᠢ ᠭᠡᠭ᠍ᠴᠢ

ᠳᠠᠮᠤᠵᠢᠨ ᠤ ᠲᠦᠷᠦᠯ ᠤᠨ ᠭᠦᠮᠦᠰ᠂

ᠭᠡᠷᠡᠢ᠌ᠤᠨ ᠤᠨ ᠥᠭᠡ ᠶᠢ ᠢᠳᠡᠭᠡᠭ᠍ᠰᠡᠨ

ᠪᠧᠲ᠋ᠡ᠋ ᠶᠢᠨ ᠭᠡᠷ ᠤᠨ ᠬᠤᠯᠤᠭᠠᠨ᠎ᠠ᠃

ᠭᠡᠴᠡᠭᠦᠤ ᠰᠤᠷᠳᠤᠭᠤᠯᠠᠵᠤ ᠰᠠᠭᠰᠠᠭᠤᠷᠠᠭᠰᠠᠨ

ᠭᠡᠷᠡᠢ᠌ᠤᠨ ᠤᠨ ᠡᠷᠭᠢᠭᠦᠤ ᠨᠤᠶᠠᠤᠨ᠂

ᠭᠢᠮᠡᠳᠡᠭᠡᠢ ᠢᠯᠠᠭᠤ ᠶᠢ ᠥᠷᠨᠢᠭᠦᠯᠦᠭ᠍ᠰᠡᠨ

ᠭᠢᠯᠢᠠᠴᠠᠳᠤ ᠵᠠᠮᠤᠬ᠎ᠠ ᠶᠢᠨ ᠬᠤᠩᠰᠢᠶᠠᠷ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠠᠷᠭ᠎ᠠ ᠳ᠋ᠤᠨᠢ ᠠᠷᠭ᠎ᠠ ᠭᠠᠷᠭᠠᠭᠠᠤᠨ

ᠶᠠᠭᠤ ᠶᠢ ᠮᠤᠬᠤᠯᠠᠢ ᠣᠯᠠᠷᠢᠭᠤᠯᠪᠠ︖

ᠣᠯᠤᠩᠬᠤ᠂ ᠭᠤᠤᠷᠭᠢ ᠶᠢ ᠠᠷᠭᠠᠳᠠᠭᠠᠤᠨ

ᠭᠡᠨ ᠭᠡᠨ ᠢ ᠨᠢ ᠰᠡᠯᠳᠡᠭᠦᠯᠪᠡ︖

ᠭᠡᠷᠡᠢ᠌ᠤᠨ ᠤᠨ ᠣᠯᠠᠨ ᠪᠦᠭᠦᠳᠡᠭᠡᠷ

ᠠᠯᠢ ᠠᠭᠤᠯᠠᠨ᠎ᠠ ᠣᠷᠤᠪᠠ︖

ᠭᠦᠴᠦᠷᠭᠡᠭ᠌ ᠪᠧᠲ᠋ᠡ᠋ ᠶᠢᠨ ᠴᠡᠷᠢᠭ᠌

ᠬᠠᠮᠢᠭ᠎ᠠ ᠬᠠᠮᠢᠭ᠎ᠠ ᠡᠴᠡ ᠨᠢ ᠬᠠᠭᠠᠪᠠ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠠᠷᠭ᠎ᠠ ᠳ᠋ᠤᠨᠢ ᠠᠷᠭ᠎ᠠ ᠭᠠᠷᠭᠠᠭᠠᠤᠨ

ᠣᠬᠠᠭᠠᠨ ᠢ ᠮᠤᠬᠤᠯᠠᠢ ᠣᠯᠠᠷᠢᠭᠤᠯᠪᠠ᠂

ᠣᠯᠤᠩᠬᠤ᠂ ᠭᠤᠤᠷᠭᠢ ᠶᠢ ᠠᠷᠭᠠᠳᠠᠭᠠᠤᠨ

ᠠᠷᠳᠠ᠂ ᠬᠤᠰᠠᠭᠤᠷ ᠢ ᠰᠡᠯᠳᠡᠭᠦᠯᠪᠡ᠃

ᠭᠡᠷᠡᠢ᠌ᠤᠨ ᠤᠨ ᠣᠯᠠᠨ ᠪᠦᠭᠦᠳᠡᠭᠡᠷ

ᠳᠠᠰ ᠠᠭᠤᠯᠠᠨ᠎ᠠ ᠣᠷᠤᠪᠠ᠂

ᠭᠦᠴᠦᠷᠭᠡᠭ᠌ ᠪᠧᠲ᠋ᠡ᠋ ᠶᠢᠨ ᠴᠡᠷᠢᠭ᠌

ᠳᠠᠯ᠎ᠠ ᠳᠠᠯ᠎ᠠ ᠡᠴᠡ ᠨᠢ ᠬᠠᠭᠠᠪᠠ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠭᠠᠯᠵᠠᠭᠤ ᠪᠠᠷᠰ ᠤᠨ ᠰᠥᠷᠦᠭ᠌ ᠭᠡᠵᠤ

ᠬᠠᠮᠢᠭᠠᠭᠢ ᠪᠠᠭᠠᠳᠤᠷᠴᠤᠳ ᠶᠢᠡᠷ ᠳᠠᠢ᠌ᠯᠤᠨ᠎ᠠ ᠪᠣᠢ︖

ᠭᠠᠵᠠᠷ ᠡᠴᠡ ᠥᠷᠭᠦᠯᠵᠢ ᠰᠡᠭ᠌ ᠭᠡᠵᠤ

ᠬᠠᠮᠢᠭᠠᠭᠢ ᠥᠭᠦᠳᠡᠯ ᠤᠳ ᠶᠢᠡᠷ ᠳᠠᠢ᠌ᠯᠤᠨ᠎ᠠ ᠪᠣᠢ︖

ᠭᠠᠠᠵᠤᠭ᠎ᠠ ᠳᠦᠭᠦᠷᠡᠩ ᠠᠴᠢᠶ᠎ᠠ ᠭᠡᠵᠤ

ᠭᠡᠨ ᠤ ᠣᠯᠵᠠ ᠪᠠᠷ ᠳᠠᠢ᠌ᠯᠤᠨ᠎ᠠ ᠪᠣᠢ︖

ᠭᠠᠯ ᠨᠢ ᠪᠠᠷᠠᠭᠰᠠᠨ ᠦᠨᠡᠰᠤ ᠭᠡᠵᠤ

ᠭᠡᠨ ᠤ ᠭᠦᠷᠢᠶ᠎ᠡ ᠪᠠᠷ ᠳᠠᠢ᠌ᠯᠤᠨ᠎ᠠ ᠪᠣᠢ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠭᠠᠯᠵᠠᠭᠤ ᠪᠠᠷᠰ ᠤᠨ ᠰᠥᠷᠦᠭ᠌ ᠭᠡᠵᠤ

ᠪᠧᠲ᠋ᠡ᠋ ᠶᠢᠨ ᠪᠭᠠᠳᠤᠷᠴᠤᠳ ᠶᠢᠡᠷ ᠳᠠᠢ᠌ᠯᠤᠶ᠎ᠠ᠂

ᠭᠠᠵᠠᠷ ᠡᠴᠡ ᠥᠷᠭᠦᠯᠵᠢ ᠰᠡᠭ᠌ ᠭᠡᠵᠤ

ᠭᠡᠷᠡᠢ᠌ᠤᠨ ᠤᠨ ᠥᠭᠦᠳᠡᠯ ᠤᠳ ᠶᠢᠡᠷ ᠳᠠᠢ᠌ᠯᠤᠶ᠎ᠠ᠃

ᠭᠠᠠᠵᠤᠭ᠎ᠠ ᠳᠦᠭᠦᠷᠡᠩ ᠠᠴᠢᠶ᠎ᠠ ᠭᠡᠵᠤ

ᠪᠧᠲ᠋ᠡ᠋ ᠶᠢᠨ ᠣᠯᠵᠠ ᠪᠠᠷ ᠳᠠᠢ᠌ᠯᠤᠶ᠎ᠠ᠂

ᠭᠠᠯ ᠨᠢ ᠪᠠᠷᠠᠭᠰᠠᠨ ᠦᠨᠡᠰᠤ ᠭᠡᠵᠤ

ᠭᠡᠷᠡᠢ᠌ᠤᠨ ᠤᠨ ᠭᠦᠷᠢᠶ᠎ᠡ ᠪᠠᠷ ᠳᠠᠢ᠌ᠯᠤᠶ᠎ᠠ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠵᠠᠯᠮ᠎ᠠ᠂ ᠵᠠᠪᠠ ᠳᠤ ᠪᠠᠷᠢᠭᠳᠠᠭᠠᠤᠨ

ᠵᠤᠪᠠᠵᠤ ᠭᠤᠶᠤᠭᠰᠠᠨ ᠭᠡᠨ ᠳᠠᠷᠠ︖

ᠵᠢᠷᠤᠮ ᠶᠢᠡᠷ ᠴᠢᠮᠠᠶ᠋ᠢ ᠭᠡᠯᠳᠦᠷᠢᠭᠦᠯᠦᠶ᠎ᠡ ᠭᠡᠤᠨ

ᠵᠠᠮ ᠡᠴᠡ ᠨᠢ ᠳᠠᠯᠪᠢᠭᠰᠠᠨ ᠭᠡᠨ ᠳᠠᠷᠠ︖

ᠴᠠᠭ ᠢ ᠳᠠᠨᠢᠵᠤ ᠴᠢᠳᠠᠭᠰᠠᠨ ᠨᠢ

ᠴᠠᠢ᠌ᠯᠵᠢ ᠶᠢᠨ ᠭᠡᠨ ᠤ ᠮᠡᠷᠭᠡᠨ ᠪᠣᠢ︖

ᠪᠣᠳᠤᠯᠭᠠᠳᠤ ᠨᠠᠷ᠎ᠠ ᠪᠠᠷ ᠴᠤᠯᠯᠠᠭᠰᠠᠨ ᠨᠢ

ᠪᠣᠶᠠᠠᠰᠠᠭ ᠭᠡᠨ ᠤ ᠦᠷᠦᠰᠢᠶᠠᠯ ᠪᠣᠢ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠵᠠᠯᠮ᠎ᠠ᠂ ᠵᠠᠪᠠ ᠳᠤ ᠪᠠᠷᠢᠭᠳᠠᠭᠠᠤᠨ

ᠵᠤᠪᠠᠵᠤ ᠭᠤᠶᠤᠭᠰᠠᠨ ᠸᠠᠩ ᠬᠠᠨ

ᠵᠢᠷᠤᠮ ᠶᠢᠡᠷ ᠴᠢᠮᠠᠶ᠋ᠢ ᠭᠡᠯᠳᠦᠷᠢᠭᠦᠯᠦᠶ᠎ᠡ ᠭᠡᠤᠨ

ᠵᠠᠮ ᠡᠴᠡ ᠨᠢ ᠳᠠᠯᠪᠢᠭᠰᠠᠨ ᠳᠠᠮᠤᠵᠢᠨ᠃

ᠴᠠᠭ ᠢ ᠳᠠᠨᠢᠵᠤ ᠴᠢᠳᠠᠭᠰᠠᠨ ᠨᠢ

ᠴᠠᠢ᠌ᠯᠵᠢ ᠶᠢᠨ ᠣᠷᠳᠤ ᠶᠢᠨ ᠮᠡᠷᠭᠡᠨ᠂

ᠪᠣᠳᠤᠯᠭᠠᠳᠤ ᠨᠠᠷ᠎ᠠ ᠪᠠᠷ ᠴᠤᠯᠯᠠᠭᠰᠠᠨ ᠨᠢ

ᠪᠣᠶᠠᠠᠰᠠᠭ ᠳᠠᠮᠤᠵᠢᠨ ᠤ ᠦᠷᠦᠰᠢᠶᠠᠯ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠦᠨᠳᠦᠷ ᠳᠡᠭ᠍ᠷᠢ ᠶᠢᠨ ᠬᠤᠷ᠎ᠠ ᠭᠡᠵᠤ

ᠳᠡᠭᠦᠨ ᠢ ᠶᠠᠭᠤ ᠪᠠᠷ ᠳᠠᠢ᠌ᠯᠤᠨ᠎ᠠ︖

ᠡᠭᠦᠯᠡᠨ᠎ᠡ ᠨᠢᠵᠢᠭᠢᠨᠡᠭ᠍ᠰᠡᠨ ᠠᠶᠤᠩᠭ᠋᠎ᠠ ᠭᠡᠵᠤ

ᠳᠡᠭᠦᠨ ᠢ ᠶᠠᠭᠤ ᠪᠠᠷ ᠳᠠᠢ᠌ᠯᠤᠨ᠎ᠠ︖

ᠨᠠᠷᠠᠨ ᠰᠠᠷᠠᠨ ᠬᠤᠤᠰᠯᠠᠪᠠ ᠭᠡᠵᠤ

ᠳᠡᠭᠦᠨ ᠢ ᠶᠠᠭᠤ ᠪᠠᠷ ᠳᠠᠢ᠌ᠯᠤᠨ᠎ᠠ︖

ᠨᠡᠯᠦᠭᠡᠷ ᠶᠡᠭᠡ ᠳᠠᠯᠠᠢ ᠭᠡᠵᠤ

ᠳᠡᠭᠦᠨ ᠢ ᠶᠠᠭᠤ ᠪᠠᠷ ᠳᠠᠢ᠌ᠯᠤᠨ᠎ᠠ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠦᠨᠳᠦᠷ ᠳᠡᠭ᠍ᠷᠢ ᠶᠢᠨ ᠬᠤᠷ᠎ᠠ ᠭᠡᠵᠤ

ᠳᠠᠮᠤᠵᠢᠨ ᠤ ᠭᠡᠰᠢᠭ᠌ ᠶᠢᠡᠷ ᠳᠠᠢ᠌ᠯᠤᠶ᠎ᠠ᠂

ᠡᠭᠦᠯᠡᠨ᠎ᠡ ᠨᠢᠵᠢᠭᠢᠨᠡᠭ᠍ᠰᠡᠨ ᠠᠶᠤᠩᠭ᠋᠎ᠠ ᠭᠡᠵᠤ

ᠮᠤᠬᠤᠯᠠᠢ ᠶᠢᠨ ᠰᠦᠷ ᠶᠢᠡᠷ ᠳᠠᠢ᠌ᠯᠤᠶ᠎ᠠ᠃

ᠨᠠᠷᠠᠨ ᠰᠠᠷᠠᠨ ᠬᠤᠤᠰᠯᠠᠪᠠ ᠭᠡᠵᠤ

ᠪᠧᠲ᠋ᠡ᠋ ᠶᠢᠨ ᠳᠠᠶᠠᠭᠠᠷ ᠶᠢᠡᠷ ᠳᠠᠢ᠌ᠯᠤᠶ᠎ᠠ᠂

ᠨᠡᠯᠦᠭᠡᠷ ᠶᠡᠭᠡ ᠳᠠᠯᠠᠢ ᠭᠡᠵᠤ

ᠡᠷᠳᠡᠮ ᠴᠢᠳᠠᠯ ᠶᠢᠡᠷ ᠨᠢ ᠳᠠᠢ᠌ᠯᠤᠶ᠎ᠠ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠭᠡᠳᠤ ᠰᠠᠭᠰᠠᠭᠤ ᠬᠤᠩᠵᠢᠯᠠ ᠠᠢ᠌ᠮᠠᠭ

ᠠᠯᠢ ᠲᠡᠶ ᠬᠠᠯᠳᠠᠨ ᠡᠭᠦᠰᠭᠡᠪᠡ︖

ᠭᠦᠴᠦᠷᠭᠡᠭ᠌ ᠳᠠᠮᠤᠵᠢᠨ ᠬᠠᠳᠠᠮ ᠶᠢᠡᠨ ᠳᠤᠰᠠᠯᠠᠵᠤ

ᠶᠠᠭᠤ ᠶᠢ ᠪᠣᠳᠠᠷᠠᠳᠠᠯ᠎ᠠ ᠳᠠᠷᠤᠪᠠ︖

ᠭᠡᠷᠡᠢ᠌ᠤᠨ ᠤᠨ ᠴᠡᠷᠢᠭ᠌ ᠪᠠᠰᠠ

ᠠᠯᠢ ᠠᠭᠤᠯᠠᠨ ᠳᠤ ᠪᠠᠢ᠌ᠯᠳᠤᠪᠠ︖

ᠬᠠᠮᠤᠭ ᠴᠡᠷᠢᠭ᠌ ᠶᠢᠡᠨ ᠭᠦᠳᠡᠯᠭᠡᠵᠤ

ᠭᠡᠨ ᠪᠠᠶ᠎ᠠ ᠪᠠᠷ ᠢᠷᠠᠪᠠ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠭᠡᠳᠤ ᠰᠠᠭᠰᠠᠭᠤ ᠬᠤᠩᠵᠢᠯᠠ ᠠᠢ᠌ᠮᠠᠭ

ᠬᠤᠩᠭᠢᠷᠠᠤᠨ ᠳᠠᠢ ᠬᠠᠯᠳᠠᠨ ᠡᠭᠦᠰᠭᠡᠪᠡ᠂

ᠭᠦᠴᠦᠷᠭᠡᠭ᠌ ᠳᠠᠮᠤᠵᠢᠨ ᠬᠠᠳᠠᠮ ᠶᠢᠡᠨ ᠳᠤᠰᠠᠯᠠᠵᠤ

ᠬᠤᠩᠵᠢᠯᠠ ᠶᠢ ᠪᠣᠳᠠᠷᠠᠳᠠᠯ᠎ᠠ ᠳᠠᠷᠤᠪᠠ᠃

ᠭᠡᠷᠡᠢ᠌ᠤᠨ ᠤᠨ ᠴᠡᠷᠢᠭ᠌ ᠪᠠᠰᠠ

ᠭᠠᠯᠠᠭᠤᠳᠤ ᠠᠭᠤᠯᠠᠨ᠎ᠠ ᠪᠠᠢ᠌ᠯᠳᠤᠪᠠ᠂

ᠬᠠᠮᠤᠭ ᠴᠡᠷᠢᠭ᠌ ᠶᠢᠡᠨ ᠭᠦᠳᠡᠯᠭᠡᠵᠤ

ᠳᠠᠮᠤᠵᠢᠨ ᠪᠠᠶ᠎ᠠ ᠪᠠᠷ ᠢᠷᠠᠪᠠ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠡᠡᠯᠦᠬ᠎ᠠ᠂ ᠰᠥᠭᠡ ᠬᠤᠶᠠᠭᠤᠯᠠ

ᠭᠡᠷᠡᠢ᠌ᠤᠨ ᠤᠨ ᠶᠠᠭᠤᠨ ᠳᠤ ᠭᠦᠷᠪᠡ︖

ᠠᠩᠬ᠎ᠠ ᠬᠤᠵᠢᠮ ᠲᠡᠶ ᠳᠤᠭᠠᠴᠢᠵᠤ

ᠭᠦᠡᠳᠤ ᠶᠠᠭᠤ ᠶᠢ ᠭᠡᠯᠡᠯᠴᠡᠪᠡ︖

ᠳᠠᠮᠤᠵᠢᠨ ᠤ ᠳᠤᠯᠤᠭᠠᠨ ᠠᠴᠢ ᠳᠤᠰᠠ ᠵᠢ

ᠶᠠᠭᠤ ᠳᠠᠷᠤᠨ ᠳᠤᠭᠠᠯᠠᠪᠠ︖

ᠳᠤᠭᠤᠷᠢᠯ ᠤᠨ ᠳᠤᠯᠤᠭᠠᠨ ᠪᠣᠷᠤᠭᠤ ᠵᠢ

ᠶᠠᠭᠤᠨ ᠳᠡᠭᠡᠷ᠎ᠡ ᠨᠢ ᠳᠤᠯᠭᠠᠪᠠ︖

ᠳᠡᠨᠡᠭ᠌ ᠢᠯᠠᠭᠤ ᠠᠯᠠᠶ᠎ᠠ ᠭᠡᠭᠦ ᠳ᠋ᠤ

ᠶᠠᠮᠠᠷ ᠭᠡᠨ ᠬᠤᠷᠢᠭᠯᠠᠪᠠ︖

ᠳᠡᠭᠦᠰ ᠵᠤᠷᠢᠭᠳᠤ ᠡᠡᠯᠦᠬ᠎ᠠ᠂ ᠰᠥᠭᠡ

ᠶᠠᠮᠠᠷ ᠶ‍ᠩᠵᠤ ᠲᠡᠶ ᠪᠣᠴᠠᠵᠠᠭᠠᠪᠠ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠡᠡᠯᠦᠬ᠎ᠠ᠂ ᠰᠥᠭᠡ ᠬᠤᠶᠠᠭᠤᠯᠠ

ᠭᠡᠷᠡᠢ᠌ᠤᠨ ᠤᠨ ᠣᠷᠳᠤᠨ ᠳᠤ ᠭᠦᠷᠪᠡ᠂

ᠠᠩᠬ᠎ᠠ ᠬᠤᠵᠢᠮ ᠲᠡᠶ ᠳᠤᠭᠠᠴᠢᠵᠤ

ᠭᠦᠡᠳᠤ ᠶᠤᠰᠤ ᠶᠢ ᠭᠡᠯᠡᠯᠴᠡᠪᠡ᠃

ᠳᠠᠮᠤᠵᠢᠨ ᠤ ᠳᠤᠯᠤᠭᠠᠨ ᠠᠴᠢ ᠳᠤᠰᠠ ᠵᠢ

ᠬᠤᠷᠤᠭᠤ ᠳᠠᠷᠤᠨ ᠳᠤᠭᠠᠯᠠᠪᠠ᠂

ᠳᠤᠭᠤᠷᠢᠯ ᠤᠨ ᠳᠤᠯᠤᠭᠠᠨ ᠪᠣᠷᠤᠭᠤ ᠵᠢ

ᠨᠢᠭᠤᠷ ᠳᠡᠭᠡᠷ᠎ᠡ ᠨᠢ ᠳᠤᠯᠭᠠᠪᠠ᠃

ᠳᠡᠨᠡᠭ᠌ ᠢᠯᠠᠭᠤ ᠠᠯᠠᠶ᠎ᠠ ᠭᠡᠭᠦ ᠳ᠋ᠤ

ᠰᠡᠷᠭᠦᠯᠡᠩ ᠰᠤᠯᠤᠩᠭ᠋ᠤᠸ᠎ᠠ ᠬᠤᠷᠢᠭᠯᠠᠪᠠ᠂

ᠳᠡᠭᠦᠰ ᠵᠤᠷᠢᠭᠳᠤ ᠡᠡᠯᠦᠬ᠎ᠠ᠂ ᠰᠥᠭᠡ

ᠰᠦᠷ ᠰᠦᠯᠳᠡ ᠲᠡᠶ ᠪᠣᠴᠠᠵᠠᠭᠠᠪᠠ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠭᠦᠯᠦᠭ᠌ ᠬᠠᠰᠠᠷ ᠤᠨ ᠨᠤᠳᠤᠭ ᠢ

ᠬᠠᠮᠢᠭᠠᠭᠢ ᠬᠤᠯᠠᠭᠠᠢ ᠨᠡᠷ ᠳᠦᠢᠪᠠᠭᠡᠪᠡ︖

ᠭᠦᠤ ᠪᠠᠨ ᠮᠤᠷᠢᠨ ᠳᠠᠭᠠᠨ ᠰᠤᠠᠳᠠᠯᠠᠭᠠᠤᠨ

ᠬᠠᠮᠢᠭᠠᠭᠤᠷ ᠬᠠᠰᠠᠷ ᠳᠠᠨᠤᠪᠠ︖

ᠪᠣᠶᠠᠠᠳᠤ ᠠᠬ᠎ᠠ ᠳᠠᠮᠤᠵᠢᠨ ᠲᠡᠶ ᠪᠠᠨ

ᠶᠠᠮᠠᠷ ᠮᠦᠷᠠᠨ ᠳᠤ ᠣᠴᠠᠷᠠᠪᠠ︖

ᠪᠦᠭᠦᠳᠡ ᠶᠢᠨ ᠭᠦᠨᠡᠰᠤ ᠳᠤᠳᠠᠭᠠᠤᠨ

ᠶᠠᠮᠠᠷ ᠵᠤᠪᠠᠭᠤᠷᠢ ᠪᠣᠯᠪᠠ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠭᠦᠯᠦᠭ᠌ ᠬᠠᠰᠠᠷ ᠤᠨ ᠨᠤᠳᠤᠭ ᠢ

ᠭᠡᠷᠡᠢ᠌ᠤᠨ ᠤᠨ ᠬᠤᠯᠠᠭᠠᠢ ᠨᠡᠷ ᠳᠦᠢᠪᠠᠭᠡᠪᠡ᠂

ᠭᠦᠤ ᠪᠠᠨ ᠮᠤᠷᠢᠨ ᠳᠠᠭᠠᠨ ᠰᠤᠠᠳᠠᠯᠠᠭᠠᠤᠨ

ᠭᠦᠳᠡᠭᠡ ᠪᠠᠷ ᠬᠠᠰᠠᠷ ᠳᠠᠨᠤᠪᠠ᠃

ᠪᠣᠶᠠᠠᠳᠤ ᠠᠬ᠎ᠠ ᠳᠠᠮᠤᠵᠢᠨ ᠲᠡᠶ ᠪᠠᠨ

ᠪᠠᠵᠤᠨᠠᠢ ᠮᠦᠷᠠᠨ ᠳᠤ ᠣᠴᠠᠷᠠᠪᠠ᠂

ᠪᠦᠭᠦᠳᠡ ᠶᠢᠨ ᠭᠦᠨᠡᠰᠤ ᠳᠤᠳᠠᠭᠠᠤᠨ

ᠪᠠᠷᠭᠡᠰᠢᠶᠡᠯ ᠵᠤᠪᠠᠭᠤᠷᠢ ᠪᠣᠯᠪᠠ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠠᠯᠳᠠᠢ ᠬᠠᠷ᠎ᠠ ᠠᠭᠤᠯᠠᠨ ᠡᠴᠡ

ᠶᠠᠭᠤ ᠠᠯᠠᠵᠤ ᠢᠳᠠᠪᠠ︖

ᠠᠷᠠᠤᠨ ᠲᠡᠶ ᠠᠳᠠᠯᠢ ᠪᠠᠷ ᠳᠠᠮᠤᠵᠢᠨ

ᠶᠠᠭᠤᠨ ᠤ ᠮᠢᠬᠠᠨ ᠡᠴᠡ ᠵᠤᠭᠤᠭᠯᠠᠪᠠ︖

ᠡᠵᠡᠨ ᠤ ᠴᠠᠢ ᠰᠠᠷᠬᠤᠤᠨ ᠵᠢᠠᠨ

ᠶᠠᠭᠠᠭᠢᠬᠤ ᠦᠭᠡᠶ ᠭᠡᠵᠤ ᠵᠠᠷᠯᠢᠭᠳᠠᠪᠠ︖

ᠡᠡᠭ᠌ ᠤᠨ ᠣᠯᠠᠨ ᠲᠡᠶ ᠴᠤᠭᠭᠠᠷ

ᠶᠠᠮᠠᠷ ᠱᠠᠯᠪᠠᠭ ᠡᠴᠡ ᠣᠤᠭᠤᠪᠠ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠠᠯᠳᠠᠢ ᠬᠠᠷ᠎ᠠ ᠠᠭᠤᠯᠠᠨ ᠡᠴᠡ

ᠴᠢᠭᠢᠳᠠᠢ ᠠᠯᠠᠵᠤ ᠢᠳᠠᠪᠠ᠂

ᠠᠷᠠᠤᠨ ᠲᠡᠶ ᠠᠳᠠᠯᠢ ᠪᠠᠷ ᠳᠠᠮᠤᠵᠢᠨ

ᠠᠩ ᠤᠨ ᠮᠢᠬᠠᠨ ᠡᠴᠡ ᠵᠤᠭᠤᠭᠯᠠᠪᠠ᠃

ᠡᠵᠡᠨ ᠤ ᠴᠠᠢ ᠰᠠᠷᠬᠤᠤᠨ ᠵᠢᠠᠨ

ᠡᠳ᠋ᠯᠡᠭᠦ ᠦᠭᠡᠶ ᠭᠡᠵᠤ ᠵᠠᠷᠯᠢᠭᠳᠠᠪᠠ᠂

ᠡᠡᠭ᠌ ᠤᠨ ᠣᠯᠠᠨ ᠲᠡᠶ ᠴᠤᠭᠭᠠᠷ

ᠥᠮᠡᠭᠡᠢ ᠱᠠᠯᠪᠠᠭ ᠡᠴᠡ ᠣᠤᠭᠤᠪᠠ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠬᠠᠰᠠᠷ ᠤᠨ ᠭᠡᠷ ᠤᠨ ᠣᠯᠠᠨ ᠢ

ᠭᠡᠨ ᠭᠡᠨ ᠠᠪᠠᠴᠢᠪᠠ︖

ᠬᠠᠢ᠌ᠷᠠᠨ ᠰᠠᠤᠠᠭᠢᠯ ᠲᠡᠶ ᠰᠤᠯᠤᠩᠭ᠋ᠤᠸ᠎ᠠ

ᠭᠡᠨ ᠳᠡᠭᠡᠨ ᠠᠢ᠌ᠯᠠᠤᠠᠬᠠᠵᠤ ᠳᠠᠯᠪᠢᠭᠤᠯᠪᠠ︖

ᠪᠧᠲ᠋ᠡ᠋ ᠣᠯᠤᠰ ᠤᠨ ᠴᠡᠷᠢᠭ᠌

ᠭᠡᠷᠡᠢ᠌ᠤᠨ ᠢ ᠭᠡᠳᠦᠡᠳᠡ ᠳᠠᠢ᠌ᠯᠪᠠ︖

ᠪᠠᠭᠠᠳᠤᠷ ᠮᠤᠬᠤᠯᠠᠢ ᠳᠠᠷᠠ ᠳᠠᠰᠢᠷᠠᠮ

ᠶᠠᠮᠠᠷ ᠣᠯᠤᠰ ᠢ ᠳᠤᠭᠳᠠᠭᠠᠪᠠ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠬᠠᠰᠠᠷ ᠤᠨ ᠭᠡᠷ ᠤᠨ ᠣᠯᠠᠨ ᠢ

ᠣᠯᠢᠠᠳᠠᠢ᠂ ᠭᠤᠯᠢᠠᠳᠠᠢ ᠠᠪᠠᠴᠢᠪᠠ᠂

ᠬᠠᠢ᠌ᠷᠠᠨ ᠰᠠᠤᠠᠭᠢᠯ ᠲᠡᠶ ᠰᠤᠯᠤᠩᠭ᠋ᠤᠸ᠎ᠠ

ᠡᡁᠧ ᠸᠠᠩ ᠳᠠᠭᠠᠨ ᠠᠢ᠌ᠯᠠᠤᠠᠬᠠᠵᠤ ᠳᠠᠯᠪᠢᠭᠤᠯᠪᠠ᠃

ᠪᠧᠲ᠋ᠡ᠋ ᠣᠯᠤᠰ ᠤᠨ ᠴᠡᠷᠢᠭ᠌

ᠭᠡᠷᠡᠢ᠌ᠤᠨ ᠢ ᠭᠤᠷᠪᠠᠠᠳᠠ ᠳᠠᠢ᠌ᠯᠪᠠ᠂

ᠪᠠᠭᠠᠳᠤᠷ ᠮᠤᠬᠤᠯᠠᠢ ᠳᠠᠷᠠ ᠳᠠᠰᠢᠷᠠᠮ

ᠬᠣᠢ᠌ᠳᠤ ᠵᠢᠶᠠ ᠵᠸᠤ ᠣᠯᠤᠰ ᠢ ᠳᠤᠭᠳᠠᠭᠠᠪᠠ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠢᠯᠳᠠᠰᠢ ᠮᠦᠷᠠᠨ ᠤ ᠵᠡᠭᠦᠡᠳᠡᠢ ᠡᠴᠡ

ᠶᠠᠮᠠᠷ ᠠᠢ᠌ᠮᠠᠭ ᠴᠡᠷᠢᠭᠯᠡᠪᠡ︖

ᠠᠢ᠌ᠮᠠᠭ ᠤᠨ ᠡᠵᠡᠨ ᠳᠤᠳᠤ

ᠭᠡᠳᠤᠨ ᠲᠦᠮᠡᠨ ᠴᠡᠷᠢᠭ᠌ ᠭᠦᠳᠡᠯᠭᠡᠪᠡ︖

ᠭᠡᠷᠡᠢ᠌ᠤᠨ᠂ ᠴᠡᠢ᠌ᠯᠵᠢ ᠴᠤᠭᠭᠠᠷ

ᠶᠠᠭᠤ ᠶᠢ ᠵᠠᠯᠭᠢᠬᠤ ᠪᠠᠷ ᠭᠤᠷᠢᠳᠠᠪᠠ︖

ᠳᠠᠮᠤᠵᠢᠨ᠂ ᠮᠤᠬᠤᠯᠠᠢ ᠬᠤᠶᠠᠷ ᠵᠠᠮ ᠵᠢᠠᠷ

ᠭᠡᠨ ᠢ ᠪᠠᠢ᠌ᠯᠳᠤᠬᠤ ᠪᠠᠷ ᠪᠣᠯᠵᠤᠪᠠ︖

ᠳᠠᠩᠰᠤᠭ ᠠᠷᠭᠠᠳᠤ ᠳᠠᠮᠤᠵᠢᠨ

ᠶᠠᠮᠠᠷ ᠠᠭᠤᠯᠠᠨ᠎ᠠ ᠣᠷᠤᠪᠠ︖

ᠳᠠᠪᠤᠨ ᠲᠦᠮᠡᠨ ᠴᠡᠷᠢᠭ᠌ ᠵᠢᠠᠨ

ᠭᠡᠳᠤᠨ ᠪᠠᠭ ᠶᠢᠡᠷ ᠵᠢᠭᠰᠠᠭᠠᠪᠠ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠢᠯᠳᠠᠰᠢ ᠮᠦᠷᠠᠨ ᠤ ᠵᠡᠭᠦᠡᠳᠡᠢ ᠡᠴᠡ

ᠴᠠᠢ᠌ᠯᠵᠢ ᠠᠢ᠌ᠮᠠᠭ ᠴᠡᠷᠢᠭᠯᠡᠪᠡ᠂

ᠠᠢ᠌ᠮᠠᠭ ᠤᠨ ᠡᠵᠡᠨ ᠳᠤᠳᠤ

ᠨᠢ᠋ᠮᠠᠨ ᠲᠦᠮᠡᠨ ᠴᠡᠷᠢᠭ᠌ ᠭᠦᠳᠡᠯᠭᠡᠪᠡ᠃

ᠭᠡᠷᠡᠢ᠌ᠤᠨ᠂ ᠴᠡᠢ᠌ᠯᠵᠢ ᠴᠤᠭᠭᠠᠷ

ᠪᠧᠲ᠋ᠡ᠋ ᠶᠢ ᠵᠠᠯᠭᠢᠬᠤ ᠪᠠᠷ ᠭᠤᠷᠢᠳᠠᠪᠠ᠃

ᠳᠠᠮᠤᠵᠢᠨ᠂ ᠮᠤᠬᠤᠯᠠᠢ ᠬᠤᠶᠠᠷ ᠵᠠᠮ ᠵᠢᠠᠷ

ᠳᠤᠳᠤ ᠶᠢ ᠪᠠᠢ᠌ᠯᠳᠤᠬᠤ ᠪᠠᠷ ᠪᠣᠯᠵᠤᠪᠠ᠃

ᠳᠠᠩᠰᠤᠭ ᠠᠷᠭᠠᠳᠤ ᠳᠠᠮᠤᠵᠢᠨ

ᠭᠠᠯᠠᠭᠤᠳᠤ ᠠᠭᠤᠯᠠᠨ ᠵᠥᠭ᠌ ᠣᠷᠤᠪᠠ᠃

ᠳᠠᠪᠤᠨ ᠲᠦᠮᠡᠨ ᠴᠡᠷᠢᠭ᠌ ᠵᠢᠠᠨ

ᠠᠷᠪᠠᠨ ᠪᠠᠭ ᠶᠢᠡᠷ ᠵᠢᠭᠰᠠᠭᠠᠪᠠ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠬᠤᠸᠠᠩ ᠳᠠᠢ᠌ᠽᠢ ᠢᠯᠠᠭᠤ ᠨᠠᠷ

ᠭᠡᠨ ᠤ ᠠᠷᠤ ᠡᠴᠡ ᠨᠡᠭᠡᠮᠵᠢᠯᠡᠪᠡ︖

ᠡᡁᠧ ᠸᠠᠩ ᠶᠢᠡᠷ ᠡᠷᠭᠡ ᠮᠡᠳᠡᠭᠦᠯᠦᠯ ᠥᠭᠡᠢ

ᠭᠡᠨ ᠭᠡᠨ ᠠᠷᠭ᠎ᠠ ᠳᠤᠭᠳᠠᠭᠠᠪᠠ︖

ᠪᠠᠷᠭᠡᠨ ᠠᠳᠠᠯᠢ ᠰᠠᠢ᠌ᠬᠠᠨ ᠬᠠᠳᠤᠨ ᠢ

ᠪᠧᠲ᠋ᠡ᠋ ᠡᠴᠡ ᠣᠯᠤᠶ᠎ᠠ ᠭᠡᠰᠡᠨ ᠭᠡᠨ ᠪᠣᠢ︖

ᠪᠠᠷᠭᠡᠳᠡᠢ᠌ᠭᠡᠨ ᠢᠨᠢᠶᠠᠵᠤ ᠦᠭ‍ᠭᠦᠭᠡᠤᠨ

ᠳᠤᠳᠤᠷ᠎ᠠ ᠪᠠᠨ ᠬᠤᠷᠤᠰᠤᠭᠰᠠᠨ ᠭᠡᠨ ᠪᠣᠢ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠬᠤᠸᠠᠩ ᠳᠠᠢ᠌ᠽᠢ ᠢᠯᠠᠭᠤ ᠨᠠᠷ

ᠳᠠᠮᠤᠵᠢᠨ ᠤ ᠠᠷᠤ ᠡᠴᠡ ᠨᠡᠭᠡᠮᠵᠢᠯᠡᠪᠡ᠂

ᠡᡁᠧ ᠸᠠᠩ ᠶᠢᠡᠷ ᠡᠷᠭᠡ ᠮᠡᠳᠡᠭᠦᠯᠦᠯ ᠥᠭᠡᠢ

ᠵᠠᠮᠤᠬ᠎ᠠ᠂ ᠢᠯᠠᠭᠤ ᠠᠷᠭ᠎ᠠ ᠳᠤᠭᠳᠠᠭᠠᠪᠠ᠃

ᠪᠠᠷᠭᠡᠨ ᠤ ᠠᠳᠠᠯᠢ ᠰᠠᠢ᠌ᠬᠤᠨ ᠬᠠᠳᠤᠨ ᠢ

ᠪᠧᠲ᠋ᠡ᠋ ᠡᠴᠡ ᠣᠯᠤᠶ᠎ᠠ ᠭᠡᠰᠡᠨ ᠢᠯᠠᠭᠤ

ᠪᠠᠷᠭᠡᠳᠡᠢ᠌ᠭᠡᠨ ᠢᠨᠢᠶᠠᠵᠤ ᠦᠭ‍ᠭᠦᠭᠡᠤᠨ

ᠳᠤᠳᠤᠷ᠎ᠠ ᠪᠠᠨ ᠬᠤᠷᠤᠰᠤᠭᠰᠠᠨ ᠵᠠᠮᠤᠬ᠎ᠠ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠵᠤᠤᠬ᠎ᠠ ᠵᠤᠭᠤᠷᠢ ᠶᠢ ᠴᠥᠭᠡᠳᠭᠡᠵᠤ

ᠵᠠᠯᠭᠠᠪᠠᠷ ᠣᠬᠤᠷᠢᠭᠰᠠᠨ ᠬᠠᠮᠢᠭᠠᠭᠢ ᠪᠣᠢ︖

ᠬᠠᠯᠵᠠᠨ᠎ᠠ ᠶᠢᠨ ᠳᠠᠪᠠᠭᠠᠠᠨ ᠤ ᠭᠦᠷᠢᠶ᠎ᠡ ᠵᠢ

ᠬᠠᠭᠠᠵᠤ ᠪᠠᠢ᠌ᠯᠳᠤᠭᠰᠠᠨ ᠭᠡᠨ ᠪᠣᠢ︖

ᠠᠶᠤᠩᠭ᠋᠎ᠠ ᠶᠢᠨ ᠰᠦᠷ ᠶᠢᠡᠷ ᠶᠠᠭᠠᠭᠢᠪᠠ︖

ᠠᠭᠤᠯᠠ ᠳᠦᠭᠦᠷᠡᠩ ᠳᠣᠢ᠌ᠮᠠᠷ ᠪᠣᠯᠵᠤ

ᠣᠷᠤᠭᠤᠳᠠᠭᠰᠠᠨ ᠭᠡᠷᠡᠢ᠌ᠤᠨ ᠤᠳ ᠭᠡᠷᠭᠢᠪᠡ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠵᠤᠤᠬ᠎ᠠ ᠵᠤᠭᠤᠷᠢ ᠶᠢ ᠴᠥᠭᠡᠳᠭᠡᠵᠤ

ᠵᠠᠯᠭᠠᠪᠠᠷ ᠣᠬᠤᠷᠢᠭᠰᠠᠨ ᠪᠧᠲ᠋ᠠᠴᠤᠳ

ᠬᠠᠯᠵᠠᠨ᠎ᠠ ᠶᠢᠨ ᠳᠠᠪᠠᠭᠠᠨ ᠤ ᠭᠦᠷᠢᠶ᠎ᠡ ᠵᠢ

ᠬᠠᠭᠠᠵᠤ ᠪᠠᠢ᠌ᠯᠳᠤᠭᠰᠠᠨ ᠵᠠᠮᠤᠬ᠎ᠠ᠃

ᠦᠨᠳᠦᠷ ᠳᠡᠭᠡᠷ᠎ᠡ ᠡᠴᠡ ᠪᠧᠲ᠋ᠡ᠋ ᠶᠢᠨ ᠴᠡᠷᠢᠭ᠌

ᠠᠶᠤᠩᠭ᠋᠎ᠠ ᠶᠢᠨ ᠰᠦᠷ ᠶᠢᠡᠷ ᠪᠠᠭᠤᠪᠠ᠂

ᠠᠭᠤᠯᠠ ᠳᠦᠭᠦᠷᠡᠩ ᠳᠣᠢ᠌ᠮᠠᠷ ᠪᠣᠯᠵᠤ

ᠣᠷᠤᠭᠤᠳᠠᠭᠰᠠᠨ ᠭᠡᠷᠡᠢ᠌ᠤᠨ ᠤᠳ ᠬᠣᠢ᠌ᠬᠠᠯᠠᠭᠳᠠᠪᠠ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠦᠰᠢᠶᠠᠳᠠᠨ ᠢ ᠨᠡᠭᠡᠭᠦ ᠶᠢᠨ ᠴᠠᠭ ᠳᠤ

ᠣᠬᠤᠷᠢᠭᠰᠠᠨ ᠨᠢ ᠭᠡᠨ ᠳᠠᠷᠠ︖

ᠡᠴᠦᠰ ᠤᠨ ᠭᠡᠷᠢᠶᠡᠰ ᠶᠢᠠᠨ ᠥᠯᠡᠳᠡᠭᠡᠵᠤ

ᠣᠷᠤᠭᠰᠢᠯᠠᠭᠰᠠᠨ ᠨᠢ ᠭᠡᠨ ᠳᠠᠷᠠ︖

ᠭᠠᠯᠵᠠᠭᠤ ᠮᠦᠷᠠᠨ ᠤ ᠣᠰᠤᠨ ᠳ᠋ᠤ

ᠭᠤᠯᠠᠰᠴᠤ ᠣᠳᠤᠭᠰᠠᠨ ᠨᠢ ᠬᠠᠮᠢᠭᠠᠭᠢ ᠳᠠᠷᠠ︖

ᠭᠤᠤᠯ ᠤᠨ ᠴᠠᠭᠠᠳᠤᠭᠢ ᠭᠦᠷᠢᠶ᠎ᠡ ᠵᠢ

ᠰᠦᠨᠢ ᠪᠠᠷ ᠡᠵᠡᠯᠡᠭ᠍ᠰᠡᠨ ᠨᠢ ᠭᠡᠨ ᠳᠠᠷᠠ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠦᠰᠢᠶᠠᠳᠠᠨ ᠢ ᠨᠡᠭᠡᠭᠦ ᠶᠢᠨ ᠴᠠᠭ ᠳᠤ

ᠣᠬᠤᠷᠢᠭᠰᠠᠨ ᠨᠢ ᠥᠯᠭᠦ ᠶᠢᠨ ᠵᠦᠠᠳᠠᠢ᠂

ᠡᠴᠦᠰ ᠤᠨ ᠭᠡᠷᠢᠶᠡᠰ ᠶᠢᠡᠨ ᠥᠯᠡᠳᠡᠭᠡᠵᠤ

ᠣᠷᠤᠭᠰᠢᠯᠠᠭᠰᠠᠨ ᠨᠢ ᠦᠨᠳᠦᠷ ᠰᠠᠴᠠᠨ᠃

ᠭᠠᠯᠵᠠᠭᠤ ᠮᠦᠷᠠᠨ ᠤ ᠣᠰᠤᠨ ᠳ᠋ᠤ

ᠭᠤᠯᠠᠰᠴᠤ ᠣᠳᠤᠭᠰᠠᠨ ᠨᠢ ᠭᠡᠷᠡᠢ᠌ᠤᠨ ᠤᠳ᠂

ᠭᠤᠤᠯ ᠤᠨ ᠴᠠᠭᠠᠳᠤᠭᠢ ᠭᠦᠷᠢᠶ᠎ᠡ ᠵᠢ

ᠰᠦᠨᠢ ᠪᠠᠷ ᠡᠵᠡᠯᠡᠭ᠍ᠰᠡᠨ ᠰᠥᠪᠠᠭᠡᠳᠡᠢ ᠨᠡᠷ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠡᡁᠧ ᠸᠠᠩ ᠤᠨ ᠪᠠᠷᠠᠭᠤᠨ ᠰᠡᠭᠦᠵᠢ ᠵᠢ

ᠭᠡᠨ ᠭᠡᠯᠳᠡ ᠵᠢᠳᠠᠯᠠᠪᠠ︖

ᠬᠤᠷᠴᠠ ᠵᠠᠯᠮ᠎ᠠ ᠱᠠᠯᠠᠮᠠᠭᠠᠢ᠌ᠯᠠᠨ

ᠭᠡᠨ ᠶᠤᠭᠡᠨ ᠬᠠᠮᠠᠭᠠᠯᠠᠪᠠ︖

ᠣᠴᠢᠷ ᠢ ᠰᠤᠨᠤᠰᠤᠭᠠᠤᠨ ᠳᠠᠮᠤᠵᠢᠨ

ᠭᠡᠨ ᠭᠦᠮᠤᠨ ᠢ ᠠᠯᠠᠭᠤᠯᠪᠠ︖

ᠦᠨᠳᠦᠷ ᠰᠠᠴᠠᠨ ᠨᠥᠭ᠍ᠴᠢᠭ᠍ᠰᠡᠨ᠎ᠡ

ᠦᠪᠡᠷ ᠶᠢᠡᠨ ᠶᠠᠭᠤ ᠶᠠᠭᠠᠭᠢᠪᠠ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠡᡁᠧ ᠸᠠᠩ ᠤᠨ ᠪᠠᠷᠠᠭᠤᠨ ᠰᠡᠭᠦᠵᠢ ᠵᠢ

ᠦᠨᠳᠦᠷ ᠰᠠᠴᠠᠨ ᠭᠡᠯᠳᠡ ᠵᠢᠳᠠᠯᠠᠪᠠ᠂

ᠬᠤᠷᠴᠠ ᠵᠠᠯᠮ᠎ᠠ ᠱᠠᠯᠠᠮᠠᠭᠠᠢ᠌ᠯᠠᠨ

ᠦᠨᠳᠦᠷ ᠰᠠᠴᠠᠨ ᠢ ᠬᠠᠮᠠᠭᠠᠯᠠᠪᠠ᠃

ᠣᠴᠢᠷ ᠢ ᠰᠤᠨᠤᠰᠤᠭᠠᠤᠨ ᠳᠠᠮᠤᠵᠢᠨ

ᠥᠯᠭᠦ ᠶᠢᠨ ᠵᠦᠠᠳᠠᠢ ᠶᠢ ᠠᠯᠠᠭᠤᠯᠪᠠ᠂

ᠦᠨᠳᠦᠷ ᠰᠠᠴᠠᠨ ᠨᠥᠭ᠍ᠴᠢᠭ᠍ᠰᠡᠨ᠎ᠡ

ᠦᠪᠡᠷ ᠶᠢᠡᠨ ᠰᠠᠴᠤᠯᠢ ᠰᠠᠴᠤᠪᠠ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠡᠯᠪᠠᠷᠢᠯᠳᠤ ᠭᠡᠦᠭᠡᠨ ᠰᠤᠯᠤᠩᠭ᠋ᠤᠸ᠎ᠠ

ᠦᠳᠡᠰᠢ ᠶᠢᠨ ᠶᠠᠭᠤ ᠶᠢ ᠰᠡᠵᠢᠭᠯᠡᠪᠡ︖

ᠡᠷᠳᠡᠮᠳᠤ ᠪᠦᠭᠡ ᠪᠠᠷ ᠱᠣ᠊ ᠬᠠᠶᠠᠭᠤᠯᠵᠤ

ᠡᠴᠢᠭᠡ ᠳᠡᠭᠡᠨ ᠶᠠᠭᠤ ᠠᠢ᠌ᠯᠠᠤᠠᠬᠠᠪᠠ︖

ᠠᠷᠳᠠ᠂ ᠬᠤᠰᠠᠭᠤᠷ᠂ ᠲ᠋ᠠᠯᠵᠢᠳᠠᠢ ᠵᠢ

ᠭᠡᠨ ᠪᠠᠢ᠌ᠯᠳᠤᠨ ᠰᠢᠷᠬᠠᠳᠤᠭᠤᠯᠪᠠ︖

ᠠᠷᠭᠠᠳᠤ ᠵᠠᠮᠤᠬ᠎ᠠ ᠶᠢ ᠴᠤ ᠵᠢᠳᠠᠯᠠᠵᠤ

ᠠᠯᠢ ᠭᠤᠶ᠎ᠠ ᠶᠢ ᠰᠢᠪᠳᠤᠯᠪᠠ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠡᠯᠪᠠᠷᠢᠯᠳᠤ ᠭᠡᠦᠭᠡᠨ ᠰᠤᠯᠤᠩᠭ᠋ᠤᠸ᠎ᠠ

ᠦᠳᠡᠰᠢ ᠶᠢᠨ ᠵᠡᠭᠦᠳᠤᠨ ᠢ ᠰᠡᠵᠢᠭᠯᠡᠪᠡ᠂

ᠡᠷᠳᠡᠮᠳᠤ ᠪᠦᠭᠡ ᠪᠠᠷ ᠱᠣ᠊ ᠬᠠᠶᠠᠭᠤᠯᠵᠤ

ᠡᠴᠢᠭᠡ ᠳᠡᠭᠡᠨ ᠪᠣᠳᠤᠷᠤᠤᠯ ᠠᠢ᠌ᠯᠠᠤᠠᠬᠠᠪᠠ᠃

ᠠᠷᠳᠠ᠂ ᠬᠤᠰᠠᠭᠤᠷ᠂ ᠲ᠋ᠠᠯᠵᠢᠳᠠᠢ ᠵᠢ

ᠫᠣᠯᠭᠤᠳᠠᠢ ᠪᠠᠢ᠌ᠯᠳᠤᠨ ᠰᠢᠷᠬᠠᠳᠤᠭᠤᠯᠪᠠ᠂

ᠠᠷᠭᠠᠳᠤ ᠵᠠᠮᠤᠬ᠎ᠠ ᠶᠢ ᠴᠤ ᠵᠢᠳᠠᠯᠠᠵᠤ

ᠵᠡᠭᠦᠨ ᠭᠤᠶ᠎ᠠ ᠶᠢ ᠨᠢ ᠰᠢᠪᠳᠤᠯᠪᠠ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠨᠢᠭᠤᠷ ᠶᠢᠡᠨ ᠪᠠᠷᠠᠭᠰᠠᠨ ᠵᠠᠮᠤᠬ᠎ᠠ

ᠶᠠᠭᠤ ᠪᠠᠨ ᠴᠢᠷᠤᠨ ᠳᠤᠳᠠᠭᠠᠪᠠ︖

ᠨᠢ᠋ᠮᠠᠨ ᠣᠯᠤᠰ ᠤᠨ ᠭᠢᠵᠠᠭᠠᠷ ᠳᠤ

ᠶᠠᠭᠠᠭᠢᠵᠤ ᠭᠡᠷᠭᠢᠨ ᠣᠷᠤᠪᠠ︖

ᠵᠠᠮᠤᠬ᠎ᠠ ᠶᠢᠨ ᠵᠢᠷᠭᠤᠭᠠᠨ ᠡᠭᠡᠨᠡᠷ ᠢ

ᠡᡁᠧ ᠸᠠᠩ ᠶᠠᠭᠤ ᠪᠠᠷ ᠠᠯᠠᠭᠤᠯᠪᠠ︖

ᠵᠠᠢ᠌ᠳᠠᠨ᠂ ᠬᠤᠸᠠᠷ᠎ᠠ ᠶᠢ ᠣᠯᠤᠭᠰᠠᠨ ᠦᠭᠡᠶ ᠳ᠋ᠡᠭᠡᠨ

ᠳᠠᠴᠢᠶᠠᠩᠭ᠋ᠤᠢ ᠭᠡᠨ ᠭᠤᠮᠤᠳᠠᠪᠠ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠨᠢᠭᠤᠷ ᠶᠢᠡᠨ ᠪᠠᠷᠠᠭᠰᠠᠨ ᠵᠠᠮᠤᠬ᠎ᠠ

ᠨᠦᠵᠢ ᠪᠠᠨ ᠴᠢᠷᠦᠭᠡᠤᠨ ᠳᠤᠳᠠᠭᠠᠪᠠ᠂

ᠨᠢ᠋ᠮᠠᠨ ᠣᠯᠤᠰ ᠤᠨ ᠭᠢᠵᠠᠭᠠᠷ ᠳᠤ

ᠨᠠᠪᠳᠠ ᠰᠢᠷᠭᠤᠨ ᠣᠷᠤᠪᠠ᠃

ᠵᠠᠮᠤᠬ᠎ᠠ ᠶᠢᠨ ᠵᠢᠷᠭᠤᠭᠠᠨ ᠡᠭᠡᠨᠡᠷ ᠢ

ᠡᡁᠧ ᠸᠠᠩ ᠵᠠᠷᠯᠢᠭ ᠶᠢᠡᠷ ᠠᠯᠠᠭᠤᠯᠪᠠ᠂

ᠵᠠᠢ᠌ᠳᠠᠨ᠂ ᠬᠤᠸᠠᠷ᠎ᠠ ᠶᠢ ᠣᠯᠤᠭᠰᠠᠨ ᠦᠭᠡᠶ ᠳ᠋ᠡᠭᠡᠨ

ᠳᠠᠴᠢᠶᠠᠩᠭ᠋ᠤᠢ ᠢᠯᠠᠭᠤ ᠭᠤᠮᠤᠳᠠᠪᠠ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠥᠭᠡᠷ ᠪᠦᠳᠦᠨ᠎ᠡ ᠭᠡᠭ᠍ᠴᠢ

ᠠᠯᠢ ᠠᠢ᠌ᠮᠠᠭ ᠤᠨ ᠡᠵᠡᠨ ᠪᠣᠢ︖

ᠬᠤᠩᠵᠢᠯᠠ ᠠᠢ᠌ᠮᠠᠭ ᠢ ᠬᠤᠩᠭᠢᠯᠠᠷ᠎ᠠ ᠢᠷᠡᠭ᠍ᠰᠡᠨ

ᠶᠠᠭᠤᠨ ᠳᠤ ᠳᠤᠷᠠᠳᠠᠢ ᠭᠠᠢ᠌ᠬᠠᠯ ᠪᠣᠢ︖

ᠥᠭᠡᠷ ᠪᠦᠳᠦᠨ᠎ᠡ ᠳᠡᠭᠡᠭᠡᠤᠨ

ᠢᠯᠠᠭᠤ ᠳᠤ ᠢᠷᠠᠵᠤ ᠶᠠᠭᠠᠭᠢᠪᠠ︖

ᠸᠠᠨ ᠶᠠᠨ ᠵᠢᠩ ᠬᠠᠭᠠᠨ ᠡᠴᠡ ᠳᠤᠰᠠᠯᠠᠪᠠ ᠭᠡᠵᠤ

ᠥᠳᠡᠯᠦᠭ᠍ᠰᠡᠨ ᠡᡁᠧ ᠸᠠᠩ ᠢ ᠭᠡᠷᠭᠢᠪᠡ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠥᠭᠡᠷ ᠪᠦᠳᠦᠨ᠎ᠡ ᠭᠡᠭ᠍ᠴᠢ

ᠸᠠᠢ᠌ᠯᠠ ᠠᠢ᠌ᠮᠠᠭ ᠤᠨ ᠡᠵᠡᠨ᠂

ᠬᠤᠩᠵᠢᠯᠠ ᠶᠢ ᠬᠤᠩᠭᠢᠯᠠᠷ᠎ᠠ ᠢᠷᠡᠭ᠍ᠰᠡᠨ

ᠭᠡᠷᠡᠭ᠌ ᠲᠤ ᠳᠤᠷᠠᠳᠠᠢ ᠭᠠᠢ᠌ᠬᠠᠯ᠃

ᠥᠭᠡᠷ ᠪᠦᠳᠦᠨ᠎ᠡ ᠳᠡᠭᠡᠭᠡᠤᠨ

ᠢᠯᠠᠭᠤ ᠳᠤ ᠢᠷᠠᠵᠤ ᠣᠴᠠᠷᠠᠪᠠ᠂

ᠸᠠᠨ ᠶᠠᠨ ᠵᠢᠩ ᠬᠠᠭᠠᠨ ᠡᠴᠡ ᠳᠤᠰᠠᠯᠠᠪᠠ ᠭᠡᠵᠤ

ᠥᠳᠡᠯᠦᠭ᠍ᠰᠡᠨ ᠡᡁᠧ ᠸᠠᠩ ᠢ ᠮᠡᠭᠡᠯᠡᠪᠡ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠳᠠᠪᠤᠨ ᠠᠩᠭᠢ ᠶᠢᠨ ᠵᠢᠭᠰᠠᠭᠠᠯ ᠶᠢᠡᠷ ᠵᠢᠠᠨ

ᠳᠠᠰᠤᠯᠤᠨ ᠣᠷᠤᠭᠰᠠᠨ ᠭᠡᠨ ᠳᠠᠷᠠ︖

ᠨᠢ᠋ᠮᠠᠨ ᠳᠠᠢ᠌ᠰᠢ ᠪᠣᠳᠠᠷᠠᠯᠳᠤᠨ

ᠨᠤᠯᠭᠤ ᠳᠠᠷᠤᠭᠳᠠᠭᠰᠠᠨ ᠠᠯᠢ ᠳᠠᠷᠠ︖

ᠢᠯᠢ ᠭᠠᠵᠠᠷ ᠤᠨ ᠠᠭᠤᠯᠠᠨ ᠳ᠋ᠤ

ᠳᠠᠯᠳᠠᠯᠠᠵᠤ ᠰᠢᠷᠭᠤᠭᠰᠠᠨ ᠭᠡᠨ ᠳᠠᠷᠠ︖

ᠶᠡᠭᠡ ᠯᠠ ᠣᠯᠵᠠ ᠣᠮᠤᠭ ᠲ᠋ᠠᠢ

ᠣᠯᠤᠰ ᠲᠠᠭᠠᠨ ᠡᠭᠡᠭ᠍ᠰᠡᠨ ᠭᠡᠨ ᠳᠠᠷᠠ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠳᠠᠪᠤᠨ ᠠᠩᠭᠢ ᠵᠢᠭᠰᠠᠭᠠᠯ ᠶᠢᠡᠷ ᠵᠢᠠᠨ

ᠳᠠᠰᠤᠯᠤᠨ ᠣᠷᠤᠭᠰᠠᠨ ᠮᠤᠬᠤᠯᠠᠢ᠂

ᠨᠢ᠋ᠮᠠᠨ ᠳᠠᠢ᠌ᠰᠢ ᠪᠣᠳᠠᠷᠠᠯᠳᠤᠨ

ᠨᠤᠯᠭᠤ ᠳᠠᠷᠤᠭᠳᠠᠭᠰᠠᠨ ᠴᠠᠢ᠌ᠯᠵᠢ ᠨᠤᠭᠤᠳ᠃

ᠢᠯᠢ ᠭᠠᠵᠠᠷ ᠤᠨ ᠠᠭᠤᠯᠠᠨ ᠳ᠋ᠤ

ᠳᠠᠯᠳᠠᠯᠠᠵᠤ ᠰᠢᠷᠭᠤᠭᠰᠠᠨ ᠳᠤᠳᠤ᠂

ᠶᠡᠭᠡ ᠯᠠ ᠣᠯᠵᠠ ᠣᠮᠤᠭ ᠳᠠᠢ

ᠣᠯᠤᠰ ᠲᠠᠭᠠᠨ ᠡᠭᠡᠭ᠍ᠰᠡᠨ ᠮᠤᠬᠤᠯᠠᠢ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠴᠠᠭᠠᠨ ᠰᠠᠷ᠎ᠠ ᠳᠤ ᠳᠠᠮᠤᠵᠢᠨ᠂ ᠮᠤᠬᠤᠯᠠᠢ

ᠱᠠᠭ᠎ᠠ ᠶᠢᠨ ᠳᠦᠯᠭᠡ ᠭᠡᠷᠭᠢᠪᠡ︖

ᠱᠠᠭ᠎ᠠ ᠶᠢᠨ ᠠᠯᠴᠤ ᠳᠡᠭᠡᠭ᠍ᠰᠢ ᠬᠠᠠᠳᠤᠨ

ᠳᠠᠮᠪᠠᠷᠢᠯ ᠪᠠᠯᠭᠡ ᠭᠡᠷᠭᠢᠪᠡ︖

ᠬᠠᠭᠠᠨ ᠵᠠᠶᠠᠭᠠᠳᠤ ᠳᠠᠮᠤᠵᠢᠨ ᠊ᠤ

ᠬᠠᠰ ᠤᠨ ᠱᠠᠭ᠎ᠠ ᠶᠢᠨ ᠶᠠᠭᠤ ᠳᠠᠷᠠ︖

ᠬᠠᠮᠤᠭ ᠮᠤᠩᠭ᠋ᠤᠯ ᠳᠡᠭ᠍ᠵᠢᠷᠡᠭᠦ ᠵᠢᠨ

ᠬᠤᠪᠢ ᠢᠷᠦᠭᠡᠯ ᠲᠡᠶ ᠶᠠᠭᠤ ᠳᠠᠷᠠ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠴᠠᠭᠠᠨ ᠰᠠᠷ᠎ᠠ ᠳᠤ ᠳᠠᠮᠤᠵᠢᠨ᠂ ᠮᠤᠬᠤᠯᠠᠢ

ᠱᠠᠭ᠎ᠠ ᠶᠢᠨ ᠳᠦᠯᠭᠡ ᠬᠠᠶᠠᠪᠠ᠂

ᠱᠠᠭ᠎ᠠ ᠶᠢᠨ ᠠᠯᠴᠤ ᠳᠡᠭᠡᠭ᠍ᠰᠢ ᠬᠠᠠᠳᠤᠨ

ᠳᠠᠮᠪᠠᠷᠢᠯ ᠪᠠᠯᠭᠡ ᠣᠷᠤᠰᠢᠪᠠ᠃

ᠬᠠᠭᠠᠨ ᠵᠠᠶᠠᠭᠠᠳᠤ ᠳᠠᠮᠤᠵᠢᠨ ᠊ᠤ

ᠬᠠᠰ ᠤᠨ ᠱᠠᠭ᠎ᠠ ᠶᠢᠨ ᠳᠦᠯᠭᠡ ᠳᠠᠷᠠ᠂

ᠬᠠᠮᠤᠭ ᠮᠤᠩᠭ᠋ᠤᠯ ᠳᠡᠭ᠍ᠵᠢᠷᠡᠭᠦ ᠵᠢᠨ

ᠬᠤᠪᠢ ᠢᠷᠦᠭᠡᠯ ᠲᠡᠶ ᠳᠡᠮᠳᠡᠭ᠌ ᠳᠠᠷᠠ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠠᠵᠢᠨᠠᠢ ᠮᠤᠷᠢᠨ ᠵᠢᠭᠰᠠᠭᠠᠯ ᠢ

ᠶᠠᠮᠠᠷ ᠮᠡᠷᠭᠡᠨ ᠵᠢᠭᠰᠠᠭᠠᠪᠠ︖

ᠳᠦᠷᠪᠡᠨ ᠭᠦᠴᠦᠳᠡᠨ ᠤ ᠭᠦᠯ ᠵᠢᠠᠷ

ᠶᠠᠭᠤ ᠪᠣᠯᠭᠠᠨ ᠵᠤᠬᠢᠶᠠᠪᠠ︖

ᠡᠷᠭᠡᠳᠤ ᠳᠠᠮᠤᠵᠢᠨ ᠪᠠᠶ᠎ᠠ ᠪᠠᠷ ᠵᠢᠠᠨ

ᠵᠢᠭᠰᠠᠭᠠᠯ ᠤᠨ ᠶᠠᠭᠤ ᠪᠣᠯᠪᠠ︖

ᠡᠷᠳᠡᠮᠳᠤ ᠮᠤᠬᠤᠯᠠᠢ ᠦᠪᠡᠷ ᠳᠡᠭᠡᠨ

ᠵᠢᠭᠰᠠᠭᠠᠯ ᠤᠨ ᠶᠠᠭᠤ ᠪᠣᠯᠪᠠ︖

ᠠᠵᠢᠨᠠᠢ ᠮᠤᠷᠢᠨ ᠵᠢᠭᠰᠠᠭᠠᠯ ᠪᠣᠯ

ᠠᠤᠭ᠎ᠠ ᠮᠤᠩᠭ᠋ᠤᠯ ᠤᠨ ᠶᠠᠭᠤ ᠳᠠᠷᠠ︖

ᠠᠯᠢ ᠴᠤ ᠦᠶ᠎ᠡ ᠳᠤ ᠳᠤᠷᠠᠰᠤᠭᠳᠠᠭᠰᠠᠨ

ᠠᠰᠤᠷᠤ ᠶᠡᠭᠡ ᠶᠠᠭᠤ ᠲ᠋ᠠᠷᠠ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠠᠵᠢᠨᠠᠢ ᠮᠤᠷᠢᠨ ᠵᠢᠭᠰᠠᠭᠠᠯ ᠢ

ᠮᠤᠬᠤᠯᠠᠢ ᠮᠡᠷᠭᠡᠨ ᠵᠢᠭᠰᠠᠭᠠᠪᠠ᠂

ᠳᠦᠷᠪᠡᠨ ᠭᠦᠴᠦᠳᠡᠨ ᠤ ᠭᠦᠯ ᠵᠢᠠᠷ

ᠳᠦᠷᠢᠮ ᠪᠣᠯᠭᠠᠨ ᠵᠤᠬᠢᠶᠠᠪᠠ᠃

ᠡᠷᠭᠡᠳᠤ ᠳᠠᠮᠤᠵᠢᠨ ᠪᠠᠶ᠎ᠠ ᠪᠠᠷ ᠵᠢᠠᠨ

ᠵᠢᠭᠰᠠᠭᠠᠯ ᠤᠨ ᠡᠵᠡᠨ ᠪᠣᠯᠪᠠ᠂

ᠡᠷᠳᠡᠮᠳᠤ ᠮᠤᠬᠤᠯᠠᠢ ᠦᠪᠡᠷ ᠳᠡᠭᠡᠨ

ᠵᠢᠭᠰᠠᠭᠠᠯ ᠤᠨ ᠳᠤᠯᠤᠭᠠᠢ ᠪᠣᠯᠪᠠ᠃

ᠠᠵᠢᠨᠠᠢ ᠮᠤᠷᠢᠨ ᠵᠢᠭᠰᠠᠭᠠᠯ ᠪᠣᠯ

ᠠᠤᠭ᠎ᠠ ᠮᠤᠩᠭ᠋ᠤᠯ ᠤᠨ ᠭᠡᠢ᠌ᠮᠦᠷᠢ ᠳᠠᠷᠠ᠂

ᠠᠯᠢ ᠴᠤ ᠦᠶ᠎ᠡ ᠳᠤ ᠳᠤᠷᠠᠰᠤᠭᠳᠠᠭᠰᠠᠨ

ᠠᠰᠤᠷᠤ ᠶᠡᠭᠡ ᠭᠠᠢ᠌ᠬᠠᠮᠰᠢᠭ ᠳᠠᠷᠠ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠪᠦᠳᠦᠯ ᠶᠢᠡᠨ ᠪᠠᠷᠠᠭᠰᠠᠨ ᠵᠠᠮᠤᠬ᠎ᠠ

ᠭᠡᠨ ᠭᠦᠮᠤᠨ ᠢ ᠥᠷᠨᠢᠭᠦᠯᠪᠡ︖

ᠪᠧᠲ᠋ᠡ᠋ ᠲᠡᠶ ᠪᠢᠳᠡᠭᠡᠢ ᠥᠰᠢᠶᠡᠷᠭᠡ ᠭᠡᠵᠤ

ᠭᠡᠨ ᠭᠡᠨ ᠨᠡᠷ ᠵᠠᠭᠢᠪᠠ︖

ᠥᠭᠡᠷ ᠪᠦᠳᠦᠨ᠎ᠡ ᠶᠢᠨ ᠴᠡᠷᠢᠭ᠌ ᠳᠤ

ᠦᠳᠡᠰᠢ ᠪᠠᠷ ᠳᠠᠷᠤᠭᠳᠠᠭᠰᠠᠨ ᠭᠡᠨ ᠪᠣᠢ︖

ᠬᠠᠷ᠎ᠠ ᠭᠢᠷᠠᠭᠤᠯ ᠳᠤ ᠣᠷᠤᠬᠤ ᠪᠠᠷ

ᠬᠤᠮᠤᠭᠠᠯᠵᠠᠵᠤ ᠶᠠᠭᠠᠷᠠᠭᠰᠠᠨ ᠭᠡᠨ ᠪᠣᠢ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠪᠦᠳᠦᠯ ᠶᠢᠡᠨ ᠪᠠᠷᠠᠭᠰᠠᠨ ᠵᠠᠮᠤᠬ᠎ᠠ

ᠴᠢᠤᠢ ᠱᠢ ᠯᠢ ᠶᠢ ᠥᠷᠨᠢᠭᠦᠯᠪᠡ᠂

ᠪᠧᠲ᠋ᠡ᠋ ᠲᠡᠶ ᠪᠢᠳᠡᠭᠡᠢ ᠥᠰᠢᠶᠡᠷᠭᠡ ᠭᠡᠵᠤ

ᠳ᠋ᠡᠳᠡᠳᠦᠩᠭ᠋᠎ᠠ᠂ ᠮᠥᠩᠭᠦᠯᠵᠢ ᠨᠡᠷ ᠵᠠᠭᠢᠪᠠ᠃

ᠥᠭᠡᠷ ᠪᠦᠳᠦᠨ᠎ᠡ ᠶᠢᠨ ᠴᠡᠷᠢᠭ᠌ ᠳᠤ

ᠦᠳᠡᠰᠢ ᠪᠠᠷ ᠳᠠᠷᠤᠭᠳᠠᠭᠰᠠᠨ ᠴᠢᠤᠢ ᠱᠢ ᠯᠢ᠂

ᠬᠠᠷ᠎ᠠ ᠭᠢᠷᠠᠭᠤᠯ ᠳᠤ ᠣᠷᠤᠬᠤ ᠪᠠᠷ

ᠬᠤᠮᠤᠭᠠᠯᠵᠠᠵᠤ ᠶᠠᠭᠠᠷᠠᠭᠰᠠᠨ ᠵᠠᠮᠤᠬ᠎ᠠ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠦᠨᠡᠨ ᠶᠤᠮ ᠦᠦ᠂ ᠬᠤᠳᠠᠯ ᠶᠤᠮ ᠦᠦ︖

ᠡᠪᠳᠡᠷᠡᠭᠡᠨ ᠬᠠᠮᠢᠭ᠎ᠠ ᠭᠠᠷᠪᠠ︖

ᠣᠰᠤᠯᠳᠠᠵᠤ ᠵᠠᠯᠬᠠᠭᠤᠷᠠᠭᠰᠠᠨ ᠬᠠᠰᠠᠷ ᠢ

ᠠᠬ᠎ᠠ ᠨᠢ ᠭᠡᠨ ᠠᠯᠠᠭᠤᠯᠬᠤ ᠭᠡᠪᠡ︖

ᠣᠯᠠᠨ ᠶᠢᠡᠷ ᠶᠢᠡᠨ ᠭᠤᠶᠤᠵᠤ ᠭᠡᠯᠳᠦᠷᠢᠭᠦᠯᠦᠭ᠍ᠰᠡᠨ᠎ᠡ

ᠦᠳᠡᠰᠢ ᠪᠠᠷ ᠭᠡᠨ ᠣᠷᠭᠤᠪᠠ︖

ᠢᠳᠡᠷᠭᠡᠭ᠌ ᠰᠥᠪᠠᠭᠡᠳᠡᠢ ᠵᠠᠷᠯᠢᠭ ᠳᠠᠭᠠᠵᠤ

ᠡᠭᠡᠭᠦᠯᠤᠨ ᠭᠡᠨ ᠢ ᠪᠠᠷᠢᠪᠴᠢᠯᠠᠪᠠ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠦᠨᠡᠨ ᠶᠤᠮ ᠦᠦ᠂ ᠬᠤᠳᠠᠯ ᠶᠤᠮ ᠦᠦ︖

ᠡᠪᠳᠡᠷᠡᠭᠡᠨ ᠪᠧᠲ᠋ᠡ᠋ ᠳᠤ ᠭᠠᠷᠪᠠ᠂

ᠣᠰᠤᠯᠳᠠᠵᠤ ᠵᠠᠯᠬᠠᠭᠤᠷᠠᠭᠰᠠᠨ ᠬᠠᠰᠠᠷ ᠢ

ᠠᠬ᠎ᠠ ᠨᠢ ᠳᠠᠮᠤᠵᠢᠨ ᠠᠯᠠᠭᠤᠯᠬᠤ ᠭᠡᠪᠡ᠃

ᠣᠯᠠᠨ ᠶᠢᠡᠷ ᠶᠢᠡᠨ ᠭᠤᠶᠤᠵᠤ ᠭᠡᠯᠳᠦᠷᠢᠭᠦᠯᠦᠭ᠍ᠰᠡᠨ᠎ᠡ

ᠦᠳᠡᠰᠢ ᠪᠠᠷ ᠬᠠᠰᠠᠷ ᠣᠷᠭᠤᠪᠠ᠂

ᠢᠳᠡᠷᠭᠡᠭ᠌ ᠰᠥᠪᠠᠭᠡᠳᠡᠢ ᠵᠠᠷᠯᠢᠭ ᠳᠠᠭᠠᠵᠤ

ᠡᠭᠡᠭᠦᠯᠦᠭᠡᠤᠨ ᠬᠠᠰᠠᠷ ᠢ ᠪᠠᠷᠢᠪᠴᠢᠯᠠᠪᠠ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠭᠡᠷᠡᠢ᠌ᠤᠨ ᠤᠨ ᠢᠯᠠᠭᠤ ᠰᠤᠨᠤᠰᠤᠭᠠᠤᠨ

ᠭᠦᠦᠷᠭᠦᠰ᠂ ᠪᠦᠭ᠍ᠰᠡᠷ ᠶᠢᠡᠨ ᠶᠠᠭᠠᠭᠢᠪᠠ︖

ᠬᠠᠰᠠᠷ ᠪᠢᠴᠢᠭ᠌ ᠢ ᠥᠵᠡᠭᠡᠤᠨ

ᠭᠡᠵᠢᠶ᠎ᠡ ᠭᠦᠳᠡᠯᠭᠦ ᠶᠢ ᠭᠡᠷᠭᠢᠪᠡ︖

ᠳᠠᠢ᠌ᠱᠢ ᠳᠠᠢ᠌ᠪᠣᠤ ᠣᠯᠢᠠᠳᠠᠢ᠂ ᠭᠤᠯᠢᠠᠳᠠᠢ ᠵᠢ

ᠳᠠᠭᠢᠵᠤ ᠢᠯᠠᠭᠤ ᠶᠠᠭᠠᠭᠢᠪᠠ︖

ᠳᠠᠪᠤᠨ ᠰᠠᠷ᠎ᠠ ᠶᠢᠨ ᠠᠷᠪᠠᠨ ᠳᠦᠷᠪᠡᠨ ᠊ᠤ

ᠳᠠᠷᠠ ᠰᠦᠨᠢ ᠪᠠᠷ ᠭᠡᠵᠤ ᠭᠡᠷᠭᠢᠪᠡ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠭᠡᠷᠡᠢ᠌ᠤᠨ ᠤᠨ ᠢᠯᠠᠭᠤ ᠰᠤᠨᠤᠰᠤᠭᠠᠤᠨ

ᠬᠦᠦᠷᠭᠦᠰ᠂ ᠪᠦᠭ᠍ᠰᠡᠷ ᠶᠢᠡᠨ ᠢᠯᠡᠭᠡᠪᠡ᠂

ᠬᠠᠰᠠᠷ ᠪᠢᠴᠢᠭ᠌ ᠢ ᠥᠵᠡᠭᠡᠤᠨ

ᠭᠡᠵᠢᠶ᠎ᠡ ᠭᠦᠳᠡᠯᠭᠦ ᠶᠢ ᠠᠰᠠᠭᠤᠯᠭᠠᠪᠠ᠃

ᠳᠠᠢ᠌ᠱᠢ ᠳᠠᠢ᠌ᠪᠣᠤ ᠣᠯᠢᠠᠳᠠᠢ᠂ ᠭᠤᠯᠢᠠᠳᠠᠢ ᠵᠢ

ᠳᠠᠭᠢᠵᠤ ᠢᠯᠠᠭᠤ ᠵᠠᠷᠤᠪᠠ᠂

ᠳᠠᠪᠤᠨ ᠰᠠᠷ᠎ᠠ ᠶᠢᠨ ᠠᠷᠪᠠᠨ ᠳᠦᠷᠪᠡᠨ ᠊ᠤ

ᠳᠠᠷᠠ ᠰᠦᠨᠢ ᠪᠠᠷ ᠭᠡᠵᠤ ᠪᠣᠯᠵᠤᠪᠠ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠠᠷᠪᠠᠨ ᠳᠠᠪᠤᠨ ᠲᠦᠮᠡᠨ ᠴᠡᠷᠢᠭ᠌ ᠵᠢᠠᠨ

ᠭᠦᠳᠡᠯᠭᠡᠭᠡᠤᠨ ᠭᠠᠷᠤᠭᠰᠠᠨ ᠨᠢ ᠭᠡᠨ ᠪᠣᠢ︖

ᠭᠡᠮᠭᠡᠳᠤ ᠵᠢᠵᠢᠭᠢᠶᠠᠠᠳᠤ ᠠᠭᠤᠯᠠᠨ ᠳ᠋ᠤ

ᠭᠦᠷᠦᠭᠡᠤᠨ ᠣᠴᠢᠭᠰᠠᠨ ᠨᠢ ᠭᠡᠳᠦᠢ ᠳᠤ ᠪᠣᠢ︖

ᠬᠤᠷᠤᠬᠠᠢ ᠴᠠᠷᠴᠠᠬᠠᠢ ᠶᠢᠨ ᠳᠠᠭᠤᠨ ᠢ

ᠬᠤᠪᠢᠳᠠᠢ ᠢᠷᠸ᠎ᠠ ᠭᠡᠰᠡᠨ ᠭᠡᠨ ᠪᠣᠢ︖

ᠳᠠᠯᠠᠨ ᠪᠣᠯᠠᠭᠳᠤ ᠶᠢᠨ ᠠᠮᠠᠨ ᠳ᠋ᠤ

ᠳᠠᠭᠯᠠᠭᠳᠠᠵᠤ ᠬᠤᠷᠢᠭᠳᠠᠭᠰᠠᠨ ᠠᠯᠢ ᠨᠤᠭᠤᠳ ᠪᠣᠢ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠠᠷᠪᠠᠨ ᠳᠠᠪᠤᠨ ᠲᠦᠮᠡᠨ ᠴᠡᠷᠢᠭ᠌ ᠵᠢᠠᠨ

ᠭᠦᠳᠡᠯᠭᠡᠭᠡᠤᠨ ᠭᠠᠷᠤᠭᠰᠠᠨ ᠨᠢ ᠡᡁᠧ ᠸᠠᠩ᠂

ᠭᠡᠮᠭᠡᠳᠤ ᠵᠢᠵᠢᠭᠢᠶᠠᠠᠳᠤ ᠠᠭᠤᠯᠠᠨ ᠳ᠋ᠤ

ᠭᠦᠷᠦᠭᠡᠤᠨ ᠣᠴᠢᠭᠰᠠᠨ ᠨᠢ ᠰᠦᠨᠢ ᠪᠠᠷ᠃

ᠬᠤᠷᠤᠬᠠᠢ ᠴᠠᠷᠴᠠᠬᠠᠢ ᠶᠢᠨ ᠳᠠᠭᠤᠨ ᠢ

ᠬᠤᠪᠢᠳᠠᠢ ᠢᠷᠸ᠎ᠠ ᠭᠡᠰᠡᠨ ᠭᠦᠷᠡᠯᠵᠡᠭᠡᠨ᠎ᠡ

ᠳᠠᠯᠠᠨ ᠪᠣᠯᠠᠭᠳᠤ ᠶᠢᠨ ᠠᠮᠠᠨ ᠳ᠋ᠤ

ᠳᠠᠭᠯᠠᠭᠳᠠᠵᠤ ᠳᠠᠷᠤᠭᠳᠠᠭᠰᠠᠨ ᠭᠡᠷᠡᠢ᠌ᠤᠨ ᠤᠳ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠬᠠᠰᠠᠷ ᠭᠢᠬᠠᠭᠳᠠᠪᠠ ᠭᠡᠰᠡᠨ ᠨᠢ

ᠬᠠᠭᠤᠷᠮᠠᠭ ᠶᠠᠭᠤ ᠪᠠᠢ᠌ᠭᠰᠠᠨ ᠪᠣᠢ︖

ᠭᠡᠷᠡᠢ᠌ᠤᠨ ᠢ ᠥᠷᠨᠢᠭᠦᠯᠭᠦ ᠭᠡᠰᠡᠨ ᠨᠢ

ᠦᠨᠡᠨ ᠶᠠᠭᠤ ᠪᠠᠢ᠌ᠭᠰᠠᠨ ᠪᠣᠢ︖

ᠳᠠᠮᠤᠵᠢᠨ᠂ ᠮᠤᠬᠤᠯᠠᠢ ᠶᠢᠨ ᠴᠡᠷᠢᠭ᠌

ᠢᠷᠡᠭᠦ ᠶᠠᠭᠤ ᠶᠢ ᠭᠡᠷᠡᠪᠡ︖

ᠲᠦᠰᠢᠮᠠᠯ ᠵᠠᠯᠮ᠎ᠠ ᠶᠢᠨ ᠴᠡᠷᠢᠭ᠌

ᠡᠭᠡᠭᠦ ᠶᠠᠭᠤ ᠶᠢ ᠨᠢ ᠬᠠᠭᠠᠪᠠ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠬᠠᠰᠠᠷ ᠭᠢᠬᠠᠭᠳᠠᠪᠠ ᠭᠡᠰᠡᠨ ᠨᠢ

ᠬᠠᠭᠤᠷᠮᠠᠭ ᠠᠷᠭ᠎ᠠ ᠪᠠᠢ᠌ᠵᠠᠢ᠂

ᠭᠡᠷᠡᠢ᠌ᠤᠨ ᠢ ᠥᠷᠨᠢᠭᠦᠯᠭᠦ ᠭᠡᠰᠡᠨ ᠨᠢ

ᠦᠨᠡᠨ ᠣᠬᠠᠭᠠᠨ ᠪᠠᠢ᠌ᠵᠠᠢ᠃

ᠳᠠᠮᠤᠵᠢᠨ᠂ ᠮᠤᠬᠤᠯᠠᠢ ᠶᠢᠨ ᠴᠡᠷᠢᠭ᠌

ᠢᠷᠡᠭᠦ ᠵᠠᠮ ᠢ ᠨᠢ ᠭᠡᠷᠡᠪᠡ᠂

ᠲᠦᠰᠢᠮᠠᠯ ᠵᠠᠯᠮ᠎ᠠ ᠶᠢᠨ ᠴᠡᠷᠢᠭ᠌

ᠡᠭᠡᠭᠦ ᠵᠠᠮ ᠢ ᠨᠢ ᠬᠠᠭᠠᠪᠠ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠰᠢᠪᠰᠢᠭ᠍ᠳᠤ ᠳᠤᠭᠤᠷᠢᠯ᠂ ᠢᠯᠠᠭᠤ

ᠶᠠᠮᠠᠷ ᠳᠠᠪᠠᠯ ᠰᠤᠯᠢᠵᠤ ᠵᠢᠭᠤᠳᠠᠭᠰᠠᠨ ᠪᠣᠢ︖

ᠰᠠᠭᠤᠭᠰᠠᠨ ᠭᠦᠷᠢᠶᠡᠨ ᠳᠡᠭᠡᠨ ᠢᠷᠡᠭᠦᠶ᠎ᠡ

ᠭᠡᠨ ᠤ ᠳᠤᠭ ᠮᠠᠠᠳᠤᠭᠰᠠᠨ ᠪᠣᠢ︖

ᠳᠠᠳᠠᠨ ᠤ ᠵᠠᠮ ᠳᠡᠭᠡᠷ᠎ᠡ ᠣᠴᠠᠷᠠᠯᠳᠤᠭᠰᠠᠨ ᠨᠢ

ᠬᠠᠮᠢᠭᠠᠭᠢ ᠵᠠᠩᠵᠤᠨ ᠴᠢᠤᠢ ᠱᠢ ᠯᠢ ᠪᠣᠢ︖

ᠳᠤᠭᠤᠷᠢᠯ ᠤᠨ ᠳᠤᠯᠤᠭᠠᠢ ᠶᠢ ᠴᠠᠪᠴᠢᠭᠰᠠᠨ ᠨᠢ

ᠶᠠᠭᠤᠨ ᠤ ᠳᠣᠢ᠌ᠤᠨ ᠲᠡᠶ ᠵᠠᠮᠤᠬ᠎ᠠ ᠪᠣᠢ︖

ᠰᠤᠴᠢᠭᠰᠠᠨ ᠢᠯᠠᠭᠤ ᠳᠤᠳᠠᠭᠠᠵᠤ

ᠶᠠᠭᠤ ᠪᠠᠨ ᠬᠠᠪᠴᠢᠨ ᠭᠤᠳᠣᠢ᠌ᠪᠠ︖

ᠰᠢᠶᠠ ᠣᠯᠤᠰ ᠲᠤ ᠰᠢᠷᠭᠤᠵᠤ

ᠶᠠᠮᠠᠷ ᠳᠡᠭᠡᠷᠡᠮ ᠪᠣᠯᠪᠠ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠰᠢᠪᠰᠢᠭ᠍ᠳᠤ ᠳᠤᠭᠤᠷᠢᠯ᠂ ᠢᠯᠠᠭᠤ

ᠴᠢᠰᠤᠳᠤ ᠳᠠᠪᠠᠯ ᠰᠤᠯᠢᠵᠤ ᠵᠢᠭᠤᠳᠠᠵᠠᠢ᠂

ᠰᠠᠭᠤᠭᠰᠠᠨ ᠭᠦᠷᠢᠶᠡᠨ ᠳᠡᠭᠡᠨ ᠢᠷᠡᠭᠦᠶ᠎ᠡ

ᠪᠣᠭᠤᠷᠤᠯ ᠤᠨ ᠳᠤᠭ ᠮᠠᠠᠳᠤᠵᠠᠢ᠃

ᠳᠠᠳᠠᠨ ᠤ ᠵᠠᠮ ᠳᠡᠭᠡᠷ᠎ᠡ ᠣᠴᠠᠷᠠᠯᠳᠤᠭᠰᠠᠨ ᠨᠢ

ᠨᠢ᠋ᠮᠠᠨ ᠤ ᠵᠠᠩᠵᠤᠨ ᠴᠢᠤᠢ ᠱᠢ ᠯᠢ᠂

ᠳᠤᠭᠤᠷᠢᠯ ᠤᠨ ᠳᠤᠯᠤᠭᠠᠢ ᠶᠢ ᠴᠠᠪᠴᠢᠭᠰᠠᠨ ᠨᠢ

ᠨᠢᠭᠦᠯ ᠤᠨ ᠳᠣᠢ᠌ᠤᠨ ᠲᠡᠶ ᠵᠠᠮᠤᠬ᠎ᠠ᠃

ᠰᠤᠴᠢᠭᠰᠠᠨ ᠢᠯᠠᠭᠤ ᠳᠤᠳᠠᠭᠠᠵᠤ

ᠰᠡᠭᠦᠯ ᠶᠢᠡᠨ ᠬᠠᠪᠴᠢᠨ ᠭᠤᠳᠣᠢ᠌ᠪᠠ᠂

ᠰᠢᠶᠠ ᠣᠯᠤᠰ ᠲᠤ ᠰᠢᠷᠭᠤᠵᠤ

ᠬᠤᠯᠠᠭᠠᠢ ᠳᠡᠭᠡᠷᠡᠮ ᠪᠣᠯᠪᠠ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠵᠡᠭᠦᠨ ᠭᠠᠷ ᠲᠠᠭᠠᠨ ᠰᠠᠯᠡᠮ᠎ᠠ ᠪᠠᠷᠢᠵᠤ

ᠰᠤᠯᠤᠩᠭ᠋ᠤᠸ᠎ᠠ ᠦᠰᠦ ᠪᠠᠨ ᠶᠠᠭᠠᠭᠢᠭᠰᠠᠨ ᠪᠣᠢ︖

ᠪᠠᠷᠠᠭᠤᠨ ᠭᠠᠷ ᠶᠢᠡᠷ ᠳᠡᠭᠦᠤ ᠪᠠᠨ ᠭᠦᠳᠦᠯᠵᠤ

ᠭᠡᠨ ᠤ ᠡᠮᠦᠨ᠎ᠡ ᠭᠡᠷᠭᠢᠭ᠍ᠰᠡᠨ ᠪᠣᠢ︖

ᠭᠤᠷᠪᠠᠨ ᠵᠣᠢ᠌ᠯ ᠤᠨ ᠭᠤᠶᠤᠳᠠᠯ ᠢ

ᠰᠤᠯᠤᠩᠭ᠋ᠤᠸ᠎ᠠ ᠳᠡᠭᠡᠭ᠍ᠰᠢ ᠶᠠᠭᠠᠭᠢᠪᠠ︖

ᠭᠤᠤᠯᠴᠢ ᠰᠠᠢ᠌ᠳ ᠤᠳ ᠪᠠᠳᠤᠯᠠᠭᠰᠠᠨ᠎ᠠ

ᠳᠠᠮᠤᠵᠢᠨ ᠡᠵᠡᠨ ᠭᠡᠷᠭᠢᠪᠡ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠵᠡᠭᠦᠨ ᠭᠠᠷ ᠲᠠᠭᠠᠨ ᠰᠠᠯᠮ᠎ᠠ ᠪᠠᠷᠢᠵᠤ᠂

ᠰᠤᠯᠤᠩᠭ᠋ᠤᠸ᠎ᠠ ᠦᠰᠦ ᠪᠠᠨ ᠳᠠᠯᠪᠢᠵᠠᠢ᠂

ᠪᠠᠷᠠᠭᠤᠨ ᠭᠠᠷ ᠶᠢᠡᠷ ᠳᠡᠭᠦᠤ ᠪᠠᠨ ᠭᠦᠳᠦᠯᠵᠤ

ᠳᠠᠮᠤᠵᠢᠨ ᠤ ᠡᠮᠦᠨ᠎ᠡ ᠰᠥᠭᠦᠦᠡᠴᠡᠢ᠃

ᠭᠤᠷᠪᠠᠨ ᠵᠣᠢ᠌ᠯ ᠤᠨ ᠭᠤᠶᠤᠳᠠᠯ ᠢ

ᠰᠤᠯᠤᠩᠭ᠋ᠤᠸ᠎ᠠ ᠳᠡᠭᠡᠭ᠍ᠰᠢ ᠠᠢ᠌ᠯᠠᠤᠠᠬᠠᠪᠠ᠂

ᠭᠤᠤᠯᠴᠢ ᠰᠠᠢ᠌ᠳ ᠤᠳ ᠪᠠᠳᠤᠯᠠᠭᠰᠠᠨ᠎ᠠ

ᠳᠠᠮᠤᠵᠢᠨ ᠡᠵᠡᠨ ᠵᠦᠪᠰᠢᠶᠠᠷᠠᠪᠠ᠃

ᠠ ᠄ ᠵᠧ ᠭᠦᠶ‍ᠢ ᠥᠨᠡᠭᠡᠷ᠎ᠡ ᠳᠠᠢ᠌ᠮᠤ ᠦᠦ᠂

ᠳᠤᠭᠳᠤᠩᠭ᠋ᠤ ᠪᠠᠭᠠᠳᠤᠷ ᠠᠢ᠌ᠯᠠᠤᠠᠬᠠᠵᠤ

ᠳᠤᠭᠤᠷᠢᠯ ᠤᠨ ᠭᠡᠭᠦᠷ ᠢ ᠶᠠᠭᠠᠭᠢᠪᠠ︖

ᠳᠤᠯᠤᠭᠠᠢ ᠪᠠᠶ᠎ᠠ ᠶᠢ ᠨᠢ ᠨᠡᠢ᠌ᠯᠡᠭᠦᠯᠦᠭᠡᠤᠨ

ᠠᠪᠰᠠᠯᠠᠵᠤ ᠣᠷᠤᠰᠢᠭᠤᠯᠵᠤ ᠭᠡᠷᠭᠢᠪᠡ︖

ᠳᠠᠮᠤᠵᠢᠨ ᠡᠵᠡᠨ ᠪᠠᠶ᠎ᠠ ᠪᠠᠷ

ᠳᠠᠭᠢᠯ ᠰᠠᠴᠤᠯᠢ ᠶᠠᠭᠠᠭᠢᠪᠠ︖

ᠳᠤᠰᠬᠤ᠂ ᠰᠤᠯᠤᠩᠭ᠋ᠤᠸ᠎ᠠ ᠨᠠᠷ

ᠳᠣᠢ᠌ᠯ ᠤᠨ ᠭᠠᠰᠢᠭᠤᠨ ᠶᠢᠡᠷ ᠭᠡᠷᠭᠢᠪᠡ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠳᠤᠭᠳᠤᠩᠭ᠋ᠤ ᠪᠠᠭᠠᠳᠤᠷ ᠠᠢ᠌ᠯᠠᠤᠠᠬᠠᠵᠤ

ᠳᠤᠭᠤᠷᠢᠯ ᠤᠨ ᠭᠡᠭᠦᠷ ᠢ ᠠᠪᠴᠢᠷᠠᠭᠤᠯᠪᠠ᠂

ᠳᠤᠯᠤᠭᠠᠢ ᠪᠠᠶ᠎ᠠ ᠶᠢ ᠨᠢ ᠨᠡᠢ᠌ᠯᠡᠭᠦᠯᠦᠭᠡᠤᠨ

ᠠᠪᠰᠠᠯᠠᠠᠵᠤ ᠣᠷᠤᠰᠢᠭᠤᠯᠵᠤ ᠳᠠᠯᠪᠢᠪᠠ᠃

ᠳᠠᠮᠤᠵᠢᠨ ᠡᠵᠡᠨ ᠪᠠᠶ᠎ᠠ ᠪᠠᠷ

ᠳᠠᠭᠢᠯ ᠰᠠᠴᠤᠯᠢ ᠭᠦᠷᠳᠡᠭᠡᠪᠡ᠂

ᠳᠤᠰᠬᠤ᠂ ᠰᠤᠯᠩᠭ᠋ᠤᠸ᠎ᠠ ᠨᠠᠷ

ᠳᠣᠢ᠌ᠯ ᠤᠨ ᠭᠠᠰᠢᠭᠤᠨ ᠶᠢᠡᠷ ᠪᠠᠯᠪᠠᠰᠤᠷᠠᠪᠠ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠦᠯᠵᠡᠢ᠌ᠳᠤ ᠳᠤᠭ ᠢ ᠳᠠᠭᠢᠵᠤ

ᠬᠠᠮᠢᠭᠠᠭᠢ ᠴᠡᠷᠢᠭ᠌ ᠬᠤᠷᠢᠮᠯᠠᠪᠠ︖

ᠡᠷ᠎ᠡ ᠶᠢᠨ ᠭᠤᠷᠪᠠᠨ ᠨᠠᠭᠠᠳᠤᠮ ᠵᠢᠠᠷ

ᠭᠡᠴᠢᠨᠡᠭᠡᠨ ᠣᠯᠠᠨ ᠣᠷᠤᠯᠳᠤᠭᠠᠯᠠᠪᠠ︖

ᠴᠠᠭᠠᠯᠠᠬᠤ ᠡᠳᠦᠷ ᠤᠨ ᠱᠠᠭ᠎ᠠ᠂ ᠲ᠋ᠠᠯᠤ ᠵᠢ

ᠭᠡᠨ ᠨᠡᠷ ᠠᠰᠠᠭᠤᠪᠠ︖

《ᠬᠤᠨᠢᠨ ᠪᠦᠭᠦᠯᠢ》 ᠵᠢᠨ ᠪᠢᠳᠡᠭᠦᠤ ᠠᠷᠭ᠎ᠠ ᠵᠢ

ᠶᠠᠮᠠᠷ ᠮᠤᠬᠤᠯᠠᠢ ᠳᠠᠢ᠌ᠯᠪᠣᠷᠢᠯᠠᠪᠠ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠦᠯᠵᠡᠢ᠌ᠳᠤ ᠳᠤᠭ ᠢ ᠳᠠᠭᠢᠵᠤ

ᠪᠧᠲ᠋ᠡ᠋ ᠶᠢᠨ ᠴᠡᠷᠢᠭ᠌ ᠬᠤᠷᠢᠮᠯᠠᠪᠠ᠂

ᠡᠷ᠎ᠡ ᠶᠢᠨ ᠭᠤᠷᠪᠠᠨ ᠨᠠᠭᠠᠳᠤᠮ ᠵᠢᠠᠷ

ᠪᠦᠭᠦᠳᠡ ᠣᠯᠠᠨ ᠣᠷᠤᠯᠳᠤᠭᠠᠯᠠᠪᠠ᠃

ᠴᠠᠭᠠᠯᠠᠬᠤ ᠡᠳᠦᠷ ᠤᠨ ᠱᠠᠭ᠎ᠠ᠂ ᠲ᠋ᠠᠯᠤ ᠵᠢ

ᠰᠠᠢ᠌ᠳ ᠨᠡᠷ ᠠᠰᠠᠭᠤᠪᠠ᠃

《ᠬᠤᠨᠢᠨ ᠪᠦᠭᠦᠯᠢ》 ᠵᠢᠨ ᠪᠢᠳᠡᠭᠦᠤ ᠠᠷᠭ᠎ᠠ ᠵᠢ

ᠬᠤᠷᠴᠠ ᠮᠤᠬᠤᠯᠠᠢ ᠳᠠᠢ᠌ᠯᠪᠣᠷᠢᠯᠠᠪᠠ᠃

ᠬᠤᠶᠠᠭᠤᠯᠠ ᠄ ᠵᠧ ᠭᠦᠶ‍ᠢ ᠥᠨᠡᠭᠡᠷ ᠳᠠᠢ᠌ᠮᠤ ᠯᠠ ᠳ᠋ᠠ᠂

ᠭᠦᠭᠡ ᠰᠤᠳᠤᠷ ᠤᠨ ᠬᠤᠯᠪᠣᠭ᠎ᠠ ᠪᠠᠨ

ᠲᠦᠷ ᠵᠠᠪᠰᠠᠷᠯᠠᠭᠠᠤᠨ ᠠᠪᠣᠶ᠎ᠠ ᠳ᠋ᠠ᠂

ᠭᠦᠡᠳᠦᠳᠤ ᠣᠯᠠᠨ ᠨᠥᠭᠦᠤᠨ ᠳᠡᠭᠡᠨ

ᠳᠦᠳᠠᠯ ᠦᠭᠡᠶ ᠰᠤᠨᠤᠰᠬᠠᠶ᠎ᠠ ᠳ᠋ᠠ᠃

ᠵᠤᠬᠢᠶᠠᠭᠴᠢ᠄ ᠯᠤᠤᠽᠡᠷ
ᠳᠠᠷᠤᠮ᠄ 5129
ᠴᠠᠭ᠄ 2007 ᠤᠨ ᠤ 07 ᠰᠠᠷ᠎ᠠ ᠶᠢᠨ 29

ᠡᠮᠦᠨᠡᠬᠢ ᠳᠠᠷᠠᠭᠠᠬᠢ

ᠰᠢᠭᠦᠮᠵᠢ ᠪᠢᠴᠢᠬᠦ
ᠨᠡᠪᠲᠡᠷᠡᠨ ᠤᠷᠤᠭᠠᠷᠠᠢ᠃
ᠨᠡᠪᠲᠡᠷᠡᠨ ᠤᠷᠤᠪᠠᠯ ᠰᠠᠶ‍ᠢ ᠰᠢᠭᠦᠮᠵᠢ ᠪᠢᠴᠢᠵᠦ ᠳᠡᠢ᠌ᠯᠦᠨ᠎ᠡ᠃