ᠵᠢᠷᠭᠤᠳᠤᠭᠠᠷ ᠪᠦᠯᠦᠭ ᠂ ᠰᠤᠶᠤᠯ ᠠᠬᠤᠢ ᠶᠢᠨ ᠵᠤᠬᠢᠴᠠᠯ
ᠵᠢᠷᠭᠤᠳᠤᠭᠠᠷ ᠬᠡᠰᠡᠭ ᠂ ᠪᠠᠶᠠᠨ ᠭᠤᠤᠯ ᠤᠨ ᠱᠤᠤᠭᠢᠶ᠎ᠠ

ᠥᠭᠡ ᠭᠡᠯᠡ ᠥᠰᠦᠭ᠌ ᠪᠢᠴᠢᠭ᠌ ᠪᠣᠯ ᠦᠨᠳᠦᠰᠦᠳᠠᠨ ᠳᠤᠭᠳᠠᠨᠢᠬᠤ ᠶᠢᠨ ᠪᠠᠯᠭᠡ ᠳᠡᠮᠳᠡᠭ᠌ ᠮᠦᠨ᠃


᠊᠊᠊᠊᠊᠊᠊᠊᠊᠊᠊᠊᠊᠊᠊᠊᠊᠊᠊᠊᠊᠊᠊᠊᠊᠊᠊᠊ ᠡᠷᠳᠡᠮᠳᠡᠳ ᠤᠨ ᠰᠤᠷᠭᠠᠯ ᠥᠭᠡ


ᠪᠠᠶᠠᠨ ᠭᠢᠩᠭ᠋ᠠᠨ ᠤ ᠡᠩᠭᠡᠷ ᠡᠴᠡ ᠡᠭᠢ ᠠᠪᠣᠭᠰᠠᠨ ᠪᠠᠶᠠᠨ ᠭᠤᠤᠯ ᠮᠤᠷᠤᠯᠵᠠᠨ ᠳᠠᠭᠢᠷᠯᠠᠭᠰᠠᠭᠠᠷ ᠱᠤᠪᠬᠤ ᠠᠰᠬ᠎ᠠ ᠭᠡᠷᠡᠮ ᠤᠨ ᠱᠤᠷᠤᠩ ᠢ ᠣᠷᠢᠶᠠᠨ ᠬᠠᠰ ᠯᠤᠤ ᠳᠡᠭᠦᠯᠢᠭᠦ ᠰᠢᠭ᠌ ᠪᠠᠶᠠᠨ ᠵᠢᠯᠠᠭ᠎ᠠ ᠶᠢ ᠰᠢᠪᠳᠤᠯᠤᠨ ᠪᠢᠯᠡᠭᠦᠳᠡᠢ ᠣᠷᠤᠭᠤ ᠬᠠᠪᠣᠷ ᠤᠨ ᠬᠠᠯᠢᠶ᠎ᠠ ᠪᠠᠷ ᠵᠥᠭᠡᠯᠡᠨ ᠥᠶᠡᠯᠵᠡᠭᠡᠤᠨ ᠪᠠᠢ᠌ᠨ᠎ᠠ᠃ ᠨᠠᠮ ᠳᠦᠯᠭᠡᠭᠡᠨ ᠢᠷᠠᠯᠵᠢ ᠪᠦᠭᠦᠨ ᠳᠡᠭᠡᠨ ᠣᠷᠳᠤ ᠣᠳᠠᠭᠠᠨ ᠳᠡᠦᠭᠡ ᠶᠢᠨ ᠣᠷᠴᠢᠯ ᠲᠦᠷᠦ ᠶᠢᠨ ᠳᠦᠷᠪᠠᠭᠡᠨ ᠢ ᠳᠡᠮᠳᠡᠭᠯᠡᠨ ᠰᠡᠭᠦᠳᠡᠷᠯᠡᠵᠤ᠂ ᠪᠤᠯᠦᠩ ᠳᠤᠬᠤᠢ ᠪᠣᠯᠭᠠᠨ ᠳᠠᠭᠠᠨ ᠣᠷᠢᠳᠤ ᠶᠢᠨ ᠥᠯᠢᠭᠡᠷ ᠣᠭᠰᠠᠭᠠᠳᠠᠨ ᠤ ᠳᠤᠤᠯᠢᠰ ᠶᠢᠡᠷ ᠱᠤᠤᠭᠢᠨᠠᠳᠤᠭᠠᠤᠨ ᠳᠠᠭᠢᠮ ᠴᠡᠭᠡᠯ ᠪᠦᠷᠢ ᠳᠡᠭᠡᠨ ᠦᠨᠳᠦᠰᠦᠳᠠᠨ ᠤ ᠮᠠᠠᠳᠤᠯ ᠪᠠᠭᠤᠷᠠᠯ ᠤᠨ ᠢᠷᠠᠭᠤ ᠳᠠᠭᠤᠯᠠᠯ ᠬᠠᠩᠭᠢᠨᠠᠭᠤᠯᠤᠭᠰᠠᠭᠠᠷ ᠣᠷᠤᠰᠤᠨ᠎ᠠ᠃ ᠣᠶᠠᠬᠠᠨ ᠳᠤᠩᠭ᠋ᠠᠯᠠᠭ ᠣᠷᠤᠰᠬᠠᠯ ᠨᠢ ᠶ‍ᠧᠯᠸᠢ ᠣᠪᠢᠳᠠᠰᠤᠳᠤ ᠪᠣᠯᠤᠷ ᠳᠤᠯᠢ ᠰᠢᠭ ᠶ‍ᠢᠷᠳᠢᠠᠴᠤ ᠶᠢᠨ ᠭᠡᠭᠡᠨ ᠬᠠᠷᠠᠩᠭ᠋ᠤᠢ ᠶᠢ ᠳᠤᠯᠢᠳᠠᠵᠤ᠂ ᠰᠢᠮ᠎ᠠ ᠳᠡᠵᠢᠭᠡᠯᠳᠤ ᠷᠠᠰᠢᠶᠠᠨ ᠶᠢᠡᠷ ᠶᠢᠡᠨ ᠣᠯᠠᠭᠠᠨ ᠳᠤᠭᠤᠰᠤᠨ ᠤ ᠊ᠭ᠍᠊ᠬᠢᠷ ᠪᠣᠷᠳᠠᠭ ᠢ ᠣᠭᠢᠶᠠᠨ ᠳᠤᠩᠭ᠋ᠠᠭᠠᠤᠨ᠂ ᠠᠵᠠ ᠵᠢᠷᠭᠠᠯᠳᠤ ᠮᠠᠷᠭᠠᠰᠢ ᠶᠢᠨ ᠠᠶᠠᠯᠠᠯ ᠳᠤ ᠭᠢᠵᠠᠭᠠᠷ ᠦᠭᠡᠶ ᠣᠠᠳᠤᠷᠤᠯ ᠤᠨ ᠭᠦᠴᠤᠨ ᠬᠠᠩᠭ᠋ᠠᠨ᠎ᠠ ᠪᠢᠯᠠ︕

ᠪᠠᠶᠠᠨ ᠭᠤᠤᠯ ᠤᠨ ᠳᠤᠷᠠᠤᠠᠬᠠᠯ ᠳᠤ᠂ ᠾᠦᠩᠨᠦ ᠰᠢᠶᠤᠩᠨᠤ ᠶᠢᠨ ᠴᠠᠭ ᠦᠶ᠎ᠡ ᠨᠢ ᠥᠨᠦᠭᠡᠨ ᠤ ᠣᠴᠢᠷ ᠪᠠᠢ᠌ᠵᠢ ᠳ᠋ᠠ᠃ ᠲ᠋ᠠᠪᠠᠷᠢ ᠪᠦᠳᠦᠭᠦᠨ ᠬᠠᠢ᠌ᠯᠠᠰᠤ ᠮᠠᠢ᠌ᠯᠠᠰᠤ ᠪᠠᠶᠠᠨ ᠵᠢᠯᠠᠭ᠎ᠠ ᠶᠢ ᠪᠦᠷᠭᠦᠵᠤ᠂ ᠥᠡᠳᠦᠷ ᠰᠠᠬᠤᠯᠢᠭ ᠦᠯᠦᠩ ᠡᠪᠠᠰᠤᠨ ᠳ᠋ᠤᠨᠢ ᠥᠭᠡᠷ ᠣᠷᠤᠭᠠᠤᠨ ᠬᠠᠷᠠᠭᠳᠠᠳᠠᠭ ᠦᠭᠡᠶ᠂ ᠵᠡᠭᠡᠷ᠎ᠡ ᠭᠤᠷ ᠰᠥᠷᠦᠭᠯᠡᠨ ᠵᠡᠷᠯᠢᠭ᠌ ᠭᠠᠬᠠᠢ᠌ᠳ ᠵᠥᠷᠢᠯᠳᠦᠭᠡᠤᠨ ᠴᠤᠬᠤᠮ ᠭᠦ᠄

ᠬᠠᠵᠠᠭᠤ ᠪᠠᠷ ᠵᠥᠷᠢᠭᠦ ᠭᠦᠷᠦᠭᠡᠰᠤ ᠵᠢ

ᠬᠠᠳᠤᠭᠤᠷ ᠶᠢᠡᠷ ᠰᠢᠷᠪᠠᠭᠡᠤᠨ ᠠᠪᠴᠢᠬᠠᠳᠠᠭ

ᠠᠶᠠᠭ᠎ᠠ ᠪᠠᠷ ᠣᠤᠠᠬᠤᠭᠰᠠᠨ ᠣᠰᠤᠨ ᠳ᠋ᠤ

ᠠᠯᠠᠭᠠᠨ᠎ᠠ ᠵᠢᠭᠠᠰᠤ ᠴᠤᠯᠭᠢᠯᠠᠭᠠᠤᠨ

ᠥᠷᠭᠦᠭᠡᠤᠨ ᠨᠢᠰᠦᠭ᠍ᠰᠡᠨ ᠭᠤᠷᠭᠤᠤᠯ

ᠦᠷᠤᠮᠠᠨ ᠰᠠᠪᠠᠨ ᠳᠤ ᠣᠨᠠᠴᠢᠬᠠᠳᠠᠭ ᠊᠊᠊᠊᠊᠊᠊᠊᠊᠊᠊᠊᠊᠊᠊᠊᠊᠊᠊᠊᠊᠊᠊᠊᠊᠊᠊᠊᠊ ᠶᠤᠰᠤᠳᠠᠢ ᠪᠠᠶᠠᠨ ᠳᠠᠩᠰᠤᠭ ᠪᠠᠢ᠌ᠭᠠᠯᠢ ᠶᠢᠨ ᠣᠷᠤᠨ ᠪᠠᠢ᠌ᠭᠰᠠᠨ ᠰᠠᠠᠵᠠᠢ᠃ ᠪᠠᠶᠠᠨ ᠭᠤᠤᠯ ᠢ ᠳᠠᠭᠠᠭᠠᠤᠨ ᠯᠢᠶᠤᠤ ᠶᠢᠨ ᠳᠡᠭᠡᠳᠤ ᠨᠠᠢ᠌ᠰᠯᠠᠯ ᠯᠢᠨ ᠬᠤᠸᠠᠩ ᠹᠦ ᠭᠦᠷᠳᠡᠯᠡᠭᠢ ᠠᠭᠤᠵᠢᠮ ᠭᠦᠡᠳᠡᠢ ᠨᠢ ᠭᠦᠮᠤᠨ ᠡᠴᠡ ᠦᠨᠳᠦᠷ ᠡᠪᠠᠰᠤ ᠬᠤᠯᠤᠰᠤ ᠣᠷᠭᠤᠭᠠᠤᠨ ᠭᠠᠯᠠᠭᠤ ᠨᠤᠭᠤᠰᠤ ᠭᠠᠩᠭ᠋ᠠᠨᠠᠯᠳᠤᠨ ᠪᠣᠭᠤ ᠰᠤᠭᠤ ᠳᠠᠢ᠌ᠪᠣᠭᠤᠬᠠᠨ ᠢᠳᠡᠰᠢᠯᠡᠭᠡᠤᠨ ᠥᠨᠠᠩᠬᠦ ᠭᠠᠩᠭ᠋ᠠᠩ ᠪᠠᠢ᠌ᠭᠠᠯᠢ ᠣᠩᠭ᠋ᠤᠨ ᠳᠠᠷᠬᠠᠨ ᠭᠡᠪ ᠶᠢᠡᠷ ᠶᠢᠡᠨ ᠪᠠᠢ᠌ᠯ᠎ᠠ᠃ ᠾᠦᠩᠨᠦᠴᠤᠳ ᠠᠩ ᠭᠦᠷᠦᠭᠡ ᠭᠢᠵᠤ ᠠᠳᠤᠭᠤ ᠥᠭᠡᠷ ᠮᠠᠯᠵᠢᠭᠠᠤᠨ᠂ ᠪᠠᠶᠠᠨ ᠭᠤᠤᠯ ᠤᠨ ᠳᠤᠤᠷ᠎ᠠ ᠣᠷᠤᠰᠬᠠᠯ ᠪᠣᠯᠬᠤ ᠦᠯᠵᠡᠢ᠌ᠮᠤᠷᠠᠨ ᠢ ᠥᠭ᠍ᠰᠤᠨ ᠣᠷᠤᠭᠤᠳᠠᠨ ᠮᠠᠢ᠌ᠬᠠᠨ ᠭᠦᠰᠭᠡ ᠪᠤᠰᠬᠠᠵᠤ᠂ ᠡᠪᠠᠰᠤ ᠪᠠᠯᠴᠢᠭᠡᠷ ᠤᠨ ᠣᠭᠢ ᠰᠤᠳᠤ ᠶᠢ ᠨᠢ ᠰᠤᠩᠭ᠋ᠤᠨ ᠨᠡᠭᠦᠳᠡᠯᠯᠡᠨ ᠠᠮᠢᠳᠤᠷᠠᠵᠤ ᠪᠠᠢ᠌ᠭᠰᠠᠨ ᠶᠤᠮ᠃ ᠲ᠋ᠤᠬᠠᠢ ᠶᠢᠨ ᠦᠶ᠎ᠡ ᠶᠢᠨ ᠣᠢ᠌ᠯᠠᠤᠠᠪᠣᠷᠢᠯᠠᠯ ᠤᠨ ᠭᠦᠴᠤᠨ ᠤ ᠭᠢᠷᠢ ᠭᠡᠮᠵᠢᠶ᠎ᠡ ᠳᠣᠢ᠌ᠯ ᠤᠨ ᠳᠤᠤᠷ᠎ᠠ ᠪᠠᠢ᠌ᠭᠰᠠᠨ ᠪᠣᠯᠬᠤᠷ ᠭᠠᠭᠴᠡᠭᠦ ᠡᠯᠪᠠᠭ᠌ ᠳᠡᠯᠪᠠᠭ᠌ ᠪᠠᠢ᠌ᠭᠠᠯᠢ ᠶᠢᠨ ᠪᠠᠶᠠᠯᠢᠭ ᠲᠤ ᠳᠦᠰᠢᠭᠯᠡᠨ ᠳᠤᠭᠳᠠᠨᠢᠵᠤ ᠪᠠᠢ᠌ᠭᠰᠠᠨ ᠪᠦᠭᠡᠤᠨ᠂ ᠳᠤᠭᠰᠢᠨ ᠠᠷᠢᠶᠠᠳᠠᠨ ᠤ ᠰᠥᠷᠳᠡᠭᠦᠯᠦᠯ ᠴᠤ ᠴᠠᠭ ᠢᠮᠠᠭᠳᠠ ᠳᠠᠭᠠᠯᠳᠤᠵᠤ ᠪᠠᠢ᠌ᠵᠠᠢ᠃ ᠠᠯᠢ ᠨᠢᠭᠡ ᠠᠳᠤᠭᠤᠴᠢᠨ ᠨᠢ ᠬᠠᠷᠢᠭᠤᠴᠠᠯᠭ᠎ᠠ ᠠᠯᠳᠠᠵᠤ ᠠᠳᠤᠭᠤ ᠪᠠᠨ ᠪᠠᠶᠠᠨ ᠵᠢᠯᠠᠭ᠎ᠠ ᠳᠤ ᠳᠠᠯᠪᠢᠭᠠᠤᠨ ᠣᠷᠤᠭᠤᠯᠪᠠ ᠭᠡᠭ᠍ᠰᠡᠭᠡᠷ ᠪᠠᠷᠠᠵᠠᠢ ᠯᠠ ᠭᠡᠵᠤ ᠮᠠᠳᠠ᠂ ᠨᠠᠰᠤᠳᠠᠢ᠌ᠴᠤᠤᠯ ᠤᠨ ᠬᠠᠭᠤᠴᠢᠯᠠᠯ ᠳᠤ :

《ᠬᠠᠳᠠ ᠬᠠᠳᠠ ᠭᠡᠵᠤ ᠬᠠᠵᠠᠭᠤᠳᠠ ᠨᠢ ᠭᠦᠷᠭᠦ ᠳ᠋ᠤ

ᠬᠠᠷ᠎ᠠ ᠪᠠᠭᠠᠪᠠᠭᠠᠢ ᠣᠴᠣᠢ᠌ᠵᠤ ᠪᠠᠢ᠌ᠯ᠎ᠠ

ᠪᠢᠷᠠᠭᠤ ᠪᠢᠷᠠᠭᠤ ᠭᠡᠤᠨ ᠳᠠᠮᠳᠠᠷᠢᠵᠤ ᠥᠵᠡᠭᠦᠯ᠎ᠡ

ᠪᠠᠷᠰ ᠠᠪᠣᠭᠠᠢ ᠠᠷᠭᠢᠷᠠᠵᠤ ᠪᠠᠢ᠌ᠯ᠎ᠡ》 ᠭᠡᠵᠤ ᠳᠤᠮᠤᠭᠯᠠᠭᠰᠠᠨ ᠰᠢᠭ ᠵᠡᠷᠯᠢᠭ᠌ ᠠᠷᠢᠶᠠᠳᠠᠨ ᠭᠦᠯᠭᠢᠭ᠍ᠰᠡᠨ ᠭᠠᠵᠠᠷ ᠪᠠᠢ᠌ᠪᠡ᠃ ᠭᠦᠴᠦᠷᠭᠡᠭ᠌ ᠨᠢ ᠪᠠᠭᠤᠷᠠᠢ ᠪᠠᠨ ᠳᠠᠷᠤᠯᠠᠬᠤ ᠠᠩᠭᠢᠳᠤ ᠨᠡᠢ᠌ᠭᠡᠮ ᠤᠨ ᠵᠢᠮ᠎ᠠ ᠶᠤᠰᠤ ᠪᠠᠷ᠂ ᠣᠯᠠᠨ ᠠᠢ᠌ᠮᠠᠭ ᠤᠳ ᠬᠤᠭᠤᠷᠤᠠᠳᠤ ᠪᠠᠨ ᠳᠠᠰᠤᠷᠠᠯ ᠦᠭᠡᠶ ᠳᠠᠢ᠌ᠨ ᠳᠠᠵᠢᠨ ᠭᠢᠵᠤ ᠣᠯᠠᠨ ᠣᠳᠠᠭᠠᠨ ᠤ ᠬᠠᠭᠠᠴᠠᠯ ᠨᠠᠢ᠌ᠯᠠᠯ ᠤᠨ ᠶᠠᠪᠣᠴᠠ ᠶᠢ ᠥᠩᠭᠡᠷᠡᠭᠦᠯᠦᠭᠡᠤᠨ᠂ ᠭᠢᠳᠡᠳ ᠤᠨ ᠪᠠᠢ᠌ᠯᠳᠤᠭᠠᠠᠳᠤ ᠣᠯᠤᠰ ᠤᠨ ᠦᠶ᠎ᠡ ᠳᠤ ᠭᠤᠪᠢ ᠶᠢᠨ ᠡᠮᠦᠨ᠎ᠡ ᠣᠮᠠᠷ᠎ᠠ ᠨᠢᠭᠡᠳᠦᠭ᠍ᠰᠡᠨ ᠶᠡᠭᠡ ᠾᠦᠩᠨᠦ ᠣᠯᠤᠰ ᠪᠣᠯᠤᠨ ᠪᠦᠷᠢᠯᠳᠦᠭ᠍ᠰᠡᠨ ᠪᠠᠢ᠌ᠨ᠎ᠠ᠃ ᠾᠦᠩᠨᠦᠴᠤᠳ ᠴᠡᠷᠢᠭ᠌ ᠰᠢᠯᠢᠳᠡᠭ᠌ ᠮᠤᠷᠢ ᠳᠠᠷᠭᠤᠨ ᠳᠠᠭᠠᠨ ᠡᠷᠳᠦᠵᠤ᠂ ᠲ᠋ᠦᠮᠳᠡᠳᠤ ᠣᠷᠤᠨ ᠤ ᠰᠤᠶᠤᠯ ᠳᠤ ᠰᠢᠨᠤᠬᠠᠢ᠌ᠷᠠᠨ ᠭᠢᠳᠠᠤᠨ ᠤᠳ ᠢ ᠵᠤᠭᠰᠤᠯ ᠦᠭᠡᠶ ᠪᠣᠯᠢᠶᠠᠨ ᠳᠡᠭᠡᠷᠡᠮᠳᠡᠵᠤ ᠪᠠᠢ᠌ᠯ᠎ᠠ᠃ ᠭᠢᠳᠠᠤᠨ ᠤᠳ ᠳᠤᠷᠤᠮᠵᠢᠯᠠᠭᠳᠠᠭᠠᠤᠨ ᠳᠡᠰᠭᠦ ᠦᠭᠡᠶ ᠪᠣᠯᠬᠤ ᠳᠠᠭᠠᠨ ᠶᠡᠭᠡ ᠴᠡᠷᠢᠭ᠌ ᠭᠦᠳᠡᠯᠭᠡᠨ ᠪᠦᠰᠡᠯᠡᠨ ᠣᠰᠠᠤᠠᠬᠠᠯᠳᠠ ᠭᠢᠵᠤ 《ᠠᠯᠠᠭᠠᠤᠨ ᠪᠠᠷᠠᠭᠠᠴᠢᠬᠠᠶ᠎ᠠ ᠭᠡᠭᠦᠯᠡᠷ ᠠᠭᠤᠳᠠᠮ ᠳᠠᠯ᠎ᠠ ᠳᠠᠭᠠᠨ ᠰᠢᠩᠭᠡᠴᠢᠭᠡᠨ᠎ᠡ᠂ ᠡᠡᠮᠡᠷᠡᠭᠡᠳ ᠰᠠᠭᠤᠴᠢᠬᠠᠶ᠎ᠠ ᠭᠡᠭᠦᠯᠡᠷ ᠠᠷᠤ ᠳᠠᠯ᠎ᠠ ᠡᠴᠡ ᠳᠤᠪᠳᠤᠯᠤᠭᠠᠤᠨ ᠪᠣᠯᠬᠤ ᠦᠭᠡᠶ》 ᠭᠡᠵᠤ ᠠᠷᠭ᠎ᠠ ᠪᠠᠨ ᠪᠠᠷᠠᠵᠤ ᠠᠯᠠᠭ᠎ᠠ ᠪᠠᠨ ᠨᠤᠬᠤᠯᠠᠬᠤ ᠳᠠᠭᠠᠨ ᠣᠷᠳᠤ ᠴᠠᠭᠠᠨ ᠭᠡᠷᠡᠮ ᠢ ᠪᠣᠰᠬᠠᠵᠤ ᠬᠠᠯᠬᠠᠭ᠎ᠠ ᠪᠠᠷᠢᠵᠡᠢ᠃ ᠡᠨᠡ ᠪᠣᠯ ᠨᠠᠢ᠌ᠳᠠ ᠶᠢᠨ ᠣᠨ ᠳᠤᠭᠠᠯᠠᠯ ᠡᠴᠡ ᠡᠮᠦᠨ᠎ᠡ 246 ᠣᠨ ᠤ ᠴᠢᠨ ᠣᠯᠤᠰ ᠤᠨ ᠦᠶ᠎ᠡ ᠶᠤᠮ᠃ ᠴᠢᠨ ᠣᠯᠤᠰ᠂ ᠣᠯᠠᠨ ᠣᠯᠤᠰ ᠤᠨ ᠳᠠᠪᠵᠢᠶᠠᠨ ᠢ ᠳᠦᠪᠰᠢᠦᠡᠭᠡᠵᠤ ᠨᠢᠭᠡᠳᠦᠭ᠍ᠰᠡᠨ ᠭᠦᠴᠦᠷᠭᠡᠭ᠌ ᠣᠯᠤᠰ ᠢ ᠪᠠᠢ᠌ᠭᠤᠯᠤᠭᠠᠤᠨ ᠭᠤᠤᠯᠳᠠᠵᠤ ᠭᠢᠭ᠍ᠰᠡᠨ ᠠᠵᠢᠯ ᠭᠡᠪᠠᠯ᠂ ᠬᠠᠤᠯᠢ ᠴᠠᠭᠠᠵᠠ ᠶᠢ ᠳᠦᠷᠢᠮᠵᠢᠭᠦᠯᠤᠨ ᠥᠰᠦᠭ᠌ ᠪᠢᠴᠢᠭ᠌ ᠢ ᠨᠢᠭᠡᠳᠭᠡᠵᠤ᠂ ᠵᠢᠩ ᠭᠡᠮᠵᠢᠭᠦᠷ ᠳᠠᠷᠢᠶᠠᠨ ᠭᠠᠵᠠᠷ ᠢ ᠪᠠᠷᠢᠮᠵᠢᠶᠠᠯᠠᠭᠠᠤᠨ ᠲᠦᠪ ᠲᠤ ᠳᠦᠪᠯᠡᠷᠡᠭᠦᠯᠤᠨ ᠵᠠᠭᠢᠷᠬᠤ ᠭᠦᠴᠦᠳᠡᠢ ᠠᠷᠭ᠎ᠠ ᠭᠡᠮᠵᠢᠶ᠎ᠡ ᠠᠪᠴᠠᠢ᠃ ᠲ᠋ᠠᠷᠠ ᠦᠶ᠎ᠡ ᠳᠤ ᠭᠤᠪᠢ ᠶᠢᠨ ᠣᠮᠠᠷ᠎ᠠ ᠶᠢ ᠵᠠᠢ᠌ᠳᠠᠯᠠᠭᠰᠠᠨ ᠾᠦᠩᠨᠦᠴᠤᠳ ᠮᠠᠨᠢ ᠶᠠᠭᠤ ᠭᠢᠵᠤ ᠪᠠᠢ᠌ᠪᠠ︖ ᠲᠦᠷᠦ ᠪᠠᠨ ᠵᠠᠰᠠᠵᠤ ᠲᠦᠮᠡᠨ ᠶᠢᠡᠨ ᠳᠡᠭ᠍ᠵᠢᠷᠡᠭᠦᠯᠭᠦ ᠳᠤ ᠶᠠᠭᠤ ᠴᠢᠬᠤᠯᠳᠠᠢ ᠪᠣᠯᠬᠤ ᠶᠢ ᠣᠭᠳᠤ ᠰᠠᠷᠠᠵᠤ ᠮᠡᠳᠡᠭ᠍ᠰᠡᠨ ᠦᠭᠡᠶ ᠯᠠ ᠶᠠᠪᠣᠵᠠᠢ᠃ ᠲ᠋ᠠᠳᠠᠨ ᠤ ᠮᠡᠳᠡᠳᠡᠭ᠌ ᠶᠠᠭᠤᠮ᠎ᠠ ᠨᠢ ᠬᠨ ᠬᠠᠮᠢᠭᠠᠭᠢ ᠬᠤᠤᠷᠠᠵᠠ ᠨᠢ ᠠᠭᠠᠭ ᠲᠡᠶ᠂ ᠭᠡᠨ ᠭᠡᠨ ᠤ ᠦᠬᠢᠨ ᠨᠢ ᠠᠭᠠᠰᠢ ᠲᠡᠶ᠂ ᠠᠯᠢ ᠠᠯᠢ ᠬᠠᠪᠴᠢᠯ ᠤᠨ ᠪᠠᠭᠠᠪᠠᠭᠠᠢ ᠨᠢ ᠪᠠᠮᠪᠠᠷᠠᠰᠢ ᠲᠡᠶ ᠵᠡᠷᠭᠡ ᠯᠠ ᠭᠡᠭᠦ ᠶᠤᠮ ᠪᠣᠯ ᠪᠠᠬᠠᠨ ᠠᠬᠠᠳᠠᠭᠤᠯᠵᠤ ᠮᠡᠳᠡᠭᠦ ᠪᠣᠯᠪᠠᠴᠤ᠂ ᠪᠠᠯᠠᠷᠯᠢᠭ ᠠᠮᠢᠳᠤᠷᠠᠯ ᠤᠨ ᠭᠦᠷᠢᠶᠡᠨ ᠡᠴᠡ ᠪᠠᠨ ᠭᠠᠷᠴᠤ ᠴᠢᠳᠠᠭᠰᠠᠨ ᠦᠭᠡᠶ ᠨᠢ ᠥᠨᠡᠨ᠃ ᠡᠨᠡ ᠨᠢᠭᠡ ᠮᠦᠴᠡ ᠳᠤ᠂ ᠭᠢᠳᠠᠤᠨ ᠤᠨ ᠳᠡᠳᠡᠭᠡᠷ ᠶᠠᠳᠠᠭᠤ ᠪᠢᠴᠢᠭ᠍ᠳᠡᠳ ᠨᠠᠪᠳᠠᠭᠠᠷ ᠭᠦᠷᠮ᠎ᠡ ᠪᠠᠨ ᠳᠠᠷᠪᠠᠯᠵᠠᠭᠤᠯᠤᠨ ᠳᠦᠯᠡᠭᠡ ᠡᠭᠦᠷᠴᠤ ᠶᠠᠪᠣᠬᠤ ᠳᠠᠭᠠᠨ ᠲᠦᠷᠴᠢᠭᠢᠨᠠᠳᠠᠯ᠎ᠠ ᠨᠤᠮ ᠣᠩᠰᠢᠳᠠᠭ᠂ ᠬᠠᠶᠠᠭ᠎ᠠ ᠪᠠᠨ ᠨᠥᠭᠡᠯᠡᠨ ᠰᠠᠷᠠᠨ ᠤ ᠭᠡᠷᠡᠯ ᠵᠢᠭᠡᠯᠡᠭᠦ ᠪᠣᠶᠤ ᠭᠠᠯᠳᠤ ᠬᠤᠷᠤᠬᠠᠢ ᠣᠭᠤᠳᠠᠯᠠᠨ ᠭᠡᠷᠡᠯ ᠳ᠋ᠤᠨᠢ ᠨᠤᠮ ᠱᠠᠭᠠᠢ᠌ᠵᠤ ᠪᠠᠢ᠌ᠭᠰᠠᠨ ᠢ ᠮᠠᠨᠠᠢ᠌ᠭᠢᠨ ᠤ ᠨᠡᠭᠦᠳᠡᠯᠴᠢᠳ ᠬᠠᠨᠠᠨ ᠤ ᠪᠠᠨ ᠨᠥᠭᠡ ᠪᠠᠷ ᠱᠤᠬᠤᠭᠤᠷᠬᠠᠨ ᠬᠠᠷᠠᠵᠤ ᠵᠤᠭᠰᠤᠭᠠᠤᠨ᠄

《ᠡᠳᠡ ᠥᠨᠡᠭᠡᠷ ᠣᠢ᠌ᠯᠠ ᠪᠠᠨ ᠪᠠᠷᠠᠭᠰᠠᠨ ᠠᠮᠢᠳᠠᠤᠨ ᠪᠠᠢ᠌ᠨ᠎ᠠ ᠳ᠋ᠠ᠂ ᠲ᠋ᠠᠷᠠ ᠭᠡᠷᠡᠭ᠌ ᠦᠭᠡᠶ ᠶᠠᠭᠤᠮ᠎ᠠ ᠶᠢ ᠱᠠᠭᠠᠢ᠌ᠭᠠᠤᠨ ᠢᠳᠠᠵᠤ ᠡᠮᠦᠰᠭᠦ ᠳ᠋ᠤᠨᠢ ᠳᠤᠰᠠ ᠲᠡᠶ ᠦᠦ︖》 ᠭᠡᠵᠤ ᠳᠤᠭᠤᠭᠢᠯᠠᠨ ᠢᠨᠢᠶᠠᠯᠳᠤᠵᠤ ᠪᠠᠢ᠌ᠯ᠎ᠠ᠃ ᠲ᠋ᠠᠳᠠᠨᠤᠰ ᠤᠨ ᠳᠡᠷᠡᠭᠦ 《ᠬᠤᠷᠤᠬᠠᠢ ᠮᠥᠯᠭᠦᠭ᠍ᠰᠡᠨ ᠣᠷᠤᠮ ᠲᠡᠶ》 ᠡᠷᠢᠶᠡᠨ ᠴᠠᠭᠠᠰᠤ ᠨᠢ ᠶᠠᠭᠠᠭᠢᠭᠰᠠᠨ ᠴᠤ ᠢᠯᠳᠤ ᠰᠥᠭᠡ ᠰᠢᠭ᠌ ᠭᠡᠷᠡᠭ᠌ ᠪᠦᠳᠦᠭᠡᠵᠤ ᠴᠢᠳᠠᠬᠤ ᠦᠭᠡᠶ᠂ ᠲ᠋ᠡᠭᠦᠨ ᠢ ᠥᠰᠦᠭᠯᠡᠵᠤ ᠨᠢᠳᠤ ᠳᠠᠷᠢᠭᠢ ᠪᠠᠨ ᠪᠠᠷᠠᠬᠤ ᠶᠢᠨ ᠣᠷᠤᠨ ᠳᠤ᠂ ᠬᠠᠳᠠᠭᠤ ᠠᠷᠢᠭᠢᠨ ᠳᠠᠭᠠᠨ ᠭᠦᠯᠴᠦᠭᠦᠷᠡᠵᠤ ᠬᠠᠯᠠᠭᠤᠨ ᠣᠷᠤᠨ ᠳᠠᠭᠠᠨ ᠮᠠᠩᠰᠢᠭᠤᠷᠠᠬᠤ ᠶᠢᠨ ᠭᠢᠷᠢ ᠳᠠᠭ᠎ᠠ ᠦᠭᠡᠶ ᠪᠠᠢ᠌ᠳᠠᠭ ᠢ ᠰᠠᠢ᠌ᠨ ᠮᠠᠳᠠᠨ᠎ᠠ᠃ ᠠᠪᠣ ᠶᠢᠨ ᠭᠦᠤ ᠴᠢᠨᠤ ᠰᠦᠰᠦ ᠵᠤᠷᠢᠭ ᠭᠦᠷᠳᠡᠭ᠌ ᠯᠠ ᠪᠣᠯ ᠠᠭᠳᠠ ᠭᠦᠯᠦᠭ᠌ ᠲᠡᠭᠡᠨ ᠮᠤᠷᠳᠠᠭᠠᠤᠨ ᠡᠮᠦᠨᠡᠰᠢ ᠳᠤᠪᠳᠤᠯᠤᠭᠠᠤᠨ ᠣᠷᠤ᠂ ᠲ᠋ᠠᠠᠳᠠ ᠡᠩᠭᠡᠰᠭᠡ ᠵᠠᠰᠠᠯ ᠲᠡᠶ ᠭᠤᠸ᠎ᠠ ᠦᠬᠢᠳ᠂ ᠡᠳᠡᠭᠡᠤᠨ ᠠᠮᠳᠠᠳᠠᠢ ᠬᠤᠭᠤᠯᠠ ᠣᠮᠳᠠ ᠪᠠᠯᠡᠭᠡᠨ ᠪᠣᠢ ᠭᠡᠰᠡᠨ ᠭᠡᠪᠰᠢᠮᠡᠯ ᠪᠣᠳᠤᠯ ᠳᠠᠳᠠᠨᠤᠰ ᠤᠨ ᠬᠠᠮᠤᠭ ᠡᠴᠡ ᠰᠠᠳᠤᠯᠳᠠ ᠲᠡᠶ ᠣᠢ᠌ᠯᠠ ᠪᠣᠯᠤᠭᠠᠤᠨ ᠪᠠᠢ᠌ᠪᠡ᠃ ᠨᠢᠭᠡᠳᠦᠭ᠍ᠰᠡᠨ ᠬᠠᠷᠠᠯᠳᠠ ᠵᠤᠷᠢᠯᠳᠠ ᠦᠭᠡᠶ᠂ ᠬᠤᠪᠢ ᠵᠠᠶᠠᠭ᠎ᠠ ᠬᠤᠵᠢᠮ ᠢᠷᠡᠭᠡᠳᠦᠢ ᠪᠠᠨ ᠶᠠᠭᠠᠭᠢᠵᠤ ᠳᠤᠭᠢᠷᠠᠭᠤᠯᠪᠠᠯ ᠳᠠᠭᠠᠷᠠᠬᠤ ᠭᠡᠰᠡᠨ ᠠᠯᠤᠰ ᠤᠨ ᠪᠣᠳᠤᠯᠭ᠎ᠠ ᠦᠭᠡᠶ ᠡᠢ᠌ᠮᠤ ᠨᠢᠭᠡ ᠪᠦᠯᠦᠭ᠌ ᠭᠦᠮᠦᠰ ᠶᠠᠭᠠᠭᠢᠵᠤ ᠭᠦᠴᠦᠷᠭᠡᠭ᠍ᠵᠢᠯ᠎ᠡ ᠴᠤ ᠲᠦᠷ ᠴᠠᠭ ᠊ᠤᠨ 《ᠬᠣᠢ᠌ᠯᠠᠷᠠᠯ》 ᠲ᠋ᠠᠳᠤᠢ ᠶ‍ᠦᠮᠰᠡᠨ᠃ ᠵᠥᠪᠭᠡᠨ ᠨᠢᠳᠤᠨ ᠡᠮᠦᠨᠡᠭᠢ ᠠᠰᠢᠭ ᠬᠤᠤᠷ ᠤᠨ ᠡᠭᠦᠳᠡᠨ ᠡᠴᠡ ᠡᠭᠦᠰᠦᠭ᠍ᠰᠡᠨ ᠣᠬᠤᠷ ᠪᠣᠳᠤᠯ ᠠᠤᠠᠬᠠᠭ ᠰᠠᠨᠠᠭ᠎ᠠ ᠨᠢ ᠳᠠᠳᠠᠨ ᠢ ᠭᠠᠭᠴᠡᠭᠦ ᠭᠠᠳᠠᠭᠰᠢ ᠣᠤᠯᠭᠠᠯᠠᠭᠤᠯᠤᠭᠠᠤᠨ ᠯᠠ ᠵᠤᠭᠰᠤᠭᠰᠠᠨ ᠦᠭᠡᠶ ᠳᠤᠳᠤᠷ ᠵᠠᠭᠤᠷ᠎ᠠ ᠪᠠᠨ ᠴᠤ ᠬᠠᠷᠠᠳᠠᠨ ᠳᠡᠮᠡᠴᠡᠯᠳᠦᠭᠦ ᠳᠤ ᠭᠦᠷᠦᠭᠦᠯᠵᠤ᠂ ᠭᠢᠳᠦᠭ᠎ᠠ ᠰᠢᠪᠦᠭᠡ ᠬᠤᠷᠠᠢ᠌ᠯᠠᠭᠰᠠᠭᠠᠷ ᠪᠠᠢ᠌ᠭᠠᠤᠨ ᠡᠮᠦᠨ᠎ᠡ ᠣᠮᠠᠷ᠎ᠠ ᠬᠤᠶᠠᠷ ᠾᠦᠩᠨᠦ ᠪᠣᠯᠤᠨ ᠬᠠᠭᠠᠴᠠᠭᠰᠠᠨ ᠶᠢᠡᠷ ᠬᠠᠨ ᠣᠯᠤᠰ ᠲᠤ ᠭᠡᠨᠡᠳᠡᠭᠦᠯᠭᠦ ᠵᠠᠪᠰᠢᠶᠠᠨ ᠣᠯᠭᠤᠵᠤ ᠪᠣᠳᠠ ᠴᠤᠭᠢᠭᠳᠠᠨ ᠶ‍ᠢᠰᠤᠨ ᠵᠥᠭ᠌ ᠲᠡᠭᠡᠨ ᠪᠣᠳᠠᠷᠠᠭᠰᠠᠨ ᠪᠠᠢ᠌ᠨ᠎ᠠ᠃ ᠭᠤᠪᠢ ᠶᠢᠨ ᠡᠮᠦᠨ᠎ᠡ ᠣᠮᠠᠷ᠎ᠠ ᠶᠢ ᠰᠤᠠᠳᠠᠯᠠᠨ ᠬᠤᠶᠠᠷ ᠵᠠᠭᠤ ᠢᠯᠡᠭᠦᠤ ᠵᠢᠯ ᠭᠡᠳᠡᠢ᠌ᠵᠤ ᠵᠤᠭᠰᠤᠭᠰᠠᠨ ᠨᠡᠭᠦᠳᠡᠯᠴᠢᠳ᠂ ᠥᠪᠠᠷ ᠤᠨ ᠭᠡᠷᠡᠯ ᠰᠠᠴᠤᠷᠠᠩᠭ᠋ᠤᠢ ᠣᠯᠠ ᠮᠦᠷ ᠶᠢᠡᠨ ᠳᠤᠷᠠᠢ᠌ᠳᠠᠯ᠎ᠠ ᠳᠠᠮᠠᠭᠠᠯᠠᠵᠤ ᠴᠢᠳᠠᠭᠰᠠᠨ ᠦᠭᠡᠶ᠂ ᠦᠪᠡᠷ ᠤᠨ ᠦᠨᠳᠦᠰᠦᠳᠠᠨ ᠤ ᠣᠠᠴᠠᠭᠠᠢ ᠢᠮ ᠳᠡᠮᠳᠡᠭ᠌ ᠶᠢᠡᠨ ᠲᠦᠷᠦ ᠶᠢᠨ ᠪᠢᠴᠢᠭ᠌ ᠳᠡᠦᠭᠡ ᠶᠢᠨ ᠦᠪ ᠶᠢᠡᠷ ᠬᠣᠢ᠌ᠴᠢᠰ ᠲᠠᠭᠠᠨ ᠣᠯᠠᠮᠵᠢᠯᠠᠵᠤ ᠴᠤ ᠴᠢᠳᠠᠭᠰᠠᠨ ᠦᠭᠡᠶ ᠳᠡᠦᠭᠡ ᠶᠢᠨ ᠳᠠᠪᠴᠠᠩ ᠡᠴᠡ ᠭᠦᠭᠡᠭ᠍ᠳᠡᠭᠡᠤᠨ ᠪᠠᠭᠤᠴᠢᠬᠠᠯ᠎ᠠ︕ 《ᠳᠡᠦᠭᠡ ᠪᠣᠯ ᠬᠠᠷᠠᠰᠠᠯ ᠤᠨ ᠨᠢᠯᠪᠤᠰᠤ》 ᠭᠡᠳᠡᠭ᠌ ᠨᠢ ᠡᠨᠡ ᠪᠣᠶᠤ᠃

ᠾᠦᠩᠨᠦ ᠣᠯᠤᠰ ᠮᠥᠭᠦᠭ᠍ᠰᠡᠨ ᠪᠣᠯᠪᠠᠴᠤ ᠣᠭᠰᠠᠭ᠎ᠠ ᠨᠢ ᠪᠠᠯᠠᠷᠠᠭᠰᠠᠨ ᠦᠭᠡᠶ᠂ ᠬᠠᠨ ᠣᠯᠤᠰ ᠤᠨ ᠬᠤᠷᠴᠠ ᠵᠡᠪᠰᠡᠭ᠌ ᠤᠨ ᠵᠠᠪᠰᠠᠷ ᠶᠢᠡᠷ ᠰᠢᠷᠭᠤᠯᠤᠨ ᠳᠦᠩᠭᠡᠵᠢ ᠠᠮᠢ ᠮᠤᠯᠳᠠᠷᠠᠭᠰᠠᠨ ᠨᠢᠭᠡ ᠪᠦᠯᠦᠭ᠌ ᠾᠦᠩᠨᠦᠴᠤᠳ ᠶᠠᠳᠠᠷᠠᠵᠤ ᠳᠣᠢ᠌ᠯᠳᠠᠭᠰᠠᠨ ᠭᠦᠯᠦᠭ᠌ ᠶᠢᠡᠨ ᠳᠠᠰᠢᠭᠤᠷᠳᠠᠭᠰᠠᠨ ᠳᠡᠭᠡᠷ᠎ᠡ ᠳᠠᠰᠢᠭᠤᠷᠳᠠᠵᠤ᠂ ᠪᠠᠶᠠᠨ ᠵᠢᠯᠠᠭ᠎ᠠ ᠶᠢᠨ ᠲᠦᠩ ᠰᠢᠭᠤᠢ ᠳᠤ ᠳᠠᠯᠳᠠᠯᠠᠨ ᠪᠠᠶᠠᠨ ᠭᠤᠤᠯ ᠤᠨ ᠷᠠᠰᠢᠶᠠᠨ ᠶᠢᠡᠷ ᠰᠢᠷᠬ᠎ᠠ ᠪᠠᠨ ᠠᠨᠠᠭᠠᠵᠤ ᠦᠷ᠎ᠡ ᠦᠨᠳᠦᠰᠦ ᠵᠠᠯᠭᠠᠵᠤ ᠪᠢᠯᠠ᠃

《ᠰᠤᠶᠤᠯ ᠦᠭᠡᠶ ᠦᠨᠳᠦᠰᠦᠳᠠᠨ ᠳᠡᠦᠭᠡ ᠶᠢᠨ ᠳᠠᠪᠴᠠᠩ ᠳᠡᠭᠡᠷ᠎ᠡ ᠰᠠᠭᠤᠬᠤ ᠰᠠᠭᠤᠳᠠᠯ ᠶᠢᠡᠨ ᠣᠯᠬᠤ ᠦᠭᠡᠶ ᠶ‍ᠦᠮ》 ᠭᠡᠵᠤ ᠪᠠᠶᠠᠨ ᠭᠤᠤᠯ ᠣᠷᠳᠤᠬᠠᠨ ᠰᠡᠭᠦᠷᠡᠰᠦᠯᠡᠭᠡᠤᠨ ᠡᠷᠭᠢ ᠪᠠᠨ ᠳᠠᠯᠠᠰᠴᠤ ᠴᠠᠷᠴᠠᠨ ᠭᠦᠯᠳᠡᠪᠡ︕

ᠪᠠᠶᠠᠨ ᠭᠤᠤᠯ ᠤᠨ ᠡᠷᠭᠢᠴᠡᠭᠦᠯᠦᠯ ᠳᠤ᠂ ᠲ᠋ᠡᠯᠡᠭᠡᠢ ᠶᠢᠨ ᠳᠡᠦᠭᠡ ᠶᠢ ᠳᠦᠷᠭᠢᠭᠦᠯᠦᠭ᠍ᠰᠡᠨ ᠠᠷᠪᠠᠨ ᠭᠤᠷᠪᠠᠳᠤᠭᠠᠷ ᠵᠠᠭᠤᠨ ᠨᠢ ᠥᠴᠦᠭᠡᠳᠦᠷ ᠤᠨ ᠣᠴᠢᠷ ᠶᠤᠮ᠃ ᠠᠭᠳᠠ ᠶᠢᠨ ᠨᠢᠷᠤᠭᠤᠨ ᠳᠡᠭᠡᠷ᠎ᠡ ᠪᠠᠨ ᠳᠠᠷᠬᠠᠢ ᠪᠣᠳᠠᠷᠬᠠᠢ ᠠᠢ᠌ᠮᠠᠭ ᠶᠢᠡᠨ ᠬᠤᠷᠠᠯᠳᠤᠭᠤᠯᠤᠨ ᠠᠤᠠᠬᠤᠨ ᠵᠡᠪᠰᠡᠭ᠌ ᠶᠢᠡᠷ ᠶᠢᠡᠨ ᠠᠽᠢᠶ᠎ᠠ ᠧᠥᠷᠦᠫᠡ ᠶᠢ ᠳᠦᠪᠰᠢᠦᠡᠭᠡᠭ᠍ᠰᠡᠨ ᠴᠢᠩᠭᠢᠰ ᠬᠠᠭᠠᠨ᠂ ᠠᠯᠳᠠᠢ ᠢᠵᠠᠭᠤᠷ ᠤᠨ ᠭᠡᠯᠡᠳᠡᠨ ᠢ 《ᠮᠤᠩᠭ᠋ᠤᠯ》 ᠨᠠᠷᠠᠢ᠌ᠳᠤᠯ ᠶᠢᠡᠷ ᠳᠤᠪᠴᠢᠯᠠᠵᠤ᠂ ᠪᠣᠷᠵᠢᠭᠢᠨ ᠠᠢ᠌ᠮᠠᠭ ᠤᠨ ᠣᠭᠰᠠᠭ᠎ᠠ ᠵᠠᠯᠭᠠᠮᠵᠢ ᠶᠢ ᠳᠡᠮᠳᠡᠭᠯᠡᠭᠦᠯᠤᠨ 《ᠭᠦᠭᠡ ᠳᠠᠪᠳᠠᠷ》 ᠊ᠢ ᠳᠤᠭᠤᠷᠪᠢᠭᠰᠠᠨ ᠡᠴᠡ ᠮᠤᠩᠭ᠋ᠤᠯ ᠤᠨ ᠬᠠᠮᠤᠭ ᠠᠩᠬᠠᠨ ᠤ ᠳᠡᠦᠭᠡ ᠮᠡᠡᠳᠦᠯᠡᠵᠡᠢ᠃ ᠡᠨᠡ ᠴᠠᠭ ᠦᠶ᠎ᠡ ᠡᠴᠡ ᠡᠭᠢᠯᠡᠨ ᠮᠤᠩᠭ᠋ᠤᠯ ᠤᠨ ᠬᠠᠭᠠᠤᠨ ᠥᠰᠦᠭ᠌ ᠪᠢᠴᠢᠭ᠌ ᠤᠨ ᠭᠡᠷᠡᠭ᠍ᠴᠡᠭᠡ ᠶᠢ ᠣᠬᠠᠮᠰᠠᠷᠠᠵᠤ᠂ ᠦᠪᠡᠷ ᠶᠢᠡᠨ ᠥᠰᠦᠭ᠌ ᠪᠢᠴᠢᠭ᠌ ᠦᠭᠡᠶ ᠪᠣᠯ 《ᠭᠠᠠᠵᠤᠭ᠎ᠠ ᠲ᠋ᠠᠳᠠᠭᠤ》 ᠪᠠᠨ ᠮᠡᠳᠡᠭ᠍ᠰᠡᠨ ᠪᠣᠯᠪᠠᠴᠤ ᠬᠠᠷᠠᠴᠤ ᠠᠯᠪᠠᠳᠤ ᠪᠠᠨ ᠨᠠᠢ᠌ᠳᠠᠮ ᠰᠤᠶᠤᠯᠵᠢᠭᠤᠯᠬᠤ ᠶᠢᠨ ᠠᠴᠢ ᠬᠤᠯᠪᠣᠭᠳᠠᠯ ᠢ ᠪᠣᠳᠤᠵᠤ ᠣᠯᠤᠭᠰᠠᠨ ᠦᠭᠡᠶ ᠶᠡᠪᠦᠵᠡᠢ᠃ ᠡᠭᠦᠨ ᠤ ᠳ᠋ᠦ᠋ᠩ ᠳᠤ᠂ ᠥᠰᠦᠭ᠌ ᠪᠢᠴᠢᠭ᠌ ᠤᠨ ᠣᠷᠤᠯᠳᠤᠯᠭ᠎ᠠ ᠨᠢ ᠵᠥᠪᠭᠡᠨ ᠨᠤᠶᠠᠷᠬᠠᠭᠴᠢ ᠠᠩᠭᠢ ᠶᠢᠨ ᠡᠪᠦᠷ ᠳᠠᠭᠢ 《ᠨᠢᠭᠤᠴᠠ ᠳᠡᠮᠳᠡᠭᠯᠡᠯ》 ᠪᠤᠯᠤᠭᠰᠡᠨ ᠪᠠᠢ᠌ᠨ᠎ᠡ᠃ ᠡᠨᠡ ᠣᠳᠠᠭᠠᠨ ᠤ ᠦᠪᠡᠷ ᠤᠨ ᠳᠡᠦᠭᠡ ᠪᠠᠨ ᠳᠤᠳᠤᠷᠠᠭᠤᠯᠬᠤ ᠭᠡᠰᠡᠨ ᠴᠢᠷᠮᠠᠢ᠌ᠯᠭ᠎ᠠ ᠨᠢ ᠵᠥᠪᠭᠡᠨ ᠠᠮᠠᠨ ᠣᠯᠠᠮᠵᠢᠯᠠᠯ ᠪᠠ ᠳᠤᠮᠤᠭ ᠥᠯᠢᠭᠡᠷ ᠲᠤ ᠳᠦᠰᠢᠭᠯᠡᠨ ᠪᠣᠰᠤᠳ ᠦᠨᠳᠦᠰᠦᠳᠠᠨ ᠤ ᠳᠡᠦᠭᠡᠨ ᠮᠠᠲ᠋ᠸᠷᠢᠶᠠᠯ ᠡᠴᠡ ᠡᠰᠢᠯᠡᠵᠤ ᠪᠠᠢ᠌ᠭᠠᠤᠨ ᠳᠣᠢ᠌ᠯ ᠤᠨ ᠶᠡᠭᠡ ᠭᠦᠴᠢᠷᠳᠡᠯ ᠤᠨ ᠳᠤᠤᠷ᠎ᠠ ᠶᠠᠪᠣᠭᠳᠠᠭᠰᠠᠨ ᠶ‍ᠦᠮ᠃ ᠢᠩᠭᠢᠭᠡᠤᠨ ᠶ‍ᠢᠰᠦᠭᠡᠢ ᠪᠠᠭᠠᠳᠤᠷ ᠡᠴᠡ ᠳᠡᠭᠡᠭ᠍ᠰᠢ ᠪᠦᠷᠳᠡ ᠴᠢᠨ᠋ᠸ᠎ᠠ ᠭᠦᠷᠳᠡᠯᠡᠭᠢ ᠳᠦᠷᠪᠡᠨ ᠵᠠᠭᠤ ᠭᠠᠷᠤᠢ ᠵᠢᠯ ᠤᠨ ᠳᠡᠦᠭᠡ ᠶᠢ ᠰᠡᠷᠭᠦᠭᠡᠭ᠍ᠰᠡᠨ ᠪᠤᠯᠪᠠᠴᠤ᠂ ᠪᠦᠷᠳᠡ ᠴᠢᠨ᠋ᠸ᠎ᠠ ᠡᠴᠡ ᠾᠦᠩᠨᠦ ᠶᠢᠨ ᠦᠶ᠎ᠡ ᠭᠦᠷᠳᠡᠯᠡᠭᠢ ᠮᠢᠩᠭ᠋᠎ᠠ ᠢᠯᠡᠭᠦᠤ ᠵᠢᠯ ᠤᠨ ᠳᠡᠦᠭᠡ ᠶᠢ ᠴᠠᠭᠠᠨ ᠬᠠᠭᠤᠳᠠᠰᠤ ᠳᠤᠰᠢᠶᠠᠬᠤ ᠡᠴᠡ ᠥᠭᠡᠷ᠎ᠡ ᠠᠷᠭ᠎ᠠ ᠦᠭᠡᠶ ᠳᠤᠯᠤᠭᠠᠢ ᠪᠠᠨ ᠮᠠᠭᠠᠵᠢᠭᠠᠤᠨ ᠣᠬᠤᠷᠢᠨ ᠰᠡᠭᠤᠵᠡᠢ᠃ ᠭᠡᠳᠡᠯ᠎ᠡ ᠪᠦᠷᠳᠡ ᠴᠢᠨ᠋ᠸ᠎ᠠ ᠪᠣᠯ ᠮᠤᠩᠭ᠋ᠤᠯ ᠦᠨᠳᠦᠰᠦᠳᠠᠨ ᠤ ᠬᠠᠮᠤᠭ ᠠᠩᠬᠠᠨ ᠤ ᠳᠡᠭᠡᠳᠦᠰ ᠪᠢᠰᠢ ᠪᠦᠭᠡᠤᠨ᠂ ᠤᠭᠰᠡᠭᠠᠳᠡᠨ ᠤ ᠳᠡᠦᠭᠡ ᠬᠠᠢ᠌ᠯᠤᠭᠰᠠᠨ ᠣᠷᠳᠤ ᠶᠢᠨ ᠳᠠᠭᠤᠨ ᠤ ᠳᠦᠷᠢᠯᠭᠡ᠂ ᠤᠬᠠᠭᠠᠡᠳᠤ ᠪᠣᠭᠤᠷᠤᠯ ᠤᠨ ᠰᠡᠢ᠌ᠭᠡᠭᠦᠯᠦᠭ᠍ᠰᠡᠨ ᠨᠡᠭᠦᠳᠡᠯ ᠤᠨ ᠬᠠᠰᠠᠭ ᠤᠨ ᠭᠢᠬᠤᠨᠠᠳᠠᠯ ᠨᠢ ᠣᠤᠯ ᠭᠡᠪ ᠶᠢᠡᠷ ᠪᠣᠰᠤᠳ ᠦᠨᠳᠦᠰᠦᠳᠠᠨ ᠤ ᠳᠡᠦᠭᠡᠨ ᠳᠤ ᠳᠡᠮᠳᠡᠭᠯᠡᠭᠡᠰᠦᠳᠡᠢ ᠬᠠᠷᠠᠭᠳᠡᠨ᠎ᠡ᠃ ᠥᠪᠠᠷ ᠶᠢᠡᠨ ᠥᠰᠦᠭ᠌ ᠪᠢᠴᠢᠭ᠌ ᠦᠭᠡᠶ ᠶᠤᠮ ᠴᠢᠨᠢ ᠬᠤᠭᠢ ᠨᠢ ᠳᠠᠷᠠ ᠭᠡᠵᠤ ᠭᠡᠯᠡᠭᠦ ᠦᠤ ᠳ᠋ᠡ᠃ ᠨᠢᠭᠡ ᠦᠨᠳᠦᠰᠦᠳᠠᠨ ᠤ ᠠᠯᠳᠠᠭ᠎ᠠ ᠨᠢ ᠳᠡᠦᠭᠡᠨ ᠳᠤ ᠨᠥᠭᠦᠰᠢ ᠦᠭᠡᠶ ᠬᠤᠭᠢᠷᠠᠯ ᠬᠠᠷᠠᠮᠰᠠᠯ ᠣᠴᠠᠷᠠᠭᠤᠯᠳᠠᠭ ᠶᠤᠮ ᠪᠠᠢ᠌ᠨ᠎ᠠ᠃

ᠾᠦᠩᠨᠦ ᠶᠢᠨ ᠵᠠᠰᠠᠭ ᠵᠠᠳᠠᠷᠠᠭᠰᠠᠨ ᠤ ᠳᠠᠷᠠᠭ᠎ᠠ᠂ ᠰᠢᠶᠠᠠᠪᠢ (ᠰᠢᠪᠠᠭᠡ) ᠂ ᠷᠸᠤ ᠷᠠᠨ᠂ ᠲ᠋ᠦᠷᠺ᠂ ᠾᠤᠢ᠌ ᠬᠤ ᠵᠡᠷᠭᠡ ᠴᠥᠭᠡᠨ ᠳᠤᠭᠠᠳᠤ ᠦᠨᠳᠦᠰᠦᠳᠠᠨ ᠣᠷᠢᠳ ᠬᠤᠵᠢᠳ ᠭᠤᠪᠢ ᠶᠢᠨ ᠡᠮᠦᠨ᠎ᠡ ᠣᠮᠠᠷ᠎ᠠ ᠶᠢ ᠵᠠᠭᠢᠷᠴᠤ ᠪᠣᠭᠤᠯ ᠡᠵᠡᠮᠰᠢᠭ᠍ᠴᠢ ᠨᠡᠢ᠌ᠭᠡᠮ ᠢ ᠪᠠᠢ᠌ᠭᠤᠯᠵᠤ ᠥᠩᠭᠡᠷᠡᠵᠡᠢ᠃ ᠭᠡᠪᠠᠴᠤ ᠳᠠᠳᠠ ᠵᠥᠪᠭᠡᠨ ᠵᠡᠪᠰᠡᠭ᠌ ᠳᠠᠯᠠᠢ᠌ᠵᠤ ᠵᠠᠰᠠᠭ ᠶᠠᠪᠣᠭᠤᠯᠤᠭᠰᠠᠨ ᠡᠴᠡ ᠪᠢᠰᠢ᠂ ᠰᠤᠶᠤᠯ ᠭᠡᠭᠡᠷᠡᠯ ᠶᠢᠡᠷ ᠲᠦᠷᠦ ᠵᠠᠰᠠᠵᠤ ᠴᠢᠳᠠᠭᠰᠠᠨ ᠦᠭᠡᠶ ᠡᠴᠡ ᠮᠦᠨ ᠯᠠ ᠰᠤᠯᠢᠷ ᠣᠳᠤᠨ ᠰᠢᠭ ᠊ᠭ᠍ᠱᠡᠨ᠎ᠡ ᠭᠡᠷᠡᠯᠳᠦᠭᠡᠤᠨ ᠬᠠᠯᠢᠴᠢᠬᠠᠯ᠎ᠠ᠃

ᠠᠷᠪᠠᠳᠤᠭᠠᠷ ᠵᠠᠭᠤᠨ ᠡᠴᠡ ᠠᠷᠪᠠᠨ ᠭᠤᠷᠪᠠᠳᠤᠭᠠᠷ ᠵᠠᠭᠤᠨ ᠤ ᠡᠭᠢᠨ ᠪᠣᠯᠳᠠᠯ᠎ᠠ ᠭᠢᠳᠠᠨ ᠪᠠ ᠵᠦᠷᠴᠢᠠᠴᠤᠳ ᠭᠡᠳᠡᠰᠭᠢᠨ ᠪᠣᠰᠴᠤ᠂ ᠪᠣᠰᠤᠳ ᠤᠨ ᠰᠤᠶᠤᠯ ᠢ ᠪᠠᠬᠠᠷᠤᠨ ᠶᠡᠭᠡᠯ᠎ᠡ ᠭᠡᠪ ᠨᠠᠮᠪᠠ ᠲᠡᠶ ᠦᠪᠡᠷ ᠤᠨ ᠭᠡᠮᠡᠷ ᠥᠰᠦᠭ᠌ ᠪᠢᠴᠢᠭ᠌ ᠵᠤᠬᠢᠶᠠᠵᠤ᠂ ᠴᠠᠭᠠᠨ ᠭᠡᠷᠡᠮ ᠢ ᠠᠯᠬᠤᠵᠤ ᠭᠠᠷᠤᠭᠠᠤᠨ ᠳᠤᠮᠳᠠᠳᠤ ᠣᠷᠤᠨ ᠳᠤ ᠰᠤᠶᠤᠯ ᠤᠨ ᠦᠷ᠎ᠡ ᠪᠠᠨ ᠰᠠᠴᠤᠭᠰᠠᠨ ᠪᠣᠯᠪᠠᠴᠤ᠂ ᠠᠷᠠᠴᠢᠯᠠᠭ᠎ᠠ ᠳᠤᠳᠤᠮᠳᠠᠯᠭ᠎ᠠ ᠬᠤᠮᠰᠠᠳᠠᠭᠰᠠᠨ ᠰᠢᠯᠳᠠᠭᠠᠨ ᠶᠢᠡᠷ ᠪᠣᠰᠤᠳ ᠤᠨ ᠰᠤᠶᠤᠯ ᠤᠨ ᠭᠦᠷᠦᠰᠤᠨ ᠳᠤ ᠰᠤᠶᠤᠭᠠᠯᠠᠵᠤ ᠴᠢᠳᠠᠭᠰᠠᠨ ᠥᠭᠡᠢ 《ᠬᠠᠳᠠᠴᠢᠬᠠᠯ᠎ᠠ》 ᠃ ᠠᠷᠪᠠᠨ ᠭᠤᠷᠪᠠᠳᠤᠭᠠᠷ ᠵᠠᠭᠤᠨ ᠪᠣᠯᠬᠤ ᠳᠤ᠂ ᠴᠢᠩᠭᠢᠰ ᠤᠨ ᠦᠷᠡᠰ ᠠᠽᠢᠶ᠎ᠠ ᠧᠥᠷᠦᠫᠡ ᠶᠢ ᠭᠡᠰᠡᠭᠯᠡᠨ ᠦᠮᠴᠢᠯᠠᠵᠤ᠂ ᠲ᠋ᠠᠠᠳᠠᠭᠢ ᠭᠦᠮᠤᠨ ᠶᠢᠡᠷ ᠨᠢ ᠲ᠋ᠠᠠᠳᠠᠭᠢ 《ᠣᠷᠭᠤᠮᠠᠯ》 ᠊ᠢ ᠨᠢ ᠳᠠᠷᠢᠭᠤᠯᠤᠭᠰᠠᠨ ᠡᠴᠡ ᠪᠢᠰᠢ ᠮᠤᠩᠭ᠋ᠤᠯ ᠰᠤᠶᠤᠯ ᠵᠢᠡᠨ 《ᠥᠡᠳᠦᠰᠦᠯᠡᠭᠦᠯᠵᠤ》 ᠴᠢᠳᠡᠭᠰᠡᠨ ᠦᠭᠡᠶ ᠪᠠᠢ᠌ᠵᠠᠢ᠃ ᠬᠤᠪᠢᠯᠠᠢ ᠪᠤᠭᠤᠮᠳᠠᠨ᠎ᠠ ᠣᠷᠤᠭᠠᠤᠨ ᠭᠡᠳᠤᠨ ᠦᠶ᠎ᠡ ᠡᠵᠡᠩᠨᠡᠭ᠍ᠰᠡᠨ ᠴᠤ ᠬᠤᠷᠢᠶᠠᠯᠳᠠ ᠮᠠᠭᠤᠳᠠᠢ ᠣᠬᠤᠷᠢᠵᠤ ᠭᠠᠷᠤᠭᠠᠤᠨ ᠬᠠᠭᠠᠴᠠᠯ ᠭᠤᠨᠢᠶᠠᠯ ᠤᠨ ᠭᠤᠨᠢᠭᠳᠤ ᠳᠠᠭᠤᠤ ᠪᠠᠨ ᠠᠶᠠᠯᠤᠭᠰᠠᠭᠠᠷ ᠵᠥᠭ᠌ ᠵᠥᠭ᠌ ᠳᠦᠷᠪᠡᠨ ᠪᠣᠳᠠᠷᠠᠵᠤ ᠭᠡᠰᠡᠭᠯᠡᠨ ᠳᠠᠢ᠌ᠳᠤᠭᠰᠠᠨ ᠪᠠᠢ᠌ᠨ᠎ᠠ᠃ ᠲ᠋ᠠᠢ᠌ᠠᠴᠢ ᠣᠭᠰᠠᠭ᠎ᠠ ᠪᠠᠷ ᠶᠢᠡᠨ ᠠᠯᠳᠠᠷᠰᠢᠭᠰᠠᠨ ᠮᠤᠩᠭ᠋ᠤᠯᠴᠤᠳ ᠪᠦᠮᠪᠦᠷᠴᠡᠭ᠌ ᠤᠨ ᠭᠦᠷᠦᠰᠤᠨ ᠳᠤ ᠭᠦᠡᠳᠡᠯᠡᠨ ᠭᠤᠤᠯᠳᠤ ᠰᠢᠪᠳᠤᠯᠵᠤ ᠶᠠᠪᠣᠬᠤ ᠳᠠᠭᠠᠨ ᠶᠠᠷᠤᠨᠢ ᠡᠪᠦᠳᠦᠭ᠌ ᠰᠥᠭᠦᠷᠡᠵᠤ ᠥᠵᠡᠭᠡᠳᠦᠢ ᠪᠠᠢ᠌ᠳᠠᠯ᠎ᠠ ᠪᠠᠨ ᠠᠷᠪᠠᠨ ᠳᠤᠯᠤᠳᠤᠭᠠᠷ ᠵᠠᠭᠤᠨ ᠪᠣᠯᠵᠤ᠂ ᠮᠠᠠᠵᠤ ᠶᠢᠨ 《ᠰᠢᠷ᠎ᠠ ᠴᠠᠯᠮ᠎ᠠ》 ᠳᠤ ᠭᠦᠯᠢᠭ᠍ᠳᠡᠭᠡᠤᠨ ᠰᠠ‍‌ᠶᠢ ᠨᠢᠭᠡ ᠨᠤᠮᠬᠠᠷᠠᠵᠤ ᠪᠢᠯᠡ᠃ ᠡᠨᠡ ᠴᠠᠭ ᠡᠴᠡ ᠬᠣᠢ᠌ᠰᠢ 《ᠨᠤᠭᠳᠤ ᠭᠢᠯᠭᠡᠵᠤ ᠥᠵᠡᠭᠡ ᠦᠭᠡᠶ ᠠᠷᠳᠠᠭ ᠣᠩᠭ᠋ᠤᠨ ᠭᠦᠯᠦᠭ᠌ ᠴᠢᠨᠢ ᠰᠦᠮ᠎ᠡ ᠶᠢᠨ ᠭᠤᠷᠤᠭᠠᠨ ᠤ ᠳᠡᠭᠡᠷᠡᠮ᠎ᠡ ᠵᠢᠦᠡᠭᠦᠳᠡᠭ᠌ ᠡᠯᠵᠢᠭᠡ ᠪᠣᠯᠤᠭᠠᠤᠨ ᠬᠤᠪᠢᠷᠠᠴᠢᠬᠠᠵᠠᠢ》 ᠃ ᠢᠩᠭᠢᠭᠡᠤᠨ ᠨᠡᠭᠦᠳᠡᠯᠴᠢᠨ ᠣᠭᠰᠠᠭᠠᠳᠠᠨ ᠤ ᠮᠢᠨᠢ 《ᠴᠦᠪ ᠤᠨ ᠴᠠᠭ》 ᠡᠭᠢᠯᠡᠵᠤ ᠳᠤᠭᠤᠯᠤᠭᠠᠤᠨ ᠪᠠᠷᠠᠬᠤ ᠦᠭᠡᠶ ᠳᠠᠮᠤ ᠶᠢᠨ ᠠᠶᠠᠨ ᠶᠢᠡᠨ ᠭᠦᠭᠡᠭᠡᠵᠤ᠂ ᠬᠠᠷᠢ ᠠᠢ᠌ᠮᠠᠭ ᠤᠨ ᠬᠠᠷᠭᠢᠰ ᠳᠠᠷᠤᠯᠠᠯ ᠳᠤᠤᠷ᠎ᠠ ᠳᠠᠩᠰᠢᠨ ᠵᠦᠳᠠᠷᠠᠵᠤ ᠶᠠᠪᠣᠬᠤ ᠳ᠋ᠠᠭᠠᠨ 《ᠰᠤᠶᠤᠭ᠎ᠠ ᠶᠢ ᠮᠢᠨᠢ ᠠᠪᠣᠪᠠᠯ ᠠᠪᠣᠭ᠂ ᠰᠤᠶᠤᠯ ᠤᠨ ᠦᠨᠳᠦᠰᠦ ᠶᠢ ᠪᠣᠤ ᠯᠠ ᠳᠡᠰᠦᠯᠠᠭ》 ᠭᠡᠤᠨ ᠡᠷᠭᠢᠮᠨᠡᠨ ᠨᠠᠠᠳᠢᠩᠨᠠᠭᠰᠠᠨ ᠤ ᠠᠴᠢ ᠪᠠᠷ᠂ ᠮᠤᠩᠭ᠋ᠤᠯ ᠰᠤᠶᠤᠯ ᠤᠨ ᠮᠢᠨᠢ ᠦᠨᠳᠦᠰᠦ ᠨᠢ ᠳᠠᠰᠤᠷᠠᠭᠰᠠᠨ ᠦᠭᠡᠶ᠂ ᠭᠤᠪᠢ ᠶᠢᠨ ᠡᠮᠦᠨ᠎ᠡ ᠣᠮᠠᠷ᠎ᠠ ᠥᠷᠭᠡᠨ ᠠᠭᠤᠳᠠᠮ ᠮᠤᠩᠭ᠋ᠤᠯ ᠤᠨ ᠥᠡᠳᠦᠷᠯᠢᠭ᠌ ᠳᠡᠭᠡᠷ᠎ᠡ ᠭᠠᠵᠠᠷ ᠰᠠᠢ ᠦᠭᠡᠶ ᠬᠤᠷ ᠣᠷᠭᠤᠨ ᠴᠡᠴᠡᠭᠯᠡᠨ ᠪᠣᠳᠠᠯᠠᠵᠤ᠂ ᠰᠤᠶᠤᠯᠳᠤ ᠭᠦᠷᠤᠨ ᠤ ᠭᠢᠯᠪᠠᠭᠠᠳᠤ ᠴᠠᠭ ᠦᠶ᠎ᠡ ᠶᠢ ᠣᠭᠳᠤᠵᠤ ᠠᠪᠴᠢᠷᠠᠭᠰᠠᠨ ᠪᠠᠢ᠌ᠨ᠎ᠠ᠃

1139 ᠣᠨ ᠳᠤ᠂ ᠠᠯᠳᠠᠨ ᠣᠯᠤᠰ ᠤᠨ ᠱᠢᠽᠤᠩ ᠬᠠᠭᠠᠨ ᠮᠤᠩᠭ᠋ᠤᠯ ᠤᠨ ᠠᠭᠳᠠ ᠶᠢ ᠬᠠᠰᠢᠬᠤ ᠪᠠᠷ ᠭᠢᠯᠢ ᠶᠢᠨ ᠰᠡᠷᠭᠡᠢ᠌ᠯᠡᠯᠳᠡ ᠶᠢᠨ ᠭᠡᠷᠡᠮ ᠪᠠᠷᠢᠵᠤ ᠡᠭᠢᠯᠡᠭᠡᠤᠨ᠂ ᠭᠤᠷᠪᠠᠨ ᠦᠶ᠎ᠡ ᠶᠢᠨ ᠬᠠᠭᠠᠨ ᠵᠢᠷᠠᠨ ᠨᠢᠭᠡᠨ ᠵᠢᠯ ᠤᠨ ᠬᠤᠭᠤᠴᠠᠭ᠎ᠠ ᠭᠡᠷᠡᠭᠯᠡᠵᠤ ᠪᠠᠢ᠌ᠮᠠᠨ ᠣᠳᠠᠰᠤᠨ ᠭᠡᠷᠡᠮ ᠢ ᠪᠠᠷᠢᠵᠤ ᠪᠦᠳᠦᠭᠡᠪᠡ᠃ ᠡᠨᠡ ᠭᠡᠷᠡᠮ ᠭᠦᠯᠤᠨ ᠪᠣᠢ᠌ᠷ ᠠᠢ᠌ᠮᠠᠭ ᠤᠨ ᠮᠤᠷᠢᠠᠳᠠᠪᠠᠭ᠎ᠠ ᠳᠠᠭᠤᠷ ᠦᠨᠳᠦᠰᠦᠳᠠᠨ ᠤ ᠥᠪᠠᠷᠳᠡᠭᠡᠨ ᠵᠠᠰᠠᠬᠤ ᠬᠤᠰᠢᠭᠤᠨ ᠡᠴᠡ ᠬᠦᠬᠡᠬᠤᠲᠠ ᠶᠢᠨ ᠠᠷᠤ ᠳ᠋ᠠᠭᠢ ᠳᠠᠯᠠᠨ ᠬᠠᠷ᠎ᠠ ᠠᠭᠤᠯᠠ ᠭᠦᠷᠳᠡᠯ᠎ᠡ ᠭᠤᠷᠪᠠᠨ ᠮᠢᠩᠭ᠋᠎ᠠ ᠢᠯᠡᠭᠦᠤ ᠭᠠᠵᠠᠷ ᠣᠷᠳᠤ ᠪᠠᠢ᠌ᠵᠤ᠂ ᠪᠠᠶᠠᠨ ᠵᠢᠯᠠᠭ᠎ᠠ ᠶᠢ ᠳᠤᠮᠳᠠᠭᠤᠷ ᠨᠢ ᠣᠭᠳᠤᠯᠤᠨ᠂ ᠪᠠᠶᠠᠨ ᠭᠤᠤᠯ ᠳᠤ ᠰᠢᠪᠠᠭᠡᠨ ᠬᠠᠰᠢᠯᠭ᠎ᠠ ᠭᠢᠭ᠍ᠰᠡᠨ ᠪᠠᠢ᠌ᠯ᠎ᠠ᠃ ᠪᠣᠮ ᠰᠠᠶ᠎ᠠ ᠴᠡᠷᠢᠭ᠌ ᠠᠷᠠᠤᠨ ᠤᠨ ᠵᠢᠷᠠᠨ ᠵᠢᠯ ᠤᠨ ᠭᠡᠷᠡᠮ ᠪᠠᠷᠢᠬᠤ ᠳᠠᠪᠵᠢᠶᠠᠨ ᠳᠤ ᠪᠠᠶᠠᠨ ᠵᠢᠯᠠᠭ᠎ᠠ ᠶᠢᠨ ᠡᠪᠠᠰᠤ ᠮᠤᠳᠤ ᠭᠢᠰᠭᠢᠯᠡᠭ᠍ᠳᠡᠨ ᠬᠦᠪᠭᠡᠢ᠌ᠷᠡᠵᠤ᠂ ᠭᠦᠷᠦᠰᠤ ᠰᠢᠷᠤᠢ ᠨᠢ ᠭᠦᠡᠳᠤ ᠰᠥᠷᠡᠭᠡᠢ ᠢᠳᠡᠭ᠍ᠳᠡᠭ᠍ᠰᠡᠨ ᠢ ᠪᠠᠶᠠᠨ ᠭᠤᠤᠯ ᠤᠨ ᠳᠤᠭᠠᠯᠠᠰᠢ ᠦᠭᠡᠶ ᠣᠯᠠᠨ ᠥᠭᠡᠷ ᠴᠢᠯᠠᠭᠤ ᠭᠡᠷᠡᠴᠢᠯᠡᠨ᠎ᠡ᠃ ᠡᠨᠡ ᠭᠡᠷᠡᠮ ᠢ ᠬᠤᠶᠠᠷ ᠳᠠᠪᠬᠤᠷ ᠴᠤᠭᠴᠠᠯᠠᠵᠤ᠂ ᠵᠠᠪᠰᠠᠷ ᠳᠤᠨᠢ ᠴᠡᠷᠢᠭ᠌ ᠪᠦᠭ‍ᠬᠦᠵᠤ ᠠᠮᠤ ᠨᠥᠭᠡᠴᠡᠯᠡᠭᠦ ᠳᠤ ᠬᠠᠪᠣᠳᠠᠢ ᠳᠦᠰᠦᠪᠯᠡᠭ᠍ᠰᠡᠨ ᠪᠠᠷ ᠰᠠᠭᠢᠬᠤ ᠳᠤ ᠠᠮᠠᠷ ᠡᠪᠳᠡᠭᠦ ᠳᠤ ᠭᠦᠴᠢᠷᠳᠡᠢ ᠳᠠᠢ᠌ᠨ ᠤ ᠪᠠᠭᠢᠯᠠᠯᠳᠠ ᠪᠣᠯᠤᠭᠰᠠᠨ ᠪᠠᠢ᠌ᠵᠠᠢ᠃ ᠠᠷᠠᠤᠨ ᠣᠯᠠᠨ ᠤ ᠵᠢᠷᠠᠨ ᠵᠢᠯ ᠤᠨ ᠭᠦᠴᠤ ᠭᠦᠯᠦᠰᠤ ᠳᠦᠩᠭᠡᠵᠢ ᠭᠤᠴᠢᠨ ᠵᠢᠯ ᠳᠠᠰᠴᠤ᠂ 1235 ᠣᠨ ᠳᠤ ᠬᠤᠪᠢᠯᠠᠢ ᠬᠭᠠᠨ ᠤ ᠬᠤᠪᠢᠯᠭᠠᠨ ᠠᠭᠳᠠ ᠶᠢᠨ ᠳᠤᠭᠤᠷᠠᠢ ᠪᠠᠷ ᠳᠠᠯᠭᠢᠭᠤᠯᠵᠤ ᠨᠢᠭᠡ ᠯᠠ ᠊ᠭ᠍ᠱᠡᠨ ᠳᠤ ᠶᠡᠭᠦᠷᠡᠴᠢᠭᠡᠵᠡᠢ᠃ ᠵᠢᠷᠡᠨ ᠵᠢᠯ ᠤᠨ ᠠᠰᠤᠷᠤ ᠭᠦᠳᠡᠯᠮᠦᠷᠢ ᠪᠠᠷ ᠪᠦᠳᠦᠭ᠍ᠰᠡᠨ ᠠᠤᠭ᠎ᠠ ᠪᠠᠷᠢᠯᠭ᠎ᠠ ᠭᠠᠭᠴᠠᠬᠠᠨ ᠳᠠᠪᠳᠠᠷ ᠤᠨ ᠭᠢᠷᠢ ᠥᠷᠳᠡᠭ᠌ ᠦᠭᠡᠶ ᠭᠦᠷᠪᠠᠢ᠌ᠭ᠍ᠰᠡᠨ ᠵᠣ᠋ ᠪᠣᠯᠤᠨ ᠬᠤᠴᠤᠷᠬᠤ ᠳᠤ᠂ ᠪᠠᠶᠠᠨ ᠭᠤᠤᠯ ᠮᠢᠨᠢ ᠬᠠᠷᠠᠮᠰᠠᠯ ᠭᠤᠮᠤᠷᠬᠠᠯ ᠤᠨ ᠨᠢᠯᠪᠣᠰᠤ ᠪᠠᠷ ᠪᠣᠯᠤᠩ ᠳᠤᠬᠤᠢ ᠪᠠᠨ ᠮᠡᠯᠳᠡᠯᠵᠡᠭᠦᠯᠦᠭ᠍ᠰᠡᠨ ᠪᠦᠭᠡᠤᠨ᠂ ᠬᠤᠪᠢᠰᠴᠤ ᠣᠯᠠᠷᠢᠬᠤ ᠬᠠᠭᠠᠤᠨ ᠤᠨ ᠳᠠᠷᠴᠤᠭ ᠬᠤᠰᠤ ᠣᠯᠢᠶᠠᠰᠤᠨ ᠤ ᠬᠠᠳᠠᠭᠰᠠᠨ ᠨᠠᠪᠴᠢ ᠰᠢᠭ ᠴᠠᠭ ᠤᠨ ᠣᠷᠤᠰᠬᠠᠯ ᠳᠤ ᠣᠷᠤᠰᠤᠨ ᠳᠤᠨᠢᠯᠬᠤ ᠶᠢ ᠮᠥᠯᠢᠭᠡᠷ ᠣᠰᠤ ᠭᠦᠯᠢᠭᠡᠷ ᠴᠢᠯᠠᠭᠤᠨ ᠳᠠᠭᠠᠨ ᠳᠡᠮᠳᠡᠭᠯᠡᠵᠤ ᠠᠪᠣᠭᠰᠠᠨ ᠪᠠᠢ᠌ᠯ᠎ᠠ ᠃

ᠠᠯᠳᠠᠨ ᠣᠯᠤᠰ ᠤᠨ ᠳᠡᠢ᠌ᠯᠦᠭ᠍ᠳᠡᠭ᠍ᠰᠡᠨ ᠴᠡᠷᠢᠭ᠌ ᠪᠠᠶᠠᠨ ᠭᠤᠤᠯ ᠢ ᠣᠷᠤᠭᠤᠳᠠᠨ ᠪᠣᠳᠠᠷᠠᠨ ᠳᠦᠷᠪᠡᠵᠤ ᠭᠠᠷᠤᠭᠰᠠᠨ ᠡᠴᠡ ᠬᠣᠢ᠌ᠰᠢ ᠬᠤᠷᠢᠳᠤᠭᠠᠷ ᠵᠠᠭᠤᠨ ᠤ ᠡᠭᠢᠨ ᠪᠣᠯᠳᠠᠯᠠᠭᠢ ᠳᠤᠯᠤᠭᠠᠨ ᠵᠠᠭᠤᠨ ᠵᠢᠯ ᠤᠨ ᠬᠤᠭᠤᠴᠠᠭᠠᠨ ᠳᠤ᠂ ᠪᠠᠶᠠᠨ ᠵᠢᠯᠠᠭ᠎ᠠ ᠭᠦᠮᠤᠨ ᠤ ᠪᠠᠷ᠎ᠠ ᠳᠠᠰᠤᠷᠠᠵᠤ ᠠᠷᠢᠶᠠᠳᠠᠨ ᠤ ᠮᠦᠷ ᠣᠯᠠᠰᠢᠷᠠᠭᠠᠤᠨ᠂ ᠣᠷᠭᠤᠮᠠᠯ ᠬᠤᠴᠢᠯᠭ᠎ᠠ ᠳᠠᠭᠢᠨ ᠰᠡᠷᠭᠦᠵᠤ ᠣᠢ ᠰᠢᠭᠤᠢ ᠢᠭᠴᠤᠤᠷᠠᠨ ᠡᠪᠠᠰᠤ ᠦᠯᠦᠩ ᠭᠦᠭᠯᠡᠷᠡᠭ᠍ᠰᠡᠨ ᠪᠠᠢ᠌ᠨ᠎ᠠ᠃

ᠬᠤᠷᠢᠳᠤᠭᠠᠷ ᠵᠠᠭᠤᠨ ᠤ ᠡᠭᠢᠨ ᠳᠤ᠂ ᠬᠠᠷᠢ ᠶᠢᠨ ᠺᠤᠯᠤᠨᠢᠴᠢᠯᠠᠭᠴᠢᠳ ᠤᠨ ᠫᠣᠤ ᠶᠢᠨ ᠳᠠᠭᠤᠨ ᠮᠠᠠᠵᠤ ᠭᠦᠷᠤᠨ ᠤ ᠮᠥᠭᠦᠯ ᠤᠨ ᠠᠶᠠᠰ ᠢ ᠭᠦᠭ᠍ᠵᠢᠮᠳᠡᠪᠡ᠃ ᠡᠨᠡ ᠴᠠᠭ ᠡᠴᠡ ᠡᠭᠢᠯᠡᠨ ᠳᠤᠮᠳᠠᠳᠤ ᠣᠯᠤᠰ ᠤᠨ ᠬᠠᠷᠠᠩᠭ᠋ᠤᠢ ᠭᠦᠰᠢᠭᠡ ᠰᠡᠭᠦᠭ᠍ᠳᠡᠵᠤ᠂ ᠭᠠᠳᠠᠭᠠᠳᠤ ᠶᠢᠨ ᠳᠦᠷᠢᠮᠡᠭᠡᠢ᠌ᠯᠡᠭ᠍ᠴᠢᠳ ᠤᠨ ᠳᠠᠮᠤᠷ ᠳᠤᠭᠤᠷᠠᠢ ᠡᠷᠦᠢ ᠬᠤᠷᠤᠢ ᠲ᠋ᠡᠯᠭᠢᠯᠡᠨ᠂ ᠴᠡᠷᠢᠭ᠌ ᠤᠨ ᠡᠷᠭᠡᠳᠡᠨ ᠤ ᠭᠡᠰᠡᠭᠯᠡᠨ ᠬᠤᠪᠢᠶᠠᠯᠴᠠᠬᠤ ᠳᠠᠢ᠌ᠨ ᠤ ᠳᠣᠢ᠌ᠮᠠᠷ ᠳᠦᠷᠡᠯᠵᠡᠭ᠍ᠰᠡᠨ ᠪᠠᠢ᠌ᠵᠠᠢ᠃ ᠭᠠᠢ ᠵᠤᠪᠠᠯᠠᠩ ᠶᠡᠭᠡᠳᠡᠢ ᠮᠤᠩᠭ᠋ᠤᠯᠴᠤᠳ ᠮᠢᠨᠢ ᠳᠠᠪᠬᠤᠷ ᠳᠠᠪᠬᠤᠷ ᠳᠠᠷᠤᠯᠠᠯ ᠤᠨ ᠳᠤᠤᠷ᠎ᠠ ᠰᠢᠷ᠎ᠠ ᠶᠢᠨ ᠱᠠᠰᠢᠨ ᠊ᠤ 《ᠪᠠᠷᠠᠮᠠᠨ ᠳᠤᠭᠤᠰᠤᠨ》 ᠳᠤ ᠪᠠᠴᠢᠯᠠᠭᠳᠠᠵᠤ ᠳᠠᠮᠤ ᠶᠢᠨ ᠢᠷᠤᠭᠤᠷ ᠲᠠᠭᠠᠨ ᠳᠠᠯᠴᠢᠯᠠᠵᠤ ᠪᠠᠢ᠌ᠪᠠ᠃ ᠭᠤᠴᠢᠭᠠᠤᠨ ᠣᠨ ᠪᠣᠯᠬᠤ ᠳᠤ᠂ ᠭᠢᠳᠠᠤᠨ ᠤᠨ ᠴᠡᠷᠢᠭ᠌ ᠤᠨ ᠡᠷᠭᠡᠳᠡᠨ ᠫᠣᠤ ᠳᠤᠯᠭᠠᠵᠤ ᠪᠠᠢ᠌ᠭᠠᠤᠨ ᠮᠤᠩᠭ᠋ᠤᠯᠴᠤᠳ ᠢ ᠦᠯᠳᠡᠨ ᠭᠦᠭᠡᠭᠡᠵᠤ ᠨᠤᠳᠤᠭ ᠳᠡᠪᠢᠰᠭᠡᠷ ᠢ ᠨᠢ ᠪᠣᠯᠢᠶᠠᠵᠤ ᠠᠪᠣᠭᠠᠤᠨ ᠬᠠᠭᠠᠯᠪᠣᠷᠢᠯᠠᠨ ᠬᠤᠳᠠᠯᠳᠤᠭᠰᠠᠨ ᠪᠠᠢ᠌ᠨ᠎ᠡ᠃ ᠴᠡᠷᠢᠭ᠌ ᠤᠨ ᠡᠷᠭᠡᠳᠡᠨ ᠽᠦᠢ ᠰᠢᠩ ᠡᠤ᠂ ᠴᠢᠩᠵᠤᠷᠢᠭᠳᠤ ᠨᠡᠷ ᠦᠯᠵᠡᠢ᠌ᠮᠤᠷᠠᠨ ᠤ ᠣᠷᠤᠰᠬᠠᠯ ᠳᠠᠭᠠᠤ ᠥᠷᠭᠡᠨ ᠠᠭᠤᠳᠠᠮ ᠦᠩ ᠰᠢᠮᠡᠯᠢᠭ᠌ ᠪᠠᠯᠴᠢᠭᠡᠷ ᠢ ᠬᠠᠭᠠᠯᠪᠣᠷᠢᠯᠠᠭᠰᠠᠨ ᠡᠴᠡ᠂ ᠶᠠᠮᠤᠨ ᠠᠢ᠌ᠯ ᠤᠨ ᠮᠠᠯᠴᠢᠳ ᠨᠤᠳᠤᠭ ᠶᠢᠡᠨ ᠠᠯᠳᠠᠨ ᠪᠣᠳᠠᠷᠠᠨ ᠵᠢᠭᠤᠳᠠᠵᠤ᠂ ᠪᠠᠶᠠᠨ ᠭᠢᠩᠭ᠋ᠠᠨ ᠤ ᠡᠩᠭᠡᠷ᠂ ᠥᠨᠡᠭᠡᠡᠳᠤ ᠬᠠᠢ᠌ᠷᠬᠠᠨ ᠤ ᠳᠤᠭᠤᠷᠢᠨ ᠳᠤ ᠭᠦᠯ ᠳᠤᠭᠳᠠᠬᠤ ᠪᠣᠯᠪᠠ᠃ ᠯᠢᠨ ᠬᠤᠸᠠᠩ ᠹᠦ ᠶᠢᠨ ᠵᠡᠭᠦᠡᠳᠡᠢ ᠪᠠᠢ᠌ᠭᠰᠠᠨ ᠶᠠᠮᠤᠨ ᠰᠦᠮ᠎ᠡ ᠠᠠᠵᠢᠰᠤᠨ ᠬᠤᠰᠢᠭᠤᠨ ᠳᠤ ᠳᠠᠭᠠᠷᠢᠭᠳᠠᠬᠤ ᠳᠠᠭᠠᠨ ᠣᠯᠠᠭᠠᠠᠪᠠᠢ᠌ᠴᠠ ᠳᠤ ᠨᠡᠭᠦᠨ᠂ ᠠᠭᠤᠯᠵᠡᠭᠤᠷ ᠲᠤ ᠪᠠᠢ᠌ᠭᠰᠠᠨ ᠭᠢᠯᠠᠭᠠᠨᠠᠳᠠᠢ ᠰᠦᠮ᠎ᠡ ᠴᠡᠷᠢᠭ᠌ ᠤᠨ ᠡᠷᠭᠡᠳᠡᠨ ᠤ ᠭᠠᠴᠢᠯᠳᠠ ᠰᠥᠷᠳᠡᠭᠦᠯᠦᠯ ᠳᠤᠤᠷ᠎ᠠ ᠪᠠᠶᠠᠨ ᠵᠢᠯᠠᠭ᠎ᠠ ᠶᠢᠨ ᠡᠭᠢᠨ ᠳᠤ ᠨᠡᠭᠦᠭ᠍ᠰᠡᠨ ᠶ‍ᠦᠮ᠃ ᠡᠭᠦᠨ ᠤ ᠪᠠᠷᠤᠭ ᠶᠢᠡᠷ ᠶᠠᠫᠣᠨ ᠰᠠᠮᠤᠷᠠᠢ ᠴᠤ ᠪᠠᠶᠠᠨ ᠭᠢᠩᠭ᠋ᠠᠨ ᠤ ᠡᠳ᠋ ᠪᠠᠶᠠᠯᠢᠭ ᠢ ᠰᠢᠩᠰᠢᠯᠠᠵᠤ ᠮᠡᠳᠡᠭᠡᠤᠨ᠂ ᠪᠠᠶᠡᠨ ᠵᠢᠯᠠᠭ᠎ᠠ ᠶᠢᠨ ᠡᠭᠢᠨ ᠳ᠋ᠠᠭᠢ ᠵᠦᠩ ᠤᠨ ᠭᠦᠡᠳᠡᠢ ᠶᠢᠨ ᠡᠷᠳᠡᠨ ᠤ ᠣᠩᠭ᠋ᠤᠨ ᠰᠥᠷᠦᠭ᠌ ᠲᠤ ᠬᠠᠷ᠎ᠠ ᠰᠠᠪᠠᠷ ᠶᠢᠡᠨ ᠰᠤᠩᠭ᠋ᠠᠵᠤ᠂ ᠭᠠᠬᠠᠢ ᠰᠡ᠊ᠨᠳᠡᠯᠦᠭ᠍ᠰᠡᠨ ᠰᠢᠭ᠌ ᠣᠬᠤᠵᠤ ᠮᠠᠯᠳᠠᠭᠠᠤᠨ ᠡᠳ᠋ ᠡᠷᠳᠡᠨᠢᠰ ᠢ ᠨᠢ ᠳᠤᠨᠤᠵᠤ ᠠᠪᠠᠴᠢᠵᠠᠢ᠃ ᠪᠠᠶᠠᠨ ᠵᠢᠯᠠᠭ᠎ᠠ ᠶᠢᠨ ᠡᠮᠦᠨ᠎ᠡ ᠥᠵᠦᠭᠦᠷ ᠳ᠋ᠠᠭᠢ ᠣᠯᠠᠭᠠᠠᠪᠠᠢ᠌ᠴᠠ ᠠᠭᠤᠯᠠᠨ ᠤ ᠣᠷᠤᠢ ᠳᠡᠭᠡᠷ᠎ᠡ ᠬᠠᠷᠠᠭᠤᠯ ᠤᠨ ᠠᠰᠠᠷ ᠪᠠᠷᠢᠵᠤ ᠭᠡᠭᠦᠷ ᠠᠭᠤᠳᠠᠯᠬᠤ ᠶᠠᠫᠣᠨ ᠴᠡᠷᠢᠭ᠌ ᠲᠡᠭᠡᠨ ᠬᠠᠢ᠌ᠭᠤᠯ ᠪᠣᠯᠵᠤ ᠪᠠᠢ᠌ᠯ᠎ᠠ᠃ ᠣᠯᠠᠢ ᠳᠡᠭᠡᠷ᠎ᠡ ᠨᠤᠬᠠᠢ ᠴᠤᠭᠯᠠᠬᠤ ᠰᠢᠭ ᠶᠢᠡᠷ ᠭᠢᠳᠠᠤᠨ ᠤᠨ ᠴᠡᠷᠢᠭ᠌ ᠤᠨ ᠡᠷᠭᠡᠳᠡᠨ᠂ ᠭᠦᠷᠦᠩᠭᠡᠳᠡᠨ ᠰᠠᠷᠢᠭᠠᠴᠢᠨ ᠨᠡᠷ ᠤᠨ ᠣᠯᠠᠢ ᠬᠠᠢ᠌ᠭᠰᠠᠨ ᠨᠢᠳᠤ ᠪᠠᠶᠠᠨ ᠨᠢᠷᠤᠭᠤ ᠪᠠᠷ ᠡᠷᠭᠢᠯᠳᠤᠨ᠂ ᠲ᠋ᠡᠪᠠᠷᠢ ᠪᠠᠭᠳᠠᠬᠤ ᠦᠭᠡᠶ ᠨᠠᠷᠠᠰᠤ ᠮᠠᠢ᠌ᠯᠠᠰᠤᠨ ᠮᠤᠳᠤ ᠶᠢ ᠴᠢᠳᠠᠯ ᠤᠨ ᠶᠢᠡᠨ ᠭᠢᠷᠢ ᠪᠠᠷ ᠣᠭᠳᠤᠯᠵᠤ ᠪᠠᠢ᠌ᠪᠡ᠃ ᠭᠦᠮᠤᠨ ᠮᠠᠯ ᠤᠨ ᠭᠦᠯ ᠭᠦᠷᠭᠦ ᠦᠭᠡᠶ ᠵᠡᠯᠢᠭᠦᠤᠨ ᠪᠣᠢ᠌ᠳᠠ ᠪᠠᠶᠠᠨ ᠵᠢᠯᠠᠭ᠎ᠠ ᠡᠨᠡ ᠦᠶ᠎ᠡ ᠳᠤ ᠮᠠᠰᠢᠨ ᠳᠡᠷᠭᠡ ᠴᠤᠪᠣᠷᠠᠯᠳᠤᠨ᠂ ᠮᠤᠳᠤ ᠠᠴᠢᠭᠰᠠᠨ ᠥᠭᠡᠷ ᠮᠤᠷᠢᠨ ᠳᠡᠷᠭᠡ ᠴᠥᠷᠭᠡᠯᠡᠳᠦᠭᠡᠤᠨ ᠥᠵᠡᠰᠭᠦᠯᠡᠩ ᠭᠤᠸ᠎ᠠ ᠠᠭᠤᠯᠠ ᠣᠰᠤ ᠶᠢ ᠴᠦᠪ ᠤᠨ ᠠᠶᠤᠯ ᠭᠦᠮᠦᠷᠢᠵᠤ᠂ ᠮᠤᠳᠤ ᠨᠢ ᠬᠤᠪᠬᠠᠢ᠌ᠷᠠᠨ ᠡᠪᠠᠰᠤ ᠨᠢ ᠬᠠᠯᠴᠠᠭᠠᠢ᠌ᠷᠠᠭᠠᠤᠨ ᠣᠷᠭᠢᠯ ᠰᠠᠷᠢᠳᠠᠭ ᠢ ᠨᠢ ᠰᠥᠷᠳᠡᠭᠦᠯᠦᠯ ᠤᠨ ᠮᠠᠨᠠᠨ ᠪᠦᠷᠭᠦᠨ ᠨᠠᠪᠳᠠᠭ ᠰᠠᠪᠳᠠᠭ ᠣᠭᠢᠯᠠᠯᠳᠤᠨ ᠡᠵᠡᠳ ᠰᠠᠭᠢᠭᠤᠰᠤ ᠲ᠋ᠠᠭᠵᠢᠪᠠ︕ ᠶᠠᠮᠤᠨ ᠰᠦᠮ᠎ᠡ ᠶᠢᠨ ᠳᠠᠭᠢᠯᠴᠢ ᠪᠠᠢ᠌ᠭᠰᠠᠨ ᠭᠡᠳᠤᠨ ᠨᠡᠭᠦᠳᠡᠯᠴᠢᠳ ᠡᠨᠡ ᠳᠠᠪᠵᠢᠶᠠᠨ ᠢ ᠬᠠᠷᠠᠭᠠᠤᠨ ᠵᠥᠪᠭᠡᠨ 《ᠪᠤᠷᠬᠠᠨ》 ᠵᠢᠡᠨ ᠳᠠᠭᠤᠳᠠᠵᠤ 《ᠮᠠᠨᠢ》 ᠪᠠᠨ ᠳᠤᠭᠠᠯᠠᠬᠤ ᠡᠴᠡ ᠥᠭᠡᠷ᠎ᠡ ᠠᠷᠭ᠎ᠠ ᠪᠠᠢ᠌ᠭᠰᠡᠨ ᠥᠭᠡᠢ᠃ ᠮᠤᠩᠭ᠋ᠤᠯ ᠣᠭᠰᠠᠭᠠᠳᠠᠨ ᠤ ᠰᠤᠶᠤᠯ ᠤᠨ ᠦᠪ ᠥᠯᠡᠳᠡᠭ᠍ᠳᠡᠯ ᠴᠥᠯᠪᠠᠭ᠍ᠳᠡᠨ ᠠᠷᠤᠤᠬᠠᠨ ᠪᠠᠢ᠌ᠭᠠᠯᠢ ᠳᠠᠮᠳᠤᠭᠯᠠᠭᠳᠠᠨ ᠰᠥᠢᠦᠡᠭᠦ ᠶᠢ ᠬᠠᠷᠠᠭᠠᠤᠨ ᠪᠠᠶᠠᠨ ᠭᠤᠤᠯ ᠮᠢᠨᠢ ᠴᠢᠰᠤ ᠪᠠᠷ ᠣᠭᠢᠯᠠᠨ ᠣᠯᠠᠭᠠᠨ ᠶᠢᠡᠷ ᠥᠶᠡᠷᠯᠡᠭ᠍ᠰᠡᠨ ᠪᠠᠢ᠌ᠨ᠎ᠠ︕

ᠳᠡᠦᠭᠡ ᠶᠢᠨ ᠭᠡᠷᠡᠭ᠌ ᠪᠠᠶᠠᠨ ᠭᠤᠤᠯ ᠤᠨ ᠣᠷᠤᠰᠬᠠᠯ ᠢ ᠲᠠᠭᠠᠨ ᠣᠷᠤᠰᠤᠨ ᠣᠤᠠᠬᠤ ᠳᠤ᠂ ᠬᠠᠷᠠᠰᠠᠯ ᠨᠢᠯᠪᠣᠰᠤᠳᠤ ᠥᠴᠦᠭᠡᠳᠦᠷ ᠤᠨ ᠳᠤᠷᠠᠤᠠᠬᠠᠯ ᠵᠡᠭᠦᠳᠤ ᠵᠡᠷᠭᠡᠯᠭᠡᠨ ᠮᠠᠳᠤ ᠰᠠᠷᠨᠢᠨ ᠵᠠᠮᠬᠠᠷᠠᠵᠤ᠂ ᠪᠠᠶᠠᠨ ᠵᠢᠯᠠᠭ᠎ᠠ ᠮᠢᠨᠢ ᠠᠳᠠᠭᠠᠳᠠᠨ ᠤ ᠰᠥᠭᠡᠨ ᠡᠴᠡ ᠭᠤᠭᠤᠵᠢᠭᠳᠠᠭᠰᠠᠨ ᠬᠤᠶᠠᠷᠬᠠᠨ ᠰᠠᠭᠤᠷᠢ ᠬᠠᠢ᠌ᠯᠠᠰᠤᠨ ᠱᠠᠩᠰᠢ ᠪᠠᠷ ᠶᠢᠡᠨ ᠪᠠᠶᠠᠨ ᠳᠠᠩᠰᠤᠭ ᠰᠢᠨ᠎ᠠ ᠡᠷᠡᠨ ᠢ ᠳᠠᠯᠠᠯᠤᠨ ᠠᠪᠴᠢᠷᠠᠪᠠ᠃ ᠣᠩᠭ᠋ᠤᠨ ᠨᠤᠳᠤᠭ ᠤᠨ ᠮᠢᠨᠢ ᠰᠦᠯᠳᠡ ᠪᠣᠯᠤᠭᠰᠠᠨ ᠬᠤᠶᠠᠷ ᠱᠠᠩᠰᠢ ᠮᠢᠨᠢ ᠪᠠᠶᠠᠨ ᠭᠢᠩᠭ᠋ᠠᠨ ᠤ ᠡᠩᠭᠡᠷ ᠲᠤ ᠪᠦᠪᠠᠢ᠌ᠯᠡᠭᠳᠡᠨ᠂ ᠪᠠᠶᠠᠨ ᠭᠤᠤᠯ ᠡᠴᠡ ᠰᠢᠮ᠎ᠠ ᠠᠪᠴᠤ ᠭᠦᠭᠡᠷᠤᠨ ᠰᠠᠭᠯᠠᠢ᠌ᠭᠠᠤᠨ᠂ ᠰᠠᠯᠠᠭ᠎ᠠ ᠮᠦᠴᠢᠷ ᠪᠣᠯᠭᠠᠨ ᠳᠠᠭᠠᠨ ᠮᠤᠩᠭ᠋ᠤᠯ ᠰᠤᠶᠤᠯ ᠤᠨ ᠦᠷ᠎ᠡ ᠵᠢᠮᠢᠰ ᠶᠢᠡᠷ ᠭᠦᠯᠦᠭᠡᠯᠡᠨ ᠮᠤᠠᠴᠤᠭᠯᠠᠪᠠ᠃ ᠶᠠᠫᠣᠠᠴᠤᠳ ᠰᠡᠭ᠍ᠴᠢᠵᠤ ᠮᠡᠯᠳᠡᠭᠠᠳ 《ᠰᠡᠭᠡᠡᠴᠡᠭ᠌》 ᠨᠡᠷ᠎ᠡ ᠣᠯᠤᠭᠰᠠᠨ ᠭᠠᠵᠠᠷ ᠡᠴᠡ ᠳᠡᠮᠦᠷᠯᠢᠭ᠌ ᠤᠨ ᠠᠭᠤᠷᠬᠠᠢ ᠭᠠᠷᠤᠭᠠᠤᠨ᠂ ᠠᠰᠠᠷ ᠬᠤᠯᠠᠩ ᠰᠡᠭᠦᠢᠯᠴᠡᠨ ᠭᠡᠷ ᠪᠠᠷᠢᠯᠭ᠎ᠠ ᠵᠢᠭ᠍ᠳᠡᠷᠡᠭᠡᠤᠨ 《ᠪᠠᠶᠡᠨ ᠨᠢᠷᠤᠭᠤ ᠴᠠᠢ᠌ᠷ ᠳᠤᠭᠤᠯᠭᠠᠨ ᠠᠭᠤᠷᠬᠠᠢ》 ᠵᠢᠨ ᠭᠦᠳᠡᠷ ᠳᠡᠯᠪᠠᠴᠢᠭᠦ ᠳᠠᠭᠤᠨ ᠡᠳᠦᠷ ᠰᠦᠨᠢ ᠶᠢᠨ ᠬᠤᠪᠢᠨ ᠳᠤ ᠨᠦᠷᠭᠢᠯᠠᠨᠠᠮ᠃ ᠯᠢᠠᠲᠦᠩ ᠡᠴᠡ ᠪᠠᠶᠠᠠᠨᠢᠷᠤᠭᠤ ᠠᠭᠤᠷᠬᠠᠢ ᠭᠦᠷᠭᠦ ᠵᠠᠰᠠᠮᠠᠯ ᠵᠠᠮ ᠮᠥᠩᠭᠦᠨ ᠮᠤᠭᠠᠢ ᠰᠢᠭ ᠳᠤᠮᠤᠭ ᠤᠨ ᠳᠠᠪᠠᠭ᠎ᠠ ᠶᠢ ᠤᠷᠢᠶᠡᠨ᠂ ᠡᠳᠦᠷ ᠤᠨ ᠳᠠᠪᠤᠨ ᠵᠠᠭᠤᠨ ᠳᠤᠨ ᠤ ᠠᠭᠤᠷᠬᠠᠢ ᠶᠢᠨ ᠭᠠᠷᠤᠯᠳᠠ ᠶᠢ ᠳᠠᠭᠠᠭ᠎ᠠ ᠶᠠᠳᠠᠳᠠᠯ᠎ᠠ ᠠᠴᠢᠭᠠᠤᠨ ᠭᠡᠯᠭᠢᠨ ᠴᠥᠷᠭᠡᠯᠡᠳᠦᠭ᠍ᠰᠡᠨ ᠮᠠᠰᠢᠨ ᠳᠡᠷᠭᠡ ᠳᠠᠰᠤᠷᠠᠯ ᠦᠭᠡᠶ ᠭᠠᠳᠠᠭᠰᠢ ᠵᠥᠭᠡᠭᠡᠪᠦᠷᠢᠯᠡᠵᠤ ᠪᠦᠳᠦᠭᠡᠨ ᠪᠠᠢ᠌ᠭᠤᠯᠤᠯᠳᠠ ᠪᠠᠨ ᠭᠢᠵᠤ ᠪᠣᠢ᠃ ᠪᠠᠶᠠᠨ ᠨᠢᠷᠤᠭᠤ ᠶᠢᠨ ᠣᠢ ᠰᠢᠭᠤᠢ ᠡᠭᠡ ᠣᠯᠤᠰ ᠤᠨ ᠬᠠᠮᠠᠭᠠᠯᠠᠯᠳᠠ ᠳᠤ ᠣᠷᠤᠭᠠᠤᠨ᠂ ᠴᠠᠷᠠᠰᠤ ᠬᠤᠰᠤ ᠢᠭᠴᠤᠷᠠᠨ ᠡᠪᠠᠰᠤ ᠴᠡᠯᠭᠡᠷᠡᠨ ᠴᠡᠴᠡᠭ᠌ ᠮᠢᠷᠠᠯᠵᠠᠵᠤ᠂ ᠠᠷᠢᠶᠠᠳᠠᠨ ᠰᠦᠯᠵᠢᠯᠳᠤᠨ ᠵᠢᠭᠦᠷᠳᠡᠨ ᠵᠢᠷᠭᠢᠯᠳᠦᠭ᠍ᠰᠡᠨ ᠭᠤᠶᠤ ᠰᠠᠢ᠌ᠬᠠᠨ ᠪᠠᠢ᠌ᠭᠠᠯᠢ ᠶᠢᠨ ᠴᠡᠴᠡᠷᠯᠢᠭ᠌ ᠪᠣᠯᠵᠠᠢ᠃ 《ᠪᠢᠴᠢᠭ᠌ ᠰᠤᠶᠤᠯ ᠪᠣᠯ ᠨᠢᠭᠡ ᠦᠨᠳᠦᠰᠦᠳᠠᠨ ᠤ ᠣᠷᠤᠰᠢᠨ ᠳᠤᠭᠳᠠᠨᠢᠬᠤ ᠭᠤᠤᠯ ᠳᠤᠯᠭᠠᠭᠤᠷᠢ ᠮᠥᠨ》 ᠭᠡᠵᠤ ᠪᠠᠶᠠᠨ ᠭᠤᠤᠯ ᠣᠶᠠᠩᠭ᠋ᠠᠯᠠᠨ ᠳᠠᠭᠤᠯᠠᠵᠤ ᠠᠢ᠌ᠵᠠᠮᠳᠠᠢ᠌ᠬᠠᠨ ᠳᠤᠯᠭᠢᠶᠠᠯᠠᠨ᠎ᠠ᠃

ᠦᠨᠦᠳᠤᠷ᠂ ᠪᠠᠶᠠᠨ ᠠᠭᠤᠯᠠ ᠶᠢᠨ ᠨᠡᠭᠦᠳᠡᠯᠴᠢᠳ ᠮᠢᠨᠢ ᠨᠡᠭᠦᠳᠡᠯᠴᠢ ᠠᠮᠢᠳᠤᠷᠠᠯ ᠡᠴᠡ ᠪᠠᠨ ᠰᠠᠭᠤᠷᠢᠰᠢᠯ ᠠᠮᠢᠳᠤᠷᠠᠯ ᠳᠤ ᠰᠢᠯᠵᠢᠭᠡᠤᠨ ᠪᠠᠶᠠᠨ ᠭᠤᠤᠯ ᠤᠨ ᠶᠢᠡᠨ ᠷᠠᠰᠢᠶᠠᠨ ᠶᠢᠡᠷ ᠵᠢᠠᠨ 《ᠰᠢᠷ᠎ᠠ》 ᠵᠢᠨ ᠊ᠭ᠍᠊ᠬᠢᠷ ᠶᠢᠡᠨ ᠠᠷᠢᠭᠤᠤᠠᠬᠠᠵᠤ ᠰᠤᠶᠤᠯ ᠭᠡᠭᠡᠷᠡᠯ ᠤᠨ ᠵᠠᠮ ᠶᠢᠡᠷ ᠵᠢᠯᠤᠭᠤ ᠰᠤᠩᠭ᠋ᠠᠵᠤ ᠪᠠᠢ᠌ᠨ᠎ᠠ᠃ ᠬᠤᠶᠠᠷ ᠭᠦᠪᠠᠭᠡᠨ ᠤ ᠠᠢ᠌ᠯ ᠶᠢᠡᠨ ᠭᠡᠢ᠌ᠮᠦᠷᠢ ᠶᠢᠨ ᠣᠷᠤᠰᠬᠠᠯ ᠶᠢᠡᠷ ᠴᠤᠤᠷᠢᠶᠠᠯᠠᠭᠰᠠᠨ ᠪᠠᠶᠠᠨ ᠭᠤᠤᠯ ᠮᠢᠨᠢ᠂ ᠮᠦᠨ ᠴᠤ ᠪᠠᠶᠠᠨ ᠠᠭᠤᠯᠠ ᠶᠢᠨ ᠮᠠᠯᠴᠢᠳ ᠤᠨ ᠰᠢᠨ᠎ᠠ ᠠᠮᠢᠳᠤᠷᠠᠯ ᠤᠨ ᠣᠯᠤᠮ ᠪᠠᠢ᠌ᠵᠡᠢ᠃ ᠰᠢᠯᠢᠳᠡᠭ᠌ ᠨᠢ ᠰᠢᠯᠢᠭ᠍ᠳᠡᠵᠤ ᠰᠢᠭᠠᠷᠤ ᠨᠢ ᠣᠷᠭᠢᠭᠳᠠᠬᠤ ᠪᠠᠢ᠌ᠭᠠᠯᠢ ᠶ‍ᠢᠷᠳᠢᠠᠴᠤ ᠶᠢᠨ ᠵᠢᠮ᠎ᠠ ᠶᠤᠰᠤ ᠪᠠᠷ᠂ ᠭᠠᠭᠴᠡᠭᠦ ᠥᠪᠠᠷᠳᠡᠭᠡᠨ ᠭᠦᠴᠦᠷᠭᠡᠭ᠍ᠵᠢᠪᠠᠯ ᠰᠠ‍‌ᠶᠢ ᠬᠤᠷᠴᠠ ᠰᠢᠷᠦᠭᠦᠨ ᠨᠡᠢ᠌ᠭᠡᠮ ᠤᠨ ᠥᠷᠢᠰᠦᠯᠳᠦᠭᠡᠨ ᠳᠤᠮᠳᠠ ᠦᠪᠡᠷ ᠤᠨ ᠣᠷᠤᠰᠢᠨ ᠳᠤᠭᠳᠠᠨᠢᠬᠤ ᠣᠷᠤᠨ ᠵᠠᠢ ᠪᠠᠨ ᠳᠠᠯᠠᠵᠤ ᠴᠢᠳᠠᠨ᠎ᠠ ᠭᠡᠰᠡᠨ ᠬᠠᠳᠠᠭᠤ ᠶᠤᠰᠤ ᠶᠢ ᠳᠠᠨᠢᠭᠰᠠᠨ ᠮᠤᠩᠭ᠋ᠤᠯᠴᠤᠳ ᠮᠢᠨᠢ ᠭᠦᠤ ᠪᠠᠨ ᠳᠠᠭᠠᠭᠤᠯᠤᠨ ᠦᠬᠢᠨ ᠶᠢᠡᠨ ᠭᠦᠳᠦᠯᠵᠤ᠂ ᠭᠦᠯ ᠨᠢᠴᠦᠭᠡᠨ ᠶᠢᠡᠷ ᠭᠦᠯᠢᠭᠡᠷ ᠰᠠᠢ᠌ᠬᠠᠨ ᠬᠠᠢ᠌ᠷ ᠴᠢᠯᠠᠭᠤ ᠲᠡᠶ ᠪᠦᠯᠢᠶᠡᠨ ᠳᠤᠩᠭ᠋ᠠᠯᠠᠭ ᠪᠠᠶᠠᠨ ᠭᠤᠤᠯ ᠢ ᠳᠤᠭᠤᠯᠵᠤ ᠭᠠᠷᠤᠭᠠᠤᠨ ᠭᠡᠦᠭᠡᠤᠨ ᠶᠢᠡᠨ ᠠᠶᠠᠠᠴᠢᠳ ᠤᠨ ᠮᠠᠰᠢᠨ ᠳᠤ ᠰᠠᠭᠤᠯᠭᠠᠵᠤ᠂ ᠭᠠᠳᠠᠨᠠᠭᠢ ᠶ‍ᠢᠷᠳᠢᠠᠴᠤ ᠶᠢᠨ ᠠᠯᠤᠰ ᠬᠤᠳᠠᠨ᠎ᠠ ᠰᠤᠶᠤᠯ ᠤᠨ ᠠᠶᠠᠨ ᠳᠤ ᠮᠤᠷᠳᠠᠭᠤᠯᠤᠨ᠎ᠠ᠃

ᠠᠷᠯᠠᠵᠤ ᠬᠤᠨᠢᠶᠠᠰᠤᠷᠠᠭᠰᠠᠨ ᠪᠠᠶᠠᠨ ᠭᠤᠤᠯ ᠠᠷᠤ ᠡᠴᠡ ᠨᠢ ᠦᠳᠡᠨ ᠠᠰᠢᠳᠠ ᠶᠢᠨ ᠵᠢᠷᠭᠠᠯ ᠵᠥᠩᠨᠡᠭ᠍ᠰᠡᠭᠡᠷ ᠨᠠᠪ ᠨᠠᠮᠤᠭᠤᠬᠠᠨ ᠱᠤᠤᠭᠢᠨ᠎ᠠ᠁

ᠵᠤᠬᠢᠶᠠᠭᠴᠢ᠄ ᠨᠣ᠋·ᠪᠠᠭᠠᠳᠤᠷ
ᠳᠠᠷᠤᠮ᠄ 6826
ᠴᠠᠭ᠄ 2009 ᠤᠨ ᠤ 04 ᠰᠠᠷ᠎ᠠ ᠶᠢᠨ 29