ᠨᠣ᠋·ᠪᠠᠭᠠᠳᠤᠷ ᠄ 《ᠪᠢᠯᠢᠭ᠌ ᠤᠨ ᠭᠡᠭᠡᠪᠴᠢ》
ᠲᠦᠷᠪᠡ ᠂ ᠠᠷᠢᠭᠤᠨ ᠮᠦᠰᠦᠨ ᠤ ᠭᠢᠯᠪᠠᠭ᠎ᠠ
ᠵᠢᠷᠭᠤᠳᠤᠭᠠᠷ ᠬᠡᠰᠡᠭ ᠂ ᠪᠠᠯᠠᠢ ᠰᠦᠵᠢᠭ᠌ ᠪᠤᠯᠤᠨ ᠪᠠᠭᠠᠲᠤᠷᠯᠢᠭ ᠲᠦᠷᠢ

ᠪᠢ ᠶᠠᠭᠤᠨ ᠡᠴᠡ ᠴᠤ ᠠᠶᠤᠬᠤ ᠦᠭᠡᠶ ᠲᠦᠪ ᠭᠤᠤᠯᠴᠢ ᠶᠢ ᠪᠠᠷᠢᠮᠳᠠᠯᠠᠨ᠎ᠠ᠃ ᠦᠨᠡᠨ ᠶᠤᠰᠤᠨ ᠤ ᠳᠦᠯᠦᠭᠡ ᠶᠠᠮᠠᠷᠪᠠ ᠭᠦᠮᠤᠨ ᠢ ᠪᠢᠯᠳᠠᠤᠴᠢᠯᠠᠬᠤ ᠦᠭᠡᠶ ᠮᠥᠷᠳᠡᠭᠡᠨ ᠶᠤᠰᠤ ᠰᠤᠷᠳᠠᠬᠤᠨ ᠡᠴᠡ ᠳᠡᠷᠰᠯᠡᠭ᠍ᠰᠡᠨ ᠶᠠᠮᠠᠷᠴᠤ ᠶᠠᠪᠣᠳᠠᠯ ᠢ ᠭᠢᠭᠦ ᠦᠭᠡᠶ᠃


᠊᠊᠊᠊᠊᠊᠊᠊᠊᠊᠊᠊᠊᠊᠊᠊᠊᠊᠊᠊᠊᠊᠊᠊᠊ ᠷᠦᠰᠣ᠋


ᠮᠠᠨ ᠤ ᠡᠨᠡ ᠡᠷᠡᠨ ᠪᠣᠯ ᠬᠠᠮᠤᠭ ᠶᠡᠭᠡ ᠠᠮᠢᠳᠤᠷᠠᠯ ᠤᠨ ᠡᠷᠭᠡ ᠴᠢᠯᠦᠭᠡ ᠲᠡᠶ ᠪᠦᠭᠡᠤᠨ ᠬᠤᠷᠴᠠ ᠰᠢᠷᠦᠭᠦᠨ ᠣᠷᠤᠰᠢᠨ ᠳᠤᠭᠳᠠᠨᠢᠬᠤᠢ ᠶᠢᠨ ᠥᠷᠢᠰᠦᠯᠳᠦᠭᠡᠨ ᠲᠡᠶ ᠰᠢᠨ᠎ᠠ ᠴᠠᠭ ᠦᠶ᠎ᠡ ᠪᠣᠯᠬᠤ ᠶ‍ᠦᠮ᠃ ᠡᠢ᠌ᠮᠤ ᠰᠠᠢ᠌ᠬᠠᠨ ᠠᠬᠤᠢ ᠳᠤ ᠣᠷᠤᠩᠨᠠᠵᠤ ᠪᠠᠢ᠌ᠭ᠎ᠠ ᠪᠢᠳᠠᠨᠤᠰ ᠡᠯᠳᠡᠪ ᠡᠰᠡᠨ ᠬᠤᠷᠢᠭ᠎ᠠ ᠴᠢᠭᠡᠷ᠂ 《ᠠᠭᠤᠤ ᠭᠦᠮᠤᠨ ᠤ ᠳᠡᠭᠡᠳᠤ ᠵᠢᠭᠠᠪᠣᠷᠢ》 ᠮᠠᠳᠤᠰ ᠲᠤ ᠭᠦᠯᠢᠶᠡᠰᠦᠯᠡᠭ᠍ᠳᠡᠵᠤ ᠪᠣᠯᠬᠤ ᠦᠭᠡᠶ ᠮᠥᠷᠳᠡᠭᠡᠨ᠂ ᠤᠶᠤᠨ ᠰᠠᠨᠠᠭ᠎ᠠ ᠪᠠᠨ ᠶᠠᠮᠠᠷ ᠨᠢᠭᠡᠨ ᠰᠥᠵᠢᠭ᠌ ᠰᠢᠳᠦᠭᠡᠨ ᠳᠤ ᠪᠣᠭᠤᠮᠢᠯᠠᠭᠤᠯᠵᠤ ᠨᠠᠩ ᠪᠣᠯᠬᠤ ᠦᠭᠡᠶ᠃ ᠪᠢᠳᠠ ᠦᠨᠦ 《ᠬᠤᠷᠸ᠎ᠠ ᠠᠮᠢᠰᠬᠤᠯ ᠊ᠤᠨ ᠲ᠋ᠠᠮᠢᠷ》 ᠲ᠋ᠤ ᠵᠥᠨᠦᠭ᠍ᠰᠢᠷᠡᠭᠡᠤᠨ ᠪᠠᠶ᠎ᠠ ᠪᠠᠨ ᠭᠠᠯᠳᠠᠵᠤ ᠪᠠᠢ᠌ᠭ᠎ᠠ ᠶᠢ ᠳᠸᠯᠸᠢᠰ ᠳᠡᠭᠡᠷ᠎ᠡ ᠡᠴᠡ ᠦᠵᠡᠯ᠎ᠠ᠂ ᠭᠠᠵᠢᠭᠤ ᠨᠤᠮᠯᠠᠯ ᠢ ᠰᠢᠳᠦᠭ᠍ᠰᠡᠳ ᠬᠠᠷ᠎ᠠ ᠳᠠᠮᠠᠭᠢᠨ ᠴᠢᠦᠡᠭᠦᠷ ᠡᠴᠡ ᠴᠠᠭᠠᠰᠢ ᠶᠤᠮ᠃ ᠣᠳᠤ ᠠᠭᠤᠤ ᠶᠡᠭᠡ ᠭᠦᠮᠤᠨ ᠢ ᠰᠢᠳᠦᠭᠡᠡᠴᠢᠯᠡᠭᠦ᠂ 《ᠭᠦᠰᠡᠯ ᠶᠤᠭᠡᠨ ᠬᠤᠷᠢᠵᠤ ᠶᠤᠰᠤᠯᠠᠯ ᠳᠤᠷ ᠨᠡᠢ᠌ᠴᠡᠭᠦᠯᠭᠦ》 ᠬᠠᠷᠡᠩᠭ᠋ᠦᠢ ᠶ‍ᠢᠷᠳᠢᠠᠴᠤ ᠪᠣᠴᠠᠯᠳᠠ ᠦᠭᠡᠶ ᠥᠩᠭᠡᠷᠡᠨ ᠡᠴᠢᠵᠤ᠂ ᠥᠩᠭᠡ ᠶᠢᠨ ᠴᠡᠴᠡᠭ᠌ ᠢ ᠮᠢᠷᠠᠯᠵᠠᠭᠤᠯᠤᠨ ᠡᠷᠳᠡᠮᠳᠡᠨ ᠮᠡᠷᠭᠡᠤᠨ ᠢ ᠴᠢᠯᠦᠭᠡᠵᠢᠭᠦᠯᠦᠭ᠍ᠰᠡᠨ ᠭᠡᠭᠡᠨ ᠰᠠᠷᠠᠭᠤᠯ ᠴᠠᠭ ᠦᠶ᠎ᠡ ᠮᠠᠷᠭᠤᠰᠢ ᠦᠭᠡᠶ ᠭᠦᠷᠦᠭᠡᠤᠨ ᠢᠷᠠᠵᠠᠢ᠃

ᠦᠨᠡᠨ ᠢ ᠭᠡᠯᠡᠪᠠᠯ᠂ 《ᠨᠢᠭᠡᠨ ᠦᠶ᠎ᠡ ᠶᠢᠨ ᠴᠤᠤᠳᠤ ᠭᠦᠮᠤᠨ》 ᠭᠡᠳᠡᠭ᠌ ᠨᠢ ᠮᠠᠨ ᠲᠡᠶ ᠠᠳᠠᠯᠢᠬᠠᠨ ᠮᠠᠬᠠᠪᠣᠤᠨ ᠪᠠᠶ᠎ᠠ ᠪᠠᠷ ᠪᠦᠳᠦᠭ᠍ᠰᠡᠨ ᠪᠠᠢ᠌ᠭᠠᠯᠢ ᠶᠢᠨ ᠴᠤᠭᠴᠠᠰ ᠪᠤᠯᠤᠨ᠎ᠠ᠃ ᠶᠡᠷᠦᠩᠭᠡᠢ᠌ᠯᠡᠭ᠍ᠴᠢ ᠡᠴᠡ ᠶᠠᠷᠤ ᠵᠢᠨ ᠠᠷᠠᠤᠨ ᠤᠨ ᠵᠦᠷᠢᠶ᠎ᠠ ᠪᠣᠯ ᠠᠵᠢᠯ ᠤᠨ ᠬᠤᠪᠢᠶᠠᠷᠯᠠᠯ ᠠᠰᠳᠠᠭᠠᠨ ᠪᠣᠯᠬᠤ ᠡᠴᠡ ᠪᠢᠰᠢ᠂ ᠶᠠᠭᠤᠨᠠᠢ 《ᠯᠤᠤ ᠶᠢᠨ ᠦᠷ᠎ᠡ》 《ᠬᠠᠷᠠᠴᠤᠤᠰ ᠤᠨ ᠬᠣᠢ᠌ᠴᠢ》 ᠭᠡᠭᠦ ᠢᠯᠭᠠᠭ᠎ᠠ ᠪᠠᠢ᠌ᠬᠤ ᠦᠭᠡᠶ᠃ ᠭᠡᠳᠡᠯ᠎ᠡ ᠳᠡᠦᠭᠡᠨ ᠳᠡᠭᠡᠷᠡᠭᠢ ᠦᠢ᠌ ᠣᠯᠠᠨ ᠨᠤᠶᠠᠷᠬᠠᠭᠴᠢᠳ ᠦᠪᠡᠷ ᠤᠨ ᠬᠠᠷᠢᠴᠠᠯᠠᠰᠢ ᠦᠭᠡᠶ ᠪᠠᠢ᠌ᠷᠢ ᠰᠠᠭᠤᠷᠢ ᠪᠠᠨ ᠪᠠᠳᠤᠯᠠᠬᠤ ᠶᠢᠨ ᠳᠦᠯᠦᠭᠡ ᠪᠠᠶ᠎ᠠ ᠪᠠᠨ 《ᠪᠣᠷᠬᠠᠨ ᠰᠠᠭᠢᠭᠤᠯᠰᠤᠨ ᠤ ᠪᠦᠷᠢᠯᠸ᠎ᠠ》 ᠪᠣᠯᠭᠠᠨ ᠦᠯᠢᠶᠠᠨ ᠭᠦᠭᠡᠷᠭᠡᠳᠡᠵᠤ ᠪᠠᠢ᠌ᠭᠠᠤᠨ ᠠᠷᠠᠤᠨ ᠲᠦᠮᠡᠨ ᠢ ᠮᠤᠩᠬᠠᠷᠠᠭᠤᠯᠤᠨ ᠡᠰᠡᠷᠭᠦᠴᠡᠭᠦ ᠭᠦᠴᠤ ᠶᠢ ᠨᠢ ᠰᠤᠯᠠᠷᠠᠭᠤᠯᠵᠤ ᠪᠠᠢ᠌ᠳᠠᠭ᠃ ᠲ᠋ᠡᠭᠡᠭᠦ ᠪᠠᠷ ᠠᠷᠠᠤᠠᠴᠢᠯᠠᠯᠳᠤ ᠨᠡᠢ᠌ᠭᠡᠮ ᠳᠤ᠂ ᠡᠷᠭᠡᠳᠤ ᠠᠷᠠᠤᠨ ᠪᠦᠭᠦᠨ ᠶᠡᠷᠦᠩᠭᠡᠢ᠌ᠯᠡᠭ᠍ᠴᠢ ᠦᠷᠢᠰᠤᠯᠳᠤᠨ ᠰᠤᠩᠭ᠋ᠤᠬᠤ ᠡᠷᠭᠡ ᠴᠢᠯᠦᠭᠡ ᠲᠡᠶ ᠪᠠᠢ᠌ᠳᠠᠭ᠃ ᠮᠠᠨ ᠤ ᠣᠢ ᠰᠠᠷᠠᠯ ᠳᠤ ᠪᠠᠢ᠌ᠭᠠᠤᠨ ᠪᠠᠢ᠌ᠳᠠᠭ 《ᠠᠭᠤᠤ ᠭᠦᠮᠤᠨ》 ᠊ᠤ ᠦᠨᠳᠦᠷ ᠰᠥᠷᠯᠢᠭ᠌ ᠳᠦᠷᠦᠭ᠍ᠳᠡᠯ ᠨᠢ᠂ ᠲ᠋ᠡᠭᠦᠨ ᠤ ᠪᠠᠶ᠎ᠠ ᠪᠢᠯᠳᠠᠷ ᠲᠡᠶ ᠣᠭᠳᠤ ᠬᠤᠯᠪᠣᠭ᠎ᠠ ᠦᠭᠡᠶ᠂ ᠬᠠᠷᠢᠨ ᠳᠡᠭᠦᠨ ᠤ ᠪᠦᠳᠦᠭᠡᠭ᠍ᠰᠡᠨ ᠠᠤᠭ᠎ᠠ ᠣᠢ᠌ᠯᠠᠰ ᠡᠴᠡ ᠨᠢ ᠭᠢᠯᠪᠠᠭ᠎ᠠ ᠰᠠᠴᠤᠷᠠᠵᠤ ᠪᠠᠢ᠌ᠭᠰᠠᠨ ᠡᠴᠡ ᠪᠣᠯᠵᠠᠢ᠃

ᠭᠦᠮᠦᠰ ᠤᠨ ᠦᠵᠡᠯ ᠳᠠᠨᠢᠯᠳᠠ ᠬᠠᠮᠤᠭ ᠳᠤᠤᠷᠠᠳᠤ ᠱᠠᠳᠤᠨ ᠳᠠᠭᠠᠨ ᠪᠠᠢ᠌ᠬᠤ ᠦᠶ᠎ᠡ ᠳᠤ᠂ ᠪᠠᠢ᠌ᠭᠠᠯᠢ ᠶ‍ᠢᠷᠳᠢᠠᠴᠤ ᠶᠢᠨ ᠣᠯᠠᠨ ᠠᠷᠪᠢᠨ ᠥᠵᠡᠭ᠍ᠳᠡᠯ ᠤᠳ ᠢ ᠵᠠᠳᠠᠯᠵᠤ ᠳᠠᠢ᠌ᠯᠪᠣᠷᠢᠯᠠᠵᠤ ᠴᠢᠳᠠᠬᠤ ᠦᠭᠡᠶ ᠡᠴᠡ ᠪᠣᠯᠤᠭᠠᠤᠨ ᠶᠠᠮᠠᠷ ᠨᠢᠭᠡᠨ ᠦᠯᠦ ᠮᠡᠳᠡᠭᠦ ᠭᠦᠴᠤᠨ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠥᠭᠡᠷ᠎ᠡ ᠪᠠᠷ ᠭᠡᠯᠡᠪᠠᠯ 《ᠪᠤᠷᠬᠠᠨ ᠰᠠᠭᠢᠭᠤᠯᠰᠤᠨ》 ᠲ᠋ᠠᠯᠳᠠ ᠡᠴᠡ ᠵᠢᠯᠤᠭᠤᠤᠠᠴᠤ ᠪᠠᠢ᠌ᠨ᠎ᠠ ᠭᠡᠵᠤ ᠥᠵᠡᠳᠡᠭ᠌᠃ ᠢᠩᠭᠢᠭᠡᠤᠨ ᠦᠪᠡᠷ ᠤᠨ ᠣᠯᠵᠤ ᠬᠠᠷᠠᠭᠰᠠᠨ ᠭᠦᠮᠤᠨ ᠠᠮᠢᠳᠠᠨ ᠶᠢᠡᠷ ᠵᠠᠭᠪᠣᠷ ᠪᠣᠯᠭᠠᠵᠤ᠂ ᠰᠢᠪᠠᠷ ᠶᠢᠡᠷ ᠱᠤᠭᠤᠵᠤ ᠭᠠᠤᠯᠢ ᠪᠠᠷ ᠴᠢᠤᠠᠬᠤᠵᠤ ᠪᠠᠢ᠌ᠮᠡᠨ 《ᠪᠤᠷᠬᠠᠨ》 ᠭᠡᠭ᠍ᠴᠢ ᠶᠠᠭᠤᠮ᠎ᠠ ᠶᠢ ᠵᠤᠬᠢᠶᠠᠭᠠᠤᠨ ᠦᠪᠡᠷ ᠤᠨ ᠪᠠᠶ᠎ᠠ ᠳᠡᠭᠡᠨ ᠢᠳᠡᠭᠡᠯ ᠦᠭᠡᠶ ᠪᠠᠢ᠌ᠳᠠᠭ ᠣᠶᠤᠨ ᠰᠠᠨᠠᠭᠠᠨ ᠤ ᠬᠤᠭᠤᠰᠤᠳᠠᠯ ᠶᠢᠡᠨ ᠨᠥᠭᠦᠪᠦᠷᠢᠯᠡᠵᠤ ᠪᠠᠢ᠌ᠳᠠᠭ᠃ ᠡᠨᠡ ᠨᠢ ᠶᠠᠪᠣᠭᠠᠨ ᠳᠠᠭᠠᠨ ᠨᠢᠭᠡ ᠵᠣᠢ᠌ᠯ ᠤᠨ ᠰᠥᠰᠦᠭ᠌ ᠪᠢᠰᠢᠷᠠᠯ ᠪᠣᠯᠤᠨ ᠪᠦᠷᠢᠯᠳᠦᠵᠤ ᠨᠤᠮᠤᠬᠠᠨ ᠰᠢᠳᠤᠷᠭᠤ ᠠᠷᠠᠤᠨ ᠲᠦᠮᠡᠨ ᠢ ᠪᠠᠯᠠᠢ ᠮᠤᠩᠬᠠᠭ ᠤᠨ ᠭᠦᠨ ᠭᠦᠪ ᠲᠤ ᠲᠦᠯᠬᠢᠨ ᠣᠷᠤᠭᠤᠯᠳᠠᠭ ᠪᠠᠢ᠌ᠨ᠎ᠡ᠃ ᠡᠨᠡ ᠨᠢ ᠶᠠᠭ ᠶᠡᠭᠡ ᠳᠠᠷᠢᠭᠢᠨ ᠤ ᠸᠢᠷᠤᠰ ᠠᠳᠠᠯᠢ ᠣᠶᠤᠨ ᠳᠠᠷᠢᠭᠢ ᠶᠢ ᠡᠪᠠᠦᠡᠴᠢᠯᠡᠭᠦᠯᠵᠤ᠂ ᠡᠷᠡᠭᠦᠯ ᠰᠡᠳᠭᠢᠭᠦᠢ ᠲᠡᠶ ᠭᠦᠮᠤᠨ ᠢ ᠮᠤᠬᠤᠷ ᠪᠢᠰᠢᠷᠠᠯ ᠤᠨ 《ᠳᠠᠮᠤ ᠶᠢᠨ ᠣᠷᠤᠨ》 ᠳ᠋ᠤ ᠭᠦᠳᠦᠯᠤᠨ ᠠᠪᠠᠴᠢᠳᠠᠭ ᠪᠢᠯᠠ᠃

ᠥᠨᠦᠳᠦᠷ᠂ ᠭᠦᠮᠦᠰ ᠤᠨ ᠳᠠᠨᠢᠯᠳᠠ ᠭᠦᠡᠵᠡᠭᠡᠢ᠌ᠷᠡᠨ ᠬᠠᠷᠠᠴᠠ ᠥᠷᠭᠡᠳᠭᠦ ᠶᠢ ᠳᠠᠭᠠᠯᠳᠤᠭᠠᠤᠨ ᠱᠠᠰᠢᠨ ᠰᠢᠳᠦᠯᠭᠡ ᠶᠢᠨ ᠬᠤᠤᠷ ᠨᠥᠯᠦᠭᠡ ᠶᠢ ᠶᠠᠪᠣᠭᠤᠳᠠ ᠳᠠᠨᠢᠵᠤ ᠪᠠᠢ᠌ᠬᠤ ᠳᠤ᠂ ᠰᠢᠨ᠎ᠠ ᠦᠶ᠎ᠡ ᠶᠢᠨ ᠵᠠᠯᠠᠭᠤᠴᠤᠳ ᠤᠨ ᠳᠤᠮᠳᠠ ᠨᠠᠷᠠᠳᠤ ᠳᠤᠭᠯᠠᠭᠴᠢ ᠠᠯᠳᠠᠷᠳᠤ ᠳᠠᠭᠤᠴᠢᠨ ᠢ ᠰᠢᠳᠦᠭᠦ ᠭᠠᠵᠢ ᠥᠵᠡᠭ᠍ᠳᠡᠯ ᠬᠠᠷᠠᠭᠳᠠᠵᠤ ᠪᠠᠢ᠌ᠨ᠎ᠡ᠃ ᠡᠨᠡ ᠨᠢ ᠮᠠᠠᠵᠤ ᠶᠢᠨ ᠦᠶ᠎ᠡ ᠳᠤ ᠭᠡᠭᠡᠨ ᠬᠤᠳᠤᠭᠳᠤ᠂ ᠸᠠᠩ ᠨᠤᠶᠠᠨ ᠳᠤ ᠰᠥᠭᠦᠳᠦᠭᠡᠤᠨ 《ᠪᠤᠭᠤᠯ ᠪᠢ᠂ ᠵᠧ︕》 ᠭᠡᠵᠤ ᠳᠤᠷᠤᠢ ᠳᠤᠤᠭᠠᠷᠤᠨ ᠳᠤᠯᠤᠭᠠᠢ ᠭᠤᠳᠣᠢ᠌ᠳᠠᠭ ᠪᠣᠭᠤᠯᠴᠢ ᠳᠦᠷᠢ ᠶᠢ ᠰᠠᠨᠠᠭᠳᠠᠭᠤᠯᠬᠤ ᠪᠦᠭᠡᠤᠨ᠂ ᠰᠢᠪᠠᠷ ᠪᠣᠷᠬᠠᠨ ᠶᠢᠡᠨ ᠣᠷᠭᠢᠭᠠᠤᠨ ᠰᠤᠳᠤᠨ ᠳᠤᠭᠯᠠᠭᠴᠢ ᠶᠢ ᠭᠦᠭᠡᠭᠡᠴᠡᠯᠳᠦᠭ᠍ᠰᠡᠨ ᠮᠤᠬᠤᠷ ᠪᠢᠰᠢᠷᠠᠯ ᠤᠨ ᠰᠢᠯᠵᠢᠯᠳᠠ ᠪᠠᠢ᠌ᠵᠤ ᠲᠠᠭᠠᠷᠠᠨ᠎ᠡ᠃ ᠭᠦᠮᠤᠨ ᠭᠡᠷᠪᠡ ᠦᠯᠮᠠᠢ ᠳᠠᠷᠤᠨ ᠰᠥᠭᠦᠦᠡᠴᠤ᠂ ᠥᠯᠢ᠌ᠭᠡᠤᠨ ᠳᠡᠭᠡᠭ᠍ᠰᠢ ᠪᠠᠨ ᠬᠠᠷᠠᠬᠤ ᠳᠤ ᠭᠦᠷᠪᠠᠯ ᠵᠤᠭᠰᠤᠭ᠎ᠠ ᠪᠠᠶ᠎ᠠ ᠪᠦᠭᠦᠨ ᠦᠨᠳᠦᠷ ᠰᠥᠷᠯᠢᠭ᠌ ᠬᠠᠷᠠᠭᠳᠠᠬᠤ ᠶᠤᠰᠤᠳᠠᠢ᠂ ᠣᠴᠢᠷ ᠨᠢ ᠡᠨᠡ ᠪᠣᠯ ᠰᠥᠭᠦᠦᠡᠴᠤ ᠪᠠᠢ᠌ᠭ᠎ᠠ ᠡᠴᠡ ᠪᠤᠯᠵᠠᠢ᠃ ᠡᠨᠡ ᠠᠭᠤᠯᠭ᠎ᠠ ᠡᠴᠡ ᠠᠪᠴᠤ ᠭᠡᠯᠡᠪᠠᠯ᠂ ᠮᠤᠬᠤᠷ ᠪᠢᠰᠢᠷᠠᠯ ᠪᠣᠯ ᠡᠪᠦᠳᠦᠭ᠌ ᠵᠥᠭᠡᠯᠡᠨ ᠭᠦᠮᠦᠰ ᠤᠨ ᠰᠦᠨᠠᠰᠤ 《ᠣᠷᠤᠰᠢᠬᠤ》 ᠭᠠᠵᠠᠷ ᠮᠦᠨ᠃ ᠠᠭᠤᠤ ᠭᠦᠮᠤᠨ ᠪᠣᠶᠤ ᠠᠷᠠᠤᠨ ᠢᠷᠭᠡᠤᠨ ᠤᠨ ᠠᠯᠢ ᠨᠢ ᠴᠤ ᠭᠡᠤᠨ ᠪᠦᠷ ᠨᠡᠢ᠌ᠭᠡᠮ ᠤᠨ ᠨᠢᠭᠡᠨ 《ᠡᠰ》 ᠪᠤᠯᠤᠭᠰᠡᠨ ᠤ ᠬᠤᠪᠢ ᠳᠤ᠂ ᠠᠳᠠᠯᠢᠬᠠᠨ ᠶᠢᠡᠷ ᠣᠯᠠᠭᠠᠨ ᠳᠤᠭᠤᠰᠤᠨ ᠤ ᠰᠠᠯᠭᠢ ᠵᠢᠪᠠᠷ ᠢ ᠠᠮᠢᠰᠬᠤᠯᠠᠵᠤ ᠪᠦᠮᠪᠦᠷᠴᠡᠭ᠌ ᠤᠨ ᠭᠦᠷᠦᠰᠤᠨ ᠳᠤ ᠭᠦᠯ ᠤᠨ ᠮᠦᠷ ᠶᠢᠡᠨ ᠳᠠᠮᠠᠭᠠᠯᠠᠵᠤ ᠶᠠᠪᠣᠭᠰᠠᠨ ᠴᠠᠭ ᠲ᠋ᠤ᠂ ᠮᠠᠨ ᠳᠤ ᠬᠠᠷᠠᠭᠤᠯᠬᠤ ᠵᠦᠪ ᠳᠠᠯ᠎ᠠ ᠶᠢᠨ ᠳᠦᠷᠰᠦ ᠪᠠᠢ᠌ᠬᠤ ᠪᠠᠷ ᠪᠠᠷᠠᠬᠤ ᠦᠭᠡᠶ᠂ ᠭᠦᠮᠤᠨ ᠠᠮᠠᠷᠬᠠᠨ ᠣᠯᠵᠤ ᠥᠵᠡᠭᠦ ᠥᠭᠡᠢ 《ᠰᠡᠭᠦᠳᠡᠷ ᠳᠠᠯ᠎ᠠ》 ᠴᠤ ᠳᠠᠭᠠᠯᠳᠤᠭᠠᠤᠨ ᠪᠠᠢ᠌ᠳᠠᠭ᠃ ᠶᠠᠮᠠᠷᠪᠠ ᠭᠦᠮᠤᠨ ᠴᠤ ᠭᠡᠤᠨ ᠱᠠᠰᠢᠨ ᠤ ᠰᠤᠷᠳᠠᠯᠴᠢᠯᠠᠳᠠᠭ 《ᠪᠣᠷᠬᠠᠨ》 ᠪᠢᠰᠢ ᠬᠣᠢ᠌ᠨ᠎ᠠ ᠶᠠᠮᠠᠷᠴᠤ ᠠᠯᠳᠠᠭ᠎ᠠ ᠳᠤᠳᠠᠭᠳᠠᠯ ᠦᠭᠡᠶ ᠭᠦᠮᠤᠨ ᠭᠡᠵᠤ ᠶᠠᠷᠤ ᠭᠠᠷᠤᠭᠰᠠᠨ ᠦᠭᠡᠶ᠃ ᠵᠣᠢ᠌ᠷ ᠥᠭᠡᠨ ᠳ᠋ᠤ 《ᠪᠣᠷᠬᠠᠨ ᠤ ᠳᠤᠯᠤᠭᠠᠢ ᠳᠡᠭᠡᠷ᠎ᠡ ᠴᠤ ᠭᠤᠷᠪᠠᠨ ᠪᠦᠭᠡᠰᠤ ᠲᠡᠶ》 ᠭᠡᠳᠡᠭ᠌ ᠨᠢ ᠳᠡᠯᠡᠭᠡᠢ ᠳᠡᠭᠡᠷ᠎ᠡ ᠭᠡᠮ ᠳᠤᠳᠠᠭᠳᠠᠯ ᠦᠭᠡᠶ ᠳᠡᠭᠦᠯᠳᠡᠷ ᠭᠦᠮᠤᠨ ᠪᠠᠢ᠌ᠬᠤ ᠦᠭᠡᠶ ᠭᠡᠰᠡᠨ ᠶᠤᠰᠤ ᠶᠢ ᠶᠠᠷᠢᠭᠰᠠᠨ ᠪᠠᠢ᠌ᠨ᠎ᠠ᠃

ᠨᠢᠳᠤᠨᠤᠨ ᠲᠦᠪ ᠳᠸᠯᠸᠢᠰ ᠳᠡᠭᠡᠷ᠎ᠡ ᠡᠴᠡ ᠡᠮᠦᠨ᠎ᠡ ᠭᠠᠵᠠᠷ ᠤᠨ ᠨᠢᠭᠡ ᠦᠬᠢᠨ (ᠡ᠊ᠨᠳᠡ ᠨᠠᠷ᠎ᠠ ᠶᠢ ᠨᠢ ᠴᠤ ᠭᠡᠯᠡᠭᠦ ᠳᠤᠷ᠎ᠠ ᠦᠭᠡᠶ ᠪᠠᠢ᠌ᠨ᠎ᠠ)ᠲ᠋ᠠᠭᠤᠴᠢᠨ ᠯᠢᠤ ᠳ᠋ᠧ ᠬᠤᠧᠨ ᠶᠢ ᠳᠤᠭᠤᠵᠤ ᠰᠢᠳᠦᠭᠡᠤᠨ᠂ ᠭᠦᠷᠦᠩᠭᠡ ᠪᠠᠨ ᠬᠤᠭᠤᠰᠤᠯᠠᠨ ᠡᠴᠢᠭᠡ ᠪᠠᠨ ᠭᠠᠴᠢᠭᠳᠠᠭᠤᠯᠵᠤ ᠥᠭᠦᠭᠦᠯᠦᠭ᠍ᠰᠡᠨ ᠥᠩᠭᠡᠷᠡᠯᠳᠡ ᠶᠢ ᠥᠵᠡᠯ᠎ᠡ᠃ ᠡᠨᠡ ᠪᠣᠯ ᠡᠩ ᠤᠨ ᠨᠢᠭᠡ ᠰᠥᠰᠦᠭ᠌ ᠪᠢᠰᠢᠷᠠᠯ ᠤᠨ ᠠᠰᠠᠭᠤᠳᠠᠯ ᠪᠢᠰᠢ᠂ ᠬᠠᠷᠢᠨ ᠰᠠᠤᠠᠭᠢᠴᠠ ᠶᠢᠨ ᠬᠠᠪᠳᠠᠭᠠᠢ᠌ᠷᠠᠯ ᠊᠊᠊᠊᠊᠊᠊᠊᠊᠊᠊᠊᠊᠊᠊ ᠨᠢᠭᠡ ᠵᠣᠢ᠌ᠯ ᠤᠨ ᠭᠡᠢ ᠰᠤᠯᠢᠶ᠎ᠠ ᠡᠪᠠᠦᠡᠴᠢᠨ ᠳᠤ ᠨᠡᠷᠪᠠᠭ᠍ᠳᠡᠭ᠍ᠰᠡᠨ ᠪᠣᠳᠠᠳᠤ ᠢᠯᠠᠷᠠᠯ ᠪᠤᠯᠤᠨ᠎ᠠ᠃ ᠡᠷᠡᠭᠦᠯ ᠰᠠᠤᠠᠭᠢᠴᠠ ᠲᠡᠶ ᠭᠦᠮᠤᠨ ᠪᠦᠭᠦᠨ ᠡᠨᠡ ᠵᠠᠮ ᠶᠢᠡᠷ ᠶᠠᠪᠣᠬᠤ ᠦᠭᠡᠶ ᠪᠤᠯᠪᠠᠴᠤ᠂ ᠰᠥᠵᠢᠭ᠌ ᠪᠣᠯ ᠰᠠᠤᠠᠭᠢᠴᠠ ᠵᠢᠨ 《ᠬᠠᠮᠡᠭᠤ》 ᠭᠡᠰᠡᠨ ᠢ ᠡ᠊ᠨᠳᠡ ᠴᠢᠬᠤᠯᠠᠴᠢᠯᠠᠨ ᠳᠤᠷᠠᠳᠤᠭᠤᠰᠢᠳᠠᠢ ᠪᠠᠢ᠌ᠨ᠎ᠠ᠃ ᠣᠴᠢᠷ ᠨᠢ ᠡᠢ᠌ᠮᠦᠷᠭᠦᠤ 《ᠬᠠᠮᠡᠭᠤ》 ᠳ᠋ᠤ ᠨᠡᠷᠪᠠᠭ᠍ᠳᠡᠪᠠᠯ ᠪᠣᠷᠤᠭᠤ ᠵᠠᠮ ᠶᠢᠡᠷ ᠪᠣᠳᠤᠯᠭᠢᠯᠠᠳᠠᠭ ᠭᠠᠵᠢᠭᠤ ᠰᠠᠤᠠᠭᠢᠴᠠ ᠲᠡᠶ ᠪᠣᠯᠳᠠᠭ ᠠᠵᠢ᠃ ᠲ᠋ᠠᠭᠢᠪᠠᠯ᠂ ᠠᠯᠳᠠᠷᠳᠤ ᠳᠤᠭᠯᠠᠭᠴᠢ ᠴᠸᠩ ᠯᠦᠩ ᠰᠢᠶᠠᠩᠭ᠋ᠠᠩ ᠤᠨ ᠱᠤᠤ ᠣᠪᠣᠭᠳᠠᠨ ᠤ ᠺᠤᠮᠫᠠᠨᠢ ᠳᠤ ᠰᠤᠯᠠ ᠠᠵᠢᠯ ᠭᠢᠵᠤ ᠪᠠᠢ᠌ᠬᠤ ᠦᠶ᠎ᠡ ᠳᠤ᠂ ᠲ᠋ᠡᠭᠦᠨ ᠤ ᠣᠷᠴᠢᠨ ᠳᠤᠭᠤᠷᠢᠨ ᠳᠤ ᠪᠠᠢ᠌ᠭᠰᠠᠨ 《ᠣᠷᠯᠢᠭᠴᠢᠳ》 ᠪᠠ ᠭᠤᠸ᠎ᠠ ᠠᠪᠠᠬᠠᠢ᠌ᠳ ᠳᠡᠭᠦᠨ ᠢ 《ᠬᠠᠮᠡᠷᠳᠤ》 ᠭᠡᠵᠤ ᠬᠤᠴᠢᠯᠠᠭᠠᠤᠨ ᠨᠢᠳᠤᠨ ᠳᠡᠭᠡᠨ ᠬᠠᠪᠴᠢᠬᠤ ᠦᠭᠡᠶ ᠪᠠᠢ᠌ᠵᠡᠢ᠃ ᠭᠡᠵᠢᠶ᠎ᠡ ᠬᠣᠢ᠌ᠨ᠎ᠠ ᠨᠢᠭᠡᠯᠡ ᠳᠤᠤᠷ᠎ᠠ ᠠᠯᠳᠠᠷ ᠮᠠᠠᠳᠤᠨ ᠨᠠᠷ᠎ᠠ ᠠᠰᠢᠭ ᠢ ᠵᠡᠷᠭᠡᠪᠠᠷ ᠣᠯᠬᠤ ᠥᠶᠡᠰ᠂ ᠲ᠋ᠡᠳᠡᠭᠡᠷ 《ᠰᠥᠯᠢ᠌ᠭᠡᠷ ᠭᠦᠵᠦᠭᠦᠦᠳᠤ》 ᠪᠦᠭᠦᠨ ᠪᠦᠷ ᠪᠦᠭᠦᠯᠵᠡᠵᠤ ᠢᠷᠡᠭᠡᠤᠨ᠂ ᠤᠯᠠᠭᠠᠨ ᠡᠩᠭᠡᠰᠭ᠍ᠡᠳᠡᠳ ᠪᠦᠷ ᠳ᠋ᠸᠩ ᠤᠨ ᠡᠷᠪᠠᠭᠡᠢ ᠰᠢᠭ᠌ ᠳᠡᠭᠡᠷ᠎ᠡ ᠨᠢ ᠰᠢᠪᠠᠵᠤ᠂ ᠠᠰᠠᠷ ᠡᠴᠡ ᠬᠠᠷᠠᠢ᠌ᠬᠤ ᠨᠢ ᠠᠰᠠᠷ ᠡᠴᠡ ᠬᠠᠷᠠᠢ᠌ᠵᠤ᠂ ᠪᠠᠶ᠎ᠠ ᠪᠠᠨ ᠬᠤᠤᠷᠯᠠᠬᠤ ᠨᠢ ᠪᠠᠶ᠎ᠠ ᠪᠠᠨ ᠬᠤᠤᠷᠯᠠᠭᠠᠤᠨ ᠰᠢᠪᠰᠢᠭ᠍ᠳᠤ ᠰᠢ ᠪᠠᠨ ᠣᠯᠠᠨ ᠳᠤᠭᠯᠠᠯ᠎ᠠ᠃ ᠦᠨᠡᠨ ᠳᠡᠭᠡᠨ ᠴᠸᠩ ᠯᠦᠩ ᠶᠠᠭᠤ ᠯᠠ ᠪᠠᠢ᠌ᠬᠤᠪ᠂ ᠲ᠋ᠡᠳᠡᠭᠡᠷ ᠦᠬᠢᠳ ᠤᠨ ᠠᠪᠣ ᠡᠴᠡ ᠨᠢ ᠴᠤ ᠠᠬ᠎ᠠ ᠪᠦᠭᠡᠤᠨ ᠢᠯᠠᠭ᠎ᠠ ᠪᠦᠳᠦᠷᠢᠮ᠎ᠡ ᠠᠷᠵᠠᠭᠠᠷ ᠴᠢᠷᠠᠢ᠂ ᠣᠨᠢᠭᠠᠷ ᠨᠢᠳᠤ ᠯᠠᠠᠳᠠᠭᠠᠷ ᠬᠠᠮᠠᠷ ᠲᠡᠶ᠂ ᠨᠠᠷ᠎ᠠ ᠪᠠᠨ ᠴᠤ ᠵᠥᠭ᠌ ᠲᠡᠶ ᠪᠢᠴᠢᠵᠤ ᠴᠢᠳᠠᠬᠤ ᠦᠭᠡᠶ ᠰᠤᠶᠤᠯ ᠤᠨ ᠪᠠᠯᠠᠢ ᠪᠢᠯᠡ᠃ ᠡᠭᠦᠨ ᠡᠴᠡ ᠥᠵᠡᠭᠦ ᠳᠤ᠂ ᠰᠥᠵᠢᠭ᠌ ᠪᠢᠰᠢᠷᠠᠯ ᠭᠡᠭ᠍ᠴᠢ ᠨᠢ ᠳᠤᠰᠬᠠᠢ ᠨᠢᠭᠡ ᠭᠦᠮᠤᠨ ᠳᠤ ᠵᠤᠷᠢᠭᠤᠯᠤᠭᠰᠠᠨ ᠶᠠᠭᠤᠮ᠎ᠠ ᠪᠢᠰᠢ᠂ ᠬᠠᠷᠢᠨ ᠨᠠᠷ᠎ᠠ ᠠᠰᠢᠭ ᠲᠤ ᠭᠤᠷᠢᠯᠠᠭᠰᠠᠨ 《ᠬᠤᠪᠳᠤᠭ ᠰᠢᠯᠤᠰᠤ》 ᠪᠠᠢ᠌ᠵᠠᠢ︕

ᠨᠠᠮᠢ᠋ᠢ ᠪᠠᠭ᠎ᠠ ᠰᠤᠷᠭᠠᠭᠤᠯᠢ ᠳᠤ ᠡᠭᠢᠯᠡᠨ ᠥᠰᠦᠭ᠌ ᠨᠢᠳᠤᠯᠠᠵᠤ ᠪᠠᠢ᠌ᠭᠰᠠᠨ ᠦᠶ᠎ᠡ ᠳᠤ᠂ ᠬᠠᠮᠤᠭ ᠳᠡᠷᠢᠭᠦᠨ ᠳᠤ ᠠᠮᠳᠠᠷᠬᠠᠨ ᠣᠩᠰᠢᠵᠤ ᠪᠠᠢ᠌ᠭᠰᠠᠨ ᠨᠤᠮ ᠪᠣᠯ᠂ ᠮ᠂ ᠭᠤᠷᠺᠢ ᠶᠢᠨ 《ᠪᠠᠭ᠎ᠠ ᠨᠡᠰᠤ》 ᠭᠡᠭᠦ ᠵᠢᠷᠤᠭᠳᠤ ᠳᠠᠪᠳᠠᠷ ᠪᠤᠯᠤᠨ᠎ᠠ᠃ ᠡᠨᠡ ᠨᠤᠮ ᠡᠴᠡ ᠪᠢ ᠨᠢᠭᠡᠨ ᠵᠢᠩᠭᠢᠨᠢ ᠬᠤᠪᠢᠰᠬᠠᠯᠴᠢ ᠶᠢᠨ ᠦᠰᠦᠨ ᠪᠣᠢ᠌ᠵᠢᠬᠤ ᠪᠠᠷᠳᠠᠭᠠᠳᠠᠢ ᠶᠠᠪᠣᠴᠠ ᠶᠢ ᠳᠠᠨᠢᠵᠤ᠂ ᠲ᠋ᠠᠮᠠᠴᠠᠯ ᠤᠨ ᠡᠷᠴᠢ ᠵᠤᠷᠢᠭ ᠣᠷᠭᠢᠯᠤᠨ ᠪᠠᠳᠠᠷᠠᠵᠤ ᠪᠠᠢ᠌ᠯ᠎ᠠ᠃ ᠨᠠᠩ ᠴᠤ ᠳᠡᠭᠦᠨ ᠤ 《ᠰᠠᠯᠭᠢᠴᠢ ᠰᠢᠪᠠᠭᠤ》 ᠵᠢ᠌ ᠣᠩᠰᠢᠬᠤ ᠪᠦᠷᠢ 《ᠰᠡᠯᠭᠢ ᠰᠢᠭᠤᠷᠭᠠᠨ ᠭᠦᠳᠡᠯᠭᠦᠯ᠎ᠡ ᠨᠢᠵᠢᠭᠢᠨᠡᠩᠭᠡᠨ ᠭᠦᠳᠡᠯᠦᠭ᠌》 ᠭᠡᠭᠦ ᠪᠠᠳᠠᠭ ᠶᠢᠡᠷ ᠨᠢ ᠠᠮᠠᠨ ᠣᠩᠰᠢᠯᠭ᠎ᠠ ᠪᠣᠯᠭᠠᠵᠤ ᠪᠠᠢ᠌ᠵᠡᠢ᠃ ᠲ᠋ᠡᠭᠡᠭᠡᠤᠨ ᠳᠤᠳᠤᠷ᠎ᠠ ᠪᠠᠨ ᠮ᠂ ᠭᠤᠷᠺᠢ ᠪᠣᠯ ᠭᠦᠮᠤᠨ ᠮᠦᠰᠤ ᠬᠤᠪᠢᠰᠬᠠᠯᠴᠢ ᠵᠤᠷᠢᠭ ᠶᠢᠡᠷ ᠶᠢᠡᠨ ᠳᠡᠯᠡᠭᠡᠢ ᠶᠢᠨ ᠬᠤᠰᠢᠭᠤᠴᠢ ᠮᠦᠨ ᠭᠡᠵᠤ ᠪᠠᠳᠤ ᠢᠳᠠᠭᠡᠵᠤ ᠪᠠᠢ᠌ᠪᠡ᠃ ᠡᠢ᠌ᠮᠦᠷᠭᠦ ᠠᠪᠣᠷᠭᠤ ᠳᠦᠷᠢ ᠮᠢᠨᠤ ᠳᠠᠷᠢᠭᠢᠨ ᠳᠤ ᠬᠠᠳᠠᠭᠠᠯᠠᠭᠳᠠᠵᠤ ᠳᠦᠴᠢᠨ ᠵᠢᠯ ᠬᠤᠪᠢᠷᠠᠭᠰᠠᠨ ᠦᠭᠡᠶ ᠡᠡᠵᠢ᠃ ᠭᠡᠳᠡᠯ᠎ᠡ ᠡᠨᠡ ᠨᠢ ᠵᠥᠪᠭᠡᠨ ᠨᠢᠭᠤᠷ ᠤᠨ ᠳᠠᠯ᠎ᠠ ᠭᠡᠵᠤ ᠭᠡᠨ ᠮᠠᠳᠠᠯ᠎ᠠ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠳᠦᠷᠦᠭᠦᠭᠡᠨ ᠪᠢ ᠨᠢᠭᠡ ᠨᠤᠮ ᠡᠴᠡ 1929 ᠣᠨ ᠤ 6 ᠰᠠᠷᠠᠢ᠌ᠨ 20 ᠊ᠤ ᠡᠳᠦᠷ ᠪᠣᠯᠤᠭᠰᠠᠨ ᠨᠢᠭᠡ ᠣᠴᠢᠷ ᠢ ᠣᠩᠰᠢᠭᠠᠤᠨ ᠣᠳᠠᠭᠠᠨ ᠣᠨ ᠤ ᠰᠠᠭᠤᠭᠳᠠᠯ ᠮᠠᠨᠢ ᠳᠤᠯᠭᠢᠶᠠᠠᠳᠤᠭᠠᠤᠨ ᠢᠷᠠᠯ᠎ᠠ ᠁

ᠣᠤᠯ ᠤᠨ ᠵᠦᠪᠯᠠᠯᠳᠤ ᠬᠤᠯᠪᠣᠭᠠᠳᠤ ᠣᠯᠤᠰ ᠤᠨ ᠰᠦᠯᠸᠢᠰ ᠠᠷᠠᠯ ᠳ᠋ᠠᠭᠢ ᠭᠦᠳᠡᠯᠮᠦᠷᠢ ᠪᠠᠷ ᠥᠭᠡᠷᠡᠴᠢᠯᠡᠭᠦ ᠭᠠᠵᠠᠷ ᠡᠴᠡ ᠮᠡᠷᠵᠡᠭᠧᠹ ᠭᠡᠭ᠍ᠴᠢ ᠭᠦᠮᠤᠨ ᠳᠤᠳᠠᠭᠠᠵᠤ ᠭᠠᠷᠤᠭᠠᠤᠨ ᠠᠮᠧᠷᠢᠺᠠ ᠳᠤ ᠭᠦᠷᠴᠤ᠂ 《ᠳᠠᠮᠤ ᠶᠢᠨ ᠡᠡᠷᠡᠯ》 ᠭᠡᠭᠦ ᠨᠠᠮᠳᠠᠷᠴᠢᠯᠠᠭᠰᠠᠨ ᠵᠤᠬᠢᠶᠠᠯ ᠶᠢᠡᠨ ᠨᠡᠢ᠌ᠳᠡᠯᠡᠭᠦᠯᠵᠡᠢ᠃ ᠲ᠋ᠡᠷᠡ ᠡᠨᠡ ᠵᠤᠬᠢᠶᠠᠯ ᠳᠠᠭᠠᠨ ᠵᠦᠪᠯᠠᠯᠳᠤ ᠶᠢᠨ ᠭᠢᠠᠳᠠᠨ ᠤ ᠬᠠᠷᠠᠩᠭ᠋ᠤᠢ ᠬᠠᠷᠭᠢᠰ ᠳᠠᠮᠤᠯᠠᠯ ᠢ ᠢᠯᠡᠴᠢᠯᠡᠵᠤ᠂ ᠭᠦᠮᠤᠨ ᠤ ᠶ‍ᠢᠷᠳᠢᠠᠴᠤ ᠶᠢᠨ ᠳᠠᠮᠤ ᠶᠢᠨ ᠢᠷᠤᠭᠤᠷ ᠶᠠᠮᠠᠷ ᠪᠠᠢ᠌ᠳᠠᠭ ᠢ ᠵᠢᠷᠤᠭᠯᠠᠵᠡᠢ᠃ ᠡᠨᠡ ᠵᠤᠬᠢᠶᠠᠯ ᠨᠢ ᠧᠦ᠋ᠷᠦᠫᠡ ᠳ᠋ᠠᠭᠢᠨ᠎ᠠ ᠶᠡᠭᠡ ᠳᠤᠰᠬᠠᠯ ᠭᠠᠷᠤᠭᠰᠠᠨ ᠶᠢᠡᠷ ᠵᠦᠪᠯᠠᠯᠳᠤ ᠶᠢᠨ ᠭᠢᠨ ᠰᠤᠴᠢᠨ ᠭᠡᠯᠮᠡᠭ᠍ᠳᠡᠵᠤ᠂ ᠪᠤᠷᠦᠭᠤ ᠳᠠᠯ᠎ᠠ ᠶᠢᠨ ᠨᠥᠯᠦᠭᠡ ᠶᠢ ᠠᠷᠢᠯᠭᠠᠬᠤ ᠶᠢᠨ ᠳᠦᠯᠦᠭᠡ᠂ ᠲ᠋ᠡᠯᠡᠭᠡᠢ ᠳ᠋ᠠᠭᠢᠨ ᠳᠤ ᠠᠯᠳᠠᠷᠳᠠᠢ ᠶᠡᠭᠡ ᠵᠤᠬᠢᠶᠠᠯᠴᠢ ᠮ᠂ ᠭᠤᠷᠺᠢ ᠶᠢ ᠳᠤᠮᠢᠯᠠᠨ ᠳᠤᠰ ᠭᠢᠠᠳᠠᠨ ᠢ ᠰᠤᠷᠪᠦᠯᠵᠢᠯᠠᠭᠤᠯᠵᠡᠢ᠃ ᠭᠤᠷᠺᠢ᠂ ᠭᠦᠤ ᠪᠠᠷᠢ ᠪᠠᠨ ᠪᠠᠭᠳᠠᠭᠠᠭᠰᠠᠨ ᠨᠢᠭᠡ ᠪᠦᠯᠦᠭ᠌ ᠭᠦᠮᠤᠨ (ᠣᠯᠠᠩᠭᠢ ᠨᠢ ᠨᠢᠭᠤᠴᠠ ᠴᠠᠭᠳᠠᠭ᠎ᠠ)ᠲ᠋ᠠᠭᠠᠭᠤᠯᠤᠭᠠᠤᠨ ᠭᠦᠷᠭᠦ ᠳᠤ᠂ ᠲ᠋ᠠᠷᠢ ᠳᠡᠭ᠍ᠰᠢ ᠬᠤᠪᠴᠠᠯᠠᠭᠰᠠᠨ ᠶᠠᠯᠠᠳᠠᠤᠨ ᠬᠤᠭᠤᠷᠳᠠᠬᠤ ᠨᠢ ᠬᠤᠭᠤᠷᠳᠠᠵᠤ ᠳᠠᠭᠤᠯᠠᠬᠤ ᠨᠢ ᠳᠠᠭᠤᠯᠠᠭᠠᠤᠨ᠂ ᠵᠠᠷᠢᠮ ᠨᠢ ᠰᠠᠠᠳᠠᠯᠢ ᠳᠡᠭᠡᠷ᠎ᠡ ᠪᠠᠨ ᠳᠠᠩᠭ᠋ᠠᠢ᠌ᠨ ᠰᠤᠨᠢᠨ ᠰᠡᠳᠭᠦᠯ ᠱᠠᠭᠠᠢ᠌ᠵᠤ ᠪᠠᠢ᠌ᠯ᠎ᠠ᠃ ᠭᠤᠷᠺᠢ ᠣᠷᠤᠭᠰᠢ ᠳᠠᠪᠰᠢᠨ ᠨᠢᠭᠡ ᠭᠦᠮᠤᠨ ᠤ ᠳᠤᠩᠭ᠋ᠤᠷᠠᠭᠤᠯᠤᠨ ᠱᠠᠭᠠᠢ᠌ᠵᠤ ᠪᠠᠢ᠌ᠭᠰᠠᠨ ᠢ ᠡᠷᠭᠢᠭᠦᠯᠵᠤ ᠦᠭ‍ᠭᠦᠭᠡᠤᠨ ᠴᠢᠨᠠᠳᠤ ᠥᠷᠦᠭᠡᠨ ᠳᠤ ᠣᠷᠤᠬᠤ ᠳᠤ᠂ ᠲ᠋ᠤᠰᠤᠳᠠᠭᠰᠠᠨ ᠪᠦᠰ ᠶᠢᠡᠷ ᠨᠢᠭᠡ ᠠᠷᠪᠢᠨ ᠪᠠᠷᠠᠭ᠎ᠠ ᠪᠦᠳᠠᠭᠡᠵᠤ ᠪᠠᠢ᠌ᠬᠤ ᠰᠢᠭ ᠬᠠᠷᠠᠭᠳᠠᠵᠤ ᠪᠠᠢ᠌ᠯ᠎ᠠ ᠴᠤ ᠵᠠᠷᠢᠮ ᠭᠠᠵᠠᠷ ᠨᠢ ᠣᠪᠣᠭᠠᠨᠠᠨ ᠭᠦᠳᠡᠯᠵᠤ᠂ ᠲ᠋ᠦᠦᠭᠤᠷ ᠨᠢ ᠨᠢᠴᠦᠭᠡᠨ ᠭᠦᠯ ᠤᠳ ᠢᠷᠠᠢ᠌ᠵᠤ ᠪᠠᠢ᠌ᠪᠠ᠃ ᠣᠤᠯ ᠨᠢ ᠴᠢᠷᠮᠠᠨ ᠨᠢᠴᠦᠭᠡᠨ ᠶᠠᠯᠠᠳᠠᠤᠨ ᠢ ᠨᠢᠭᠡ ᠳᠤᠤᠷ᠎ᠠ ᠴᠤᠭᠯᠠᠭᠤᠯᠵᠤ ᠪᠦᠳᠠᠭᠡᠵᠤ ᠳᠠᠯᠪᠢᠭᠰᠠᠨ ᠠᠵᠢ᠃

ᠭᠤᠷᠺᠢ᠂ ᠭᠢᠠᠳᠠᠨ ᠢ ᠪᠠᠢ᠌ᠴᠠᠭᠠᠵᠤ ᠪᠠᠷᠠᠭᠠᠤᠨ ᠪᠣᠴᠠᠬᠤ ᠭᠡᠵᠤ ᠪᠠᠢ᠌ᠬᠤ ᠳᠤ᠂ ᠨᠢᠭᠡ ᠠᠷᠪᠠᠨ ᠬᠤᠶᠠᠷ ᠭᠤᠷᠪᠠᠳᠠᠢ ᠳᠤᠷᠠᠭᠠᠤᠨ ᠠᠷᠠᠰᠤ ᠶᠠᠰᠤ ᠯᠠ ᠪᠣᠯᠤᠭᠰᠠᠨ ᠭᠦᠤ ᠭᠦᠶ‍ᠦᠵᠤ ᠢᠷᠡᠭᠡᠤᠨ :

《ᠮ᠂ ᠭᠤᠷᠺᠢ ᠠᠪᠣᠭᠠᠢ᠂ ᠲ᠋ᠠᠨ ᠤ ᠬᠠᠷᠠᠭᠰᠠᠨ ᠪᠣᠯᠭᠠᠨ ᠬᠠᠭᠤᠷᠮᠠᠭ ᠥᠵᠡᠭ᠍ᠳᠡᠯ ᠪᠠᠢ᠌ᠨ᠎ᠠ︕ ᠲ᠋ᠠ ᠦᠨᠡᠨ ᠳᠦᠷᠢ ᠶᠢ ᠨᠢ ᠮᠡᠳᠡᠭᠦ ᠰᠠᠨᠠᠭ᠎ᠠ ᠲᠡᠶ ᠦᠦ︖》 ᠭᠡᠰᠡᠨ ᠳᠤ᠂ ᠭᠤᠷᠺᠢ ᠰᠠᠠᠳᠤᠷᠤᠨ ᠬᠠᠵᠠᠭᠤᠳᠠᠭᠢ ᠭᠦᠮᠤᠨ ᠢ ᠵᠠᠢ᠌ᠯᠠᠭᠤᠯᠵᠤ᠂ ᠲ᠋ᠠᠷᠠ ᠭᠦᠤ ᠶᠢᠨ ᠭᠡᠯᠡᠭᠦ ᠶᠢ ᠴᠠᠭ ᠬᠠᠭᠠᠰ ᠰᠤᠨᠤᠰᠤᠭᠠᠤᠨ ᠭᠠᠷᠴᠤ ᠢᠷᠡᠭᠦ ᠳᠤ ᠨᠢᠳᠤᠨ ᠨᠢᠯᠪᠣᠰᠤ ᠪᠠᠨ ᠬᠤᠷᠢᠭᠠᠵᠤ ᠳᠡᠢ᠌ᠯᠭᠦ ᠦᠭᠡᠶ ᠱᠤᠭᠰᠢᠳᠠᠯ᠎ᠠ ᠣᠭᠢᠯᠠᠭᠰᠠᠨ ᠪᠠᠢ᠌ᠨ᠎ᠠ᠃ ᠭᠤᠷᠺᠢ ᠶᠢ ᠪᠠᠶ᠎ᠠ ᠡᠷᠭᠢᠮᠡᠭ᠍ᠴᠡ ᠴᠠᠭᠳᠠᠭ᠎ᠠ ᠨᠡᠷ ᠳᠠᠷᠠ ᠭᠦᠤ ᠶᠢ ᠪᠠᠷᠢᠵᠤ ᠠᠪᠣᠭᠠᠤᠨ ᠪᠠᠷᠭᠢᠷᠠᠨ ᠴᠢᠷᠯᠠᠭᠤᠯᠤᠭᠰᠠᠭᠠᠷ ᠪᠠᠢ᠌ᠭᠠᠤᠨ ᠣᠭᠳᠤᠴᠢᠨ ᠠᠯᠠᠵᠠᠢ᠃

ᠰᠦᠯᠸᠢᠰ ᠠᠷᠠᠯ ᠡᠴᠡ ᠬᠠᠷᠢᠵᠤ ᠢᠷᠡᠭᠡᠤᠨ ᠭᠤᠷᠺᠢ ᠶᠢᠨ ᠦᠵᠡᠯ ᠰᠠᠨᠠᠭᠠᠨ ᠳᠤ ᠳᠤᠩ ᠶᠡᠭᠡ ᠳᠤᠩᠰᠤᠯᠤᠯᠳᠠ ᠪᠣᠯᠤᠭᠰᠠᠨ ᠨᠢ ᠳᠠᠮᠵᠢᠭ ᠦᠭᠡᠶ᠃ ᠭᠡᠳᠡᠯ᠎ᠡ ᠮᠠᠨ ᠤ ᠳᠠᠷᠠ ᠶᠡᠭᠡ ᠪᠠᠭᠰᠢ ᠮᠠᠨᠢ ᠵᠤᠬᠢᠶᠠᠯᠴᠢ ᠶᠢᠨ ᠠᠪᠢᠶᠠᠰ ᠶᠢᠡᠨ ᠪᠠᠳᠠᠷᠠᠭᠤᠯᠤᠨ ᠳᠤᠰ ᠭᠢᠠᠳᠠᠨ ᠢ 《ᠭᠦᠮᠦᠡᠯᠢᠭ᠌ ᠦᠵᠡᠯ ᠤᠨ ᠰᠤᠷᠭᠠᠨ ᠭᠦᠮᠦᠵᠢᠯ ᠤᠨ ᠰᠠᠭᠤᠷᠢᠨ ᠭᠠᠵᠠᠷ》 ᠪᠣᠯᠭᠠᠨ ᠭᠤᠶᠤᠯᠠᠨ ᠮᠠᠭᠳᠠᠵᠤ ᠣᠯᠠᠨ ᠭᠠᠵᠠᠷ ᠶᠢᠡᠷ ᠶᠠᠷᠢᠶ᠎ᠠ ᠢᠯᠡᠳᠭᠡᠯ ᠭᠢᠵᠤ ᠶᠠᠪᠣᠵᠠᠢ᠃ ᠭᠤᠷᠺᠢ ᠭᠡᠷᠪᠡ ᠦᠨᠡᠨ ᠮᠦᠨ ᠶᠢᠡᠷ ᠨᠢ ᠶᠠᠷᠢᠭᠰᠠᠨ ᠪᠣᠯ ᠵᠠᠰᠠᠭ ᠤᠨ ᠭᠠᠵᠠᠷ ᠤᠨ ᠴᠤᠭᠢᠯᠳᠠ ᠶᠢ ᠠᠮᠰᠠᠬᠤ ᠪᠠᠷ ᠪᠠᠷᠠᠬᠤ ᠦᠭᠡᠶ᠂ ᠠᠮᠢ ᠪᠠᠨ ᠠᠯᠳᠠᠵᠤ ᠴᠤ ᠮᠡᠳᠡᠨ᠎ᠡ᠃ ᠭᠡᠳᠡᠯ᠎ᠡ ᠳᠠᠷᠠ ᠠᠮᠢ ᠪᠠᠶ᠎ᠠ ᠪᠠᠨ ᠪᠦᠭᠡᠴᠡᠢ᠌ᠯᠡᠭᠦ ᠶᠢ ᠪᠣᠳᠤᠵᠤ ᠬᠠᠷᠭᠢᠰ ᠵᠠᠰᠠᠭ ᠤᠨ ᠡᠮᠦᠨ᠎ᠡ ᠡᠪᠦᠳᠦᠭ᠌ ᠰᠥᠭᠦᠷᠡᠭ᠍ᠰᠡᠨ ᠪᠠᠢ᠌ᠵᠢ ᠰᠢᠤ︕ ᠲ᠋ᠡᠭᠡᠭᠡᠤᠨ ᠳᠠᠷᠠ ᠳᠡᠯᠡᠭᠡᠢ ᠳ᠋ᠠᠭᠢᠨ ᠤ ᠦᠨᠡᠠᠴᠢ ᠰᠢᠳᠤᠷᠭᠤ ᠠᠷᠠᠤᠨ ᠲᠦᠮᠡᠨ ᠤ ᠡᠮᠦᠨ᠎ᠡ ᠱᠠᠯ ᠬᠤᠳᠠᠯ ᠶᠠᠭᠤᠮ᠎ᠠ ᠳᠤᠩᠭ᠋ᠤᠰᠴᠤ ᠶᠠᠪᠣᠬᠤ ᠳᠠᠭᠠᠨ ᠳᠤᠳᠤᠭᠠᠳᠤ ᠰᠠᠤᠠᠭᠢᠯ ᠤᠨ ᠰᠢᠨᠠᠯᠭᠠᠯ ᠠᠮᠰᠠᠭᠰᠠᠨ ᠦᠭᠡᠶ ᠶᠠᠭᠠᠭᠢᠭᠰᠠᠨ ᠬᠠᠷ᠎ᠠ ᠰᠠᠤᠠᠭᠢᠯ ᠲᠡᠶ ᠭᠦᠮᠤᠨ ᠪᠤᠢ︖ ᠭᠡᠵᠤ ᠪᠣᠳᠤᠭᠳᠠᠭᠤᠯᠤᠮᠠᠷ ᠡ᠃ ᠲ᠋ᠡᠭᠡᠪᠠᠯ ᠵᠤᠬᠢᠶᠠᠯᠴᠢ ᠭᠦᠮᠤᠨ ᠴᠢᠨᠢ ᠠᠷᠠᠤᠨ ᠲᠦᠮᠡᠨ ᠢ ᠰᠡᠩᠭᠡᠷᠡᠭᠦᠯᠭᠦ ᠦᠨᠡᠨ ᠶᠤᠰᠤ ᠶᠢ ᠶᠠᠷᠢᠳᠠᠭ ᠦᠦ︖ ᠡᠰᠡᠭᠦᠯ᠎ᠡ ᠲᠦᠷᠦ ᠵᠠᠰᠠᠭ ᠤᠨ ᠪᠦᠷᠢᠶ᠎ᠡ ᠪᠢᠰᠭᠢᠭᠦᠷ ᠪᠣᠯᠳᠠᠭ ᠶᠤᠮ ᠦᠦ︖ ᠭᠡᠰᠡᠨ ᠵᠠᠷᠴᠢᠮ ᠤᠨ ᠠᠰᠠᠭᠤᠳᠠᠯ ᠣᠯᠠᠨ ᠤ ᠡᠮᠦᠨ᠎ᠡ ᠳᠡᠯᠭᠡᠭ᠍ᠳᠡᠭᠡᠤᠨ ᠢᠷᠡᠨ᠎ᠡ᠃ ᠡᠨᠡ ᠦᠶ᠎ᠡ ᠳᠤ ᠦᠪᠡᠷ ᠤᠨ ᠢᠳᠡᠭᠡᠯ ᠭᠦᠭᠡᠭᠡᠴᠡᠯᠳᠦᠯ ᠶᠢᠡᠨ ᠪᠠᠷᠢᠮᠳᠠᠯᠠᠨ ᠶᠠᠷᠭᠠᠴᠢᠨ ᠤ ᠭᠢᠳᠤᠭᠠᠨ ᠳᠤᠤᠷ᠎ᠠ ᠭᠦᠵᠦᠭᠦᠤ ᠪᠠᠨ ᠰᠤᠩᠭ᠋ᠠᠭᠰᠠᠨ ᠯᠢᠤ ᠬᠤ ᠯᠠᠨ ᠤ ᠪᠠᠭᠠᠳᠤᠷᠯᠢᠭ ᠳᠦᠷᠢ ᠡᠷᠭᠡ ᠦᠭᠡᠶ ᠳᠠᠷᠢᠭᠢᠨ ᠳᠤ ᠰᠥᠡᠳᠡᠷᠯᠡᠭᠡᠤᠨ ᠢᠷᠡᠭᠦ ᠶᠤᠮ᠃ 《ᠭᠦᠮᠤᠨ ᠶᠠᠪᠣᠪᠠᠯ ᠨᠠᠷ᠎ᠠ ᠪᠠᠨ᠂ ᠭᠠᠯᠠᠭᠤ ᠭᠠᠷᠪᠠᠯ ᠳᠠᠭᠤ ᠪᠠᠨ》 ᠭᠡᠳᠡᠭ᠌ ᠶᠢᠡᠷ᠂ ᠬᠠᠭᠤᠷᠠᠢ ᠯᠤᠽᠤᠩ ᠬᠠᠳᠠᠭᠤ ᠰᠤᠷᠭᠠᠯ ᠪᠠᠷᠭᠢᠷᠠᠳᠠᠭ ᠪᠦᠭᠦᠨ ᠤ ᠭᠦᠮᠤᠨ ᠮᠦᠰᠤ ᠶᠢ ᠡᠷᠭᠢᠮ ᠳᠡᠭᠡᠳᠤ ᠭᠡᠵᠤ ᠪᠠᠳᠤᠯᠠᠬᠤ ᠶᠢᠨ ᠠᠷᠭ᠎ᠠ ᠦᠭᠡᠶ ᠡᠡᠵᠢ᠃ ᠡᠭᠦᠨ ᠡᠴᠡ ᠪᠢᠳᠠ ᠭᠦᠮᠤᠨ ᠮᠦᠰᠤ ᠪᠣᠯᠤᠨ ᠵᠤᠬᠢᠶᠠᠯ ᠪᠦᠳᠦᠭᠡᠯ ᠨᠢ ᠰᠢᠭᠤᠳ ᠳᠠᠩᠴᠠᠯ ᠪᠣᠯᠬᠤ ᠦᠭᠡᠶ ᠶᠢ ᠮᠠᠳᠠᠨ ᠠᠪᠴᠤ ᠪᠣᠯᠤᠨ᠎ᠠ᠃

ᠪᠢᠳᠠ ᠭᠦᠮᠤᠨ ᠢ ᠮᠦᠰᠤ ᠴᠢᠨᠠᠷ ᠶᠢᠡᠷ ᠨᠢ ᠦᠨᠡᠯᠠᠵᠤ᠂ ᠵᠤᠭᠢᠶᠠᠯ ᠪᠦᠳᠦᠭᠡᠯ ᠢ ᠨᠢ ᠴᠢᠨᠠᠷ ᠴᠢᠠᠰᠠᠭ᠎ᠠ ᠪᠠᠷ ᠨᠢ ᠳᠤᠭᠳᠠᠭᠠᠪᠠᠯ ᠳᠠᠭᠠᠷᠠᠨ᠎ᠠ᠃ ᠬᠠᠷᠢᠨ ᠭᠦᠮᠤᠨ ᠨᠢ ᠠᠯᠳᠠᠭ᠎ᠠ ᠭᠠᠷᠭᠠᠭᠰᠠᠭᠠᠷ ᠵᠤᠬᠢᠶᠠᠯ ᠪᠦᠳᠦᠭᠡᠯ ᠢ ᠨᠢ ᠪᠦᠭᠦ ᠳᠠᠯ᠎ᠠ ᠪᠠᠷ ᠥᠭᠡᠢ᠌ᠰᠭᠡᠭᠦ ᠨᠢ ᠳᠠᠭᠠᠷᠠᠬᠤ ᠦᠭᠡᠶ᠃ ᠨᠠᠩ ᠴᠤ ᠠᠷᠪᠠᠨ ᠵᠢᠯ ᠤᠨ ᠰᠠᠮᠠᠭᠤᠷᠠᠯ ᠤᠨ ᠬᠤᠭᠤᠴᠠᠭᠠᠨ ᠳ᠋ᠤ 《ᠰᠡᠢ᠌ᠨ》 ᠭᠡᠪᠠᠯ ᠳᠡᠭ᠍ᠷᠢ ᠳᠤ ᠭᠠᠷᠳᠠᠯ᠎ᠠ ᠡᠷᠭᠦᠵᠤ᠂ 《ᠮᠡᠭᠤ》 ᠭᠡᠭ᠍ᠰᠡᠭᠡᠷ ᠯᠤᠤᠰ ᠲᠤ ᠣᠷᠤᠳᠠᠯ᠎ᠠ ᠴᠤᠭᠢᠬᠤ ᠭᠡᠪ ᠤᠨ ᠪᠣᠰᠤ ᠰᠡᠳᠭᠢᠭᠦᠢ ᠶᠢ ᠳᠣᠢ᠌ᠯᠪᠣᠷᠢᠳᠠᠢ ᠴᠡᠭᠡᠷᠯᠡᠭᠦ ᠭᠡᠷᠡᠭ᠍ᠳᠡᠢ ᠪᠤᠯᠪᠠ᠃ ᠡᠨᠡ ᠨᠢ ᠶᠠᠭ ᠨᠠᠷᠢᠮᠤ ᠶᠢ ᠰᠢᠮ᠎ᠠ ᠳᠡᠵᠢᠭᠡᠯ ᠲᠡᠶ ᠭᠡᠤᠨ ᠬᠠᠯᠢᠰᠤ ᠠᠭᠠᠭ ᠲᠡᠶ ᠨᠢ ᠬᠤᠯᠢᠵᠤ ᠢᠳᠠᠵᠤ ᠪᠣᠯᠬᠤ ᠦᠭᠡᠶ ᠲᠡᠶ ᠠᠳᠠᠯᠢ ᠪᠠᠷ᠂ ᠰᠢᠮ᠎ᠠ ᠳᠡᠵᠢᠭᠡᠯ ᠲᠡᠶ ᠪᠦᠷᠢᠯᠳᠦᠭᠦᠨ ᠢ ᠨᠢ ᠰᠢᠩᠭᠡᠭᠡᠨ ᠠᠪᠴᠤ᠂ ᠬᠠᠶᠠᠭᠳᠠᠮᠠᠯ ᠰᠢᠭᠠᠷᠤ ᠶᠢ ᠨᠢ ᠣᠷᠭᠢᠬᠤ ᠲᠡᠶ ᠨᠢᠭᠡᠯᠡ ᠶᠤᠰᠤ ᠶᠤᠮ᠃ ᠪᠢᠳᠠ ᠶᠠᠮᠠᠷᠪᠠ ᠭᠦᠮᠤᠨ ᠶᠠᠮᠠᠷᠪᠠ ᠣᠨᠤᠯ ᠳᠤ ᠴᠤ ᠬᠤᠪᠢᠰᠤᠩᠭ᠋ᠤᠢ ᠪᠣᠳᠠᠰᠴᠢ ᠣᠪᠣᠷ ᠵᠢᠠᠷ ᠬᠠᠨᠳᠦᠵᠤ᠂ ᠥᠭᠦᠨ ᠢᠳᠡᠭᠡᠵᠤ ᠮᠤᠬᠤᠷᠳᠠᠳᠠᠯ᠎ᠠ ᠪᠠᠨ ᠰᠥᠵᠢᠭᠯᠡᠭᠦ ᠪᠠᠯᠠᠢ ᠰᠥᠰᠦᠭ᠌ ᠮᠤᠩᠬᠠᠭ ᠪᠢᠰᠢᠷᠠᠯ ᠢ ᠳᠣᠢ᠌ᠯᠪᠣᠷᠢᠳᠠᠢ ᠣᠰᠠᠤᠠᠬᠠᠬᠤ ᠭᠡᠷᠡᠭ᠍ᠳᠡᠢ ᠪᠣᠯᠵᠤ ᠪᠠᠢ᠌ᠨ᠎ᠠ᠃

ᠵᠤᠬᠢᠶᠠᠭᠴᠢ᠄ ᠨᠣ᠋·ᠪᠠᠭᠠᠳᠤᠷ
ᠳᠠᠷᠤᠮ᠄ 5956
ᠴᠠᠭ᠄ 2009 ᠤᠨ ᠤ 04 ᠰᠠᠷ᠎ᠠ ᠶᠢᠨ 29

ᠡᠮᠦᠨᠡᠬᠢ   ᠳᠠᠷᠠᠭᠠᠬᠢ

ᠰᠢᠭᠦᠮᠵᠢ ᠪᠢᠴᠢᠬᠦ
ᠨᠡᠪᠲᠡᠷᠡᠨ ᠤᠷᠤᠭᠠᠷᠠᠢ᠃
ᠨᠡᠪᠲᠡᠷᠡᠨ ᠤᠷᠤᠪᠠᠯ ᠰᠠᠶ‍ᠢ ᠰᠢᠭᠦᠮᠵᠢ ᠪᠢᠴᠢᠵᠦ ᠳᠡᠢ᠌ᠯᠦᠨ᠎ᠡ᠃