ᠲᠠᠪᠤ ᠂ ᠴᠠᠭᠠᠨ ᠡᠪᠦᠭᠡᠨ

ᠬᠡᠦᠬᠡᠳ ᠤᠨ ᠴᠢᠷᠮᠠᠢ᠌ᠯᠭ᠎ᠠ ᠶᠢ ᠳᠠᠮᠵᠢᠵᠤ ᠳᠤᠰᠠᠯᠠᠬᠤ ᠭᠦᠮᠤᠨ ᠵᠠᠬ᠎ᠠ ᠡᠴᠡ ᠠᠪᠤᠨ ᠣᠯᠠᠨ ᠪᠠᠢ᠌ᠯ᠎ᠠ᠃ ᠠᠬᠠᠮᠠᠤᠨ ᠭᠦᠮᠦᠰ ᠤᠨ ᠵᠢᠭᠠᠵᠤ ᠦᠭ‍ᠭᠦ ᠶᠢ ᠯᠠᠪᠳᠠᠭᠤᠨ ᠭᠢᠨᠠᠮᠠᠭᠠᠢ ᠪᠠᠷ ᠲᠠᠭᠠᠨ ᠰᠤᠷᠤᠯᠴᠠᠵᠤ᠂ ᠨᠢᠭᠡᠳ ᠨᠢᠭᠡ ᠪᠠᠷ ᠭᠦᠢᠴᠡᠳᠭᠡᠵᠤ ᠠᠪᠬᠤ ᠶᠢ ᠭᠢᠴᠢᠶᠠᠵᠤ ᠪᠠᠢ᠌ᠪᠠ ᠰᠢᠤ ︕

᠊᠊᠊᠊᠊᠊᠊᠊᠊᠊᠊᠊᠊᠊᠊ ᠬᠤᠭᠤᠷ ᠰᠤᠷᠬᠤ ᠭᠦᠮᠤᠨ ᠬᠠᠷ᠎ᠠ ᠦᠷᠯᠦᠭᠡ ᠦᠨᠳᠦᠷ ᠮᠠᠩᠬᠠᠨ ᠤ ᠣᠷᠤᠢ ᠳᠡᠭᠡᠷ᠎ᠡ ᠰᠠᠭᠤᠵᠤ ᠪᠠᠢ᠌ᠭᠠᠤᠨ ᠳᠠᠳᠠᠪᠠᠯ ᠣᠳᠠᠬᠤ ᠦᠭᠡᠶ ᠰᠤᠷᠴᠢᠬᠠᠨ᠎ᠠ ᠭᠡᠵᠤ ᠪᠠᠷᠠᠭᠤᠨ ᠭᠡᠷ ᠤᠨ ᠠᠪᠠᠭ᠎ᠠ ᠨᠢ ᠭᠡᠯᠡᠭᠦᠯᠡᠷ ᠳᠠᠷᠠ ᠦᠨᠡᠮᠰᠢᠵᠤ ᠮᠠᠷᠭᠠᠰᠢ ᠦᠷᠯᠦᠭᠡ ᠨᠢ ᠳᠠᠷᠤᠢ ᠳᠦᠷᠦᠭᠦᠤ ᠳᠠᠭᠢᠶᠠᠨ ᠤ ᠳᠠᠭᠤᠨ ᠶᠢᠡᠷ ᠭᠦᠶᠤᠨ ᠪᠣᠰᠴᠤ ᠠᠢ᠌ᠯ ᠤᠨ ᠪᠠᠷᠠᠭᠤᠨ ᠡᠮᠦᠨ᠎ᠡ ᠰᠡᠭᠦᠢᠨ ᠰᠥᠡᠳᠡᠷᠯᠡᠭᠦ ᠦᠨᠳᠦᠷ ᠴᠠᠭᠠᠨ ᠮᠠᠩᠬᠠᠨ ᠤ ᠣᠷᠤᠢ ᠳᠤ ᠮᠠᠴᠤᠨ ᠭᠠᠷᠴᠤ ᠲᠦᠪ ᠰᠠᠢ᠌ᠬᠠᠨ ᠵᠠᠪᠢᠯᠠᠨ ᠰᠠᠭᠤᠵᠤ ᠳᠠᠳᠠᠪᠠ᠃

᠊᠊᠊᠊᠊᠊᠊᠊᠊᠊᠊᠊᠊᠊᠊ ᠲ᠋ᠡᠷᠭᠡᠯ ᠰᠠᠷᠠᠨ ᠤ ᠳᠤᠶᠠᠭᠠᠨ ᠳᠤᠤᠷ᠎ᠠ᠂ ᠭᠤᠤᠯ ᠭᠤᠷᠤᠬ᠎ᠠ ᠶᠢᠨ ᠭᠦᠪᠠᠭᠡᠨ ᠳᠤ ᠰᠠᠭᠤᠵᠤ ᠳᠠᠳᠠᠪᠠᠯ ᠰᠤᠷᠬᠤ ᠨᠢ ᠬᠤᠷᠳᠤᠨ ᠭᠡᠵᠤ ᠵᠡᠭᠦᠨ ᠭᠡᠷ ᠤᠨ ᠠᠬ᠎ᠠ ᠠᠷᠭ᠎ᠠ ᠵᠢᠭᠠᠭᠰᠠᠨ ᠳᠤ ᠳᠠᠷᠠ ᠮᠦᠨ ᠭᠤᠤᠯ ᠤᠨ ᠭᠦᠪᠠᠭᠡᠨ ᠳᠤ ᠣᠴᠢᠵᠤ ᠦᠪᠣᠢ᠌ᠵᠤ ᠰᠠᠭᠤᠭᠠᠤᠨ ᠰᠦᠨᠢ ᠲᠦᠯᠢ ᠪᠣᠯᠳᠠᠯ᠎ᠠ ᠬᠠᠯᠠᠰᠢᠷᠠᠯ ᠦᠭᠡᠶ ᠳᠠᠳᠠᠪᠠ᠃

᠊᠊᠊᠊᠊᠊᠊᠊᠊᠊᠊᠊᠊᠊᠊ ᠪᠢᠳᠡᠭᠦᠨ ᠤ ᠰᠦᠨᠢ ᠵᠤᠤᠬᠠᠨ ᠪᠣᠯᠤᠩ ᠳᠤ ᠰᠠᠭᠤᠵᠤ᠂ ᠬᠤᠭᠤᠷ ᠤᠨ ᠳᠤᠮᠪᠣ ᠪᠠᠨ ᠳᠤᠭᠤᠭᠰᠢ ᠪᠠᠨ ᠬᠠᠠᠳᠤᠭᠤᠯᠵᠤ ᠳᠠᠳᠠᠪᠠᠯ ᠴᠢᠳᠭᠦᠷ ᠢᠷᠠᠵᠤ ᠵᠢᠭᠠᠵᠤ ᠦᠭ‍ᠭᠦᠨ᠎ᠡ ᠭᠡᠨ᠎ᠡ ᠭᠡᠵᠤ ᠠᠢ᠌ᠯ ᠤᠨ ᠭᠦᠮᠤᠨ ᠡᠴᠡ ᠰᠤᠨᠤᠰᠤᠭᠰᠠᠨ ᠰᠦᠨ ᠯᠢᠶᠠᠩ ᠮᠦᠨ ᠵᠢᠯ ᠤᠨ ᠪᠢᠳᠡᠭᠦᠨ ᠤ ᠰᠦᠨᠢ ᠶᠢᠨ ᠫᠠᠤᠨ ᠬᠠᠷᠠᠩᠭ᠋ᠤᠢ ᠳᠤ ᠵᠤᠤᠬᠠᠨ ᠤ ᠳᠡᠭᠡᠷ᠎ᠡ ᠭᠠᠷᠴᠤ ᠪᠣᠭᠵᠣᠢ᠌ᠵᠤ ᠰᠠᠭᠤᠠᠭᠠᠤᠨ ᠴᠢᠳᠭᠦᠷ ᠢᠷᠠᠵᠤ ᠵᠢᠭᠠᠵᠤ ᠦᠭ‍ᠭᠦ ᠶᠢ ᠨᠢᠭᠡ ᠰᠦᠨᠢ ᠭᠦᠯᠢᠶᠡᠭ᠍ᠰᠡᠨ ᠶᠤᠮ᠃

ᠬᠤᠭᠤᠷ ᠭᠡᠳᠡᠭ᠌ ᠴᠢᠨᠢ ᠬᠠᠴᠢᠨ ᠰᠤᠨᠢᠨ ᠶᠠᠭᠤᠮ᠎ᠠ ᠭᠡᠯᠳᠡᠢ᠃ ᠳᠠᠷᠠ ᠴᠢᠨᠢ ᠴᠢᠳᠠᠳᠠᠭ ᠭᠦᠮᠤᠨ ᠳᠤ ᠪᠠᠨ ᠵᠢᠷᠤᠭ᠎ᠠ ᠶᠢᠨ ᠵᠢᠷᠤᠭ᠎ᠠ ᠮᠤᠷᠢ ᠰᠢᠭ ᠣᠷᠤᠰᠤᠮ᠎ᠠ ᠰᠠᠢ᠌ᠬᠠᠨ ᠭᠦᠭᠯᠡᠳᠡᠭ᠌ ᠴᠤ ᠴᠢᠳᠠᠬᠤ ᠦᠭᠡᠶ ᠨᠢᠭᠡ ᠳᠤ ᠪᠠᠨ ᠡᠮᠨᠢᠭ᠌ ᠦᠷᠢᠶ᠎ᠠ ᠰᠢᠭ᠌ ᠦᠰᠦᠷᠴᠤ ᠲᠤᠢ᠌ᠯᠠᠭᠠᠤᠨ ᠳᠤᠭᠰᠢᠨ ᠭᠡᠳᠡᠭ᠌ ᠨᠢ ᠳᠤᠩ ᠭᠡᠴᠡᠭᠦᠤ ᠡ ︕ ᠪᠠᠶ᠎ᠠ ᠡᠴᠡ ᠪᠠᠨ ᠳᠤᠮᠤ ᠬᠤᠭᠤᠷ ᠨᠢ ᠳᠡᠭᠦᠨ ᠤ ᠰᠠᠨᠠᠭ᠎ᠠ ᠪᠠᠷ ᠣᠷᠤᠬᠤ ᠶᠤᠮ ᠪᠢᠰᠢ᠃ ᠪᠢᠴᠢᠬᠠᠨ ᠭᠠᠷ ᠨᠢ ᠬᠤᠭᠤᠷ ᠤᠨ ᠠᠷᠠᠯ ᠪᠠ ᠣᠳᠠᠰᠤᠨ ᠳᠤ ᠭᠦᠷᠭᠦ ᠦᠭᠡᠶ᠂ ᠠᠷᠭ᠎ᠠ ᠪᠠᠨ ᠪᠠᠷᠠᠭᠰᠠᠨ ᠳᠠᠷᠠ ᠪᠠᠷ ᠬᠤᠭᠤᠷ ᠤᠨ ᠠᠷᠠᠯ ᠢ ᠪᠢᠴᠢᠬᠠᠨ ᠳᠤᠬᠤᠢ ᠳᠤ ᠪᠠᠨ ᠬᠠᠪᠴᠢᠵᠤ ᠳᠠᠳᠠᠭᠰᠠᠨ ᠴᠢᠨᠢ ᠵᠥᠭᠡᠷ ᠪᠣᠯᠵᠠᠢ᠃ ᠬᠤᠷᠤᠭᠤ ᠨᠤᠭᠤᠳ ᠨᠢ ᠬᠤᠭᠤᠷ ᠤᠨ ᠣᠳᠠᠰᠤᠨ ᠳᠤ ᠪᠠᠷᠳᠠᠮ ᠭᠦᠷᠭᠦ ᠪᠣᠯᠤᠭᠰᠠᠨ ᠶᠤᠮ᠃

ᠲ᠋ᠠᠷᠠ ᠦᠪᠡᠷᠤᠨ ᠪᠠᠶ᠎ᠠ ᠳᠤ ᠪᠠᠨ ᠳᠤᠭᠢᠷᠠᠭᠰᠠᠨ ᠨᠢᠭᠡ ᠵᠢᠵᠢᠭ᠌ ᠬᠤᠭᠤᠷ ᠲᠡᠶ ᠪᠣᠯᠬᠤ ᠰᠠᠨ ᠭᠡᠭᠦ ᠭᠦᠰᠡᠯ ᠨᠢ ᠡᠳᠦᠷ ᠤᠨ ᠪᠣᠳᠤᠯ ᠰᠦᠨᠢ ᠶᠢᠨ ᠵᠡᠭᠦᠳᠤ ᠪᠣᠯᠤᠯ᠎ᠠ᠃ ᠭᠡᠪᠠᠴᠤ ᠭᠡᠷ ᠶᠠᠳᠠᠭᠤ ᠬᠤᠭᠤᠷ ᠵᠤᠬᠢᠶᠠᠯᠭᠠᠬᠤ ᠵᠤᠭᠤᠰ ᠬᠠᠮᠢᠭ᠎ᠠ ᠪᠠᠢ᠌ᠬᠤ ᠪᠣᠢ ︕ ᠠᠪᠣ ᠶᠢᠨ ᠬᠤᠭᠤᠷ ᠢ ᠳᠤᠷ᠎ᠠ ᠪᠠᠷ ᠠᠪᠴᠤ ᠳᠠᠳᠠᠵᠤ ᠪᠣᠯᠬᠤ ᠦᠭᠡᠶ᠃ ᠠᠪᠣ ᠳᠤ ᠮᠡᠳᠡᠭ᠍ᠳᠡᠪᠠᠯ ᠠᠪᠣ ᠠᠭᠤᠷᠯᠠᠨ᠎ᠠ᠃ ᠨᠢᠭᠡ ᠣᠳᠠᠭ᠎ᠠ ᠠᠪᠣ ᠶᠢᠨ ᠬᠤᠭᠤᠷ ᠢ ᠠᠪᠴᠤ ᠳᠠᠳᠠᠵᠤ ᠪᠠᠢ᠌ᠭᠠᠤᠨ ᠪᠠᠷᠢᠭᠳᠠᠵᠤ ᠭᠡᠴᠡᠭᠦᠤ ᠵᠤᠳᠤᠭᠳᠠᠭᠰᠠᠨ ᠶᠢᠡᠨ ᠣᠳᠤ ᠪᠣᠯᠳᠠᠯ᠎ᠠ ᠮᠠᠷᠳᠠᠭ᠎ᠠ ᠦᠭᠡᠶ᠃

ᠲ᠋ᠠᠷᠠ ᠣᠳᠠᠭ᠎ᠠ ᠠᠪᠣ ᠨᠢ ᠠᠭᠤᠷᠯᠠᠭᠠᠤᠨ ᠪᠣᠷᠭᠠᠰᠤ ᠰᠤᠭᠤᠯᠤᠨ ᠬᠤᠶᠠᠷ ᠭᠤᠶᠠᠳᠠᠬᠤ ᠳᠤ ᠳᠠᠷᠠ ᠰᠠᠠᠳᠤᠷᠤᠨ ᠬᠤᠭᠤᠷ ᠶᠢᠡᠨ ᠪᠠᠷᠢᠭᠠᠤᠨ ᠭᠡᠷ ᠤᠨ ᠣᠷᠤᠢ ᠳᠡᠭᠡᠷ᠎ᠡ ᠭᠦᠶ‍ᠦᠭᠡᠳ ᠭᠠᠷᠤᠭᠰᠠᠨ ᠪᠢᠯᠠ ︕ ᠳᠠᠷᠠ ᠵᠠᠯᠭᠠᠭᠠᠤᠨ ᠳᠠᠳᠠᠨ᠎ᠠ᠃ ᠣᠳᠠᠰᠤᠨ ᠳᠠᠳᠤᠢ ᠴᠤ ᠭᠡᠰᠡᠨ ᠳᠡᠭ᠍ᠷᠢ ᠡᠴᠡ ᠤᠢ᠌ᠷ᠎ᠡ ᠪᠣᠯᠤᠭᠰᠠᠨ ᠤ ᠭᠢ ᠴᠤ ᠶᠤᠮ ᠦᠦ ︕ ᠬᠤᠭᠤᠷ ᠤᠨ ᠡᠭᠡᠰᠢᠭ᠌ 《ᠭᠢ ︕ ᠭᠨ ︕》 ᠭᠡᠵᠤ ᠪᠠᠢ᠌ᠭᠰᠠᠭᠠᠷ ᠶᠡᠭᠡ ᠰᠢᠯᠤᠭᠤᠬᠠᠨ ᠰᠠᠢ᠌ᠬᠠᠨ ᠠᠶ᠎ᠠ ᠭᠠᠷᠬᠤ ᠰᠢᠭ ᠪᠣᠯᠤᠯ᠎ᠠ᠃ ᠳᠠᠷᠠ ᠣᠯᠠᠮ ᠬᠠᠯᠠᠮᠰᠢᠵᠤ ᠢᠳᠠᠳᠠᠢ ᠳᠠᠳᠠᠭᠰᠠᠭᠠᠷ ᠨᠢᠭᠡ ᠮᠡᠳᠡᠭ᠍ᠰᠡᠨ ᠴᠢᠨᠢ ᠪᠦᠭᠦ ᠪᠠᠶ᠎ᠠ ᠨᠢ ᠪᠠᠳᠠᠭᠠᠨ᠎ᠠ ᠳᠤ ᠵᠠᠭᠤᠭᠳᠠᠭᠠᠤᠨ ᠡ᠊ᠨᠳᠡ ᠨᠢ ᠣᠪᠣᠭᠤᠷ ᠂ ᠳᠠᠠᠳᠠ ᠨᠢ ᠳᠤᠪᠣᠭᠤᠷ ᠪᠣᠯᠤᠭᠠᠤᠨ ᠡᠷᠡᠭᠦᠯ ᠭᠠᠵᠡᠷ ᠥᠯᠡᠳᠡᠭ᠍ᠰᠡᠨ ᠥᠭᠡᠢ᠃ ᠳᠡᠭᠦᠨ ᠡᠴᠡ ᠬᠣᠢ᠌ᠨ᠎ᠠ ᠠᠪᠣ ᠡᠵᠢ ᠡᠴᠡ ᠪᠠᠨ ᠨᠢᠭᠤᠨ ᠳᠠᠯᠳᠠᠯᠠᠵᠤ ᠭᠡᠭᠡᠷ᠎ᠡ ᠭᠡᠳᠡᠨ᠎ᠡ ᠭᠠᠷᠴᠤ ᠳᠠᠳᠠᠬᠤ᠂ ᠭᠠᠬᠠᠢ ᠶᠢᠨ ᠡᠭᠦᠷ ᠲᠤ ᠨᠢᠭᠤᠵᠤ ᠳᠠᠳᠠᠬᠤ᠂ ᠡᠰᠡᠭᠦᠯ᠎ᠡ ᠬᠠᠷᠡᠩᠭ᠋ᠦᠢ ᠰᠦᠨᠢ ᠭᠤᠷᠪᠠᠯᠵᠢᠨ ᠵᠠᠮ ᠤᠨ ᠠᠭᠤᠯᠵᠠᠷ ᠲᠤ ᠣᠴᠢᠵᠤ ᠳᠠᠳᠠᠬᠤ ᠣᠳᠠᠭ᠎ᠠ ᠴᠤ ᠭᠠᠷᠴᠤ ᠪᠠᠢ᠌ᠭᠰᠠᠨ ᠶᠤᠮ᠃ ᠮᠤᠩᠭ᠋ᠤᠯ ᠠᠷᠠᠤᠨ ᠤᠨ ᠳᠤᠮᠳᠠ ᠭᠦᠭ᠍ᠵᠢᠮ ᠰᠤᠷᠬᠤ ᠳᠤᠬᠠᠢ ᠡᠢ᠌ᠮᠤ ᠨᠢᠭᠡᠨ ᠣᠯᠠᠮᠵᠢᠯᠠᠯ ᠶᠠᠷᠢᠶ᠎ᠠ ᠪᠠᠢ᠌ᠬᠤ ᠶᠢ ᠰᠦᠨ ᠯᠢᠶᠠᠩ ᠪᠠᠳᠤ ᠴᠡᠭᠡᠵᠢᠯᠡᠵᠤ ᠪᠠᠢ᠌ᠪᠠ᠃

ᠬᠤᠭᠤᠷ ᠰᠤᠷᠬᠤ ᠭᠦᠮᠤᠨ ᠬᠠᠷᠠᠩᠭ᠋ᠤᠢ ᠰᠦᠨᠢ ᠭᠤᠷᠪᠠᠨ ᠵᠠᠮ ᠤᠨ ᠠᠭᠤᠯᠵᠠᠷ ᠳᠡᠭᠡᠷ᠎ᠡ ᠣᠴᠢᠭᠠᠤᠨ ᠬᠤᠪᠠᠬᠠᠢ ᠮᠤᠷᠢᠨ ᠳᠤᠯᠤᠭᠠᠢ ᠶᠢ ᠪᠣᠷᠤᠭᠤ ᠬᠠᠷᠠᠭᠤᠯᠵᠤ ᠣᠨᠤᠭᠠᠤᠨ ᠬᠤᠭᠤᠷ ᠶᠢᠡᠨ ᠳᠤᠷᠤᠭᠰᠢ ᠬᠠᠠᠳᠤᠭᠤᠯᠤᠨ ᠪᠠᠷᠢᠵᠤ ᠰᠠᠭᠤᠨ᠎ᠠ᠃ ᠡᠨᠡ ᠦᠶ᠎ᠡ ᠳᠤ ᠨᠢᠭᠡ ᠴᠢᠳᠭᠦᠷ ᠭᠡᠨᠡᠳᠲᠡ ᠢᠷᠠᠵᠤ᠄

᠊᠊᠊᠊᠊᠊᠊᠊᠊᠊᠊᠊᠊᠊᠊ ᠴᠢ ᠨᠠᠳᠠ ᠳᠤ ᠶᠠᠭᠤ ᠦᠭ‍ᠭᠦᠨ᠎ᠡ ᠪᠣᠢ ︖ ᠨᠢᠭᠡ ᠨᠢᠳᠤ ᠪᠠᠨ᠂ ᠨᠢᠭᠡ ᠭᠦᠯ ᠶᠢᠡᠨ᠂ ᠡᠰᠡᠭᠦᠯ᠎ᠡ ᠭᠦᠯ ᠤᠨ ᠬᠤᠷᠤᠭᠤ ᠪᠠᠨ ᠦᠭ‍ᠭᠦᠨ᠎ᠡ ᠦᠦ ︖ ᠭᠡᠵᠤ ᠠᠰᠠᠭᠤᠳᠠᠭ ᠭᠡᠨ᠎ᠡ᠃

ᠡᠨᠡ ᠦᠶ᠎ᠡ ᠳᠤ ᠬᠤᠭᠤᠷ ᠰᠤᠷᠬᠤ ᠭᠦᠮᠤᠨ ᠠᠶᠤᠨ ᠰᠦᠷᠳᠠᠵᠤ ᠪᠣᠯᠬᠤ ᠦᠭᠡᠶ᠃ ᠵᠠᠪᠠᠯ ᠨᠢᠭᠡ ᠳᠤᠳᠤᠷᠬᠠᠢ ᠬᠠᠷᠢᠭᠤᠯᠳᠠ ᠦᠭ‍ᠭᠦ ᠭᠡᠷᠡᠭ᠍ᠳᠡᠢ ᠪᠠᠢ᠌ᠯ᠎ᠠ᠃ ᠭᠡᠷᠪᠡ ᠨᠢᠳᠤ ᠪᠠᠨ ᠦᠭ‍ᠭᠦᠶ᠎ᠡ ᠭᠡᠪᠠᠯ ᠦᠷᠦᠭᠡᠰᠤᠨ ᠨᠢᠳᠤ ᠨᠢ ᠰᠤᠬᠤᠷᠠᠨ᠎ᠠ᠃ ᠭᠡᠷᠪᠡ ᠬᠤᠶᠠᠷ ᠨᠢᠳᠤ ᠪᠠᠨ ᠠᠮᠠ ᠠᠯᠳᠠᠪᠠᠯ ᠬᠤᠤᠰ ᠮᠠᠯᠮᠠᠢ ᠪᠠᠨ ᠠᠯᠳᠠᠵᠤ ᠳᠠᠭ ᠰᠤᠬᠤᠷ ᠪᠣᠯᠳᠠᠭ᠃ ᠭᠡᠷᠪᠡ ᠭᠦᠯ ᠦᠭ‍ᠭᠦᠶ᠎ᠡ ᠭᠡᠪᠠᠯ ᠳᠠᠷᠤᠢ ᠳᠤᠭᠤᠯᠠᠩ ᠳᠡᠢ᠌ᠷᠡᠭ᠌ ᠪᠣᠯᠤᠨ᠎ᠠ᠃ ᠢᠩᠭᠢᠪᠠᠯ ᠳᠠᠷᠠ ᠠᠮᠠᠷᠬᠠᠨ ᠬᠤᠭᠤᠷ ᠰᠤᠷᠴᠢᠨ᠎ᠠ ᠭᠡᠳᠡᠭ᠌᠃

ᠭᠡᠳᠥᠢᠪᠠᠷ ᠶᠠᠮᠠᠷ ᠴᠤ ᠡᠰᠢ ᠪᠠᠷᠢᠮᠳᠠ ᠦᠭᠡᠶ ᠣᠯᠠᠮᠵᠢᠯᠠᠯ ᠶᠠᠷᠢᠶ᠎ᠠ ᠳᠠᠳᠤᠢ ᠪᠣᠯᠪᠠᠴᠤ ᠡᠭᠦᠨ ᠳᠤ ᠨᠢᠭᠡ ᠶᠤᠰᠤ ᠣᠴᠢᠷ ᠢ ᠬᠠᠷᠠᠭᠤᠯᠵᠤ ᠪᠠᠢ᠌ᠭ᠎ᠠ ᠶᠤᠮ᠃ ᠮᠤᠩᠭ᠋ᠤᠯᠴᠤᠳ ᠬᠤᠭᠤᠷ ᠢ ᠳᠡᠭᠡᠵᠤ ᠶᠡᠭᠡ ᠬᠠᠢ᠌ᠷᠠᠯᠠᠳᠠᠭ᠃ ᠬᠤᠭᠤᠷ ᠰᠤᠷᠬᠤ ᠶᠢᠨ ᠲᠦᠯᠦᠭᠡ ᠦᠪᠡᠷ ᠤᠨ ᠨᠢᠳᠤᠨ ᠤ ᠴᠡᠴᠡᠭᠡᠢ ᠪᠠᠨ᠂ ᠪᠠᠶ᠎ᠠ ᠶᠢᠨ ᠠᠯᠢ ᠨᠢᠭᠡᠨ ᠡᠷᠭᠡᠳᠡᠨ ᠶᠢᠡᠨ ᠵᠤᠷᠢᠭᠤᠯᠬᠤ ᠡᠴᠡ ᠬᠣᠢ᠌ᠰᠢ ᠦᠭᠡᠶ ᠪᠠᠢ᠌ᠳᠠᠭ ᠵᠤᠷᠢᠭ ᠰᠠᠨᠠᠭ᠎ᠠ ᠨᠢ ᠢᠯᠡᠭᠡᠨ ᠪᠠᠢ᠌ᠨ᠎ᠠ᠃ ᠨᠥᠭᠦᠭᠡ ᠳᠠᠯ᠎ᠠ ᠪᠠᠷ᠂ ᠴᠤᠭᠤᠷ ᠢ ᠪᠣᠷᠬᠠᠨ ᠪᠦᠳᠦᠭᠡᠵᠤ ᠬᠤᠭᠤᠷ ᠢ ᠴᠢᠳᠭᠦᠷ ᠪᠦᠳᠦᠭᠡᠯ᠎ᠡ ᠭᠡᠭᠦ ᠳᠤᠮᠤᠭ ᠶᠠᠷᠢᠶ᠎ᠠ ᠪᠠᠢ᠌ᠳᠠᠭ ᠡᠴᠡ ᠬᠤᠭᠤᠷ ᠰᠤᠷᠬᠤ ᠭᠦᠮᠤᠨ ᠡᠷᠭᠡᠪᠰᠢ ᠴᠢᠳᠭᠦᠷ ᠰᠢᠮᠨᠤᠰ ᠤᠨ ᠭᠦᠳᠡᠯᠭᠡᠭᠡᠨ ᠭᠢᠳᠡᠭ᠌ ᠰᠦᠨᠢ ᠬᠠᠷᠠᠩᠭ᠋ᠤᠢ ᠳᠤ ᠳᠠᠳᠠᠪᠠᠯ ᠰᠠ‍‌ᠶᠢ ᠠᠮᠠᠷᠬᠠᠨ ᠰᠤᠷᠴᠤ ᠳᠡᠢ᠌ᠯᠳᠡᠭ᠌ ᠭᠡᠨ᠎ᠡ᠃

ᠨᠢᠭᠡ ᠭᠦᠮᠤᠨ ᠤ ᠰᠠᠴᠠᠨ ᠮᠡᠷᠭᠡᠨ ᠨᠢ ᠦᠪᠡᠷ ᠤᠨ ᠠᠮᠢᠳᠤᠷᠠᠯ ᠤᠨ ᠵᠠᠮ ᠶᠢᠠᠨ ᠥᠪᠠᠷᠳᠡᠭᠡᠨ ᠵᠦᠪ ᠰᠤᠩᠭ᠋ᠤᠵᠤ ᠴᠢᠳᠠᠬᠤ ᠡᠰᠡᠭᠦ᠂ ᠰᠤᠩᠭ᠋ᠤᠭᠰᠠᠨ ᠵᠠᠮ ᠶᠢᠡᠷ ᠶᠢᠡᠨ ᠵᠦᠪ ᠶᠠᠪᠣᠵᠤ ᠴᠢᠳᠠᠬᠤ ᠡᠰᠡᠭᠦ᠂ ᠬᠠᠯᠠᠰᠢᠷᠠᠯ ᠦᠭᠡᠶ ᠵᠠᠮᠨᠠᠵᠤ ᠳᠡᠢ᠌ᠯᠭᠦ ᠡᠰᠡᠭᠦ ᠳᠤ ᠣᠷᠤᠰᠢᠨ᠎ᠠ᠃

ᠭᠦᠮᠤᠨ ᠳᠦᠷᠤᠯᠭᠢᠳᠠᠨ ᠡᠴᠡ ᠠᠷᠠᠰᠤ᠂ ᠶᠠᠰᠤ᠂ ᠮᠤᠳᠤ᠂ ᠬᠤᠯᠤᠰᠤ ᠮᠠᠳᠤ ᠶᠢᠨ ᠠᠮᠢᠳᠠᠨ ᠣᠷᠭᠤᠮᠠᠯ ᠤᠨ ᠪᠠᠶ᠎ᠠ ᠳᠡᠭᠡᠷᠡᠭᠢ ᠡᠰ ᠮᠠᠲ᠋ᠸᠷᠢᠶᠠᠯ ᠶᠢᠡᠷ ᠭᠦᠭ᠍ᠵᠢᠮ ᠤᠨ ᠵᠡᠪᠰᠡᠭ᠌ ᠦᠢᠯᠡᠳᠬᠦ ᠪᠣᠯᠤᠭᠰᠠᠨ ᠨᠢ ᠵᠡᠷᠯᠢᠭ᠌ ᠪᠠᠯᠠᠮᠠᠤᠨ ᠪᠠᠯᠠᠷᠯᠢᠭ ᠡᠷᠡᠨ ᠡᠴᠡ ᠪᠣᠳᠠᠰ ᠤᠨ ᠪᠣᠯᠪᠠᠰᠤᠨ ᠤ ᠪᠣᠱᠤᠭ᠎ᠠ ᠶᠢ ᠠᠯᠬᠤᠭᠰᠠᠨ ᠰᠢᠨ᠎ᠠ ᠱᠠᠳᠤ ᠦᠶ᠎ᠡ ᠳᠤ ᠣᠷᠤᠭᠰᠠᠨ ᠤ ᠭᠢᠨᠢ ᠪᠠᠯᠭᠡ ᠳᠡᠮᠳᠡᠭ᠌ ᠪᠣᠯᠤᠭᠰᠠᠨ ᠭᠡᠯᠳᠡᠢ ᠃ ᠭᠡᠭᠦ ᠳᠤ ᠭᠠᠭᠴᠠᠬᠠᠨ ᠳᠦᠷᠪᠠᠨ ᠣᠳᠠᠰᠤᠳᠤ ᠬᠤᠭᠤᠷ ᠤᠨ ᠪᠠᠶ᠎ᠠ ᠳᠡᠭᠡᠷ᠎ᠡ ᠠᠷᠠᠰᠤ᠂ ᠶᠠᠰᠤ᠂ ᠮᠤᠳᠤ᠂ ᠬᠤᠯᠤᠰᠤ ᠵᠡᠷᠭᠡ ᠳᠦᠷᠪᠡᠨ ᠡᠯᠧᠮᠧᠨ᠋ᠲ ᠢ᠌ ᠪᠦᠷᠢᠯᠳᠦᠭᠦᠯᠦᠭ᠍ᠰᠡᠨ ᠪᠣᠯᠬᠤᠷ ᠢᠷᠠᠭᠤ ᠡᠭᠡᠰᠢᠭ᠌ ᠶᠢᠡᠷ ᠶᠢᠡᠨ ᠬᠤᠷᠸ᠎ᠠ ᠵᠢᠨ ᠣᠢ᠌ᠯᠡ ᠶᠢ᠌ ᠭᠦᠦᠷᠨᠢᠵᠤ ᠡᠭᠢᠯᠡᠭᠦ ᠳᠤ᠂ ᠣᠩᠭ᠋ᠤᠳ ᠰᠢᠳᠦᠭᠡᠨ ᠣᠷᠤᠰᠢᠭᠰᠠᠨ ᠮᠠᠳᠤ ᠰᠦᠨ ᠯᠢᠶᠠᠩ ᠤᠨ ᠪᠠᠶ᠎ᠠ ᠳᠤ ᠯᠠ ᠪᠠᠢ᠌ᠳᠠᠭ ᠨᠢᠭᠡ ᠵᠣᠢ᠌ᠯ ᠤᠨ ᠳᠦᠷᠤᠯᠭᠢ ᠠᠪᠢᠶᠠᠰ ᠴᠤᠬᠣᠢ᠌ᠨ ᠦᠨᠳᠠᠯᠵᠠᠵᠤ ᠪᠠᠢ᠌ᠨ᠎ᠠ᠃

ᠳᠦᠷᠪᠡᠨ ᠣᠳᠠᠰᠤᠳᠤ ᠬᠤᠭᠤᠷ ᠪᠣᠯ ᠬᠤᠷᠴᠢᠨ ᠮᠤᠩᠭ᠋ᠤᠯ ᠭᠦᠮᠤᠨ ᠤ ᠭᠦᠮᠤᠨ ᠪᠠᠢ᠌ᠭᠠᠯᠢ ᠶᠢᠨ ᠰᠢᠳᠦᠯᠴᠡᠭᠡ᠂ ᠭᠦᠳᠡᠯᠮᠦᠷᠢ ᠳᠠᠮᠠᠴᠠᠯ ᠤᠨ ᠥᠢᠯᠡᠳᠦᠯᠭᠡ ᠶᠢᠨ ᠳᠡᠦᠭᠡᠨ ᠶᠠᠪᠣᠴᠠ ᠳ᠋ᠤ ᠪᠣᠢ ᠪᠣᠯᠤᠭᠰᠠᠨ ᠰᠤᠶᠤᠯ ᠣᠷᠠᠯᠢᠭ ᠤᠨ ᠪᠠᠭᠠᠵᠢ ᠪᠣᠯᠬᠤ ᠮᠦᠷᠳᠡᠭᠡᠨ ᠭᠦᠮᠤᠨ ᠳᠦᠷᠤᠯᠭᠢᠳᠠᠨ ᠤ ᠪᠣᠯᠪᠠᠰᠤᠨ ᠤ ᠪᠣᠳᠠᠳᠤ ᠢᠯᠡᠷᠡᠭᠦᠨ ᠮᠦᠨ᠃ ᠳᠡᠭᠦᠨ ᠤ ᠭᠦᠭ᠍ᠵᠢᠮ ᠤᠨ ᠳᠦᠷᠢ ᠭᠡᠵᠤ ᠭᠦᠭ᠍ᠵᠢᠮ ᠤᠨ ᠥᠭᠡ ᠭᠡᠯᠡ ᠨᠤᠲ᠋᠂ ᠡᠭᠡᠰᠢᠭ᠌᠂ ᠠᠢ᠌ᠵᠢᠮ᠂ ᠥᠩᠭᠡ᠂ ᠭᠡᠮᠵᠢᠶ᠎ᠡ ᠵᠡᠷᠭᠡ ᠣᠯᠠᠨ ᠳᠠᠯ᠎ᠠ ᠶᠢᠨ ᠠᠭᠤᠯᠭ᠎ᠠ ᠲᠡᠶ ᠪᠠᠷ ᠳᠠᠮᠵᠢᠵᠤ ᠶᠠᠮᠠᠷ ᠨᠢᠭᠡᠨ ᠭᠤᠤᠯ ᠰᠠᠳᠤᠪ ᠢ ᠳᠤᠪᠣᠢ᠌ᠯᠭᠠᠬᠤ ᠶᠢ ᠭᠡᠯᠡᠳᠡᠭ᠌᠃ ᠳᠠᠷᠠ ᠨᠢ ᠣᠷᠠᠨ ᠵᠢᠷᠤᠭ ᠤᠨ ᠥᠩᠭᠡ ᠪᠣᠳᠤᠭ ᠰᠢᠭ ᠨᠢᠳᠤᠨ ᠳᠤ ᠥᠵᠡᠭ᠍ᠳᠡᠭᠦ ᠶᠠᠭᠤᠮ᠎ᠠ ᠪᠢᠰᠢ᠂ ᠬᠠᠷᠢᠨ ᠰᠤᠨᠤᠷ ᠶᠢᠡᠨ ᠳᠠᠮᠵᠢᠨ ᠰᠢᠭᠤᠳ ᠰᠠᠷᠠᠯ ᠳᠤ ᠰᠡᠷᠡᠭ᠍ᠳᠡᠭᠦ ᠳᠠᠭᠤᠳᠤ ᠣᠷᠠᠯᠢᠭ ᠪᠣᠯᠬᠤ ᠶᠤᠮ᠃ ᠮᠠᠨ ᠤ ᠣᠯᠤᠰ ᠤᠨ ᠡᠷᠳᠡᠨ ᠤ ᠭᠦᠭ᠍ᠵᠢᠮ ᠤᠨ ᠠᠯᠳᠠᠷᠳᠤ ᠵᠤᠬᠢᠶᠠᠯ 《ᠭᠦᠭ᠍ᠵᠢᠮ ᠤᠨ ᠳᠡᠮᠳᠡᠭᠯᠡᠯ》 ᠳ᠋ᠤ 《ᠳᠠᠭᠤᠤ ᠭᠦᠭ᠍ᠵᠢᠮ ᠪᠣᠯ ᠨᠢᠭᠡᠨ ᠵᠣᠢ᠌ᠯ ᠤᠨ ᠳᠠᠭᠤᠨ ᠡᠭᠡᠰᠢᠭ᠌ ᠤᠨ ᠣᠷᠠᠯᠢᠭ ᠶᠤᠮ》 ᠭᠡᠰᠡᠨ ᠰᠢᠭ᠌ ᠶᠢᠡᠷ ᠭᠦᠭ᠍ᠵᠢᠮ ᠤᠨ ᠳᠦᠷᠢ ᠨᠢ ᠶᠠᠭᠤᠨ ᠤ ᠡᠮᠦᠨ᠎ᠡ ᠳᠠᠭᠤᠨ ᠡᠭᠡᠰᠢᠭ᠌ ᠶᠢᠡᠷ ᠪᠣᠰᠬᠠᠭᠳᠠᠳᠠᠭ᠃ ᠡᠢ᠌ᠮᠤ ᠡᠴᠡ ᠭᠦᠭ᠍ᠵᠢᠮ ᠨᠢ ᠮᠦᠨ ᠴᠤ ᠣᠤᠠᠬ᠎ᠠ ᠵᠤᠬᠢᠶᠠᠯ ᠲᠡᠶ ᠠᠳᠠᠯᠢ ᠪᠠᠷ ᠳᠦᠷᠢ ᠪᠦᠳᠦᠭᠡᠯᠭᠡ ᠲᠡᠶ ᠳᠤᠯᠠ ᠳᠦᠷᠪᠠᠨ ᠣᠳᠠᠰᠤᠳᠤ ᠬᠤᠭᠤᠷ ᠨᠢ ᠭᠦᠮᠤᠨ ᠲᠦᠷᠦᠯᠭᠢᠳᠠᠨ ᠤ ᠦᠢ᠌ ᠣᠯᠠᠨ ᠭᠦᠭ᠍ᠵᠢᠮ ᠤᠨ ᠪᠠᠭᠠᠵᠢ ᠶᠢᠨ ᠭᠦᠮᠦᠷᠭᠡ ᠡᠴᠡ ᠢᠯᠡᠷᠡᠭ᠍ᠰᠡᠨ ᠨᠢᠭᠡ ᠲ᠋ᠦᠮᠤ ᠭᠡᠷᠡᠯᠳᠤ ᠰᠤᠪᠣᠤᠨ ᠪᠣᠯᠬᠤ ᠶᠤᠮ᠃

ᠳᠦᠷᠪᠡᠨ ᠣᠳᠠᠰᠤᠳᠤ ᠬᠤᠭᠤᠷ ᠨᠢ ᠣᠤᠯ ᠨᠢ ᠭᠡᠳᠥᠢᠪᠠᠷ ᠣᠭᠢ ᠰᠢᠯᠢᠳᠡᠭ᠌ ᠭᠦᠭ᠍ᠵᠢᠮ ᠤᠨ ᠪᠠᠭᠠᠵᠢ ᠪᠠᠢ᠌ᠭᠰᠠᠨ ᠦᠭᠡᠶ ᠪᠣᠯᠪᠠᠴᠤ ᠮᠤᠩᠭ᠋ᠤᠯ ᠭᠦᠮᠤᠨ ᠤ ᠦᠶ᠎ᠡ ᠶᠢᠨ ᠦᠶ᠎ᠡ᠂ ᠠᠴᠢ ᠶᠢᠨ ᠠᠴᠢ ᠳᠤ ᠳᠡᠭᠡᠳᠦᠯᠡᠭ᠍ᠳᠡᠵᠤ᠂ ᠵᠠᠯᠭᠠᠮᠵᠢᠯᠠᠭᠳᠠᠭᠰᠠᠭᠠᠷ ᠢᠷᠡᠭ᠍ᠰᠡᠨ ᠨᠢᠭᠡᠨ ᠭᠦᠭ᠍ᠵᠢᠮ ᠤᠨ ᠪᠠᠭᠠᠵᠢ ᠶᠤᠮ᠃ ᠬᠤᠭᠤᠷ ᠤᠨ ᠭᠦᠩᠭᠢᠨᠡᠮ᠎ᠡ ᠰᠠᠢ᠌ᠬᠠᠨ ᠠᠶ᠎ᠠ ᠨᠢ ᠮᠤᠩᠭ᠋ᠤᠯ ᠠᠮᠢᠳᠤᠷᠠᠯ ᠤᠨ ᠭᠦᠭ᠌ ᠠᠢ᠌ᠵᠢᠮ ᠪᠣᠯᠵᠤ ᠢᠳᠡᠭᠡᠰᠢᠭᠡᠳ ᠳᠡᠷᠡᠭᠦ ᠢᠷᠠᠭᠤ ᠣᠶᠠᠩᠭ᠋ᠠᠯᠢᠭ ᠳᠠᠭᠤᠨ ᠠᠶᠠᠰ ᠡᠴᠡ ᠨᠠᠪᠴᠢᠵᠤ ᠭᠠᠷᠤᠭ᠎ᠠ ᠣᠶᠠᠨ ᠬᠠᠳᠠᠨ ᠰᠢᠠᠵᠢ᠂ ᠠᠭᠤᠵᠢᠮ ᠪᠠᠭᠳᠠᠭᠠᠮᠵᠢᠳᠤ ᠴᠢᠨᠠᠷ ᠨᠢ ᠰᠦᠨ ᠯᠢᠶᠠᠩ ᠤᠨ ᠰᠡᠳᠭᠢᠯ ᠵᠢᠷᠦᠭᠡᠨ ᠡᠴᠡ ᠳᠠᠳᠠᠵᠤ ᠴᠢᠩᠭ᠋ᠠᠭᠠᠵᠤ ᠪᠠᠢ᠌ᠬᠤ ᠰᠢᠭ᠂ ᠡᠭᠡᠰᠢᠭ᠌ ᠳᠠᠭᠤ ᠨᠢ 《ᠨᠠᠮ ᠵᠢᠮ ᠢ ᠰᠡᠳᠭᠢᠭᠦᠯᠵᠤ᠂ ᠨᠠᠭᠠᠠᠨ᠎ᠠ ᠴᠠᠭᠠᠨ᠎ᠠ ᠶᠢ ᠪᠣᠳᠤᠭᠤᠯᠬᠤ》 ᠰᠢᠳᠢ ᠣᠪᠠᠳᠢᠰ ᠲᠡᠶ ᠶᠤᠮ ᠰᠢᠭ ᠰᠦᠨ ᠯᠢᠶᠠᠩ ᠤᠨ ᠰᠠᠷᠠᠯ ᠰᠡᠳᠭᠢᠭᠦᠢ ᠳᠤ ᠬᠤᠷᠳᠤᠨ ᠳᠦᠷᠭᠡᠨ ᠮᠦᠷᠳᠡᠭᠡᠨ ᠣᠭᠵᠢᠮ ᠣᠢ᠌ᠯᠳᠠ ᠡᠭᠦᠰᠭᠡᠨ᠂ ᠬᠤᠭᠤᠷ ᠤᠨ ᠳᠡᠷᠡᠭᠦ ᠲᠤᠢ᠌ᠯ ᠳᠤ ᠪᠠᠨ ᠳᠤᠯᠤᠭᠰᠠᠨ ᠢᠯᠡᠳᠭᠡᠭᠦ ᠴᠢᠳᠠᠪᠭᠢ ᠪᠦᠭᠦᠢ ᠠᠶᠠᠰ ᠠᠢ᠌ᠵᠢᠮ ᠡᠴᠡ ᠳᠠᠭᠤᠳᠠᠨ ᠣᠷᠢᠶᠠᠯᠠᠬᠤ ᠰᠡᠳᠬᠢᠯᠭᠡ ᠣᠷᠭᠢᠯᠤᠨ ᠪᠣᠷᠭᠢᠯᠤᠨ ᠪᠠᠢ᠌ᠨ᠎ᠠ᠃

ᠰᠦᠨ ᠯᠢᠶᠡᠩ ᠨᠢᠭᠡᠨ ᠰᠡᠢ᠌ᠨ ᠬᠤᠭᠤᠷᠴᠢ ᠪᠣᠯᠬᠤ ᠶᠢᠨ ᠲᠦᠯᠦᠭᠡ ᠳᠤᠮᠤᠭ ᠲᠤ ᠭᠠᠷᠳᠠᠭ ᠰᠢᠭ ᠪᠠᠶ᠎ᠠ ᠶᠢᠨ ᠨᠢᠭᠡ ᠡᠷᠭᠡᠳᠡᠨ ᠶᠢᠡᠨ ᠵᠤᠷᠢᠭᠤᠯᠬᠤ ᠡᠴᠡ ᠪᠣᠴᠠᠬᠤ ᠦᠭᠡᠶ ᠭᠡᠮᠡᠷ ᠵᠤᠷᠢᠭᠯᠠᠵᠤ ᠪᠠᠢ᠌ᠯ᠎ᠠ᠃

ᠪᠢᠴᠢᠬᠠᠨ ᠬᠡᠦᠬᠡᠳ ᠤᠨ ᠶᠠᠪᠣᠳᠠᠯ ᠭᠡᠵᠤ ᠨᠢᠭᠡ ᠶᠠᠭᠤᠮ᠎ᠠ ᠶᠢ ᠰᠤᠨᠤᠰᠪᠠᠯ ᠥᠭᠦᠨ ᠢᠳᠡᠭᠡᠴᠢᠭᠡᠭᠦ ᠶᠤᠮ ᠪᠠᠢ᠌ᠨ᠎ᠠ᠃ ᠨᠢᠭᠡᠨ ᠬᠠᠷ᠎ᠠ ᠡᠭᠦᠯᠠ ᠨᠡᠳᠥᠢᠭ᠍ᠰᠡᠨ ᠫᠡᠳ ᠬᠠᠷᠠᠩᠭ᠋ᠤᠢ ᠰᠦᠨᠢ ᠪᠣᠯᠤᠯ᠎ᠠ ᠃ ᠰᠦᠨ ᠯᠢᠶᠠᠩ ᠠᠪᠣ ᠶᠢᠨ ᠶᠢᠡᠨ ᠬᠤᠭᠤᠷ ᠢ ᠰᠡᠮᠡᠭᠡᠷ ᠠᠪᠴᠤ ᠭᠠᠷᠤᠭᠠᠤᠨ ᠠᠢ᠌ᠯ ᠤᠨ ᠵᠡᠭᠦᠨ ᠡᠮᠦᠨ᠎ᠡ ᠭᠤᠷᠪᠠᠨ ᠵᠠᠮ ᠤᠨ ᠠᠭᠤᠯᠵᠠᠷ ᠳᠡᠭᠡᠷ᠎ᠡ ᠬᠤᠪᠠᠬᠠᠢ ᠶᠠᠰᠤᠨ ᠮᠤᠷᠢᠨ ᠳᠤᠯᠤᠭᠠᠢ ᠶᠢ ᠪᠣᠷᠤᠭᠤ ᠬᠠᠷᠠᠭᠤᠯᠤᠨ ᠣᠨᠤᠵᠤ᠂ ᠬᠤᠭᠤᠷ ᠶᠢᠡᠨ ᠳᠤᠩᠭ᠋ᠤᠷᠠᠭᠤᠯᠤᠨ ᠪᠠᠷᠢᠵᠤ᠂ ᠨᠢᠳᠤ ᠪᠠᠨ ᠳᠠᠭ ᠠᠨᠢᠵᠤ ᠰᠠᠭᠤᠵᠠᠢ᠃

ᠭᠡᠵᠢᠶ᠎ᠡ ᠨᠢᠭᠡᠨ ᠴᠢᠳᠭᠦᠷ ᠢᠷᠠᠵᠤ ᠳᠡᠭᠦᠨ ᠤ ᠨᠢᠳᠤ ᠪᠣᠶᠤ ᠭᠦᠯ ᠤᠨ ᠭᠢᠨᠢ ᠠᠯᠢ ᠶᠢ ᠨᠢ ᠠᠪᠬᠤ ᠭᠡᠭᠦ ᠪᠣᠯ ︕ ᠭᠡᠵᠤ ᠪᠣᠳᠤᠨ ᠬᠠᠯᠠᠰᠢᠷᠠᠯ ᠦᠭᠡᠶ ᠭᠦᠯᠢᠶᠡᠵᠤ ᠰᠠᠭᠤᠯ᠎ᠠ᠃

ᠰᠠ‍‌ᠶᠢ ᠡᠭᠢᠯᠡᠭᠦ ᠳᠤ ᠪᠠᠨ 《ᠮᠢᠨᠤ ᠭᠦᠤ ᠰᠤᠬᠤᠷ ᠪᠢᠰᠢ᠂ ᠳᠤᠭᠤᠯᠠᠩ ᠴᠤ ᠪᠢᠰᠢ ︕ ᠳᠡᠭᠦᠨ ᠢ ᠰᠤᠷᠤᠭᠠᠤᠨ ᠶᠠᠭᠠᠭᠢᠬᠤ ᠭᠡᠰᠡᠨ ᠶᠤᠮ ︕》 ᠭᠡᠰᠡᠨ ᠠᠪᠣ ᠶᠢᠨ ᠭᠢᠨᠢ ᠰᠠᠨᠠᠭᠠᠨ ᠳᠤ ᠦᠭᠡᠶ ᠭᠡᠯᠡᠭ᠍ᠰᠡᠨ ᠥᠭᠡ ᠨᠢ ᠨᠠᠮ ᠵᠢᠮ ᠰᠦᠨᠢ ᠶᠢᠨ ᠵᠥᠭᠡᠯᠡᠨ ᠰᠠᠯᠭᠢᠨ ᠤ ᠠᠶ᠎ᠠ ᠪᠠᠷ ᠴᠢᠭᠢᠨ ᠤ ᠰᠤᠨᠤᠷ ᠢ ᠴᠢᠪᠬᠠᠳᠠᠨ ᠢᠷᠡᠭᠦ ᠰᠢᠭ᠌ ᠪᠣᠯᠬᠤ ᠪᠠᠷ ᠨᠢ 《ᠡᠨ᠂ ᠰᠤᠬᠤᠷ ᠳᠤᠭᠤᠯᠠᠩ ᠭᠦᠮᠤᠨ ᠪᠣᠯ ᠰᠠ‍‌ᠶᠢ ᠬᠤᠭᠤᠷ ᠰᠤᠷᠴᠤ ᠪᠣᠯᠤᠨ᠎ᠠ》 ᠭᠡᠵᠤ ᠥᠨᠡᠮᠰᠢᠭᠡᠳ᠂ ᠭᠡᠷᠪᠡ ᠡᠨᠡ ᠰᠦᠨᠢ ᠪᠢ ᠨᠢᠳᠤ ᠪᠠᠨ᠂ ᠡᠰᠡᠭᠦᠯ᠎ᠡ ᠭᠦᠯ ᠶᠢᠡᠨ ᠠᠯᠳᠠᠬᠤ ᠶᠤᠮ ᠪᠣᠯ ᠶᠤᠰᠤᠳᠠᠢ ᠰᠤᠬᠤᠷ ᠳᠤᠭᠤᠯᠠᠩ ᠪᠣᠯᠬᠤ ᠶᠤᠮ ᠴᠢᠨᠢ ᠠᠪᠣ ᠡᠵᠢ ᠴᠤ ᠮᠢᠨᠤ ᠬᠤᠭᠤᠷ ᠰᠤᠷᠬᠤ ᠶᠢ ᠡᠰᠡᠷᠭᠦᠴᠡᠭᠦ ᠦᠭᠡᠶ ᠪᠣᠯᠤᠨ᠎ᠠ ᠳ᠋ᠠ ᠭᠡᠵᠤ ᠪᠣᠳᠤᠪᠠᠯ ᠣᠯᠠᠮ ᠵᠤᠷᠢᠭᠵᠢᠵᠤ ᠶᠠᠭᠤᠨ ᠡᠴᠡ ᠴᠤ ᠠᠶᠤᠬᠤ ᠦᠭᠡᠶ ᠪᠣᠯᠵᠠᠢ᠃

ᠭᠡᠳᠡᠯ᠎ᠡ ᠳ᠋ᠠᠮᠪᠠᠷᠢᠠᠴᠢᠨ ᠪᠠᠭᠰᠢ ᠪᠠᠰᠠ ᠵᠡᠮᠳᠡᠭ᠌ ᠪᠢᠰᠢ ᠳ᠋ᠠ ︕ ᠭᠡᠵᠤ ᠪᠣᠳᠤᠵᠤ ᠠᠮᠵᠢᠭᠰᠠᠨ ᠳᠠᠷᠠ ᠪᠠᠷ ᠣᠯᠠᠮ ᠣᠬᠠᠭᠠᠨ ᠳᠦᠭᠦᠭᠡ ᠶᠢ ᠨᠢ ᠣᠯᠬᠤ ᠦᠭᠡᠶ ᠪᠣᠯᠪᠠ᠃

ᠣᠷᠴᠢᠨ ᠳᠤᠭᠤᠷᠢᠨ ᠨᠢᠳᠤ ᠴᠢᠴᠢᠮ᠎ᠠ ᠬᠠᠷᠠᠩᠭ᠋ᠤᠢ᠃

ᠢᠯᠤᠮ ᠵᠢᠯᠤᠮ᠃

ᠡᠨᠡᠳᠢ ᠳᠠᠨᠠᠳᠠᠢ ᠠᠢ᠌ᠯ ᠡᠴᠡ ᠡᠭᠦᠷᠭᠡ ᠭᠦᠯᠢᠶᠡᠭ᠍ᠰᠡᠨ ᠨᠤᠬᠠᠳ ᠤᠨ ᠬᠤᠴᠠᠬᠤ ᠳᠠᠭᠤᠨ ᠪᠠᠢ᠌ᠨ ᠪᠠᠢ᠌ᠨ ᠳᠤᠭᠤᠯᠳᠠᠨ᠎ᠠ᠃ ᠪᠠᠶ᠎ᠠ ᠶᠢᠨ ᠬᠣᠢ᠌ᠭᠤᠷ ᠣᠷᠳᠤᠭᠤᠷ ᠬᠤᠯᠵᠢᠨ ᠥᠨᠡᠭᠡᠨ ᠤ ᠬᠤᠯᠤᠭᠠᠨ᠎ᠠ ᠵᠤᠷᠠᠮ᠎ᠠ ᠪᠠᠷᠢᠵᠤ ᠭᠠᠰᠠᠯᠭᠠᠬᠤ ᠳᠠᠭᠤᠨ ᠂ ᠣᠭᠤᠯᠢ ᠰᠢᠪᠠᠭᠤᠨ ᠤ ᠣᠭᠢᠯᠠᠬᠤ ᠳᠠᠭᠤᠨ ᠵᠡᠷᠭᠡ ᠨᠢ ᠡᠡᠯᠦᠰ ᠤᠨ ᠠᠯᠤᠰ ᠡᠴᠡ ᠰᠤᠨᠤᠰᠳᠠᠬᠤ ᠣᠭᠳᠤᠷ ᠴᠢᠨ᠋ᠸ᠎ᠠ ᠶᠢᠨ ᠣᠯᠢᠬᠤ ᠳᠠᠭᠤᠨ ᠲ᠋ᠠᠢ ᠨᠡᠢ᠌ᠯᠡᠭᠡᠳ ᠳᠠᠯ᠎ᠠ ᠨᠤᠳᠤᠭ ᠤᠨ ᠰᠦᠨᠢ ᠶᠢᠨ ᠨᠠᠮ ᠵᠢᠮ ᠳᠤ ᠭᠦᠭ᠌ ᠠᠢᠵᠢᠮ ᠡᠷᠭᠦᠨ᠎ᠡ᠃

ᠡ᠊ᠨᠳᠡ ᠳᠠᠠᠳᠠ ᠥᠰᠦᠷᠭᠦ ᠭᠠᠯᠳᠤ ᠬᠤᠷᠤᠬᠠᠢ ᠰᠢᠭ ᠨᠢᠭᠡ ᠶᠠᠭᠤᠮ᠎ᠠ ᠪᠠᠢ᠌ᠨ ᠪᠠᠢ᠌ᠨ ᠬᠠᠷᠠᠭᠳᠠᠬᠤ ᠨᠢ ᠠᠯᠪᠢᠨ ᠴᠢᠳᠭᠦᠷ ᠤᠨ ᠰᠦᠨᠠᠰᠤ ᠪᠣᠯᠬᠤ ᠶᠢ ᠰᠦᠨ ᠯᠢᠶᠠᠩ ᠠᠢ᠌ᠯ ᠤᠨ ᠠᠪᠠᠭ᠎ᠠ ᠡᠴᠡ ᠰᠤᠨᠤᠰᠴᠤ ᠪᠠᠢ᠌ᠭᠰᠠᠨ ᠪᠣᠯᠬᠤᠷ ᠳᠡᠭᠦᠨ ᠡᠴᠡ ᠠᠶᠤᠬᠤ ᠦᠭᠡᠶ᠃

ᠡᠳᠦᠷ ᠤᠨ ᠠᠵᠢᠯ ᠳᠤ ᠪᠠᠨ ᠡᠭᠦᠷᠳᠦᠭ᠍ᠰᠡᠨ ᠭᠦᠮᠦᠰ ᠣᠳᠤ ᠶᠠᠭ ᠳᠤᠭ ᠨᠣᠢ᠌ᠷ ᠲᠤ ᠪᠠᠨ ᠣᠷᠤᠭᠠᠤᠨ ᠨᠢᠭᠡᠮᠦᠰᠤᠨ ᠣᠠᠳᠠᠵᠤ ᠣᠷᠭᠢᠵᠠᠢ᠃

ᠰᠦᠨ ᠯᠢᠶᠠᠩ ᠶᠠᠮᠠᠷ ᠨᠢᠭᠡᠨ ᠴᠢᠳᠭᠦᠷ ᠢᠷᠠᠵᠤ ᠳᠡᠭᠦᠨ ᠤ ᠠᠯᠢ ᠡᠷᠭᠡᠳᠡᠨ ᠢ ᠨᠢ ᠠᠪᠠᠴᠢᠬᠤ ᠭᠡᠭᠦ ᠪᠣᠯ ︕ ᠭᠡᠵᠤ ᠪᠣᠳᠤᠪᠠᠯ ᠪᠠᠰᠠ ᠠᠶᠤᠳᠠᠰᠤ ᠭᠦᠷᠦᠨ᠎ᠡ᠃ ᠠᠪᠣ ᠡᠵᠢ᠂ ᠠᠬ᠎ᠠ ᠶᠢᠨ ᠶᠢᠡᠨ ᠡᠷᠦᠭᠡ ᠭᠡᠷ᠂ ᠠᠳᠠᠯ ᠠᠮᠢᠳᠤᠷᠠᠯ ᠭᠡᠳ ᠣᠢ᠌ᠯᠠ ᠪᠠᠨ ᠪᠠᠷᠠᠵᠤ᠂ ᠦᠰᠦ ᠪᠠᠨ ᠳᠤᠭᠠᠯᠠᠨ ᠵᠦᠳᠠᠵᠤ ᠪᠠᠢ᠌ᠭ᠎ᠠ ᠶᠢ ᠪᠣᠳᠤᠪᠠᠯ ᠳᠠᠭᠢᠨ ᠪᠠᠰᠠ ᠡᠷᠳᠡᠭᠡᠨ ᠬᠤᠭᠤᠷ ᠰᠤᠷᠴᠤ ᠳᠤᠰᠠ ᠳᠤ ᠣᠷᠤᠭᠠᠤᠨ ᠪᠠᠭ᠎ᠠ ᠰᠠᠭ᠎ᠠ ᠴᠤ ᠭᠡᠰᠡᠨ ᠢᠳᠡᠭᠦ ᠪᠣᠳᠠᠭ᠎ᠠ᠂ ᠱᠦᠯᠦᠨ ᠤ ᠬᠤᠨᠢ ᠣᠯᠵᠤ ᠡᠴᠢᠭᠡ ᠡᠭᠡ ᠳᠤ ᠪᠠᠨ ᠠᠴᠢᠯᠠᠯ ᠭᠦᠢᠴᠡᠳᠭᠡᠨ᠎ᠡ ᠭᠡᠵᠤ ᠪᠣᠳᠤᠬᠤᠯᠠᠷ ᠠᠶᠤᠵᠤ ᠡᠮᠢᠶᠡᠭᠦ ᠨᠢ ᠨᠠᠮᠳᠠᠵᠤ ᠰᠠᠢ᠌ᠨ ᠰᠤᠷᠬᠤ ᠶᠢᠨ ᠡᠷᠡᠴᠢ ᠵᠤᠷᠢᠭ ᠶᠢᠡᠷ ᠰᠤᠯᠢᠭᠳᠠᠵᠤ ᠢᠷᠠᠨ᠎ᠠ᠃

ᠲ᠋ᠠᠷᠠ ᠬᠤᠯᠠ ᠤᠢ᠌ᠷ᠎ᠡ ᠳᠤ ᠪᠠᠨ ᠠᠯᠳᠠᠷᠳᠠᠢ ᠨᠢᠭᠡᠨ ᠰᠠᠢ᠌ᠨ ᠬᠤᠭᠤᠷᠴᠢ ᠪᠣᠯᠴᠢᠬᠠᠭᠠᠤᠨ ᠪᠠᠭᠠᠳᠤᠷ ᠪᠠᠶᠠᠨ ᠤ ᠭᠢᠨ ᠳᠤ ᠨᠢᠭᠡ ᠰᠦᠨᠢ ᠬᠤᠭᠤᠷ ᠳᠡᠳᠡᠵᠤ ᠦᠭ‍ᠭᠦᠭᠡᠳ ᠨᠢᠭᠡ ᠬᠤᠨᠢᠨ ᠤ ᠭᠦᠯᠦᠰᠤ ᠣᠯᠵᠤ᠂ ᠪᠠᠵᠤᠤᠷ ᠨᠤᠶᠠᠨ ᠤ ᠭᠢᠨ ᠳᠤ ᠨᠢᠭᠡ ᠡᠳᠦᠷ ᠭᠦᠭ᠍ᠵᠢᠮ ᠪᠠᠷᠢᠭᠠᠳ ᠨᠢᠭᠡ ᠳ᠋ᠸᠤ ᠠᠮᠤ ᠵᠢᠨ ᠣᠯᠭᠤᠮᠵᠢ ᠭᠦᠷᠳᠡᠭᠡᠳ ᠥᠶ‍ᠦᠭ᠌ ᠳᠠᠪᠠᠳᠠᠢ ᠠᠮᠢᠳᠤᠷᠠᠵᠤ ᠡᠭᠢᠯᠡᠭ᠍ᠰᠡᠨ ᠪᠦᠭᠡᠳ ᠵᠠᠪ ᠲᠤᠬᠢᠶᠠᠯ ᠶᠢᠡᠨ ᠠᠰᠢᠭᠯᠡᠵᠤ᠂ ᠠᠢ᠌ᠯ ᠠᠢ᠌ᠮᠠᠭ ᠤᠨ ᠶᠠᠳᠠᠭᠤ ᠵᠥᠳᠡᠭᠦᠤ ᠠᠬ᠎ᠠ ᠳᠡᠭᠦᠤ ᠨᠡᠷ ᠲᠡᠶ ᠪᠠᠨ ᠬᠤᠭᠤᠷ ᠭᠦᠭ᠍ᠵᠢᠮ ᠶᠢᠡᠨ ᠳᠠᠭᠠᠷᠠᠭᠤᠯᠵᠤ᠂ ᠭᠦᠡᠳᠤ ᠭᠦᠳᠡᠯᠮᠦᠷᠢ ᠶᠢᠨ ᠪᠠᠶ᠎ᠠ ᠶᠢᠨ ᠶᠠᠳᠠᠷᠠᠭ᠎ᠠ᠂ ᠭᠦᠴᠢᠷ ᠠᠮᠢᠳᠤᠷᠠᠯ ᠤᠨ ᠰᠡᠳᠭᠢᠯ ᠤᠨ ᠵᠥᠳᠡᠷᠡᠭᠡ ᠪᠠᠨ ᠣᠷᠠᠯᠢᠭ ᠤᠨ ᠰᠢᠳᠢ ᠪᠠᠷ ᠳᠠᠢ᠌ᠯᠵᠤ ᠶᠠᠪᠣᠨ᠎ᠠ ᠭᠡᠵᠤ ᠭᠡᠢ ᠰᠠᠨᠠᠨ᠎ᠠ᠃

ᠲ᠋ᠠᠢ᠌ᠮᠤ ᠡ᠂ ᠭᠦᠮᠤᠨ ᠤ ᠠᠮᠢᠳᠤᠷᠠᠯ ᠤᠨ ᠲ᠋ᠤᠮᠳᠠ ᠪᠠᠶᠡᠯᠡᠭ᠍ᠳᠡᠭᠦ ᠢᠷᠠᠭᠤ ᠰᠠᠢ᠌ᠬᠠᠨ ᠭᠦᠰᠡᠯᠡᠩ ᠨᠢ ᠶᠠᠷᠤᠨᠢ ᠭᠡᠢ ᠭᠦᠰᠡᠯ ᠶᠢᠡᠷ ᠡᠭᠦᠰᠭᠦ ᠣᠴᠢᠷᠳᠠᠢ ᠪᠠᠢ᠌ᠳᠠᠭ ᠰᠠᠨ ︕

ᠪᠢᠴᠢᠬᠠᠨ ᠰᠦᠨ ᠯᠢᠶᠠᠩ ᠬᠠᠷᠠᠩᠭ᠋ᠤᠢ ᠰᠥᠨᠢ᠂ ᠡᠵᠡᠭᠦᠢ ᠭᠡᠭᠡᠷ᠎ᠡ ᠭᠦᠰᠡᠯᠡᠩ ᠤᠨ ᠰᠠᠢ᠌ᠬᠠᠨ ᠳᠤ ᠪᠠᠨ ᠰᠤᠭᠳᠤᠭᠤᠷᠠᠵᠤ᠂ ᠭᠦᠷᠭᠦ ᠶᠢᠨ ᠢᠷᠡᠭᠡᠳᠦᠢ ᠪᠠᠨ ᠵᠢᠷᠤᠭᠯᠠᠭᠰᠠᠭᠠᠷ ᠦᠷᠭᠡᠯᠡᠵᠤ ᠡᠭᠢᠯᠡᠯ᠎ᠡ᠃

ᠨᠢᠭᠡᠨ ᠴᠠᠭᠠᠨ ᠰᠠᠬᠠᠯᠳᠤ ᠡᠪᠦᠭᠡᠨ ᠡᠪᠠᠰᠤᠨ ᠤ ᠳᠡᠭᠡᠭᠦᠷ᠂ ᠵᠡᠷᠭᠡᠯᠭᠡᠨ ᠤ ᠳᠤᠮᠳᠠᠭᠤᠷ ᠵᠢᠷᠪᠢᠯᠵᠠᠨ ᠶᠠᠪᠣᠭᠰᠠᠭᠠᠷ ᠨᠠᠭᠠᠰᠢ ᠠᠢ᠌ᠰᠤᠢ ᠃ ᠣᠷᠢᠶᠠᠮᠠᠯ ᠯᠤᠤᠳᠤ ᠳᠠᠶᠠᠭ ᠢ ᠪᠠᠷᠠᠭᠤᠨ ᠭᠠᠷ ᠲᠤ ᠪᠠᠨ ᠪᠠᠷᠢᠵᠤ᠂ ᠴᠠᠭᠠᠨ ᠭᠢᠯᠭᠠᠰᠤᠨ ᠭᠦᠪᠢᠭᠦᠷ ᠢ ᠵᠡᠭᠦᠨ ᠮᠦᠷᠤᠨ ᠳᠡᠭᠡᠷ᠎ᠡ ᠪᠠᠨ ᠳᠡᠭᠦᠵᠢᠯᠡᠭᠡᠳ ᠭᠠᠷ ᠰᠠᠵᠢᠯᠠᠭᠠᠤᠨ ᠶᠠᠪᠣᠬᠤ ᠠᠨᠤ ᠥᠨᠡᠭᠡᠷ ᠰᠠᠯᠭᠢᠨ ᠭᠦᠯᠦᠭᠯᠡᠵᠤ ᠪᠠᠢ᠌ᠬᠤ ᠮᠠᠳᠤ᠃ ᠳᠠᠷᠠ ᠨᠢ ᠬᠡᠦᠬᠡᠳ ᠤᠨ ᠮᠢᠬ᠎ᠠ ᠶᠢ᠌ ᠢᠳᠡᠳᠡᠭ᠌ ᠠᠷᠪᠠᠨ ᠬᠤᠶᠠᠷ ᠳᠤᠯᠤᠭᠠᠢ ᠲᠡᠶ ᠠᠷᠵᠠᠭ ᠮᠠᠩᠭ᠋ᠤᠰ ᠪᠢᠰᠢ᠂ ᠠᠷᠪᠠᠯᠵᠢ ᠰᠠᠷᠪᠠᠯᠵᠢ ᠭᠠᠷ ᠲᠡᠶ ᠠᠷᠳᠠᠭ ᠳᠤᠭᠰᠢᠨ ᠴᠢᠳᠭᠦᠷ ᠴᠤ ᠪᠢᠰᠢ᠂ ᠬᠠᠷᠢᠨ ᠣᠯᠠᠨ ᠤ ᠡᠪᠦᠭᠡ ᠭᠦᠮᠤᠨ ᠤ ᠳᠠᠢ᠌ᠮᠤ ᠡᠶᠡᠯᠳᠡᠭ᠌ ᠡᠶᠡᠪᠠᠷᠭᠦ ᠳᠦᠷᠢ ᠲᠦᠯᠤᠪ᠂ ᠳᠡᠢ᠌ᠮᠤ ᠯᠠᠡᠭ᠍ᠱᠡᠨ ᠳᠤᠩᠭ᠋ᠠᠯᠠᠭ ᠵᠢᠰᠤ ᠴᠢᠷᠠᠢ ᠲᠡᠶ ᠪᠠᠢ᠌ᠬᠤ ᠳᠤ ᠰᠦᠨ ᠯᠢᠶᠠᠩ ᠭᠡᠷᠭᠢᠨ ᠠᠶᠤᠬᠤ ᠰᠡᠳᠬᠢᠯ ᠲ᠋ᠦᠷᠦᠭ᠍ᠳᠡᠭᠦ ᠪᠤᠢ ︕ ᠣᠴᠢᠷ ᠨᠢ ᠳᠠᠷᠠ ᠴᠠᠭᠠᠨ ᠡᠪᠦᠭᠡᠨ ᠤ ᠭᠦᠮᠤᠨ ᠠᠷᠠᠤᠨ ᠲᠤ ᠳᠤᠰᠠ ᠳᠡᠮᠵᠢᠯᠭᠡ ᠪᠣᠯᠤᠭᠰᠠᠨ ᠲ᠋ᠤᠬᠠᠢ ᠣᠯᠠᠨ ᠠᠷᠪᠢᠨ ᠥᠯᠢᠭᠡᠷ ᠳᠤᠮᠤᠭ ᠢ ᠰᠤᠨᠤᠰᠴᠤ ᠪᠠᠢ᠌ᠭᠰᠠᠨ ᠪᠣᠯᠬᠤᠷ ᠦᠨᠦᠳᠤᠷ ᠳᠠᠷᠠ ᠴᠠᠭᠠᠨ ᠡᠪᠦᠭᠡᠨ ᠢ ᠥᠵᠡᠭᠡᠳ ᠶᠤᠰᠤᠳᠠᠢ ᠦᠪᠡᠷ ᠤᠨ ᠳᠦᠷᠦᠭ᠍ᠰᠡᠨ ᠡᠪᠦᠭᠡ ᠪᠠᠨ ᠥᠵᠡᠭ᠍ᠰᠡᠨ ᠰᠢᠭ᠌ ᠪᠠᠶᠠᠷᠯᠠᠬᠤ ᠥᠭᠡᠢ ᠶᠠᠭᠠᠭᠢᠬᠤ ᠪᠣᠢ ︕

ᠴᠠᠭᠠᠨ ᠡᠪᠦᠭᠡᠨ ᠪᠣᠯ ᠭᠠᠴᠢᠭᠳᠠᠭᠰᠠᠨ ᠢ ᠬᠠᠮᠠᠭᠠᠯᠠᠵᠤ᠂ ᠭᠠᠵᠢᠭᠤ ᠶᠢ ᠳᠠᠷᠤᠳᠠᠭ ᠠᠭᠤᠯᠠ ᠣᠰᠤᠨ ᠤ ᠨᠠᠪᠳᠠᠭ ᠰᠠᠪᠳᠠᠭ ᠪᠣᠯᠬᠤ ᠶᠤᠮ᠃

ᠨᠢᠭᠡ ᠣᠳᠠᠭ᠎ᠠ ᠰᠦᠨ ᠯᠢᠶᠠᠩ ᠤᠨ ᠡᠴᠢᠭᠡ ᠨᠢ ᠳᠤᠭᠳᠤᠩᠭ᠋᠎ᠠ ᠭᠤᠸᠠᠢ ᠮᠠᠯ ᠤᠨ ᠡᠷᠢᠯ ᠳᠤ ᠭᠠᠷᠴᠤ ᠰᠦᠨᠢ ᠣᠷᠤᠢ ᠪᠣᠯᠳᠠᠯ᠎ᠠ ᠡᠷᠢᠭᠡᠳ ᠣᠯᠤᠭᠰᠠᠨ ᠦᠭᠡᠶ ᠣᠷᠮ᠎ᠠ ᠮᠠᠭᠤᠳᠠᠢ ᠶᠠᠪᠣᠵᠤ ᠪᠠᠢ᠌ᠭᠰᠠᠭᠠᠷ ᠳᠦᠭᠡᠷᠡᠴᠢᠭᠡᠵᠡᠢ᠃ ᠥᠨᠡᠨᠳᠡᠭᠡᠨ ᠡᠨᠡ ᠭᠠᠵᠠᠷ ᠪᠣᠯ ᠳᠡᠭᠦᠨ ᠤ ᠳᠠᠨᠢᠯ ᠳᠠᠰᠤᠯ ᠪᠣᠯᠬᠤ ᠮᠠᠯ ᠤᠨ ᠪᠠᠯᠴᠢᠭᠡᠷ ᠪᠣᠯᠬᠤᠷ ᠳᠦᠭᠡᠷᠡᠭᠦ ᠶᠤᠰᠤ ᠦᠭᠡᠶ ᠶᠤᠮ᠃ ᠭᠡᠳᠡᠯ᠎ᠡ ᠳᠠᠷᠠ ᠶᠠᠭᠠᠭᠢᠵᠤ ᠶᠠᠪᠣᠭᠰᠠᠨ ᠴᠤ ᠭᠡᠷ ᠲᠤ ᠪᠠᠨ ᠭᠦᠷᠴᠤ ᠳᠡᠢ᠌ᠯᠭᠦ ᠦᠭᠡᠶ᠂ ᠡᠷᠭᠢᠵᠤ ᠳᠤᠭᠤᠷᠢᠭᠰᠠᠭᠠᠷ ᠪᠠᠢ᠌ᠪᠠᠯ ᠪᠠᠰᠠᠯᠠ ᠣᠭ ᠣᠷᠤᠨ ᠳᠤ ᠪᠠᠨ ᠡᠷᠭᠢᠭᠡᠳ ᠢᠷᠡᠴᠢᠭᠡᠨ᠎ᠡ᠃ ᠭᠡᠪᠠᠴᠤ ᠵᠤᠷᠢᠭ ᠰᠦᠰᠦ ᠲᠡᠶ᠂ ᠳᠤᠷᠰᠢᠯᠭ᠎ᠠ ᠰᠤᠷᠭᠠᠮᠵᠢ ᠲᠡᠶ ᠳᠤᠭᠳᠤᠩᠭ᠋᠎ᠠ ᠭᠤᠸᠠᠢ ᠳᠠᠮᠠᠢ ᠠᠶᠤᠵᠤ ᠰᠠᠠᠳᠤᠷᠤᠭᠰᠠᠨ ᠦᠭᠡᠶ᠂ ᠨᠢᠭᠡ ᠳᠤᠪᠣᠷᠬᠠᠭ ᠰᠢᠭ ᠭᠠᠵᠠᠷ ᠣᠯᠵᠤ ᠡᠮᠦᠨ᠎ᠡ ᠨᠢ ᠰᠠᠭᠤᠴᠢᠬᠠᠭᠠᠤᠨ ᠭᠡᠭᠡ ᠣᠷᠤᠬᠤ ᠶᠢ ᠯᠠ ᠭᠦᠯᠢᠶᠡᠯ᠎ᠡ ᠃ ᠤᠴᠢᠷ ᠨᠢ ᠭᠦᠮᠤᠨ ᠳᠦᠭᠡᠷᠢᠭᠦᠯᠭᠦ ᠴᠢᠳᠭᠦᠷ ᠭᠡᠭᠡ ᠭᠡᠷᠡᠯ ᠢ ᠥᠵᠡᠭ᠍ᠰᠡᠭᠡᠷ ᠠᠶ‍ᠤᠭᠠᠳ ᠵᠢᠯᠢ᠌ᠴᠢᠭᠡᠨ᠎ᠡ ᠭᠡᠳᠡᠭ᠌ ᠶ‍ᠦᠮ ᠭᠡᠵᠤ ᠪᠣᠳᠤᠨ ᠰᠠᠭᠤᠵᠤ ᠭᠦᠯᠢᠶᠡᠭ᠍ᠰᠡᠭᠡᠷ ᠳᠤᠭᠭᠢᠵᠤ ᠠᠪᠣᠯ᠎ᠠ᠃ ᠨᠢᠭᠡᠨ ᠴᠠᠭᠠᠨ ᠰᠠᠬᠠᠯᠳᠤ ᠡᠪᠦᠭᠡᠨ ᠬᠠᠵᠠᠭᠤ ᠳᠤ ᠨᠢ ᠢᠷᠡᠭᠡᠳ᠄

᠊᠊᠊᠊᠊᠊᠊᠊᠊᠊᠊᠊᠊᠊᠊ ᠭᠦᠭᠡᠷᠦᠭᠦᠢ᠂ ᠭᠦᠤ ᠮᠢᠨᠢ ᠳᠦᠭᠡᠷᠡᠴᠢᠭᠡᠭ᠍ᠰᠡᠨ ᠪᠠ ︕ ᠡᠨᠡ ᠮᠠᠭᠤ ᠶᠠᠭᠤᠮᠠᠰ ᠤᠳ ᠳᠠᠩᠳᠠ ᠭᠦᠮᠤᠨ ᠮᠠᠯ ᠢ ᠢᠩᠭᠢᠵᠤ ᠵᠤᠪᠠᠭᠠᠳᠠᠭ ᠶᠤᠮ ︕ ᠣᠳᠤ ᠬᠠᠮᠢᠶ᠎ᠠ ᠦᠭᠡᠶ ᠪᠣᠯᠵᠠᠢ ︕ ᠴᠢ ᠡᠮᠦᠨ᠎ᠡ ᠭᠢᠯᠠᠢ᠌ᠵᠤ ᠪᠠᠢ᠌ᠭ᠎ᠠ ᠵᠥᠭ᠌ ᠲᠤ ᠰᠢᠭᠤᠳ ᠶᠠᠪᠣᠪᠠᠯ ᠭᠡᠷ ᠲᠤ ᠪᠠᠨ ᠭᠦᠷᠴᠢᠭᠡᠨ᠎ᠡ ᠭᠡᠵᠤ ᠯᠤᠤ ᠶᠢᠨ ᠳᠤᠯᠤᠭᠠᠢ ᠲᠡᠶ ᠳᠠᠶᠠᠭ ᠶᠢᠡᠷ ᠶᠢᠡᠨ ᠡᠮᠦᠨᠡᠰᠢ ᠵᠢᠭᠠᠵᠤ ᠭᠡᠯᠡᠭ᠍ᠡᠤᠨ ᠬᠠᠷᠠᠭᠳᠠᠬᠤ ᠦᠭᠡᠶ ᠪᠣᠯᠵᠠᠢ᠃

ᠴᠠᠭᠠᠨ ᠡᠪᠦᠭᠡᠨ ᠤ ᠭᠡᠯᠡᠭ᠍ᠰᠡᠨ ᠵᠥᠭ᠌ ᠲᠤ ᠨᠢᠳᠤ ᠡᠷᠭᠦᠨ ᠬᠠᠷᠠᠬᠤ ᠳᠤ ᠥᠨᠡᠭᠡᠷ ᠳᠤᠰᠬᠤᠨ ᠤ ᠳ᠋ᠸᠩ ᠤᠨ ᠭᠡᠷᠡᠯ ᠪᠦᠦᠷ ᠳᠤᠢᠤᠷ ᠰᠦᠮᠠᠯᠵᠠᠨ ᠬᠠᠷᠠᠭᠳᠠᠨ᠎ᠠ᠃ ᠳᠡᠭᠡᠭᠡᠳ ᠳᠠᠷᠠ ᠮᠥᠨᠦᠭᠡᠨ ᠪᠢ ᠪᠠᠰᠠ ᠳᠦᠷᠪᠠᠨ ᠵᠥᠭ᠌ ᠨᠢ᠋ᠮᠠᠨ ᠵᠤᠪᠭᠢᠰ ᠲᠤ ᠪᠦᠷ ᠨᠢᠳᠤ ᠳᠠᠯᠪᠢᠨ ᠬᠠᠷᠠᠭᠰᠠᠨ ᠰᠢᠳᠠ ︕ ᠶᠠᠭᠠᠭᠢᠭᠠᠤᠨ ᠡᠨᠡ ᠭᠡᠷᠡᠯ ᠭᠡᠭᠡ ᠶᠢ ᠣᠯᠵᠤ ᠬᠠᠷᠠᠭᠰᠠᠨ ᠦᠭᠡᠶ ᠶᠤᠮ ᠳ᠋ᠠ ︕ ᠭᠡᠵᠤ ᠪᠣᠳᠤᠨ ᠶᠠᠪᠣᠭᠰᠠᠭᠠᠷ ᠳᠠᠮᠠᠢ ᠣᠳᠠᠭᠰᠠᠨ ᠦᠭᠡᠶ ᠭᠡᠷ ᠲᠤ ᠪᠠᠨ ᠭᠦᠷᠴᠤ ᠢᠷᠠᠵᠠᠢ᠃

ᠡᠢ᠌ᠮᠦᠷᠭᠦ ᠰᠤᠨᠢᠨ ᠣᠴᠠᠷᠠᠯ ᠶᠢᠡᠨ ᠳᠤᠭᠳᠤᠩᠭ᠋᠎ᠠ ᠭᠤᠸᠠᠢ ᠦᠶ᠎ᠡ ᠬᠤᠷᠠᠭ ᠤᠨ ᠭᠦᠮᠦᠰ ᠲᠤ ᠪᠠᠨ ᠨᠢᠭᠡ ᠪᠢᠰᠢ ᠣᠳᠠᠭ᠎ᠠ ᠶᠠᠷᠢᠵᠤ ᠪᠠᠢ᠌ᠭᠰᠠᠨ ᠨᠢ ᠪᠢᠴᠢᠬᠠᠨ ᠰᠦᠨ ᠯᠢᠶᠠᠩ ᠳᠤ ᠴᠠᠭᠠᠨ ᠡᠪᠦᠭᠡᠨ ᠢ ᠦᠪᠡᠷ ᠤᠨ ᠡᠪᠦᠭᠡ ᠡᠴᠡ ᠨᠢ ᠲ᠋ᠤᠤᠷ᠎ᠠ ᠦᠭᠡᠶ ᠳᠤᠳᠤᠨᠤ ᠪᠠᠢ᠌ᠷᠢ ᠲᠡᠶ ᠪᠣᠯᠭᠠᠭᠰᠠᠨ ᠶᠤᠮ᠃

ᠮᠤᠩᠭ᠋ᠤᠯᠴᠤᠳ ᠴᠠᠭᠠᠨ ᠡᠪᠦᠭᠡᠨ ᠢ ᠮᠠᠯ ᠰᠦᠷᠦᠭ᠌ ᠢ ᠦᠨᠢᠷ ᠥᠰᠭᠡᠭ᠍ᠴᠢ᠂ ᠭᠦᠮᠤᠨ ᠵᠤᠨ ᠢ ᠠᠶᠤᠯ ᠡᠴᠡ ᠭᠡᠳᠦᠯᠭᠡᠭ᠍ᠴᠢ ᠨᠤᠳᠤᠭ ᠣᠰᠤᠨ ᠤ ᠰᠠᠭᠢᠭᠤᠯᠰᠤᠨ ᠶᠢᠡᠷ ᠥᠵᠡᠳᠡᠭ᠌ ᠪᠠᠢ᠌ᠵᠠᠢ᠃ ᠳᠡᠭᠦᠨ ᠤ

ᠠᠭᠤᠯᠠ ᠶᠢᠨ ᠣᠷᠤᠢ ᠳᠤ ᠨᠤᠳᠤᠭ ᠲᠡᠶ ᠪᠢ

ᠡᠷᠭᠡᠳᠤ ᠳᠡᠭ᠍ᠷᠢ ᠣᠷᠤᠢ ᠳᠤ ᠮᠢᠨᠢ ᠣᠷᠤᠰᠢᠵᠤ

ᠡᠳᠦᠭᠡᠨ ᠡᠭᠡ ᠦᠯᠮᠠᠢ ᠳᠤᠤᠷ᠎ᠠ ᠮᠢᠨᠢ ᠪᠠᠢ᠌ᠳᠠᠭ

ᠠᠷᠢᠶᠠᠳᠠᠨ ᠵᠢᠭᠦᠷᠳᠡᠨ ᠬᠤᠤᠷᠳᠤ ᠮᠤᠭᠠᠢ

ᠭᠦᠮᠤᠨ ᠮᠠᠯ ᠤᠨ ᠭᠠᠵᠠᠷ ᠤᠨ ᠰᠠᠭᠢᠭᠤᠰᠤ᠂ ᠣᠰᠤᠨ ᠤ ᠨᠠᠪᠳᠠᠭ

ᠭᠦᠷ ᠣᠯᠤᠰ ᠤᠨ ᠬᠤᠷᠢᠨ ᠳᠦᠷᠪᠠᠨ ᠵᠥᠭ᠌ ᠤᠨ ᠡᠵᠡᠳ ᠰᠠᠭᠢᠭᠤᠰᠤ

ᠥᠵᠡᠭ᠍ᠳᠡᠭᠦ ᠳᠤᠭ᠎ᠠ ᠨᠢ ᠭᠡᠴᠢᠨᠡᠨ ᠣᠯᠠᠨ ᠪᠠᠢ᠌ᠭᠰᠠᠨ ᠴᠤ

ᠦᠢᠯᠡᠳᠬᠦ ᠣᠢ᠌ᠯᠠ ᠨᠢ ᠭᠡᠴᠢᠨᠡᠨ ᠳᠠᠷᠰ ᠪᠠᠢ᠌ᠭᠰᠠᠨ ᠴᠤ

ᠡᠨᠡ ᠪᠦᠭᠦᠨ ᠢ ᠳᠠᠷᠤᠬᠤ ᠴᠢᠳᠠᠯ ᠨᠠᠳᠠ ᠳᠤ ᠪᠣᠢ

ᠦᠨᠳᠦᠷ ᠠᠭᠤᠯᠠᠠᠨ ᠤ ᠣᠷᠭᠢᠯ ᠳᠤ ᠪᠢ

ᠠᠭᠤᠯᠠ ᠣᠰᠤᠨ ᠤ ᠨᠠᠪᠳᠠᠭ ᠰᠠᠪᠳᠠᠭ ᠪᠣᠯᠳᠠᠭ

ᠦᠷᠭᠡᠨ ᠳᠡᠨᠢᠭᠡᠷ ᠳᠠᠯ᠎ᠠ ᠳᠤ ᠪᠣᠯ ᠪᠢ

ᠲ᠋ᠠᠷᠢᠭᠰᠠᠨ ᠳᠠᠷᠢᠶ᠎ᠠ ᠣᠷᠤᠰᠬᠤ ᠣᠰᠤᠨ ᠪᠣᠯᠳᠠᠭ

ᠭᠦᠮᠤᠨ ᠠᠷᠠᠤᠨ ᠤᠨ ᠳᠤᠮᠳᠠ ᠪᠣᠯ ᠪᠢ

ᠰᠦᠮ᠎ᠡ ᠬᠢᠭᠡᠳ ᠣᠰᠤ ᠴᠠᠰᠤᠨ ᠤ ᠡᠵᠡᠨ

ᠬᠤᠳᠠ ᠪᠠᠯᠭᠠᠤᠨ ᠤᠨ ᠳᠤᠳᠤᠷ᠎ᠠ ᠪᠣᠯ ᠪᠢ

ᠭᠦᠮᠤᠨ ᠤ ᠰᠠᠭᠤᠬᠤ ᠣᠷᠤᠨ

ᠣᠤᠭᠤᠬᠤ ᠣᠰᠤᠨ ᠤ ᠡᠵᠡᠨ ᠪᠣᠯᠳᠠᠭ ᠭᠡᠵᠤ ᠴᠠᠭᠠᠨ ᠡᠪᠦᠭᠡᠨ ᠪᠠᠶ᠎ᠠ ᠪᠠᠨ ᠳᠠᠨᠢᠯᠴᠠᠭᠤᠯᠳᠠᠭ ᠭᠡᠨ᠎ᠡ᠃

ᠴᠠᠭᠠᠨ ᠡᠪᠦᠭᠡᠨ ᠤ ᠳᠤᠬᠠᠢ ᠡᠢ᠌ᠮᠤ ᠨᠢᠭᠡᠨ ᠣᠯᠠᠮᠵᠢᠯᠠᠯ ᠥᠯᠢᠭᠡᠷ ᠪᠠᠢ᠌ᠳᠠᠭ ᠢ ᠰᠦᠨ ᠯᠢᠶᠠᠩ ᠮᠦᠨ ᠮᠠᠷᠳᠠᠭ᠎ᠠ ᠦᠭᠡᠶ᠃ ᠨᠢᠭᠡᠨ ᠡᠳᠦᠷ ᠠᠯᠳᠠ ᠪᠠᠷ ᠪᠦᠳᠦᠭ᠍ᠰᠡᠨ ᠪᠣᠷᠬᠠᠨ ᠪᠠᠭᠰᠢ ᠠᠨᠠᠠᠳᠠ᠂ ᠪᠠᠳᠢᠷ ᠤᠨ ᠯᠠᠮ᠎ᠠ᠂ ᠪᠣᠳᠢᠰᠤᠩ᠂ ᠭᠡᠭᠡᠨ ᠬᠤᠪᠢᠯᠭᠠᠤᠨ ᠲᠡᠶ ᠴᠤᠭᠭᠠᠷ ᠴᠡᠴᠡᠭ᠌ ᠵᠢᠮᠢᠰᠳᠤ ᠠᠭᠤᠯᠠᠨ ᠳᠤ ᠦᠵᠡᠮᠵᠢ ᠰᠤᠨᠢᠷᠬᠠᠨ ᠲ᠋ᠤᠭᠤᠷᠢᠵᠤ ᠶᠠᠪᠣᠭᠰᠠᠭᠠᠷ ᠦᠰᠦ ᠰᠠᠬᠠᠯ ᠨᠢ ᠪᠣᠭᠤᠷᠤᠯᠳᠤᠭᠰᠠᠨ᠂ ᠴᠠᠭᠠᠨ ᠭᠦᠷᠮ᠎ᠡ ᠡᠮᠦᠰᠦᠭ᠍ᠰᠡᠨ᠂ ᠯᠤᠤᠳᠤ ᠳᠠᠶᠠᠭ ᠳᠤᠯᠤᠭᠰᠠᠨ ᠥᠳᠡᠭᠦᠰ ᠡᠪᠦᠭᠡᠨ ᠲᠡᠶ ᠬᠠᠷᠭᠤᠵᠠᠢ᠃ ᠪᠣᠷᠬᠠᠨ ᠪᠠᠭᠰᠢ ᠠᠨᠠᠠᠳᠠ ᠳᠡᠭᠦᠨ ᠡᠴᠡ 《ᠡᠪᠦᠭᠡᠨ ᠳᠠ ᠶᠠᠭᠤᠨ ᠤ ᠣᠴᠢᠷ ᠲᠤ ᠡᠨᠡ ᠠᠭᠯᠠᠭ ᠠᠭᠤᠯᠠᠨ ᠳᠤ ᠭᠠᠭᠴᠠᠭᠠᠷ ᠰᠠᠭᠤᠭ᠎ᠠ ᠪᠣᠢ ︖》 ᠭᠡᠵᠤ ᠠᠰᠠᠭᠤᠵᠠᠢ᠃ ᠴᠠᠭᠠᠨ ᠡᠪᠦᠭᠡᠨ 《ᠪᠢ ᠪᠣᠯ ᠭᠠᠴᠢᠭᠳᠠᠭᠰᠠᠨ ᠢ ᠬᠠᠮᠠᠭᠠᠯᠠᠵᠤ᠂ ᠭᠠᠵᠢᠭᠤ ᠶᠢ ᠳᠠᠷᠤᠳᠠᠭ ᠠᠭᠤᠯᠠ ᠣᠰᠤᠨ ᠤ ᠨᠠᠪᠳᠠᠭ ᠰᠠᠪᠳᠠᠭ ᠮᠦᠨ》 ᠭᠡᠭᠦ ᠳᠤ ᠠᠯᠳᠠᠨ ᠪᠠᠶᠠᠳᠤ ᠪᠣᠷᠬᠠᠨ ᠪᠠᠭᠰᠢ ᠮᠠᠰᠢ ᠪᠠᠶᠠᠷᠯᠠᠵᠤ 《ᠰᠠᠢ᠌ᠨ ᠪᠣᠯᠠᠢ ︕ ᠰᠠᠢ᠌ᠨ ᠪᠣᠯᠠᠢ ︕ ᠡᠷᠭᠢᠮ ᠢᠵᠠᠭᠤᠷᠳᠤ ᠭᠦᠪᠠᠭᠦᠨ ᠮᠢᠨᠤ᠂ ᠴᠢ ᠨᠠᠳᠠ ᠳᠤ ᠡᠭᠦᠷᠢᠳᠡ ᠲᠦᠮᠡᠨ ᠠᠮᠢᠳᠠᠨ ᠢ ᠠᠶᠤᠯ ᠡᠴᠡ ᠭᠡᠳᠦᠯᠭᠡᠭᠦ ᠳᠠᠩᠭ᠋ᠠᠷᠢᠭ ᠦᠭ‍ᠭᠦᠭᠡᠷᠡᠢ᠁》 ᠭᠡᠪᠡ᠃ ᠪᠣᠷᠬᠠᠨ ᠪᠠᠭᠰᠢ᠂ ᠴᠠᠭᠠᠨ ᠡᠪᠦᠭᠡᠨ ᠤ ᠳᠠᠩᠭ᠋ᠠᠷᠢᠭ ᠤᠨ ᠥᠭᠡ ᠶᠢ ᠰᠤᠨᠤᠰᠤᠭᠠᠳ ᠲ᠋ᠡᠭᠦᠨ ᠤ ᠣᠷᠤᠰᠢᠵᠤ ᠪᠣᠯᠬᠤ ᠶᠢ ᠵᠥᠪᠰᠢᠶᠡᠷᠡᠭ᠍ᠰᠡᠨ ᠪᠦᠭᠡᠳ 《ᠵᠠ᠂ ᠴᠢ ᠡᠨᠡ ᠳᠦᠷᠤᠯ ᠳᠤ ᠪᠠᠨ ᠭᠡᠳᠥᠢᠪᠠᠷ ᠡᠪ ᠡᠩ ᠤᠨ ᠨᠢᠭᠡ ᠪᠠᠭᠰᠢ ᠪᠣᠯᠪᠠᠴᠤ ᠡᠷᠭᠢᠭᠦ ᠳᠦᠷᠤᠯ ᠳᠤ ᠪᠠᠨ 〈ᠰᠠᠴᠠᠨ ᠡᠪᠦᠭᠡᠨ〉 ᠭᠡᠮᠡᠭᠦ ᠪᠣᠷᠬᠠᠨ ᠪᠣᠯᠵᠤ ᠳᠦᠷᠦᠭᠡᠳ ᠴᠠᠰᠤ ᠴᠠᠭᠠᠨ ᠡᠪᠦᠭᠡᠨ ᠤ ᠳᠦᠷᠢ ᠪᠠᠷ ᠢᠯᠠᠷᠠᠵᠤ᠂ ᠯᠤᠤᠳᠤ ᠳᠠᠶᠠᠭ ᠪᠠᠷᠢᠵᠤ ᠴᠡᠴᠡᠭ᠌ ᠵᠢᠮᠢᠰᠳᠤ ᠠᠭᠤᠯᠠᠨ ᠤ ᠡᠵᠡᠨ ᠪᠣᠯᠤᠭᠠᠤᠨ ᠭᠦᠮᠤᠨ ᠮᠠᠯ ᠤᠨ ᠡᠵᠡᠨ ᠪᠣᠯ᠁》 ᠭᠡᠵᠤ ᠵᠠᠭᠢᠭᠰᠠᠨ ᠪᠢᠯᠠ ︕ ᠳᠤᠰ ᠥᠯᠢᠭᠡᠷ ᠳᠤ ᠭᠡᠳᠥᠢᠪᠠᠷ ᠮᠤᠩᠭ᠋ᠤᠯᠴᠤᠳ ᠤᠨ ᠳᠤᠮᠳᠠ ᠣᠵᠤᠭᠤᠷ ᠦᠶ᠎ᠡ ᠡᠴᠡ ᠣᠯᠠᠮᠵᠢᠯᠠᠭᠳᠠᠵᠤ ᠢᠷᠡᠭ᠍ᠰᠡᠨ ᠭᠦᠮᠤᠨ ᠮᠠᠯ ᠤᠨ ᠡᠵᠡᠨ ᠰᠠᠭᠢᠭᠤᠯᠰᠤᠨ᠂ ᠪᠦᠭᠡ ᠶᠢᠨ ᠱᠠᠰᠢᠨ ᠤ ᠴᠠᠭᠠᠨ ᠡᠪᠦᠭᠡᠨ ᠢ ᠯᠠᠮ᠎ᠠ ᠶᠢᠨ ᠱᠠᠰᠢᠨ ᠤ ᠰᠠᠭᠢᠭᠤᠯᠰᠤᠨ ᠪᠣᠯᠭᠠᠵᠤ᠂ ᠬᠤᠶᠠᠷ ᠱᠠᠰᠢᠨ ᠤ ᠣᠶᠠᠯᠳᠤᠯ ᠢ ᠬᠠᠷᠠᠭᠤᠯᠤᠭᠰᠠᠨ ᠪᠣᠯᠪᠠᠴᠤ ᠴᠠᠭᠠᠨ ᠡᠪᠦᠭᠡᠨ ᠪᠣᠯ ᠬᠠᠰᠢᠯᠠ ᠴᠠᠭᠠᠨ ᠥᠩᠭᠡ ᠪᠠᠨ ᠬᠠᠯᠠᠵᠤ ᠳᠡᠢ᠌ᠯᠦᠭ᠍ᠰᠡᠨ ᠦᠭᠡᠶ ᠭᠦᠮᠤᠨ ᠤ ᠶ‍ᠢᠷᠳᠢᠠᠴᠤ ᠶᠢᠨ ᠥᠭᠦᠭᠦ ᠠᠮᠢᠳᠤᠷᠠᠬᠤ ᠶᠢᠨ ᠡᠵᠡᠮᠳᠡᠭ᠍ᠴᠢ ᠰᠠᠭᠢᠭᠤᠯᠰᠤᠨ ᠮᠦᠨ᠃

ᠣᠳᠤ ᠴᠢᠳᠭᠦᠷ ᠱᠤᠯᠦᠮ ᠢ ᠭᠦᠯᠢᠶᠡᠵᠤ ᠰᠠᠭᠤᠭᠰᠠᠨ ᠪᠢᠴᠢᠬᠠᠨ ᠰᠦᠨ ᠯᠢᠶᠠᠩ ᠬᠠᠷᠢᠨ ᠦᠪᠡᠷ ᠤᠨ ᠰᠢᠳᠤᠨ ᠪᠢᠰᠢᠷᠡᠳᠡᠭ᠌ ᠴᠠᠭᠠᠨ ᠡᠪᠦᠭᠡᠨ ᠢ ᠣᠭᠳᠤᠨ ᠠᠪᠴᠢᠷᠠᠭᠰᠠᠨ ᠳᠤ ᠪᠠᠨ ᠪᠠᠶᠠᠷᠯᠠᠭᠠᠤᠨ ᠨᠢᠳᠤ ᠡᠷᠭᠦᠨ ᠯᠠᠪᠯᠠᠨ ᠦᠵᠡᠯ᠎ᠠ᠃ ᠴᠠᠯ ᠪᠣᠭᠤᠷᠤᠯ ᠳᠤᠯᠤᠭᠠᠢ ᠲᠡᠶ᠂ ᠴᠠᠪᠠᠷ ᠳᠤᠩᠭ᠋ᠠᠯᠠᠭ ᠨᠢᠳᠤ ᠲᠡᠶ᠂ ᠳᠡᠨᠢᠭᠡᠷ ᠦᠷᠭᠡᠨ ᠮᠡᠩᠨᠡᠢ ᠲᠡᠶ᠂ ᠳᠡᠭ᠍ᠰᠢ ᠡᠡᠷᠢᠭᠤᠨ ᠭᠦᠮᠦᠰᠭᠡ ᠲᠡᠶ᠂ ᠯᠠᠭᠱᠠᠨ ᠪᠢᠯᠢᠭ᠍ᠳᠤ ᠴᠢᠷᠠᠢ ᠲᠡᠶ᠂ ᠯᠠᠪᠠᠢ ᠴᠠᠭᠠᠨ ᠰᠢᠳᠤ ᠲᠡᠶ᠂ ᠰᠠᠬᠠᠯ ᠤᠨ ᠣᠷᠳᠤ ᠡᠪᠴᠢᠭᠦᠤ ᠳᠠᠪᠠᠭᠠᠤᠨ ᠰᠠᠯᠭᠢᠨ ᠤ ᠠᠶ᠎ᠠ ᠪᠠᠷ ᠬᠠᠵᠠᠭᠤᠰᠢ ᠪᠠᠨ ᠨᠠᠮᠢᠷᠠᠨ᠎ᠠ᠃ ᠭᠠᠷ ᠲᠤ ᠪᠠᠨ ᠪᠠᠷᠢᠭᠰᠠᠨ ᠯᠤᠤ ᠶᠢᠨ ᠳᠤᠯᠤᠭᠠᠢ ᠲᠡᠶ ᠳᠠᠶᠠᠭ ᠡᠴᠡ ᠰᠦᠨᠢ ᠶᠢᠨ ᠬᠠᠷᠠᠩᠭ᠋ᠤᠢ ᠳᠤ ᠦᠯᠦ ᠮᠡᠳᠡᠭ᠌ ᠭᠡᠷᠡᠯ ᠳᠠᠳᠠᠨ᠎ᠠ᠃ ᠡᠢ᠌ᠮᠤ ᠡᠪᠦᠭᠡᠨ ᠶᠠᠭᠠᠭᠢᠨ ᠭᠦᠮᠤᠨ ᠤ ᠨᠢᠳᠤ ᠶᠢ ᠤᠬᠤᠵᠤ᠂ ᠭᠦᠯ ᠢ ᠣᠭᠳᠤᠯᠬᠤ ᠪᠢᠯᠠ ︕ ᠬᠠᠷᠢᠨ ᠦᠪᠡᠷ ᠤᠨ ᠡᠪᠦᠭᠡ ᠥᠭᠡᠷ᠎ᠡ ᠦᠭᠡᠶ ᠡᠯᠢᠭᠡᠰᠦᠭ᠌ ᠳᠤᠳᠤᠨᠤ ᠪᠠᠷ ᠰᠦᠨ ᠯᠢᠶᠠᠩ ᠳᠤ ᠢᠷᠡᠭᠦᠯᠡᠷ ᠭᠦᠢᠳᠡᠨ ᠳᠡᠭ᠍ᠷᠢ ᠶᠢᠨ ᠣᠳᠤ ᠰᠢᠭ ᠭᠢᠯᠠᠭᠴᠠᠵᠤ ᠪᠠᠢ᠌ᠭᠰᠠᠨ ᠰᠦᠨ ᠯᠢᠶᠠᠩ ᠤᠨ ᠬᠤᠶᠠᠷ ᠨᠢᠳᠤ ᠨᠢ ᠣᠷᠤ ᠣᠷᠤᠨ ᠳᠤ ᠪᠠᠨ ᠣᠷᠤᠵᠤ᠂ ᠳᠦᠭ᠍ᠰᠢᠵᠤ ᠪᠠᠢ᠌ᠭᠰᠠᠨ ᠪᠣᠷᠤ ᠵᠢᠷᠦᠭᠡ ᠨᠢ ᠴᠤ ᠣᠪᠣᠯᠵᠠᠬᠤ ᠪᠠᠨ ᠪᠣᠯᠢᠪᠠ᠃

ᠡᠪᠦᠭᠡᠨ ᠰᠠᠭᠢᠭᠤᠯᠰᠤᠨ ᠪᠠᠭᠰᠢ ᠰᠦᠨ ᠯᠢᠶᠠᠩ ᠤᠨ ᠪᠣᠷᠵᠢᠭᠢᠷ ᠪᠢᠴᠢᠬᠠᠨ ᠳᠤᠯᠤᠭᠠᠢ ᠶᠢ ᠪᠣᠮᠪᠠᠢ᠌ᠯᠠᠨ ᠢᠯᠪᠢᠭᠡᠳ 《ᠥᠨᠡᠭᠡᠷ ᠰᠠᠴᠠᠨ ᠰᠡᠷᠭᠦᠯᠡᠩ᠂ ᠣᠷᠠᠨ ᠠᠪᠢᠶᠠᠰᠤᠯᠢᠭ᠂ ᠰᠦᠰᠦ ᠵᠤᠷᠢᠭᠳᠠᠢ ᠭᠦᠤ ᠪᠠᠢ᠌ᠨ᠎ᠠ᠃ ᠳᠦᠷᠪᠠᠨ ᠣᠳᠠᠰᠤᠳᠤ ᠬᠤᠭᠤᠷ ᠢ ᠴᠢᠨᠢ ᠢᠩᠭᠢᠵᠤ ᠲ᠋ᠠᠳᠠᠳᠠᠭ ᠶᠤᠮ ᠰᠢᠤ ︕》 ᠭᠡᠵᠤ ᠡᠶᠡᠯᠳᠡᠭ᠌ ᠶᠢᠡᠷ ᠭᠡᠯᠡᠭᠡᠳ ᠲ᠋ᠦᠩᠭ᠋ᠦᠷᠦᠤ ᠠᠳᠬᠤᠵᠤ ᠪᠠᠢ᠌ᠭᠰᠠᠨ ᠢ ᠨᠢ ᠪᠣᠰᠬᠠᠵᠤ ᠪᠠᠷᠢᠭᠤᠯᠤᠭᠠᠤᠨ ᠵᠢᠭᠠᠵᠤ ᠰᠤᠷᠭᠠᠵᠤ ᠡᠭᠢᠯᠡᠯ᠎ᠡ᠃

ᠰᠦᠨ ᠯᠢᠶᠠᠩ ᠪᠠᠭᠰᠢ ᠶᠢᠨ ᠶᠢᠡᠨ ᠵᠢᠭᠠᠬᠤ ᠶᠤᠰᠤ ᠪᠠᠷ ᠠᠪ ᠠᠰᠬᠠᠨ ᠰᠠᠭᠤᠵᠤ᠂ ᠵᠡᠭᠦᠨ ᠭᠤᠶ᠎ᠠ ᠳᠡᠭᠡᠷ᠎ᠡ ᠪᠠᠨ ᠬᠤᠭᠤᠷ ᠤᠨ ᠳᠤᠮᠪᠣ ᠪᠠᠨ ᠯᠠᠪᠳᠠᠭᠤᠨ ᠳᠠᠯᠪᠢᠵᠠᠢ᠃ ᠬᠤᠭᠤᠷ ᠤᠨ ᠨᠤᠮᠤ ᠪᠠᠨ ᠳᠠᠪ ᠳᠡᠭ᠍ᠰᠢᠭᠡᠨ ᠲᠦᠯᠭᠢᠵᠤ ᠳᠠᠳᠠᠯ᠎ᠠ᠃ ᠳᠤᠯᠤᠪᠣᠷ ᠬᠤᠷᠤᠭᠤ᠂ ᠳᠤᠮᠳᠠ ᠬᠤᠷᠤᠭᠤ᠂ ᠢᠳᠠᠮ ᠬᠤᠷᠤᠭᠤ ᠶᠢᠨ ᠶᠢᠡᠨ ᠳᠡᠭᠡᠷ᠎ᠡ ᠦᠶ᠎ᠡ ᠪᠠ ᠰᠢᠭᠡᠵᠢ ᠬᠤᠷᠤᠭᠤ ᠶᠢᠨ ᠶᠢᠡᠨ ᠥᠡᠳᠡᠭᠡ ᠪᠠᠷ ᠬᠤᠭᠤᠷ ᠤᠨ ᠣᠳᠠᠰᠤ ᠪᠠᠨ ᠳᠠᠮᠳᠠᠢ ᠳᠠᠷᠤᠪᠠ᠃ ᠭᠠᠷ ᠤᠨ ᠳᠤᠬᠤᠢ ᠪᠠᠨ ᠳᠡᠭᠡᠭ᠍ᠰᠢ ᠳᠤᠷᠤᠭᠰᠢ ᠡᠷᠦᠢ ᠬᠤᠷᠤᠢ ᠦᠭᠡᠶ ᠭᠦᠳᠡᠯᠭᠡᠭ᠍ᠰᠡᠨ ᠦᠭᠡᠶ᠃ ᠳᠤᠯᠤᠭᠠᠢ ᠪᠠᠨ ᠡᠰᠢ ᠳᠠᠰᠢ ᠪᠠᠨ ᠬᠠᠮᠢᠶ᠎ᠠ ᠨᠠᠮᠢᠶ᠎ᠠ ᠦᠭᠡᠶ ᠳᠤᠩᠬᠤᠯᠵᠠᠬᠤ ᠶᠢ ᠴᠡᠭᠡᠷᠯᠡᠭᠦ ᠭᠡᠷᠡᠭ᠍ᠳᠡᠢ ᠭᠡᠵᠤ ᠪᠠᠭᠰᠢ ᠨᠢ ᠣᠠᠴᠠᠭᠠᠢ᠌ᠯᠠᠨ ᠵᠢᠭᠠᠭᠰᠠᠨ ᠶᠤᠮ᠃ ᠢᠩᠭᠢᠵᠤ ᠬᠤᠭᠤᠷᠴᠢ ᠭᠦᠮᠤᠨ ᠤ ᠬᠠᠮᠤᠭ ᠦᠨᠳᠦᠰᠦᠨ ᠪᠣᠯᠪᠠᠰᠤᠷᠠᠯ ᠢ ᠵᠢᠭᠠᠵᠤ ᠳᠡᠭᠦᠰᠳᠡᠯ᠎ᠡ ᠳᠦᠷᠦᠭᠦᠤ ᠳᠠᠭᠢᠶ᠎ᠠ ᠳᠤᠤᠭᠠᠷᠬᠤ ᠪᠠᠷ ᠨᠢ ᠡᠪᠦᠭᠡᠨ ᠪᠠᠭᠰᠢ ᠮᠠᠷᠭᠠᠰᠢ ᠰᠦᠨᠢ ᠪᠠᠰᠠ ᠡ᠊ᠨᠳᠡ ᠪᠠᠨ ᠢᠷᠡᠭᠡᠷᠡᠢ︕ ᠭᠡᠵᠤ ᠪᠣᠯᠵᠤᠭ᠎ᠠ ᠳᠤᠭᠳᠠᠭᠠᠤᠨ ᠬᠠᠷᠠᠭᠳᠠᠬᠤ ᠪᠠᠨ ᠪᠣᠯᠢᠵᠠᠢ᠃

ᠵᠠᠮ ᠳ᠋ᠤᠨᠢ ᠣᠷᠤᠭᠰᠠᠨ ᠰᠦᠨ ᠯᠢᠶᠠᠩ ᠮᠠᠷᠭᠠᠰᠢ ᠣᠷᠤᠢ ᠨᠢ ᠪᠦᠷᠦᠢ ᠪᠣᠯᠬᠤ ᠲᠡᠶ ᠵᠡᠷᠭᠡ ᠪᠠᠷ ᠣᠷᠤᠨ ᠳᠤ ᠪᠠᠨ ᠢᠷᠡᠭᠡᠳ ᠪᠠᠭᠰᠢ ᠪᠠᠨ ᠭᠦᠯᠢᠶᠡᠵᠤ ᠰᠠᠭᠤᠵᠠᠢ᠃ ᠣᠳᠤ ᠪᠠᠭᠰᠢ ᠨᠢ ᠰᠦᠨ ᠯᠢᠶᠠᠩ ᠤᠨ ᠪᠢᠴᠢᠬᠠᠨ ᠭᠠᠷ ᠢ ᠨᠢ ᠠᠳᠬᠤᠵᠤ ᠪᠠᠢ᠌ᠭᠠᠤᠨ ᠨᠠᠷᠢᠨ ᠵᠢᠭᠠᠵᠠᠢ᠃ ᠣᠷᠢᠳᠠᠪᠠᠷ ᠵᠡᠭᠦᠨ ᠭᠠᠷ ᠤᠨ ᠳᠦᠷᠪᠠᠨ ᠬᠤᠷᠤᠭᠤ ᠶᠢ ᠨᠢ ᠮᠤᠷᠢᠨ ᠰᠡᠭᠦᠯ ᠤᠨ ᠭᠢᠯᠭᠠᠰᠤ ᠪᠠᠷ ᠳᠠᠮᠤᠭᠰᠠᠨ ᠨᠠᠷᠢᠨ ᠳᠡᠭᠡᠰᠤ ᠪᠠᠷ ᠣᠶᠠᠭᠠᠤᠨ ᠳᠠᠳᠠᠭᠤᠯᠵᠠᠢ᠃ ᠵᠤᠭᠢᠬᠤ ᠭᠡᠮᠵᠢᠶ᠎ᠡ ᠪᠣᠯᠤᠭᠰᠠᠨ ᠤ ᠰᠡᠭᠦᠡᠯᠷ ᠳᠠᠭᠢᠨ ᠣᠶᠠᠳᠠᠰᠤ ᠶᠢ ᠨᠢ ᠠᠯᠳᠠᠷᠭᠠᠭᠠᠤᠨ ᠨᠢᠭᠡ ᠨᠢᠭᠡ ᠪᠠᠷ ᠳᠠᠷᠤᠭᠤᠯᠪᠠ᠃ ᠡᠨᠡ ᠦᠶ᠎ᠡ ᠳᠤ ᠳᠡᠭᠦᠨ ᠳᠤ ᠪᠣᠯᠪᠠᠰᠤᠩᠭ᠋ᠤᠢ ᠰᠠᠢ᠌ᠬᠠᠨ ᠳᠠᠳᠠᠵᠤ ᠴᠢᠩᠭ᠋ᠠᠬᠤ᠂ ᠨᠢᠰᠤᠯᠵᠤ ᠴᠤᠭᠢᠬᠤ᠂ ᠭᠤᠬᠠᠳᠠᠵᠤ ᠰᠢᠪᠳᠤᠷᠬᠤ ᠮᠠᠳᠤ ᠨᠠᠷᠢᠨ ᠵᠣᠢ᠌ᠯᠠᠰ ᠤᠨ ᠡᠷᠳᠡᠮ ᠢ ᠨᠢᠮᠪᠠᠢ᠌ᠯᠠᠨ ᠵᠢᠭᠠᠵᠤ ᠡᠭᠢᠯᠡᠭ᠍ᠰᠡᠨ ᠶᠤᠮ᠃ ᠨᠤᠮᠤ ᠪᠠᠷ ᠬᠤᠭᠤᠷ ᠤᠨ ᠳᠤᠯᠤᠭᠠᠢ ᠶᠢ ᠶᠠᠭᠠᠭᠢᠵᠤ ᠳᠤᠭᠰᠢᠪᠠᠯ ᠠᠢ᠌ᠵᠢᠮ ᠴᠤᠭᠢᠯᠭ᠎ᠠ ᠨᠢ ᠳᠤᠳᠤ ᠪᠤᠯᠵᠤ᠂ ᠳᠡᠯᠡᠳᠦᠭᠦᠷ ᠭᠦᠭ᠍ᠵᠢᠮ ᠤᠨ ᠣᠢ᠌ᠯᠠᠳᠤᠯ ᠢ ᠭᠠᠷᠭᠠᠬᠤ᠂ ᠭᠢᠮᠤᠰᠤ ᠪᠠᠷ ᠶᠠᠭᠠᠭᠢᠵᠤ ᠨᠢᠰᠠᠯᠪᠠᠯ ᠴᠢᠪᠠᠭᠳᠠᠰᠤ ᠴᠢᠮᠭᠢᠯᠡᠭᠦᠷ ᠭᠦᠭ᠍ᠵᠢᠮ ᠤᠨ ᠳᠤᠰᠠ ᠶᠢ ᠥᠵᠡᠭᠦᠯᠭᠦ ᠵᠡᠷᠭᠡ ᠶᠢᠨ ᠣᠠᠴᠠᠭᠠᠢ ᠡᠷᠳᠡᠮ ᠢ ᠭᠦᠷᠳᠡᠯ᠎ᠡ ᠪᠦᠷ ᠵᠢᠭᠠᠪᠠ᠃

ᠡᠪᠦᠭᠡᠨ ᠪᠠᠭᠰᠢ ᠦᠷ᠎ᠡ ᠱᠠᠪᠢ ᠶᠢᠨ ᠶᠢᠡᠨ ᠨᠠᠯᠢᠶᠠᠤᠨ ᠵᠠᠮ ᠳ᠋ᠤᠨᠢ ᠣᠷᠤᠭᠰᠠᠨ ᠪᠠᠢ᠌ᠳᠠᠯ ᠢ ᠥᠵᠡᠭᠡᠳ ᠠᠷᠠᠤᠨ ᠤᠨ ᠳᠠᠭᠤᠤ ᠶᠢ ᠭᠢᠩᠰᠢᠵᠤ ᠡᠭᠢᠯᠡᠯ᠎ᠡ᠃ ᠰᠠᠴᠠᠨ ᠰᠡᠷᠭᠦᠯᠡᠩ ᠰᠥᠨ ᠯᠢᠶᠡᠩ ᠭᠡᠳᠥᠢᠨᠡᠢ ᠪᠠᠭᠰᠢ ᠶᠢᠨ ᠵᠢᠠᠨ ᠰᠠᠨᠠᠭ᠎ᠠ ᠶᠢ ᠮᠠᠳᠠᠵᠤ ᠠᠶ᠎ᠠ ᠶᠢ ᠳᠠᠭᠠᠵᠤ ᠬᠤᠭᠤᠷᠳᠠᠵᠤ ᠪᠠᠢ᠌ᠪᠠ᠃ ᠪᠠᠭᠰᠢ ᠨᠢᠭᠡ ᠠᠶ᠎ᠠ ᠭᠢᠩᠰᠢᠪᠠᠯ ᠱᠠᠪᠢ ᠨᠢ ᠳᠠᠭᠠᠭᠠᠤᠨ ᠨᠢᠭᠡ ᠠᠶ᠎ᠠ ᠶᠢ ᠳᠠᠳᠠᠭᠰᠠᠭᠠᠷ ᠣᠭᠳᠤᠬᠠᠨ ᠴᠤ ᠣᠰᠤᠯᠳᠤᠬᠤ ᠦᠭᠡᠶ ᠪᠣᠯᠪᠠ᠃

ᠭᠤᠷᠪᠠᠳᠤᠭᠠᠷ ᠰᠦᠨᠢ ᠨᠢ ᠡᠪᠦᠭᠡᠨ ᠪᠠᠭᠰᠢ ᠳᠡᠭᠦᠨ ᠳᠤ ᠳᠦᠷᠪᠠᠨ ᠣᠳᠠᠰᠤᠳᠤ ᠬᠤᠭᠤᠷ ᠤᠨ ᠡᠷᠳᠡᠨ ᠤ ᠣᠯᠠᠮᠵᠢᠯᠠᠯᠳᠤ 《ᠨᠢ᠋ᠮᠠᠨ ᠠᠶᠠᠯᠭᠤ》 ᠶ᠋ᠢ ᠶᠠᠭᠠᠭᠢᠵᠤ ᠣᠯᠠᠷᠢᠭᠤᠯᠤᠨ ᠬᠤᠪᠢᠰᠬᠠᠵᠤ᠂ ᠳᠡᠭᠦᠯᠳᠡᠷᠵᠢᠭᠦᠯᠤᠨ ᠭᠦᠭ᠍ᠵᠢᠭᠦᠯᠭᠦ ᠳᠤᠬᠠᠢ ᠨᠢᠭᠡ ᠰᠦᠨᠢ ᠵᠢᠭᠠᠭᠠᠳ ᠰᠡᠳᠭᠢᠯ ᠬᠠᠨᠤᠮᠵᠢᠳᠠᠢ ᠳᠤᠯᠤᠭᠠᠢ ᠳᠤᠭᠢᠵᠤ ᠯᠠ ᠪᠠᠢ᠌ᠯ᠎ᠠ᠃

ᠰᠠ‍‌ᠶᠢ ᠰᠤᠷᠴᠤ ᠪᠠᠢ᠌ᠭ᠎ᠠ ᠶᠤᠮ ᠴᠢᠨᠢ ᠭᠢᠮᠤᠰᠤᠨ ᠳᠠᠳᠤᠢ ᠠᠮᠵᠢᠯᠳᠠ ᠴᠤ ᠬᠤᠷᠸ᠎ᠠ ᠪᠠᠭᠳᠠᠮ᠎ᠠ ᠪᠠᠶᠠᠷ ᠪᠠᠬᠠᠳᠤᠯ ᠢ ᠠᠪᠴᠢᠷᠠᠵᠤ ᠥᠭ᠍ᠳᠡᠭ᠌ ᠣᠴᠢᠷᠳᠠᠢ ᠪᠠᠢ᠌ᠵᠠᠢ᠃ ᠡᠨᠡ ᠮᠠᠳᠤ ᠪᠠᠷ ᠵᠢᠭᠠᠯᠭ᠎ᠠ ᠪᠠ ᠰᠤᠷᠤᠯᠭ᠎ᠠ ᠮᠠᠰᠢ ᠰᠢᠯᠤᠭᠤᠬᠠᠨ ᠶᠠᠪᠣᠭᠳᠠᠬᠤᠯᠠᠷ᠂ ᠪᠢᠴᠢᠬᠠᠨ ᠰᠦᠨ ᠯᠢᠶᠠᠩ ᠢ ᠨᠠᠩ ᠢᠯᠡᠭᠦᠤ ᠣᠷᠮᠠᠰᠢᠭᠤᠯᠵᠤ᠂ ᠣᠷ᠎ᠠ ᠠᠪᠢᠶᠠᠰ ᠢ ᠨᠢ ᠣᠯᠠᠮ ᠭᠦᠭ᠍ᠵᠢᠭᠡᠯ᠎ᠡ ᠃

ᠲ᠋ᠠᠨᠢᠬᠤ ᠦᠭᠡᠶ ᠨᠢᠭᠡ ᠨᠠᠰᠤᠳᠠᠨ ᠡᠴᠡ ᠳᠣᠢ᠌ᠮᠤ ᠦᠭᠡᠶ ᠣᠯᠠᠨ ᠡᠷᠳᠡᠮ ᠢ ᠰᠤᠷᠤᠭᠰᠠᠨ ᠳᠤ ᠪᠠᠨ ᠪᠢᠴᠢᠬᠠᠨ ᠰᠦᠨ ᠯᠢᠶᠠᠩ ᠭᠡᠮᠵᠢᠶᠡᠯᠡᠰᠢ ᠦᠭᠡᠶ ᠪᠠᠶᠠᠷᠯᠠᠨ ᠪᠠᠭᠰᠢ ᠡ︕ ᠭᠡᠵᠤ ᠬᠠᠰᠭᠢᠷᠤᠨ ᠭᠤᠷᠪᠠᠠᠳᠠ ᠮᠦᠷᠭᠦᠵᠤ᠂ ᠳᠤᠯᠤᠭᠠᠢ ᠡᠷᠭᠦᠨ ᠬᠠᠷᠠᠬᠤ ᠳᠤ ᠶᠠᠭᠤᠨᠠᠢ ᠴᠠᠭᠠᠨ ᠰᠠᠬᠠᠯᠳᠤ ᠡᠪᠦᠭᠡᠨ ᠪᠠᠢ᠌ᠬᠤ ᠠᠵᠢ᠃ ᠬᠠᠷ᠎ᠠ ᠡᠭᠦᠯᠡ ᠠᠷᠢᠯᠵᠤ᠂ ᠬᠠᠰ ᠤᠨ ᠰᠠᠷᠠᠨ ᠮᠡᠯᠳᠡᠢ᠌ᠭᠡᠳ᠂ ᠣᠭᠳᠠᠷᠭᠤᠢ ᠳᠦᠭᠦᠷᠡᠩ ᠠᠨᠢᠪᠠᠯᠵᠡᠨ ᠪᠠᠢ᠌ᠭᠰᠠᠨ ᠣᠳᠤᠨ ᠮᠠᠴᠢᠳ ᠳᠠᠷᠬᠠᠨ ᠡᠭᠦᠷᠭᠡ ᠪᠠᠨ ᠪᠠᠶᠡᠯᠡᠭᠦᠯᠦᠭᠡᠳ ᠬᠠᠷᠠᠭᠤᠯ ᠤᠨ ᠡᠭᠡᠯᠵᠢ ᠡᠴᠡ ᠪᠠᠨ ᠪᠠᠭᠤᠬᠤ ᠭᠢᠯᠢ ᠶᠢᠨ ᠪᠠᠢ᠌ᠯᠳᠤᠭᠴᠢᠳ ᠰᠢᠭ ᠠᠮᠠᠷᠠᠭᠰᠠᠨ ᠪᠠᠢ᠌ᠬᠤ ᠳᠤ ᠭᠠᠭᠴᠠ ᠴᠤᠯᠮᠤᠨ ᠣᠳᠤ ᠯᠠ ᠥᠯᠡᠳᠡᠭᠡᠳ ᠶᠠᠭ ᠡᠷᠳᠡᠮ ᠰᠤᠷᠴᠤ ᠮᠡᠳᠡᠯᠭᠡ ᠡᠵᠡᠮᠰᠢᠭ᠍ᠰᠡᠨ ᠪᠢᠴᠢᠬᠠᠨ ᠰᠦᠨ ᠯᠢᠶᠠᠩ ᠳᠤ ᠪᠠᠶᠠᠷ ᠭᠦᠷᠭᠡᠵᠤ ᠪᠠᠢ᠌ᠭ᠎ᠠ ᠰᠢᠭ ᠠᠨᠢᠪᠠᠯᠵᠠᠨ ᠭᠢᠯᠠᠯᠵᠠᠵᠤ ᠪᠠᠢ᠌ᠪᠠ᠃

ᠵᠡᠭᠦᠨ ᠡᠮᠦᠨ᠎ᠡ ᠡᠴᠡ ᠦᠷ ᠤᠨ ᠭᠡᠭᠡ ᠰᠤᠪᠣᠷᠠᠬᠤ ᠪᠠᠷ ᠦᠪᠡᠷ ᠤᠨ ᠨᠢᠭᠡᠯᠡ ᠰᠦᠨᠢ ᠶᠢᠨ ᠵᠡᠭᠦᠳᠤᠨ ᠳᠤ ᠪᠠᠨ ᠭᠤᠷᠪᠠᠨ ᠰᠦᠨᠢ ᠵᠢᠨ ᠰᠤᠷᠤᠯᠭ᠎ᠠ ᠶᠢᠨ ᠡᠭᠦᠷᠭᠡ ᠶᠢ ᠪᠠᠶᠡᠯᠡᠭᠦᠯᠦᠭ᠍ᠰᠡᠨ ᠶᠢᠡᠨ ᠰᠠ‍‌ᠶᠢ ᠣᠬᠠᠵᠤ᠂ ᠳᠡᠭᠡᠭ᠍ᠰᠢ ᠬᠠᠷᠠᠨ ᠡᠭᠦᠯᠡᠨ ᠤ ᠳᠠᠯᠳᠠ ᠡᠴᠡ ᠭᠠᠷᠴᠤ ᠢᠷᠡᠭᠡᠳ ᠢᠰᠪᠠᠯᠵᠡᠨ ᠮᠡᠭᠡᠢ᠌ᠷᠡᠭᠦ ᠳᠡᠷᠭᠡᠯ ᠰᠠᠷᠠᠨ ᠡᠴᠡ ᠴᠠᠭᠠᠨ ᠡᠪᠦᠭᠡ ᠮᠢᠨᠢ ᠬᠠᠮᠢᠭᠠᠰᠢ ᠶᠠᠪᠣᠪᠠ ︖ ᠨᠠᠷ᠎ᠠ ᠨᠢ ᠭᠡᠨ ᠭᠡᠳᠡᠭ᠌ ᠪᠢᠯᠠ ︕ ᠭᠡᠵᠤ ᠰᠠᠨᠠᠮᠰᠠᠷ ᠦᠭᠡᠶ᠂ ᠳᠤᠮᠤᠭ᠎ᠠ ᠥᠭᠡᠢ ᠠᠰᠠᠭᠤᠵᠤ ᠠᠮᠵᠢᠯ᠎ᠠ᠃

ᠦᠪᠡᠷ ᠶᠢᠡᠨ ᠪᠣᠳᠤᠵᠤ ᠦᠵᠡ ︕ ᠭᠡᠰᠡᠨ ᠮᠠᠶ‍ᠢᠭᠳᠠᠢ ᠰᠠᠷᠠᠨ ᠠᠪᠠᠬᠠᠢ ᠨᠡᠭᠦᠳᠡᠯᠯᠡᠭᠦ ᠡᠭᠦᠯᠡᠰ ᠤᠨ ᠴᠠᠭᠠᠨ᠎ᠠ ᠬᠠᠭᠠᠰ ᠬᠠᠴᠠᠷ ᠶᠢᠡᠨ ᠳᠠᠯᠳᠠᠯᠠᠪᠠ᠃

ᠰᠦᠨ ᠯᠢᠶᠠᠩ ᠳᠡᠭᠡᠭ᠍ᠰᠢ ᠬᠠᠷᠠᠵᠤ ᠭᠡᠪᠳᠡᠭᠡᠳ ᠰᠠᠷᠠᠨ ᠤ ᠳᠤᠳᠤᠷᠠᠭᠢ ᠽᠠᠠᠳᠠᠨ ᠮᠤᠳᠤ ᠶᠢ ᠰᠢᠷᠳᠡᠭ᠍ᠰᠡᠭᠡᠷ ᠭᠡᠨᠡᠳᠲᠡ ᠰᠡᠭᠡᠰᠭᠢᠨ ᠡᠳᠦᠷ ᠤᠨ ᠪᠣᠳᠤᠯ᠂ ᠰᠦᠨᠢ ᠵᠢᠨ ᠵᠡᠭᠦᠳᠦᠨ ᠳᠤ ᠪᠠᠨ ᠪᠢᠰᠢᠷᠠᠵᠤ ᠪᠠᠬᠠᠷᠬᠠᠵᠤ ᠪᠠᠢ᠌ᠭᠰᠠᠨ ᠰᠢᠳᠦᠭᠡᠨ ᠳᠡᠡᠽᠡᠡᠨᠢᠮ᠎ᠡ ᠪᠠᠭᠰᠢ ᠯᠠᠪᠳᠠᠢ ᠮᠦᠨ ᠭᠡᠵᠤ ᠪᠠᠳᠤᠯᠠᠵᠤ᠂ 《ᠳᠡᠮᠡᠤᠯᠡᠭ᠍ᠰᠡᠨ ᠢ ᠳᠡᠭ᠍ᠷᠢ ᠭᠤᠮᠤᠳᠠᠭᠠᠬᠤ ᠥᠭᠡᠢ 》 ᠭᠡᠳᠡᠭ᠍ᠴᠢᠯᠡᠨ ᠪᠣᠷᠬᠠᠨ ᠪᠣᠯᠤᠭᠠᠤᠨ ᠳᠦᠴᠢᠨᠠᠨ ᠵᠢᠯ ᠪᠣᠯᠵᠤ ᠪᠠᠢ᠌ᠭ᠎ᠠ ᠰᠠᠭᠢᠭᠤᠯᠰᠤᠨ ᠪᠠᠭᠰᠢ ᠮᠢᠨᠢ ᠳᠡᠭ᠍ᠷᠢ ᠶᠢᠨ ᠵᠠᠭᠢᠶ᠎ᠠ ᠪᠠᠷ ᠵᠠᠯᠠᠷᠠᠵᠤ ᠢᠷᠡᠭᠡᠳ ᠡᠷᠳᠡᠮ ᠶᠢᠡᠨ ᠦᠷ᠎ᠡ ᠱᠠᠪᠢ ᠳᠤ ᠪᠠᠨ ᠣᠯᠠᠮᠵᠢᠯᠠᠵᠤ ᠪᠠᠢ᠌ᠨ᠎ᠠ ᠭᠡᠵᠤ ᠰᠡᠳᠭᠢᠭᠡᠳ ᠰᠠᠷᠠᠨ ᠤ ᠵᠥᠭ᠌ ᠲᠤ ᠬᠠᠠᠳᠤᠨ ᠭᠤᠷᠪᠠᠠᠳᠠ ᠮᠦᠷᠭᠦᠵᠡᠢ᠃

ᠡᠨ᠂ ᠵᠡᠭᠦᠳᠤ ᠪᠠᠷ ᠡᠷᠳᠡᠮ ᠰᠤᠷᠤᠨ᠎ᠠ ᠭᠡᠳᠡᠭ᠌ ᠴᠢᠨᠢ ᠦᠨᠡᠨ ᠭᠡᠷᠡᠭ᠌ ᠪᠠᠢ᠌ᠵᠤ ᠰᠢᠳᠠ ︕ ᠳ᠋ᠠᠮᠪᠠᠷᠢᠠᠴᠢᠨ ᠪᠠᠭᠰᠢ ᠶᠢᠨ ᠭᠡᠯᠡᠭᠦ 《ᠳᠠᠩ ᠣᠯᠤᠰ ᠤᠨ ᠥᠯᠢᠭᠡᠷ》 ᠲᠤ ᠭᠢ ᠴᠸᠩ ᠶᠤᠤ ᠶᠢᠨ ᠤ ᠵᠡᠭᠦᠳᠤ ᠪᠠᠷ ᠶᠢᠡᠨ《ᠭᠤᠷᠪᠠᠨ ᠰᠥᠭᠡᠨ ᠤ ᠡᠷᠳᠡᠮ》 ᠰᠤᠷᠤᠯ᠎ᠠ ᠭᠡᠳᠡᠭ᠌ ᠨᠢ ᠡᠢ᠌ᠮᠤ ᠯᠠ ᠭᠡᠷᠡᠭ᠌ ᠪᠠᠢ᠌ᠵᠠᠢ ᠭᠡᠵᠤ ᠣᠬᠠᠮᠰᠠᠷᠠᠭᠰᠠᠨ ᠰᠦᠨ ᠯᠢᠶᠠᠩ ᠦᠪᠡᠷ ᠤᠨ ᠵᠡᠭᠦᠳᠤ ᠪᠠᠷ ᠶᠢᠡᠨ ᠡᠷᠳᠡᠮ ᠰᠤᠷᠤᠭᠰᠠᠨ ᠵᠢᠠᠨ ᠨᠠᠩᠳᠠ ᠰᠡᠵᠢᠭᠯᠡᠭᠦ ᠦᠭᠡᠶ ᠪᠣᠯᠤᠭᠠᠤᠨ ᠪᠠᠭᠰᠢ ᠶᠢᠨ ᠵᠢᠭᠠᠭᠰᠠᠨ ᠶᠤᠰᠤ ᠪᠠᠷ ᠡᠳᠦᠷ ᠰᠦᠨᠢ ᠶᠢᠨ ᠬᠤᠪᠢᠨ ᠳᠤ ᠪᠣᠯᠪᠠᠰᠤᠷᠠᠵᠤ ᠡᠭᠢᠯᠡᠵᠡᠢ᠃

《ᠭᠤᠷᠪᠠᠨ ᠭᠦᠮᠤᠨ ᠶᠠᠪᠣᠪᠠᠰᠤ ᠡᠷᠭᠡᠪᠰᠢ ᠮᠢᠨᠤ ᠪᠠᠭᠰᠢ ᠪᠠᠢ᠌ᠮᠤᠢ》 ᠭᠡᠵᠤ ᠳᠠᠷᠤᠤ ᠭᠢᠴᠢᠶᠡᠩᠭᠦᠢ ᠣᠪᠣᠷ ᠶᠢᠡᠷ ᠰᠤᠷᠤᠯᠴᠠᠬᠤ ᠵᠠᠩ ᠲᠡᠶ ᠰᠦᠨ ᠯᠢᠶᠠᠩ ᠪᠡᠷ ᠵᠡᠭᠦᠳᠤ ᠪᠠᠷ ᠰᠤᠷᠤᠭᠰᠠᠨ ᠤ ᠪᠠᠨ ᠰᠠᠭᠤᠷᠢᠨ ᠳᠡᠭᠡᠷ᠎ᠡ᠂ ᠨᠤᠳᠤᠭ ᠣᠰᠤᠨ ᠤ ᠪᠠᠨ ᠠᠯᠳᠠᠷᠳᠤ ᠠᠬᠠᠮᠠᠤᠨ ᠬᠤᠭᠤᠷᠴᠢᠳ ᠡᠴᠡ ᠪᠠᠨ ᠣᠯᠠᠮ ᠠᠷᠪᠢᠨ᠂ ᠨᠠᠷᠢᠨ ᠨᠢᠭᠳᠠ ᠡᠷᠳᠡᠮ ᠮᠡᠷᠭᠡᠵᠢᠯ ᠢ ᠡᠵᠡᠮᠰᠢᠭᠦ ᠪᠠᠷ ᠴᠢᠷᠮᠠᠢ᠌ᠭᠰᠠᠨ ᠪᠠᠢ᠌ᠨ᠎ᠠ᠃ ᠵᠡᠭᠦᠨ ᠠᠢ᠌ᠯ ᠤᠨ ᠢᠰᠢᠩᠭ᠋᠎ᠠ ᠪᠠᠭᠰᠢ ᠶᠢᠨ ᠭᠡᠳᠡᠷᠭᠦ ᠨᠤᠮᠤ ᠭᠡᠷᠡᠭᠯᠡᠭᠦ᠂ ᠣᠳᠠᠰᠤ ᠨᠢᠰᠠᠯᠠᠬᠤ ᠪᠠ ᠮᠤᠷᠢ ᠢᠠᠴᠠᠭᠠᠬᠤ ᠶᠢ ᠭᠠᠷᠭᠠᠬᠤ ᠠᠷᠭ᠎ᠠ ᠶᠢ ᠰᠤᠷᠴᠤ᠂ ᠡᠮᠦᠨ᠎ᠡ ᠳᠤᠰᠬᠤᠨ ᠤ ᠨᠠᠮᠵᠢᠯ ᠰᠢᠶᠠᠠᠱᠸᠩ ᠡᠴᠡ ᠠᠶᠠᠯᠭᠤ ᠶᠢ ᠣᠨᠤᠪᠴᠢᠳᠠᠢ᠂ ᠠᠢ᠌ᠵᠢᠮ ᠢ ᠭᠤᠶᠤ᠂ ᠨᠤᠮᠤ ᠶᠢ ᠭᠦᠴᠦᠳᠡᠢ ᠵᠠᠷᠤᠬᠤ ᠡᠷᠳᠡᠮ ᠢ ᠡᠵᠡᠮᠰᠢᠭ᠍ᠰᠡᠨ ᠪᠠ ᠨᠠᠳᠮᠢᠳ ᠵᠠᠯᠠᠨ ᠤ ᠠᠳᠬᠤᠭᠤᠯᠢ ᠰᠢᠯᠵᠢᠭᠦᠯᠭᠦ᠂ ᠠᠳᠬᠤᠭᠤᠯᠢ ᠳᠤᠭᠳᠠᠪᠣᠷᠢᠵᠢᠭᠤᠯᠬᠤ ᠠᠷᠭ᠎ᠠ ᠪᠣᠯᠤᠨ ᠴᠢᠭ᠍ᠷᠡᠳᠡᠰᠤ ᠨᠤᠭᠤᠯᠪᠣᠷᠢ ᠣᠳᠠᠰᠤ ᠨᠤᠬᠤᠯᠭᠢᠯᠠᠬᠤ ᠠᠷᠭ᠎ᠠ ᠶᠢ ᠡᠵᠡᠮᠰᠢᠨ ᠠᠪᠣᠭᠰᠠᠨ ᠵᠡᠷᠭᠡ ᠶᠢᠨ ᠡᠷᠳᠡᠮ ᠤᠨ ᠠᠩ᠂ ᠮᠡᠳᠡᠯᠭᠡ ᠶᠢᠨ ᠠᠪᠠ ᠶᠢ ᠭᠠᠠᠵᠤᠭ᠎ᠠ ᠳᠦᠭᠦᠷᠡᠩ ᠣᠯᠵᠠᠯᠠᠭᠰᠠᠨ ᠳᠡᠦᠭᠡ ᠲᠡᠶ᠃ ᠳᠠᠩᠭ᠋ᠠᠷᠢᠭ ᠤᠨ ᠰᠦᠮ᠎ᠡ ᠶᠢᠨ ᠬᠤᠸᠠᠩᠵᠠᠢ ᠮᠠᠮ᠎ᠠ ᠪᠠᠰᠠ ᠣᠯᠠᠨ ᠠᠶᠠᠭ᠎ᠠ ᠶᠢᠨ ᠳᠤᠳᠤᠷ᠎ᠠ ᠡᠴᠡ ᠬᠠᠮᠤᠭ ᠰᠠᠢ᠌ᠨ ᠳᠤᠤᠭᠠᠷᠳᠠᠭ ᠨᠢᠭᠡ ᠶᠢ ᠰᠤᠩᠭ᠋ᠤᠵᠤ ᠠᠪᠣᠭᠠᠤᠨ ᠰᠠᠪᠬ᠎ᠠ ᠪᠠᠷ ᠳᠤᠩᠰᠢᠵᠤ 《ᠳᠦᠷᠪᠠᠨ ᠣᠳᠠᠰᠤᠳᠤ ᠬᠤᠭᠤᠷ ᠤᠨ ᠶᠢᠡᠨ ᠭᠠᠳᠠᠷ ᠣᠳᠠᠰᠤ ᠶᠢ ᠡᠨᠡ ᠠᠶᠠᠭ᠎ᠠ ᠶᠢ ᠳᠤᠩᠰᠢᠵᠤ ᠪᠠᠢ᠌ᠭᠠᠤᠨ ᠳᠠᠭᠠᠷᠠᠭᠤᠯ ᠡ ︕》 ᠭᠡᠰᠡᠨ ᠪᠠ ᠬᠤᠯᠪᠣᠭᠠᠰᠤ ᠨᠤᠮᠤ ᠵᠠᠷᠤᠬᠤ ᠠᠷᠭ᠎ᠠ᠂ ᠬᠤᠪᠢᠶᠠᠷᠢ ᠨᠤᠮᠤ ᠭᠡᠷᠡᠭᠯᠡᠭᠦ ᠠᠷᠭ᠎ᠠ᠂ ᠳᠡᠭᠡᠭ᠍ᠰᠢ ᠳᠤᠷᠤᠭᠰᠢ ᠱᠤᠳᠤᠷᠬᠤ᠂ ᠬᠣᠢ᠌ᠯᠠᠷᠠᠭᠤᠯᠤᠨ ᠱᠤᠳᠤᠷᠬᠤ ᠳᠠᠷᠤᠳᠠᠯ᠂ ᠳᠠᠪᠬᠤᠴᠠᠬᠤ ᠳᠠᠭᠤᠨ ᠭᠠᠷᠭᠠᠬᠤ ᠠᠷᠭ᠎ᠠ ᠪᠠᠷᠢᠯ ᠵᠡᠷᠭᠡ ᠡᠷᠳᠡᠮ ᠢ ᠬᠠᠮᠵᠢᠶ᠎ᠠ ᠰᠡᠳᠭᠢᠯ ᠡᠪᠦᠷᠯᠡᠵᠤ᠂ ᠬᠠᠯᠠᠭᠤᠨ ᠭᠠᠷ ᠶᠢᠡᠨ ᠰᠤᠩᠭ᠋ᠠᠭᠠᠤᠨ ᠵᠠᠭᠢᠵᠤ ᠰᠤᠷᠭᠠᠭᠰᠠᠨ ᠨᠢ ᠰᠦᠨ ᠯᠢᠶᠠᠩ ᠳᠤ ᠭᠡᠵᠢᠶᠡᠳᠡ ᠮᠠᠷᠳᠠᠭᠳᠠᠰᠢ ᠦᠭᠡᠶ᠃


ᠦᠷᠭᠦᠯᠵᠢᠯᠡᠯ ᠪᠤᠢ


ᠵᠤᠬᠢᠶᠠᠭᠴᠢ ᠶᠢᠨ ᠬᠠ‍‌ᠶᠢᠭ ᠄ ᠬᠤᠷᠴᠢᠨ ᠵᠡᠭᠦᠨ ᠭᠠᠷᠤᠨ ᠳᠤᠮᠳᠠᠳᠤ ᠬᠤᠰᠢᠭᠤᠨ ᠤ ᠱᠸᠪᠠᠷᠳᠤ ᠮᠤᠩᠭ᠋ᠤᠯ ᠦᠨᠳᠦᠰᠦᠳᠠᠨ ᠤ ᠳᠤᠮᠳᠠᠳᠤ ᠰᠤᠷᠭᠠᠭᠤᠯᠢ

ᠵᠤᠬᠢᠶᠠᠭᠴᠢ᠄ ᠲᠠᠩᠨᠤᠳ ᠬᠠᠢ᠌ᠬᠤ
ᠳᠠᠷᠤᠮ᠄ 1281
ᠴᠠᠭ᠄ 2012 ᠤᠨ ᠤ 11 ᠰᠠᠷ᠎ᠠ ᠶᠢᠨ 06
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁