ᠨᠣ᠋·ᠪᠠᠭᠠᠳᠤᠷ ᠄ 《ᠪᠢᠯᠢᠭ᠌ ᠤᠨ ᠭᠡᠭᠡᠪᠴᠢ》
ᠨᠢᠭᠡ ᠂ ᠶᠢᠷᠲᠢᠨᠴᠦ ᠲᠠᠢ ᠲᠠᠨᠢᠯᠴᠠᠶ᠎ᠠ
ᠨᠢᠭᠡᠳᠦᠭᠡᠷ ᠬᠡᠰᠡᠭ ᠂ ᠡᠷᠳᠡᠮ ᠤᠨ ᠢᠠᠳᠠᠷ ᠵᠥᠭ᠌

ᠭᠦᠮᠤᠨ ᠤ ᠶ‍ᠢᠷᠳᠢᠠᠴᠤ ᠪᠣᠯ ᠨᠢᠭᠡᠨ ᠳᠠᠪᠳᠠᠷ ᠪᠢᠴᠢᠭ᠌ ᠮᠥᠨ᠃ ᠲᠡᠨᠡᠭ᠌ ᠭᠦᠮᠤᠨ ᠳᠡᠭᠦᠨ ᠢ ᠬᠠᠰᠢ ᠶ‍ᠠᠰᠢ ᠣᠷᠪᠠᠭᠤᠯᠤᠭᠠᠤᠨ ᠥᠩᠭᠡᠷᠡᠳᠡᠭ᠌ ᠪᠠᠢ᠌ᠬᠤ ᠳᠤ᠂ ᠰᠠᠴᠠᠨ ᠰᠡᠷᠭᠦᠯᠡᠩ ᠭᠦᠮᠤᠨ ᠬᠠᠷᠢᠨ ᠴᠡᠭ᠌ ᠳᠤᠰᠤᠯ ᠠᠯᠳᠠᠯ ᠦᠭᠡᠶ ᠨᠢᠮᠪᠠᠢ ᠣᠩᠰᠢᠨ᠎ᠠ᠃ ᠶ‍ᠠᠭᠤᠨ ᠳᠤ ᠳᠡᠭᠡᠨ᠎ᠡ ᠪᠤᠢ ᠭᠡᠪᠠᠯ᠂ ᠭᠦᠮᠤᠨ ᠳᠡᠭᠦᠨ ᠢ ᠭᠠᠭᠴᠠᠬᠠᠨ ᠣᠳᠠᠭ᠎ᠠ ᠯᠠ ᠣᠯᠵᠤ ᠣᠩᠰᠢᠬᠤ ᠡᠴᠡ ᠪᠣᠯᠵᠠᠢ᠃


᠊᠊᠊᠊᠊᠊᠊᠊᠊᠊᠊᠊᠊᠊᠊᠊᠊᠊᠊᠊ ᠨᠠᠨ᠂ ᠫᠣᠯ


ᠲᠠᠨᠠᠷ ᠡᠨᠡ ᠡᠷᠢᠶ‍ᠡᠨ ᠽᠠᠮᠪᠣᠯᠢᠩ ᠳᠤ ᠭᠦᠮᠤᠨ ᠪᠣᠯᠵᠤ ᠳᠦᠷᠦᠭᠡᠤᠨ ᠠᠮᠢ ᠨᠠᠰᠤᠨ ᠤ ᠴᠢᠨᠠᠷ ᠴᠢᠠᠰᠠᠭ᠎ᠠ ᠪᠠᠨ ᠳᠡᠭᠡᠭ᠍ᠰᠢᠯᠡᠭᠦᠯᠭᠦ ᠳᠤᠬᠠᠢ ᠪᠣᠳᠤᠯᠭᠢᠯᠠᠵᠤ ᠥᠩᠭᠡᠷᠡᠭ᠍ᠰᠡᠨ ᠦᠦ︖ ᠴᠢᠨᠠᠭᠰᠢᠯᠠᠭᠠᠤᠨ ᠠᠮᠢᠳᠤᠷᠠᠯ ᠤᠨ ᠵᠤᠷᠢᠯᠭ᠎ᠠ ᠶ‍ᠠᠭᠤ ᠪᠣᠯᠬᠤ ᠶᠢ ᠰᠤᠪᠢᠵᠤ ᠥᠵᠡᠭ᠍ᠰᠡᠨ ᠪᠣᠯ ᠦᠦ︖ ᠣᠯᠠᠩᠭᠢ ᠭᠦᠮᠤᠨ ᠦᠠᠳᠤᠷ ᠳᠤᠰᠢᠶ‍ᠠᠯ ᠪᠠᠶ‍ᠠᠨ ᠠᠮᠢᠳᠤᠷᠠᠯ ᠶᠢᠡᠷ ᠬᠠᠷᠠᠯᠳᠠ ᠪᠠᠨ ᠪᠣᠯᠭᠠᠳᠠᠭ ᠢ ᠪᠢᠳᠠ ᠳᠠᠰᠤ ᠪᠣᠷᠤᠭᠤᠰᠢᠶ‍ᠠᠬᠤ ᠶᠢᠨ ᠠᠷᠭ᠎ᠠ ᠦᠭᠡᠶ ᠪᠤᠯᠪᠠᠴᠤ᠂ ᠥᠭᠡᠳᠡ ᠡᠰᠡᠷᠡᠭ᠌ ᠣᠢ᠌ᠯᠠᠰ ᠴᠤᠭᠴᠠᠯᠠᠵᠤ ᠥᠩᠭᠡ ᠲᠡᠶ ᠭᠡᠷᠡᠯ ᠲᠡᠶ ᠠᠮᠢᠳᠤᠷᠠᠯ ᠪᠣᠰᠬᠠᠬᠤ ᠨᠢ ᠭᠦᠮᠤᠨ ᠳᠦᠷᠤᠯᠭᠢᠳᠠᠨ ᠤ ᠨᠠᠢ᠌ᠳᠠ ᠶᠢᠨ ᠵᠤᠷᠢᠯᠳᠠ ᠪᠤᠯᠤᠨ᠎ᠠ᠃ ᠨᠢᠭᠡ ᠭᠦᠮᠤᠨ ᠤ ᠭᠠᠪᠢᠶ᠎ᠠ ᠵᠢᠦᠡᠭᠦᠯ ᠢ ᠥᠨᠡᠯᠡᠭᠦ ᠳᠡᠭᠡᠨ ᠳᠡᠭᠦᠨ ᠤ ᠭᠢᠷᠢ ᠵᠡᠷᠭᠡ ᠦᠠᠳᠤᠷ ᠳᠤᠰᠢᠶ‍ᠠᠯ ᠳᠤ ᠳᠠᠪᠰᠢᠵᠤ ᠭᠡᠳᠦᠢ ᠠᠷᠪᠢᠨ ᠮᠥᠩᠭᠦ ᠬᠤᠷᠠᠮᠳᠠᠭᠤᠯᠤᠭᠰᠠᠨ ᠶᠢᠡᠷ ᠥᠵᠡᠳᠡᠭ᠌ ᠦᠭᠡᠶ᠂ ᠬᠠᠷᠢᠨ ᠭᠦᠮᠤᠨ ᠳᠦᠷᠤᠯᠭᠢᠳᠠᠨ ᠤ ᠳᠡᠦᠭᠡ ᠶᠢᠨ ᠭᠦᠭ᠍ᠵᠢᠯᠳᠡ ᠳᠤ ᠨᠠᠮᠠᠷᠢ ᠬᠠᠠᠳᠢᠪ ᠥᠵᠡᠭᠦᠯᠵᠤ ᠴᠢᠳᠠᠭᠰᠠᠨ ᠡᠰᠡᠭᠦ ᠪᠠᠷ ᠪᠠᠷᠢᠮᠵᠢᠶ‍ᠠᠯᠠᠳᠠᠭ ᠪᠠᠢ᠌ᠨ᠎ᠠ᠃ ᠳᠡᠭᠡᠭᠦ ᠳᠤ ᠭᠦᠮᠤᠨ ᠪᠦᠭᠦᠨ ᠤ ᠭᠦᠴᠤ ᠴᠢᠳᠠᠯ᠂ ᠣᠶ‍ᠤᠨ ᠣᠬᠠᠭᠠᠨ ᠤ ᠭᠢᠷᠢ ᠭᠡᠮᠵᠢᠶ᠎ᠡ ᠠᠳᠠᠯᠢ ᠦᠭᠡᠶ ᠡᠴᠡ ᠪᠤᠯᠵᠤ᠂ ᠨᠡᠢ᠌ᠭᠡᠮ ᠳᠤ ᠥᠵᠡᠭᠦᠯᠭᠦ ᠨᠥᠯᠦᠭᠡ ᠬᠠᠠᠳᠢᠪ ᠴᠤ ᠠᠳᠠᠯᠢ ᠪᠣᠰᠤ ᠪᠠᠢ᠌ᠳᠠᠭ᠃ ᠮᠡᠷᠺᠰ᠂ ᠧᠳᠢᠰᠤᠨ ᠮᠠᠳᠤ ᠶᠢᠨ ᠠᠪᠣᠷᠭᠤ ᠪᠦᠳᠦᠭᠡᠯ ᠲᠡᠶ ᠭᠦᠮᠤᠨ ᠪᠠᠢ᠌ᠬᠤ ᠳᠤ᠂ ᠭᠦᠡᠵᠢᠭᠦᠷ ᠵᠡᠭᠦᠤ ᠰᠢᠭ᠌ ᠵᠢᠵᠢᠭ᠌ ᠡᠭᠦᠳᠦᠯᠳᠡ ᠲᠡᠶ ᠭᠦᠮᠤᠨ ᠪᠠᠰᠠ ᠪᠠᠢ᠌ᠵᠤ ᠦᠪᠠᠷ ᠤᠨ ᠣᠠᠴᠠᠯᠢᠭ ᠲᠠᠭᠠᠨ ᠳᠤᠭᠢᠷᠠᠭᠰᠠᠨ ᠵᠢᠦᠡᠭᠦᠯ ᠨᠠᠮᠠᠷᠢ ᠪᠠᠨ ᠥᠵᠡᠭᠦᠯᠵᠡᠢ᠃ ᠪᠢᠳᠡ ᠵᠥᠪᠭᠡᠨ ᠵᠠᠭᠤᠨ ᠳᠦᠮᠠᠨ ᠵᠤᠭᠤᠰ ᠶᠢᠡᠷ ᠠᠰᠠᠷᠠᠮᠵᠢ ᠶᠢᠨ ᠣᠢ᠌ᠯᠠᠰ ᠲᠤ ᠳᠤᠰᠠᠯᠠᠭᠰᠠᠨ ᠭᠦᠮᠤᠨ ᠢ ᠰᠠᠶ‍ᠢ ᠬᠤᠪᠢ ᠨᠠᠮᠠᠷᠢ ᠥᠵᠡᠭᠦᠯᠦᠯ᠎ᠡ ᠭᠡᠵᠤ ᠭᠡᠯᠡᠭᠦ ᠦᠭᠡᠶ᠂ ᠡᠭᠡ ᠪᠠᠢ᠌ᠭᠠᠯᠢ ᠳᠠᠭᠠᠨ ᠭᠠᠭᠴᠠᠬᠠᠨ ᠰᠠᠭᠤᠷᠢ ᠮᠤᠳᠤ ᠳᠠᠷᠢᠭᠰᠠᠨ ᠴᠤ ᠵᠢᠦᠡᠭᠦᠯ ᠳᠤ ᠳᠤᠭᠠᠴᠢᠭᠳᠠᠨ᠎ᠠ᠃ ᠲᠡᠭᠡᠯ᠎ᠡ ᠴᠤ ᠴᠢᠨᠤ ᠨᠢᠭᠡ ᠨᠠᠰᠤᠨ ᠳᠠᠭᠠᠨ ᠭᠡᠷ ᠳᠡᠷᠭᠡ ᠪᠤᠰᠭᠠᠬᠤ᠂ ᠡᠳ᠋ᠯᠡᠯ ᠭᠡᠷᠡᠭ᠍ᠰᠡᠯ ᠭᠢᠭᠦ ᠵᠡᠷᠭᠡ ᠳᠤ ᠰᠥᠢᠦᠡᠭᠡᠭ᠍ᠰᠡᠨ ᠮᠤᠳᠤ ᠶᠢ ᠪᠦᠷᠢᠦᠡᠭᠡᠵᠤ ᠵᠠᠢ᠌ᠯᠤᠭᠰᠠᠨ ᠮᠤᠳᠤᠨ ᠤ ᠳᠤᠭ᠎ᠠ ᠡᠴᠡ ᠬᠠᠰᠤᠵᠤ ᠬᠠᠶ‍ᠠᠭᠰᠠᠨ ᠪᠠᠢ᠌ᠬᠤ ᠶ‍ᠦᠰᠦᠳᠡᠢ᠃ ᠰᠥᠢᠦᠡᠭᠡᠭ᠍ᠰᠡᠨ ᠨᠢ ᠵᠠᠢ᠌ᠯᠤᠭᠰᠠᠨ ᠡᠴᠡ ᠪᠠᠨ ᠳᠠᠪᠠᠭᠰᠠᠨ ᠪᠠᠢ᠌ᠪᠠᠯ ᠬᠤᠪᠢ ᠨᠠᠮᠠᠷᠢ ᠦᠭᠡᠶ ᠮᠥᠷᠳᠡᠭᠡᠨ ᠭᠡᠳᠡᠷᠭᠦ ᠥᠷᠢᠳᠦᠭ᠍ᠰᠡᠨ ᠶ‍ᠠᠪᠣᠳᠠᠯ ᠪᠣᠯᠤᠨ᠎ᠠ ᠰᠢᠤ︕

ᠣᠳᠤ ᠪᠢᠳᠠ ᠡᠩᠭᠦᠷᠡᠢ ᠬᠠᠢ᠌ᠷᠠᠳᠤ ᠡᠭᠡ ᠪᠠᠢ᠌ᠭᠠᠯᠢ᠂ ᠡᠯᠢᠭᠡᠨ ᠬᠤᠯᠪᠣᠭᠠᠳᠠᠢ ᠣᠯᠤᠰ ᠦᠠᠳᠤᠰᠤᠳᠠᠨ ᠳᠡᠭᠡᠨ ᠭᠦᠴᠤ ᠭᠦᠯᠦᠰᠤ ᠪᠠᠨ ᠡᠷᠭᠦᠶ᠎ᠡ ᠭᠡᠮᠡᠨ ᠭᠢᠴᠢᠶ‍ᠠᠯ ᠤᠨ ᠳᠠᠩᠭᠢᠮ ᠪᠣᠶ‍ᠤ ᠨᠡᠢ᠌ᠭᠡᠮ ᠤᠨ 《ᠶ‍ᠡᠭᠡ ᠰᠤᠷᠭᠠᠭᠤᠯᠢ》 ᠡᠴᠡ ᠡᠷᠳᠡᠮ ᠨᠤᠮ ᠰᠤᠷᠴᠤ ᠪᠠᠢ᠌ᠨ᠎ᠠ᠃ ᠵᠠᠬ᠎ᠠ ᠭᠢᠵᠠᠭᠠᠷ ᠦᠭᠡᠶ ᠥᠷᠭᠡᠨ ᠡᠷᠳᠡᠮ ᠤᠨ ᠳᠠᠯᠠᠢ ᠳᠤ ᠮᠠᠨ ᠤ ᠣᠯᠵᠤ ᠭᠦᠷᠳᠡᠭᠦ ᠮᠡᠳᠡᠯᠭᠡ ᠶᠢᠨ ᠭᠡᠮᠵᠢᠶ᠎ᠡ ᠨᠢ ᠬᠤᠭᠤᠯᠠᠢ ᠨᠤᠷᠭᠠᠬᠤ ᠣᠮᠳᠠ ᠭᠦᠷᠳᠡᠵᠤ ᠪᠠᠢ᠌ᠭ᠎ᠠ ᠳᠠᠳᠣᠢ᠌ᠯᠠ᠃ ᠵᠠᠷᠢᠮ ᠭᠦᠮᠤᠨ 《ᠨᠡᠢ᠌ᠭᠡᠮ ᠭᠦᠭ᠍ᠵᠢᠭᠡᠤᠨ ᠦᠠᠳᠤᠷ ᠳᠦᠪᠰᠢᠨ ᠳᠤ ᠭᠦᠷᠦᠭ᠍ᠰᠡᠨ ᠪᠣᠯᠬᠤᠷ ᠶ‍ᠠᠭᠤ ᠴᠤ ᠰᠤᠷᠤᠭᠰᠠᠨ ᠤ ᠴᠢᠬᠤᠯᠠ ᠦᠭᠡᠶ᠂ ᠭᠡᠷᠡᠭ᠍ᠴᠡᠭᠡ ᠲᠡᠶ ᠶ‍ᠠᠭᠤᠮ᠎ᠠ ᠪᠠᠨ ᠰᠦᠯᠵᠢᠶ‍ᠠᠨ ᠳᠡᠭᠡᠷ᠎ᠡ ᠡᠴᠡ ᠡᠷᠢᠪᠠᠯ ᠪᠤᠯᠴᠢᠬᠠᠨ᠎ᠡ》 ᠭᠡᠵᠤ ᠱᠠᠯ ᠳᠠᠮᠠᠢ ᠳᠤᠩᠭ᠋ᠤᠰᠴᠤ ᠪᠠᠢ᠌ᠨ᠎ᠡ᠃ ᠡᠷᠳᠡᠮ ᠮᠡᠳᠡᠯᠭᠡ ᠪᠣᠯ ᠬᠤᠪᠢ ᠭᠦᠮᠤᠨ ᠤ ᠣᠢ ᠪᠢᠯᠢᠭ᠌ ᠳᠤ 《ᠤᠭᠰᠡᠷᠴᠤ》 ᠪᠤᠯᠬᠤ 《ᠵᠥᠭᠡᠯᠡᠨ ᠳᠤᠨᠤᠭ》 ᠪᠣᠯᠬᠤ ᠡᠴᠡ ᠪᠢᠰᠢ᠂ ᠥᠪᠠᠷᠳᠡᠭᠡᠨ ᠰᠤᠩᠭ᠋ᠤᠬᠤ ᠳᠡᠯᠭᠡᠭᠦᠷ ᠤᠨ ᠪᠠᠷᠠᠭ᠎ᠠ ᠪᠢᠰᠢ ᠪᠣᠯᠬᠤ ᠨᠢ ᠯᠡᠪᠳᠡᠢ᠃ ᠡᠷᠳᠡᠮ ᠮᠡᠳᠡᠯᠭᠡ ᠶᠢᠨ ᠡᠨᠡᠭᠦ ᠳᠤᠮᠤ 《ᠰᠤᠪᠣᠷᠭ᠎ᠠ》 ᠵᠢ ᠠᠪᠠᠷᠢᠬᠤ ᠳᠤ᠂ ᠵᠥᠪᠭᠡᠨ ᠰᠠᠭᠤᠷᠢ ᠡᠴᠡ ᠨᠢ ᠡᠭᠢᠯᠡᠨ ᠨᠢᠭᠡ ᠨᠢᠭᠡ ᠳᠡᠭ᠍ᠳᠡᠷ ᠶᠢᠡᠷ ᠮᠠᠴᠤᠬᠤ ᠡᠴᠡ ᠪᠢᠰᠢ᠂ ᠲᠤᠮᠳᠠ ᠡᠴᠡ ᠨᠢ ᠳᠠᠰᠤᠳᠠᠬᠤ ᠪᠣᠶ‍ᠤ ᠣᠷᠤᠢ ᠳᠡᠭᠡᠷ᠎ᠡ ᠨᠢ ᠰᠢᠭᠤᠳ ᠨᠢᠰᠦᠭᠡᠤᠨ ᠭᠠᠷᠴᠢᠬᠤ ᠪᠣᠯᠤᠯᠴᠠᠭ᠎ᠠ ᠭᠡᠵᠢᠶ‍ᠡᠳᠡ ᠪᠠᠢ᠌ᠬᠤ ᠦᠭᠡᠶ᠃ ᠴᠢ ᠳᠠᠮᠤᠷ ᠢ ᠵᠥᠰᠦᠴᠢᠭᠡᠭᠦ ᠢᠯᠳᠤ ᠭᠢᠶ᠎ᠠ ᠭᠡᠪᠠᠯ ᠭᠢᠭᠦ ᠠᠷᠭ᠎ᠠ ᠶᠢ ᠨᠢ ᠭᠡᠳᠦᠭᠡᠨ ᠰᠸᠺᠦ᠋ᠨᠳ᠋ ᠳᠤ ᠡᠷᠢᠭᠡᠤᠨ ᠣᠯᠴᠢᠬᠠᠪᠠᠴᠤ᠂ ᠠᠳᠠᠭ ᠪᠠᠭ᠎ᠠ ᠳᠠᠭᠠᠨ ᠭᠤᠷᠪᠠᠨ ᠵᠢᠯ ᠪᠣᠯᠤᠳ ᠡᠳ᠋ᠰᠢᠭᠦᠯᠭᠦ ᠳᠤᠷᠰᠢᠯᠭ᠎ᠠ ᠦᠭᠡᠶ ᠶ‍ᠤᠮ ᠪᠣᠯ ᠭᠢᠵᠤ ᠪᠦᠳᠦᠭᠡᠭᠦ ᠶᠢ ᠰᠠᠨᠠᠯᠭᠠᠨ ᠦᠭᠡᠶ᠃ ᠰᠦᠯᠵᠢᠶ᠎ᠠ ᠴᠢᠮᠠᠳᠤ ᠠᠷᠭ᠎ᠠ ᠶᠢ ᠨᠢ ᠭᠡᠯᠡᠨ ᠥᠭ᠍ᠴᠤ ᠴᠢᠳᠠᠪᠠᠴᠤ ᠰᠢᠭᠤᠳ ᠰᠠᠷᠠᠯ ᠤᠨ ᠮᠡᠳᠡᠯᠭᠡ ᠶᠢ ᠬᠠᠩᠭ᠋ᠠᠨ ᠥᠭ᠍ᠴᠤ ᠴᠢᠳᠠᠬᠤ ᠦᠭᠡᠶ ᠠᠵᠢ᠃

ᠭᠦᠮᠦᠰ᠂ ᠪᠠᠢ᠌ᠭᠠᠯᠢ ᠶᠢ ᠳᠠᠨᠢᠵᠤ ᠵᠤᠭᠢᠴᠠᠬᠤ ᠶ‍ᠠᠪᠣᠴᠠ ᠳᠠᠭᠠᠨ᠂ ᠥᠴᠦᠭᠡᠳᠦᠷ ᠤᠨ ᠮᠡᠳᠡᠭᠡᠳᠦᠢ ᠵᠣᠢ᠌ᠯᠠᠰ ᠢ ᠦᠨᠤᠳᠤᠷ ᠳᠠᠨᠢᠵᠤ ᠠᠪᠣᠭᠠᠤᠨ ᠮᠠᠷᠭᠠᠰᠢ ᠨᠢ ᠪᠣᠯᠬᠤ ᠳᠤ ᠡᠨᠡ ᠨᠢ ᠡ᠊ᠡᠳᠡᠭᠦᠤ ᠰᠠᠷᠠᠯ ᠪᠣᠯᠬᠤ ᠨᠢ ᠭᠡᠷᠡᠴᠢᠯᠡᠭ᠍ᠳᠡᠨ᠎ᠡ᠃ ᠲᠡᠨᠢᠬᠤ᠂ ᠡ᠊ᠡᠳᠡᠭᠦᠤ ᠪᠠᠨ ᠵᠠᠯᠠᠷᠠᠭᠤᠯᠬᠤ᠂ ᠲᠠᠭᠢᠨ ᠭᠦᠡᠵᠡᠭᠡᠢ᠌ᠷᠡᠨ ᠳᠠᠨᠢᠬᠤ ᠪᠣᠯ ᠭᠦᠮᠤᠨ ᠳᠦᠷᠤᠯᠭᠢᠳᠠᠨ ᠤ ᠰᠤᠶ‍ᠤᠯᠵᠢᠨ ᠭᠡᠭᠡᠷᠡᠭᠦ ᠳᠤ ᠵᠠᠪᠠᠯ ᠳᠠᠮᠵᠢᠬᠤ ᠱᠠᠳᠤ ᠪᠤᠯᠤᠨ᠎ᠠ᠃ ᠡᠭᠦᠨ ᠢ ᠶ‍ᠠᠮᠠᠷᠪᠠ ᠳᠡᠭᠡᠳᠤ ᠮᠡᠷᠭᠡᠵᠢᠯ ᠪᠠ ᠴᠠᠭᠢᠯᠭᠠᠨ ᠳᠠᠷᠢᠭᠢ ᠣᠷᠤᠯᠠᠵᠤ ᠴᠢᠳᠠᠬᠤ ᠦᠭᠡᠶ᠃ ᠡᠨᠡ ᠶ‍ᠠᠪᠣᠴᠠ ᠨᠢ ᠶ‍ᠠᠭ ᠠᠯᠳᠠ ᠳᠤᠩᠭ᠋ᠠᠬᠤ ᠯᠤᠭ᠎ᠠ ᠳᠦᠰᠦᠭᠡᠳᠡᠢ᠂ ᠵᠤᠭᠰᠦᠯ ᠦᠭᠡᠶ ᠣᠭᠠᠵᠤ ᠵᠠᠢ᠌ᠯᠬᠤ ᠪᠠᠷ ᠳᠠᠮᠵᠢᠭᠠᠤᠨ ᠡᠯᠡᠰᠤ ᠬᠤᠮᠠᠭ ᠢ ᠨᠢ ᠪᠦᠷᠢᠨ ᠠᠷᠢᠯᠭᠠᠭᠰᠠᠨ ᠤ ᠬᠣᠢ᠌ᠨ᠎ᠠ ᠵᠢᠩᠭᠢᠨᠢ ᠠᠯᠳᠠ ᠨᠢ ᠰᠠᠶ‍ᠢ ᠥᠯᠡᠳᠡᠭᠦ ᠲᠡᠶ ᠠᠳᠠᠯᠢ᠂ ᠪᠣᠢ ᠪᠦᠭᠦᠢ ᠡᠷᠳᠡᠮ ᠰᠢᠡᠵᠢᠯᠭᠡᠨ ᠤ ᠣᠨᠤᠯ ᠨᠢ ᠵᠤᠭᠰᠤᠯ ᠦᠭᠡᠶ ᠰᠢᠨᠠᠴᠢᠯᠠᠯᠳᠠ ᠥᠭᠡᠷᠡᠴᠢᠯᠡᠯᠳᠡ ᠭᠢᠵᠤ ᠪᠠᠢ᠌ᠮᠠᠨ ᠪᠠᠢ᠌ᠭᠠᠯᠢ ᠶ‍ᠢᠷᠳᠢᠠᠴᠤ ᠶᠢ ᠳᠤᠤᠱᠳᠠᠢ ᠣᠢ᠌ᠯᠭᠠᠵᠤ ᠳᠠᠨᠢᠬᠤ ᠳᠤ ᠭᠦᠷᠭᠡᠨ᠎ᠡ᠃

ᠲᠠᠯᠠᠨ ᠳᠤᠯᠤᠭᠠᠨ ᠵᠢᠯ ᠤᠨ ᠡᠮᠦᠨ᠎ᠡ ᠭᠦᠮᠦᠰ ᠨᠠᠷᠠᠨ ᠤ ᠠᠢ᠌ᠮᠠᠭ ᠳᠤᠳᠤᠷᠠᠭᠢ ᠶ‍ᠢᠰᠦᠳᠦᠭᠡᠷ ᠭᠠᠷᠠᠭ ᠣᠳᠤ ᠪᠤᠯᠬᠤ 《ᠳᠡᠯᠡᠭᠡᠢ ᠶᠢᠨ ᠸᠠᠩ ᠣᠳᠤ》 ᠵᠢ ᠢᠯᠡᠷᠡᠭᠦᠯᠵᠤ᠂ ᠡᠷᠳᠡᠮ ᠮᠡᠳᠡᠯᠭᠡ ᠶᠢᠨ ᠰᠢᠨ᠎ᠠ ᠳᠡᠭ᠍ᠳᠡᠷ ᠲᠤ ᠭᠠᠷᠴᠢᠬᠠᠯ᠎ᠠ ᠭᠡᠵᠤ ᠳᠡᠪᠭᠡᠴᠡᠨ ᠪᠠᠶ‍ᠠᠷᠯᠠᠵᠤ ᠪᠠᠢ᠌ᠭᠰᠠᠨ ᠪᠣᠯ᠂ ᠨᠠᠶ‍ᠠᠭᠠᠤᠨ ᠵᠢᠯ ᠤᠨ ᠣᠷᠴᠢᠯᠠᠩ ᠤᠨ ᠰᠤᠳᠤᠯᠤᠯ ᠶᠢᠡᠷ ᠳᠠᠮᠵᠢᠭᠠᠤᠨ᠂ ᠨᠠᠷᠠᠨ ᠤ ᠠᠢ᠌ᠮᠠᠭ ᠳᠤᠳᠤᠷ᠎ᠠ ᠳᠡᠯᠡᠭᠡᠢ ᠶᠢᠨ ᠪᠦᠮᠪᠦᠷᠴᠡᠭ᠌ ᠤᠨ ᠳᠠᠭᠠᠭᠤᠯᠢ ᠣᠳᠤ ᠰᠠᠷᠠᠨ ᠪᠦᠮᠪᠦᠷᠴᠡᠭ᠌ ᠤᠨ ᠭᠤᠷᠪᠠᠨ ᠤ ᠨᠢᠭᠡ ᠭᠢᠷᠢᠭᠢᠨ 《ᠳᠡᠯᠡᠭᠡᠢ ᠶᠢᠨ ᠸᠠᠩ ᠣᠳᠤ》 ᠲᠤᠩ ᠣᠯᠠᠨ ᠪᠠᠢ᠌ᠬᠤ ᠶᠢ ᠢᠯᠡᠷᠡᠭᠦᠯᠵᠤ᠂ ᠭᠠᠭᠴᠠ ᠳᠡᠭᠦᠨ ᠢ ᠨᠠᠷᠠᠨ ᠤ ᠠᠢ᠌ᠮᠠᠭ ᠤᠨ ᠳᠤᠮᠤ ᠣᠳᠤᠨ ᠤ ᠳᠤᠭᠠᠨ ᠳᠤ ᠣᠷᠤᠭᠤᠯᠬᠤ ᠨᠢ ᠵᠤᠭᠢᠮᠵᠢ ᠦᠭᠡᠶ ᠵᠢ ᠣᠯᠵᠤ ᠮᠡᠳᠡᠭᠡᠤᠨ ᠬᠠᠰᠤᠵᠤ ᠬᠠᠶ‍ᠠᠬᠤ ᠪᠠᠷ ᠳᠤᠭᠳᠠᠭᠰᠠᠨ ᠪᠠᠢ᠌ᠨ᠎ᠡ᠃ ᠪᠦᠭᠦᠢ᠌ᠯᠡ ᠭᠦᠮᠤᠨ ᠳᠦᠷᠤᠯᠭᠢᠳᠠᠨ ᠤ ᠡᠳ᠋ᠯᠡᠭᠡᠤᠨ ᠪᠠᠷᠠᠳᠠᠭ ᠦᠭᠡᠶ ᠡᠷᠳᠡᠮ ᠤᠨ ᠳᠠᠯᠠᠢ ᠨᠢ ᠵᠤᠭᠰᠤᠯ ᠦᠭᠡᠶ ᠣᠷᠤᠰᠤᠨ ᠳᠠᠪᠠᠯᠭᠠᠯᠠᠵᠤ ᠪᠠᠢ᠌ᠭ᠎ᠠ 《ᠠᠮᠢᠳᠤ ᠣᠰᠤ》 ᠪᠠᠢ᠌ᠵᠤ ᠬᠤᠪᠢ ᠭᠦᠮᠤᠨ ᠨᠢ ᠡᠨᠡ ᠳᠠᠯᠠᠢ ᠳᠠᠭᠠᠨ ᠳᠤᠰᠤᠯ ᠳᠤᠰᠤᠯ ᠵᠢᠡᠷ 《ᠤᠰᠤ》 ᠨᠡᠮᠡᠭᠦ ᠶᠢᠨ ᠳᠠᠭᠠᠤ᠂ ᠴᠤᠮᠤ ᠴᠤᠮᠤ ᠪᠠᠷ ᠣᠤᠠᠬᠤᠵᠤ ᠠᠪᠣᠭᠠᠤᠨ ᠠᠮᠢᠳᠤᠷᠠᠯ ᠤᠨ ᠠᠶ‍ᠠᠨ ᠤ ᠣᠮᠳᠠ ᠪᠣᠯᠭᠠᠳᠠᠭ ᠪᠠᠢ᠌ᠨ᠎ᠡ᠃ ᠲᠡᠭᠡᠭᠦ ᠳᠤ ᠴᠢ ᠦᠪᠠᠰᠤᠪᠠᠨ ᠰᠤᠷᠴᠤ ᠰᠤᠳᠤᠯᠤᠭᠠᠤᠨ ᠣᠶ‍ᠤᠨ ᠤ ᠭᠦᠮᠦᠷᠭᠡᠨ ᠳᠡᠭᠡᠨ ᠬᠤᠷᠢᠶ‍ᠠᠵᠤ ᠳᠠᠯᠪᠢᠭᠰᠠᠨ ᠪᠠᠢ᠌ᠪᠠᠯ ᠰᠠᠶ‍ᠢ ᠴᠢᠨᠤ ᠨᠠᠰᠤᠨ ᠳᠤᠷᠰᠢ ᠡᠳ᠋ᠯᠡᠭᠡᠤᠨ ᠭᠦᠷᠭᠦ᠂ ᠶ‍ᠡᠮᠡᠷᠴᠤ ᠬᠤᠯᠠᠭᠠᠢ ᠳᠡᠭᠡᠷᠡᠮ ᠪᠣᠯᠢᠶ‍ᠠᠨ ᠳᠤᠨᠤᠵᠤ ᠴᠢᠳᠠᠬᠤ ᠦᠭᠡᠶ ᠮᠥᠩᠭᠡ ᠶᠢᠨ ᠭᠦᠷᠦᠩᠭᠡ ᠪᠣᠯᠵᠤ ᠴᠢᠳᠡᠨ᠎ᠡ᠃ ᠡᠭᠦᠨ ᠳᠤ ᠳᠤᠤᠷ ᠰᠦᠯᠵᠢᠶ᠎ᠠ ᠨᠢ ᠮᠠᠨ ᠤ ᠣᠯᠠᠨ ᠶ‍ᠠᠩᠵᠤ ᠶᠢᠨ ᠰᠤᠷᠤᠯᠭ᠎ᠠ ᠶᠢᠨ ᠪᠠᠭᠠᠵᠢ ᠶᠢᠨ ᠳᠤᠳᠤᠷᠠᠭᠢ ᠨᠢᠭᠡ ᠵᠥᠢᠯ᠂ ᠥᠭᠡᠷ᠎ᠡ ᠪᠠᠷ ᠭᠡᠯᠡᠪᠠᠯ ᠨᠢᠭᠡ ᠳᠠᠪᠳᠠᠷ ᠬᠠᠷᠠᠬᠠᠨ ᠳᠡᠭᠦᠯᠳᠡᠷᠵᠢᠭᠡᠳᠦᠢ ᠳᠤᠯᠢ ᠪᠢᠴᠢᠭ᠌ ᠪᠤᠶ‍ᠤ᠂ ᠴᠢᠯᠦᠭᠡ ᠵᠠᠪ ᠲᠠᠭᠠᠨ ᠳᠤᠭᠯᠠᠬᠤ ᠡᠯᠸᠺᠲ᠋ᠷᠤᠨ ᠨᠠᠭᠠᠳᠤᠮ ᠳᠠᠳᠤᠢ ᠪᠢᠯᠠ᠃

ᠡᠷᠳᠡᠮ ᠤᠨ ᠢᠠᠳᠠᠷ ᠣᠷᠤᠢ ᠨᠢ ᠬᠠᠷᠠᠭᠳᠠᠬᠤ ᠦᠭᠡᠶ ᠡᠭᠦᠯᠡᠨ ᠳᠠᠭᠳᠤ ᠳᠤ ᠨᠠᠪᠳᠠᠷᠠᠨ᠎ᠠ᠃ ᠦᠠᠳᠤᠷ ᠮᠡᠷᠭᠡᠵᠢᠯ ᠭᠦᠨ ᠮᠡᠳᠡᠯᠭᠡ ᠡᠵᠡᠮᠰᠢᠶ᠎ᠡ ᠭᠡᠪᠠᠯ ᠵᠠᠪᠠᠯ ᠴᠠᠭ ᠮᠦᠴᠠ ᠶᠢ ᠱᠠᠯᠠᠪᠳᠠᠨ ᠰᠢᠠᠳᠠᠷᠠᠰᠢ ᠦᠭᠡᠶ ᠵᠤᠷᠢᠭ ᠶᠢᠡᠷ ᠰᠢᠮᠳᠠᠨ ᠰᠤᠷᠤᠯᠴᠠᠵᠤ᠂ ᠨᠤᠮ ᠪᠢᠴᠢᠭ᠌ ᠳᠡᠭᠡᠷᠡᠭᠢ ᠮᠡᠳᠡᠯᠭᠡ ᠶᠢ ᠴᠢᠨᠠᠭᠰᠢᠳᠠ ᠭᠦᠡᠵᠡᠭᠡᠢ᠌ᠷᠡᠭᠦᠯᠤᠨ ᠰᠤᠳᠤᠯᠬᠤ ᠭᠡᠷᠡᠭ᠍ᠳᠡᠢ᠃ ᠳᠦᠳᠡ ᠵᠠᠮ ᠳᠦᠭᠦᠮ ᠠᠷᠭ᠎ᠠ ᠡᠷᠢᠭᠦ ᠨᠢ ᠰᠤᠷᠴᠤ ᠰᠤᠳᠤᠯᠬᠤ ᠶᠢᠨ ᠶ‍ᠡᠭᠡ ᠳᠠᠢ᠌ᠰᠤᠨ ᠮᠦᠨ᠃ ᠣᠴᠢᠷ ᠨᠢ ᠡᠷᠳᠡᠮ ᠮᠡᠳᠡᠯᠭᠡ ᠶᠢᠨ ᠳᠤᠮᠤ《ᠰᠤᠪᠣᠷᠭ᠎ᠠ》 ᠪᠣᠯ ᠳᠡᠭ᠍ᠰᠢᠭᠡᠨ ᠭᠠᠵᠠᠷ ᠳᠡᠭᠡᠷ᠎ᠡ ᠨᠢᠭᠡ ᠨᠢᠭᠡ 《ᠳᠤᠭᠤᠰᠬ᠎ᠠ》 ᠪᠠᠷ ᠵᠡᠷᠭᠡᠯᠡᠵᠤ ᠪᠣᠰᠬᠠᠭᠰᠠᠨ ᠪᠢᠯᠠ᠃

ᠵᠤᠬᠢᠶᠠᠭᠴᠢ᠄ ᠨᠣ᠋·ᠪᠠᠭᠠᠳᠤᠷ
ᠳᠠᠷᠤᠮ᠄ 6965
ᠴᠠᠭ᠄ 2009 ᠤᠨ ᠤ 04 ᠰᠠᠷ᠎ᠠ ᠶᠢᠨ 29

ᠡᠮᠦᠨᠡᠬᠢ   ᠳᠠᠷᠠᠭᠠᠬᠢ

ᠰᠢᠭᠦᠮᠵᠢ ᠪᠢᠴᠢᠬᠦ
ᠨᠡᠪᠲᠡᠷᠡᠨ ᠤᠷᠤᠭᠠᠷᠠᠢ᠃
ᠨᠡᠪᠲᠡᠷᠡᠨ ᠤᠷᠤᠪᠠᠯ ᠰᠠᠶ‍ᠢ ᠰᠢᠭᠦᠮᠵᠢ ᠪᠢᠴᠢᠵᠦ ᠳᠡᠢ᠌ᠯᠦᠨ᠎ᠡ᠃