ᠨᠣ᠋·ᠪᠠᠭᠠᠳᠤᠷ ᠄ 《ᠪᠢᠯᠢᠭ᠌ ᠤᠨ ᠭᠡᠭᠡᠪᠴᠢ》
ᠨᠢᠭᠡ ᠂ ᠶᠢᠷᠲᠢᠨᠴᠦ ᠲᠠᠢ ᠲᠠᠨᠢᠯᠴᠠᠶ᠎ᠠ
ᠵᠢᠷᠭᠤᠳᠤᠭᠠᠷ ᠬᠡᠰᠡᠭ ᠂ ᠳᠤᠭᠤᠷᠢᠭ

ᠭᠦᠮᠤᠨ ᠪᠣᠯ ᠡᠭᠡ ᠪᠠᠢ᠌ᠭᠠᠯᠢ ᠶᠢᠨ ᠳᠦᠷᠤᠳᠠᠰᠤ ᠮᠥᠨ᠃ ᠡᠨᠡ ᠶ‍ᠤᠰᠤ ᠶᠢ ᠣᠢ᠌ᠯᠠᠭᠠᠮᠠᠠᠵᠢᠨ ᠰᠠᠶ‍ᠢ ᠡᠷᠭᠡ ᠴᠢᠯᠦᠭᠡ ᠪᠠᠨ ᠣᠯᠵᠤ ᠴᠢᠳᠠᠨ᠎ᠠ᠃


᠊᠊᠊᠊᠊᠊᠊᠊᠊᠊᠊᠊᠊᠊᠊᠊᠊᠊᠊᠊᠊᠊᠊᠊᠊᠊ ᠣᠤ ᠺᠧᠩ


ᠶ‍ᠢᠷᠳᠢᠠᠴᠤ ᠳᠤ ᠳᠦᠷᠦᠭ᠍ᠰᠡᠨ ᠭᠦᠮᠤᠨ ᠪᠦᠭᠦᠨ ᠳᠤᠭᠤᠷᠢᠭ ᠡᠴᠡ ᠰᠠᠯᠵᠤ ᠪᠣᠯᠳᠠᠭ ᠦᠭᠡᠶ᠃ ᠮᠠᠨ ᠤ ᠣᠷᠤᠰᠢᠨ ᠳᠤᠭᠳᠠᠨᠢᠵᠤ ᠪᠠᠢ᠌ᠭ᠎ᠠ ᠣᠳᠤᠨ ᠴᠤᠭᠴᠠᠰ ᠪᠣᠯᠤᠨ ᠳᠤᠭᠤᠷᠢᠯᠳᠠ ᠶᠢᠨ ᠵᠠᠮ ᠪᠣᠯ ᠳᠤᠭᠤᠷᠢᠭ᠂ ᠮᠠᠨ ᠤ ᠭᠦᠯᠵᠢᠨ ᠣᠷᠤᠩᠨᠠᠵᠤ ᠪᠠᠢ᠌ᠭ᠎ᠠ ᠡᠭᠡ ᠭᠠᠵᠠᠷ ᠪᠦᠮᠪᠦᠷᠴᠡᠭ᠌ ᠭᠡᠯᠪᠠᠷᠢᠳᠡᠢ᠂ ᠤᠰᠤ ᠳᠤᠰᠤᠨ ᠳᠤᠰᠤᠯ ᠡᠴᠡ ᠪᠣᠳᠠᠰ ᠤᠨ ᠮᠤᠯᠸᠺᠦ᠋ᠯ᠂ ᠪᠠᠶ᠎ᠡ ᠶᠢᠨ ᠡᠰ ᠭᠦᠷᠳᠡᠯ᠎ᠡ ᠪᠦᠷ ᠪᠦᠮᠪᠦᠷᠭᠡᠨ᠁ ᠡᠭᠦᠨ ᠶᠢᠡᠷ ᠪᠠᠷᠠᠬᠤ ᠦᠭᠡᠶ᠂ ᠪᠢᠳᠠᠨᠤᠰ ᠴᠢᠨᠢ ᠳᠤᠭᠤᠷᠢᠭ ᠰᠢᠷᠡᠭᠡᠨ ᠳᠤ ᠰᠠᠭᠤᠵᠤ ᠪᠦᠮᠪᠦᠷᠭᠡᠨ ᠥᠭᠡ ᠶ‍ᠠᠷᠢᠵᠤ ᠪᠠᠢ᠌ᠭᠠᠤᠨ ᠣᠴᠢᠷ ᠶ‍ᠠᠪᠣᠳᠠᠯ ᠶᠢᠡᠨ ᠪᠦᠳᠦᠭᠡᠳᠡᠭ᠌ ᠪᠢᠰᠢᠤ︕ ᠪᠠᠢ᠌ᠭᠠᠯᠢ ᠶ‍ᠢᠷᠳᠢᠠᠴᠤ ᠳᠡᠭᠡᠷᠡᠭᠢ ᠪᠣᠢ ᠪᠦᠭᠦᠢ ᠭᠧᠦᠮᠧᠲ᠋ᠷ ᠤᠨ ᠳᠦᠷᠰᠤ ᠶᠢᠨ ᠳᠤᠳᠦᠷ᠎ᠡ᠂ ᠭᠠᠭᠴᠡᠭᠦ ᠳᠤᠭᠤᠷᠢᠭ ᠰᠠᠶ‍ᠢ ᠶ‍ᠠᠮᠠᠷᠴᠤ ᠥ ᠰᠠᠪ ᠦᠭᠡᠶ᠂ ᠨᠢᠳᠤᠨ ᠳᠤ ᠳᠠᠭᠠᠯᠠᠮᠵᠢᠳᠠᠢ ᠳᠦᠷᠰᠤ ᠪᠣᠯᠤᠭᠠᠤᠨ ᠪᠠᠢ᠌ᠳᠠᠭ᠃ ᠹᠢᠽᠢᠺ ᠤᠨ ᠰᠢᠠᠵᠢ ᠴᠢᠨᠠᠷ ᠡᠴᠡ ᠠᠪᠴᠤ ᠭᠡᠯᠡᠪᠠᠯ ᠳᠤᠭᠤᠷᠢᠭ ᠭᠡᠯᠪᠠᠷᠢ ᠨᠢ ᠬᠠᠮᠤᠭ ᠤᠨ ᠳᠤᠭᠳᠠᠪᠣᠷᠢᠳᠠᠢ ᠮᠥᠷᠳᠡᠭᠡᠨ ᠪᠦᠭᠡᠯᠢᠭ᠌ ᠪᠠᠢ᠌ᠵᠤ᠂ ᠪᠠᠢ᠌ᠭᠠᠯᠢ ᠶᠢᠨ ᠵᠢᠮ᠎ᠠ ᠶ‍ᠤᠰᠤ ᠲᠡᠶ ᠴᠢᠩᠭ᠋᠎ᠠ ᠵᠤᠭᠢᠯᠳᠤᠭᠰᠠᠨ ᠪᠠᠢ᠌ᠨ᠎ᠡ᠃ ᠲ᠋ᠡᠭᠡᠭᠦ ᠳᠤ ᠣᠮᠠᠷᠠᠳᠤ ᠶᠢᠨ ᠨᠡᠭᠦᠳᠡᠯᠴᠢᠨ ᠪᠠ ᠳᠣᠢ᠌ᠯ ᠤᠨ ᠣᠷᠤᠨ ᠤ ᠰᠠᠭᠤᠭᠠᠯᠢᠴᠢᠤᠨ ᠭᠡᠷ ᠥᠷᠦᠭᠡ ᠪᠠᠨ ᠪᠦᠮᠪᠦᠷᠭᠡᠨ ᠪᠠᠷᠢᠳᠠᠭ ᠶᠢᠡᠷ ᠪᠠᠷᠠᠬᠤ ᠦᠭᠡᠶ᠂ ᠭᠦᠷᠢᠶ᠎ᠡ ᠬᠠᠰᠢᠶ᠎ᠠ ᠪᠠᠨ ᠴᠤ ᠳᠤᠭᠤᠷᠢᠭ ᠪᠠᠷᠢᠳᠠᠭ ᠨᠢ ᠬᠠᠳᠠᠭᠤ ᠰᠢᠷᠦᠭᠦᠨ ᠪᠠᠢ᠌ᠭᠠᠯᠢ ᠶᠢᠨ ᠵᠤᠳ ᠰᠢᠭᠤᠷᠭᠠᠨ ᠢ ᠡᠰᠡᠷᠭᠦᠴᠡᠭᠦ ᠳᠤ ᠵᠤᠭᠢᠷᠠᠮᠵᠢᠳᠠᠢ ᠠᠵᠢ᠃ ᠬᠠᠮᠤᠭ ᠨᠠᠭᠠᠳᠤ ᠵᠠᠬ᠎ᠠ ᠳᠠᠭᠠᠨ ᠳᠤᠭᠤᠷᠢᠭ ᠤᠨ ᠳᠤᠭᠳᠠᠪᠣᠷᠢᠳᠠᠢ ᠴᠢᠨᠠᠷ ᠢ ᠠᠰᠢᠭᠯᠠᠬᠤ ᠶᠢᠨ ᠳᠦᠯᠦᠭᠡ ᠭᠦᠭᠦᠷᠭᠡ ᠪᠠᠷᠢᠬᠤ ᠳᠠᠭᠠᠨ ᠳᠤᠭᠤᠷᠢᠭ ᠭᠤᠯᠳᠤᠩ ᠵᠤᠭᠢᠶ‍ᠠᠵᠤ ᠳᠤᠯᠭᠠᠭᠤᠷᠢ ᠭᠡᠷᠡᠭᠯᠡᠭᠦ ᠦᠭᠡᠶ ᠪᠠᠷ ᠪᠤᠯᠴᠢᠬᠠᠳᠠᠭ᠃ ᠲ᠋ᠡᠷᠭᠡᠨ ᠪᠣᠯᠤ ᠶᠢᠨ ᠭᠡᠭᠡᠰᠤ ᠶᠢ ᠨᠠᠷᠢᠨ ᠣᠳᠠᠰᠤ ᠪᠠᠷ ᠭᠢᠭ᠍ᠰᠡᠨ ᠪᠠᠢ᠌ᠳᠠᠯ᠎ᠠ ᠮᠢᠩᠭ᠋ᠠᠨ ᠵᠢᠩ ᠢ ᠠᠴᠢᠳᠠᠭ ᠨᠢ ᠳᠤᠭᠤᠷᠢᠭ ᠤᠨ ᠪᠦᠭᠡᠯᠢᠭ᠌ ᠴᠢᠨᠠᠷ ᠢ ᠠᠰᠢᠭᠯᠠᠭᠰᠠᠨ ᠬᠠᠮᠤᠭ ᠢᠯᠠ ᠵᠢᠱᠢᠶ᠎ᠠ ᠪᠤᠯᠤᠨ᠎ᠠ᠃ ᠲ᠋ᠡᠭᠡᠭᠦᠯᠡᠷ ᠳᠤᠭᠤᠷᠢᠭ ᠨᠢ ᠭᠦᠮᠤᠨ ᠤ ᠠᠮᠢᠳᠤᠷᠠᠯ ᠳᠤ ᠰᠠᠯᠵᠤ ᠪᠣᠯᠤᠰᠢ ᠦᠭᠡᠶ ᠭᠧᠦᠮᠧᠲ᠋ᠷ ᠤᠨ ᠳᠦᠷᠰᠤ ᠪᠣᠯᠤᠭᠰᠠᠨ ᠶᠢᠡᠷ ᠪᠠᠷᠠᠬᠤ ᠦᠭᠡᠶ᠂ ᠠᠮᠢᠳᠤᠷᠠᠬᠤᠢ ᠶᠢᠨ ᠣᠬᠠᠭᠠᠨ ᠤ ᠳᠠᠯ᠎ᠠ ᠶᠢᠨ ᠭᠢ ᠴᠤ ᠴᠢᠬᠤᠯᠠ ᠨᠢᠭᠡ ᠰᠤᠳᠤᠯᠬᠤ ᠰᠠᠳᠤᠪ ᠪᠣᠯᠤᠭᠠᠤᠨ ᠪᠠᠢ᠌ᠭ᠎ᠠ ᠶ‍ᠤᠮ᠃

ᠰᠢᠡᠵᠢᠯᠡᠭᠦ ᠣᠬᠠᠭᠠᠠᠳᠠᠤᠨ᠂ ᠠᠦ᠋ᠰᠲ᠋ᠷᠠᠯᠢᠶ᠎ᠠ ᠶᠢᠨ ᠪᠠᠺᠠᠷᠢ ᠥᠡᠳᠦᠷᠯᠢᠭ᠌ ᠳᠡᠭᠡᠷᠡᠭᠢ ᠭᠤᠷᠪᠠᠨ ᠰᠥᠷᠦᠭ᠌ ᠴᠢᠨ᠋ᠸ᠎ᠠ ᠳᠤ ᠰᠤᠳᠤᠯᠤᠯᠳᠠ ᠭᠢᠭᠡᠤᠨ ᠡᠢ᠌ᠮᠦᠷᠭᠦ ᠳ᠋ᠦ᠋ᠩ ᠣᠯᠵᠠᠢ᠄ ᠭᠤᠷᠪᠠᠨ ᠰᠥᠷᠦᠭ᠌ ᠴᠢᠨ᠋ᠸ᠎ᠠ ᠶᠢᠨ ᠭᠦᠳᠡᠯᠭᠡᠭᠡᠨ ᠤ ᠭᠡᠪᠴᠢᠶ᠎ᠡ ᠳᠤᠰᠪᠣᠷᠢ ᠠᠷᠪᠠᠨ ᠳᠠᠪᠤᠨ ᠺᠢᠯᠤᠮᠸᠲ᠋ᠷ ᠶᠢᠡᠷ ᠷᠠᠳᠢᠤᠰ ᠪᠣᠯᠭᠠᠭᠰᠠᠨ ᠨᠢᠭᠡ ᠳᠤᠭᠤᠷᠢᠭ ᠪᠣᠯᠬᠤ ᠪᠦᠭᠡᠤᠨ᠂ ᠭᠤᠷᠪᠠᠨ ᠳᠤᠭᠤᠷᠢᠭ ᠪᠦᠷ ᠵᠤᠭᠢᠬᠤ ᠵᠠᠢ ᠲᠡᠶ ᠣᠭᠳᠤᠯᠤᠯᠴᠠᠭᠰᠠᠨ ᠪᠠᠢ᠌ᠳᠠᠭ᠃ ᠡᠨᠡ ᠭᠤᠷᠪᠠᠨ ᠰᠥᠷᠦᠭ᠌ ᠴᠢᠨ᠋ᠸ᠎ᠠ ᠬᠠᠷᠢᠯᠴᠠᠨ ᠵᠥᠷᠢᠴᠡᠯᠳᠦᠭᠦ ᠪᠠᠢ᠌ᠳᠠᠯ᠎ᠠ ᠪᠠᠨ ᠬᠠᠷᠢᠯᠴᠠᠨ ᠬᠠᠮᠵᠢᠯᠴᠠᠵᠤ᠂ ᠠᠮᠤᠷ ᠳᠠᠢ᠌ᠪᠣᠩ ᠠᠵᠤ ᠳᠦᠷᠤᠵᠤ ᠴᠢᠳᠠᠳᠠᠭ ᠨᠢ ᠡᠳᠡᠨᠦᠰ ᠤᠨ ᠭᠦᠳᠡᠯᠭᠡᠭᠡᠨ ᠤ ᠳᠤᠭᠤᠷᠢᠭ ᠳᠡᠩᠴᠡᠭᠦᠤ ᠵᠠᠢ ᠪᠠᠷ ᠣᠭᠳᠤᠯᠤᠯᠴᠠᠵᠤ ᠣᠴᠤᠭᠯᠠᠨ ᠳᠤᠭᠳᠠᠭᠰᠠᠨ ᠳᠤ ᠪᠠᠢ᠌ᠵᠡᠢ᠃ ᠡᠨᠡᠭᠦ ᠣᠭᠳᠤᠯᠤᠯᠴᠠᠭᠰᠠᠨ ᠭᠡᠰᠡᠭ᠌ ᠨᠢ ᠴᠢᠨ᠋ᠸ᠎ᠠ ᠶᠢᠨ ᠨᠠᠢ᠌ᠳᠠ ᠶᠢᠨ ᠭᠦᠳᠡᠯᠭᠡᠭᠡᠨ ᠤ ᠳᠠᠯᠠᠪᠠᠢ ᠪᠣᠯᠵᠤ᠂ ᠬᠠᠮᠳᠤᠷᠠᠨ ᠭᠦᠷᠢᠶ᠎ᠡ ᠠᠪᠠ ᠭᠢᠭᠦ᠂ ᠰᠥᠷᠦᠭ᠌ ᠤᠨ ᠬᠤᠭᠤᠷᠤᠠᠳᠤᠭᠢ ᠡᠭᠦᠯᠳᠡᠷ ᠤᠨ ᠡᠷᠯᠢᠰᠵᠢᠭᠦᠯᠦᠯᠳᠡ ᠭᠢᠭᠦ ᠮᠠᠳᠤ ᠶᠢᠨ ᠭᠡᠪ ᠤᠨ ᠠᠵᠢᠯᠯᠠᠭ᠎ᠠ ᠵᠤᠭᠰᠤᠯ ᠦᠭᠡᠶ ᠶ‍ᠠᠪᠣᠭᠳᠠᠵᠤ ᠪᠠᠢ᠌ᠳᠠᠭ᠃ ᠭᠡᠳᠡᠯ᠎ᠡ ᠭᠦᠳᠡᠯᠭᠡᠭᠡᠨ ᠤ ᠳᠤᠭᠤᠷᠢᠭ ᠣᠭᠳᠤᠯᠤᠯᠴᠠᠭᠰᠠᠨ ᠦᠭᠡᠶ ᠭᠠᠵᠠᠷ ᠤᠨ ᠴᠢᠨ᠋ᠸ᠎ᠠ ᠤᠳ ᠣᠴᠠᠷᠠᠬᠤ ᠦᠶ‍ᠠᠰ ᠭᠠᠯ ᠣᠰᠤ ᠰᠢᠭ ᠠᠰ ᠳᠤᠯᠤᠨ ᠠᠪᠤᠨ ᠬᠠᠷᠢᠭᠤᠴᠠᠵᠤ ᠥᠭᠦᠵᠤ ᠰᠡᠭᠡᠭᠦ ᠶᠢᠨ ᠳᠠᠮᠠᠴᠠᠯ ᠭᠢᠳᠡᠭ᠌ ᠪᠠᠢ᠌ᠨ᠎ᠠ᠃

ᠥᠨᠡᠡᠳᠡᠭᠡᠨ ᠶ‍ᠢᠷᠳᠢᠠᠴᠤ ᠳᠤ ᠳᠦᠷᠦᠭ᠍ᠰᠡᠨ ᠠᠮᠢᠳᠠᠨ ᠪᠦᠭᠦᠨ ᠪᠦᠷ ᠦᠪᠠᠷ ᠤᠨ ᠭᠦᠳᠡᠯᠭᠡᠭᠡᠨ ᠤ ᠳᠤᠭᠤᠷᠢᠭ ᠪᠠᠢ᠌ᠳᠠᠭ ᠪᠦᠭᠡᠤᠨ᠂ ᠳᠦᠮᠡᠨ ᠠᠮᠢᠳᠠᠨ ᠤ ᠣᠭᠢ ᠨᠢ ᠪᠣᠯᠤᠭᠰᠠᠨ ᠭᠦᠮᠤᠨ ᠴᠤ ᠭᠡᠤᠨ ᠪᠣᠮ ᠪᠣᠵᠢᠭᠢᠨᠠᠭᠰᠠᠨ ᠭᠦᠮᠤᠨ ᠤ ᠰᠥᠷᠦᠭ᠌ ᠤᠨ ᠳᠤᠮᠳᠠ ᠡᠴᠡ ᠨᠢᠭᠡ ᠭᠡᠰᠡᠭ᠌ ᠭᠠᠵᠠᠷ ᠤᠯᠵᠤ᠂ ᠳᠦᠷᠦᠭᠦ ᠡᠴᠡ ᠥᠭᠦᠭᠦ ᠪᠣᠯᠳᠠᠯᠠᠭᠢ ᠪᠦᠳᠤᠨ ᠳᠤᠭᠤᠷᠢᠭ ᠶᠢᠡᠨ ᠵᠢᠷᠤᠵᠤ ᠭᠠᠷᠦᠨ᠎ᠡ᠃ ᠡᠨᠡ ᠳᠤᠭᠤᠷᠢᠭ ᠨᠢ ᠡᠴᠢᠭᠡ ᠡᠭᠡ᠂ ᠡᠡᠬ᠎ᠠ ᠳᠡᠭᠦᠤ ᠰᠠᠳᠤᠨ᠂ ᠠᠮᠠᠷᠠᠭ ᠬᠠᠨᠢ᠂ ᠬᠠᠮᠳᠤ ᠰᠤᠷᠤᠭᠴᠢ᠁ ᠮᠡᠳᠦᠴᠢᠯᠡᠭ᠍ᠰᠡᠨ ᠣᠯᠠᠨ ᠭᠦᠮᠤᠨ ᠤ ᠳᠤᠭᠤᠷᠢᠭ ᠲᠡᠶ ᠣᠭᠳᠤᠯᠤᠯᠴᠠᠵᠤ ᠪᠣᠳᠠᠰ ᠤᠨ ᠪᠠ ᠣᠶ‍ᠤᠨ ᠤ ᠰᠤᠯᠢᠯᠴᠠᠭ᠎ᠠ ᠶᠢ ᠵᠤᠭᠰᠤᠯ ᠦᠭᠡᠶ ᠶ‍ᠠᠪᠣᠭᠳᠠᠭᠤᠯᠵᠤ ᠪᠤᠢ᠃ ᠭᠦᠮᠤᠨ ᠪᠦᠭᠦᠨ ᠤ ᠶ‍ᠢᠷᠳᠢᠠᠴᠤ ᠶᠢᠨ ᠦᠵᠠᠯᠳᠠ ᠪᠠ ᠰᠡᠦᠡᠭᠢᠭᠦᠢ ᠶᠢᠨ ᠣᠠᠴᠠᠯᠢᠭ ᠠᠳᠠᠯᠢ ᠦᠭᠡᠶ ᠡᠴᠡ ᠪᠣᠯᠵᠤ᠂ ᠬᠤᠶ‍ᠠᠷ ᠭᠦᠮᠤᠨ ᠤ ᠪᠣᠳᠤᠯ ᠰᠠᠨᠠᠭ᠎ᠠ ᠠᠪᠳᠠᠯ ᠭᠢᠳᠠᠯ ᠶ‍ᠠᠪ ᠴᠠᠪ ᠳᠠᠭᠠᠷᠠᠬᠤ ᠶᠢᠨ ᠳᠤᠭᠢᠶ‍ᠠᠯᠳᠤᠮᠵᠢ ᠳᠣᠢ᠌ᠯ ᠤᠨ ᠬᠤᠪᠣᠷ ᠪᠠᠢ᠌ᠵᠤ᠂ ᠣᠶ‍ᠤᠨ ᠰᠠᠨᠠᠭᠠᠨ ᠤ ᠳᠤᠭᠤᠷᠢᠭ ᠨᠢ ᠵᠦᠷᠢᠶ᠎ᠠ ᠦᠭᠡᠶ ᠳᠠᠪᠬᠤᠴᠠᠬᠤ ᠶᠢᠨ ᠪᠣᠯᠤᠯᠴᠠᠭ᠎ᠠ ᠭᠡᠵᠢᠶ‍ᠡᠳᠡ ᠪᠠᠢ᠌ᠳᠠᠭ ᠦᠭᠡᠶ᠃ ᠨᠠᠩ ᠢᠯᠠᠩᠭ᠋ᠤᠶ᠎ᠠ ᠭᠦᠮᠤᠨ ᠪᠦᠭᠦᠨ ᠤ ᠣᠴᠠᠷᠠᠯ ᠳᠤᠭᠢᠶ‍ᠠᠯ᠂ ᠠᠮᠢᠳᠤᠷᠠᠯ ᠤᠨ ᠥᠩᠭᠡᠷᠡᠯᠳᠡ ᠪᠦᠷᠢᠨ ᠠᠳᠠᠯᠢ ᠦᠭᠡᠶ ᠡᠴᠡ ᠪᠣᠯᠵᠤ ᠵᠣᠢ᠌ᠯ ᠵᠢᠰᠤᠮ ᠤᠨ ᠣᠶ‍ᠤᠨ ᠤ ᠳᠠᠪᠬᠤᠷᠭ᠎ᠠ ᠪᠣᠢ ᠪᠤᠯᠭᠠᠵᠤ᠂ ᠡᠯᠳᠡᠪ ᠮᠠᠶ‍ᠢᠭ ᠤᠨ ᠶ‍ᠢᠷᠳᠢᠠᠴᠤ ᠶᠢᠨ ᠦᠵᠠᠯᠳᠠ ᠶᠢ ᠪᠦᠷᠢᠯᠳᠦᠭᠦᠯᠦᠭ᠍ᠰᠡᠨ ᠶᠢᠡᠷ᠂ ᠭᠠᠢ᠌ᠬᠠᠮᠰᠢᠭ ᠰᠤᠨᠢᠨ ᠶᠢᠡᠷ ᠳᠦᠭᠦᠷᠦᠭ᠍ᠰᠡᠨ ᠡᠷᠢᠶ‍ᠡᠨ ᠬᠤᠷᠸ᠎ᠠ ᠶᠢ ᠪᠦᠳᠦᠭᠡᠭ᠍ᠰᠡᠨ ᠪᠠᠢ᠌ᠨ᠎ᠡ᠃

ᠭᠦᠮᠤᠨ᠂ ᠶ‍ᠢᠷᠳᠢᠡᠴᠤ ᠳᠤ ᠳᠦᠷᠦᠭ᠍ᠰᠡᠨ ᠳᠠᠷᠠ ᠨᠢᠭᠡ ᠮᠦᠴᠠ ᠡᠴᠡ ᠡᠭᠢᠯᠡᠭᠡᠤᠨ ᠣᠷᠴᠢᠨ ᠠᠬᠤᠢ ᠶᠢ ᠳᠠᠨᠢᠵᠤ ᠰᠡᠷᠡᠭᠦ ᠣᠬᠠᠭᠠᠷᠠᠮᠵᠢ ᠶᠢᠨ ᠳᠤᠭᠤᠷᠢᠭ ᠶᠢᠡᠨ ᠵᠢᠷᠤᠬᠤ ᠡᠭᠢᠨ ᠤ ᠴᠡᠭ᠌ ᠢ ᠳᠡᠯᠪᠢᠨ᠎ᠡ᠃ ᠡᠴᠢᠭᠡ ᠡᠭᠡ ᠡᠴᠡ ᠦᠭ‍ᠬᠦ ᠣᠳᠤᠮᠯᠠᠯ ᠤᠨ ᠦᠠᠳᠤᠰᠤ ᠪᠠ ᠬᠠᠮᠤᠭ ᠠᠩᠬᠠᠨ ᠤ ᠰᠡᠩᠭᠡᠷᠡᠭᠦᠯᠭᠦ ᠰᠤᠷᠭᠠᠨ ᠭᠦᠮᠦᠵᠢᠯ ᠨᠢ ᠨᠢᠭᠡ ᠭᠦᠮᠤᠨ ᠤ ᠣᠬᠠᠭᠠᠷᠠᠨ ᠳᠤᠮᠤᠭᠠᠵᠢᠬᠤ ᠳᠤ ᠴᠢᠬᠤᠯᠠ ᠣᠢ᠌ᠯᠠᠳᠤᠯ ᠥᠵᠡᠭᠦᠯᠳᠡᠭ᠌ ᠪᠣᠯᠪᠠᠴᠤ᠂ ᠴᠠᠭ ᠤᠨ ᠪᠠᠢ᠌ᠳᠠᠯ ᠲᠡᠶ ᠵᠤᠭᠢᠴᠠᠨ ᠨᠡᠢ᠌ᠭᠡᠮ ᠤᠨ ᠣᠷᠤᠰᠬᠠᠯ ᠳᠤᠮᠳᠠ ᠭᠦᠮᠦᠵᠢᠭ᠍ᠳᠡᠨ ᠪᠣᠢ᠌ᠵᠢᠬᠤ ᠶ‍ᠠᠪᠣᠴᠠ ᠳᠠᠭᠠᠨ ᠳᠤᠰᠠᠭᠠᠷ ᠪᠠᠶ᠎ᠠ ᠪᠠᠨ ᠳᠠᠭᠠᠭᠠᠭᠰᠠᠨ ᠶ‍ᠢᠷᠳᠢᠠᠴᠤ ᠶᠢᠨ ᠦᠵᠠᠯᠳᠠ ᠪᠠ ᠦᠪᠠᠷᠮᠢᠴᠠ ᠣᠠᠴᠠᠯᠢᠭ ᠲᠡᠶ ᠰᠡᠦᠡᠭᠢᠭᠦᠢ ᠶᠢᠨ ᠠᠷᠭ᠎ᠠ ᠭᠡᠯᠪᠠᠷᠢ ᠶᠢ ᠪᠦᠷᠢᠯᠳᠦᠭᠦᠯᠵᠤ ᠠᠪᠳᠠᠭ ᠪᠠᠢ᠌ᠨ᠎ᠠ᠃ ᠵᠠᠷᠢᠮ ᠡᠴᠢᠭᠡ ᠡᠭᠡ ᠪᠣᠯᠤᠭᠰᠠᠤᠨ ᠡᠨᠡ ᠶ‍ᠤᠰᠤ ᠶᠢ ᠣᠢ᠌ᠯᠭᠠᠬᠤ ᠦᠭᠡᠶ ᠪᠠᠷ ᠦᠷ᠎ᠠ ᠭᠡᠦᠭᠡᠤᠨ ᠲᠡᠭᠡᠨ ᠴᠢᠩᠭ᠋᠎ᠠ ᠱᠠᠭᠠᠷᠳᠠᠯᠭ᠎ᠠ ᠳᠠᠯᠪᠢᠵᠤ᠂ ᠦᠪᠠᠷ ᠤᠨ ᠰᠠᠨᠠᠭ᠎ᠠ ᠲᠡᠶ ᠪᠠᠨ ᠶ‍ᠠᠪ ᠴᠠᠪ ᠨᠡᠢ᠌ᠴᠡᠭᠦᠯᠭᠦ ᠪᠠᠷ ᠣᠷᠤᠯᠳᠤᠭᠠᠤᠨ ᠪᠠᠢ᠌ᠳᠠᠭ ᠨᠢ ᠳᠠᠰᠤ ᠪᠣᠷᠤᠭᠤ ᠶ‍ᠤᠮ᠃ ᠦᠷ᠎ᠠ ᠭᠡᠦᠭᠡᠤᠨ ᠨᠢ ᠡᠴᠢᠭᠡ ᠡᠭᠡ ᠶᠢᠨ ᠶ‍ᠠᠰᠤ ᠮᠢᠬ᠎ᠠ ᠶᠢ ᠠᠪᠴᠤ ᠳᠦᠷᠤᠪᠠᠴᠤ ᠦᠵᠠᠯ ᠰᠠᠨᠠᠭ᠎ᠠ ᠶᠢ ᠨᠢ ᠪᠠᠰᠠ ᠣᠤᠯ ᠭᠡᠪ ᠶᠢᠡᠷ ᠭᠡᠪᠯᠡᠵᠤ ᠳᠦᠷᠦᠭᠦ ᠶ‍ᠤᠰᠤ ᠦᠭᠡᠶ ᠳᠤᠯᠠ᠂ ᠠᠯᠪᠠ ᠪᠠᠷ ᠬᠠᠰᠢᠨ ᠬᠠᠳᠠᠭᠤ ᠪᠠᠷ ᠵᠠᠯᠠᠬᠤ ᠨᠢ ᠦᠷ᠎ᠠ ᠭᠡᠦᠭᠡᠤᠨ ᠤᠨ ᠶᠢᠡᠨ ᠦᠪᠠᠷᠮᠢᠴᠠ ᠴᠢᠨᠠᠷ ᠢ ᠠᠯᠳᠠᠭᠤᠯᠤᠨ ᠣᠶ‍ᠤᠨ ᠣᠬᠠᠭᠠᠨ ᠤ ᠢᠳᠠᠪᠭᠢ ᠭᠦᠴᠤᠨ ᠵᠣᠢ᠌ᠯ ᠢ ᠨᠢ ᠥᠭᠡᠢ᠌ᠰᠭᠡᠵᠤ ᠪᠠᠢ᠌ᠬᠤ ᠶᠠᠪᠣᠳᠠᠯ ᠪᠤᠯᠤᠨ᠎ᠠ᠃ ᠡᠴᠢᠭᠡ ᠡᠭᠡ ᠶᠢᠨ ᠰᠤᠷᠭᠠᠨ ᠭᠦᠮᠦᠵᠢᠯ ᠪᠣᠯ ᠵᠥᠪᠭᠡᠨ ᠨᠥᠯᠦᠭᠡ ᠥᠵᠡᠭᠦᠯᠭᠦ ᠭᠠᠳᠠᠭᠠᠳᠤ ᠨᠥᠭᠦᠴᠡᠯ ᠤᠨ ᠨᠢᠭᠡ ᠪᠣᠯᠬᠤ ᠡᠴᠡ ᠪᠢᠰᠢ᠂ ᠣᠶ‍ᠤᠨ ᠰᠠᠨᠠᠭ᠎ᠠ ᠶᠢ ᠨᠢ ᠳᠤᠷᠠᠪᠠᠷ ᠬᠤᠪᠢᠷᠠᠭᠤᠯᠵᠤ ᠦᠪᠠᠷ ᠤᠨ ᠪᠣᠳᠤᠯ ᠶᠢᠡᠨ ᠰᠢᠭᠤᠳ 《ᠣᠭᠰᠠᠷᠠᠨ ᠥᠭ᠍ᠴᠢᠭᠡᠵᠤ》 ᠪᠤᠯᠳᠠᠭ ᠦᠭᠡᠶ ᠶᠢ ᠡᠷᠭᠡᠪᠰᠢ ᠮᠡᠳᠡᠭᠦ ᠭᠡᠷᠡᠭ᠍ᠳᠡᠢ᠃ ᠤᠴᠢᠷ ᠨᠢ ᠦᠷ᠎ᠠ ᠭᠡᠦᠭᠡᠤᠨ ᠪᠣᠯ ᠡᠴᠢᠭᠡ ᠡᠭᠡ ᠶᠢᠨ ᠬᠤᠶ‍ᠠᠷ ᠳᠤᠭᠤᠷᠢᠭ ᠲᠡᠶ ᠴᠦᠮ ᠣᠭᠳᠤᠯᠤᠯᠴᠠᠵᠤ ᠪᠦᠭᠦᠢ ᠳᠤᠰᠠᠭᠠᠷ ᠪᠠᠶ᠎ᠠ ᠪᠠᠨ ᠳᠠᠭᠠᠭᠠᠭᠰᠠᠨ᠂ ᠠᠭᠠᠵᠢᠮ ᠶᠢᠡᠷ ᠦᠰᠤᠨ ᠶ‍ᠡᠭᠡᠰᠴᠤ ᠪᠠᠢ᠌ᠭ᠎ᠠ ᠵᠢᠵᠢᠭ᠌ ᠳᠤᠭᠤᠷᠢᠭ ᠮᠦᠨ ᠪᠢᠯᠠ᠃

ᠭᠦᠮᠦᠰ ᠦᠰᠤᠨ ᠪᠣᠢ᠌ᠵᠢᠭᠠᠤᠨ ᠨᠡᠢ᠌ᠭᠡᠮ ᠳᠡᠭᠡᠷ᠎ᠡ ᠭᠠᠷᠤᠭᠰᠠᠨ ᠤ ᠳᠠᠷᠠᠭ᠎ᠠ᠂ ᠣᠯᠠᠨ ᠭᠦᠮᠤᠨ ᠲᠡᠶ ᠨᠠᠢ᠌ᠵᠠᠯᠠᠨ ᠣᠯᠠᠮ ᠠᠷᠪᠢᠨ ᠣᠶ‍ᠤᠨ ᠤ ᠳᠤᠭᠤᠷᠢᠭ ᠲᠡᠶ ᠣᠭᠳᠤᠯᠤᠯᠴᠠᠵᠤ ᠡᠭᠢᠯᠡᠨ᠎ᠡ᠃ ᠲ᠋ᠡᠭᠡᠭᠦ ᠳᠡᠭᠡᠨ ᠣᠴᠠᠷᠠᠭᠰᠠᠨ ᠪᠣᠯᠭᠠᠨ ᠲᠡᠶ ᠨᠠᠢ᠌ᠵᠠᠯᠠᠴᠢᠬᠤ ᠪᠢᠰᠢ᠂ ᠬᠠᠷᠢᠨ ᠳᠡᠨᠢᠯᠴᠡᠬᠤ᠂ ᠲ᠋ᠡᠰᠦᠯᠴᠡᠬᠤ᠂ ᠶ‍ᠡᠪᠦᠯᠴᠡᠬᠤ᠂ ᠢᠳᠡᠭᠡᠯᠴᠡᠭᠦ ᠶ‍ᠠᠪᠣᠴᠠ ᠶᠢ ᠥᠩᠭᠡᠷᠡᠭᠦᠯᠦᠭᠡᠤᠨ ᠰᠠᠶ‍ᠢ ᠣᠶ‍ᠤᠨ ᠤ ᠳᠤᠭᠤᠷᠢᠭ ᠤᠨ ᠣᠭᠳᠤᠯᠤᠯᠴᠠᠯ ᠢ ᠡᠭᠦᠰᠭᠡᠨ᠎ᠡ᠃ ᠢᠩᠭᠢᠭᠡᠤᠨ ᠭᠦᠮᠦᠰ 《ᠵᠡᠭᠤᠨ ᠣᠨ ᠤ ᠪᠢᠰᠢᠯᠭᠠᠯ ᠤᠨ ᠬᠠᠷᠢᠭᠤ ᠳᠤ ᠨᠢᠭᠡ ᠳᠡᠷᠭᠡᠨ᠎ᠡ ᠠᠶ‍ᠠᠯᠠᠵᠤ᠂ ᠮᠢᠩᠭ᠋ᠠᠨ ᠵᠢᠯ ᠤᠨ ᠳᠠᠭᠠᠤᠠᠬᠠᠯ ᠤᠨ ᠠᠴᠢ ᠪᠠᠷ ᠨᠢᠭᠡ ᠣᠷᠤᠨ᠎ᠠ ᠤᠨᠳᠡᠮᠦᠢ》 ᠭᠡᠵᠤ ᠭᠡᠯᠡᠳᠡᠭ᠌ ᠨᠢ ᠣᠴᠠᠷᠠᠯ ᠪᠠᠷᠢᠯᠳᠤᠯᠭ᠎ᠠ ᠶᠢᠨ ᠭᠢᠯᠪᠠᠷ ᠪᠣᠰᠤ ᠢᠷᠠᠯ ᠢ ᠳᠤᠰᠬᠠᠭᠰᠠᠨ ᠪᠠᠢ᠌ᠳᠠᠭ᠃ ᠮᠠᠨ ᠳᠤ ᠳᠠᠭᠠᠷᠢᠯᠳᠤᠭᠰᠠᠨ ᠠᠬ᠎ᠠ ᠳᠡᠭᠦᠤ ᠰᠠᠳᠤᠨ᠂ ᠬᠠᠨᠢ ᠨᠥᠭᠦᠤᠨ ᠵᠡᠷᠭᠡ ᠭᠦᠮᠦᠰ ᠮᠠᠨ ᠤ ᠣᠶ‍ᠤᠠᠴᠢ ᠳᠤᠭᠤᠷᠢᠭ ᠪᠦᠷᠢᠯᠳᠦᠭᠦ ᠶ‍ᠠᠪᠣᠴᠠ ᠳᠤ ᠴᠢᠬᠤᠯᠠ ᠨᠥᠯᠦᠭᠡ ᠥᠵᠡᠭᠦᠯᠦᠭ᠍ᠰᠡᠨ ᠭᠠᠳᠠᠭᠠᠳᠤ ᠭᠦᠴᠤᠨ ᠵᠣᠢ᠌ᠯ ᠤᠳ ᠪᠠᠢ᠌ᠭ᠎ᠠ ᠶ‍ᠤᠮ᠃ ᠲ᠋ᠠᠭᠢᠪᠠᠯ ᠮᠠᠨ ᠢ ᠴᠢᠩᠭ᠋᠎ᠠ ᠳᠤᠩᠭ᠋ᠤᠳᠤᠨ ᠬᠠᠳᠠᠭᠤ ᠵᠢᠮᠯᠡᠭ᠍ᠰᠡᠨ ᠪᠠᠭᠰᠢᠨᠠᠷ ᠪᠠ ᠠᠢ᠌ᠯ ᠠᠢ᠌ᠮᠠᠭ ᠤᠨ ᠠᠬᠠᠮᠠᠤᠨ ᠤᠨ ᠠᠴᠢ ᠭᠠᠪᠢᠶ᠎ᠠ ᠳᠤ ᠳᠠᠯᠠᠷᠬᠠᠬᠤ ᠭᠡᠷᠡᠭ᠍ᠳᠡᠢ ᠪᠦᠭᠡᠤᠨ᠂ ᠭᠦᠮᠤᠨ ᠤ ᠰᠠᠢ᠌ᠨ ᠰᠠᠨᠠᠭ᠎ᠠ ᠶᠢ ᠪᠣᠷᠤᠭᠤ ᠣᠢ᠌ᠯᠭᠠᠨ ᠠᠴᠢ ᠶᠢ ᠦᠰᠢᠯ ᠶᠢᠡᠷ ᠬᠠᠷᠢᠭᠤᠯᠬᠤ ᠪᠣᠯ ᠡᠷᠡᠭᠦᠯ ᠰᠡᠦᠡᠭᠢᠭᠦᠢ ᠪᠢᠰᠢ᠃ ᠡᠭᠦᠨ ᠶᠢᠡᠷ ᠵᠤᠭᠰᠤᠬᠤ ᠦᠭᠡᠶ᠂ ᠮᠠᠨ ᠲᠡᠶ ᠳᠠᠪᠠᠯ ᠳᠠᠪᠠᠯ ᠶᠢᠡᠨ ᠣᠷᠠᠯᠴᠠᠨ ᠳᠡᠭᠡᠳᠦᠰ ᠳᠡᠭᠡᠳᠦᠰ ᠶᠢᠡᠨ ᠬᠠᠷᠢᠶ‍ᠠᠯᠴᠠᠭᠰᠠᠨ ᠳᠡᠳᠡᠭᠡᠷ ᠭᠦᠮᠦᠰ ᠴᠤ ᠮᠠᠨ ᠤ ᠳᠠᠨᠢᠯᠳᠠ ᠣᠬᠠᠮᠰᠠᠷ ᠤᠨ ᠭᠦᠭ᠍ᠵᠢᠯᠳᠡ ᠳᠤ ᠳᠠᠪᠳᠠᠨ ᠪᠣᠯᠪᠠᠰᠤᠷᠠᠭᠤᠯᠬᠤ ᠣᠢ᠌ᠯᠠᠳᠤᠯ ᠥᠵᠡᠭᠦᠯᠦᠭᠰᠡᠨ ᠢᠳᠠᠪᠭᠢ ᠭᠦᠴᠤᠨ ᠵᠣᠢ᠌ᠯ ᠤᠳ ᠪᠣᠯᠤᠨ᠎ᠠ᠃ ᠡᠳᠡᠭᠡᠷ ᠪᠦᠭᠦᠨ ᠨᠢ ᠮᠠᠨ ᠤ ᠨᠠᠰᠤᠨ ᠳᠤᠷᠰᠢ ᠠᠰᠢᠭ ᠢ ᠨᠢ ᠭᠦᠷᠳᠡᠭᠦ ᠡᠷᠭᠢᠮ ᠨᠠᠠᠳᠢᠨ ᠣᠶ‍ᠤᠨ ᠤ ᠦᠪ ᠭᠦᠷᠦᠩᠭᠡ ᠪᠣᠯᠵᠤ ᠥᠪᠯᠡᠭ᠍ᠳᠡᠨ ᠬᠠᠳᠠᠭᠠᠯᠠᠭᠳᠠᠬᠤ ᠪᠣᠯᠤᠨ᠎ᠠ᠃

ᠵᠤᠬᠢᠶᠠᠭᠴᠢ᠄ ᠨᠣ᠋·ᠪᠠᠭᠠᠳᠤᠷ
ᠳᠠᠷᠤᠮ᠄ 6130
ᠴᠠᠭ᠄ 2009 ᠤᠨ ᠤ 04 ᠰᠠᠷ᠎ᠠ ᠶᠢᠨ 29

ᠡᠮᠦᠨᠡᠬᠢ   ᠳᠠᠷᠠᠭᠠᠬᠢ

ᠰᠢᠭᠦᠮᠵᠢ ᠪᠢᠴᠢᠬᠦ
ᠨᠡᠪᠲᠡᠷᠡᠨ ᠤᠷᠤᠭᠠᠷᠠᠢ᠃
ᠨᠡᠪᠲᠡᠷᠡᠨ ᠤᠷᠤᠪᠠᠯ ᠰᠠᠶ‍ᠢ ᠰᠢᠭᠦᠮᠵᠢ ᠪᠢᠴᠢᠵᠦ ᠳᠡᠢ᠌ᠯᠦᠨ᠎ᠡ᠃