ᠮᠤᠩᠭ᠋ᠤᠯ ᠤᠨ ᠨᠢᠭᠤᠴᠠ ᠳᠤᠪᠴᠢᠶᠠᠨ
ᠵᠢᠷᠭᠤᠳᠤᠭᠠᠷ ᠪᠦᠯᠦᠭ ᠂ ᠬᠡᠷᠡᠢ᠌ᠳ ᠤᠯᠤᠰ ᠤᠨ ᠮᠦᠬᠦᠭᠰᠡᠨ ᠨᠢ

170᠂ ᠲᠡᠬᠥᠨ ᠢ ᠰᠣᠨᠣᠰᠣᠭᠠᠳ ᠴᠢᠩᠬᠢᠰ ᠬᠠᠭᠠᠨ ᠪᠠᠳᠠᠢ ᠬᠢᠰᠢᠯᠢᠭ ᠬᠣᠶᠠᠷ ᠤᠨ ᠦᠬᠡ ᠶᠢ ᠢᠳᠡᠬᠡᠵᠦ᠂ ᠮᠦᠨ ᠰᠦᠨᠢ ᠰᠢᠳᠠᠷ ᠪᠠᠢ᠌ᠭᠰᠠᠨ ᠢᠳᠡᠬᠡᠯᠲᠦ ᠨᠦᠭᠦᠳ ᠲᠤ ᠮᠡᠳᠡᠭ᠍ᠳᠡᠬᠡᠥᠨ᠂ ᠶᠠᠭᠣᠮ᠎ᠠ ᠬᠣᠮ᠎ᠠ ᠪᠠᠨ ᠣᠷᠬᠢᠵᠣ᠂ ᠬᠦᠩᠬᠡᠪᠴᠢᠯᠡᠨ ᠮᠣᠷᠳᠠᠪᠠ᠃ ᠮᠠᠭᠣ ᠦᠨᠳᠥᠷ ᠤᠨ ᠬᠠᠷᠢ ᠳᠤ ᠭᠠᠷᠴᠣ ᠶᠠᠪᠣᠬᠣ ᠳᠤ ᠬᠤᠢ᠌ᠨ᠎ᠠ ᠪᠠᠨ ᠣᠷᠢᠶᠠᠩᠬᠠᠳᠠᠢ ᠶᠢᠨ ᠵᠠᠯᠮ᠎ᠠ ᠶᠢ ᠴᠠᠭᠳᠠᠬᠣ ᠬᠠᠷᠠᠭᠣᠯ ᠪᠣᠯᠭᠠᠨ ᠲᠠᠯᠪᠢᠪᠠ᠃ ᠲᠡᠬᠡᠵᠦ ᠶᠠᠪᠣᠭᠰᠠᠭᠠᠷ ᠮᠠᠷᠭᠠᠰᠢ ᠶᠢᠨ ᠡᠳᠣᠷ ᠨᠠᠷᠠᠨ ᠬᠡᠯᠪᠡᠢ᠌ᠬᠥ ᠳᠤ ᠬᠠᠷ᠎ᠠ ᠬᠠᠯᠵᠠᠨ ᠡᠯᠠᠳ (ᠡᠯᠡᠰᠤ) ᠬᠦᠷᠴᠦ ᠦᠳᠡᠯᠡᠨ ᠪᠠᠭᠣᠪᠠ᠃ ᠲᠠᠠᠳᠠ ᠦᠳᠡᠯᠠᠵᠦ ᠪᠠᠢ᠌ᠳᠠᠯ᠎ᠠ᠂ ᠠᠯᠴᠢᠳᠠᠢ ᠶᠢᠨ ᠠᠭᠳᠠᠴᠢ ᠴᠢᠬᠢᠳᠠᠢ᠂ ᠶᠠᠳᠢᠷ ᠬᠣᠶᠠᠷ ᠰᠠᠢ᠌ᠬᠠᠨ ᠪᠡᠯᠴᠢᠬᠡᠷ ᠲᠤ ᠠᠭᠳᠠ ᠪᠠᠨ ᠠᠳᠣᠭᠣᠯᠠᠵᠣ ᠶᠠᠪᠣᠭᠠᠳ ᠮᠠᠭᠣ ᠦᠨᠳᠥᠷ ᠤᠨ ᠦᠪᠥᠷ ᠶᠢᠠᠷ ᠣᠯᠠᠭᠠᠨ ᠪᠣᠷᠭᠠᠳ ᠢ ᠲᠠᠭᠠᠷᠢᠨ ᠢᠷᠠᠵᠣ ᠶᠠᠪᠣᠭ᠎ᠠ ᠲᠠᠢ᠌ᠰᠣᠨ ᠤ ᠲᠣᠭᠣᠰᠣ ᠶᠢ ᠦᠵᠡᠵᠦ᠂ ᠠᠭᠳᠠ ᠪᠠᠨ ᠶᠠᠭᠠᠷᠠᠪᠴᠢᠯᠠᠨ ᠬᠦᠬᠡᠬᠡᠵᠦ ᠢᠷᠡᠭ᠍ᠰᠡᠨ ᠳᠤ ᠠᠵᠢᠭᠯᠠᠨ ᠬᠠᠷᠠᠪᠠᠯ᠂ ᠦᠨᠡᠬᠡᠷ ᠮᠠᠭᠣ ᠦᠨᠳᠥᠷ ᠤᠨ ᠦᠪᠥᠷ ᠶᠢᠠᠷ ᠣᠯᠠᠭᠠᠨ ᠪᠣᠷᠭᠠᠳ ᠬᠡᠳᠡᠭ ᠭᠠᠵᠠᠷ ᠲᠤ ᠲᠣᠭᠣᠰᠣ ᠭᠠᠷᠴᠣ ᠪᠣᠢ᠃ ᠴᠢᠩᠬᠢᠰ ᠬᠠᠭᠠᠨ᠂ ᠲᠠᠷᠠ ᠲᠣᠭᠣᠰᠣ ᠶᠢ ᠦᠵᠡᠵᠦ᠂ ᠸᠠᠩ ᠬᠠᠨ ᠨᠡᠬᠡᠵᠦ ᠠᠢ᠌ᠰᠣᠢ ᠬᠡᠵᠦ ᠠᠭᠳᠠ ᠮᠣᠷᠢᠳ ᠢ ᠪᠠᠷᠢᠭᠣᠯᠵᠣ ᠠᠴᠢᠶᠠᠯᠠᠨ ᠬᠦᠳᠡᠯᠪᠡ᠃ ᠬᠡᠷᠪᠡ ᠲᠠᠷᠠ ᠲᠣᠭᠣᠰᠣ ᠶᠢ ᠣᠷᠢᠳᠣ ᠡᠴᠠ ᠦᠵᠡᠬᠡ ᠦᠭᠡᠶ ᠪᠣᠯ ᠬᠡᠨᠡᠳᠡᠵᠦ ᠪᠣᠯᠬᠣ ᠪᠢᠯᠠ᠃ ᠲᠠᠷᠠ ᠴᠠᠭ ᠲᠤ ᠸᠠᠩ ᠬᠠᠨ ᠲᠡᠶ ᠵᠠᠮᠣᠬ᠎ᠠ ᠢᠷᠠᠵᠣ ᠶᠠᠪᠣᠭᠰᠠᠨ ᠠᠵᠠᠢ᠃ ᠸᠠᠩ ᠬᠠᠨ᠂ ᠵᠠᠮᠣᠬ᠎ᠠ ᠡᠴᠡ ᠠᠰᠠᠭᠣᠷᠣᠨ᠄ 《ᠲᠠᠮᠣᠵᠢᠨ ᠬᠦᠪᠡᠬᠥᠨ ᠳᠤ ᠪᠢᠳᠠᠨ ᠲᠡᠶ ᠪᠠᠢ᠌ᠯᠳᠣᠵᠣ ᠴᠢᠳᠠᠮᠠᠷ ᠶᠠᠮᠠᠷ ᠬᠦᠮᠥᠰ ᠪᠠᠢ᠌ᠨ᠎ᠠ︖》 ᠬᠡᠪᠡᠯ᠂ ᠵᠠᠮᠤᠬ᠎ᠠ ᠦᠬᠥᠯᠡᠷᠥᠨ᠄ 《ᠣᠷᠣᠭᠣᠳ᠂ ᠮᠠᠩᠭ᠋ᠣᠳ ᠨᠡᠷ ᠲᠡᠬᠥᠨ ᠢ ᠲᠠᠭᠠᠵᠣ ᠪᠠᠢ᠌ᠭ᠎ᠠ᠃ ᠪᠣᠳᠣᠪᠠᠯ ᠲᠠᠳᠠ ᠪᠠᠢ᠌ᠯᠳᠣᠬᠣ ᠪᠢᠵᠠ᠃ ᠲᠣᠭᠣᠷᠢᠵᠣ ᠢᠷᠡᠬᠡᠥᠨ ᠲᠣᠪᠳᠣᠯᠣᠨ ᠪᠠᠭᠣᠳᠠᠭ ᠲᠠᠰᠢᠭᠣᠯᠳᠠᠵᠣ ᠢᠷᠡᠬᠡᠥᠨ ᠲᠠᠷᠣᠨ ᠣᠷᠣᠳᠠᠭ ᠪᠠᠷᠠᠭᠠᠨ ᠠᠯᠠᠭ ᠲᠣᠭ ᠢ ᠪᠠᠷᠢᠵᠣ ᠶᠠᠪᠣᠳᠠᠭ ᠪᠠᠴᠢᠳ ᠲᠡᠳᠡᠬᠡᠷ ᠢᠷᠬᠡᠨ ᠪᠠᠭ᠎ᠠ ᠨᠠᠰᠣᠨ ᠡᠴᠡ ᠡᠬᠢᠯᠠᠨ ᠪᠠᠢ᠌ᠯᠳᠣᠵᠣ ᠮᠡᠷᠬᠡᠰᠢᠭ᠍ᠰᠡᠨ ᠲᠣᠯᠠ ᠸᠠᠩ ᠬᠠᠨ ᠲᠠ ᠪᠠᠬᠠᠨ ᠪᠣᠯᠭᠣᠮᠵᠢᠯᠠᠪᠠᠯ ᠵᠦᠢᠳᠡᠢ》 ᠬᠡᠵᠡᠢ᠃ ᠲᠠᠷᠠ ᠦᠬᠡ ᠶᠢ ᠰᠣᠨᠣᠰᠣᠭᠠᠳ ᠸᠠᠩ ᠬᠠᠨ ᠦᠬᠥᠯᠡᠷᠥᠨ᠄ 《ᠲ᠋ᠠᠢ᠌ᠮᠣ ᠪᠣᠯ ᠪᠢᠳᠠ ᠠᠩᠬᠠᠨ ᠳᠤ ᠬᠠᠳᠠᠬᠢᠨ ᠶᠢᠠᠷ ᠲᠣᠯᠣᠭᠠᠢ᠌ᠯᠠᠭᠣᠯᠣᠨ ᠵᠢᠷᠬᠢᠨ ᠤ ᠪᠠᠭᠠᠳᠣᠷ ᠤᠳ ᠢ ᠣᠷᠣᠭᠣᠯᠣᠶ᠎ᠠ᠃ ᠲᠡᠬᠥᠨ ᠤ ᠬᠤᠢ᠌ᠨ᠎ᠠ ᠡᠴᠡ ᠲᠥᠮᠡᠨ ᠲᠦᠪᠡᠬᠡᠨ ᠤ ᠠᠴᠢᠭ ᠰᠢᠷᠣᠨ ᠢ ᠣᠷᠣᠭᠣᠯᠣᠶ᠎ᠠ᠃ ᠮᠦᠨ ᠲᠡᠬᠥᠨ ᠤ ᠬᠤᠢ᠌ᠨ᠎ᠠ ᠡᠴᠡ ᠣᠯᠠᠨ ᠲᠣᠩᠭ᠋ᠠᠢ᠌ᠳ ᠤᠨ ᠪᠠᠭᠠᠳᠣᠷ ᠤᠳ ᠢ ᠣᠷᠣᠭᠣᠯᠣᠶ᠎ᠠ᠃ ᠪᠠᠰᠠ ᠲᠡᠬᠥᠨ ᠤ ᠬᠤᠢ᠌ᠨ᠎ᠠ ᠡᠴᠡ ᠸᠠᠩ ᠬᠠᠨ ᠤ ᠮᠢᠩᠭ᠋ᠠᠨ ᠲᠣᠷᠬᠠᠭ ᠴᠡᠷᠢᠭ᠌ ᠢ ᠣᠳᠣᠷᠢᠳᠣᠨ ᠬᠣᠷᠢ ᠰᠢᠯᠠᠮᠣᠨ ᠲᠠᠢ᠌ᠵᠢ ᠲᠣᠪᠳᠣᠯᠳᠣᠭᠠᠢ᠃ ᠲᠡᠬᠥᠨ ᠤ ᠬᠤᠢ᠌ᠨ᠎ᠠ ᠡᠴᠡ ᠪᠢᠳᠠᠨ ᠤ ᠶᠡᠬᠡ ᠭᠣᠣᠯ ᠬᠦᠴᠥᠨ ᠣᠷᠣᠶ᠎ᠠ》 ᠬᠡᠪᠡ᠃ ᠪᠠᠰᠠ ᠸᠠᠩ ᠬᠠᠨ ᠦᠬᠥᠯᠡᠷᠥᠨ᠄ 《ᠵᠠᠮᠤᠬ᠎ᠠ ᠲᠡᠬᠥᠤ ᠴᠢ ᠪᠢᠳᠠᠨ ᠤ ᠪᠦᠬᠥ ᠴᠡᠷᠢᠭ᠌ ᠢ ᠵᠠᠰᠠ 》ᠬᠡᠪᠡᠯ᠂ ᠵᠠᠮᠣᠬ᠎ᠠ᠂ ᠣᠯᠠᠨ ᠡᠴᠡ ᠣᠠᠴᠠᠭᠠᠢ ᠭᠠᠷᠴᠣ ᠨᠦᠭᠦᠳ ᠲᠡᠭᠡᠨ ᠦᠬᠥᠯᠡᠷᠥᠨ᠄ 《ᠸᠠᠩ ᠬᠠᠨ᠂ ᠪᠦᠬᠥ ᠴᠡᠷᠢᠭ᠌ ᠶᠢᠠᠨ ᠨᠠᠮᠢ᠋ᠢ ᠵᠠᠬᠢᠷᠠ ᠬᠡᠵᠦ ᠪᠠᠢ᠌ᠨ᠎ᠠ᠂ ᠪᠢ ᠲᠠᠮᠣᠵᠢᠨ ᠠᠨᠳᠠ ᠲᠡᠶ ᠪᠠᠢ᠌ᠯᠳᠣᠨ ᠶᠠᠳᠠᠵᠣ ᠪᠠᠢ᠌ᠬᠣ ᠳᠤ ᠨᠠᠮᠢ᠋ᠢ ᠬᠠᠷᠢᠨ ᠴᠡᠷᠢᠭ᠌ ᠶᠢᠠᠨ ᠵᠠᠬᠢᠷᠠ ᠬᠡᠨ᠎ᠡ᠃ ᠦᠵᠡᠪᠡᠯ᠂ ᠸᠠᠩ ᠬᠠᠨ᠂ ᠨᠠᠳᠠ ᠡᠴᠡ ᠬᠡᠳᠥᠷᠠᠬᠥ ᠦᠭᠡᠶ ᠲᠣᠷᠣᠢ ᠪᠦᠬᠡᠥᠨ ᠲᠦᠷ ᠨᠦᠬᠥᠷᠯᠡᠬᠥ ᠬᠦᠮᠥᠨ ᠪᠠᠢ᠌ᠨ᠎ᠠ᠃ ᠲᠠᠮᠣᠵᠢᠨ ᠠᠨᠳᠠ ᠳᠤ ᠬᠡᠯᠡ ᠣᠷᠣᠭᠣᠯᠣᠶ᠎ᠠ᠂ ᠠᠨᠳᠠ ᠬᠠᠳᠠᠭᠣᠵᠢᠳᠣᠭᠠᠢ》 ᠬᠡᠵᠦ ᠵᠠᠮᠣᠬ᠎ᠠ᠂ ᠴᠢᠩᠬᠢᠰ ᠬᠠᠭᠠᠨ ᠳᠤ ᠡᠴᠢᠨ᠎ᠠ ᠪᠠᠷ (ᠲᠠᠯᠳᠠᠭᠣᠷ) ᠬᠦᠮᠥᠨ ᠶᠠᠪᠣᠭᠣᠯᠵᠣ ᠬᠡᠯᠡᠬᠥᠯᠥᠭᠰᠡᠨ ᠨᠢ᠄ 《ᠸᠠᠩ ᠬᠠᠨ᠂ ᠨᠠᠳᠠ ᠡᠴᠡ ᠠᠰᠠᠭᠣᠪᠠ 〈ᠲᠠᠮᠣᠵᠢᠨ ᠬᠦᠪᠡᠬᠥᠨ ᠳᠤ ᠪᠢᠳᠠᠨ ᠲᠡᠶ ᠪᠠᠢ᠌ᠯᠳᠣᠬᠣ ᠶᠠᠮᠠᠷ ᠬᠦᠮᠥᠨ ᠪᠣᠢ︖〉 ᠬᠡᠵᠦ ᠠᠰᠠᠭᠣᠪᠠᠯ᠂ ᠪᠢ᠄ 〈ᠣᠷᠣᠭᠣᠳ ᠮᠠᠩᠭ᠋ᠣᠳ ᠲᠡᠷᠢᠬᠥᠳᠡᠢ ᠬᠡᠴᠡᠬᠥᠤ ᠪᠠᠭᠠᠳᠣᠷ ᠤᠳ ᠪᠣᠢ〉 ᠬᠡᠵᠦ ᠬᠡᠯᠡᠪᠡᠯ᠂ ᠸᠠᠩ ᠬᠠᠨ ᠵᠢᠷᠬᠢᠨ ᠤ ᠪᠠᠭᠠᠳᠣᠷ ᠤᠳ ᠢ ᠮᠠᠩᠯᠠᠢ ᠪᠣᠯᠭᠠᠵᠣ ᠲᠣᠮᠢᠯᠠᠪᠠ᠂ ᠲᠡᠬᠥᠨ ᠤ ᠬᠤᠢ᠌ᠨ᠎ᠠ ᠡᠴᠡ ᠲᠥᠮᠡᠨ ᠲᠦᠪᠡᠬᠡᠨ ᠤ ᠠᠴᠢᠭ ᠰᠢᠷᠣᠨ ᠢ ᠲᠣᠮᠢᠯᠠᠪᠠ᠃ [ᠲᠡᠬᠥᠨ ᠤ ᠬᠤᠢ᠌ᠨ᠎ᠠ ᠡᠴᠡ] ᠣᠯᠠᠨ ᠲᠣᠩᠭ᠋ᠠᠢ᠌ᠳ ᠢ ᠲᠣᠮᠢᠯᠠᠪᠠ᠃ ᠪᠠᠰᠠ ᠲᠡᠬᠥᠨ ᠤ ᠬᠤᠢ᠌ᠨ᠎ᠠ ᠡᠴᠡ ᠸᠠᠩ ᠬᠠᠨ  ᠤ ᠮᠢᠩᠭ᠋ᠠᠨ ᠲᠣᠷᠬᠠᠭ ᠴᠡᠷᠢᠭ᠌ ᠤᠨ ᠨᠣᠶᠠᠨ ᠬᠣᠷᠢ ᠰᠢᠯᠠᠮᠣᠨ ᠲᠠᠢ᠌ᠵᠢ ᠶᠢ ᠲᠣᠮᠢᠯᠠᠪᠠ᠃ ᠲᠡᠬᠥᠨ ᠤ ᠬᠤᠢ᠌ᠨ᠎ᠠ ᠡᠴᠡ ᠸᠠᠩ ᠬᠠᠨ᠂ ᠶᠡᠬᠡ ᠭᠣᠣᠯ ᠴᠡᠷᠢᠭ᠌ ᠶᠢᠠᠨ ᠠᠪᠴᠣ ᠣᠷᠣᠨ᠎ᠠ ᠬᠡᠨ᠎ᠡ᠃ ᠪᠠᠰᠠ ᠸᠠᠩ ᠬᠠᠨ ᠤ ᠬᠡᠯᠡᠭ᠍ᠰᠡᠨ ᠨᠢ᠄ 〈ᠵᠠᠮᠤᠬ᠎ᠠ ᠲᠡᠬᠥᠤ᠂ ᠡᠳᠡᠬᠡᠷ ᠪᠦᠬᠥ ᠴᠡᠷᠢᠭ᠌ ᠢ ᠵᠠᠬᠢᠷᠠ〉 ᠬᠡᠵᠦ ᠨᠠᠳᠠᠳᠣ ᠢᠳᠡᠬᠡᠵᠦ ᠬᠡᠯᠡᠨ᠎ᠡ᠃ ᠡᠬᠥᠨ ᠡᠴᠡ ᠦᠵᠡᠪᠡᠯ᠂ [ᠡᠨᠠ ᠸᠠᠩ ᠬᠠᠨ] ᠬᠢᠯᠪᠠᠷᠬᠠᠨ ᠨᠦᠬᠥᠷ ᠠᠵᠠᠢ᠃ ᠴᠡᠷᠢᠭ᠌ ᠤᠳ ᠶᠢᠠᠨ ᠦᠪᠡᠷ ᠶᠢᠠᠨ ᠵᠠᠬᠢᠷᠴᠣ ᠦᠯᠤ ᠴᠢᠳᠠᠨ᠎ᠠ᠃ ᠪᠢ ᠲᠠᠮᠣᠵᠢᠨ ᠠᠨᠳᠠ ᠲᠡᠶ ᠣᠷᠢᠳᠣ ᠪᠠᠢ᠌ᠯᠳᠣᠬᠣ ᠳᠤ ᠲᠠᠪᠠᠳᠠᠭ ᠦᠭᠡᠶ ᠪᠢᠯᠠ᠃ ᠬᠡᠳᠡᠯ᠎ᠡ ᠸᠠᠩ ᠬᠠᠨ᠂ ᠨᠠᠳᠠ ᠡᠴᠡ ᠲᠣᠷᠣᠢ ᠬᠦᠮᠥᠨ ᠪᠠᠢ᠌ᠨ᠎ᠠ᠃ [ᠡᠢ᠌ᠮᠣ ᠶᠢᠨ ᠲᠣᠯᠠ] ᠠᠨᠳᠠ ᠴᠢ ᠪᠦᠤ ᠠᠶᠣ᠂ ᠬᠠᠳᠠᠭᠣᠵᠢ》 ᠬᠡᠵᠦ ᠢᠡᠯᠬᠡᠵᠡᠢ᠃

171᠂ ᠡᠨᠠ ᠮᠡᠳᠡᠬᠡ ᠶᠢ ᠰᠣᠨᠣᠰᠣᠭᠠᠳ᠂ ᠴᠢᠩᠬᠢᠰ ᠬᠠᠭᠠᠨ ᠦᠬᠥᠯᠡᠷᠥᠨ᠄ 《ᠣᠷᠣᠭᠣᠳ ᠤᠨ ᠵᠦᠷᠴᠢᠳᠡᠢ ᠠᠪᠠᠭ᠎ᠠ ᠴᠢ ᠶᠠᠭᠣ ᠬᠡᠵᠦ ᠪᠣᠳᠣᠨ᠎ᠠ︖ ᠴᠢᠮᠢ᠋ᠢ ᠮᠠᠩᠯᠠᠢ ᠪᠣᠯᠭᠠᠵᠣ ᠶᠠᠪᠣᠭᠣᠯᠣᠶ᠎ᠠ》 ᠬᠡᠪᠡᠯ ᠵᠦᠷᠴᠢᠳᠡᠢ ᠶᠢ ᠬᠠᠷᠢᠭᠣ ᠬᠡᠯᠡᠬᠥ ᠶᠢᠨ ᠣᠷᠢᠳ ᠮᠠᠩᠭ᠋ᠣᠳ  ᠤᠨ ᠬᠤᠢ᠌ᠯᠳᠠᠷ ᠰᠠᠴᠠᠨ ᠦᠬᠥᠯᠡᠷᠥᠨ᠄ 《ᠲᠠᠮᠣᠵᠢᠨ ᠠᠨᠳᠠ ᠶᠢᠨ ᠡᠮᠣᠨ᠎ᠠ ᠡᠴᠡ ᠪᠢ ᠪᠠᠢ᠌ᠯᠳᠣᠶ᠎ᠠ᠂ ᠮᠢᠨᠣ ᠬᠤᠢ᠌ᠨ᠎ᠠ ᠬᠣᠴᠣᠷᠣᠭᠰᠠᠨ ᠦᠨᠦᠴᠢᠨ ᠬᠦᠪᠡᠭᠦᠳ ᠢ ᠠᠰᠠᠷᠠᠬᠣ ᠶᠢ ᠲᠠᠮᠣᠵᠢᠨ ᠠᠨᠳᠠ ᠮᠡᠳᠡᠲᠦᠬᠡᠢ》 ᠬᠡᠪᠡ᠃ ᠵᠦᠷᠴᠢᠳᠡᠢ ᠦᠬᠥᠯᠡᠷᠥᠨ᠄ 《ᠴᠢᠩᠬᠢᠰ ᠬᠠᠭᠠᠨ ᠤ ᠡᠮᠣᠨ᠎ᠠ ᠡᠴᠡ ᠪᠢᠳᠠ ᠣᠷᠣᠭᠣᠳ ᠮᠠᠩᠭ᠋ᠣᠳ ᠮᠠᠩᠯᠠᠢ᠌ᠯᠠᠨ ᠬᠠᠳᠬᠣᠯᠳᠣᠶ᠎ᠠ》 ᠬᠡᠵᠡᠢ᠃ ᠲᠡᠬᠡᠬᠡᠥᠨ ᠵᠦᠷᠴᠢᠳᠡᠢ ᠬᠤᠢ᠌ᠯᠳᠠᠷ ᠬᠣᠶᠠᠷ ᠣᠷᠣᠭᠣᠳ ᠮᠠᠩᠭ᠋ᠣᠳ [ᠴᠡᠷᠢᠭ᠌] ᠵᠢᠠᠨ ᠵᠢᠠᠠᠰᠠᠭᠠᠵᠤ᠂ ᠴᠢᠩᠬᠢᠰ ᠬᠠᠭᠠᠨ ᠤ ᠡᠮᠣᠨ᠎ᠠ ᠮᠣᠷᠳᠠᠬᠣ ᠶᠢ ᠪᠡᠯᠡᠳᠬᠡᠪᠡ᠃ ᠲᠡᠬᠡᠵᠦ ᠪᠠᠢ᠌ᠳᠠᠯ᠎ᠠ ᠶ᠋‍ᠢᠷᠬᠢᠨ ᠶᠢᠠᠷ ᠲᠣᠯᠣᠭᠠᠢ᠌ᠯᠠᠭᠣᠯᠣᠭᠰᠠᠨ ᠲᠠᠢ᠌ᠰᠣᠨ ᠬᠦᠷᠴᠦ ᠢᠷᠠᠪᠠ᠃ ᠲᠠᠳᠠᠨ ᠢ ᠢᠷᠡᠮᠡᠭ᠍ᠴᠡ ᠣᠷᠣᠭᠣᠳ ᠮᠠᠩᠭ᠋ᠣᠳ ᠨᠡᠷ ᠣᠭᠳᠣᠨ ᠪᠠᠢ᠌ᠯᠳᠣᠵᠣ ᠵᠢᠷᠬᠢᠨ ᠢ ᠲᠠᠷᠣᠪᠠ᠃ ᠬᠡᠳᠡᠯ᠎ᠡ ᠪᠠᠰᠠ ᠲᠥᠮᠡᠨ ᠲᠦᠪᠡᠬᠡᠨ ᠤ ᠠᠴᠢᠭ ᠰᠢᠷᠣᠨ ᠲᠣᠪᠳᠣᠯᠵᠣ ᠢᠷᠠᠪᠠ᠃ ᠠᠴᠢᠭ ᠰᠢᠷᠣᠨ ᠬᠤᠢ᠌ᠯᠳᠠᠷ  ᠢ ᠰᠢᠷᠬᠠᠳᠣᠭᠣᠯᠵᠣ ᠬᠠᠳᠠ ᠶᠢᠨ ᠬᠠᠪᠴᠢᠯ ᠳᠤ ᠮᠣᠷᠢᠨ ᠡᠴᠡ ᠣᠨᠠᠭᠠᠪᠠ᠃ ᠡᠬᠥᠨ ᠢ ᠦᠵᠡᠬᠡᠥᠨ ᠮᠠᠩᠭ᠋ᠣᠳ ᠨᠡᠷ ᠪᠣᠴᠠᠵᠣ ᠬᠤᠢ᠌ᠯᠳᠠᠷ ᠢ ᠬᠠᠮᠠᠭᠠᠯᠠᠪᠠ᠃ ᠵᠦᠷᠴᠢᠳᠡᠢ ᠣᠷᠣᠭᠣᠳ ᠴᠡᠷᠢᠭ᠌ ᠶᠢᠠᠨ ᠣᠳᠣᠷᠢᠳᠣᠨ ᠪᠠᠢ᠌ᠯᠳᠣᠵᠣ᠂ ᠲᠥᠮᠡᠨ ᠲᠦᠪᠡᠬᠡᠨ ᠢ ᠲᠠᠷᠣᠭᠠᠳ ᠴᠠᠰᠢ ᠨᠡᠬᠡᠬᠥ ᠳᠤ ᠣᠯᠠᠨ ᠲᠤᠩ᠋ᠭᠤᠢ᠌ᠳ ᠡᠰᠡᠷᠬᠥᠴᠡᠨ ᠲᠣᠪᠳᠣᠯᠪᠠ᠃ ᠵᠦᠷᠴᠢᠳᠡᠢ ᠪᠠᠰᠠ ᠲᠤᠩ᠋ᠭᠤᠢ᠌ᠳ  ᠢ ᠲᠠᠷᠣᠪᠠ᠃ ᠴᠠᠰᠢ ᠨᠡᠬᠡᠬᠥ ᠳᠤ ᠬᠣᠷᠢ ᠰᠢᠯᠠᠮᠣᠨ ᠲᠠᠢ᠌ᠵᠢ ᠮᠢᠩᠭ᠋ᠠᠨ ᠲᠣᠷᠬᠠᠭ ᠤᠳ ᠶᠢᠠᠨ ᠣᠳᠣᠷᠢᠳᠣᠨ ᠣᠭᠳᠣᠵᠣ ᠪᠠᠢ᠌ᠯᠳᠣᠪᠠᠯ᠂ ᠪᠠᠰᠠ ᠵᠦᠷᠴᠢᠳᠡᠢ ᠬᠣᠷᠢ ᠰᠢᠯᠠᠮᠣᠨ ᠲ᠋ᠠᠢ᠌ᠵᠢ ᠶᠢ ᠮᠤᠬᠤᠭᠠᠵᠤ ᠲᠠᠷᠣᠬᠣ ᠳᠤ ᠰᠠᠩᠬᠥᠮ ᠸᠠᠩ ᠬᠠᠨ ᠡᠴᠢᠬᠡ ᠡᠴᠡ ᠵᠦᠪᠰᠢᠶᠡᠷᠡᠯ ᠠᠪᠣᠯ ᠦᠭᠡᠶ ᠡᠰᠡᠷᠬᠥᠴᠡᠨ ᠪᠠᠢ᠌ᠯᠳᠣᠵᠣ ᠡᠩᠬᠡᠰᠬᠡ ᠬᠠᠴᠠᠷ ᠶᠢᠠᠨ ᠰᠢᠷᠬᠠᠳᠣᠭᠣᠯᠵᠣ ᠣᠨᠠᠵᠠᠢ᠃ ᠰᠠᠩᠬᠥᠮ ᠢ ᠰᠢᠷᠬᠠᠳᠣᠵᠣ ᠣᠨᠠᠬᠣ ᠳᠤ ᠬᠡᠷᠡᠢ᠌ᠳ ᠪᠦᠬᠥᠳᠡᠬᠡᠷ ᠲᠡᠬᠥᠨ ᠲᠡᠬᠡᠷ᠎ᠡ ᠴᠣᠭᠯᠠᠷᠠᠵᠣ ᠣᠴᠢᠪᠠ᠃ ᠲᠠᠳᠠᠨ ᠢ ᠡᠢ᠌ᠠᠬᠥ ᠲᠠᠷᠣᠵᠣ ᠰᠢᠩᠬᠡᠬᠥ ᠨᠠᠷᠠᠨ ᠠᠭᠣᠯᠠ ᠲᠠᠰᠢᠵᠣ ᠪᠠᠢ᠌ᠬᠣ ᠳᠤ ᠮᠠᠨ ᠤ ᠴᠡᠷᠢᠭ᠌ ᠡᠷᠬᠢᠵᠣ ᠰᠢᠷᠬᠠᠳᠣᠭᠰᠠᠨ ᠬᠤᠢ᠌ᠯᠳᠠᠷ ᠢ ᠣᠨᠠᠭᠰᠠᠨ ᠭᠠᠵᠠᠷ ᠡᠴᠡ ᠠᠪᠣᠭᠠᠳ ᠬᠠᠷᠢᠵᠣ ᠢᠷᠡᠭ᠍ᠰᠡᠨ ᠳᠤ ᠮᠦᠨ ᠦᠳᠡᠰᠢ ᠴᠢᠩᠬᠢᠰ ᠬᠠᠭᠠᠨ᠂ ᠸᠠᠩ ᠬᠠᠨ ᠲᠡᠶ ᠪᠠᠢ᠌ᠯᠳᠣᠭᠰᠠᠨ ᠭᠠᠵᠠᠷ ᠡᠴᠡ ᠬᠦᠳᠡᠯᠥᠨ ᠵᠠᠢ᠌ᠯᠠᠵᠣ ᠬᠣᠨᠣᠪᠠ᠃

172᠂ ᠲᠠᠠᠳᠠ ᠬᠣᠨᠣᠭᠠᠳ ᠮᠠᠷᠭᠠᠰᠢ ᠦᠷ ᠴᠠᠢ᠌ᠮᠠᠭᠴᠠ᠂ (ᠬᠦᠮᠦᠰ ᠶᠢᠠᠨ) ᠪᠦᠷᠢᠳᠭᠡᠪᠡᠯ᠂ ᠦᠭᠡᠳᠡᠢ᠂ ᠪᠤᠷᠤᠬᠤᠯ᠂ ᠪᠣᠭᠣᠷᠴᠣ ᠭᠣᠷᠪᠠ ᠦᠭᠡᠶ ᠠᠵᠠᠢ᠃ ᠴᠢᠩᠬᠢᠰ ᠬᠠᠭᠠᠨ ᠦᠬᠥᠯᠡᠷᠥᠨ᠄ 《ᠦᠬᠡᠳᠡᠢ ᠲᠡᠶ ᠢᠳᠡᠬᠡᠯᠲᠦ ᠨᠦᠭᠦᠳ ᠪᠣᠭᠣᠷᠴᠣ᠂ ᠪᠤᠷᠤᠬᠤᠯ ᠬᠣᠶᠠᠷ ᠬᠣᠴᠣᠷᠴᠠᠢ᠃ ᠠᠮᠢᠳᠣᠷᠠᠪᠠᠴᠣ᠂ ᠦᠬᠥᠪᠡᠴᠦ ᠲᠠᠷᠠ ᠬᠣᠶᠠᠷ ᠲᠡᠬᠥᠨ ᠡᠴᠡ ᠬᠠᠭᠠᠴᠠᠬᠣ ᠦᠭᠡᠶ》 ᠬᠡᠪᠡ᠃ ᠮᠠᠨ ᠤ ᠴᠡᠷᠢᠭ᠌ ᠤᠳ ᠰᠦᠨᠢ ᠮᠣᠷᠢᠳ ᠶᠢᠠᠨ ᠪᠠᠷᠢᠵᠣ ᠬᠣᠨᠣᠪᠠ᠃ ᠴᠢᠩᠬᠢᠰ ᠬᠠᠭᠠᠨ᠄ 《ᠬᠡᠷᠪᠡ ᠲᠠᠢ᠌ᠰᠣᠨ ᠬᠠᠯᠳᠠᠨ ᠢᠷᠠᠪᠠᠯ ᠪᠠᠢ᠌ᠯᠳᠣᠶ᠎ᠠ》 ᠬᠡᠵᠦ ᠴᠡᠷᠢᠭ᠌ ᠶᠢᠠᠨ ᠪᠡᠯᠡᠬᠡᠨ ᠪᠠᠢ᠌ᠯᠭᠠᠪᠠ᠃ ᠡᠳᠣᠷ ᠬᠡᠬᠡᠨ ᠪᠣᠯᠬᠣ ᠳᠤ ᠬᠤᠢ᠌ᠨ᠎ᠠ ᠡᠴᠡ ᠨᠢᠬᠡᠨ ᠬᠦᠮᠥᠨ ᠬᠦᠷᠴᠦ ᠢᠷᠠᠪᠠ᠃ ᠦᠵᠡᠪᠡᠯ ᠪᠣᠭᠣᠷᠴᠣ ᠠᠵᠠᠢ᠃ ᠴᠢᠩᠬᠢᠰ ᠬᠠᠭᠠᠨ᠂ ᠡᠪᠴᠢᠬᠥᠤ ᠪᠠᠨ ᠲᠠᠯᠠᠳᠴᠣ᠄ 《ᠮᠦᠩᠬᠡ ᠲᠡᠭ᠍ᠷᠢ ᠮᠡᠳᠡᠲᠦᠬᠡᠢ》 ᠬᠡᠥᠨ ᠪᠣᠭᠣᠷᠴᠣ ᠶᠢ ᠲᠠᠭᠣᠳᠠᠵᠣ ᠠᠰᠠᠭᠣᠪᠠᠯ᠂ ᠲᠠᠷᠠ ᠦᠬᠥᠯᠡᠷᠥᠨ᠄ 《ᠪᠠᠢ᠌ᠯᠳᠣᠭᠠᠨ ᠳᠤ ᠮᠢᠨᠣ ᠮᠣᠷᠢ ᠰᠢᠷᠬᠠᠳᠣᠵᠣ ᠣᠨᠠᠭᠰᠠᠨ ᠲᠣᠯᠠ᠂ ᠪᠢ ᠶᠠᠪᠠᠭᠠᠨ ᠬᠦᠶᠥᠵᠦ ᠶᠠᠪᠣᠳᠠᠯ᠎ᠠ ᠬᠡᠷᠡᠢ᠌ᠳ ᠤᠳ ᠰᠠᠩᠬᠥᠮ ᠤᠨ ᠲᠡᠬᠡᠷ᠎ᠡ ᠴᠣᠭᠯᠠᠷᠠᠵᠣ ᠪᠠᠢ᠌ᠬᠣ ᠴᠢᠯᠦᠬᠡ ᠪᠠᠷ ᠠᠴᠢᠶ᠎ᠠ ᠪᠠᠨ ᠬᠦᠭ᠍ᠯᠠᠬᠥᠯᠥᠭᠰᠡᠨ ᠮᠣᠷᠢ ᠶᠢ ᠣᠯᠵᠣ ᠪᠠᠷᠢᠭᠠᠳ ᠠᠴᠢᠶ᠎ᠠ ᠵᠢ ᠣᠭᠳᠣᠯᠣᠨ ᠬᠠᠶᠠᠵᠣ ᠶᠠᠩᠬᠢᠷᠴᠠᠭ ᠲᠡᠬᠡᠷ᠎ᠡ ᠨᠢ ᠣᠨᠣᠭᠠᠳ ᠪᠢ ᠦᠪᠡᠷ ᠤᠨ ᠴᠡᠷᠢᠭ᠌ ᠤᠨ ᠮᠦᠷ ᠢ ᠮᠥᠰᠬᠢᠨ ᠶᠠᠪᠣᠭᠰᠠᠭᠠᠷ ᠬᠦᠷᠴᠦ ᠢᠷᠠᠪᠠ》 ᠬᠡᠪᠡ᠃

173᠂ ᠪᠠᠰᠠ ᠬᠣᠷᠣᠮᠬᠠᠨ ᠵᠠᠭᠣᠷ᠎ᠠ ᠪᠣᠯᠣᠭᠠᠳ ᠨᠢᠬᠡᠨ ᠮᠣᠷᠢ ᠲᠡᠶ ᠬᠦᠮᠥᠨ ᠠᠢ᠌ᠰᠣᠢ ᠬᠠᠷᠠᠭᠳᠠᠪᠠ᠃ ᠦᠵᠡᠪᠡᠯ᠂ ᠨᠢᠬᠡᠨ ᠬᠦᠮᠥᠨ ᠮᠠᠳᠣ ᠪᠠᠢ᠌ᠳᠠᠯ᠎ᠠ᠂ ᠲᠣᠣᠷ᠎ᠠ ᠨᠢ ᠬᠦᠮᠥᠨ ᠤ ᠬᠦᠯ ᠮᠠᠳᠣ ᠶᠠᠭᠣᠮ᠎ᠠ ᠣᠠᠵᠠᠢ᠌ᠯᠵᠠᠵᠣ ᠪᠠᠢ᠌ᠨ᠎ᠠ᠂ ᠬᠦᠷᠴᠦ ᠢᠷᠡᠬᠥ ᠳᠤ ᠦᠵᠡᠪᠡᠯ᠂ ᠦᠬᠡᠳᠡᠢ ᠶᠢᠨ ᠬᠤᠢ᠌ᠨ᠎ᠠ ᠪᠤᠷᠤᠬᠤᠯ ᠰᠣᠠᠳᠠᠯᠠᠵᠣ ᠢᠷᠠᠪᠠ᠃ ᠪᠤᠷᠤᠬᠤᠯ ᠤᠨ ᠠᠮᠠᠨ ᠤ ᠵᠠᠪᠠᠵᠢᠨ ᠡᠴᠡ ᠴᠢᠰᠤ ᠴᠣᠪᠣᠷᠠᠵᠣ ᠪᠠᠢ᠌ᠨ᠎ᠠ᠃ ᠣᠴᠢᠷ ᠨᠢ ᠦᠬᠡᠳᠡᠢ ᠶᠢᠨ ᠬᠦᠵᠦᠬᠥᠤ ᠰᠣᠮᠣᠨ ᠳᠤ ᠰᠢᠷᠬᠠᠳᠣᠭᠰᠠᠨ ᠲᠣᠯᠠ ᠪᠤᠷᠤᠬᠤᠯ᠂ ᠲᠡᠬᠥᠨ ᠤ ᠠᠰᠬᠠᠷᠠᠭᠰᠠᠨ ᠴᠢᠰᠤ ᠶᠢ ᠠᠮᠨ ᠪᠠᠷ ᠰᠢᠮᠠᠵᠣ᠂ ᠵᠠᠩᠬᠢᠷᠣᠭᠰᠠᠨ ᠨᠦᠵᠢ ᠶᠢ ᠵᠠᠪᠠᠵᠢ ᠪᠠᠷ ᠴᠣᠪᠣᠷᠠᠭᠣᠯᠵᠣ ᠢᠷᠠᠪᠠ᠃ ᠴᠢᠩᠬᠢᠰ ᠬᠠᠭᠠᠨ ᠦᠵᠡᠬᠡᠥᠨ ᠨᠢᠳᠣᠨ ᠡᠴᠡ ᠨᠢᠯᠪᠣᠰᠣ ᠴᠣᠪᠣᠷᠠᠭᠣᠯᠵᠣ ᠰᠠᠳᠬᠢᠯ ᠶᠢᠠᠨ ᠵᠤᠪᠠᠵᠣ᠂ ᠲᠠᠷᠣᠢ ᠭᠠᠯ ᠲᠥᠯᠠᠬᠥᠯᠦᠬᠡᠥᠨ ᠰᠢᠷᠬ᠎ᠠ ᠵᠢ ᠬᠠᠭᠠᠷᠢᠵᠣ᠂ ᠦᠬᠡᠳᠡᠢ ᠳᠤ ᠣᠮᠳᠠ ᠦᠭᠴᠦ ᠣᠣᠭᠣᠯᠭᠠᠭᠠᠳ᠂ ᠲᠠᠢ᠌ᠰᠣᠨ ᠢᠷᠠᠪᠠᠯ ᠪᠠᠢ᠌ᠯᠳᠣᠶ᠎ᠠ ᠬᠡᠵᠦ ᠬᠦᠯᠢᠶᠡᠵᠦ ᠪᠠᠢ᠌ᠪᠠ᠃ ᠪᠤᠷᠤᠬᠤᠯ ᠦᠬᠥᠯᠡᠷᠥᠨ᠄ 《ᠮᠠᠭᠣ ᠦᠨᠳᠥᠷ ᠤᠨ ᠦᠪᠥᠷ ᠶᠢᠠᠷ ᠣᠯᠠᠭᠠᠨ ᠪᠣᠷᠭᠠᠳ ᠤᠨ ᠵᠦᠭ᠌ ᠴᠠᠰᠢ ᠲᠠᠢ᠌ᠰᠣᠨ ᠤ ᠲᠣᠭᠣᠰᠣ ᠰᠣᠭᠣᠨᠠᠭᠯᠠᠵᠣ ᠲᠠᠯᠳᠠ ᠣᠷᠣᠪᠠ》 ᠬᠡᠪᠡᠯ ᠪᠤᠷᠤᠬᠤᠯ ᠤᠨ ᠲᠠᠷᠠ ᠦᠬᠡ ᠶᠢ ᠰᠣᠨᠣᠰᠣᠭᠠᠳ᠄ 《ᠲ᠋ᠠᠢ᠌ᠰᠣᠨ ᠬᠡᠷᠪᠡ ᠬᠠᠯᠳᠠᠵᠣ ᠢᠷᠠᠪᠠᠯ ᠪᠢᠳᠠ ᠬᠠᠳᠬᠣᠯᠳᠣᠨ ᠪᠠᠢ᠌ᠯᠳᠣᠬᠣ ᠪᠢᠯᠠ᠃ ᠲᠠᠢ᠌ᠰᠣᠨ ᠲᠡᠢ᠌ᠠᠬᠥ ᠲᠣᠳᠠᠭᠠᠭᠰᠠᠨ ᠪᠣᠯ ᠪᠢᠳᠠ ᠴᠡᠷᠢᠭ᠌ ᠶᠢᠠᠨ ᠵᠠᠰᠠᠵᠠᠭᠠᠵᠣ ᠨᠡᠬᠡᠢ᠎ᠡ》 ᠬᠡᠵᠦ ᠬᠦᠳᠡᠯᠪᠡ᠃ ᠲᠠᠠᠳᠠ ᠡᠴᠠ ᠬᠦᠳᠡᠯᠵᠦ ᠣᠯᠬᠣᠢ ᠰᠢᠯᠦᠬᠡᠯᠵᠢᠥᠨ [ᠬᠡᠳᠡᠭ ᠭᠣᠣᠯ ᠢ] ᠴᠢᠭ᠍ᠯᠠᠨ ᠶᠠᠪᠣᠵᠣ ᠲᠠᠯᠠᠨ ᠨᠥᠮᠥᠷᠬᠡᠰ ᠬᠦᠷᠪᠡ᠃

174᠂ ᠲᠠᠠᠳᠠ ᠬᠤᠢ᠌ᠨ᠎ᠠ ᠡᠴᠡ ᠬᠠᠳᠠᠭᠠᠨ ᠲᠠᠯᠳᠣᠷᠬᠠᠨ ᠡᠮ᠎ᠠ ᠬᠦᠪᠡᠭᠦᠳ ᠡᠴᠡ ᠰᠠᠯᠵᠣ ᠬᠠᠭᠠᠰ ᠪᠣᠯᠵᠣ ᠢᠷᠠᠪᠠ᠃ ᠬᠠᠳᠠᠭᠠᠨ ᠲᠠᠯᠳᠣᠷᠬᠠᠨ ᠢᠷᠡᠬᠡᠥᠨ ᠸᠠᠩ ᠬᠠᠨ ᠤ ᠦᠬᠡ ᠬᠡᠵᠦ ᠦᠬᠥᠯᠡᠷᠥᠨ᠄ 《ᠸᠠᠩ ᠬᠠᠨ᠂ ᠬᠦᠪᠡᠬᠥᠨ ᠰᠠᠩᠬᠥᠮ ᠢ ᠡᠩᠬᠡᠰᠬᠡ ᠬᠠᠴᠠᠷ ᠶᠢᠠᠨ ᠰᠣᠮᠣᠨ ᠳᠤ ᠰᠢᠷᠬᠠᠳᠣᠵᠣ ᠣᠨᠠᠬᠣ ᠳᠤ ᠲᠡᠬᠡᠷ᠎ᠡ ᠨᠢ ᠢᠷᠠᠵᠣ ᠬᠡᠯᠡᠭ᠍ᠰᠡᠨ ᠨᠢ᠄ 〈ᠬᠦᠠᠳᠡᠯᠡᠨ ᠤ ᠬᠦᠮᠥᠨ ᠢ ᠬᠦᠨᠦᠬᠡᠬᠥ ᠬᠡᠥᠨ ᠬᠦᠬᠡᠷᠥᠬᠥᠢ ᠪᠠᠶ᠎ᠠ ᠪᠠᠨ ᠬᠦᠰᠡᠷᠲᠦᠬᠥᠯᠪᠡ ᠴᠢ ᠬᠠᠵᠠᠭᠣ ᠶᠢᠨ ᠬᠦᠮᠥᠨ ᠢ ᠬᠠᠯᠳᠠᠬᠣ ᠬᠡᠥᠨ ᠬᠠᠴᠠᠷ ᠡᠩᠬᠡᠰᠬᠡ ᠪᠠᠨ ᠬᠠᠳᠬᠣᠭᠣᠯᠪᠠ ᠴᠢ ᠬᠠᠢ᠌ᠷᠠᠳᠣ ᠬᠦᠪᠡᠬᠥᠨ  ᠤ ᠬᠠᠳᠬᠣᠭᠳᠠᠭᠰᠠᠨ ᠤ ᠲᠥᠯᠣᠬᠡ ᠬᠠᠷᠢ ᠲᠠᠢ᠌ᠰᠣᠨ ᠢ ᠬᠠᠯᠳᠠᠨ ᠲᠣᠪᠳᠣᠯᠣᠶ᠎ᠠ〉 ᠬᠡᠪᠡᠯ᠂ ᠠᠴᠢᠭ ᠰᠢᠷᠣᠨ ᠦᠬᠥᠯᠡᠷᠥᠨ᠄ 〈ᠡᠵᠠᠨ ᠬᠠᠨ ᠮᠢᠨᠢ ᠡᠷᠬᠡᠪᠰᠢ ᠪᠣᠯᠭᠣᠮᠵᠢᠯᠠᠵᠣ ᠠᠢ᠌ᠯᠠᠳ [ᠡᠵᠠᠨ ᠬᠠᠨ ᠲᠡᠷᠢᠬᠥᠯᠡᠨ ᠡᠩ ᠤᠨ ᠬᠠᠷᠠᠴᠣ ᠪᠦᠬᠥᠳᠡᠬᠡᠷ] ᠡᠰᠠ ᠵᠠᠶᠠᠭᠠᠭᠰᠠᠨ ᠬᠦᠪᠡᠬᠥᠨ ᠤ ᠡᠷᠢᠯ ᠮᠥᠷᠣᠬᠡᠳᠥᠯ ᠪᠣᠯᠵᠣ ᠡᠯᠳᠠᠪ ᠠᠷᠭ᠎ᠠ ᠬᠢᠯᠭᠠᠵᠣ ᠡᠪᠠᠢ ᠪᠠᠪᠠᠢ ᠬᠡᠮᠡᠨ ᠵᠠᠯᠪᠠᠷᠢᠵᠣ ᠪᠦᠯᠦᠬᠡ ᠡᠨᠠ ᠵᠠᠯᠪᠠᠷᠢᠯ ᠪᠦᠲᠦᠵᠦ ᠡᠬᠡ ᠡᠴᠡ ᠲᠥᠷᠥᠨ ᠵᠠᠶᠠᠭᠠᠭᠰᠠᠨ ᠡᠷᠬᠢᠮ ᠬᠦᠪᠡᠬᠥᠨ ᠰᠠᠩᠬᠥᠮ ᠢ ᠡᠩᠬᠥᠷᠡᠢ᠌ᠯᠡᠨ ᠠᠰᠠᠷᠠᠵᠣ ᠰᠣᠪᠢᠯᠠᠶ᠎ᠠ ᠮᠣᠩᠭ᠋ᠣᠯ ᠤᠨ (ᠮᠤᠩ ᠭᠤᠤᠯ ) ᠣᠯᠠᠩᠬᠢ ᠵᠠᠮᠣᠬ᠎ᠠ᠂ ᠠᠯᠳᠠᠨ᠂ ᠬᠣᠴᠠᠷ ᠨᠡᠷ ᠢ ᠲᠠᠭᠠᠵᠣ ᠪᠢᠳᠠᠨ ᠤ ᠡ᠊ᠠᠳᠠ ᠪᠣᠢ᠃ ᠲᠠᠮᠣᠵᠢᠨ ᠢ ᠲᠠᠭᠠᠵᠣ ᠭᠠᠷᠣᠭᠰᠠᠨ ᠮᠣᠩᠭ᠋ᠣᠯᠴᠣᠳ ᠬᠠᠮᠢᠭ᠎ᠠ ᠬᠣᠯᠠᠳᠬᠣ ᠪᠣᠢ︖ ᠮᠣᠷᠢᠨ ᠣᠨᠣᠭᠠᠳᠠᠨ ᠮᠤᠳᠤᠨ ᠨᠦᠮᠦᠷᠢᠳᠡᠨ ᠪᠤᠯᠪᠠ ᠳᠡᠳᠡ (ᠬᠦᠮᠦᠨ ᠪᠦᠷᠢ ᠳᠦᠩᠭᠡᠵᠢ ᠭᠠᠭᠴᠠ ᠮᠤᠷᠢ ᠳᠠᠢ ᠪᠦᠭᠡᠳ ᠭᠡᠷ ᠦᠭᠡᠢ ᠤᠴᠢᠷ ᠡᠴᠡ ᠮᠤᠳᠤᠨ ᠤ ᠨᠦᠮᠦᠷᠢ ᠳᠤ ᠬᠤᠷᠭᠤᠳᠠᠵᠤ ᠪᠠᠢ᠌ᠭ᠎ᠠ) ᠲᠠᠳᠠᠨ ᠢ ᠲᠠᠭᠠᠵᠣ ᠡᠰᠠ ᠢᠷᠡᠪᠡᠯ ᠪᠢᠳᠠ ᠣᠴᠢᠵᠣ᠂ ᠮᠣᠷᠢᠨ ᠤ ᠬᠣᠮᠣᠣᠯ ᠮᠠᠳᠣ ᠬᠣᠷᠮᠣᠢ᠌ᠯᠠᠵᠣ ᠠᠪᠴᠣ ᠢᠷᠠᠶ᠎ᠠ〉 ᠬᠡᠪᠡ᠃ ᠠᠴᠢᠭ ᠰᠢᠷᠣᠨ ᠤ ᠡᠨᠠ ᠦᠬᠡᠨ ᠳᠤ ᠸᠠᠩ ᠬᠠᠨ ᠦᠬᠥᠯᠡᠷᠥᠨ᠄ 〈ᠵᠠ᠂ ᠲᠠᠢ᠌ᠮᠣ ᠪᠣᠯ ᠬᠦᠪᠡᠬᠥᠨ ᠡ᠊ᠨᠳᠡᠬᠥ ᠪᠣᠯᠭᠣᠵᠠᠢ᠃ ᠬᠦᠪᠡᠬᠥᠨ ᠢ ᠠᠰᠠᠷᠠᠨ ᠰᠣᠪᠢᠯᠠ〉 ᠬᠡᠥᠨ ᠪᠠᠢ᠌ᠯᠳᠣᠭᠠᠨ ᠤ ᠭᠠᠵᠠᠷ ᠡᠴᠡ ᠪᠣᠴᠠᠵᠣ ᠬᠠᠷᠢᠪᠠ》 ᠬᠡᠪᠡ᠃

175᠂ ᠴᠢᠩᠬᠢᠰ ᠬᠠᠭᠠᠨ᠂ ᠲᠡᠷᠠᠬᠥ ᠲᠠᠯᠠᠨ ᠨᠥᠮᠥᠷᠬᠡᠰ ᠡᠴᠡ ᠬᠠᠯᠬ᠎ᠠ [ᠭᠣᠣᠯ] ᠣᠷᠣᠭᠣ ᠬᠦᠳᠡᠯᠵᠦ ᠶᠠᠪᠣᠬᠣ ᠵᠠᠭᠣᠷ᠎ᠠ ᠴᠡᠷᠢᠭ᠌ ᠶᠢᠠᠨ ᠪᠦᠷᠢᠳᠬᠡᠵᠦ ᠦᠵᠡᠪᠡᠯ᠂ ᠬᠣᠶᠠᠷ ᠮᠢᠩᠭ᠋ᠠᠨ ᠵᠢᠷᠭᠣᠭᠠᠨ ᠵᠠᠭᠣᠨ ᠬᠦᠮᠥᠨ ᠪᠠᠢ᠌ᠨ᠎ᠠ᠃ ᠡᠬᠥᠨ ᠡᠴᠡ ᠨᠢᠬᠡᠨ ᠮᠢᠩᠭ᠋ᠠᠨ ᠭᠣᠷᠪᠠᠨ ᠵᠠᠭᠣᠨ ᠬᠦᠮᠥᠨ ᠢ ᠴᠢᠩᠬᠢᠰ ᠬᠠᠭᠠᠨ ᠠᠪᠴᠣ ᠬᠠᠯᠬ᠎ᠠ ᠭᠣᠣᠯ ᠤᠨ ᠦᠷᠣᠨᠡᠲᠦ ᠡᠳᠡᠬᠡᠥᠨ ᠶᠢᠠᠷ ᠨᠡᠬᠥᠪᠡ᠃ ᠨᠦᠬᠥᠬᠡ ᠨᠢᠬᠡᠨ ᠮᠢᠩᠭ᠋ᠠᠨ ᠭᠣᠷᠪᠠᠨ ᠵᠠᠭᠤᠨ ᠴᠡᠷᠢᠭ᠌᠂ ᠣᠷᠣᠭᠣᠳ ᠮᠠᠩᠭ᠋ᠣᠳ ᠤᠨ ᠬᠠᠮᠳᠣ ᠬᠠᠯᠬ᠎ᠠ ᠭᠣᠣᠯ ᠤᠨ ᠲᠣᠷᠣᠨᠠᠳᠣ ᠡᠳᠡᠬᠡᠥᠨ ᠶᠢᠠᠷ ᠨᠡᠬᠥᠪᠡ᠃ ᠲᠡᠬᠡᠵᠦ ᠨᠡᠬᠥᠵᠦ ᠶᠠᠪᠣᠬᠣ ᠵᠠᠮ ᠳᠠᠭᠠᠨ ᠬᠦᠨᠡᠰᠤ ᠣᠯᠬᠣ ᠶᠢᠨ ᠲᠣᠯᠠ ᠠᠪᠠ ᠬᠢᠬᠥ ᠳᠤ ᠬᠤᠢ᠌ᠯᠳᠠᠷ ᠰᠢᠷᠬ᠎ᠠ ᠪᠠᠨ ᠡᠳᠡᠭᠡᠭᠡ ᠦᠭᠡᠶ ᠪᠠᠢ᠌ᠳᠠᠯ᠎ᠠ᠂ ᠴᠢᠩᠬᠢᠰ ᠬᠠᠭᠠᠨ ᠤ ᠢᠳᠬᠠᠭᠰᠠᠨ ᠦᠬᠡ ᠶᠢ ᠦᠯᠤ ᠰᠣᠨᠣᠰᠣᠨ᠂ ᠬᠦᠷᠥᠬᠡᠰᠥᠨ ᠳᠤ ᠲᠣᠪᠳᠣᠯᠵᠣ ᠶᠠᠪᠣᠭᠠᠳ ᠰᠢᠷᠬ᠎ᠠ ᠦᠭᠳᠡᠷᠴᠦ ᠨᠠᠰᠣᠨ ᠡᠴᠠ ᠨᠥᠭ᠍ᠴᠢᠪᠡ᠃ ᠲᠡᠬᠥᠨ ᠤ ᠶᠠᠰᠣ ᠶᠢ ᠬᠠᠯᠬ᠎ᠠ ᠭᠣᠣᠯ ᠤᠨ ᠣᠷᠣ ᠨᠣᠭᠣ ᠶᠢᠨ ᠬᠡᠯᠳᠡᠬᠡᠢ ᠬᠠᠳᠠ ᠬᠡᠳᠡᠭ ᠭᠠᠵᠠᠷ ᠣᠷᠣᠰᠢᠭᠣᠯᠪᠠ᠃

176᠂ ᠬᠠᠯᠬ᠎ᠠ ᠭᠣᠣᠯ ᠤᠨ ᠪᠣᠶ᠋‍ᠢᠷ ᠨᠠᠭᠣᠷ ᠲᠤ ᠴᠢᠳᠬᠣᠬᠣ ᠠᠭᠣᠯᠵᠠᠷ ᠤᠨ ᠭᠠᠵᠠᠷ ᠲᠤ ᠲᠡᠷᠬᠡᠨ ᠡᠮᠠᠬᠡᠯ ᠲᠡᠶ [ᠣᠷᠤ ᠮᠠᠯ ᠲᠡᠶ] ᠲᠠᠨᠣᠮᠠᠯ ᠬᠣᠩᠬᠢᠷᠠᠳ ᠨᠣᠳᠣᠭᠯᠠᠵᠣ ᠪᠠᠢ᠌ᠭ᠎ᠠ ᠬᠡᠵᠦ ᠰᠣᠨᠣᠰᠴᠣ᠂ ᠴᠢᠩᠬᠢᠰ ᠬᠠᠭᠠᠨ ᠦᠬᠥᠯᠡᠷᠥᠨ᠄ 《ᠡᠳᠠᠨ ᠤ ᠬᠣᠩᠬᠢᠷᠠᠳ ᠡᠷᠳᠠᠨ ᠡᠴᠡ ᠡᠬᠢᠯᠠᠨ᠂ ᠣᠳᠣ ᠬᠦᠷᠳᠡᠯ᠎ᠡ ᠵᠢᠬᠡ ᠶᠢᠨ ᠵᠢᠰᠣ ᠪᠠᠷ᠂ ᠦᠬᠢᠨ ᠤ ᠥᠩᠬᠡ ᠪᠠᠷ ᠶᠠᠪᠣᠨ᠎ᠠ ᠬᠡᠵᠦ ᠲᠠᠳᠠᠨ ᠤ ᠲᠠᠭᠣᠯᠢᠯᠢᠯ  ᠢ ᠲᠣᠷᠠᠳᠣᠨ ᠰᠠᠨᠠᠭᠣᠯᠪᠠᠯ ᠲᠣᠷᠠᠳᠠᠢ᠌ᠶ᠎ᠠ ᠡᠯᠰᠠᠨ ᠲᠠᠭᠠᠬᠣ ᠪᠢᠵᠠ᠂ ᠬᠡᠷᠪᠡ ᠡᠰᠡᠷᠬᠥᠴᠡᠪᠡᠯ ᠪᠠᠢ᠌ᠯᠳᠣᠵᠣ ᠡᠵᠡᠯᠡᠭ᠍ᠳᠥᠨ》 ᠬᠡᠵᠦ ᠵᠦᠷᠴᠢᠳᠡᠢ ᠪᠠᠷ ᠲᠣᠯᠣᠭᠠᠢ᠌ᠯᠠᠭᠣᠯᠣᠨ ᠣᠷᠣᠭᠣᠳ ᠢᠷᠬᠡᠨ ᠢ ᠢᠯᠡᠬᠡᠪᠡᠯ᠂ ᠬᠣᠩᠬᠢᠷᠠᠳ ᠨᠡᠷ ᠲᠡᠬᠥᠨ ᠳᠤ ᠡᠯᠰᠠᠨ ᠣᠷᠣᠵᠠᠢ᠃ ᠡᠯᠰᠠᠨ ᠣᠷᠣᠭᠰᠠᠨ ᠬᠣᠩᠬᠢᠷᠠᠳ ᠨᠡᠷ ᠢ ᠴᠢᠩᠬᠢᠰ ᠬᠠᠭᠠᠨ ᠣᠭᠳᠣ ᠬᠦᠠᠳᠡᠭ᠍ᠰᠡᠨ ᠦᠭᠡᠶ᠃

177᠂ ᠴᠢᠩᠬᠢᠰ ᠬᠠᠭᠠᠨ᠂ ᠬᠣᠩᠬᠢᠷᠠᠳ ᠢ ᠣᠷᠣᠭᠣᠯᠣᠭᠠᠳ ᠲᠠᠠᠳᠠ ᠡᠴᠡ ᠨᠡᠬᠥᠵᠦ ᠲᠦᠩᠬᠡᠯᠢᠭ᠌ ᠭᠣᠷᠣᠬ᠎ᠠ ᠶᠢᠨ ᠵᠠᠬᠥᠨ ᠡᠳᠡᠬᠡᠥᠨ ᠲ᠋ᠤ ᠬᠦᠷᠴᠦ ᠪᠠᠭᠣᠭᠠᠳ ᠠᠷᠬᠠᠢ ᠬᠠᠰᠠᠷ᠂ ᠰᠦᠬᠡᠬᠡᠢ ᠵᠠᠬᠥᠨ ᠬᠣᠶᠠᠷ ᠢ ᠡᠯᠴᠢ ᠪᠣᠯᠭᠠᠨ ᠲᠣᠮᠢᠯᠠᠵᠣ [ᠸᠠᠩ ᠬᠠᠨ ᠳᠤ] ᠬᠡᠯᠡᠬᠥᠯᠥᠭᠰᠡᠨ ᠨᠢ᠄ ᠪᠢᠳᠠ ᠲᠦᠩᠬᠡᠯᠢᠭ᠌ ᠭᠣᠷᠣᠬ᠎ᠠ ᠶᠢᠨ ᠵᠠᠬᠥᠨ ᠡᠳᠡᠬᠡᠥᠨ ᠲᠤ ᠪᠠᠭᠣᠪᠠ᠃ ᠡ᠊ᠠᠳᠠ ᠡᠪᠠᠰᠣ ᠰᠠᠢ᠌ᠨ ᠣᠷᠭᠣᠵᠠᠢ᠃ ᠠᠭᠳᠠ ᠮᠣᠷᠢᠳ ᠮᠢᠨᠢ ᠲᠠᠮᠢᠷᠵᠢᠵᠣ ᠪᠠᠢ᠌ᠨ᠎ᠠ᠂ ᠬᠠᠨ ᠡᠴᠢᠬᠡ ᠳᠤ ᠮᠢᠨᠢ ᠢᠩᠬᠢᠵᠣ ᠦᠬᠥᠯᠡᠲᠦᠬᠡᠢ᠄ 《ᠬᠠᠨ ᠡᠴᠢᠬᠡ ᠮᠢᠨᠢ ᠶᠠᠭᠣᠨ ᠳᠤ ᠬᠢᠯᠢᠩᠨᠠᠵᠣ᠂ ᠨᠠᠮᠢ᠋ᠢ ᠶᠠᠭᠣᠨ ᠳᠤ ᠠᠶᠣᠯᠭᠠᠪᠠ︖ ᠮᠠᠭᠣ ᠬᠦᠪᠡᠭᠦᠳ᠂ ᠮᠠᠭᠣ ᠪᠠᠷᠢᠶᠠᠳ ᠪᠢᠳᠠᠨ ᠢ ᠠᠮᠣᠷ ᠣᠠᠳᠠᠭᠣᠯᠬᠣ ᠦᠭᠡᠶ ᠶᠠᠭᠣᠨ ᠳᠤ ᠠᠶᠣᠯᠭᠠᠵᠣ ᠪᠠᠢ᠌ᠨ᠎ᠠ︖ ᠰᠠᠠᠳᠠᠢ᠌ᠯᠠᠵᠣ ᠰᠠᠭᠣᠬᠣ ᠣᠷᠣ ᠶᠢ ᠮᠢᠨᠢ ᠰᠠᠯᠪᠠᠭᠠᠨᠠᠭᠣᠯᠣᠨ ᠲᠥᠯᠬᠢᠵᠦ ᠰᠠᠪᠰᠠᠨ ᠭᠠᠷᠬᠤ ᠤᠳᠤᠭ᠎ᠠ ᠶᠢ ᠮᠢᠨᠢ ᠰᠠᠴᠤᠷᠠᠭᠤᠯᠤᠨ ᠬᠡᠢ᠌ᠰᠬᠡᠵᠦ ᠰᠠᠨᠠᠮᠰᠠᠷ ᠦᠭᠡᠶ ᠮᠠᠭᠣ ᠬᠦᠪᠡᠬᠥᠨ ᠶᠢᠠᠨ ᠶᠠᠭᠣᠨ ᠳᠤ ᠰᠠᠠᠳᠤᠷᠤᠭᠤᠯᠤᠨ ᠬᠦᠨᠦᠬᠡᠪᠡ᠂ ᠴᠢ︖ ᠬᠠᠨ ᠡᠴᠢᠬᠡ ᠮᠢᠨᠢ ᠴᠢ ᠬᠠᠵᠠᠭᠣ ᠶᠢᠨ ᠬᠣᠪᠴᠢ ᠬᠦᠮᠥᠨ ᠤ ᠬᠠᠯᠠ ᠲᠡᠶ ᠮᠠᠭᠣ ᠦᠬᠡᠨ ᠳᠤ ᠬᠠᠳᠬᠣᠭᠳᠠᠨ ᠶᠠᠭᠣᠨ ᠳᠤ ᠣᠷᠣᠪᠠ︖ ᠬᠦᠪᠡᠬᠥᠨ ᠮᠢᠨᠣ ᠲᠣᠬᠠᠢ ᠬᠦᠠᠳᠡᠯᠡᠨ ᠤ ᠮᠠᠭᠣ ᠬᠦᠮᠥᠨ ᠬᠦᠪᠰᠥᠷᠬᠡᠨ ᠦᠬᠡ ᠶᠢ ᠬᠡᠯᠡᠵᠦ ᠬᠦᠨᠦᠬᠡᠨ ᠰᠠᠯᠭᠠᠵᠣ ᠪᠠᠢ᠌ᠨ᠎ᠠ ᠬᠠᠨ ᠡᠴᠢᠬᠡ ᠮᠢᠨᠢ᠂ ᠪᠢᠳᠠ ᠬᠣᠶᠠᠷ ᠶᠠᠭᠣ ᠬᠡᠵᠦ ᠬᠡᠯᠡᠯᠴᠡᠭ᠍ᠰᠡᠨ ᠪᠢᠯᠠ︖ ᠵᠤᠷᠭᠠᠯ ᠬᠣᠨᠢᠨ ᠤ ᠣᠯᠠᠭᠠᠨ ᠪᠣᠯᠳᠣᠭ ᠬᠡᠳᠡᠭ ᠭᠠᠵᠠᠷ ᠪᠢᠳᠠ ᠬᠣᠶᠠᠷ ᠶᠠᠭᠣ ᠬᠡᠵᠦ ᠬᠡᠯᠡᠯᠴᠡᠭ᠍ᠰᠡᠨ ᠪᠢᠯᠠ︖ ᠬᠣᠣᠷᠠᠳᠣ ᠮᠣᠭᠠᠢ ᠶᠢᠨ ᠬᠡᠯᠡ ᠬᠣᠭᠣᠷᠣᠠᠳᠣ ᠮᠢᠨᠢ ᠬᠠᠳᠬᠣᠵᠣ ᠬᠣᠪ ᠵᠢᠪ ᠣᠷᠣᠭᠣᠯᠪᠠᠯ ᠬᠣᠯᠠᠳᠠᠵᠣ ᠰᠠᠯᠣᠯ ᠦᠭᠡᠶ᠂ ᠬᠠᠷᠢᠨ ᠬᠣᠶᠠᠷ ᠨᠢᠭᠣᠷ ᠶᠢᠠᠷ ᠣᠴᠠᠷᠠᠵᠣ ᠬᠣᠣᠷ ᠬᠦᠨᠦᠬᠡᠯ ᠢ ᠲᠠᠰᠣᠯᠵᠣ ᠪᠠᠢ᠌ᠶ᠎ᠠ ᠬᠡᠵᠦ ᠬᠡᠯᠡᠯᠴᠡᠭ᠍ᠰᠡᠨ ᠦᠭᠡᠶ ᠪᠢᠯᠢᠤ︖ ᠣᠳᠣ ᠬᠠᠨ ᠡᠴᠢᠬᠡ ᠮᠢᠨᠢ ᠴᠢ ᠬᠣᠶᠠᠷ ᠨᠢᠭᠣᠷ ᠶᠢᠠᠷ ᠠᠭᠣᠯᠵᠠᠵᠣ ᠬᠡᠯᠡᠯᠴᠡᠯ ᠦᠭᠡᠶ ᠶᠠᠭᠣᠨ ᠳᠤ ᠬᠦᠨᠦᠬᠡᠵᠦ ᠡᠬᠢᠯᠠᠪᠠ︖ ᠠᠷᠠᠭᠠᠳᠣ ᠮᠣᠭᠠᠢ ᠶᠢᠨ ᠰᠢᠳᠣ ᠠᠮᠠᠷᠠᠭ ᠤᠨ ᠬᠣᠭᠣᠷᠣᠠᠳᠣ ᠣᠷᠣᠵᠣ ᠡᠶ᠎ᠠ ᠡᠪ ᠢ ᠡᠪᠳᠠᠪᠠᠯ ᠠᠮᠨ ᠬᠡᠯᠡ ᠪᠠᠷ ᠠᠭᠣᠯᠵᠠᠨ ᠶᠠᠷᠢᠵᠣ ᠠᠯᠢᠪᠠ ᠣᠴᠢᠷ ᠢ ᠣᠯᠵᠣ ᠪᠠᠢ᠌ᠶ᠎ᠠ ᠬᠡᠵᠦ ᠬᠡᠯᠡᠯᠴᠡᠭ᠍ᠰᠡᠨ ᠦᠭᠡᠶ ᠪᠢᠯᠢᠤ︖ ᠣᠳᠣ ᠬᠠᠨ ᠡᠴᠢᠬᠡ ᠮᠢᠨᠢ᠂ ᠴᠢ ᠠᠮᠨ ᠬᠡᠯᠡ ᠪᠠᠷ ᠠᠭᠣᠯᠵᠠᠨ ᠶᠠᠷᠢᠯ ᠦᠭᠡᠶ᠂ ᠠᠩᠬᠢᠵᠢᠷᠠᠨ ᠶᠠᠭᠣᠨ ᠳᠤ ᠰᠠᠯᠪᠠ︖ ᠬᠠᠨ ᠡᠴᠢᠬᠡ ᠮᠢᠨᠢ︕ ᠪᠢ ᠴᠦᠬᠡᠨ ᠪᠣᠯᠪᠠᠴᠣ ᠣᠯᠠᠨ ᠡᠴᠡ ᠲᠣᠳᠠᠬᠣ ᠦᠭᠡᠶ᠂ ᠮᠠᠭᠣ ᠪᠣᠯᠪᠠᠴᠣ ᠰᠠᠢ᠌ᠨ ᠡᠴᠡ ᠲᠣᠣᠷᠠᠳᠠᠬᠣ ᠦᠬᠡᠢ [ᠴᠢᠮᠠᠳᠣ ᠨᠦᠬᠥᠷ ᠰᠢᠭ᠌ ᠲᠥᠰᠢᠭ᠌ ᠪᠣᠯᠵᠣ ᠪᠠᠢ᠌ᠭᠰᠠᠨ]᠂ ᠬᠣᠶᠠᠷ ᠠᠷᠠᠯ ᠲᠡᠶ ᠲᠡᠷᠬᠡᠨ ᠤ ᠨᠢᠬᠡᠨ ᠠᠷᠠᠯ ᠬᠣᠭᠣᠷᠠᠪᠠᠯ᠂ ᠦᠬᠡᠷ ᠲᠡᠬᠥᠨ ᠢ ᠴᠢᠷᠴᠣ ᠴᠢᠳᠠᠬᠣ ᠦᠭᠡᠶ᠂ ᠲᠠᠷᠠ ᠮᠠᠳᠣ ᠨᠢᠬᠡᠨ ᠠᠷᠠᠯ ᠴᠢᠨᠢ ᠪᠢ ᠪᠢᠰᠢ ᠪᠢᠯᠢᠤ︖ ᠬᠣᠶᠠᠷ ᠬᠦᠷᠲᠦᠳᠡᠢ ᠲᠡᠷᠬᠡᠨ ᠤ ᠨᠢᠬᠡᠨ ᠬᠦᠷᠲᠦ ᠡᠪᠳᠠᠷᠠᠪᠠᠯ ᠶᠠᠪᠣᠵᠣ ᠴᠢᠳᠠᠬᠣ ᠦᠭᠡᠶ᠃ ᠲᠠᠷᠠ ᠮᠠᠳᠣ ᠨᠢᠬᠡᠨ ᠬᠦᠷᠲᠦ ᠴᠢᠨᠢ ᠪᠢ ᠪᠢᠰᠢ ᠪᠢᠯᠢᠤ︖ ᠡᠷᠳᠠ ᠡᠳᠣᠷ ᠬᠤᠷᠴᠠᠬᠤᠰ ᠪᠣᠢ᠌ᠷᠣᠭ ᠬᠠᠨ ᠡᠴᠢᠬᠡ ᠶᠢᠨ ᠲᠦᠴᠢᠨ ᠬᠦᠪᠡᠬᠥᠨ ᠤ ᠡᠠᠬ᠎ᠠ ᠬᠡᠵᠦ ᠴᠢ ᠬᠠᠨ ᠪᠣᠯᠣᠭᠰᠠᠨ ᠪᠢᠯᠠ᠃ ᠴᠢ ᠬᠠᠨ ᠪᠣᠯᠣᠭᠠᠳ᠂ ᠲᠡᠶ ᠲᠠᠮᠣᠷ ᠲᠠᠢ᠌ᠵᠢ᠂ ᠪᠣᠬ᠎ᠠ ᠲᠠᠮᠣᠷ ᠬᠣᠶᠠᠷ ᠲᠡᠬᠥᠤ ᠪᠠᠨ ᠠᠯᠠᠪᠠ᠃ ᠪᠠᠰᠠ ᠴᠢᠨᠣ ᠲᠡᠬᠥᠤ ᠡᠷᠬᠡ ᠬᠠᠷ᠎ᠠ ᠠᠯᠠᠭᠳᠠᠬᠣ ᠡᠴᠡ ᠠᠶᠣᠵᠣ ᠲᠣᠳᠠᠭᠠᠨ᠂ ᠨᠢ᠋ᠮᠠᠨ ᠤ ᠢᠨᠠᠭᠴᠢ ᠪᠢᠯᠬᠡ ᠬᠠᠨ ᠳᠤ ᠣᠴᠢᠵᠣ ᠠᠮᠢ ᠬᠣᠷᠭᠣᠳᠠᠪᠠ᠂ ᠲᠡᠬᠥᠤ ᠨᠡᠷ ᠶᠢᠠᠨ ᠠᠯᠠᠪᠠ ᠬᠡᠵᠦ ᠬᠦᠷ ᠬᠠᠨ ᠠᠪᠠᠭ᠎ᠠ ᠴᠢᠨᠢ ᠴᠢᠮ᠎ᠠ ᠲ᠋ᠠᠢ ᠪᠠᠢ᠌ᠯᠳᠣᠬᠣ ᠪᠠᠷ ᠢᠷᠡᠬᠥ ᠳᠤ ᠴᠢ ᠵᠠᠭᠣᠨ ᠬᠦᠮᠥᠨ ᠠᠪᠴᠣ ᠠᠷᠠᠢ ᠬᠡᠵᠦ ᠠᠮᠢ ᠭᠠᠷᠴᠣ ᠰᠡᠯᠠᠩᠬᠡ ᠣᠷᠣᠭᠣ ᠲᠣᠳᠠᠭᠠᠵᠣ᠂ ᠬᠠᠷᠠᠭᠣᠨ ᠬᠠᠪᠴᠢᠯ ᠬᠡᠳᠡᠭ ᠭᠠᠵᠠᠷ ᠰᠢᠷᠭᠣᠪᠠ ᠴᠢ᠃ ᠵᠢᠴᠢ ᠮᠠᠷᠭᠢᠳ ᠤᠨ ᠲᠣᠭᠳᠣᠬ᠎ᠠ ᠳᠤ ᠣᠵᠠᠭᠣᠷ ᠦᠵᠢᠨ ᠦᠬᠢᠨ ᠶᠢᠠᠨ ᠪᠢᠯᠳᠠᠣᠴᠢᠯᠠᠨ ᠦᠭᠴᠦ᠂ ᠬᠠᠷᠠᠭᠣᠨ ᠬᠠᠪᠴᠢᠯ ᠡᠴᠡ ᠭᠠᠷᠣᠭᠠᠳ ᠶᠢᠰᠦᠬᠡᠢ ᠬᠠᠨ ᠡᠴᠢᠬᠡ ᠳᠤ ᠮᠢᠨᠢ ᠢᠷᠠᠵᠣ᠄ 〈ᠠᠪᠠᠭ᠎ᠠ ᠬᠦᠷ ᠬᠠᠨ ᠡᠴᠡ ᠣᠯᠣᠰ ᠢ ᠮᠢᠨᠢ ᠠᠪᠣᠷᠠᠵᠣ ᠦᠭ᠌〉 ᠬᠡᠵᠦ ᠭᠣᠶᠣᠭᠰᠠᠨ ᠳᠤ᠂ ᠶᠢᠰᠦᠬᠡᠢ ᠬᠠᠨ ᠡᠴᠢᠬᠡ ᠮᠢᠨᠢ᠂ ᠴᠢᠨᠣ ᠣᠯᠣᠰ ᠢ ᠠᠪᠣᠷᠠᠵᠣ ᠦᠭ᠍‍ᠬᠥ ᠶᠢᠨ ᠳᠤᠯᠠᠳᠠ ᠲᠠᠢ᠌ᠴᠢᠭᠣᠳ ᠤᠨ ᠬᠣᠨᠠᠨ ᠪᠠᠬᠠᠵᠢ ᠬᠣᠶᠠᠷ ᠶᠢᠠᠷ ᠣᠳᠣᠷᠢᠳᠣᠭᠣᠯᠣᠨ ᠴᠡᠷᠢᠭ᠌ ᠵᠠᠰᠠᠨ ᠮᠤᠷᠳᠠᠭᠤᠯᠵᠤ᠂ ᠭᠣᠷᠪᠠᠨ ᠲᠠᠯ ᠬᠡᠳᠡᠭ ᠭᠠᠵᠠᠷ ᠪᠠᠢ᠌ᠭ᠎ᠠ ᠬᠦᠷ ᠬᠠᠨ ᠢ [ᠲᠠᠷᠣᠵᠣ ᠲᠡᠬᠥᠨ ᠢ ᠲᠦᠩᠬᠡᠵᠦ] ᠬᠣᠷᠢ ᠭᠣᠴᠢᠨ ᠬᠦᠮᠥᠨ ᠤ ᠬᠠᠮᠳᠣ ᠬᠠᠰᠢᠨ (ᠲᠠᠩᠭ᠋ᠣᠳ) ᠣᠷᠣᠨ ᠳᠤ ᠲᠣᠳᠠᠭᠠᠯᠭᠠᠵᠣ᠂ ᠴᠢᠨᠣ ᠣᠯᠣᠰ ᠢ ᠠᠪᠴᠢᠷᠠᠵᠣ ᠦᠭ᠍‍ᠬᠥᠭ᠍ᠰᠡᠨ ᠪᠢᠯᠠ᠃ ᠲᠠᠷᠠ ᠴᠠᠭᠳᠣ ᠴᠢ ᠲᠣᠣᠯᠠ ᠭᠣᠣᠯ ᠤᠨ ᠬᠠᠷ᠎ᠠ ᠰᠢᠭᠣᠢ ᠳᠤ ᠶᠢᠰᠦᠬᠡᠢ ᠬᠠᠨ ᠡᠴᠢᠬᠡ ᠲᠡᠶ ᠠᠨᠳᠠ ᠪᠣᠯᠣᠯᠴᠠᠭᠠᠳ ᠸᠠᠩ ᠬᠠᠨ ᠡᠴᠢᠬᠡ ᠴᠢᠨᠣ ᠪᠠᠶᠠᠰᠴᠣ ᠬᠡᠯᠡᠭ᠍ᠰᠡᠨ ᠨᠢ 〈ᠡᠨᠠ ᠬᠦᠷᠬᠡᠭ᠍ᠰᠡᠨ ᠲᠣᠰᠠ ᠵᠢ ᠴᠢᠨᠢ ᠣᠷᠣᠭ ᠤᠨ ᠣᠷᠣᠭ ᠬᠦᠷᠳᠡᠯ᠎ᠡ [ᠮᠠᠷᠳᠠᠬᠣ ᠦᠭᠡᠶ] ᠠᠴᠢ ᠶᠢ ᠬᠠᠷᠢᠭᠣᠯᠬᠣ ᠶᠢ ᠲᠡᠭ᠍ᠷᠢ ᠭᠠᠵᠠᠷ ᠤᠨ ᠢᠪᠡᠬᠡᠯ ᠮᠡᠳᠡᠲᠦᠬᠡᠢ〉 ᠬᠡᠵᠦ ᠪᠢᠰᠢᠷᠠᠵᠣ ᠬᠡᠯᠡᠭ᠍ᠰᠡᠨ ᠪᠢᠰᠢᠤ᠃ ᠲᠡᠬᠥᠨ ᠤ ᠬᠤᠢ᠌ᠨ᠎ᠠ[ᠴᠢᠨᠣ ᠲᠡᠬᠥᠤ] ᠡᠷᠬᠡ ᠬᠠᠷ᠎ᠠ᠂ ᠨᠢ᠋ᠮᠠᠨ ᠤ ᠢᠨᠠᠭᠴᠢ ᠪᠢᠯᠬᠡ ᠬᠠᠭᠠᠨ ᠡᠴᠡ ᠴᠡᠷᠢᠭ᠌ ᠭᠣᠶᠣᠵᠣ ᠠᠪᠣᠭᠠᠳ ᠴᠢᠮ᠎ᠠ ᠲᠡᠶ ᠪᠠᠢ᠌ᠯᠳᠣᠬᠣ ᠪᠠᠷ ᠢᠷᠡᠬᠥ ᠳᠤ ᠴᠢ ᠣᠯᠣᠰ ᠶᠢᠠᠨ ᠣᠷᠬᠢᠵᠣ᠂ ᠴᠦᠬᠡᠨ ᠬᠦᠮᠥᠨ ᠲᠡᠶ ᠠᠮᠢ ᠬᠣᠷᠭᠣᠳᠠᠨ ᠲᠣᠳᠠᠭᠠᠵᠣ᠂ ᠬᠠᠷ᠎ᠠ ᠬᠢᠳᠠᠳ ᠤᠨ ᠬᠦᠷ ᠬᠠᠭᠠᠨ ᠤ ᠰᠠᠷᠳᠠᠭᠣᠯ ᠤᠨ ᠨᠣᠳᠣᠭ ᠴᠦᠢ ᠮᠥᠷᠡᠨ ᠳᠤ ᠪᠠᠢ᠌ᠬᠣ ᠳᠤ ᠬᠦᠷᠴᠦ ᠣᠴᠢᠭᠠᠳ ᠲᠠᠠᠳᠠ ᠨᠢᠬᠡᠨ ᠵᠢᠯ ᠪᠣᠯᠣᠯ ᠦᠭᠡᠶ ᠪᠠᠰᠠ ᠬᠦᠷ ᠬᠠᠭᠠᠨ ᠡᠴᠡ ᠰᠠᠯᠵᠣ᠂ ᠣᠶ᠋‍ᠢᠭᠣᠷ ᠨᠣᠳᠣᠭ ᠪᠠ ᠲᠠᠩᠭ᠋ᠣᠳ ᠭᠠᠵᠠᠷ ᠶᠢᠠᠷ ᠲᠠᠨᠣᠵᠣ᠂ ᠲᠠᠪᠣᠨ ᠢᠮᠠᠭ᠎ᠠ ᠱᠦᠷᠭᠡᠯᠡᠨ ᠰᠠᠭᠠᠵᠣ᠂ ᠲᠡᠮᠠᠬᠡᠨ ᠤ ᠴᠢᠰᠤ ᠬᠠᠨᠣᠵᠣ ᠢᠳᠡᠭ᠍ᠰᠠᠬᠡᠷ ᠭᠠᠭᠴᠠ ᠰᠤᠬᠤᠷ ᠬᠠᠯᠢᠭᠣᠨ ᠮᠣᠷᠢ ᠲ᠋ᠠᠢ ᠬᠦᠷᠴᠦ ᠢᠷᠠᠪᠠ ᠴᠢ᠃ ᠶᠢᠰᠦᠬᠡᠢ ᠬᠠᠨ ᠡᠴᠢᠬᠡ ᠮᠢᠨᠢ᠂ ᠴᠢᠮᠢ᠋ᠢ ᠢᠩᠬᠢᠵᠣ ᠶᠠᠳᠠᠷᠠᠵᠣ ᠶᠠᠪᠣᠭ᠎ᠠ ᠶᠢ ᠰᠣᠨᠣᠰᠴᠣ ᠣᠷᠢᠳᠣ ᠠᠨᠳᠠ ᠪᠣᠯᠣᠯᠴᠠᠭᠰᠠᠨ ᠶᠢᠠᠨ ᠰᠠᠳᠬᠢᠵᠣ᠂ ᠲᠠᠬᠠᠢ ᠰᠦᠬᠡᠬᠡᠢ ᠬᠣᠶᠠᠷ ᠢ ᠡᠯᠴᠢ ᠪᠣᠯᠭᠠᠵᠣ ᠣᠭᠳᠤᠭᠣᠯᠣᠭᠰᠠᠨ ᠪᠠ ᠪᠢ ᠦᠪᠡᠷ ᠶᠢᠠᠨ ᠬᠡᠷᠤᠯᠤᠨ ᠮᠥᠷᠡᠨ ᠢ ᠪᠦᠷᠬᠢ ᠡᠷᠬᠢ ᠡᠴᠡ ᠣᠭᠳᠣᠨ ᠮᠣᠷᠳᠠᠵᠣ᠂ ᠬᠦᠰᠠᠬᠥᠷ ᠨᠠᠭᠣᠷ ᠲᠤ ᠪᠢᠳᠠ ᠵᠤᠯᠭᠠᠯᠳᠣᠪᠠ᠃ ᠴᠢᠮᠢ᠋ᠢ ᠶᠠᠳᠠᠵᠣ ᠢᠷᠠᠪᠠ ᠬᠡᠵᠦ ᠭᠣᠪᠴᠢᠭᠣᠷ ᠲᠠᠳᠠᠵᠣ ᠦᠭ᠍‍ᠬᠥᠭ᠍ᠰᠡᠨ ᠪᠠ ᠣᠷᠢᠳᠣ ᠡᠴᠢᠬᠡ ᠲᠡᠶ ᠮᠢᠨᠢ ᠠᠨᠳᠠ ᠪᠣᠯᠣᠯᠴᠠᠭᠰᠠᠨ ᠶᠣᠰᠣ ᠪᠠᠷ ᠲᠣᠣᠯᠠ ᠭᠣᠣᠯ ᠤᠨ ᠬᠠᠷ᠎ᠠ ᠰᠢᠭᠣᠢ ᠳᠤ ᠪᠢᠳᠠ ᠬᠣᠶᠠᠷ ᠡᠴᠢᠬᠡ ᠬᠦᠪᠡᠬᠥᠨ ᠪᠣᠯᠣᠯᠴᠠᠭᠰᠠᠨ ᠪᠢᠰᠢ ᠪᠢᠯᠢᠤ︖ ᠲᠡᠬᠡᠬᠡᠥᠨ ᠲᠠᠷᠠ ᠡᠪᠣᠯ ᠴᠢᠮᠢ᠋ᠢ ᠪᠢᠳᠠ ᠬᠦᠷᠢᠶᠡᠨ ᠲᠣᠳᠣᠷ᠎ᠠ ᠪᠠᠨ ᠣᠷᠣᠭᠣᠯᠵᠣ ᠲᠡᠵᠢᠬᠡᠪᠡ᠃ ᠲᠠᠷᠠ ᠡᠪᠣᠯ ᠡᠪᠣᠯᠵᠢᠵᠣ ᠵᠤᠨ ᠥᠩᠬᠡᠷᠡᠬᠡᠥᠨ ᠨᠠᠮᠣᠷ ᠨᠢ ᠮᠠᠷᠭᠢᠳ ᠤᠨ ᠲᠣᠭᠳᠣᠬ᠎ᠠ ᠪᠠᠬᠢ ᠶᠢ ᠪᠠᠢ᠌ᠯᠳᠣᠬᠣ ᠪᠠᠷ ᠮᠤᠷᠳᠠᠵᠤ᠂ ᠬᠠᠳᠢᠭᠯᠢᠭ ᠨᠢᠷᠣᠭᠣᠨ ᠤ ᠮᠣᠷᠣᠴᠠ ᠰᠡᠬᠥᠯ ᠬᠡᠳᠡᠭ ᠭᠠᠵᠠᠷ ᠬᠠᠳᠬᠣᠯᠳᠣᠵᠣ᠂ ᠲᠣᠭᠳᠣᠬ᠎ᠠ ᠪᠠᠬᠢ ᠶᠢ ᠪᠠᠷᠭᠣᠵᠢᠨ ᠲᠦᠬᠥᠮ ᠤᠨ ᠵᠦᠭ᠌ ᠬᠦᠬᠡᠬᠡᠵᠦ᠂ ᠮᠠᠷᠭᠢᠳ ᠢᠷᠬᠡᠨ ᠢ ᠡᠵᠠᠯᠠᠨ᠂ ᠠᠳᠣᠭᠣ ᠮᠠᠯ᠂ ᠣᠷᠳᠣ ᠬᠡᠷ ᠪᠠ ᠬᠦᠨᠡᠰᠤ ᠲᠠᠷᠢᠶ᠎ᠠ ᠬᠦᠷᠳᠡᠯ᠎ᠡ ᠴᠦᠮ ᠢ ᠠᠪᠴᠣ ᠡᠨᠠ ᠪᠦᠬᠥᠳᠡ ᠶᠢ ᠪᠢ ᠬᠠᠨ ᠡᠴᠢᠬᠡ ᠴᠢᠮ᠎ᠠ ᠳᠤ ᠦᠭ᠍‍ᠬᠥᠭ᠍ᠰᠡᠨ ᠪᠢᠯᠠ᠃ ᠦᠯᠥᠰᠬᠥ ᠡᠳᠣᠷ ᠴᠢᠨᠢ ᠦᠷᠥᠰᠢᠶᠡᠵᠦ ᠲᠡᠵᠢᠬᠡᠭ᠍ᠰᠡᠨ ᠪᠢ ᠦᠨᠦᠴᠢᠷᠡᠬᠥ ᠰᠠᠷ᠎ᠠ ᠳᠤ ᠴᠢᠨᠢ ᠦᠮᠣᠭ᠍ᠯᠠᠵᠦ ᠲᠡᠳᠬᠥᠭ᠍ᠰᠡᠨ ᠪᠢ ᠪᠠᠰᠠ ᠪᠢᠳᠠ ᠬᠦᠴᠥᠭᠦᠳ ᠤᠨ ᠪᠣᠢ᠌ᠷᠣᠭ ᠬᠠᠨ ᠢ ᠤᠯᠤᠭ ᠳᠠᠭ ᠤᠨ (ᠠᠭᠤᠯᠠ )  ᠰᠤᠬᠤᠭ ᠣᠰᠤ ᠬᠡᠳᠡᠭ ᠭᠠᠵᠠᠷ ᠶᠢᠠᠷ ᠠᠯᠳᠠᠢ ᠶᠢ ᠲᠠᠪᠠᠭᠣᠯᠣᠨ ᠬᠦᠬᠡᠬᠡᠵᠦ᠂ ᠦᠷᠣᠩᠬᠥᠤ ᠭᠣᠣᠯ ᠬᠦᠷᠬᠡᠵᠦ᠂ ᠬᠢᠴᠢᠯᠪᠠᠰᠢ ᠨᠠᠭᠣᠷ ᠲᠤ ᠲᠡᠬᠥᠨ ᠢ ᠪᠠᠷᠢᠵᠣ ᠰᠦᠨᠦᠬᠡᠪᠡ᠃ ᠲᠠᠠᠳᠠ ᠡᠴᠡ ᠬᠠᠷᠢᠵᠣ ᠢᠷᠡᠬᠥ ᠳᠤ ᠨᠢ᠋ᠮᠠᠨ ᠤ ᠬᠥᠭ᠍ᠰᠠᠬᠥᠤ ᠰᠠᠪᠷᠠᠭ ᠪᠠᠭᠠᠳᠣᠷ᠂ ᠪᠠᠢ᠌ᠳᠠᠷᠠᠭ ᠭᠣᠣᠯ ᠤᠨ ᠪᠠᠯᠴᠢᠷ ᠲ᠋ᠤ ᠴᠡᠷᠢᠭ᠌ ᠵᠠᠰᠠᠵᠣ᠂ [ᠪᠠᠢ᠌ᠯᠳᠣᠬᠣ ᠪᠠᠷ ᠲᠣᠰᠴᠣ ᠪᠠᠢ᠌ᠭᠰᠠᠨ ᠠᠵᠠᠢ᠂ ᠪᠢᠳᠠ ᠬᠣᠶᠠᠷ ᠮᠦᠨ ᠪᠠᠢ᠌ᠯᠳᠣᠬᠣ ᠪᠠᠷ ᠴᠡᠷᠢᠭ᠌ ᠶᠢᠠᠨ ᠵᠠᠰᠠᠵᠣ ᠢᠷᠠᠳᠠᠯ᠎ᠠ] ᠨᠢᠬᠡᠠᠳᠡ ᠦᠳᠡᠰᠢ ᠪᠣᠯᠣᠭᠰᠠᠨ ᠲᠣᠯᠠ ᠮᠠᠷᠭᠠᠰᠢ ᠪᠠᠢ᠌ᠯᠳᠣᠶ᠎ᠠ ᠬᠡᠵᠦ ᠵᠠᠰᠠᠵᠠᠭᠠᠵᠣ ᠬᠣᠨᠣᠪᠠᠯ ᠬᠠᠨ ᠡᠴᠢᠬᠡ ᠮᠢᠨᠢ᠂ ᠴᠢ ᠪᠠᠭᠣᠭᠰᠠᠨ ᠭᠠᠵᠠᠷ ᠶᠢᠠᠨ ᠣᠯᠠᠨ ᠭᠠᠯ ᠲᠥᠯᠠᠵᠦ ᠣᠷᠬᠢᠭᠠᠳ ᠮᠦᠨ ᠰᠦᠨᠢ ᠬᠠᠷ᠎ᠠ ᠰᠡᠬᠥᠯ ᠭᠣᠣᠯ ᠢ ᠦᠭᠰᠥᠨ ᠬᠦᠳᠡᠯᠪᠡ᠃ ᠪᠢᠳᠠ ᠮᠠᠷᠭᠠᠰᠢ ᠦᠷᠯᠦᠬᠡ ᠨᠢ ᠦᠵᠡᠪᠡᠯ᠂ ᠴᠢ ᠪᠠᠭᠣᠭᠰᠠᠨ ᠭᠠᠵᠠᠷ ᠶᠢᠠᠨ ᠦᠭᠡᠶ ᠪᠣᠯᠣᠭᠰᠠᠨ ᠲᠣᠯᠠ 〈ᠪᠢᠳᠠᠨ ᠢ ᠡᠨᠠ ᠣᠷᠬᠢᠭᠰᠠᠨ ᠭᠠᠯ ᠮᠠᠳᠣ ᠬᠠᠶᠠᠭᠰᠠᠨ ᠠᠵᠠᠢ〉 ᠬᠡᠵᠦ ᠪᠢᠳᠠ ᠬᠦᠳᠡᠯᠵᠦ᠂ ᠡᠳᠣᠷ ᠠᠯᠳᠠᠢ ᠶᠢᠨ ᠪᠠᠯᠴᠢᠷ ᠶᠢᠠᠷ ᠬᠡᠳᠥᠯᠵᠦ᠂ ᠰᠠᠭᠠᠷᠢ ᠬᠡᠬᠡᠷ᠎ᠡ ᠬᠡᠳᠡᠭ ᠭᠠᠵᠠᠷ ᠣᠴᠢᠵᠣ ᠪᠠᠭᠣᠪᠠ᠃ ᠲᠠᠠᠳᠠ ᠴᠢᠮᠢ᠋ᠢ ᠬᠥᠭ᠍ᠰᠠᠬᠥᠤ ᠰᠠᠪᠷᠠᠭ ᠪᠠᠭᠠᠳᠣᠷ ᠨᠡᠬᠡᠵᠦ ᠣᠴᠢᠭᠠᠳ ᠰᠠᠩᠬᠥᠮ ᠤᠨ ᠡᠮ᠎ᠠ ᠬᠦᠪᠡᠭᠦᠳ ᠪᠠ ᠡᠳ᠋ ᠬᠦᠷᠣᠩᠬᠡ᠂ ᠠᠯᠪᠠᠳᠣ ᠠᠷᠠᠳ ᠢ ᠴᠦᠮ ᠪᠣᠯᠢᠶᠠᠨ ᠠᠪᠴᠣ᠂ ᠬᠠᠨ ᠡᠴᠢᠬᠡ ᠴᠢᠮᠢ᠋ᠢ ᠲᠡᠯᠠᠬᠡᠲᠦ ᠠᠮᠠᠰᠠᠷ ᠬᠡᠳᠡᠭ ᠭᠠᠵᠠᠷ ᠪᠠᠢ᠌ᠬᠣ ᠦᠶ᠎ᠡ ᠳᠤ ᠨᠡᠬᠡᠨ ᠪᠠᠢ᠌ᠯᠳᠣᠵᠣ᠂ ᠵᠠᠷᠢᠮ ᠠᠯᠪᠠᠳᠣ ᠢᠷᠬᠡᠨ ᠪᠠ ᠠᠳᠣᠭᠣ ᠮᠠᠯ ᠢ ᠪᠣᠯᠢᠶᠠᠨ ᠠᠪᠣᠪᠠ᠃ ᠴᠢᠮᠢ᠋ᠢ ᠲᠠᠭᠠᠵᠣ ᠶᠠᠪᠣᠭᠰᠠᠨ ᠮᠠᠷᠭᠢᠳ ᠤᠨ ᠲᠣᠭᠳᠣᠬ᠎ᠠ ᠶᠢᠨ ᠬᠦᠪᠡᠬᠥᠨ ᠬᠣᠳᠣ ᠴᠢᠯᠠᠭᠣᠨ ᠬᠣᠶᠠᠷ᠂ ᠲᠠᠷᠠ ᠵᠠᠪᠰᠢᠶᠠᠨ ᠢ ᠲᠣᠬᠢᠶᠠᠯᠳᠣᠭᠣᠯᠵᠣ᠂ ᠠᠯᠪᠠᠳᠣ ᠢᠷᠬᠡᠨ ᠶᠢᠠᠨ ᠠᠪᠴᠣ ᠡᠴᠢᠬᠡ ᠲᠡᠭᠡᠨ ᠨᠡᠢ᠌ᠯᠡᠬᠥ ᠪᠠᠷ ᠪᠠᠷᠭᠣᠵᠢᠨ ᠲᠦᠬᠥᠮ ᠤᠨ ᠵᠦᠭ᠌ ᠲᠣᠳᠠᠭᠠᠨ ᠬᠦᠳᠡᠯᠪᠡ᠃ ᠲᠠᠷᠠ ᠴᠠᠭ ᠲᠤ ᠴᠢ᠄ 〈ᠨᠢ᠋ᠮᠠᠨ ᠤ ᠬᠥᠭ᠍ᠰᠠᠬᠥᠤ ᠰᠠᠪᠷᠠᠭ ᠲᠤ ᠡᠳ᠋ ᠬᠦᠷᠣᠩᠬᠡ ᠪᠠ ᠠᠯᠪᠠᠳᠣ ᠢᠷᠬᠡᠥᠨ ᠶᠢᠠᠨ ᠪᠣᠯᠢᠶᠠᠭᠳᠠᠪᠠ᠃ ᠬᠦᠪᠡᠬᠥᠨ ᠮᠢᠨᠢ ᠲᠥᠷᠪᠡᠨ ᠬᠦᠯᠥᠭ ᠪᠠᠭᠠᠳᠣᠷ ᠶᠢᠠᠨ ᠶᠠᠪᠣᠭᠣᠯᠵᠣ ᠲᠣᠰᠠᠯᠠᠨ᠎ᠠ ᠦᠦ〉 ᠬᠡᠵᠦ ᠭᠣᠶᠣᠭᠰᠠᠨ ᠳᠤ ᠪᠢ ᠴᠢᠮ᠎ᠠ ᠰᠢᠭ ᠡᠢ᠌ᠮᠣ ᠰᠠᠨᠠᠭ᠎ᠠ ᠠᠭᠣᠯᠣᠯ ᠦᠭᠡᠶ ᠲᠠᠷᠣᠢ ᠪᠣᠭᠣᠷᠴᠣ᠂ ᠮᠣᠬᠣᠯᠠᠢ᠂ ᠪᠤᠷᠤᠬᠤᠯ᠂ ᠴᠢᠯᠠᠭᠣᠨ ᠲᠥᠷᠪᠡᠨ ᠬᠦᠯᠥᠭ ᠪᠠᠭᠠᠳᠣᠷ ᠶᠢᠠᠨ ᠴᠡᠷᠢᠭ᠌ ᠤᠨ ᠬᠠᠮᠳᠣ ᠢᠯᠡᠬᠡᠭ᠍ᠰᠡᠨ ᠪᠢᠯᠠ᠃ ᠮᠢᠨᠣ ᠲᠥᠷᠪᠡᠨ ᠬᠦᠯᠥᠭ ᠪᠠᠭᠠᠳᠣᠷ ᠤᠴᠢᠬᠤ ᠶᠢᠨ ᠣᠷᠢᠳ ᠣᠯᠠᠭᠠᠨ ᠬᠣᠰᠣ ᠬᠡᠳᠡᠭ ᠭᠠᠵᠠᠷ ᠰᠠᠩᠬᠥᠮ ᠪᠠᠢ᠌ᠯᠳᠣᠵᠣ ᠪᠠᠢ᠌ᠭᠠᠳ ᠮᠣᠷᠢᠨ ᠤ ᠪᠠᠨ ᠭᠣᠶ᠎ᠠ ᠶᠢ ᠰᠢᠷᠬᠠᠳᠣᠭᠣᠯᠵᠣ ᠪᠠᠷᠢᠭᠳᠠᠬᠣ ᠳᠤ ᠬᠦᠷᠴᠦ ᠪᠠᠢ᠌ᠳᠠᠯ᠎ᠠ ᠮᠢᠨᠣ ᠲᠥᠷᠪᠡᠨ ᠬᠦᠯᠥᠭ ᠪᠠᠭᠠᠳᠣᠷ ᠬᠦᠷᠥᠯᠴᠡᠨ ᠣᠴᠢᠵᠣ ᠰᠠᠩᠬᠥᠮ ᠢ ᠠᠪᠣᠷᠠᠭᠠᠳ ᠠᠯᠪᠠᠳᠣ ᠬᠦᠷᠣᠩᠬᠡ ᠪᠠ ᠡᠮ᠎ᠠ ᠬᠦᠪᠡᠭᠦᠳ ᠰᠠᠯᠳᠠ ᠶᠢ ᠠᠪᠣᠷᠠᠵᠣ ᠦᠭ᠍ᠪᠡ᠃ ᠲᠠᠷᠠ ᠴᠠᠭ ᠲᠤ ᠬᠠᠨ ᠡᠴᠢᠬᠡ ᠴᠢ ᠪᠢᠰᠢᠷᠠᠵᠣ ᠦᠬᠥᠯᠡᠷᠥᠨ᠄ 〈ᠬᠦᠪᠡᠬᠥᠨ ᠲᠠᠮᠣᠵᠢᠨ ᠲ᠋ᠥᠷᠪᠡᠨ ᠬᠦᠯᠥᠭ ᠪᠠᠭᠠᠳᠣᠷ ᠶᠢᠠᠨ ᠶᠠᠪᠣᠭᠣᠯᠵᠣ᠂ ᠮᠢᠨᠣ ᠠᠯᠳᠠᠭᠳᠠᠨ ᠪᠠᠷᠠᠭᠰᠠᠨ ᠣᠯᠣᠰ ᠢ ᠠᠪᠣᠷᠠᠵᠣ ᠦᠭ᠍‍ᠪᠡ〉 ᠬᠡᠵᠦ ᠬᠡᠯᠡᠭ᠍ᠰᠡᠨ ᠪᠢᠯᠠ᠃ ᠣᠳᠣ ᠬᠠᠨ ᠡᠴᠢᠬᠡ ᠮᠢᠨᠢ᠂ ᠪᠢ ᠶᠠᠮᠠᠷ ᠬᠡᠷᠡᠭ ᠲᠤ ᠪᠣᠷᠣᠭᠣᠳᠠᠵᠣ᠂ ᠴᠢᠨᠣ ᠬᠢᠯᠢᠩ ᠢ ᠬᠦᠷᠬᠡᠪᠡ᠃ ᠢᠩᠬᠢᠵᠣ ᠪᠣᠷᠣᠭᠣᠰᠢᠶᠠᠨ ᠬᠢᠯᠢᠩᠨᠡᠭᠰᠡᠨ ᠣᠴᠢᠷ ᠶᠢᠠᠨ ᠬᠤᠪᠠᠷᠢᠬᠤᠷᠢ ᠢᠳᠥᠷᠬᠡᠨ ᠬᠣᠶᠠᠷ ᠡᠯᠴᠢ ᠶᠢ ᠲᠣᠮᠢᠯᠠᠨ ᠢᠷᠡᠬᠥᠯᠵᠦ ᠬᠡᠯᠡᠲᠦᠬᠡᠢ᠃ ᠡᠨᠠ ᠬᠣᠶᠠᠷ ᠢ ᠡᠰᠠ ᠶᠠᠪᠣᠭᠣᠯᠪᠠᠯ ᠣᠨᠳᠣᠤ ᠬᠦᠮᠥᠨ ᠢ ᠢᠯᠡᠬᠡᠪᠡᠴᠦ ᠪᠣᠯᠣᠨ᠎ᠠ》 ᠬᠡᠵᠦ ᠢᠯᠡᠬᠡᠪᠡ᠃

178᠂ ᠸᠠᠩ ᠬᠠᠨ ᠡᠨᠠ ᠦᠬᠡ ᠶᠢ ᠰᠣᠨᠣᠰᠣᠭᠠᠳ ᠦᠬᠥᠯᠡᠷᠥᠨ᠄ 《ᠡᠠᠶ᠎ᠠ ᠬᠠᠯᠠᠭ ᠰᠠᠢ᠌ᠨ ᠬᠦᠪᠡᠬᠥᠨ ᠡᠴᠡ ᠪᠠᠨ ᠰᠠᠯᠵᠣ ᠰᠠᠢ᠌ᠬᠠᠨ ᠲᠥᠷᠤ ᠪᠠᠨ ᠭᠣᠳᠣᠭᠠᠪᠠ ᠪᠢ ᠡᠷᠬᠢᠮ ᠬᠦᠪᠡᠬᠥᠨ ᠡᠴᠡ ᠪᠠᠨ ᠬᠠᠭᠠᠴᠠᠵᠣ ᠡᠪᠳᠡᠷᠠᠬᠥ ᠣᠢ᠌ᠯᠠ ᠶᠢ ᠬᠢᠪᠠ ᠪᠢ》 ᠬᠡᠵᠦ ᠬᠡᠮᠰᠢᠵᠦ ᠦᠬᠥᠯᠡᠷᠥᠨ 《ᠣᠳᠣ ᠬᠦᠪᠡᠬᠥᠨ ᠲᠠᠮᠣᠵᠢᠨ ᠶᠢᠠᠨ ᠦᠳᠡᠵᠦ ᠮᠠᠭᠣ ᠰᠠᠳᠬᠢᠪᠠᠯ ᠡᠨᠠ ᠮᠠᠳᠣ ᠴᠢᠰᠤ ᠪᠠᠨ ᠣᠷᠣᠰᠭᠠᠶ᠎ᠠ》 ᠬᠡᠵᠦ ᠠᠨᠳᠠᠭᠠᠢ᠌ᠯᠠᠵᠣ᠂ ᠰᠢᠬᠡᠵᠢ ᠬᠣᠷᠣᠭᠣᠨ ᠤ ᠪᠠᠨ ᠦᠨᠳᠡᠬᠡ ᠶᠢ ᠬᠢᠳᠣᠭ᠎ᠠ ᠪᠠᠷ ᠬᠠᠳᠬᠣᠵᠣ ᠴᠢᠰᠤ ᠶᠢ ᠨᠢ ᠴᠣᠪᠣᠷᠣᠭᠣᠯᠵᠣ ᠠᠪᠣᠭᠠᠳ ᠦᠴᠥᠬᠡᠨ ᠰᠠᠪᠠᠨ ᠳᠤ ᠬᠢᠵᠣ 《ᠬᠦᠪᠡᠬᠥᠨ ᠳᠤ ᠮᠢᠨᠢ ᠦᠭ᠌》 ᠬᠡᠵᠦ ᠢᠯᠡᠬᠡᠪᠡ᠃

179᠂ ᠪᠠᠰᠠ ᠴᠢᠩᠬᠢᠰ ᠬᠠᠭᠠᠨ᠂ ᠵᠠᠮᠣᠬ᠎ᠠ ᠠᠨᠳᠠ ᠳᠤ ᠬᠡᠯᠡᠬᠥᠯᠥᠭᠰᠡᠨ ᠨᠢ᠄ 《ᠬᠠᠷᠠᠳᠠᠢ ᠮᠠᠭᠣ ᠰᠠᠳᠬᠢᠯ ᠶᠢᠠᠷ ᠬᠠᠨ ᠡᠴᠢᠬᠡ ᠡᠴᠠ ᠮᠢᠨᠢ ᠬᠠᠭᠠᠴᠠᠭᠣᠯᠪᠠ ᠴᠢ᠂ ᠪᠢᠳᠠ ᠬᠣᠶᠠᠷ ᠤᠨ ᠬᠡᠨ ᠨᠢ ᠡᠷᠳᠠ ᠪᠣᠰᠣᠭᠰᠠᠨ ᠨᠢ ᠬᠠᠨ ᠡᠴᠢᠭᠡ ᠢᠢᠨ ᠬᠦᠭᠡ ᠬᠤᠨᠳᠠᠭ᠎ᠠ ᠪᠠᠷ (ᠠᠢ᠌ᠷᠠᠭ) ᠣᠣᠭᠣᠬᠣ ᠪᠦᠯᠦᠬᠡ᠃ ᠢᠮᠠᠭᠳᠠ ᠪᠢ ᠣᠷᠢᠳᠠ ᠪᠣᠰᠴᠣ ᠣᠣᠭᠣᠳᠠᠭ ᠪᠠᠢ᠌ᠭᠰᠠᠨ ᠲᠣᠯᠠ᠂ ᠴᠢ ᠠᠳᠠᠭᠠᠷᠬᠠᠰᠠᠨ ᠪᠢᠵᠠ᠃ ᠣᠳᠣ ᠴᠢ ᠬᠠᠨ ᠡᠴᠢᠬᠡ ᠶᠢᠨ ᠬᠦᠬᠡ ᠬᠣᠠᠳᠠᠭ᠎ᠠ ᠪᠠᠷ ᠴᠢᠳᠠᠬᠣ ᠴᠢᠨᠡᠬᠡ ᠪᠠᠷ ᠪᠠᠨ ᠣᠣᠭᠣᠭᠳᠣᠨ᠃ ᠴᠢ ᠬᠡᠳᠦᠢ᠌ᠬᠡᠨ ᠬᠣᠷᠣᠭᠣᠬᠣ ᠪᠣᠢ》 ᠬᠡᠵᠦ ᠢᠯᠡᠬᠡᠪᠡ᠃ (ᠴᠢᠩᠬᠢᠰ ᠪᠠᠭ᠎ᠠ ᠨᠠᠰᠣᠨ ᠳᠤ ᠪᠠᠨ ᠸᠠᠩ ᠬᠠᠨ ᠤ ᠬᠡᠷ ᠲᠤ ᠪᠠᠢ᠌ᠭᠰᠠᠨ ᠶᠢᠠᠨ ᠲᠣᠷᠠᠳᠴᠣ ᠪᠠᠢ᠌ᠭ᠎ᠠ ᠪᠣᠯᠣᠯᠳᠠᠢ) ᠪᠠᠰᠠ ᠴᠢᠩᠬᠢᠰ ᠬᠠᠭᠠᠨ᠂ ᠠᠯᠳᠠᠨ ᠬᠣᠴᠠᠷ ᠬᠣᠶᠠᠷ ᠲᠤ ᠬᠡᠯᠡᠬᠥᠯᠥᠭᠰᠡᠨ ᠨᠢ᠄ 《ᠲ᠋ᠨ ᠬᠣᠶᠠᠷ ᠨᠠᠮᠢ᠋ᠢ ᠲᠠᠪᠴᠢᠵᠣ ᠰᠢᠭᠣᠳ ᠣᠷᠪᠠᠬᠣ ᠬᠡᠪᠡ ᠦᠦ︖ ᠮᠡᠬᠡᠯᠡᠨ ᠣᠷᠪᠠᠬᠣ ᠬᠡᠪᠡ ᠦᠦ︖ ᠬᠣᠴᠠᠷ ᠴᠢᠮᠢ᠋ᠢ ᠨᠡᠬᠥᠨ ᠲᠠᠢ᠌ᠵᠢ ᠶᠢᠨ ᠬᠦᠪᠡᠬᠥᠨ ᠲᠣᠯᠠ 〈ᠴᠢ ᠬᠠᠨ ᠪᠣᠯ〉 ᠬᠡᠵᠦ ᠪᠢᠳᠠᠨ ᠢ ᠬᠡᠯᠡᠬᠥ ᠳᠤ ᠴᠢ ᠬᠠᠨ ᠡᠰᠠ ᠪᠣᠯᠪᠠ᠃ ᠠᠯᠳᠠᠨ ᠴᠢᠨᠣ ᠡᠴᠢᠬᠡ ᠬᠣᠳᠠᠯᠠ ᠬᠠᠨ᠂ ᠪᠢᠳᠠ ᠪᠦᠬᠥᠨ ᠢ ᠵᠠᠬᠢᠷᠴᠣ ᠶᠠᠪᠣᠬᠣ ᠳᠤ ᠴᠢ ᠮᠠᠳᠠᠯᠴᠠᠵᠣ ᠪᠠᠢ᠌ᠭᠰᠠᠨ ᠲᠣᠯᠠ ᠠᠯᠳᠠᠨ ᠴᠢᠮᠢ᠋ᠢ ᠬᠠᠨ ᠪᠣᠯ ᠬᠡᠪᠡᠯ᠂ ᠴᠢ ᠪᠠᠰᠠ ᠵᠦᠪᠰᠢᠶᠡᠷᠡᠭ᠍ᠰᠡᠨ ᠦᠭᠡᠶ᠃ ᠪᠠᠷᠳᠠᠨ ᠪᠠᠭᠠᠳᠣᠷ ᠤᠨ ᠬᠦᠪᠡᠭᠦᠳ ᠡᠴᠡ ᠠᠬᠠᠮᠠᠳ ᠦᠶ᠎ᠡ ᠶᠢᠨ ᠬᠦᠮᠥᠰ ᠪᠣᠯᠬᠣ ᠲᠣᠯᠠ ᠰᠠᠴᠠ ᠲᠠᠢ᠌ᠴᠣᠤ ᠬᠣᠶᠠᠷ ᠢ ᠬᠠᠨ ᠪᠣᠯ ᠬᠡᠵᠦ ᠢᠳᠬᠠᠪᠠ ᠪᠢ [ᠲᠠᠷᠠ ᠬᠣᠶᠠᠷ ᠪᠠᠰᠠ ᠵᠦᠪᠰᠢᠶᠡᠷᠡᠭ᠍ᠰᠡᠨ ᠦᠭᠡᠶ] ᠲᠠ ᠨᠠᠷ ᠤᠨ ᠠᠯᠢ ᠨᠢ ᠴᠤ ᠬᠠᠨ ᠪᠣᠯᠣᠭ᠎ᠠ ᠦᠭᠡᠶ ᠲᠣᠯᠠ ᠪᠢ ᠲᠠ ᠨᠡᠷ ᠲᠤ ᠬᠠᠨ ᠡᠷᠬᠥᠮᠵᠢᠯᠡᠭ᠍ᠳᠡᠬᠡᠥᠨ ᠵᠠᠬᠢᠷᠴᠣ ᠶᠠᠪᠣᠪᠠ᠃ ᠲᠠᠨ ᠢ ᠬᠠᠨ ᠪᠣᠯᠣᠭᠰᠠᠨ ᠪᠣᠯ ᠪᠢ ᠦᠷᠢᠰᠬᠦ ᠲᠠᠢ᠌ᠨ ᠪᠣᠯᠬᠣ ᠳᠤ ᠡᠮᠣᠨ᠎ᠠ ᠨᠢ ᠣᠣᠯᠠᠭᠠᠯᠠᠨ ᠶᠠᠪᠣᠭᠠᠳ ᠦᠨᠳᠥᠷ ᠬᠦᠬᠡ ᠲᠡᠭ᠍ᠷᠢ ᠶᠢᠨ ᠦᠷᠥᠰᠢᠶᠡᠯ ᠢᠪᠡᠬᠡᠯ ᠳᠤ ᠣᠷᠣᠵᠣ ᠦᠰᠳᠡᠨ ᠲᠠᠢ᠌ᠰᠣᠨ ᠢ ᠲᠠᠷᠣᠪᠠᠯ ᠥᠩᠬᠡᠳᠡᠢ ᠰᠠᠢ᠌ᠨ ᠦᠬᠢᠥᠨ ᠢ ᠠᠪᠴᠢᠷᠠᠵᠣ ᠦᠬᠡᠳᠡ ᠲᠡᠶ ᠰᠠᠢ᠌ᠨ ᠮᠣᠷᠢ ᠵᠢ ᠣᠯᠵᠠᠯᠠᠵᠣ ᠦᠨᠳᠥᠷ ᠡᠵᠠᠨ ᠲᠠᠨ ᠳᠠᠭᠠᠨ ᠪᠠᠷᠢᠬᠤ ᠪᠦᠯᠦᠬᠡ᠃ ᠣᠢ ᠶᠢᠨ ᠬᠦᠷᠥᠬᠡᠰᠦ ᠶᠢ ᠠᠪᠠᠯᠠᠬᠣ ᠴᠠᠭ ᠲᠤ ᠣᠢ᠌ᠷᠠᠳᠣᠭᠣᠯᠵᠣ ᠰᠢᠬᠠᠵᠣ ᠦᠭ‍ᠬᠦ ᠪᠢᠯᠠ ᠬᠠᠳᠠᠨ ᠤ ᠬᠦᠷᠥᠬᠡᠰᠦ ᠶᠢ ᠠᠪᠠᠯᠠᠬᠣ ᠴᠠᠭ ᠲᠤ ᠬᠠᠪᠢᠳᠠᠭᠣᠯᠵᠣ ᠰᠢᠬᠠᠵᠣ ᠦᠭ‍ᠬᠦ ᠪᠢᠯᠠ ᠭᠣᠤ ᠶᠢᠨ ᠬᠦᠷᠥᠬᠡᠰᠦ ᠵᠢ ᠠᠪᠠᠯᠠᠬᠣ ᠴᠠᠭ ᠲᠤ ᠭᠣᠶ᠎ᠠ ᠶᠢ ᠨᠠᠢ᠌ᠯᠠᠳᠠᠯ᠎ᠠ ᠰᠢᠬᠠᠵᠣ ᠦᠭ‍ᠬᠦ ᠪᠢᠯᠠ ᠬᠡᠬᠡᠷ᠎ᠡ ᠶᠢᠨ ᠬᠦᠷᠥᠬᠡᠰᠦ ᠶᠢ ᠠᠪᠠᠯᠠᠬᠣ ᠴᠠᠭ ᠲᠤ ᠬᠡᠬᠡᠯ ᠢ ᠨᠠᠢ᠌ᠯᠠᠳᠠᠯ᠎ᠠ ᠰᠢᠬᠠᠵᠣ ᠦᠭ‍ᠬᠦ ᠪᠢᠯᠠ᠃ ᠣᠳᠣ ᠲᠠ ᠨᠡᠷ ᠬᠠᠨ ᠡᠴᠢᠬᠡ ᠲᠤ ᠮᠢᠨᠢ ᠦᠨᠡᠨᠴᠢ ᠪᠠᠷ ᠨᠦᠬᠥᠷᠯᠡᠵᠦ ᠶᠠᠪᠣᠳᠣᠭᠠᠢ᠃ ᠲ᠋ᠨ ᠨᠡᠷ ᠢ ᠪᠣᠴᠠᠮᠠᠳᠠᠭᠠᠢ ᠬᠡᠳᠡᠭ ᠪᠢᠯᠠ᠂ ᠪᠢᠳᠡᠬᠡᠢ ᠲᠠᠬᠢᠨ ᠣᠷᠪᠠᠵᠣ ᠣᠳᠣᠭᠳᠣᠨ᠃ ᠲᠠ ᠨᠠᠷ ᠴᠠᠭᠤᠳ ᠬᠤᠷᠢ ᠶᠢᠨ (ᠴᠢᠩᠬᠢᠰ ᠲᠤ ᠠᠯᠳᠠᠨ ᠤᠯᠤᠰ ᠤᠨ ᠸᠠᠩᠬᠢᠩ ᠴᠢᠩᠰᠠᠩ ᠤᠨ ᠦᠭ᠍‍ᠬᠦᠭ᠍ᠰᠡᠨ ᠴᠤᠯᠠ᠂ ᠡᠨᠡ ᠳᠤᠬᠠᠢ 134 ᠳ᠋ᠤᠭᠠᠷ ᠵᠦᠢᠯ ᠳᠤ ᠦᠵᠡ) ᠰᠠᠳᠤᠨ ᠡᠨᠡ ᠠᠵᠠᠢ ᠭᠡᠵᠦ ᠪᠦᠤ ᠬᠡᠯᠡᠬᠦᠯᠦᠭᠳᠤᠨ᠃ ᠭᠤᠷᠪᠠᠨ ᠮᠦᠷᠡᠨ ᠤ ᠡᠬᠢᠨ ᠳᠤ ᠪᠤᠰᠤᠳ ᠢ ᠪᠤᠤ ᠨᠤᠳᠤᠭᠯᠠᠭᠤᠯᠳᠤᠭᠠᠢ 》 ᠬᠡᠵᠦ ᠢᠯᠡᠬᠡᠪᠡ᠃

180᠂ ᠪᠠᠰᠠ ᠴᠢᠩᠬᠢᠰ ᠬᠠᠭᠠᠨ᠂ ᠲᠣᠭᠣᠷᠢᠯ ᠲᠡᠬᠥᠤ ᠪᠠᠨ ᠦᠬᠥᠯᠡ ᠬᠡᠵᠦ ᠦᠬᠥᠯᠡᠷᠥᠨ᠄ 《ᠴᠢᠮᠢ᠋ᠢ ᠲᠡᠬᠥᠤ ᠬᠡᠰᠡᠨ ᠤ ᠣᠴᠢᠷ ᠣᠷᠢᠳᠣ ᠨᠢᠬᠡᠨ ᠴᠠᠭ ᠲᠤ ᠲᠣᠮᠪᠢᠨᠠᠢ᠂ ᠴᠠᠷᠬᠠᠢ ᠯᠢᠩᠬᠤ ᠬᠣᠶᠠᠷ᠂ ᠪᠠᠢ᠌ᠯᠳᠣᠭᠠᠨ ᠳᠤ ᠶᠠᠪᠣᠭᠠᠳ ᠣᠭᠳᠠ ᠬᠡᠳᠡᠭ ᠪᠣᠭᠣᠯ ᠢ ᠪᠠᠷᠢᠵᠣ ᠢᠷᠡᠭ᠍ᠰᠡᠨ ᠪᠢᠯᠠ᠃ ᠣᠭᠳᠠ ᠪᠣᠭᠣᠯ ᠤᠨ ᠬᠦᠪᠡᠬᠥᠨ ᠰᠦᠪᠡᠬᠡᠢ ᠪᠣᠭᠣᠯ ᠪᠦᠯᠦᠬᠡ᠃ ᠰᠦᠪᠡᠬᠡᠢ ᠪᠣᠭᠣᠯ ᠤᠨ ᠬᠦᠪᠡᠬᠥᠨ ᠬᠦᠬᠡᠴᠦ ᠬᠢᠷᠰᠠᠭᠠᠨ᠂ ᠬᠦᠬᠡᠴᠦ ᠬᠢᠷᠰᠠᠭᠠᠨ ᠤ ᠬᠦᠪᠡᠬᠥᠨ ᠶᠡᠬᠡᠢ ᠬᠣᠩᠳᠠᠭᠠᠷ ᠪᠦᠯᠦᠬᠡ᠃ ᠶᠡᠬᠡᠢ ᠬᠣᠩᠳᠠᠭᠠᠷ ᠤᠨ ᠬᠦᠪᠡᠬᠥᠨ ᠲᠣᠭᠣᠷᠢᠯ ᠴᠢ ᠬᠡᠨ ᠤ ᠣᠯᠣᠰ ᠢ ᠡᠵᠡᠯᠠᠬᠥ ᠰᠠᠨᠠᠭᠠᠳᠠᠢ ᠲᠡᠬᠡᠵᠦ ᠪᠢᠯᠳᠠᠣᠴᠢᠯᠠᠨ ᠶᠠᠪᠣᠨ᠎ᠠ︖ ᠮᠢᠨᠣ ᠣᠯᠣᠰ ᠢ ᠠᠯᠳᠠᠨ ᠬᠣᠴᠠᠷ ᠬᠣᠶᠠᠷ ᠬᠡᠨ ᠳᠤ ᠴᠤ ᠮᠡᠳᠡᠬᠥᠯᠬᠥ ᠦᠭᠡᠶ ᠨᠢ ᠯᠠᠪᠳᠠᠢ ᠪᠢᠵᠠ᠃ ᠡᠢ᠌ᠮᠣ ᠶᠢᠨ ᠲᠣᠯᠠ ᠴᠢᠮᠢ᠋ᠢ ᠲᠡᠬᠥᠤ ᠬᠡᠵᠦ ᠨᠠᠷᠠᠢ᠌ᠳᠣᠨ᠎ᠠ᠃ ᠡᠯᠣᠠᠴᠠ ᠶᠢᠨ ᠦᠶ᠎ᠡ ᠶᠢᠨ ᠡᠰᠢᠳᠠᠨ ᠪᠣᠭᠣᠯ ᠴᠢᠮᠠᠳᠣ ᠡᠷᠬᠢᠮᠯᠠᠵᠣ ᠬᠡᠯᠡᠬᠥ ᠦᠬᠡ ᠮᠢᠨᠢ ᠡᠨᠠ ᠪᠠᠢ᠌ᠨ᠎ᠠ ᠬᠣᠯᠣᠠᠴᠠ ᠶᠢᠨ ᠦᠶ᠎ᠡ ᠶᠢᠨ ᠬᠣᠪᠢᠳᠠᠢ ᠪᠣᠭᠣᠯ ᠴᠢᠮᠠᠳᠣ ᠬᠠᠭᠣᠷᠮᠠᠭ ᠦᠭᠡᠶ ᠬᠡᠯᠡᠬᠥ ᠦᠬᠡ ᠮᠢᠨᠢ ᠡᠨᠠ ᠪᠠᠢ᠌ᠨ᠎ᠠ》 ᠬᠡᠵᠦ ᠢᠯᠡᠬᠡᠪᠡ᠃

181᠂ ᠪᠠᠰᠠ ᠴᠢᠩᠬᠢᠰ ᠬᠠᠭᠠᠨ᠂ ᠰᠠᠩᠬᠥᠮ ᠠᠨᠳᠠ ᠳᠤ ᠦᠬᠥᠯᠡ ᠬᠡᠵᠦ ᠦᠬᠥᠯᠡᠷᠥᠨ᠄ 《ᠪᠢ ᠡᠴᠢᠬᠡ ᠶᠢᠨ ᠲᠠᠪᠠᠯ ᠲᠡᠶ ᠲᠥᠷᠥᠭᠰᠡᠨ ᠬᠦᠪᠡᠬᠥᠨ ᠠᠵᠢ᠂ ᠴᠢ ᠨᠢᠴᠥᠬᠥᠨ ᠲᠥᠷᠥᠭᠰᠡᠨ ᠬᠦᠪᠡᠬᠥᠨ ᠠᠵᠠᠢ᠃ ᠬᠠᠨ ᠡᠴᠢᠬᠡ ᠪᠢᠳᠠ ᠬᠣᠶᠠᠷ ᠢ ᠨᠢᠬᠡᠨ ᠠᠳᠠᠯᠢ ᠠᠰᠠᠷᠠᠳᠠᠭ᠃ ᠡᠬᠥᠨ ᠳᠤ ᠰᠠᠩᠬᠥᠮ ᠴᠢ ᠠᠳᠠᠭᠠᠷᠬᠠᠨ ᠵᠠᠪᠰᠠᠷᠳᠠᠭᠣᠯᠵᠣ ᠨᠠᠮᠢ᠋ᠢ ᠬᠦᠬᠡᠬᠡᠯᠬᠡᠪᠡ᠃ ᠣᠳᠣ ᠴᠢ ᠬᠠᠨ ᠡᠴᠢᠬᠡ ᠶᠢᠨ ᠡᠯᠢᠬᠡ ᠶᠢ ᠡᠮᠬᠡᠨᠢᠬᠥᠯᠬᠥ ᠦᠬᠡᠢ ᠵᠢᠷᠥᠬᠡ ᠶᠢ ᠵᠦᠳᠡᠬᠥᠯᠬᠥ ᠦᠭᠡᠶ᠂ ᠦᠷᠯᠦᠬᠡ ᠦᠳᠡᠰᠢ ᠣᠷᠣᠵᠣ ᠭᠠᠷᠴᠣ ᠰᠠᠨᠠᠭ᠎ᠠ ᠶᠢ ᠪᠠᠶᠠᠰᠬᠠᠨ᠂ ᠰᠠᠳᠬᠢᠯ ᠢ ᠰᠡᠷᠬᠥᠬᠡᠵᠦ ᠶᠠᠪᠣ᠃ ᠴᠢ ᠡᠷᠳᠠᠨ ᠤ ᠰᠠᠨᠠᠭᠰᠠᠨ ᠶᠢᠠᠨ ᠦᠯᠤ ᠲᠠᠯᠪᠢᠨ ᠬᠠᠨ ᠡᠴᠢᠬᠡ ᠶᠢ ᠠᠮᠢᠳᠣ ᠪᠠᠢ᠌ᠳᠠᠯ᠎ᠠ᠂ ᠬᠠᠨ ᠪᠣᠯᠬᠣ ᠬᠡᠵᠦ ᠡᠴᠢᠬᠡ ᠶᠢᠨ ᠰᠠᠳᠬᠢᠯ ᠢ ᠪᠢᠳᠡᠬᠡᠢ ᠵᠤᠪᠠᠭ᠎ᠠ᠃ ᠰᠠᠩᠬᠥᠮ ᠠᠨᠳᠠ ᠴᠢ ᠪᠢᠯᠬᠡ ᠪᠠᠬᠢ ᠲᠦᠲᠦᠬᠡᠨ ᠬᠣᠶᠠᠷ ᠢ ᠡᠯᠴᠢ ᠪᠣᠯᠭᠠᠵᠣ ᠨᠠᠳᠠᠳᠣ ᠢᠯᠡᠬᠡ》 ᠬᠡᠵᠦ ᠶᠠᠪᠣᠭᠣᠯᠪᠠ᠃ ᠪᠠᠰᠠ ᠦᠬᠥᠯᠡᠷᠥᠨ᠄ 《ᠨᠠᠳᠠᠳᠣ ᠬᠠᠨ ᠡᠴᠢᠬᠡ᠂ ᠰᠠᠩᠬᠥᠮ ᠠᠨᠳᠠ᠂ ᠵᠠᠮᠣᠬ᠎ᠠ ᠠᠨᠳᠠ᠂ ᠠᠯᠳᠠᠨ᠂ ᠬᠣᠴᠠᠷ᠂ ᠠᠴᠢᠭ ᠰᠢᠷᠣᠨ᠂ ᠬᠠᠴᠢᠭᠣᠨ ᠲᠣᠰᠪᠣᠷᠢ ᠬᠣᠶᠠᠷ ᠬᠦᠮᠥᠨ ᠢ ᠡᠯᠴᠢ ᠪᠣᠯᠭᠠᠵᠣ ᠢᠷᠡᠬᠦᠯᠤᠨ᠎ᠠ ᠤᠤ》 ᠬᠡᠵᠦ ᠠᠷᠬᠠᠢ ᠬᠠᠰᠠᠷ᠂ ᠰᠦᠬᠡᠬᠡᠢ ᠵᠠᠬᠥᠨ ᠬᠣᠶᠠᠷ ᠲᠤ ᠡᠨᠠ ᠦᠬᠡᠰ ᠢ ᠴᠡᠬᠡᠵᠢᠯᠡᠬᠥᠯᠵᠦ ᠢᠯᠡᠬᠡᠪᠡ᠃ ᠡᠨᠠ ᠦᠬᠡ ᠶᠢ ᠰᠣᠨᠣᠰᠣᠭᠠᠳ ᠰᠠᠩᠬᠥᠮ ᠦᠬᠥᠯᠡᠷᠥᠨ᠄ 《ᠰᠠᠢ᠌ᠬᠠᠨ ᠮᠢᠨᠣ ᠡᠴᠢᠬᠡ ᠵᠢ ᠬᠢᠳᠣᠭᠴᠢ ᠡᠪᠥᠬᠡᠨ ᠬᠡᠵᠦ ᠬᠠᠷᠢᠶᠠᠵᠣ ᠪᠠᠢ᠌ᠭᠰᠠᠨ ᠠᠳᠠᠯ᠎ᠠ᠂ ᠣᠳᠣ ᠬᠢᠯᠢ ᠵᠠᠠᠳᠠ ᠰᠠᠢ᠌ᠨ ᠡᠴᠢᠬᠡ ᠬᠡᠵᠦ ᠲᠠᠭᠣᠳᠠᠬᠣ ᠪᠣᠯᠪᠠ᠃ ᠪᠠᠰᠠ ᠨᠠᠮᠢ᠋ᠢ ᠲᠣᠭᠳᠠᠬ᠎ᠠ ᠪᠡᠬᠢ ᠶᠢᠨ ᠰᠠᠷᠳᠠᠭᠣᠯ ᠬᠣᠨᠢᠨ ᠤ ᠰᠡᠬᠥᠯ ᠢ ᠲᠠᠭᠠᠵᠣ ᠶᠠᠪᠣᠭᠰᠠᠨ ᠬᠡᠵᠦ ᠮᠠᠭᠣᠯᠠᠨ ᠬᠡᠯᠡᠵᠦ ᠪᠠᠢ᠌ᠭᠰᠠᠨ ᠠᠳᠠᠯ᠎ᠠ᠂ ᠣᠳᠣ ᠨᠠᠮᠢ᠋ᠢ ᠬᠢᠯᠢ ᠵᠠᠠᠳᠠ᠂ ᠰᠠᠢ᠌ᠨ ᠠᠰᠢᠳᠠ ᠠᠨᠳᠠ ᠬᠡᠬᠥ ᠵᠠᠷᠬᠡ ᠪᠠᠷ ᠮᠠᠭᠳᠠᠬᠣ ᠪᠣᠯᠪᠠ᠃ ᠡᠨᠠ ᠦᠬᠡ ᠶᠢᠨ ᠤᠳᠬ᠎ᠠ ᠶᠢ ᠪᠢ ᠮᠠᠳᠠᠪᠠ᠃ ᠪᠠᠢ᠌ᠯᠳᠣᠶ᠎ᠠ ᠬᠡᠰᠡᠨ ᠦᠬᠡ ᠪᠠᠢ᠌ᠨ᠎ᠠ᠃ ᠡᠬᠥᠨ ᠳᠤ ᠶᠠᠮᠠᠷ ᠴᠤ ᠡᠷᠬᠡᠯᠵᠡᠬᠥ ᠵᠦᠢᠯ ᠦᠭᠡᠶ᠃ ᠪᠢᠯᠬᠡ ᠪᠠᠬᠢ ᠲᠦᠲᠦᠬᠡᠨ ᠬᠣᠶᠠᠷ᠂ ᠠᠭᠳᠠ ᠪᠠᠨ ᠲᠠᠷᠭᠣᠯᠠᠭᠣᠯᠵᠣ᠂ ᠪᠠᠢ᠌ᠯᠳᠣᠭᠠᠨ ᠤ ᠲᠣᠭ ᠢ ᠪᠣᠰᠬᠠᠳᠣᠭᠠᠢ》 ᠬᠡᠪᠡ᠃ ᠲᠠᠠᠳᠠ ᠡᠴᠡ ᠠᠷᠬᠠᠢ ᠬᠠᠰᠠᠷ ᠪᠣᠴᠠᠵᠣ ᠬᠠᠷᠢᠭᠰᠠᠨ ᠪᠠ ᠰᠦᠬᠡᠬᠡᠢ ᠵᠠᠬᠥᠨ ᠤ ᠡᠮ᠎ᠠ ᠬᠦᠪᠡᠭᠦᠳ᠂ ᠸᠠᠩ ᠬᠠᠨ ᠤ ᠬᠦᠷᠢᠶᠡᠨ ᠳᠤ ᠪᠠᠢ᠌ᠭᠰᠠᠨ ᠲᠣᠯᠠ ᠪᠣᠴᠠᠬᠣ ᠡᠴᠡ ᠵᠢᠷᠥᠬᠡ ᠬᠠᠯᠠᠰᠢᠷᠠᠵᠣ ᠲᠠᠠᠳᠠ ᠬᠣᠴᠣᠷᠪᠠ᠃ ᠠᠷᠬᠠᠢ ᠬᠦᠷᠴᠦ ᠢᠷᠡᠬᠡᠥᠨ ᠲᠠᠳᠠᠨ ᠤ ᠦᠬᠡᠰ ᠢ ᠴᠢᠩᠬᠢᠰ ᠬᠠᠭᠠᠨ ᠳᠤ ᠦᠬᠥᠯᠡᠪᠡ᠃

182᠂ ᠲᠠᠠᠳᠠ ᠡᠴᠡ ᠴᠢᠩᠬᠢᠰ ᠬᠠᠭᠠᠨ ᠨᠡᠬᠥᠵᠦ ᠪᠠᠯᠵᠣᠨ ᠨᠠᠭᠣᠷ ᠲᠤ ᠣᠴᠢᠵᠣ ᠪᠠᠭᠣᠪᠠ᠃ ᠲᠠᠠᠳᠠ ᠪᠠᠭᠣᠭᠰᠠᠨ ᠤ ᠲᠠᠷᠠᠭ᠎ᠠ ᠭᠣᠷᠯᠣᠰ ᠤᠨ ᠴᠣᠭᠣᠰ ᠴᠠᠭᠠᠨ ᠢᠷᠠᠵᠣ ᠠᠭᠣᠯᠵᠠᠭᠠᠳ᠂ ᠭᠣᠷᠯᠣᠰ ᠤᠳ ᠲᠠᠭᠠᠵᠣ ᠣᠷᠣᠪᠠ᠃ ᠪᠠᠰᠠ ᠣᠩᠭ᠋ᠣᠳ ᠤᠨ ᠠᠯᠠᠬᠣᠰᠢ ᠲᠢᠭᠢᠳ ᠬᠣᠷᠢ ᠡᠴᠡ ᠮᠢᠩᠭ᠋ᠠᠨ ᠢᠷᠬᠡ (ᠬᠤᠨᠢ) ᠠᠪᠤᠭᠠᠳ ᠳᠠᠯᠢᠮ ᠳᠤ ᠡᠷᠬᠦᠨ᠎ᠠ ᠮᠦᠷᠡᠨ ᠤ ᠤᠷᠴᠢᠮ ᠨᠤᠳᠤᠭᠯᠠᠬᠤ ᠠᠷᠠᠳ ᠡᠴᠡ ᠪᠤᠯᠭ᠎ᠠ᠂ ᠬᠡᠷᠡᠮᠤ ᠬᠣᠳᠠᠯᠳᠣᠨ ᠠᠪᠴᠣ ᠶᠠᠪᠣᠭ᠎ᠠ ᠰᠠᠷᠳᠠᠭᠤᠯ ᠤᠨ (ᠲᠦᠷᠺ ᠶᠠᠰᠤᠳᠠᠨ) ᠬᠠᠰᠠᠨ ᠭᠡᠳᠡᠭ ᠬᠦᠮᠥᠨ᠂ ᠴᠠᠭᠠᠨ ᠲᠡᠮᠠᠬᠡ ᠣᠨᠣᠵᠣ ᠬᠣᠨᠢ ᠪᠠᠨ ᠲᠠᠭᠣᠵᠣ ᠢᠷᠡᠬᠡᠥᠨ᠂ ᠪᠠᠯᠵᠣᠨ ᠨᠠᠭᠣᠷ ᠲᠤ ᠣᠰᠣᠯᠠᠵᠣ ᠪᠠᠢ᠌ᠬᠣ ᠳᠤ ᠴᠢᠩᠬᠢᠰ ᠬᠠᠭᠠᠨ ᠲᠡᠬᠥᠨ ᠲᠡᠶ ᠠᠭᠣᠯᠵᠠᠪᠠ᠃

183᠂ ᠴᠢᠩᠬᠢᠰ ᠬᠠᠭᠠᠨ᠂ ᠪᠠᠯᠵᠣᠨ ᠨᠠᠭᠣᠷ ᠲᠤ ᠪᠠᠭᠣᠭᠠᠳ ᠪᠠᠢ᠌ᠬᠣ ᠳᠤ ᠬᠠᠰᠠᠷ ᠦᠪᠡᠷ ᠤᠨ ᠡᠮ᠎ᠠ ᠪᠠ ᠶᠢᠭᠣ ᠶᠢᠰᠣᠩᠬᠡ ᠲᠣᠬᠣ ᠭᠣᠷᠪᠠᠨ ᠬᠦᠪᠡᠬᠥᠨ ᠶᠢᠠᠨ ᠸᠠᠩ ᠬᠠᠨ ᠤ ᠲᠠᠠᠳᠠ ᠣᠷᠬᠢᠵᠣ᠂ ᠦᠪᠡᠷ ᠶᠢᠠᠨ ᠬᠡᠳᠥᠨ ᠨᠦᠭᠦᠳ ᠲᠡᠶ ᠭᠠᠷᠴᠣ᠂ ᠡᠠᠬ᠎ᠠ ᠴᠢᠩᠬᠢᠰ ᠢ ᠡᠷᠢᠵᠣ᠂ ᠬᠠᠷᠠᠭᠣᠨ ᠵᠢᠳᠣᠨ ᠤ ᠨᠢᠷᠣᠭᠣ ᠪᠠᠷ ᠬᠡᠰᠦᠵᠦ ᠣᠯᠵᠣ ᠴᠢᠳᠠᠭᠰᠠᠨ ᠦᠭᠡᠶ ᠰᠢᠷᠢ ᠰᠢᠷᠪᠣᠰᠣ ᠢᠳᠠᠵᠣ ᠶᠠᠪᠣᠭᠠᠳ ᠶᠠᠪᠣᠭᠠᠳ ᠰᠠ‍‌ᠶᠢ ᠴᠢᠩᠬᠢᠰ ᠬᠠᠭᠠᠨ ᠳᠤ ᠢᠷᠠᠵᠣ ᠨᠠᠢ᠌ᠯᠠᠪᠠ᠃ ᠬᠠᠰᠠᠷ ᠢ ᠢᠷᠡᠮᠡᠭ᠍ᠴᠡ᠂ ᠴᠢᠩᠬᠢᠰ ᠬᠠᠭᠠᠨ ᠪᠠᠶᠠᠰᠴᠣ᠂ ᠸᠠᠩ ᠬᠠᠨ ᠳᠤ ᠲᠠᠬᠢᠨ ᠡᠯᠴᠢ ᠶᠠᠪᠣᠭᠣᠯᠣᠶ᠎ᠠ ᠬᠡᠵᠦ ᠵᠦᠪᠯᠡᠯᠲᠦᠵᠦ᠂ ᠵᠠᠬᠥᠷᠢᠶᠡᠳᠡᠢ ᠶᠢᠨ ᠬᠠᠯᠢᠭᠣᠳᠠᠷ᠂ ᠣᠷᠢᠶᠠᠩᠬᠠᠢ ᠶᠢᠨ ᠴᠠᠬᠣᠷᠬᠠᠨ ᠬᠣᠶᠠᠷ ᠢ ᠲᠣᠮᠢᠯᠠᠵᠣ ᠸᠠᠩ ᠬᠠᠨ ᠡᠴᠢᠬᠡ ᠳᠤ ᠬᠠᠰᠠᠷ ᠤᠨ ᠦᠬᠡ ᠬᠡᠵᠦ ᠬᠡᠯᠡ ᠬᠡᠵᠦ ᠦᠬᠥᠯᠡᠷᠥᠨ᠄ 《ᠬᠠᠰᠠᠷ ᠪᠢ ᠲᠠᠨ ᠡᠴᠡ ᠰᠠᠯᠵᠣ ᠬᠠᠨ ᠡᠠᠬ᠎ᠠ ᠪᠠᠨ ᠰᠠᠨᠠᠵᠣ ᠬᠠᠢ᠌ᠨ ᠡᠷᠢᠪᠠᠴᠣ ᠬᠠᠷᠠᠭᠳᠠᠬᠣ ᠪᠠᠷ᠎ᠠ ᠦᠭᠡᠶ ᠬᠠᠢ᠌ᠯᠣᠨ ᠣᠬᠢᠯᠠᠪᠠᠴᠣ ᠰᠣᠨᠣᠰᠳᠠᠬᠣ ᠴᠢᠮᠡᠬᠡ ᠦᠭᠡᠶ ᠬᠠᠮᠢᠭ᠎ᠠ ᠣᠳᠣᠭᠰᠠᠨ ᠢ ᠮᠡᠳᠡᠬᠥ ᠦᠬᠡᠢ ᠣᠳᠣ ᠬᠠᠷᠠᠨ ᠬᠣᠨᠣᠵᠣ ᠣᠷᠪᠣᠨ ᠲᠠᠷᠠᠯᠠᠵᠣ ᠣᠠᠳᠠᠵᠣ (ᠭᠡᠷ ᠦᠭᠡᠢ ᠬᠤᠨᠤᠵᠤ ᠳᠡᠷ᠎ᠡ ᠦᠭᠡᠢ ᠤᠨᠳᠠᠵᠤ) ᠪᠠᠢ᠌ᠨ᠎ᠠ᠃ ᠮᠢᠨᠤ ᠡᠮ᠎ᠠ ᠬᠦᠪᠡᠭᠦᠳ᠂ ᠬᠠᠨ ᠡᠴᠢᠬᠡ ᠴᠢᠨᠣ ᠲᠠᠠᠳᠠ ᠪᠣᠢ᠃ ᠬᠡᠷᠪᠡ ᠢᠳᠡᠬᠡᠮᠵᠢᠳᠡᠢ ᠬᠦᠮᠥᠨ ᠢ ᠢᠯᠡᠬᠡᠪᠡᠯ ᠪᠢ ᠬᠠᠨ ᠡᠴᠢᠬᠡ ᠳᠤ ᠣᠳᠣᠬᠣ ᠪᠢᠯᠠ》 ᠬᠡᠵᠦ ᠬᠡᠯᠡᠭ᠍ᠳᠥᠨ ᠬᠡᠥᠨ ᠪᠠᠰᠠ ᠬᠠᠯᠢᠭᠣᠳᠠᠷ᠂ ᠴᠠᠬᠣᠷᠬᠠᠨ ᠬᠣᠶᠠᠷ ᠲᠤ ᠦᠬᠥᠯᠡᠷᠥᠨ᠄ 《ᠲ᠋ᠨ ᠬᠣᠶᠠᠷ ᠢ ᠶᠠᠪᠣᠮᠠᠭᠴᠠ᠂ ᠪᠢᠳᠠ ᠬᠦᠳᠡᠯᠵᠦ ᠬᠡᠷᠡᠯᠥᠨ ᠤ ᠠᠷᠭᠠᠯ ᠬᠦᠬᠢ ᠳᠤ ᠣᠴᠢᠵᠣ ᠪᠠᠭᠣᠨ᠎ᠠ᠃ ᠲᠠ ᠨᠡᠷ ᠲᠠᠠᠳᠠ ᠪᠣᠴᠠᠵᠣ ᠢᠷᠡᠲᠦᠬᠡᠢ》 ᠬᠡᠵᠦ ᠪᠣᠯᠵᠣᠯᠳᠣᠵᠣ᠂ ᠬᠠᠯᠢᠭᠣᠳᠠᠷ ᠴᠠᠬᠣᠷᠬᠠᠨ ᠬᠣᠶᠠᠷ ᠢ ᠶᠠᠪᠣᠭᠣᠯᠣᠭᠠᠳ᠂ ᠪᠠᠰᠠ ᠵᠦᠷᠴᠢᠳᠡᠢ ᠠᠷᠬᠠᠢ ᠬᠣᠶᠠᠷ ᠢ ᠲᠡᠷᠢᠬᠥᠨ ᠬᠠᠢ᠌ᠭᠣᠯ ᠪᠣᠯᠭᠠᠨ ᠮᠣᠷᠳᠠᠭᠣᠯᠵᠣ ᠲᠠᠷᠠᠭ᠎ᠠ ᠨᠢ ᠴᠢᠩᠬᠢᠰ ᠬᠠᠭᠠᠨ ᠬᠡᠷ ᠬᠣᠳᠠᠯᠠᠭᠠᠷ ᠨᠡᠬᠥᠵᠦ ᠬᠡᠷᠥᠯᠥᠨ ᠤ ᠠᠷᠭᠠᠯ ᠬᠦᠬᠢ ᠳᠤ ᠢᠷᠠᠵᠣ ᠪᠠᠭᠣᠪᠠ᠃

184᠂ ᠬᠠᠯᠢᠭᠣᠳᠠᠷ ᠴᠠᠬᠣᠷᠬᠠᠨ ᠬᠣᠶᠠᠷ᠂ ᠸᠠᠩ ᠬᠠᠨ ᠳᠤ ᠬᠦᠷᠴᠦ᠂ ᠬᠠᠰᠠᠷ ᠤᠨ ᠦᠬᠡ ᠬᠡᠵᠦ ᠲᠡᠬᠡᠷᠡᠬᠢ ᠦᠬᠡ ᠶᠢ ᠬᠡᠯᠡᠪᠡ᠃  ᠳᠡᠷᠡ ᠴᠠᠭ ᠲᠤ ᠸᠠᠩ ᠬᠠᠨ ᠂ ᠠᠯᠳᠠᠨ ᠳᠠᠷᠠᠮ (ᠠᠰᠠᠷ) ᠪᠤᠰᠬᠠᠵᠤ ᠬᠤᠷᠢᠮᠯᠠᠵᠤ ᠪᠠᠢ᠌ᠵᠠᠢ᠃ ᠬᠠᠯᠢᠭᠣᠳᠠᠷ ᠴᠠᠬᠣᠷᠬᠠᠨ ᠬᠣᠶᠠᠷ ᠤᠨ ᠦᠬᠡ ᠶᠢ ᠰᠣᠨᠣᠰᠣᠭᠠᠳ ᠸᠠᠩ ᠬᠠᠨ ᠦᠬᠥᠯᠡᠷᠥᠨ᠄ 《ᠲ᠋ᠠᠢ᠌ᠮᠣ ᠪᠣᠯ ᠬᠠᠰᠠᠷ ᠢᠷᠡᠲᠦᠬᠡᠢ᠃ ᠢᠳᠡᠬᠡᠮᠵᠢᠲᠦ ᠬᠦᠮᠥᠨ ᠳᠤ ᠢᠳᠥᠷᠬᠡᠨ ᠢ ᠢᠯᠡᠬᠡᠢ᠎ᠡ》 ᠬᠡᠵᠦ ᠶᠠᠪᠣᠭᠣᠯᠪᠠ᠃ ᠲᠡᠷᠠᠬᠥ ᠢᠳᠥᠷᠬᠡᠨ ᠬᠠᠯᠢᠭᠣᠳᠠᠷ ᠴᠠᠬᠣᠷᠬᠠᠨ ᠬᠣᠶᠠᠷ ᠤᠨ ᠬᠠᠮᠳᠣ ᠣᠭ ᠪᠣᠯᠵᠣᠭᠰᠠᠨ ᠠᠷᠭᠠᠯ ᠬᠦᠬᠢ ᠬᠡᠳᠡᠭ ᠭᠠᠵᠠᠷ ᠬᠦᠷᠴᠦ ᠢᠷᠡᠬᠡᠥᠨ ᠶᠡᠬᠡ ᠪᠠᠷ᠎ᠠ (ᠤᠯᠠᠨ ᠬᠦᠮᠦᠨ ᠂ ᠮᠠᠯ) ᠵᠢ ᠦᠵᠡᠵᠤ ᠢᠳᠦᠷᠭᠡᠨ ᠡᠯᠴᠢ [ᠰᠠᠵᠢᠭ᠍ᠯᠠᠵᠣ] ᠪᠣᠴᠠᠨ ᠲᠣᠳᠠᠭᠠᠪᠠ᠃ ᠬᠠᠯᠢᠭᠣᠳᠠᠷ ᠤᠨ ᠮᠣᠷᠢ ᠬᠣᠷᠳᠣᠨ ᠲᠣᠯᠠ ᠲᠠᠷᠣᠢ ᠨᠡᠬᠡᠵᠦ ᠬᠦᠢᠴᠡᠪᠡᠴᠦ ᠪᠠᠷᠢᠵᠣ ᠴᠢᠳᠠᠬᠣ ᠦᠭᠡᠶ᠂ ᠡᠮᠣᠨ᠎ᠠ ᠬᠤᠢ᠌ᠨ᠎ᠠ ᠨᠢ ᠣᠷᠣᠵᠣ ᠶᠠᠪᠣᠬᠣ ᠳᠤ ᠴᠠᠬᠣᠷᠬᠠᠨ ᠤ ᠮᠣᠷᠢ ᠣᠳᠠᠭᠠᠨ ᠲᠣᠯᠠ ᠬᠤᠢ᠌ᠨ᠎ᠠ ᠡᠴᠡ ᠠᠷᠠᠢ ᠬᠡᠵᠦ ᠰᠣᠮᠣ ᠬᠦᠷᠥᠯᠴᠡᠬᠥ ᠭᠠᠵᠠᠷ ᠢᠷᠠᠵᠣ᠂ ᠢᠳᠥᠷᠬᠡᠨ ᠤ ᠠᠯᠳᠠᠨ ᠡᠮᠠᠬᠡᠯᠲᠦ ᠬᠠᠷ᠎ᠠ ᠮᠣᠷᠢᠨ ᠤ ᠭᠣᠶ᠎ᠠ ᠶᠢᠨ ᠣᠭ ᠢ ᠬᠤᠢ᠌ᠰᠢ ᠣᠨᠠᠳᠠᠯ᠎ᠠ ᠬᠠᠷᠪᠣᠵᠠᠢ᠃ ᠲᠡᠬᠡᠬᠡᠥᠨ ᠢᠳᠥᠷᠬᠡᠨ  ᠢ ᠬᠠᠯᠢᠭᠣᠳᠠᠷ᠂ ᠴᠠᠬᠣᠷᠬᠠᠨ ᠬᠣᠶᠠᠷ ᠪᠠᠷᠢᠵᠣ ᠴᠢᠩᠬᠢᠰ ᠬᠠᠭᠠᠨ ᠳᠤ ᠠᠪᠴᠢᠷᠠᠪᠠ᠃ ᠴᠢᠩᠬᠢᠰ ᠬᠠᠭᠠᠨ᠂ ᠢᠳᠥᠷᠬᠡᠨ ᠡᠴᠡ ᠦᠬᠡ ᠠᠰᠠᠭᠣᠭᠰᠠᠨ ᠦᠬᠡᠢ᠂ 《ᠬᠠᠰᠠᠷ ᠲᠤ ᠠᠪᠴᠣ ᠣᠴᠢ》 ᠬᠡᠪᠡ᠃ ᠬᠠᠰᠠᠷ ᠲᠤ ᠠᠪᠴᠣ ᠣᠴᠢᠪᠠᠯ ᠬᠠᠰᠠᠷ᠂ ᠢᠳᠥᠷᠬᠡᠨ ᠲᠡᠶ ᠦᠬᠡ ᠬᠡᠯᠡᠯᠴᠡᠭ᠍ᠰᠡᠨ ᠦᠭᠡᠶ ᠲᠣᠣᠷ᠎ᠠ ᠨᠢ ᠴᠠᠪᠴᠢᠵᠣ ᠣᠷᠬᠢᠪᠠ᠃

185᠂ ᠬᠠᠯᠢᠭᠣᠳᠠᠷ ᠴᠠᠬᠣᠷᠬᠠᠨ ᠬᠣᠶᠠᠷ᠂ ᠴᠢᠩᠬᠢᠰ ᠬᠠᠭᠠᠨ ᠳᠤ ᠦᠬᠥᠯᠡᠷᠥᠨ᠄ 《ᠸᠠᠩ ᠬᠠᠨ ᠪᠣᠯᠭᠣᠮᠵᠢ ᠠᠵᠢᠭ ᠦᠭᠡᠶ᠂ ᠠᠯᠳᠠᠨ ᠲᠠᠷᠠᠮ ᠪᠣᠰᠬᠠᠭᠠᠳ ᠬᠣᠷᠢᠮᠯᠠᠵᠣ ᠪᠠᠢ᠌ᠨ᠎ᠠ᠃ ᠣᠳᠣ ᠶᠠᠭᠠᠷᠠᠪᠴᠢᠯᠠᠨ ᠮᠣᠷᠳᠠᠭᠠᠳ ᠰᠦᠨᠢ ᠲᠥᠯᠢ ᠳᠤ ᠪᠦᠴᠢᠨ ᠲᠠᠭᠠᠷᠢᠶ᠎ᠠ》ᠭᠡᠪᠡᠯ (ᠴᠢᠩᠬᠢᠰ ᠬᠠᠭᠠᠨ) ᠡᠨᠡ ᠦᠭᠡ ᠵᠢ ᠵᠦᠪᠰᠢᠶᠠᠷᠡᠵᠤ᠂ ᠵᠦᠷᠴᠢᠳᠡᠢ ᠠᠷᠬᠠᠢ ᠬᠤᠶᠠᠷ ᠢ ᠬᠠᠢᠭᠤᠯ ᠪᠤᠯᠭᠠᠨ ᠳᠡᠷᠢᠬᠦᠨ ᠶᠠᠪᠤᠭᠤᠯᠤᠭᠠᠳ ᠲᠠᠷᠠᠭ᠎ᠠ ᠨᠢ ᠪᠦᠬᠥᠳᠡᠬᠡᠷ ᠰᠦᠨᠢ ᠲᠥᠯᠢᠨ ᠶᠠᠪᠣᠵᠣ ᠵᠠᠵᠡᠬᠡᠷ ᠦᠨᠳᠥᠷ ᠤᠨ ᠵᠠᠷ ᠬᠠᠪᠴᠢᠯ ᠤᠨ ᠠᠮᠠᠨ ᠳᠤ (ᠸᠠᠩ ᠬᠠᠨ ᠢ) ᠪᠠᠢ᠌ᠬᠤ ᠳᠤ ᠪᠦᠰᠡᠯᠡᠨ ᠠᠪᠣᠪᠠ᠃ ᠭᠣᠷᠪᠠᠨ ᠰᠦᠨᠢ ᠭᠣᠷᠪᠠᠨ ᠡᠳᠣᠷ ᠲᠣᠷᠰᠢ ᠪᠠᠢ᠌ᠯᠳᠣᠭᠠᠳ ᠭᠣᠷᠪᠠᠳᠣᠭᠠᠷ ᠡᠳᠣᠷ ᠲᠠᠳᠠ ᠪᠠᠭᠣᠵᠣ ᠦᠭ᠍ᠪᠡ᠃ ᠦᠵᠡᠪᠡᠯ᠂ ᠸᠠᠩ ᠬᠠᠨ ᠰᠠᠩᠬᠥᠮ ᠬᠣᠶᠠᠷ ᠦᠭᠡᠶ ᠪᠣᠯᠵᠠᠢ᠃ ᠰᠦᠨᠢ ᠣᠷᠭᠣᠨ ᠣᠳᠣᠭᠰᠠᠨ ᠢ ᠮᠠᠨᠠᠢ᠌ᠬᠢᠨ ᠮᠡᠳᠡᠭ᠍ᠰᠡᠨ ᠦᠭᠡᠶ᠃ ᠢᠩᠬᠢᠵᠣ ᠪᠠᠢ᠌ᠯᠳᠣᠭᠰᠠᠨ ᠨᠢ ᠵᠢᠷᠬᠢᠨ ᠤ ᠬᠠᠳᠠᠭ ᠪᠠᠭᠠᠳᠣᠷ ᠪᠠᠢ᠌ᠭᠰᠠᠨ ᠠᠵᠠᠢ᠃ ᠬᠠᠳᠠᠭ ᠪᠠᠭᠠᠳᠣᠷ ᠣᠷᠣᠵᠣ ᠢᠷᠡᠬᠡᠥᠨ ᠦᠬᠥᠯᠡᠷᠥᠨ᠄ 《ᠲ᠋ᠣᠰ (ᠦᠪᠡᠷ ᠤᠨ) ᠬᠠᠨ ᠶᠢᠠᠨ ᠶᠠᠭᠠᠬᠢᠨ ᠪᠠᠷᠢᠵᠣ ᠠᠯᠠᠭᠣᠯᠬᠣ ᠬᠡᠵᠦ ᠲᠠᠪᠴᠢᠨ ᠶᠠᠳᠠᠵᠣ᠂ ᠲᠡᠬᠥᠨ ᠤ ᠠᠮᠢ ᠶᠢ ᠠᠷᠴᠢᠯᠠᠬᠣ ᠶᠢᠨ ᠲᠣᠯᠠ ᠭᠣᠷᠪᠠᠨ ᠡᠳᠣᠷ ᠭᠣᠷᠪᠠᠨ ᠰᠦᠨᠢ ᠪᠠᠢ᠌ᠯᠳᠣᠪᠠ᠂ ᠣᠳᠣ ᠲᠡᠬᠥᠨ ᠢ ᠨᠢᠬᠡᠠᠳᠡ ᠣᠷᠭᠣᠭᠣᠯᠣᠨ ᠭᠠᠷᠭᠠᠭᠰᠠᠨ ᠲᠣᠯᠠ ᠪᠢᠳᠠ ᠪᠠᠭᠣᠵᠣ ᠦᠭ᠍ᠪᠡ᠃ ᠨᠠᠮᠢ᠋ᠢ ᠦᠬᠥᠬᠥᠯᠪᠡᠯ ᠦᠬᠥᠢ᠎ᠡ᠃ ᠴᠢᠩᠬᠢᠰ ᠬᠠᠭᠠᠨ ᠳᠤ ᠰᠣᠶᠣᠷᠬᠠᠭᠳᠠᠵᠣ ᠠᠮᠢᠳᠣᠷᠠᠭᠣᠯᠪᠠᠯ ᠬᠦᠴᠦ ᠪᠠᠨ ᠦᠭ᠍‍ᠬᠥᠢ᠎ᠡ》 ᠬᠡᠪᠡ᠃ ᠴᠢᠩᠬᠢᠰ ᠬᠠᠭᠠᠨ᠂ ᠬᠠᠳᠠᠭ ᠪᠠᠭᠠᠳᠣᠷ ᠤᠨ ᠦᠬᠡ ᠶᠢ ᠵᠦᠪᠰᠢᠶᠡᠷᠠᠵᠦ ᠵᠠᠷᠯᠢᠭ ᠪᠣᠯᠣᠷᠣᠨ᠄ 《ᠦᠪᠡᠷ ᠤᠨ ᠬᠠᠨ ᠢ ᠣᠷᠬᠢᠬᠣ ᠦᠭᠡᠶ᠂ ᠲᠡᠬᠥᠨ ᠤ ᠠᠮᠢ ᠶᠢ ᠠᠪᠣᠷᠠᠬᠣ ᠶᠢᠨ ᠲᠣᠯᠠ ᠪᠠᠢ᠌ᠯᠳᠣᠭᠰᠠᠨ ᠡᠷ᠎ᠠ ᠶᠢ ᠬᠡᠨ ᠪᠣᠷᠣᠭᠣᠰᠢᠶᠠᠬᠣ ᠪᠣᠢ︖ ᠨᠦᠬᠥᠷᠯᠡᠵᠦ ᠪᠣᠯᠬᠣ ᠬᠦᠮᠥᠨ ᠪᠠᠢ᠌ᠨ᠎ᠠ》 ᠬᠡᠥᠨ ᠠᠮᠢ ᠶᠢ ᠰᠣᠶᠣᠷᠬᠠᠵᠣ᠂ ᠬᠠᠳᠠᠭ ᠪᠠᠭᠠᠳᠣᠷ ᠪᠠ ᠵᠢᠷᠬᠢᠨ ᠣᠪᠣᠭ ᠤᠨ ᠵᠠᠭᠣᠨ ᠬᠦᠮᠥᠨ ᠢ ᠬᠤᠢ᠌ᠯᠳᠠᠷ ᠤᠨ ᠦᠬᠥᠭ᠍ᠰᠡᠨ ᠤ ᠲᠣᠯᠠ ᠬᠤᠢ᠌ᠯᠳᠠᠷ ᠤᠨ ᠡᠮ᠎ᠠ ᠬᠦᠪᠡᠬᠥᠨ  ᠳᠤ ᠵᠠᠷᠣᠴᠠ ᠪᠣᠯᠭᠠᠵᠣ ᠦᠭ᠍ᠪᠡ᠃ ᠲᠠᠳᠠᠨ ᠡᠴᠡ ᠬᠦᠪᠡᠬᠥᠨ ᠦᠷ᠎ᠡ ᠲᠥᠷᠣᠪᠡᠯ ᠬᠤᠢ᠌ᠯᠳᠠᠷ ᠤᠨ ᠣᠷᠣᠭ ᠤᠨ ᠣᠷᠣᠭ ᠬᠦᠷᠳᠡᠯ᠎ᠡ ᠲᠠᠭᠠᠵᠣ ᠬᠦᠴᠦ ᠪᠠᠨ ᠦᠭᠲᠦᠬᠡᠢ᠃ ᠦᠬᠢᠨ ᠦᠷ᠎ᠡ ᠲᠥᠷᠣᠪᠡᠯ ᠡᠴᠢᠬᠡ ᠡᠬᠡ ᠨᠢ ᠦᠪᠡᠷ ᠤᠨ ᠲᠤᠷ᠎ᠠ ᠪᠠᠷ ᠬᠣᠳᠠᠯᠳᠣᠵᠣ (ᠬᠠᠳᠠᠮ ᠳᠤ) ᠦᠭᠴᠤ ᠪᠣᠯᠬᠣ ᠦᠭᠡᠶ᠂ ᠲᠠᠳᠠᠨ ᠤ ᠬᠦᠪᠡᠭᠦᠳ ᠦᠬᠢᠥᠨ ᠬᠤᠢ᠌ᠯᠳᠠᠷ ᠤᠨ ᠡᠮ᠎ᠠ ᠬᠦᠪᠡᠭᠦᠳ ᠤᠨ ᠡᠮᠣᠨ᠎ᠠ ᠬᠤᠢ᠌ᠨ᠎ᠠ ᠵᠠᠷᠣᠭᠳᠠᠵᠣ ᠶᠠᠪᠣᠳᠣᠭᠠᠢ》 ᠬᠡᠮᠡᠨ ᠰᠣᠶᠣᠷᠬᠠᠨ ᠵᠠᠷᠯᠢᠭ ᠪᠣᠯᠪᠠ᠃ ᠬᠤᠢ᠌ᠯᠳᠠᠷ ᠰᠠᠴᠠᠨ ᠬᠠᠮᠣᠭ ᠤᠨ ᠤᠷᠢᠳᠤ ᠠᠮᠠ ᠨᠡᠭᠡᠭᠡᠵᠤ (ᠰᠢᠳᠤᠷᠭᠤ ᠦᠭᠡ ᠪᠠᠨ) ᠬᠡᠯᠡᠭᠰᠡᠨ ᠲᠤᠯᠠ ᠴᠢᠩᠬᠢᠰ ᠬᠠᠭᠠᠨ ᠰᠣᠶᠣᠷᠬᠠᠵᠣ ᠵᠠᠷᠯᠢᠭ ᠪᠣᠯᠣᠷᠣᠨ᠄ 《ᠬᠤᠢ᠌ᠯᠳᠠᠷ ᠤᠨ ᠵᠢᠣᠠᠬᠥᠭ᠍ᠰᠡᠨ ᠤ ᠲᠣᠯᠠ ᠲᠡᠬᠥᠨ ᠤ ᠣᠷᠣᠭ ᠤᠨ ᠣᠷᠣᠭ ᠬᠦᠷᠳᠡᠯ᠎ᠡ ᠦᠨᠦᠴᠢᠥᠨ ᠢ ᠲᠡᠳᠬᠥᠬᠥ ᠬᠡᠰᠢᠭ᠌ ᠡᠴᠡ ᠬᠦᠷᠳᠡᠵᠦ ᠶᠠᠪᠣ》 ᠬᠡᠵᠦ ᠵᠠᠷᠯᠢᠭ ᠪᠣᠯᠪᠠ᠃

ᠳᠠᠷᠤᠮ᠄ 66460
ᠴᠠᠭ᠄ 2008 ᠤᠨ ᠤ 07 ᠰᠠᠷ᠎ᠠ ᠶᠢᠨ 01

ᠡᠮᠦᠨᠡᠬᠢ ᠳᠠᠷᠠᠭᠠᠬᠢ

ᠰᠢᠭᠦᠮᠵᠢ ᠪᠢᠴᠢᠬᠦ
ᠨᠡᠪᠲᠡᠷᠡᠨ ᠤᠷᠤᠭᠠᠷᠠᠢ᠃
ᠨᠡᠪᠲᠡᠷᠡᠨ ᠤᠷᠤᠪᠠᠯ ᠰᠠᠶ‍ᠢ ᠰᠢᠭᠦᠮᠵᠢ ᠪᠢᠴᠢᠵᠦ ᠳᠡᠢ᠌ᠯᠦᠨ᠎ᠡ᠃