ᠠᠷᠪᠠᠨ ᠨᠢᠭᠡ ᠂ ᠡᠪᠭᠦᠢ ᠤᠴᠠᠷᠠᠯ ᠤᠨ ᠳᠤᠷᠠᠳᠬᠠᠯ


ᠳᠤᠳᠤᠭᠠᠳᠤ ᠡᠩᠭᠡᠷ ᠲᠤ ᠮᠢᠨᠢ

ᠳᠤᠯᠤᠭᠠᠨ ᠭᠦᠪᠠᠭᠦᠨ ᠵᠠᠶᠠᠭᠠᠵᠤ

ᠭᠠᠳᠠᠭᠠᠳᠤ ᠡᠩᠭᠡᠷ ᠲᠤ ᠮᠢᠨᠢ

ᠭᠠᠭᠴᠠ ᠦᠬᠢᠨ ᠳᠦᠷᠦᠭᠦᠯ

ᠭᠠᠯ ᠭᠤᠯᠤᠮᠳᠠ ᠶᠢ ᠴᠢᠨᠢ ᠰᠠᠭᠢᠭᠤᠯᠤᠶ᠎ᠠ

ᠭᠠᠵᠠᠷ ᠨᠤᠳᠤᠭ ᠢ ᠴᠢᠨᠢ ᠡᠵᠡᠯᠡᠭᠦᠯᠦᠶ᠎ᠡ

᠊᠊᠊᠊᠊᠊᠊᠊᠊᠊᠊᠊᠊᠊᠊ ᠮᠠᠠᠳᠤᠬᠠᠢ ᠰᠠᠴᠠᠨ ᠬᠠᠳᠤᠨ ᠤ ᠳᠤᠮᠤᠭ ᠡᠴᠡ


ᠭᠦᠮᠤᠨ ᠪᠦᠭᠦᠨ ᠤ ᠵᠠᠩ ᠴᠢᠨᠠᠷ ᠲᠤ ᠬᠤᠭᠤᠯᠵᠤ ᠨᠤᠭᠤᠯᠵᠤ ᠪᠠᠢ᠌ᠬᠤ ᠶᠢᠨ ᠠᠷᠭ᠎ᠠ ᠦᠭᠡᠶ ᠨᠢᠭᠡᠨ ᠵᠣᠢ᠌ᠯ ᠪᠣᠢ ᠠᠭᠠᠤᠨ ᠳᠠᠷᠠ ᠪᠣᠯ ᠵᠠᠩ ᠴᠢᠨᠠᠷ ᠤᠨ ᠭᠢᠨᠢ ᠨᠤᠶᠠᠨ ᠨᠢᠷᠤᠭᠤ ᠪᠦᠯᠦᠭᠡ᠃

᠊᠊᠊᠊᠊᠊᠊᠊᠊᠊᠊᠊᠊᠊᠊ ᠭ᠂ ᠯᠢᠬᠠᠲ᠋ᠸᠨᠪᠧᠷᠭᠢ



ᠣᠶᠠᠩᠭ᠋᠎ᠠ ᠶᠢᠨ ᠴᠠᠭᠠᠨ ᠨᠠᠭᠤᠷ ᠤᠨ ᠪᠠᠷᠠᠭᠤᠨ᠂ ᠬᠠᠷ᠎ᠠ ᠭᠦᠳᠦᠭᠦᠷ ᠤᠨ ᠡᠩᠭᠡᠷ ᠤᠨ ᠵᠥᠭᠡᠯᠡᠨ ᠭᠦᠷᠦᠰᠤᠨ ᠳᠤ ᠪᠠᠽᠠᠷ ᠤᠨ ᠭᠡᠳᠡᠭ᠌ ᠠᠢ᠌ᠯ ᠤᠨ ᠳᠠᠪᠤᠨ ᠬᠠᠨᠠᠳᠠᠢ ᠳᠤᠮᠳᠠ ᠵᠡᠷᠭᠡ ᠶᠢᠨ ᠭᠡᠷ ᠰᠢᠭᠢᠷᠠᠯᠠᠵᠤ ᠪᠠᠭᠤᠭᠰᠠᠨ ᠡᠴᠡ ᠬᠣᠢ᠌ᠰᠢ ᠡᠳᠦᠭᠡ ᠭᠦᠷᠳᠡᠯ᠎ᠡ ᠶᠡᠭᠡ ᠴᠤ ᠦᠭᠡᠶ᠂ ᠪᠠᠭ᠎ᠠ ᠴᠤ ᠦᠭᠡᠶ ᠬᠤᠶᠠᠷ ᠰᠠᠷ᠎ᠠ ᠶᠢᠨ ᠬᠤᠭᠤᠴᠠᠭ᠎ᠠ ᠥᠩᠭᠡᠷᠡᠪᠡ᠃ ᠭᠡᠭᠡᠷ᠎ᠡ ᠬᠤᠨᠤᠵᠤ ᠭᠡᠴᠡ ᠳᠠᠷᠠᠯᠠᠵᠤ᠂ ᠰᠢᠷᠤᠢ ᠳᠡᠭᠡᠷ᠎ᠡ ᠵᠠᠪᠢᠯᠠᠵᠤ᠂ ᠮᠤᠷᠢᠨ ᠳᠡᠭᠡᠷ᠎ᠡ ᠣᠠᠳᠠᠵᠤ᠂ ᠳᠠᠯ᠎ᠠ ᠬᠤᠨᠢᠨ ᠤ ᠮᠢᠬ᠎ᠠ ᠢᠳᠠᠵᠤ᠂ ᠳᠠᠪᠤᠨ ᠬᠤᠨᠤᠭ ᠬᠤᠭᠤᠯᠠ ᠦᠭᠡᠶ ᠶᠠᠪᠣᠵᠤ᠂ ᠭᠦᠯᠦᠭ᠌ ᠤᠨ ᠳᠡᠭᠡᠳᠤ ᠳᠤ ᠰᠢᠪᠠᠭᠤ ᠰᠢᠭ ᠵᠢᠷᠭᠢᠨ᠂ ᠳᠠᠯ᠎ᠠ ᠶᠢᠨ ᠠᠭᠠᠷ ᠢ ᠰᠢᠩᠭᠡᠷᠡᠳᠡᠯ᠎ᠡ ᠠᠮᠢᠰᠬᠤᠯᠯᠠᠵᠤ ᠶᠠᠪᠣᠭᠰᠠᠨ ᠭᠦᠴᠤᠨ ᠳᠤ᠂ ᠮᠦᠨ ᠰᠠᠢ᠌ᠨ ᠬᠠᠨᠢ ᠶᠢᠨ ᠠᠰᠠᠷᠠᠵᠤ ᠳᠤᠷᠳᠠᠭᠰᠠᠨ ᠤ ᠡᠷᠭᠡ ᠪᠠᠷ ᠪᠠᠽᠠᠷ ᠶ‍ᠢᠰᠤᠨ ᠡᠷᠡᠭᠦᠤ ᠶᠢᠨ ᠳᠠᠷᠠᠭᠠᠭᠢ ᠰᠢᠷᠬᠠᠨ ᠤ ᠬᠠᠯᠠᠭᠤᠨ ᠳᠤ ᠳᠠᠰᠴᠤ ᠠᠮᠢ ᠭᠠᠷᠴᠠᠢ᠃ ᠨᠥᠭᠦᠳᠡᠭᠦᠷ ᠳᠡᠭᠡᠵᠤ ᠶᠠᠪᠣᠭ᠎ᠠ ᠦᠭᠡᠶ ᠪᠣᠯ ᠶ‍ᠢᠰᠤᠨ ᠡᠷᠡᠭᠦᠤ ᠳᠤ ᠠᠯᠪᠠᠳᠠᠯᠭ᠎ᠠ ᠪᠠᠷ ᠣᠷᠤᠬᠤ ᠨᠢ ᠴᠤ ᠪᠠᠰᠠ ᠦᠭᠡᠶ ᠪᠠᠢ᠌ᠭᠰᠠᠨ ᠪᠠᠢ᠌ᠵᠤ ᠪᠣᠯᠬᠤ ᠠᠪᠠᠢ᠃

ᠪᠠᠤᠠᠮ᠎ᠠ ᠭᠡᠦᠭᠡᠨ ᠳᠠᠷᠢᠭᠠᠩᠭ᠋᠎ᠠ ᠶᠢᠨ ᠣᠰᠤ ᠰᠢᠷᠤᠢ ᠳᠤ ᠰᠥᠰᠦᠭ᠌ ᠲᠡᠶ ᠠᠮᠢᠳᠤᠷᠠᠵᠤ᠂ ᠮᠦᠨ ᠢᠳᠡᠭᠡᠰᠢᠯᠭᠡ ᠲᠡᠶ ᠳᠠᠰᠴᠤ ᠪᠠᠢ᠌ᠪᠠ᠃ ᠳᠡᠮᠡᠭᠡᠨ ᠤ ᠥᠳᠡᠭᠡᠷᠢ ᠳᠡᠪᠳᠦᠭᠡᠵᠤ᠁ ᠵᠤᠪᠠᠯᠠᠩ ᠤᠨ ᠦᠶᠡᠷ ᠤᠨ ᠬᠣᠢ᠌ᠨ᠎ᠠ ᠬᠣᠢ᠌ᠨ᠎ᠠ ᠡᠴᠡ ᠮᠦᠷᠯᠠᠨ ᠰᠢᠭᠤᠷᠭᠠᠯᠠᠭᠰᠠᠨ ᠲᠦᠮᠡᠨ ᠳᠠᠪᠠᠯᠭᠠᠨ ᠳᠤ ᠰᠢᠳᠡᠭᠦᠯᠵᠤ ᠪᠠᠢ᠌ᠭᠰᠠᠨ ᠶᠢᠡᠨ ᠪᠣᠳᠤᠬᠤ ᠳᠤ ᠡᠳᠦᠭᠡ ᠬᠠᠷ᠎ᠠ ᠳᠠᠷᠤᠭᠰᠠᠨ ᠠᠶᠤᠮᠰᠢᠭᠳᠤ ᠵᠡᠭᠦᠳᠤᠨ ᠤ ᠳᠠᠷᠠᠭ᠎ᠠ ᠰᠡᠷᠢᠭ᠍ᠰᠡᠨ ᠶᠤᠮ ᠰᠢᠭ᠌ ᠰᠠᠨᠠᠭᠳᠠᠨ᠎ᠠ᠃ ᠡᠳᠦᠭᠡ ᠪᠠᠤᠠᠮ᠎ᠠ ᠭᠡᠦᠭᠡᠨ ᠰᠠᠨᠠᠵᠤ ᠰᠠᠷᠪᠠᠢ᠌ᠵᠤ ᠶᠠᠪᠣᠳᠠᠭ ᠡᠷᠳᠡᠨᠢ ᠪᠣᠯᠤᠭᠰᠠᠨ ᠢᠵᠢᠯᠢ ᠬᠠᠨᠢ ᠶᠢ ᠮᠢᠨᠢ ᠪᠣᠷᠬᠠᠨ ᠲᠦᠰᠢᠵᠤ ᠶᠠᠪᠣᠭᠠᠰᠠᠢ︕ ᠭᠡᠮᠡᠨ ᠴᠠᠢ᠂ ᠰᠦ᠋ ᠶᠢᠨ ᠶᠢᠡᠨ ᠳᠡᠭᠡᠵᠢ ᠶᠢ ᠳᠡᠭ᠍ᠷᠢ ᠳᠤ ᠰᠠᠴᠤᠨ ᠰᠠᠭᠤᠳᠠᠭ ᠪᠠᠢ᠌ᠯ᠎ᠠ᠃

ᠭᠠᠯᠳᠠᠨ ᠶᠠᠭᠠᠭᠢᠬᠤᠪ ᠣᠷᠭᠤᠵᠤ ᠪᠣᠢ ᠨᠤᠭᠤᠭ᠎ᠠ᠂ ᠣᠠᠳᠤᠷᠴᠤ ᠡᠭᠢᠯᠡᠵᠤ ᠪᠣᠢ ᠭᠤᠷᠤᠬ᠎ᠠ ᠪᠣᠯᠬᠤᠷ ᠡᠪᠦᠯ ᠢ ᠭᠦᠯᠢᠶᠡᠵᠤ ᠥᠩᠭᠡᠢ᠌ᠭᠦ ᠦᠭᠡᠶ᠂ ᠡᠳᠦᠷ ᠬᠤᠨᠤᠭ ᠶᠢᠡᠷ ᠦᠰᠴᠦ ᠳᠤᠮᠤ ᠪᠣᠯᠤᠭᠰᠠᠭᠠᠷ ᠠᠵᠠᠢ᠃ ᠬᠠᠷᠢᠨ ᠮᠠᠭᠤ ᠳᠡᠭᠦᠤ ᠡᠴᠡ ᠪᠠᠨ ᠬᠣᠢ᠌ᠰᠢ ᠭᠤᠨᠠᠨ ᠤ ᠥᠷᠦᠭᠡᠰᠤᠨ ᠡᠪᠠᠷ ᠰᠢᠭ᠌ ᠥᠨᠦᠴᠢᠷᠡᠭᠡᠤᠨ ᠨᠢᠭᠡ ᠭᠡᠰᠡᠭ᠌ ᠭᠤᠳᠤᠩᠭᠢ ᠵᠤᠯᠪᠣᠭ᠎ᠠ ᠦᠭᠡᠶ ᠶᠠᠪᠣᠳᠠᠭ ᠪᠣᠯᠵᠤ ᠪᠢᠯᠠ᠃ ᠭᠡᠪᠠᠴᠤ ᠪᠣᠳᠤᠯᠭᠠᠳᠠᠢ ᠰᠥᠷᠡᠭᠡᠢ ᠭᠡᠦᠭᠡᠤᠨ ᠳᠤᠯᠠ ᠰᠠᠤᠠᠭᠢᠯ ᠳᠤᠳᠤᠷᠠᠭᠢ ᠪᠠᠨ ᠭᠠᠷᠭᠠᠵᠤ ᠡᠵᠢ᠂ ᠠᠪᠣ ᠪᠠᠨ ᠣᠭᠢᠯᠠᠭᠤᠯᠵᠤ ᠬᠠᠢ᠌ᠯᠠᠭᠤᠯᠵᠤ ᠪᠠᠢ᠌ᠭᠰᠠᠨ ᠣᠳᠠᠭ᠎ᠠ ᠦᠭᠡᠶ᠃ ᠥᠴᠦᠭᠡᠳᠦᠷ ᠣᠷᠤᠢ ᠯᠠ ᠬᠠᠷᠢᠨ ᠡᠭᠡ ᠳᠡᠭᠡᠨ ᠭᠡᠨᠡᠳᠲᠡᠭᠡᠨ᠄

᠊᠊᠊᠊᠊᠊᠊᠊᠊᠊᠊᠊᠊᠊᠊ ᠡᠵᠢ ᠡ᠂ ᠳᠠ ᠨᠠᠳᠠᠳᠤ ᠭᠦᠤ ᠳᠡᠭᠦᠤ ᠬᠠᠢ᠌ᠷᠠᠯᠠᠭᠠᠴᠢ︕ ᠭᠡᠵᠤ ᠪᠣᠳᠤᠯᠭᠠᠰᠢᠷᠠᠨ ᠪᠠᠢ᠌ᠵᠤ ᠭᠤᠶᠤᠭᠰᠠᠨ ᠠᠵᠠᠢ᠃ ᠥᠷᠯᠦᠭᠡ ᠡᠷᠳᠡ ᠠᠪᠣ ᠲᠡᠶ ᠪᠠᠨ ᠳᠠᠯᠪᠢᠵᠤ ᠬᠤᠨᠤᠭᠰᠠᠨ ᠴᠢᠳᠤᠷ ᠤᠨ ᠮᠤᠷᠢᠨ ᠳᠠᠭᠠᠨ ᠶᠠᠪᠣᠵᠤ ᠪᠠᠢ᠌ᠬᠤ ᠳᠠᠭᠠᠨ᠄

᠊᠊᠊᠊᠊᠊᠊᠊᠊᠊᠊᠊᠊᠊᠊ ᠠᠪᠣ ᠡ᠂ ᠡᠵᠢ ᠳᠠᠨ ᠳᠤ ᠭᠡᠯᠡᠭ᠍ᠰᠡᠨ ᠦᠦ︖ ᠭᠡᠭᠦ ᠳᠤ ᠨᠢ᠄

᠊᠊᠊᠊᠊᠊᠊᠊᠊᠊᠊᠊᠊᠊᠊ ᠶᠠᠭᠤᠨ ᠤ ᠳᠤᠬᠠᠢ ᠳᠠᠷᠠ ᠪᠣᠢ᠂ ᠮᠢᠨᠤ ᠭᠦᠤ︖ ᠭᠡᠪᠠᠯ᠄

᠊᠊᠊᠊᠊᠊᠊᠊᠊᠊᠊᠊᠊᠊᠊ ᠡᠵᠢ ᠳᠠᠨ ᠳᠤ ᠭᠡᠯᠡᠭᠦ ᠪᠠᠢ᠌ᠯᠭᠦᠢ ᠳ᠋ᠠ︕ ᠭᠡᠤᠨ ᠳᠤᠤᠭᠠᠷᠤᠭᠰᠠᠨ ᠦᠭᠡᠶ᠃ ᠠᠪᠣ ᠲᠡᠶ ᠪᠠᠨ ᠮᠤᠷᠢᠨ ᠳᠤ ᠶᠠᠪᠣᠬᠤ ᠭᠡᠵᠤ ᠡᠷᠳᠡ ᠪᠣᠰᠤᠭᠰᠠᠨ ᠭᠠᠯᠳᠠᠨ ᠭᠦᠤ ᠣᠳᠤ ᠬᠣᠢ᠌ᠮᠤᠷ ᠲᠤ ᠪᠠᠨ ᠣᠠᠳᠠᠵᠤ ᠪᠠᠢ᠌ᠨ᠎ᠠ᠃

ᠪᠠᠤᠠᠮ᠎ᠠ 《ᠴᠠᠷ᠎ᠠ》 ᠭᠡᠮᠡᠭᠦ ᠳᠤᠮᠤ ᠳᠠᠯᠪᠠᠭᠠᠷ ᠭᠠᠤᠯᠢᠨ ᠳᠠᠪᠠᠭ ᠲᠤ ᠠᠭᠤᠷ ᠰᠠᠪᠰᠠᠭᠰᠠᠨ ᠬᠤᠨᠢᠨ ᠤ ᠬᠤᠶᠠᠷ ᠬᠠᠪᠢᠷᠭ᠎ᠠ ᠭᠠᠷᠭᠠᠵᠤ ᠨᠥᠭᠦᠷ ᠤᠨ ᠶᠢᠡᠨ ᠡᠮᠦᠨ᠎ᠡ ᠳᠠᠯᠪᠢᠭᠠᠤᠨ ᠭᠦᠤ ᠣᠷᠤᠭᠤ ᠪᠠᠨ ᠬᠠᠷᠠᠭᠰᠠᠨ ᠶᠢᠡᠨ᠄

᠊᠊᠊᠊᠊᠊᠊᠊᠊᠊᠊᠊᠊᠊᠊ ᠭᠦᠤ ᠮᠢᠨᠢ ᠬᠠᠨᠢ ᠳᠤ ᠪᠠᠨ ᠭᠢᠯᠢ ᠮᠠᠨᠠᠬᠤ ᠳᠡᠭᠦᠤ ᠲᠡᠶ ᠪᠣᠯᠤᠶ᠎ᠠ ᠭᠡᠵᠤ ᠪᠠᠢ᠌ᠬᠤ ᠶᠤᠮ ᠭᠡᠰᠡᠨ ᠳᠤ ᠪᠠᠽᠠᠷ ᠭᠠᠯᠵᠠᠭᠤ ᠰᠢᠷ᠎ᠠ ᠳᠠᠮᠠᠭᠢ ᠪᠠᠨ ᠭᠠᠭᠴᠠ ᠨᠢᠭᠡ ᠰᠠᠪᠰᠠᠭᠤᠯᠵᠤ᠄

᠊᠊᠊᠊᠊᠊᠊᠊᠊᠊᠊᠊᠊᠊᠊ ᠮᠢᠨᠤ ᠭᠦᠤ ᠶᠢᠨ ᠲᠦᠮᠡᠨ ᠵᠦᠪ᠂ ᠣᠬᠠᠭᠠᠠᠳᠠᠢ ᠰᠢᠤ︕ ᠭᠦᠤ ᠪᠠᠨ ᠰᠠᠢ᠌ᠨ ᠶᠠᠭᠤᠮᠠᠨ ᠳᠤ ᠰᠤᠷᠭᠠᠬᠤ ᠮᠢᠨᠢ︕ ᠭᠡᠤᠨ ᠪᠣᠳᠤᠯ ᠪᠣᠳᠤᠨ ᠳᠠᠭᠤ ᠪᠠᠨ ᠬᠤᠷᠢᠶᠠᠵᠠᠢ᠃ ᠳᠡᠭᠡᠭ᠍ᠰᠡᠨ ᠶᠢᠡᠨ ᠠᠯᠢ ᠳᠦᠷᠦᠭᠦᠤ ᠰᠤᠷᠤᠵᠤ ᠴᠡᠭᠡᠵᠢ ᠣᠷᠤᠭᠤ ᠪᠠᠨ ᠭᠢᠭ᠍ᠰᠡᠨ ᠣᠳᠤᠭ᠎ᠠ ᠪᠠᠨ ᠪᠠᠷᠤᠭ ᠢ ᠨᠢ ᠠᠯᠠᠭ᠎ᠠ ᠪᠣᠯᠭᠠᠴᠢᠬᠠᠭᠠᠤᠨ ᠣᠳᠤ ᠯᠠ ᠨᠢᠭᠡ ᠵᠢᠭᠠᠬᠠᠨ ᠠᠭᠤᠷ ᠰᠢᠭ ᠶᠠᠭᠤᠮ᠎ᠠ ᠬᠠᠮᠠᠷ ᠶᠢᠡᠷ ᠶᠢᠡᠨ ᠭᠠᠷᠭᠠᠨ ᠪᠠᠢ᠌ᠵᠤ ᠡᠢ᠌ᠨ ᠥᠭᠦᠯᠡᠷᠤᠨ᠄

᠊᠊᠊᠊᠊᠊᠊᠊᠊᠊᠊᠊᠊᠊᠊ ᠨᠢᠭᠡ ᠭᠦᠤ ᠲᠡᠶ ᠭᠦᠮᠤᠨ ᠭᠦᠤ ᠦᠭᠡᠶ ᠲᠡᠶ ᠠᠳᠠᠯᠢ ᠶᠤᠮ ᠭᠡᠳᠡᠭ᠌︕ ᠁

᠊᠊᠊᠊᠊᠊᠊᠊᠊᠊᠊᠊᠊᠊᠊ ᠨᠢᠭᠦᠯ ᠶᠤᠮ᠂ ᠴᠢ ᠮᠢᠨᠢ ᠶᠠᠭᠤ ᠪᠠᠨ ᠶᠠᠷᠢᠬᠤ ᠨᠢ ᠡᠨᠡ ᠪᠣᠢ︖

᠊᠊᠊᠊᠊᠊᠊᠊᠊᠊᠊᠊᠊᠊᠊ ᠨᠢᠭᠦᠯ ᠪᠢᠰᠢ ᠡ᠂ ᠦᠨᠡᠨ ᠶᠠᠭᠤᠮ᠎ᠠ ᠶᠢ ᠨᠢᠭᠦᠯ ᠭᠡᠪᠠᠯ ᠶᠤᠰᠤᠳᠠᠢ ᠨᠢᠭᠦᠯ ᠪᠣᠯᠤᠨ᠎ᠠ᠃ ᠴᠢ ᠠᠩ ᠭᠡᠵᠤ ᠪᠠᠢ᠃ ᠮᠡᠷᠭᠡᠨ ᠰᠠᠠᠵᠢ ᠭᠤᠸᠠᠢ ᠨᠠᠳᠠᠳᠤ ᠢᠩᠭᠢᠵᠤ ᠭᠡᠯᠡᠭ᠍ᠰᠡᠨ ᠶᠤᠮ᠄ 《ᠪᠠᠽᠠᠷ ᠡ᠂ ᠴᠢ ᠬᠤᠷᠴᠠ ᠬᠠᠷ᠎ᠠ ᠣᠬᠠᠭᠠᠠᠳᠠᠢ ᠭᠦᠮᠤᠨ᠃ ᠡᠷᠳᠡᠮ ᠰᠤᠷᠬᠤ ᠶᠤᠮ ᠪᠢᠰᠢ ᠦᠦ⁈ ᠠᠢ ᠳ᠋ᠠ᠂ ᠴᠢᠨᠤ ᠡᠨᠡ ᠳᠤᠯᠤᠭᠠᠢ ᠡᠷᠳᠡᠨᠢ ᠶᠢᠨ ᠳᠤᠯᠤᠭᠠᠢ ᠳ᠋ᠠ︕ ᠡᠷᠳᠡᠮ ᠤᠨ ᠪᠠᠶᠠᠨ ᠳᠡᠭᠡᠳᠤ ᠪᠠᠶᠠᠨ᠂ ᠦᠷ᠎ᠡ ᠶᠢᠨ ᠪᠠᠶᠠᠨ ᠳᠤᠮᠳᠠ ᠪᠠᠶᠠᠨ᠂ ᠠᠳᠤᠭᠤ ᠮᠠᠯ ᠤᠨ ᠪᠠᠶᠠᠨ ᠠᠳᠠᠭ ᠤᠨ ᠪᠠᠶᠠᠨ ᠭᠡᠵᠤ ᠮᠤᠩᠭ᠋ᠤᠯᠴᠤᠳ ᠭᠡᠯᠡᠯᠴᠡᠵᠤ ᠢᠷᠠᠵᠠᠢ᠃ ᠳᠡᠭᠦᠤ ᠮᠢᠨᠢ ᠴᠢ ᠶᠠᠭᠤᠮ᠎ᠠ ᠰᠤᠷ︕ ᠁》 ᠳᠡᠭᠡᠭᠦ ᠳᠤ ᠳ᠋ᠤᠨᠢ ᠪᠢ ᠦᠨᠡᠨ ᠶᠢᠡᠨ ᠦᠴᠢᠵᠤ 《ᠰᠠᠠᠵᠢ ᠭᠤᠸᠠᠢ ᠮᠢᠨᠢ᠂ ᠪᠢ ᠭᠡᠷ ᠤᠨ ᠪᠣᠭ ᠪᠣᠯᠵᠤ ᠵᠠᠪᠢᠯᠠᠵᠤ ᠰᠠᠭᠤᠭᠠᠤᠨ ᠨᠤᠮ ᠦᠵᠡᠵᠤ ᠴᠢᠳᠠᠬᠤ ᠦᠭᠡᠶ ᠡ᠃ ᠬᠠᠳᠠ ᠪᠣᠯᠳᠠᠯ᠎ᠠ ᠬᠠᠠᠳᠠᠷᠠᠭᠰᠠᠨ ᠮᠤᠷᠢ ᠪᠠᠨ ᠬᠠᠳᠠᠨ ᠤ ᠳᠡᠷᠭᠡᠳᠡ ᠴᠢᠯᠦᠭᠡᠳᠡᠢ ᠰᠣᠢ᠌ᠴᠢᠬᠠᠭᠠᠤᠨ᠂ ᠴᠢᠯᠠᠭᠤ ᠶᠡᠭᠦᠷᠡᠳᠡᠯ᠎ᠡ ᠢᠰᠭᠢᠷᠴᠤ ᠪᠠᠢ᠌ᠬᠤ ᠰᠢᠭ ᠵᠢᠷᠭᠠᠯ ᠨᠠᠳᠠᠳᠤ ᠠᠯᠠᠭ᠎ᠠ᠁ ᠠᠳᠠᠭ ᠤᠨ ᠪᠠᠶᠠᠨ ᠠᠳᠤᠭᠤ ᠮᠠᠯ ᠨᠢ ᠴᠤ ᠭᠡᠷᠡᠭ᠌ ᠦᠭᠡᠶ᠃ ᠬᠠᠷᠢᠨ ᠭᠠᠭᠴᠠ ᠰᠠᠢ᠌ᠬᠠᠨ ᠭᠦᠤ ᠲᠡᠶ ᠪᠣᠯᠬᠤ ᠶᠤᠮᠰᠠᠨ︕》 ᠭᠡᠵᠤ ᠪᠢᠯᠠ᠃ ᠰᠠᠠᠵᠢ ᠭᠤᠸᠠᠢ ᠳᠡᠭᠡᠭᠦ ᠳᠤ ᠳᠤᠯᠤᠭᠠᠢ ᠳᠤᠭᠢᠵᠤ ᠰᠠᠭᠤᠭᠠᠤᠨ᠄ 《ᠴᠢ ᠡᠢ᠌ᠮᠤ ᠯᠠ ᠨᠤᠬᠠᠢ ᠭᠦᠮᠤᠨ ᠳ᠋ᠠ︕ ᠳᠠᠷᠠ ᠪᠣᠯᠭᠠᠨ ᠭᠦᠮᠤᠨ ᠤ ᠭᠡᠯᠡᠳᠡᠭ᠌ ᠦᠭᠡᠶ ᠪᠢᠰᠢ ᠡ᠃ ᠠᠢ ᠳ᠋ᠠ᠂ ᠣᠬᠠᠭᠠᠨ ᠲᠡᠶ ᠶᠠᠷᠢᠵᠤ ᠪᠠᠢ᠌ᠨ᠎ᠠ᠃ ᠴᠢᠮᠢ᠋ᠢ ᠡᠷᠳᠡᠮ ᠨᠤᠮ ᠤᠨ ᠣᠩᠭ᠋ᠤᠳ ᠡᠴᠡ ᠡᠮᠦᠨ᠎ᠡ ᠭᠡᠭᠡᠷ᠎ᠡ ᠶᠢᠨ ᠣᠩᠭ᠋ᠤᠳ ᠭᠦᠳᠦᠯᠴᠢᠭᠡᠭ᠍ᠰᠡᠨ ᠨᠢ ᠬᠠᠷᠠᠮᠰᠠᠯᠳᠠᠢ᠌ᠶ᠎ᠠ︕ ᠮᠤᠩᠭ᠋ᠤᠯᠴᠤᠳ ᠪᠢᠳᠠ ᠪᠦᠭᠦᠳᠡ ᠬᠠᠷᠠᠩᠭ᠋ᠤᠢ ᠪᠣᠯᠬᠤᠯᠠᠷ ᠶᠠᠭᠠᠭᠢᠨ᠎ᠠ ᠭᠡᠭᠦᠪ ⁈ ᠲᠦᠷᠦ ᠰᠤᠬᠤᠷ ᠪᠣᠯ ᠲᠦᠮᠡᠨ ᠰᠤᠬᠤᠷ ᠭᠡᠳᠡᠭ᠌ ᠶᠤᠮ᠁ ᠵᠠ᠂ ᠳᠠᠭᠠᠭᠤᠯᠡᠷ ᠴᠢ ᠨᠢᠭᠡ ᠰᠠᠢ᠌ᠬᠠᠨ ᠭᠦᠤ ᠲᠡᠶ ᠪᠣᠯᠬᠤ ᠳᠤ ᠪᠣᠳᠤᠵᠤ ᠪᠠᠢ᠌ᠳᠠᠭ ᠶᠤᠮ ᠪᠢᠵᠠ ᠳ᠋ᠠ︕ ᠶᠠᠭᠤᠮ᠎ᠠ ᠪᠣᠯᠭᠠᠨ ᠰᠠᠪᠠᠨ ᠡᠴᠡ ᠪᠠᠨ ᠬᠠᠮᠢᠶᠠᠷᠤᠨ᠎ᠠ ᠰᠢᠤ︕ ᠭᠡᠦᠭᠡᠤᠨ ᠴᠤ ᠢᠯᠭᠠᠯ ᠦᠭᠡᠶ ᠰᠠᠪᠠᠨ ᠡᠴᠡ ᠪᠣᠯᠤᠨ᠎ᠠ᠃ ᠴᠢ ᠰᠠᠢ᠌ᠨ ᠠᠪᠠᠭᠠᠢ ᠠᠪᠣᠪᠠᠯ ᠰᠠᠢ᠌ᠨ ᠭᠦᠤ ᠲᠦᠷᠦᠨ᠎ᠠ᠃ ᠴᠢ ᠮᠠᠭᠤ ᠠᠪᠠᠭᠠᠢ ᠠᠪᠣᠪᠠᠯ ᠮᠠᠭᠤ ᠭᠦᠤ ᠲᠦᠷᠦᠨ᠎ᠠ᠃ ᠰᠠᠢ᠌ᠨ ᠪᠦᠭᠡ ᠶᠢ 〈ᠨᠠᠶᠠᠨ ᠠᠭᠠᠴᠤ ᠶᠢᠨ ᠣᠳᠤᠮ ᠭᠦᠭᠡᠭᠡᠭ᠍ᠰᠡᠨ〉 ᠭᠡᠵᠤ ᠶᠠᠷᠢᠳᠠᠭ ᠠᠵᠠᠢ》 ᠭᠡᠰᠡᠨ᠃ ᠳᠡᠭᠡᠭᠦ ᠳᠤ ᠨᠢ ᠪᠢ ᠰᠠᠪᠠᠨ ᠡᠴᠡ ᠪᠣᠯᠤᠨ᠎ᠠ ᠭᠡᠰᠡᠨ ᠴᠢᠨᠢ ᠶᠠᠭᠤ ᠭᠡᠰᠡᠨ ᠦᠭᠡᠶ ᠪᠣᠢ︖ ᠭᠡᠪᠠᠯ 《ᠣᠬᠠᠭᠠᠨ ᠨᠢ ᠴᠢᠨᠤ ᠭᠦᠤ ᠪᠣᠯ ᠵᠠᠪᠠᠯ ᠪᠦᠭᠡ ᠪᠠᠢ᠌ᠬᠤ ᠠᠯᠪᠠ ᠦᠭᠡᠶ᠂ ᠴᠢᠨᠤ ᠦᠬᠢᠨ ᠡᠴᠡ ᠭᠠᠷᠤᠭᠰᠠᠨ ᠭᠦᠤ ᠪᠣᠯ ᠪᠦᠭᠡ ᠪᠠᠢ᠌ᠵᠤ ᠪᠣᠯᠤᠨ᠎ᠠ᠃ 〈ᠰᠠᠪᠠ ᠪᠠᠨ ᠳᠠᠭᠠᠨ᠎ᠠ〉 ᠭᠡᠳᠡᠭ᠌ ᠴᠢᠨᠢ ᠡᠨᠡ᠃ ᠴᠢ ᠰᠢᠯᠢ ᠶᠢᠨ ᠭᠦᠮᠤᠨ᠃ ᠴᠢᠮᠢ᠋ᠢ ᠬᠠᠪᠢᠳᠠᠭᠰᠠᠨ ᠨᠢᠭᠡ ᠭᠡᠦᠭᠡᠨ ᠲᠡᠶ ᠪᠠᠨ ᠰᠠᠭᠤᠴᠢᠬᠠᠬᠤ ᠪᠣᠢ ᠭᠡᠵᠤ ᠪᠢ ᠡᠭᠦᠨ ᠢ ᠶᠠᠷᠢᠯ᠎ᠠ᠃ ᠰᠠᠨᠠᠮᠰᠠᠷ ᠦᠭᠡᠶ ᠣᠴᠠᠷᠠᠭᠰᠠᠨ ᠡᠮ᠎ᠡ ᠴᠢᠮᠠᠳᠤ ᠰᠠᠢ᠌ᠨ ᠭᠦᠤ ᠳᠦᠷᠦᠭᠦᠯᠵᠤ ᠥᠭ᠍ᠴᠤ ᠴᠢᠳᠠᠭ᠎ᠠ ᠴᠤ ᠪᠢᠯᠢᠤ᠂ ᠦᠭᠡᠶ ᠴᠤ ᠪᠢᠯᠢᠤ︕ ᠭᠡᠭᠦ ᠳᠡᠭᠡᠨ ᠰᠠᠪᠠ ᠰᠠᠢ᠌ᠳᠠᠢ ᠪᠦᠰᠡᠭᠦᠢ ᠦᠷ᠎ᠡ ᠣᠯᠬᠤ ᠶᠢᠨ ᠳᠤᠯᠠᠳᠠ ᠡᠷᠭᠦᠵᠤ ᠳ᠋ᠸᠩᠰᠠᠯᠠᠵᠤ᠂ ᠦᠨᠳᠦᠷᠯᠠᠵᠤ ᠴᠢ᠌ᠯᠠᠵᠤ ( ᠊ᠤᠤᠢ ᠪᠠᠷ ᠭᠡᠮᠵᠢᠵᠤ ) ᠪᠠᠢ ᠭᠡᠵᠤ ᠪᠢ ᠭᠡᠯᠡᠵᠤ ᠪᠠᠢ᠌ᠭ᠎ᠠ ᠪᠢᠰᠢ ᠡ︕ ᠵᠠ᠂ ᠴᠢ ᠭᠠᠭᠴᠠ ᠰᠠᠢ᠌ᠬᠠᠨ ᠭᠦᠤ ᠲᠡᠶ ᠪᠣᠯᠬᠤ ᠮᠢᠨᠢ ᠭᠡᠵᠤ ᠶᠠᠷᠢᠵᠤ ᠪᠠᠢ᠌ᠨ᠎ᠠ᠃ ᠬᠠᠢ᠂ ᠴᠢ ᠵᠠᠯᠠᠭᠤ ᠴᠤ ᠪᠠᠢ᠌ᠨ᠎ᠠ᠂ ᠭᠡᠨᠡᠨ ᠴᠤ ᠪᠠᠢ᠌ᠨ᠎ᠠ᠃ ᠨᠢᠭᠡ ᠭᠦᠤ ᠲᠡᠶ ᠪᠣᠯᠪᠠᠯ ᠭᠦᠤ ᠦᠭᠡᠶ ᠭᠡᠵᠤ ᠪᠣᠳᠤᠵᠤ ᠶᠠᠪᠣ᠃ ᠭᠤᠷᠪᠠᠨ ᠰᠠᠢ᠌ᠬᠠᠨ ᠭᠦᠤ ᠲᠡᠶ ᠪᠣᠯᠪᠠᠯ ᠰᠠ‍‌ᠶᠢ ᠨᠢᠭᠡ ᠭᠦᠤ ᠲᠡᠶ ᠪᠣᠯᠪᠠ ᠭᠡᠵᠤ ᠪᠣᠳᠤᠵᠤ ᠶᠠᠪᠣ︕》 ᠭᠡᠰᠡᠨ ᠶᠤᠮᠰᠠᠨ ᠭᠡᠤᠨ ᠪᠠᠽᠠᠷ ᠶᠠᠷᠢᠶ᠎ᠠ ᠪᠠᠨ ᠬᠤᠷᠢᠶᠠᠵᠤ᠂ ᠭᠠᠩᠰᠠ ᠪᠠᠨ ᠳᠦᠷᠠᠢ᠌ᠯᠠᠵᠠᠢ᠃

ᠪᠠᠶᠠᠷ ᠭᠦᠤ ᠪᠠᠨ ᠬᠠᠢ᠌ᠷᠠᠯᠠᠵᠤ ᠳᠤᠷᠠᠰᠤᠭᠰᠠᠨ ᠡᠭᠡ ᠶᠢᠨ ᠡᠪᠦᠷ ᠳᠡᠭᠡᠷ᠎ᠡ ᠪᠦᠭᠡᠮ ᠴᠠᠭᠠᠨ ᠨᠢᠯᠪᠣᠰᠤ ᠭᠡᠳᠤᠨ ᠰᠢᠷᠭᠡᠭ᠌ ᠣᠨᠠᠯ᠎ᠠ᠃


ᠰᠤᠨᠤᠮᠳᠤᠪᠳᠤᠨ ᠦᠪᠡᠷ ᠤᠨ ᠡᠷᠭᠦᠮᠡᠯ ᠭᠦᠤ ᠽᠡᠪᠠᠭ᠌ ᠤᠨ ᠬᠠᠮᠳᠤ ᠣᠶᠠᠩᠭ᠋᠎ᠠ ᠴᠠᠭᠠᠨ ᠨᠠᠭᠤᠷ ᠤᠨ ᠣᠷᠢᠳᠤ ᠳᠠᠠᠵᠢᠨ ᠳᠤ ᠪᠠᠢ᠌ᠭ᠎ᠠ ᠠᠳᠤᠭᠤᠴᠢᠳ ᠤᠨ ᠬᠢ ᠪᠡᠷ ᠶᠢᠡᠨ ᠣᠷᠤᠵᠤ ᠮᠤᠷᠢ ᠪᠠᠨ ᠶᠡᠭᠦᠯᠡᠭᠦᠯᠵᠤ ᠠᠪᠣᠭᠠᠤᠨ ᠭᠦᠷᠦᠭᠡ ᠭᠢᠭᠦ ᠰᠠᠨᠠᠭᠠᠳᠠᠢ ᠬᠠᠷ᠎ᠠ ᠳᠤᠯᠤᠭᠠᠤᠨ ᠶᠢᠡᠷ ᠬᠠᠭᠠᠰ ᠡᠳᠦᠷ ᠳᠡᠨᠦᠭ᠍ᠰᠡᠨ ᠪᠣᠯᠪᠠᠴᠤ ᠠᠷᠪᠠᠭᠠᠤᠠᠬᠠᠨ ᠵᠡᠭᠡᠷ᠎ᠡ ᠲᠡᠶ ᠳᠠᠭᠠᠷᠠᠯᠳᠤᠵᠤ ᠬᠣᠢ᠌ᠭᠤᠷ ᠶᠢᠡᠨ ᠰᠠᠭᠤᠯᠭᠠᠨ ᠠᠯᠳᠠᠭᠰᠠᠨ ᠡᠴᠡ ᠥᠭᠡᠷ᠎ᠡ ᠠᠩ ᠤᠨ ᠦᠰᠦ ᠴᠤ ᠥᠵᠡᠭ᠍ᠰᠡᠨ ᠦᠭᠡᠶ᠃ ᠳᠤᠷᠪᠠᠭᠠᠷ ᠵᠤᠵᠠᠭᠠᠨ ᠣᠷᠤᠭᠤᠯ ᠶᠢᠡᠨ ᠬᠠᠪᠳᠠᠭᠠᠢ ᠣᠯᠠᠭᠠᠨ ᠭᠡᠯᠡ ᠪᠠᠷ ᠶᠢᠡᠨ ᠰᠢᠯᠠᠮᠳᠠᠵᠤ᠄

᠊᠊᠊᠊᠊᠊᠊᠊᠊᠊᠊᠊᠊᠊᠊ ᠵᠠ᠂ ᠭᠦᠤ ᠮᠢᠨᠢ ᠦᠨᠦᠳᠤᠷ ᠪᠣᠯᠢᠨ᠎ᠠ ᠪᠠᠢ᠌ᠭ᠎ᠠ᠃ ᠠᠩ ᠤᠨ ᠭᠠᠠᠵᠤᠭ᠎ᠠ ᠨᠡᠢ᠌ᠯᠡᠭᠦ ᠦᠭᠡᠶ ᠡᠳᠦᠷ ᠰᠢᠭ᠌ ᠪᠠᠢ᠌ᠨ᠎ᠠ᠃ ᠠᠪᠣ ᠨᠢ ᠪᠠᠬᠠᠨ ᠣᠮᠳᠠᠭᠠᠰᠤᠴᠢᠬᠠᠯ᠎ᠠ᠃ ᠣᠳᠤ ᠬᠠᠷᠢᠶ᠎ᠠ︕ ᠭᠡᠮᠡᠨ ᠵᠤᠷᠢᠭ ᠮᠤᠬᠤᠵᠤ᠂ ᠣᠷᠮ᠎ᠠ ᠬᠤᠭᠤᠷᠠᠭᠰᠠᠨ ᠶᠢᠡᠨ ᠨᠢᠭᠤᠯ ᠦᠭᠡᠶ᠂ ᠮᠡᠯᠡᠭᠡᠢ ᠬᠠᠮᠠᠷ ᠶᠢᠡᠨ ᠪᠠᠭ᠎ᠠ ᠵᠡᠷᠭᠡ ᠥᠷᠴᠢ᠌ᠯᠭᠡᠨ ᠭᠡᠯᠡᠵᠡᠢ᠃ ᠬᠠᠷᠢᠨ ᠬᠤᠭᠤᠰ ᠡᠳᠦᠷ ᠤᠨ ᠡᠮᠦᠨ᠎ᠡ ᠠᠳᠤᠭᠤᠨ ᠡᠴᠡ ᠪᠠᠷᠢᠭᠰᠠᠨ ᠭᠤᠶᠠᠨ ᠳᠡᠭᠡᠷ᠎ᠡ ᠪᠠᠨ ᠭᠦᠡᠳᠡᠯᠡᠨ ᠵᠤᠤᠵᠠᠢ ᠳᠠᠮᠠᠭ᠎ᠠ ᠲᠡᠶ ᠳᠠᠷᠭᠤᠨ ᠣᠯᠠᠭᠠᠨ ᠪᠣᠭᠤᠷᠤᠯ ᠮᠤᠷᠢ᠂ ᠳᠤᠯᠤᠭᠠᠬᠠᠨ ᠬᠤᠨᠤᠭ ᠤᠨ ᠡᠮᠦᠨ᠎ᠡ ᠳᠠᠯᠪᠢᠵᠤ ᠦᠨᠦᠳᠤᠷ ᠳᠠᠭᠢᠨ ᠡᠮᠡᠭᠡᠯᠯᠡᠭ᠍ᠰᠡᠨ ᠬᠤᠯᠤᠭᠠᠷ ᠴᠢᠭᠢᠳᠠᠢ ᠬᠠᠷ᠎ᠠ ᠨᠤᠭᠤᠭᠠᠨ ᠰᠤᠶᠤᠭᠠᠯᠠᠩ ᠬᠤᠶᠠᠷ ᠡᠵᠡᠨ ᠤ ᠪᠠᠨ ᠵᠤᠷᠢᠭ ᠢ ᠴᠢᠩᠭ᠋ᠠᠯᠠᠵᠤ᠂ ᠭᠡᠢ ᠮᠤᠷᠢ ᠶᠢ ᠰᠡᠷᠭᠦᠭᠡᠭᠦ ᠭᠡᠰᠡᠨ ᠮᠠᠳᠤ ᠪᠠᠶ᠎ᠠ ᠪᠠᠶᠠᠰ ᠶᠢᠡᠨ ᠭᠦᠭᠡᠷᠭᠡᠨ ᠳᠦᠭᠦᠯᠵᠡᠵᠤ᠂ ᠬᠠᠵᠠᠭᠠᠷ ᠤᠨ ᠠᠮᠠᠭᠠᠢ ᠶᠢ ᠬᠠᠷᠴᠢᠭᠢᠨᠠᠭᠤᠯᠤᠨ ᠥᠤᠷᠰᠠᠵᠤ ᠶᠠᠪᠣᠯ᠎ᠠ᠃

᠊᠊᠊᠊᠊᠊᠊᠊᠊᠊᠊᠊᠊᠊᠊ ᠥ᠂ ᠬᠠᠷ᠎ᠠ ᠠᠳᠢᠰᠬ᠎ᠠ ᠮᠢᠨᠢ᠂ ᠶᠠᠭᠠᠭᠢᠵᠤ ᠮᠠᠶ‍ᠢᠭᠯᠠᠭᠠᠤᠨ ᠪᠠᠢ᠌ᠭ᠎ᠠ ᠶᠤᠮ ᠪᠣᠢ᠂ ᠭᠠᠷ ᠬᠤᠷᠤᠭᠤ ᠳᠠᠰᠤᠳᠠᠬᠤ ᠭᠡᠤᠨ︖ ᠭᠡᠵᠤ ᠬᠠᠷᠢᠶᠠᠭᠰᠠᠭᠠᠷ ᠰᠤᠨᠤᠮᠳᠤᠪᠳᠤᠨ ᠡᠷᠡᠳᠡᠢ ᠰᠤᠷᠤᠨ ᠵᠢᠯᠤᠭᠤ ᠪᠠᠨ ᠳᠤᠭᠳᠤᠴᠢᠨ ᠣᠭᠵᠠᠷᠠᠭᠰᠠᠨ ᠳᠤ ᠪᠣᠭᠤᠷᠤᠯ ᠮᠤᠷᠢ ᠦᠪᠡᠷ ᠲᠡᠶ ᠨᠢ ᠠᠳᠠᠯᠢ ᠳᠠᠪᠳᠤᠷ ᠦᠭᠡᠶ ᠡᠵᠡᠨ ᠤ ᠪᠠᠨ ᠣᠮᠤᠷᠬᠠᠭ ᠵᠠᠩ ᠢ ᠨᠢ ᠭᠡᠵᠢᠶ᠎ᠡ ᠭᠡᠵᠢᠶᠡᠨ ᠤ ᠮᠡᠳᠡᠳᠡᠭ᠌ ᠰᠢᠭ᠌ ᠬᠠᠵᠠᠭᠠᠷ ᠪᠣᠯᠢᠶᠠᠯᠳᠤᠬᠤ ᠪᠠᠨ ᠪᠣᠯᠢᠵᠤ᠂ ᠳᠤᠯᠤᠭᠠᠢ ᠪᠠᠨ ᠳᠦᠭᠦᠯᠵᠡᠭᠦᠯᠤᠨ ᠰᠢᠯᠢ ᠶᠢᠨ ᠰᠢᠪᠠᠭᠡ ᠶᠢ ᠰᠤᠭᠤᠷᠠᠳᠠᠯ᠎ᠠ᠂ ᠰᠢᠭᠢᠦᠡᠭᠡᠭ᠍ᠰᠡᠨ ᠤᠯᠦᠡᠭ᠌ ᠢ ᠰᠤᠯᠠᠷᠠᠳᠠᠯ᠎ᠠ ᠠᠯᠬᠤᠯᠠᠵᠠᠢ᠃ ᠽᠡᠪᠠᠭ᠌ ᠭᠦᠤ ᠶᠢᠨ ᠣᠨᠤᠭᠰᠠᠨ ᠬᠠᠷ᠎ᠠ ᠰᠤᠶᠤᠭᠠᠯᠠᠩ ᠭᠤᠩᠬᠠᠭᠰᠠᠨ ᠪᠣᠭᠤᠷᠤᠯ ᠤᠨ ᠶᠠᠪᠣᠳᠠᠯ ᠢ ᠭᠦᠢᠴᠡᠭᠦ ᠦᠭᠡᠶ ᠠᠯᠬᠤᠭ᠎ᠠ ᠠᠯᠳᠠᠵᠤ᠂ ᠬᠠᠮᠢᠭ᠎ᠠ ᠨᠢᠭᠡᠨᠲᠡ ᠱᠤᠭᠰᠢᠭᠤᠯᠤᠨ ᠪᠠᠢ᠌ᠬᠤ ᠶᠤᠮ᠃

᠊᠊᠊᠊᠊᠊᠊᠊᠊᠊᠊᠊᠊᠊᠊ ᠠᠪᠣ ᠡ᠂ ᠳᠠᠷᠠ ᠭᠡᠨ ᠤ ᠭᠢ ᠢᠷᠡᠭᠡᠤᠨ ᠪᠠᠭᠤᠴᠢᠬ᠎ᠠ ᠪᠣᠢ︖

᠊᠊᠊᠊᠊᠊᠊᠊᠊᠊᠊᠊᠊᠊᠊ ᠬᠠᠮᠢᠭ᠎ᠠ︖

᠊᠊᠊᠊᠊᠊᠊᠊᠊᠊᠊᠊᠊᠊᠊ ᠶᠠᠭᠠᠭᠢᠪᠠ᠂ ᠳᠠᠷᠠ ᠭᠦᠳᠦᠭᠦᠷ ᠤᠨ ᠣᠷᠢᠳᠤ ᠡᠩᠭᠡᠷ ᠲᠤ᠃

᠊᠊᠊᠊᠊᠊᠊᠊᠊᠊᠊᠊᠊᠊᠊ ᠨᠡᠭᠡᠷᠡᠨ ᠨᠢᠭᠡ ᠭᠠᠭᠴᠠ ᠭᠡᠷ ᠪᠠᠢ᠌ᠨ᠎ᠠ᠃ ᠬᠤᠷᠢᠭᠠᠤᠨ ᠬᠤᠨᠢ ᠢᠮᠠᠭ᠎ᠠ ᠲᠡᠶ ᠶᠤᠮ᠁ ᠶᠠᠮᠠᠷ ᠭᠤᠶᠤᠯᠭᠠᠴᠢᠨ ᠨᠢ ᠬᠠᠮᠢᠭ᠎ᠠ ᠡᠴᠡ ᠪᠠᠨ ᠭᠠᠷᠤᠭᠠᠤᠨ ᠢᠷᠠᠪᠠ ⁈

᠊᠊᠊᠊᠊᠊᠊᠊᠊᠊᠊᠊᠊᠊᠊ ᠣᠶᠠᠭᠠᠨ ᠳᠡᠭᠡᠷ᠎ᠡ ᠨᠢ ᠭᠠᠭᠴᠠ ᠮᠤᠷᠢ ᠪᠠᠢ᠌ᠨᠠᠤ ᠳ᠋ᠠ ⁈

᠊᠊᠊᠊᠊᠊᠊᠊᠊᠊᠊᠊᠊᠊᠊ ᠵᠠ᠂ ᠪᠠᠢ᠌ᠵᠠ᠂ ᠭᠡᠨ ᠤ ᠭᠢ ᠪᠠᠢ᠌ᠳᠠᠭ ᠪᠢᠯᠠ︖ ᠠᠪᠣ ᠨᠢ ᠪᠠᠬᠠᠨ ᠣᠮᠳᠠᠭᠠᠰᠴᠤ ᠪᠠᠢ᠌ᠨ᠎ᠠ᠃ ᠳᠦᠭᠦᠷᠡᠭ᠍ᠰᠡᠨ ᠭᠡᠷᠡᠭ᠌᠂ ᠣᠷᠤᠭᠠᠤᠨ ᠭᠠᠷᠬᠤ ᠦᠦ⁈ ᠨᠠᠮᠤᠷ ᠡᠷᠳᠡ ᠪᠠᠢ᠌ᠨ᠎ᠠ᠂ ᠴᠠᠢ ᠶᠢᠨ ᠰᠦ᠋ ᠲᠡᠶ ᠪᠢᠵᠠ︕

ᠽᠡᠪᠠᠭ᠌ ᠭᠦᠤ ᠳᠤᠷᠠᠮᠵᠢᠬᠠᠨ ᠶᠢᠡᠷ᠄

᠊᠊᠊᠊᠊᠊᠊᠊᠊᠊᠊᠊᠊᠊᠊ ᠠᠪᠣ ᠪᠢᠳᠠ ᠬᠤᠶᠠᠷ ᠳᠦᠷᠦᠭᠦᠤ ᠵᠡᠭᠦᠨ ᠣᠷᠢᠳᠤ ᠣᠷᠤᠭᠤ ᠳᠤᠩᠭ᠋ᠣᠢ᠌ᠭᠠᠤᠨ ᠢᠱᠢ ᠨᠤᠶᠠᠨ ᠤ ᠭᠢ ᠪᠠᠷ ᠯᠠ ᠪᠠᠭᠤᠳᠠᠭ ᠪᠠᠢ᠌ᠭᠰᠠᠨ ᠶᠤᠮ ᠰᠢᠤ ᠳ᠋ᠠ ᠭᠡᠭᠦ ᠳᠤ ᠰᠤᠨᠤᠮᠳᠤᠪᠳᠤᠨ ᠣᠴᠠᠭᠠᠷ ᠶᠢᠡᠨ ᠭᠦᠤ ᠳᠡᠭᠡᠨ ᠭᠠᠷᠭᠠᠵᠤ᠄

᠊᠊᠊᠊᠊᠊᠊᠊᠊᠊᠊᠊᠊᠊᠊ ᠶᠠᠭᠤᠨ ᠴᠤ ᠨᠤᠶᠠᠠᠰᠠᠭ ᠶᠤᠮ ᠪᠢᠯᠠ ᠳ᠋ᠠ᠃ ᠴᠢᠨᠤ ᠠᠵᠠ ᠳᠤᠳᠠᠭ᠎ᠠ ᠦᠭᠡᠶ ᠪᠣᠯ ᠴᠢ ᠡᠳᠦᠢ ᠳᠤ ᠳᠠᠷᠢᠭᠠᠩᠭ᠋᠎ᠠ ᠶᠢᠨ ᠪᠦᠭᠦᠳᠡ ᠶᠢᠨ ᠳᠡᠷᠢᠭᠦᠨ ᠤ ᠭᠦᠤ ᠶᠠᠪᠣᠬᠤ ᠣᠴᠢᠷᠳᠠᠢ ᠰᠠᠨ᠁ ᠵᠠ᠂ ᠳᠠᠷᠠ ᠶᠠᠭᠠᠭᠢᠬᠤᠪ᠃ 《ᠠᠳᠤᠭᠤᠴᠢᠨ ᠬᠠᠮᠢᠭᠠᠰᠢ ᠪᠣᠯ ᠠᠳᠤᠭᠤ ᠳᠠᠰᠢ ᠪᠠᠨ᠂ ᠠᠪᠣ ᠬᠠᠮᠢᠭᠠᠰᠢ ᠪᠣᠯ ᠭᠦᠤ ᠳᠠᠰᠢ ᠪᠠᠨ》 ᠭᠡᠳᠡᠭ᠌ ᠶᠤᠮ᠃ ᠡᠨᠡ ᠵᠢᠵᠢᠭ᠌ ᠴᠠᠭᠠᠨ ᠭᠡᠷ ᠲᠤ ᠪᠠᠭᠤᠶ᠎ᠠ᠃ ᠶᠠᠳᠠᠭᠤ ᠭᠢᠷᠢᠨ᠎ᠠ ᠳᠤᠪ ᠭᠢᠭ᠍ᠰᠡᠨ ᠠᠢ᠌ᠯ ᠬᠠᠮᠢᠭ᠎ᠠ ᠡᠴᠡ ᠢᠷᠡᠭᠡᠤᠨ ᠭᠡᠷ ᠶᠢᠡᠨ ᠰᠢᠭᠢᠷᠡᠯᠡᠴᠢᠭᠡᠪᠡ︖ ᠭᠡᠤᠨ ᠳᠦᠷᠦᠭᠡᠨ ᠳᠡᠭᠡᠷ᠎ᠡ ᠪᠠᠨ ᠪᠣᠰᠪᠠᠯ ᠪᠣᠭᠤᠷᠤᠯ ᠮᠤᠷᠢ ᠭᠦᠭᠡᠷᠤᠨ ᠠᠪᠴᠤ ᠳᠠᠪᠭᠢᠪᠠ᠃ ᠽᠡᠪᠠᠭ᠌ ᠤᠨ ᠰᠤᠶᠤᠭᠠᠯᠠᠩ ᠳᠠᠭᠠᠭᠠᠤᠨ ᠫᠠᠷ ᠭᠢᠭᠦ ᠨᠢ ᠳᠠᠷᠠ᠃

ᠰᠤᠨᠤᠮᠳᠤᠪᠳᠤᠨ ᠬᠤᠷᠤᠭᠤᠨ ᠳᠠᠭᠠᠨ ᠡᠯᠭᠦᠵᠤ ᠶᠠᠪᠣᠭᠰᠠᠨ ᠣᠷᠳᠤ ᠬᠤᠯᠤᠰᠤᠨ ᠳᠠᠰᠢᠭᠤᠷ ᠶᠢᠡᠨ ᠣᠷᠢᠳᠤ ᠪᠦᠭᠦᠷᠭᠡᠨ ᠳᠡᠭᠡᠨ ᠰᠢᠯᠵᠢᠭᠦᠯᠵᠤ ᠣᠷᠭᠢᠭᠠᠤᠨ᠂ ᠳᠤᠮᠤ ᠣᠷᠤᠭᠤᠯ ᠳᠤ ᠨᠢ ᠳᠡᠭᠡᠭᠯᠡᠵᠤ ᠪᠢᠳᠡᠭᠦᠭᠡᠨ ᠳᠡᠭᠡᠨ ᠰᠤᠨᠤᠰᠳᠠᠬᠤ ᠰᠥᠭᠡᠩᠭᠢ ᠳᠠᠭᠤ ᠪᠠᠷ᠄

᠊᠊᠊᠊᠊᠊᠊᠊᠊᠊᠊᠊᠊᠊᠊ ᠨᠤᠬᠠᠢ ᠬᠤᠷᠢ ᠡ︕ ᠭᠡᠰᠡᠨ ᠳᠤ ᠴᠤᠯᠴᠠᠭᠠᠷ ᠳᠠᠷᠭᠤᠨ ᠴᠤ ᠪᠢᠰᠢ᠂ ᠦᠨᠳᠦᠷ ᠨᠢᠷᠤᠭᠤᠨ ᠳᠠᠭᠠᠨ ᠵᠤᠭᠢᠭᠰᠠᠨ ᠮᠢᠬᠠᠯᠢᠭ ᠪᠠᠶᠠᠳᠠᠢ᠂ ᠨᠢᠳᠤᠨ ᠳᠤ ᠳᠤᠯᠠᠭᠠᠬᠠᠨ ᠬᠤᠩᠭ᠋ᠤᠷ ᠪᠣᠷᠤ ᠴᠢᠷᠠᠢ ᠶᠢᠨ᠂ ᠣᠷᠳᠤ ᠭᠡᠵᠢᠭᠡᠳᠡᠢ᠂ ᠨᠠᠷᠢᠨ ᠪᠠᠯᠭᠡᠭᠦᠰᠤ ᠲᠡᠶ ᠪᠦᠰᠡᠭᠦᠢ ᠭᠦᠮᠤᠨ ᠭᠡᠷ ᠡᠴᠡ ᠭᠠᠷᠴᠤ ᠢᠷᠠᠵᠠᠢ᠃

᠊᠊᠊᠊᠊᠊᠊᠊᠊᠊᠊᠊᠊᠊᠊ ᠵᠠ᠂ ᠰᠠᠢ᠌ᠬᠠᠨ ᠨᠠᠮᠤᠷᠵᠢᠵᠤ ᠪᠠᠢ᠌ᠨᠠᠤ︖

᠊᠊᠊᠊᠊᠊᠊᠊᠊᠊᠊᠊᠊᠊᠊ ᠰᠠᠢ᠌ᠬᠠᠨ ᠨᠠᠮᠤᠷᠵᠢᠵᠤ ᠪᠠᠢ᠌ᠨ᠎ᠠ᠃ ᠳᠠ ᠪᠦᠭᠦᠨ ᠰᠠᠢ᠌ᠬᠠᠨ ᠨᠠᠮᠤᠷᠵᠢᠵᠤ ᠪᠠᠢ᠌ᠨᠠᠤ︖

《 ᠦᠭᠡᠶ ᠡ᠂ ᠡᠨᠡ ᠴᠢᠨᠢ ᠥᠪᠦᠷᠯᠡᠭ᠍ᠴᠢ ᠬᠤᠰᠢᠭᠤᠨ ᠡᠴᠡ ᠢᠷᠡᠭ᠍ᠰᠡᠨ ᠠᠢ᠌ᠯ ᠪᠣᠯᠬᠤ ᠨᠢ᠃ ᠠᠪᠠᠭ᠎ᠠ ᠶᠢᠨ ᠭᠢᠨ ᠤ ᠠᠶᠠᠯᠭᠤ ᠶᠤᠮ ᠳ᠋ᠠ︕ ᠭᠠᠩ ᠲᠡᠶ ᠵᠤᠨ ᠣᠳᠤᠷᠯᠠᠭ᠎ᠠ ᠦᠭᠡᠶ ᠪᠠᠢ᠌ᠵᠤ ᠭᠠᠩ ᠳᠠᠢ᠌ᠯᠤᠭᠳᠠᠭᠰᠠᠨ ᠨᠠᠮᠤᠷ ᠶᠢᠡᠷ ᠣᠳᠤᠷᠯᠠᠳᠠᠭ ᠠᠢ᠌ᠯ ᠪᠠᠢ᠌ᠬᠤ ᠨᠢ ᠡ︕》 ᠭᠡᠵᠤ ᠪᠣᠳᠤᠭᠠᠤᠨ ᠠᠰᠠᠭᠤᠭᠰᠠᠨ ᠮᠠᠶ‍ᠢᠭ ᠶᠢᠡᠷ ᠨᠢ ᠮᠠᠠᠳᠤ ᠶᠢᠨ ᠬᠠᠷᠢᠭᠤ ᠦᠭ‍ᠭᠦᠨ᠄

᠊᠊᠊᠊᠊᠊᠊᠊᠊᠊᠊᠊᠊᠊᠊ ᠪᠢᠳᠠ ᠪᠦᠭᠦᠨ ᠰᠠᠢ᠌ᠬᠠᠨ ᠨᠠᠮᠤᠷᠵᠢᠵᠤ ᠪᠠᠢ᠌ᠨ᠎ᠠ ᠭᠡᠤᠨ᠄

᠊᠊᠊᠊᠊᠊᠊᠊᠊᠊᠊᠊᠊᠊᠊ ᠳᠠᠨ ᠤ ᠭᠢ ᠴᠢᠨᠢ ᠬᠠᠮᠢᠭ᠎ᠠ ᠡᠴᠡ ᠢᠷᠡᠭ᠍ᠰᠡᠨ᠂ ᠭᠡᠨ ᠤ ᠭᠢ ᠭᠡᠳᠡᠭ᠌ ᠠᠢ᠌ᠯ ᠪᠣᠢ︖ ᠭᠡᠮᠡᠨ ᠲᠦᠪ ᠰᠢᠳᠤᠷᠭᠤ ᠪᠠᠢ᠌ᠷᠢ ᠶᠢᠨ ᠰᠠᠢ᠌ᠬᠠᠨ ᠭᠡᠦᠭᠡᠨ ᠢ ᠬᠠᠷᠠᠵᠤ ᠳᠤᠤᠷ᠎ᠠ ᠳᠤ ᠥᠵᠡᠭᠦ ᠰᠠᠤᠠᠭᠢᠯ ᠢ ᠣᠮᠠᠷᠳᠠᠨ ᠡᠡᠭ᠌ ᠤᠨ ᠲᠦᠪᠰᠢᠨ ᠶᠢᠡᠷ ᠠᠰᠠᠭᠤᠪᠠᠰᠤ ᠭᠡᠦᠭᠡᠨ᠄

᠊᠊᠊᠊᠊᠊᠊᠊᠊᠊᠊᠊᠊᠊᠊ ᠳᠠ ᠪᠦᠭᠦᠨ ᠮᠤᠷᠢᠯᠠᠨ ᠣᠷᠤᠵᠠᠭᠠᠷᠠᠢ︕ ᠮᠠᠨ ᠤ ᠡᠷᠦᠭᠡ ᠶᠢᠨ ᠡᠵᠡᠨ ᠭᠡᠭᠡ᠂ ᠭᠡᠷ ᠲᠡᠭᠡᠨ ᠮᠤᠷᠢᠯᠠᠵᠤ ᠪᠣᠢ ᠭᠡᠪᠡ᠃ ᠰᠤᠨᠤᠮᠳᠤᠪᠳᠤᠨ ᠤ ᠬᠠᠷᠠᠴᠠ ᠢᠯᠠᠤᠠᠳᠠ ᠬᠠᠴᠢᠷᠬᠠᠭᠰᠠᠨ ᠪᠠᠢ᠌ᠳᠠᠯ ᠥᠵᠡᠭ᠍ᠳᠡᠵᠤ᠂ ᠽᠡᠪᠠᠭ᠌ ᠣᠷᠤᠭᠤ ᠪᠠᠨ ᠨᠢᠭᠡ ᠬᠠᠷᠠᠭᠰᠠᠨ ᠶᠢᠡᠨ ᠣᠷᠳᠤ ᠬᠤᠷᠮᠤᠢ ᠪᠠᠨ ᠡᠷᠭᠦᠰᠭᠢᠭᠡᠤᠨ ᠭᠡᠷ ᠲᠤ ᠣᠷᠤᠪᠠ᠃

ᠪᠠᠽᠠᠷ᠂ ᠰᠤᠨᠤᠮᠳᠤᠪᠳᠤᠨ ᠬᠤᠶᠠᠷ ᠤᠨ ᠬᠤᠭᠤᠷᠤᠠᠳᠤ ᠰᠠᠢ᠌ᠨ ᠮᠠᠭᠤ ᠨᠠᠯᠢᠶᠠᠤᠨ ᠶᠠᠪᠣᠳᠠᠯ ᠪᠣᠢ ᠠᠵᠠᠢ᠃ ᠡᠳᠦᠭᠡ᠂ ᠪᠦᠭᠦᠳᠡ ᠶᠢ ᠳᠡᠷᠢᠭᠦᠯᠡᠵᠤ ᠪᠠᠢ᠌ᠭ᠎ᠠ ᠳᠠᠮᠳᠢᠨ ᠤ ᠡᠮᠦᠨ᠎ᠡ ᠰᠦᠩ ᠠᠮᠪᠠᠨ ᠭᠡᠭ᠍ᠴᠢ ᠡᠨᠡ ᠬᠤᠰᠢᠭᠤ ᠶᠢ ᠵᠠᠭᠢᠷᠴᠤ ᠪᠠᠢ᠌ᠪᠠ᠃ ᠳᠡᠭᠡᠭᠦ ᠳᠤ ᠰᠤᠨᠤᠮᠳᠤᠪᠳᠤᠨ ᠦᠪᠡᠷ ᠶᠢᠡᠨ ᠪᠦᠭᠦᠳᠡ ᠶᠢᠨ ᠳᠡᠷᠢᠭᠦᠨ ᠪᠣᠯᠬᠤ ᠭᠡᠵᠤ ᠮᠠᠭᠤ ᠭᠦᠮᠤᠨ ᠢᠯᠡᠭᠡᠨ ᠡᠪᠠᠦᠡᠴᠢᠳᠡᠢ ᠪᠠᠢ᠌ᠭᠰᠠᠨ ᠰᠦᠩ ᠤᠨ ᠠᠮᠢ ᠶᠢ ᠬᠤᠤᠷᠯᠠᠭᠤᠯᠤᠨ ᠥᠭᠦᠭᠦᠯᠦᠭ᠍ᠰᠡᠨ ᠨᠢᠭᠡᠨ ᠭᠡᠷᠡᠭ᠌ ᠭᠠᠷᠴᠤ ᠪᠢᠯᠠ᠃ ᠭᠡᠪᠠᠴᠤ ᠨᠤᠳᠤᠭ ᠤᠨ ᠭᠢᠨ ᠤ ᠭᠡᠯᠡ ᠪᠠᠷ ᠡᠨᠡ 《ᠰᠤ᠋ ᠪᠠᠶᠠᠨ》 ᠭᠡᠮᠡᠭ᠍ᠴᠢ ᠶᠢ ᠬᠤᠰᠢᠭᠤ ᠨᠤᠳᠤᠭ ᠲᠠᠭᠠᠨ ᠠᠯᠳᠠᠷᠳᠠᠢ ᠪᠠᠶᠠᠨ ᠤ ᠳᠡᠭᠡᠷ᠎ᠡ ᠪᠠᠭᠡᠵᠢᠩ ᠵᠡᠩᠴᠢᠭᠦᠤ ᠳᠤ ᠳᠠᠨᠢᠯ ᠳᠠᠯ᠎ᠠ ᠶᠡᠭᠡᠳᠡᠢ᠂ ᠥᠪᠦᠷᠯᠡᠭ᠍ᠴᠢ ᠰᠥᠷᠦᠭ᠍ᠴᠢᠨ ᠬᠤᠰᠢᠭᠤᠳ ᠤᠨ ᠠᠮᠪᠠᠨ ᠵᠢᠭᠡᠭᠡ ᠮᠠᠳᠤ ᠠᠯᠪᠠᠨ ᠤ ᠭᠦᠮᠦᠰ ᠲᠡᠶ ᠡᠳ᠋ ᠮᠥᠩᠭᠦᠨ ᠳᠤ ᠰᠠᠭᠤᠷᠢᠯᠠᠭᠰᠠᠨ ᠨᠥᠭᠦᠷ ᠲᠦᠩᠱᠢ ᠶᠢᠨ ᠠᠢ᠌ᠬᠤᠪᠳᠤᠷ ᠰᠥᠯᠪᠠᠭᠡ ᠪᠦᠭᠦᠢ ᠳᠤᠯᠠ ᠭᠦᠮᠤᠨ ᠠᠮᠢᠨ ᠭᠡᠷᠡᠭ᠌ ᠲᠤ ᠬᠤᠯᠪᠣᠭᠳᠠᠯ ᠦᠭᠡᠶ ᠡᠪᠳᠡᠢ᠌ᠭᠡᠨ ᠰᠤᠭᠤᠷᠠᠵᠤ ᠥᠯᠡᠳᠡᠭ᠍ᠰᠡᠨ ᠠᠵᠠᠢ᠃ ᠰᠤᠨᠤᠮᠳᠤᠪᠳᠤᠨ ᠢ ᠳᠡᠭᠡᠵᠤ ᠠᠪᠣᠷᠠᠬᠤ ᠳᠤ ᠳᠡᠭᠡᠷ᠎ᠡ ᠨᠠᠷ᠎ᠠ ᠥᠭᠦᠯᠡᠭ᠍ᠰᠡᠨ ᠵᠢᠭᠡᠭᠡ ᠨᠤᠶᠠᠨ ᠠᠢ᠌ᠬᠤᠪᠳᠤᠷ ᠳᠤᠰᠠᠯᠠᠭᠰᠠᠨ ᠭᠢᠭᠡᠤᠨ ᠰᠤᠨᠤᠮᠳᠤᠪᠳᠤᠨ ᠴᠤ ᠠᠴᠢ ᠶᠢ ᠨᠢ ᠪᠠᠴᠢᠯᠠᠬᠤ ᠦᠭᠡᠶ ᠬᠠᠷᠢᠭᠤᠯᠤᠨ᠎ᠠ ᠭᠡᠮᠡᠨ ᠳᠦᠷᠪᠡᠨ ᠨᠢᠳᠤᠨ ᠤ ᠳᠤᠤᠷ᠎ᠠ᠂ ᠪᠤᠲᠤᠩ ᠲᠡᠶ ᠠᠷᠢᠭᠢᠨ ᠤ ᠬᠠᠯᠠᠭᠤᠨ ᠳᠤ ᠠᠠᠳᠠᠭᠠᠢ᠌ᠯᠠᠭᠰᠠᠨ ᠶᠠᠪᠣᠳᠠᠯ ᠪᠣᠢ ᠪᠦᠯᠦᠭᠡ᠃

ᠭᠡᠷᠪᠡ ᠳᠡᠭᠡᠵᠤ ᠶᠠᠭᠠᠷᠠᠭᠰᠠᠨ ᠪᠣᠯᠵᠤ ᠳᠠᠭᠠᠷᠠᠭ᠎ᠠ ᠦᠭᠡᠶ ᠪᠣᠯ ᠵᠡᠩᠴᠢᠭᠦᠤ ᠪᠠᠭᠡᠵᠢᠩ ᠳᠤ ᠨᠢᠭᠡ ᠶᠡᠭᠡ ᠮᠥᠩᠭᠦ ᠴᠢᠤᠠᠬᠤᠵᠤ ᠰᠣᠢ᠌ᠤᠨ ᠪᠣᠯᠬᠤ ᠦᠭᠡᠶ ᠪᠠᠷ ᠳᠠᠨᠢᠯ ᠤᠨ ᠡᠪᠦᠳᠦᠭ᠌᠂ ᠳᠠᠯ᠎ᠠ ᠶᠢᠨ ᠠᠯᠠᠭ᠎ᠠ ᠶᠢ ᠳᠠᠮᠵᠢᠭᠠᠤᠨ ᠪᠦᠭᠦᠳᠡ ᠶᠢᠨ ᠳᠠᠷᠤᠭ᠎ᠠ ᠪᠠᠷ ᠰᠠᠭᠤᠴᠢᠬᠠᠵᠤ ᠪᠣᠯᠬᠤ ᠪᠠᠢ᠌ᠵᠠᠢ᠃ ᠰᠤᠨᠤᠮᠳᠤᠪᠳᠤᠨ ᠢ ᠳᠠᠢ᠌ᠨ ᠭᠦ ᠭᠡᠢ᠌ᠳᠡᠨ ᠬᠤᠴᠤᠷᠬᠤ ᠳᠤ ᠡᠩᠭᠡ ᠭᠡᠳᠡᠭ᠌ ᠡᠪᠦᠭᠡᠨ ᠬᠤᠰᠢᠭᠤᠨ ᠤ ᠳᠡᠷᠢᠭᠦᠨ ᠪᠣᠯᠵᠤ᠂ ᠣᠳᠠᠭᠰᠠᠨ ᠴᠤ ᠦᠭᠡᠶ ᠥᠭᠦᠵᠡᠢ᠃ ᠡᠩᠭᠡ ᠶᠢᠨ ᠳᠠᠷᠠᠭ᠎ᠠ ᠰᠠᠭᠤᠷᠢ ᠰᠥᠷᠦᠭ᠌ ᠤᠨ ᠮᠠᠢ᠌ᠷᠠᠨ ᠶᠠᠪᠣᠭᠰᠠᠨ ᠳᠠᠮᠳᠢᠨ᠂ ᠠᠳᠤᠭᠤᠨ ᠤ ᠳᠤᠭᠠᠷ ᠨᠤᠶᠠᠨ ᠲᠡᠶ ᠬᠤᠤᠪᠢᠯᠳᠤᠵᠤ᠂ ᠵᠢᠭᠠᠬᠠᠨ ᠮᠥᠩᠭᠦ ᠵᠠᠷᠤᠵᠤ ᠰᠠᠠᠵᠢ ᠡᠪᠦᠭᠡᠨ ᠡᠴᠡ ᠰᠤᠷᠤᠭᠰᠠᠨ ᠮᠠᠠᠵᠤ᠂ ᠮᠤᠩᠭ᠋ᠤᠯ ᠪᠢᠴᠢᠭ᠌ ᠤᠨ ᠶᠢᠡᠨ ᠭᠦᠴᠤᠨ ᠳᠤ ᠣᠷᠤᠢ ᠳᠤ ᠴᠣᠢ᠌ᠯᠠᠭᠰᠠᠨ ᠣᠳᠤ ᠪᠣᠯᠤᠨ ᠳᠠᠷᠢᠭᠠᠩᠭ᠋᠎ᠠ ᠶᠢᠨ ᠪᠦᠭᠦᠳᠡ ᠶᠢᠨ ᠳᠡᠷᠢᠭᠦᠨ ᠤ ᠳᠠᠮᠠᠭ᠎ᠠ᠂ ᠬᠠᠷ᠎ᠠ ᠳᠠᠰᠢᠭᠤᠷ ᠢ ᠵᠢᠩᠭᠢᠯᠡᠭ᠍ᠰᠡᠨ ᠣᠴᠢᠷᠳᠠᠢ᠃

ᠰᠤᠨᠤᠮᠳᠤᠪᠳᠤᠨ᠂ ᠬᠠᠩᠭ᠋ᠠᠢ ᠪᠠᠽᠠᠷ ᠤᠨ ᠰᠢᠨ᠎ᠠ ᠭᠡᠷ ᠲᠤ ᠪᠠᠤᠠᠮ᠎ᠠ ᠭᠡᠳᠡᠭ᠌ ᠰᠠᠢ᠌ᠬᠠᠨ ᠠᠪᠠᠭᠠᠢ ᠶᠢᠨ ᠭᠠᠷ ᠶᠢᠡᠷ ᠴᠠᠢ ᠭᠢᠯᠭᠡᠵᠤ ᠣᠤᠭᠤᠵᠤ ᠰᠠᠭᠤᠬᠤ ᠳᠠᠭᠠᠨ ᠡᠨᠡ ᠶᠠᠪᠣᠳᠠᠯ ᠢ ᠨᠢᠭᠡᠨᠲᠡ ᠡᠭᠡᠨ ᠳᠤᠷᠠᠰᠴᠠᠢ᠃ ᠣᠴᠢᠷ ᠭᠡᠪᠠᠯ ᠳᠠᠷᠢᠭᠠᠩᠭ᠋᠎ᠠ ᠬᠤᠰᠢᠭᠤ᠂ ᠴᠠᠬᠠᠷ ᠤᠨ ᠵᠢᠭᠡᠭᠡ ᠶᠢᠨ ᠳᠠᠮᠠᠭ᠎ᠠ ᠶᠢᠨ ᠭᠠᠵᠠᠷ᠂ ᠵᠡᠩᠴᠢᠭᠦᠤ ᠶᠢᠨ ᠬᠤᠱᠤᠢ ᠠᠮᠪᠠᠨ ᠤ ᠥᠷᠭᠦᠭᠡᠨ ᠤ ᠪᠣᠱᠤᠭᠠᠨ ᠳᠤᠳᠤᠷ᠎ᠠ 《ᠰᠤᠨᠤᠮᠳᠤᠪᠳᠤᠨ ᠡ᠂ ᠴᠢ ᠰᠦᠩ ᠢ ᠠᠯᠠᠭᠰᠠᠨ ᠰᠢᠤ︕》 ᠭᠡᠵᠤ ᠵᠤᠷᠢᠭᠯᠠᠵᠤ ᠭᠡᠯᠡᠭ᠍ᠰᠡᠨ ᠭᠦᠮᠤᠨ ᠦᠭᠡᠶ ᠠᠳᠠᠯ᠎ᠠ ᠡᠨᠡ ᠭᠠᠢ᠌ᠬᠠᠯ ᠪᠠᠽᠠᠷ ᠯᠠ ᠭᠡᠷ ᠳᠤᠨᠢ ᠠᠭᠰᠤᠮ ᠳᠠᠯᠪᠢᠵᠤ᠁ ᠫᠠᠶᠠᠩ ᠢ ᠨᠢ ᠳᠡᠯᠭᠡᠭ᠍ᠰᠡᠨ ᠶᠤᠮᠰᠠᠠᠵᠠᠢ᠃

ᠪᠠᠽᠠᠷ ᠰᠢᠯᠢ ᠶᠢᠨ ᠬᠤᠯᠠᠭᠠᠢ᠌ᠴᠢ ᠪᠣᠯᠪᠠᠴᠤ ᠬᠠᠷ᠎ᠠ ᠮᠠᠭᠤ ᠰᠠᠨᠠᠭᠠᠳᠠᠢ ᠭᠦᠮᠤᠨ ᠪᠢᠰᠢ ᠪᠢᠯᠠ᠃ ᠰᠤᠨᠤᠮᠳᠤᠪᠳᠤᠨ ᠳᠠᠷᠢᠭᠠᠩᠭ᠋᠎ᠠ ᠶᠢᠨ ᠣᠯᠠᠨ ᠤ ᠳᠤᠯᠤᠭᠠᠢ ᠳᠡᠭᠡᠷ᠎ᠡ ᠭᠠᠷᠴᠤ ᠬᠤᠰᠢᠭᠤ ᠠᠷᠠᠤᠨ ᠢ ᠵᠠᠭᠢᠷᠬᠤ ᠰᠢᠬᠠᠵᠤ ᠪᠠᠢ᠌ᠭᠰᠠᠨ ᠨᠠᠷᠠᠳᠠᠢ ᠴᠤᠤᠳᠠᠢ ᠪᠠᠶᠠᠨ ᠪᠣᠯᠪᠠᠴᠤ ᠬᠠᠷ᠎ᠠ ᠮᠠᠭᠤ ᠰᠠᠨᠠᠭᠠᠳᠠᠢ ᠭᠦᠮᠤᠨ ᠪᠠᠢ᠌ᠵᠠᠢ᠃ ᠣᠭ ᠨᠢ ᠰᠤᠨᠤᠮᠳᠤᠪᠳᠤᠨ ᠳᠠᠯ᠎ᠠ ᠪᠠᠷ ᠶᠢᠡᠨ ᠴᠤ ᠪᠠᠢ᠌ᠭ᠂ ᠳᠠᠷ ᠶᠢᠡᠷ ᠶᠢᠡᠨ ᠴᠤ ᠪᠠᠢ᠌ᠭ ᠳᠠᠷᠢᠭᠠᠩᠭ᠋᠎ᠠ ᠶᠢ ᠵᠠᠭᠢᠷᠤᠨ ᠰᠠᠭᠤᠨ᠎ᠠ ᠦᠦ᠂ ᠡᠰᠡᠪᠠᠯ ᠬᠠᠭᠠᠨ ᠣᠷᠳᠤᠨ ᠳᠤ ᠰᠥᠷᠦᠭ᠌ ᠬᠠᠷᠢᠭᠤᠴᠠᠭᠰᠠᠨ ᠮᠠᠠᠵᠤ ᠲᠦᠰᠢᠮᠠᠯ ᠤᠨ ᠳᠤᠰᠠᠯᠠᠬᠤ ᠪᠣᠯᠵᠤ ᠳᠠᠪᠰᠢᠨ᠎ᠠ ᠦᠦ ( ᠢᠩᠭᠢᠭᠦ ᠶᠤᠮ ᠭᠡᠵᠤ ᠶᠠᠷᠢᠶ᠎ᠠ ᠪᠠᠢ᠌ᠵᠠᠢ )᠂ ᠠᠯᠢ ᠡᠰᠡᠪᠠᠯ ᠪᠠᠷᠯᠤᠭ ᠤᠳ ᠵᠠᠷᠤᠴᠠᠯᠠᠭᠰᠠᠨ ᠪᠠᠶᠠᠨ ᠳᠠᠷᠭᠤᠨ ᠶᠠᠪᠣᠭᠰᠠᠭᠠᠷ ᠥᠭᠡᠳᠡ ᠪᠣᠯᠤᠨ᠎ᠠ ᠦᠦ᠂ ᠦᠭᠡᠶ ᠪᠣᠯ ᠪᠦᠷ ᠪᠠᠶᠠᠤᠨ ᠨᠤᠶᠠᠤᠨ ᠤᠨ ᠬᠤᠷᠠᠭ᠎ᠠ ᠳᠤᠭᠤᠯ ᠲᠡᠶ ᠭᠦᠭᠡᠭᠡᠴᠢᠯᠳᠦᠵᠤ᠂ ᠭᠠᠩᠭ᠋᠎ᠠ ᠨᠤᠳᠤᠭ ᠤᠨ ᠣᠯᠠᠨ ᠡᠪᠦᠭᠡᠴᠦᠦᠯ ᠤᠨ ᠢᠵᠢᠯ ᠬᠤᠭᠤᠷᠮᠠᠭ ᠰᠥ᠋ ᠡᠷᠭᠢᠭᠦᠯᠵᠤ ᠶᠠᠪᠣᠭᠠᠤᠨ ᠬᠣᠢ᠌ᠳᠤ ᠣᠷᠳᠤ ᠬᠤᠷᠮᠤᠢ ᠪᠠᠨ ᠢᠯᠭᠠᠬᠤ ᠪᠠᠨ ᠪᠣᠯᠢᠵᠤ ᠥᠭᠦᠨ᠎ᠡ ᠦᠦ᠂ ᠪᠠᠽᠠᠷ ᠲᠤ ᠶᠠᠷᠤ ᠫᠠᠤᠨ ᠦᠭᠡᠶ ᠭᠡᠷᠡᠭ᠌ ᠪᠠᠢ᠌ᠭᠰᠠᠨ ᠶᠤᠮ᠃

ᠭᠡᠳᠡᠯ᠎ᠡ ᠪᠠᠽᠠᠷ ᠰᠤᠨᠤᠮᠳᠤᠪᠳᠤᠨ ᠤ ᠳᠤ ᠨᠢᠭᠡ ᠣᠳᠠᠭ᠎ᠠ ᠣᠬᠠᠭᠠᠨ ᠠᠯᠳᠠᠳᠠᠯ᠎ᠠ ᠠᠷᠢᠭᠢ ᠣᠤᠭᠤᠭᠠᠤᠨ ᠶᠠᠯᠢ ᠦᠭᠡᠶ ᠶᠠᠭᠤᠮᠠᠨ ᠳᠡᠭᠡᠷ᠎ᠡ ᠡᠴᠡ ᠭᠡᠷ ᠤᠨ ᠡᠵᠡᠨ ᠲᠡᠶ ᠮᠠᠭᠤᠳᠠᠯᠴᠠᠨ᠂ ᠡᠷᠡᠭᠦᠯ ᠤᠨ ᠪᠣᠳᠤᠯ᠂ ᠰᠤᠭᠳᠤᠭᠤ ᠳᠠᠭᠠᠨ ᠭᠠᠷᠴᠤ ᠪᠢᠯᠠ᠃ ᠡᠨᠡ ᠪᠣᠯ ᠪᠠᠳᠠᠷᠠᠭᠤᠯᠳᠤ ᠲᠦᠷᠦ ᠶᠢᠨ ᠬᠤᠷᠢᠨ ᠳᠦᠷᠪᠡᠳᠠᠭᠢ ᠣᠨ᠂ ᠮᠤᠩᠭ᠋ᠤᠯ ᠤᠨ ᠰᠢᠷ᠎ᠠ ᠨᠤᠬᠠᠢ ᠵᠢᠯ ᠪᠣᠯᠤᠭᠰᠠᠨ ᠭᠡᠷᠡᠭ᠌᠃

᠊᠊᠊᠊᠊᠊᠊᠊᠊᠊᠊᠊᠊᠊᠊ ᠰᠤᠨᠤᠮᠳᠤᠪᠳᠤᠨ ᠴᠢ ᠮᠠᠭᠤ ᠭᠦᠮᠤᠨ ᠪᠠᠢ᠌ᠨ᠎ᠠ᠃ ᠨᠤᠶᠠᠤᠨ ᠤᠨ ᠥᠭᠦᠯ ᠴᠢᠭᠤᠯᠭᠠᠨ ᠳᠡᠭᠡᠷ᠎ᠡ ᠭᠡᠳᠡᠭ᠌ ᠯᠠ ᠳᠠᠷᠢᠭᠠᠩᠭ᠋᠎ᠠ ᠳᠤ ᠳᠤᠳᠠᠭᠤ ᠪᠠᠢ᠌ᠭᠰᠠᠨ᠂ ᠴᠢ ᠭᠦᠢᠴᠡᠭᠡᠯ᠎ᠡ ᠁

᠊᠊᠊᠊᠊᠊᠊᠊᠊᠊᠊᠊᠊᠊᠊ ᠵᠠ᠂ ᠪᠠᠽᠠᠷ ᠮᠢᠨᠢ ᠪᠣᠯᠢ ᠳ᠋ᠠ︕ ᠣᠳᠤ ᠰᠠᠢ᠌ᠬᠠᠨ ᠣᠠᠳᠠᠭᠠᠤᠨ ᠥᠭ᠌᠃ ᠴᠢ ᠳᠠᠷᠢᠭᠠᠩᠭ᠋᠎ᠠ ᠶᠢᠨ ᠦᠰᠴᠦ ᠶᠠᠪᠣᠭ᠎ᠠ ᠰᠠᠢ᠌ᠨ ᠪᠦᠭᠡ᠂ ᠪᠢ ᠪᠣᠯ ᠥᠭᠡᠳᠡᠯᠡᠵᠤ ᠶᠠᠪᠣᠭ᠎ᠠ ᠪᠠᠶᠠᠨ ᠭᠦᠮᠤᠨ᠃ ᠴᠢ ᠪᠢᠳᠠ ᠬᠤᠶᠠᠷ ᠶᠠᠭᠤᠨ ᠳᠠᠭᠠᠨ ᠮᠠᠭᠤᠳᠠᠯᠴᠠᠬᠤᠪ᠃ ᠣᠪᠠᠢ᠌ᠯᠠᠭ᠎ᠠ ᠦᠭᠡᠶ ᠥᠭᠡ ᠭᠡᠯᠡᠵᠤ ᠴᠢᠨᠤ ᠠᠭᠤᠷ ᠢ ᠭᠦᠳᠡᠯᠭᠡᠭ᠍ᠰᠡᠨ ᠮᠢᠨᠤ ᠪᠣᠷᠤᠭᠤ︕ ᠭᠡᠵᠤ ᠰᠤᠨᠤᠮᠳᠤᠪᠳᠤᠨ ᠪᠠᠽᠠᠷ ᠤᠨ ᠠᠮᠠᠨ ᠡᠴᠡ ᠡᠪᠳᠡᠢ᠌ᠭᠡᠨ ᠭᠠᠷᠬᠤ ᠶᠢ ᠪᠣᠳᠤᠭᠰᠠᠨ ᠪᠣᠯᠪᠠᠴᠤ᠂ ᠣᠭ ᠨᠢ ᠵᠥᠷᠢᠭᠦᠤᠨ ᠳᠡᠭᠡᠷ᠎ᠡ ᠠᠷᠢᠭᠢᠨ ᠤ ᠵᠥᠷᠢᠭᠦᠤᠨ ᠨᠡᠮᠡᠭ᠍ᠰᠡᠨ ᠪᠠᠽᠠᠷ ᠨᠤᠮᠤᠬᠠᠷᠠᠭᠰᠠᠨ ᠦᠭᠡᠶ᠂ ᠣᠯᠠᠮ ᠳᠤᠭᠰᠢᠨ ᠭᠦᠳᠡᠩ ᠵᠠᠩᠨᠠᠵᠠᠢ᠃

ᠨᠥᠭᠦᠭᠡᠳᠡᠭᠡᠭᠦᠷ ᠭᠡᠯᠡᠭᠦ ᠭᠡᠰᠡᠨ ᠶᠢᠡᠨ ᠭᠡᠯᠡᠭ᠍ᠰᠡᠨ ᠨᠢ ᠴᠤ ᠪᠠᠽᠠᠷ ᠤᠨ ᠵᠦᠪ ᠪᠠᠢ᠌ᠪᠠ᠃

ᠴᠢᠩᠭᠢᠭᠦ ᠳᠤ ᠰᠤᠨᠤᠮᠳᠤᠪᠳᠤᠨ ᠪᠠᠬᠠᠨ ᠠᠭᠤᠷᠯᠠᠵᠤ᠄

᠊᠊᠊᠊᠊᠊᠊᠊᠊᠊᠊᠊᠊᠊᠊ ᠴᠢᠮᠠᠳᠠᠢ ᠠᠳᠠᠯᠢᠬᠠᠨ ᠠᠷᠪᠠ ᠳᠠᠪᠤᠨ ᠠᠳᠤᠭᠤ ᠭᠦᠭᠡᠭᠡᠵᠤ ᠠᠮᠢᠳᠠᠨ ᠭᠦᠮᠤᠨ ᠢ ᠥᠢᠮᠡᠭᠦᠯᠦᠭᠡ ᠦᠭᠡᠶ ᠡ᠂ ᠪᠢ︕ ᠮᠠᠭᠤ ᠬᠠᠷ᠎ᠠ ᠬᠤᠯᠠᠭᠠᠢ᠌ᠴᠢ ᠭᠤᠶᠤᠯᠭᠠᠴᠢᠨ᠂ ᠪᠠᠯᠭᠤ ᠶᠠᠭᠤᠮᠠᠨ ᠤ ᠫᠠᠶᠠᠩ ᠳᠠᠭᠠᠭᠠᠬᠤ ᠦᠭᠡᠶ᠃ ᠳᠠᠭᠤ ᠦᠭᠡᠶ ᠭᠡᠪᠳᠡ᠃ ᠡᠰᠡᠪᠠᠯ ᠮᠤᠷᠳᠠ︕ ᠳᠡᠭᠡᠪᠠᠯ ᠰᠠᠯᠭᠢᠨ ᠳᠤ ᠴᠤᠭᠢᠭᠤᠯᠵᠤ ᠣᠨᠠᠭᠠᠤᠨ ᠭᠡᠭᠡᠷ᠎ᠡ ᠶᠢᠨ ᠨᠤᠬᠠᠢ ᠲᠡᠶ ᠪᠦᠭᠡᠯᠵᠢᠰᠤ ᠪᠠᠨ ᠬᠤᠪᠢᠶᠠᠵᠤ ᠢᠳᠡᠭᠦ ᠪᠣᠢ ᠭᠡᠰᠡᠨ ᠳᠤ ᠪᠠᠽᠠᠷ ᠰᠢᠳᠠᠭᠠᠤᠨ ᠶᠠᠪᠣᠴᠢᠬᠠᠬᠤ ᠨᠢ ᠳᠠᠷᠠ︕

᠊᠊᠊᠊᠊᠊᠊᠊᠊᠊᠊᠊᠊᠊᠊ ᠪᠢ ᠪᠠᠶᠠᠤᠨ ᠤᠨ ᠶᠠᠭᠤᠮ᠎ᠠ ᠶᠢ ᠶᠠᠳᠠᠭᠤ ᠳᠤ ᠬᠤᠪᠢᠶᠠᠯᠴᠠᠬᠤ ᠭᠡᠵᠤ ᠠᠷᠪᠠ ᠳᠠᠪᠤᠨ ᠠᠳᠤᠭᠤ ᠭᠦᠭᠡᠭᠡᠳᠡᠭ᠌ ᠴᠤ ᠠᠮᠢᠨ ᠭᠡᠷᠡᠭ᠌ ᠭᠠᠷᠭᠠᠭ᠎ᠠ ᠦᠭᠡᠶ ᠭᠦᠮᠤᠨ ᠳ᠋ᠠ︕ ᠠᠮᠪᠠᠨ ᠳᠠᠮᠠᠭ᠎ᠠ ᠬᠠᠠᠴᠣᠢ᠌ᠯᠠᠬᠤ ᠭᠡᠵᠤ ᠭᠦᠮᠤᠨ ᠠᠯᠠᠵᠤ ᠪᠠᠢ᠌ᠭ᠎ᠠ ᠴᠢᠨᠢ ᠵᠢᠭ᠍ᠰᠢᠭᠦᠷᠢᠳᠡᠢ ᠪᠠᠢ᠌ᠨ᠎ᠠ ᠭᠦ᠃ ᠴᠢ ᠮᠠᠠᠵᠤ ᠬᠠᠭᠠᠨ ᠤ ᠰᠥᠷᠦᠭ᠌ ᠢ ᠳᠠᠷᠢᠭᠠᠩᠭ᠋᠎ᠠ ᠰᠥᠷᠦᠭ᠌ ᠪᠣᠯᠭᠠᠵᠤ᠂ ᠦᠪᠡᠷ ᠤᠨ ᠮᠠᠯ ᠲᠡᠶ ᠬᠤᠰᠢᠭᠤ ᠳᠠᠷᠢᠭᠠᠩᠭ᠋᠎ᠠ ᠶᠢ ᠥᠭᠡᠳᠡ ᠨᠢ ᠳᠠᠳᠠᠨ᠎ᠠ ᠭᠡᠰᠡᠨ ᠳᠡᠭᠡᠨ ᠢᠩᠭᠢᠭ᠍ᠰᠡᠨ ᠦᠦ⁈ ᠳᠠᠷᠢᠭᠠᠩᠭ᠋᠎ᠠ ᠶᠢᠨ ᠮᠠᠯ ᠴᠢᠨᠢ ᠶᠠᠷᠤ ᠡᠴᠡ ᠪᠠᠨ ᠮᠤᠩᠭ᠋ᠤᠯ ᠤᠨ ᠮᠠᠯ︕ ᠰᠦᠩ ᠳᠠ ᠬᠤᠶᠠᠷ ᠤᠨ ᠭᠡᠨ ᠨᠢ ᠴᠤ ᠢᠵᠢᠯ ᠠᠷᠠᠤᠨ ᠢ ᠳᠠᠷᠤᠯᠠᠬᠤ ᠭᠡᠵᠤ ᠮᠤᠳᠤᠨ ᠳᠠᠮᠠᠭᠠᠨ ᠤ ᠬᠣᠢ᠌ᠨ᠎ᠠ ᠡᠴᠡ ᠥᠭᠦᠯᠳᠡᠵᠤ ᠪᠠᠢ᠌ᠭ᠎ᠠ ᠶᠢ ᠲᠦᠷᠦ ᠶᠢᠨ ᠲᠦᠮᠡᠨ ᠨᠢᠳᠤ ᠬᠠᠷᠠᠵᠤ ᠪᠠᠢ᠌ᠨ᠎ᠠ᠃ ᠴᠢ ᠶᠠᠭᠤ ᠪᠠᠷ ᠶᠢᠡᠨ ᠢᠯᠡᠭᠦᠤ ᠭᠡᠵᠤ ᠰᠦᠩ ᠢ ᠠᠯᠠᠵᠤ ᠠᠮᠢᠨ ᠭᠡᠷᠡᠭ᠌ ᠭᠠᠷᠭᠠᠵᠤ᠂ ᠮᠠᠠᠵᠤ ᠶᠢᠨ ᠬᠠᠷ᠎ᠠ ᠳᠠᠰᠢᠭᠤᠷ ᠤᠨ ᠳᠡᠷᠭᠡᠳᠡ ᠮᠤᠩᠭ᠋ᠤᠯ ᠭᠦᠮᠤᠨ ᠤ ᠭᠡᠳᠡᠰᠤᠨ ᠳᠤ ᠭᠦᠯ ᠶᠢᠡᠨ ᠭᠢᠪᠠ ⁈ ᠴᠢ ᠶᠠᠭᠤ ᠬᠠᠷᠢᠭᠤᠯᠤᠨ᠎ᠠ︖ ᠠᠮᠢ ᠪᠠᠨ ᠪᠣᠳᠤᠭᠰᠠᠨ ᠠᠭᠠᠯᠵᠢ᠂ ᠬᠤᠪᠢ ᠪᠠᠨ ᠪᠣᠳᠤᠭᠰᠠᠨ ᠬᠤᠪᠠᠯᠵᠠ ᠴᠢ ᠮᠦᠨ ᠪᠠᠢ᠌ᠨ᠎ᠠ᠃ ᠴᠢ ᠨᠠᠮᠢ᠋ᠢ ᠬᠤᠯᠠᠭᠠᠢ᠌ᠴᠢ ᠭᠡᠯ᠎ᠡ᠃ ᠳᠠᠷᠠ ᠦᠨᠡᠨ᠃ ᠴᠢ ᠨᠠᠮᠢ᠋ᠢ ᠭᠤᠶᠤᠯᠭᠠᠴᠢᠨ ᠭᠡᠯ᠎ᠡ᠂ ᠳᠠᠷᠠ ᠬᠠᠷᠢᠨ ᠶᠠᠭᠤ ᠪᠣᠯ ⁈ ᠳᠠᠷᠢᠭᠠᠩᠭ᠋᠎ᠠ ᠶᠢᠨ ᠬᠤᠯᠠᠭᠠᠢ᠌ᠴᠢ ᠨᠡᠷ ᠬᠤᠰᠢᠭᠤ ᠬᠤᠯᠵᠢᠵᠤ᠂ ᠠᠢ᠌ᠮᠠᠭ ᠠᠯᠭᠠᠰᠠᠵᠤ ᠴᠢᠮ᠎ᠠ ᠰᠢᠭ ᠳᠠᠷᠭᠤᠨ ᠪᠠᠶᠠᠤᠨ᠂ ᠳᠠᠮᠠᠭ᠎ᠠ ᠶᠠᠮᠤ᠂ ᠬᠤᠷᠠᠯ ᠵᠢᠰᠠ ᠶᠢᠨ ᠭᠦᠷᠦᠩᠭᠡᠨ ᠡᠴᠡ ᠬᠤᠪᠢᠶᠠᠨ ᠠᠪᠴᠤ ᠦᠨᠦᠴᠢᠨ ᠥᠷᠦᠭᠡᠰᠤᠨ᠂ ᠥᠳᠡᠭᠦᠰ ᠶᠠᠳᠠᠭᠤᠰ ᠲᠤ ᠥᠭ᠍ᠴᠤ ᠪᠠᠢ᠌ᠭᠰᠠᠨ ᠶᠢᠡᠷ ᠶᠢᠡᠨ ᠡᠨᠡ ᠬᠤᠰᠢᠭᠤ ᠶᠢ ᠴᠢᠨᠢ ᠮᠠᠭᠤ ᠨᠠᠷ᠎ᠠ ᠳᠤᠭᠤᠯᠭᠠᠭ᠎ᠠ ᠦᠭᠡᠶ᠃ ᠬᠠᠷᠢᠨ ᠥᠪᠦᠷᠯᠡᠭ᠍ᠴᠢ ᠳᠦᠴᠢᠨ ᠶ‍ᠢᠰᠤᠨ ᠬᠤᠰᠢᠭᠤ᠂ ᠬᠦᠬᠡ‍ᠨᠠᠭᠤᠷ ᠤᠨ ᠳᠡᠭᠡᠳᠤ ᠮᠤᠩᠭ᠋ᠤᠯ᠂ ᠠᠷᠤ ᠬᠠᠯᠬ᠎ᠠ᠂ ᠪᠠᠭᠠᠳᠤᠷ ᠥᠭᠡᠯᠡᠳ ᠤᠨ ᠭᠢᠵᠠᠭᠠᠷ ᠲᠤ ᠡᠨᠡ ᠳᠠᠷᠢᠭᠠᠩᠭ᠋᠎ᠠ ᠶᠢ ᠴᠢᠨᠢ ᠰᠢᠯᠢ ᠶᠢᠨ ᠰᠠᠢ᠌ᠨ ᠡᠷᠡᠴᠦᠦᠯ ᠯᠠ ᠠᠯᠳᠠᠷᠰᠢᠭᠤᠯᠤᠭᠰᠠᠨ ᠶᠤᠮ ᠰᠢᠤ︕ ᠵᠠᠰᠠᠭᠳᠤ ᠬᠠᠨ ᠤ ᠨᠤᠳᠤᠭ ᠡᠴᠡ ᠰᠠᠢ᠌ᠨ ᠡᠷ᠎ᠡ ᠪᠣᠯᠬᠤ ᠭᠡᠵᠤ ᠮᠠᠨ ᠤ ᠰᠢᠯᠢ ᠶᠢᠨ ᠪᠣᠭᠳᠠ ᠳᠤ ᠡᠷᠡᠴᠦᠦᠯ ᠭᠦᠷᠳᠡᠭ᠌ ᠢ ᠴᠢ ᠮᠡᠳᠡᠭᠦ ᠦᠦ᠃ ᠰᠤᠨᠤᠮᠳᠤᠪᠳᠤᠨ ᠴᠢᠮ᠎ᠠ ᠡᠴᠡ ᠭᠡᠷᠡᠭ᠌ ᠲᠡᠶ ᠶᠠᠭᠤᠮ᠎ᠠ ᠰᠤᠷᠬᠤ ᠭᠡᠵᠤ ᠵᠠᠰᠠᠭᠳᠤ ᠬᠠᠨ ᠡᠴᠡ ᠪᠠᠢ᠌ᠳᠤᠭᠠᠢ ᠵᠠᠮ ᠭᠤᠳᠤᠰ ᠡᠴᠡ ᠭᠦᠮᠤᠨ ᠢᠷᠡᠭᠦ ᠶᠢ ᠪᠢ ᠬᠠᠷᠠᠭ᠎ᠠ ᠦᠭᠡᠶ︕ ᠪᠢᠳᠠ ᠭᠦᠮᠤᠨ ᠤ ᠳᠦᠯᠦᠭᠡ ᠬᠤᠯᠠᠭᠠᠢ ᠭᠢᠵᠤ ᠪᠠᠷᠢᠭᠳᠠᠭᠠᠤᠨ ᠮᠠᠠᠵᠤ ᠶᠢᠨ ᠬᠠᠷ᠎ᠠ ᠳᠠᠰᠢᠭᠤᠷ ᠲᠤ ᠬᠤᠩᠭ᠋ᠤᠨ ᠤ ᠪᠠᠨ ᠮᠢᠬ᠎ᠠ ᠶᠢ ᠭᠡᠴᠢᠨᠡᠨ ᠣᠷᠠᠭᠤᠯᠪᠠᠴᠤ ᠶᠠᠳᠠᠭᠤᠰ ᠲᠤ ᠣᠯᠠᠮ ᠬᠠᠢ᠌ᠷᠠᠳᠠᠢ ᠪᠣᠯᠵᠤ ᠶᠠᠪᠣᠭᠰᠠᠨ ᠡ︕ ᠁ ᠬᠠᠷᠢᠨ ᠴᠢ ᠶᠠᠭᠠᠭᠢᠵᠤ ᠪᠠᠢ᠌ᠨ᠎ᠠ︕ ᠁ ᠮᠠᠠᠵᠤ ᠶᠢᠨ ᠬᠠᠭᠠᠨ ᠤ ᠮᠦᠷᠤᠨ ᠳᠡᠭᠡᠭᠦᠷ ᠶᠢᠡᠨ ᠰᠢᠳᠠᠵᠤ ᠦᠭ‍ᠭᠦᠭ᠍ᠰᠡᠨ ᠪᠠᠭᠠᠰᠤ ᠲᠡᠶ ᠳᠠᠮᠠᠭ᠎ᠠ ᠶᠢ ᠴᠢᠰᠤᠳᠠᠢ ᠪᠣᠯᠳᠠᠯ᠎ᠠ ᠨᠢ ᠪᠣᠯᠢᠶᠠᠴᠠᠯᠳᠤᠵᠤ᠂ ᠳᠠᠷᠢᠭᠠᠩᠭ᠋᠎ᠠ ᠶᠢᠨ ᠨᠤᠶᠠᠤᠨ ᠳᠡᠢ᠌ᠯᠦᠭ᠍ᠰᠡᠨ ᠨᠢ ᠳᠡᠯᠳᠡᠢ᠌ᠭ᠍ᠰᠡᠨ ᠢ ᠪᠠᠨ ᠠᠯᠠᠵᠤ ᠪᠠᠢ᠌ᠨ᠎ᠠ ᠭᠡᠵᠤ ᠬᠤᠰᠢᠭᠤ ᠬᠤᠯᠵᠢᠭᠠᠵᠤ᠂ ᠠᠢ᠌ᠮᠠᠭ ᠠᠯᠭᠠᠰᠠᠭᠠᠵᠤ᠂ ᠭᠦᠷᠤᠨ ᠭᠦᠶ‍ᠦᠯᠭᠡᠵᠤ ᠴᠤᠤᠷᠬᠠᠭᠤᠯᠤᠯ᠎ᠠ︕ ᠴᠢ ᠢᠩᠭᠢᠵᠤ ᠪᠠᠢ᠌ᠨ᠎ᠠ᠃ ᠴᠢ ᠬᠤᠪᠢ ᠪᠠᠨ ᠪᠣᠳᠤᠵᠤ ᠬᠣᠢ᠌ᠰᠢ ᠪᠠᠨ ᠣᠷᠤᠭᠰᠢ ᠪᠠᠨ ᠬᠤᠶᠠᠷ ᠭᠤᠷᠪᠠᠨ ᠬᠤᠨᠤᠭ ᠤᠨ ᠭᠠᠵᠠᠷ ᠪᠠᠢ᠌ᠭ᠎ᠠ ᠡᠨᠡ ᠬᠤᠰᠢᠭᠤᠨ ᠤ ᠨᠠᠷ᠎ᠠ ᠨᠢᠭᠤᠷ ᠶᠢᠡᠷ ᠳᠤᠭᠯᠠᠪᠠ︕ ᠭᠡᠵᠤ ᠪᠠᠽᠠᠷ ᠳᠡᠭᠡᠭᠦ ᠳᠤ ᠰᠤᠨᠤᠮᠳᠤᠪᠳᠤᠨ ᠳᠤ ᠰᠥᠷᠡᠭᠡᠢ ᠠᠭᠰᠤᠮ ᠳᠠᠯᠪᠢᠵᠤ ᠪᠢᠯᠠ᠃ ᠰᠤᠨᠤᠮᠳᠤᠪᠳᠤᠨ ᠪᠠᠶᠠᠨ ᠭᠠᠯᠵᠠᠭᠤᠷᠠᠬᠤ ᠰᠢᠬᠠᠵᠤ ᠣᠯᠠᠭᠤᠯᠠ ᠡᠯᠪᠠᠨ ᠬᠠᠩᠭ᠋ᠠᠢ ᠪᠠᠽᠠᠷ ᠢ ᠰᠢᠷ᠎ᠠ ᠢᠰᠡᠭᠡᠢ ᠳᠤ ᠪᠣᠭᠤᠵᠤ ᠣᠰᠤ ᠭᠢᠯᠭᠡᠭᠡᠤᠨ ᠭᠡᠷ ᠤᠨ ᠰᠡᠭᠦᠳᠡᠷ ᠲᠤ ᠬᠠᠶᠠᠵᠠᠢ᠃

ᠣᠷᠤᠢ ᠳᠠᠰᠢ ᠪᠠᠨ ᠪᠠᠽᠠᠷ ᠤᠨ ᠠᠷᠢᠭᠢ ᠨᠠᠯᠢᠶᠠᠤᠨ ᠭᠠᠷᠴᠤ᠂ ᠰᠤᠨᠤᠮᠳᠤᠪᠳᠤᠨ ᠢ ᠬᠠᠵᠠᠭᠤ ᠳᠠᠭᠠᠨ ᠳᠠᠭᠤᠳᠠᠵᠤ ᠢᠷᠡᠭᠦᠯᠦᠭᠡᠤᠨ ᠨᠠᠰᠤ ᠶᠢ ᠨᠢ ᠪᠣᠳᠤᠨ ᠭᠦᠡᠳᠦᠦᠡᠭᠡᠭᠦᠢᠴᠡ ᠪᠣᠯᠵᠤ 《ᠴᠢ》 ᠭᠡᠯᠭᠦᠢ᠂ ᠵᠥᠪᠭᠡᠨ ᠭᠠᠭᠴᠠᠭᠠᠷ ᠳᠤᠨᠢ᠄

᠊᠊᠊᠊᠊᠊᠊᠊᠊᠊᠊᠊᠊᠊᠊ ᠳᠠ ᠰᠤᠨᠤᠰ᠂ ᠪᠢ ᠰᠤᠭᠳᠤᠭᠰᠠᠨ ᠳᠠᠭᠠᠨ ᠪᠢᠰᠢ᠂ ᠭᠡᠯᠡᠭᠦ ᠭᠡᠰᠡᠨ ᠳᠡᠭᠡᠨ ᠭᠡᠯᠡᠭ᠍ᠰᠡᠨ ᠶᠤᠮ᠃ ᠮᠢᠨᠤ ᠳᠤᠳᠤᠷ ᠪᠣᠯ ᠡᠷ᠎ᠡ ᠭᠦᠮᠤᠨ ᠤ ᠳᠤᠳᠤᠷ᠂ ᠬᠠᠷᠢᠨ ᠳᠠᠨ ᠤ ᠳᠤᠳᠤᠷ ᠥᠨᠡᠭᠡ᠂ ᠴᠢᠨ᠋ᠸ᠎ᠠ᠂ ᠭᠦᠮᠤᠨ ᠤ ᠠᠳᠠᠭ ᠭᠤᠷᠪᠠ ᠶᠢᠨ ᠳᠤᠳᠤᠷ︕ ᠪᠢ ᠳᠠᠨ ᠲᠡᠶ ᠠᠳᠠᠯᠢ ᠠᠮᠢᠨ ᠭᠡᠷᠡᠭ᠌ ᠭᠠᠷᠭᠠᠬᠤ ᠦᠭᠡᠶ᠂ ᠨᠠᠮᠢ᠋ᠢ ᠣᠳᠤ ᠰᠤᠯᠠᠯᠠᠵᠤ ᠥᠭ᠌︕ ᠭᠡᠵᠡᠢ᠃

ᠰᠤᠨᠤᠮᠳᠤᠪᠳᠤᠨ ᠪᠠᠽᠠᠷ ᠲᠤ ᠭᠡᠴᠢᠨᠡᠨ ᠶᠡᠭᠡ ᠬᠤᠷᠤᠰᠴᠤ ᠪᠠᠢ᠌ᠭᠰᠠᠨ ᠪᠣᠯᠪᠠᠴᠤ ᠬᠤᠷᠴᠠ ᠣᠬᠠᠭᠠᠨ᠂ ᠬᠠᠳᠠᠨ ᠵᠤᠷᠢᠭ ᠡᠴᠡ ᠨᠢ ᠡᠮᠢᠶᠡᠭᠦ ᠳᠡᠭᠡᠨ ᠳᠡᠨᠢ᠌ᠯᠭᠡᠭ᠍ᠰᠡᠨ ᠠᠯᠠᠭ᠎ᠠ ᠰᠢᠭ ᠢᠯᠠ ᠴᠠᠭᠠᠨ᠂ ᠭᠡᠨᠡᠨ ᠳᠡᠨᠡᠭ᠌ ᠠᠪᠣᠷᠢᠯᠠᠵᠤ ᠪᠠᠢ᠌ᠭ᠎ᠠ ᠶᠢ ᠨᠢ ᠰᠠᠨᠠᠭᠤᠯᠤᠨ ᠠᠶ᠎ᠠ ᠵᠠᠰᠠᠭᠰᠠᠨ ᠨᠢ᠄

᠊᠊᠊᠊᠊᠊᠊᠊᠊᠊᠊᠊᠊᠊᠊ ᠪᠢ ᠴᠢᠮᠢ᠋ᠢ ᠰᠤᠯᠠᠯᠠᠶ᠎ᠠ︕ ᠳᠡᠭᠡᠭᠦ ᠳᠡᠭᠡᠨ ᠳᠡᠭᠦᠤ ᠭᠦᠤ ᠴᠢ ᠰᠤᠨᠤᠰ᠂ 《ᠭᠦᠮᠤᠨ ᠤ ᠡᠷᠢᠶᠡᠨ ᠳᠤᠳᠤᠷ᠎ᠠ ᠪᠠᠨ᠂ ᠮᠤᠭᠠᠢ ᠶᠢᠨ ᠡᠷᠢᠶᠡᠨ ᠭᠠᠳᠠᠨ᠎ᠠ ᠪᠠᠨ》 ᠭᠡᠳᠡᠭ᠌ ᠶᠤᠮ᠃ ᠴᠢ ᠭᠦᠮᠤᠨ ᠪᠣᠯᠬᠤ ᠳᠤᠯᠠ ᠳᠤᠳᠤᠷ᠎ᠠ ᠪᠠᠨ ᠪᠠᠰᠠ ᠯᠠ ᠡᠷᠢᠶᠡᠨ ᠲᠡᠶ ᠪᠠᠢ᠌ᠬᠤ ᠶᠤᠰᠤᠳᠠᠢ ᠳ᠋ᠠ︕ ᠴᠢ ᠨᠠᠮᠢ᠋ᠢ ᠭᠡᠯᠡᠵᠤ ᠪᠣᠯᠤᠨ᠎ᠠ᠃ ᠭᠡᠳᠡᠯ᠎ᠡ ᠶᠠᠭᠤᠮ᠎ᠠ ᠪᠣᠯᠭᠠᠨ ᠳᠤ ᠭᠡᠮᠵᠢᠶ᠎ᠡ ᠪᠣᠢ ᠰᠢᠤ︕ ᠭᠡᠵᠡᠢ᠃

ᠪᠠᠽᠠᠷ ᠰᠠᠢ᠌ᠨ ᠴᠤ ᠮᠠᠭᠤ ᠴᠤ ᠥᠭᠡ ᠳᠤᠤᠭᠠᠷᠤᠭᠰᠠᠨ ᠦᠭᠡᠶ᠃ ᠴᠢᠩᠭᠢᠵᠤ ᠡᠰᠡ ᠳᠤᠭᠤᠮᠰᠤᠷᠯᠠᠭᠰᠠᠨ ᠳᠤ ᠨᠢ ᠰᠤᠨᠤᠮᠳᠤᠪᠳᠤᠨ ᠭᠢᠯᠢᠩᠨᠠᠵᠤ᠄ 《ᠴᠠᠯᠴᠢᠭᠰᠠᠨ ᠤ ᠴᠢᠨᠢ ᠬᠠᠷᠢᠭᠤ ᠳᠤ ᠨᠢᠭᠡ ᠯᠠ ᠡᠳᠦᠷ ᠰᠤᠮᠤ ᠪᠠᠨ ᠳᠠᠯᠪᠢᠭᠠᠤᠨ ᠨᠤᠮᠤ ᠪᠠᠨ ᠨᠢᠭᠤᠨ᠎ᠠ ᠳ᠋ᠠ︕》 ᠭᠡᠵᠤ ᠠᠠᠳᠠᠭᠠᠢ᠌ᠯᠠᠨ ᠪᠣᠳᠤᠵᠠᠢ᠁

ᠠᠷᠭᠠᠯ ᠰᠠᠯᠪᠠᠵᠤ ᠪᠠᠤᠠᠮ᠎ᠠ ᠭᠡᠦᠭᠡᠨ ᠤ ᠪᠠᠳᠠᠷᠠᠭᠠᠨ ᠳᠦᠷᠡᠯᠵᠡᠭᠦᠯᠵᠤ ᠪᠣᠢ ᠭᠤᠯᠤᠮᠳᠠ ᠶᠢᠨ ᠬᠤᠶᠠᠷ ᠳᠠᠯ᠎ᠠ ᠳᠤ ᠵᠠᠪᠢᠯᠠᠨ ᠴᠠᠢ ᠣᠤᠭᠤᠵᠤ ᠪᠠᠢ᠌ᠬᠤ ᠵᠠᠭᠤᠷ᠎ᠠ ᠰᠤᠨᠤᠮᠳᠤᠪᠳᠤᠨ ᠪᠠᠶᠠᠨ᠂ ᠬᠠᠩᠭ᠋ᠠᠢ ᠪᠠᠽᠠᠷ ᠬᠤᠶᠠᠷ ᠳᠡᠭᠡᠷ᠎ᠡ ᠥᠭᠦᠯᠡᠭ᠍ᠰᠡᠨ ᠶᠠᠪᠣᠳᠠᠯ ᠢ ᠳᠤᠳᠤᠷ᠎ᠠ ᠳᠤᠳᠤᠷ᠎ᠠ ᠪᠠᠨ ᠡᠭᠡᠨ ᠳᠤᠷᠠᠰᠴᠤ᠂ ᠦᠪᠡᠷ ᠦᠪᠡᠷ ᠢ ᠪᠠᠨ ᠵᠥᠪᠳᠡᠭᠡᠨ ᠰᠠᠭᠤᠵᠠᠢ᠃

ᠵᠤᠬᠢᠶᠠᠭᠴᠢ᠄ ᠳ·ᠮᠠᠮ᠎ᠠ
ᠳᠠᠷᠤᠮ᠄ 6559
ᠴᠠᠭ᠄ 2007 ᠤᠨ ᠤ 03 ᠰᠠᠷ᠎ᠠ ᠶᠢᠨ 21
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁