ᠨᠣ᠋·ᠪᠠᠭᠠᠳᠤᠷ ᠄ 《ᠪᠢᠯᠢᠭ᠌ ᠤᠨ ᠭᠡᠭᠡᠪᠴᠢ》
ᠬᠤᠢᠨᠠᠬᠢ ᠦᠭᠡ

ᠥᠰᠦᠭ᠌ ᠪᠢᠴᠢᠭ᠌ ᠪᠣᠯ ᠭᠡᠯᠡ ᠶᠠᠷᠢᠶᠠᠨ ᠤ ᠠᠴᠢᠶᠠᠯᠠᠭᠴᠢ ᠭᠡᠳᠡᠭ᠌ ᠪᠣᠯ᠂ ᠣᠷᠠᠨ ᠵᠤᠬᠢᠶᠠᠯ ᠨᠢ ᠦᠵᠡᠯ ᠰᠠᠨᠠᠭᠠᠨ ᠤ ᠰᠤᠷᠳᠠᠯᠴᠢᠯᠠᠭ᠎ᠠ ᠪᠠᠢ᠌ᠵᠤ ᠳᠡᠭᠠᠷᠡᠨ᠎ᠡ᠃ ᠶᠡᠭᠡ ᠵᠤᠬᠢᠶᠠᠯᠴᠢ ᠨᠡᠷ ᠭᠡᠳᠤᠨ ᠵᠠᠭᠤᠨ ᠲᠦᠮᠡᠨ ᠥᠰᠦᠭ᠌ ᠲᠡᠶ ᠪᠦᠳᠦᠭᠡᠯ ᠳᠤᠭᠤᠷᠪᠢᠳᠠᠭ ᠨᠢ ᠶᠠᠮᠠᠷ ᠨᠢᠭᠡᠨ ᠦᠵᠡᠯ ᠰᠠᠨᠠᠭ᠎ᠠ ᠪᠠᠨ ᠣᠬᠠᠭᠤᠯᠬᠤ ᠯᠠ ᠭᠡᠰᠡᠨ ᠨᠢ ᠮᠡᠷᠭᠤᠰᠢ ᠥᠭᠡᠢ᠃ ᠴᠢ 《ᠬᠤᠪᠢᠰᠭᠠᠯ ᠭᠢᠪᠠᠯ ᠳᠡᠭᠠᠷᠡᠨ᠎ᠡ》 ᠭᠡᠰᠡᠨ ᠦᠵᠡᠯᠳᠠ ᠪᠠᠨ ᠭᠠᠭᠴᠠᠬᠠᠨ ᠥᠭᠡ ᠪᠠᠷ ᠢᠯᠡᠳᠭᠡᠴᠢᠭᠦ ᠳᠤ ᠰᠤᠨᠤᠰᠤᠭᠴᠢ ᠯᠠᠪᠳᠠᠢ ᠰᠠᠨᠠᠭᠠᠨ ᠳᠠᠭᠠᠨ ᠠᠪᠬᠤ ᠦᠭᠡᠶ ᠵᠥᠷᠢᠭᠡᠤᠨ ᠭᠠᠷᠬᠤ ᠭᠡᠷᠡᠭ᠌᠃ ᠭᠡᠳᠡᠯ᠎ᠡ ᠵᠤᠬᠢᠶᠠᠯᠴᠢ ᠡᠴᠡ ᠬᠤᠪᠢᠰᠬᠠᠯ ᠭᠢᠭ᠍ᠰᠡᠨ ᠦᠭᠡᠶ ᠭᠦᠮᠤᠨ ᠪᠣᠭᠤᠯ ᠤᠨ ᠡᠵᠡᠨ ᠤ ᠬᠠᠷ᠎ᠠ ᠳᠠᠰᠢᠭᠤᠷ ᠳᠤᠤᠷ᠎ᠠ ᠶᠠᠭᠠᠭᠢᠵᠤ ᠣᠢ᠌ᠯᠠ ᠪᠠᠨ ᠦᠵᠡᠨ ᠦᠰᠦ ᠪᠠᠨ ᠳᠤᠭᠠᠯᠠᠵᠤ ᠶᠠᠪᠣᠭ᠎ᠠ ᠶᠢ ᠠᠮᠢᠳᠤᠯᠢᠭ ᠳᠦᠷᠰᠦᠯᠠᠨ ᠨᠠᠷᠢᠯᠢᠭ ᠵᠢᠷᠤᠭᠯᠠᠭᠰᠠᠨ ᠪᠠᠢ᠌ᠪᠠᠯ ᠣᠩᠰᠢᠭᠴᠢᠳ ᠥᠯᠢᠭᠡᠷ ᠳᠤᠨᠢ ᠳᠠᠳᠠᠭᠳᠠᠵᠤ᠂ ᠠᠶᠠᠠᠳᠠᠭᠠᠨ ᠴᠢᠨᠤ ᠦᠵᠡᠯᠳᠠ ᠶᠢ ᠭᠦᠯᠢᠶᠡᠵᠤ ᠠᠪᠬᠤ ᠪᠣᠯᠤᠨ᠎ᠠ᠃

ᠨᠢᠭᠡᠨ ᠵᠢᠩᠭᠢᠨᠢ ᠭᠦᠮᠤᠨ ᠪᠣᠯᠬᠤ ᠳᠤ᠂ ᠡᠩ ᠳᠡᠷᠢᠭᠦᠨ ᠳᠤ ᠠᠮᠢ ᠨᠠᠰᠤᠨ ᠤ ᠥᠷᠳᠡᠭ᠌ ᠬᠠᠮᠢᠭ᠎ᠠ ᠪᠠᠨ ᠪᠠᠢ᠌ᠬᠤ ᠶᠢ ᠣᠬᠠᠮᠰᠠᠷᠯᠠᠵᠤ᠂ ᠠᠮᠢᠳᠤᠷᠠᠯ ᠤᠨ ᠣᠤᠠᠬ᠎ᠠ ᠠᠭᠤᠯᠭ᠎ᠠ ᠶᠠᠮᠠᠷ ᠪᠠᠢ᠌ᠪᠠᠯ ᠵᠤᠭᠢᠬᠤ ᠶᠢ ᠳᠠᠨᠢᠵᠤ ᠠᠪᠬᠤ ᠶᠠᠪᠣᠳᠠᠯ ᠪᠣᠯᠤᠨ᠎ᠠ᠃ 《ᠪᠢᠯᠢᠭ᠌ ᠤᠨ ᠭᠡᠭᠡᠪᠴᠢ》 ᠴᠢᠨᠢ ᠡᠨᠡ ᠬᠠᠷᠠᠭᠠᠰᠤ ᠡᠴᠡ ᠬᠠᠭᠤᠳᠠᠰᠤ ᠨᠡᠭᠡᠭᠡᠵᠤ᠂ ᠳᠦᠪ ᠴᠢᠭᠢᠮᠠᠢ ᠶ‍ᠢᠷᠳᠢᠠᠴᠤ ᠶᠢᠨ ᠦᠵᠡᠯᠳᠠ ᠶᠢ ᠪᠣᠢ ᠪᠣᠯᠭᠠᠨ᠂ ᠴᠠᠢ᠌ᠯᠭᠠᠨ ᠭᠡᠭᠡᠡᠴᠢᠷ ᠭᠦᠮᠤᠨ ᠮᠦᠰᠤᠨ ᠤ ᠪᠦᠷᠢᠯᠳᠦᠯ ᠳᠤ ᠰᠠᠭᠤᠷᠢ ᠳᠠᠯᠪᠢᠬᠤ ᠶᠢ ᠭᠢᠴᠢᠶᠠᠪᠠ᠃ ᠲ᠋ᠠᠷᠠᠭ᠎ᠠ ᠠᠯᠬᠤᠮ ᠳ᠋ᠤᠨᠢ ᠡᠨᠡ ᠳᠦᠭᠡᠷᠢᠭ᠍ᠳᠡᠯ ᠶᠡᠭᠡᠳᠡᠢ ᠡᠷᠢᠶᠡᠨ ᠬᠤᠷᠸ᠎ᠠ ᠶᠢᠨ ᠵᠢᠰᠤ ᠴᠢᠷᠠᠢ ᠶᠢ ᠳᠡᠯᠭᠡᠨ ᠥᠵᠡᠭᠦᠯᠵᠤ᠂ ᠭᠦᠮᠤᠨ ᠪᠣᠯᠵᠤ ᠭᠦᠯᠦᠭ᠌ ᠳᠠᠪᠭᠢᠶ᠎ᠠ ᠭᠡᠪᠠᠯ ᠶᠠᠭᠠᠭᠢᠵᠤ ᠰᠤᠷᠤᠯᠴᠠᠭᠠᠤᠨ ᠭᠡᠷᠭᠢᠨ ᠴᠢᠷᠮᠠᠢ᠌ᠪᠠᠯ ᠳᠠᠭᠠᠷᠠᠬᠤ᠂ ᠪᠠᠢ᠌ᠭᠠᠯᠢ ᠶᠢᠨ ᠣᠷᠴᠢᠨ ᠨᠡᠢ᠌ᠭᠡᠮ ᠤᠨ ᠠᠬᠤᠢ ᠲᠡᠶ ᠶᠠᠭᠠᠭᠢᠵᠤ ᠵᠤᠭᠢᠴᠠᠬᠤ ᠳᠤᠬᠠᠢ ᠠᠷᠭ᠎ᠠ ᠪᠣᠳᠤᠯᠭ᠎ᠠ ᠳᠡᠪᠰᠢᠭᠦᠯᠭᠦ ᠪᠠᠷ ᠴᠢᠷᠮᠠᠢ᠌ᠭᠰᠠᠨ ᠪᠠᠢ᠌ᠨ᠎ᠡ᠃ ᠢᠩᠭᠢᠭᠡᠤᠨ ᠳᠤᠰ ᠵᠤᠬᠢᠶᠠᠯ ᠶᠢᠡᠨ ᠭᠦᠮᠤᠨ ᠤ ᠶ‍ᠢᠷᠳᠢᠠᠴᠤ ᠶᠢ ᠣᠭ ᠳᠦᠷᠰᠦ ᠪᠠᠷ ᠨᠢ ᠬᠠᠷᠠᠵᠤ ᠴᠢᠳᠠᠬᠤ ᠥᠷᠭᠡᠨ ᠬᠠᠷᠠᠭᠠᠳᠤ 《ᠳᠤᠷᠡᠨ》 ᠪᠤᠯᠭᠠᠵᠤ᠂ ᠡᠷᠳᠡᠨ ᠡᠳᠦᠭᠡ ᠭᠠᠳᠠᠭᠠᠳᠤ ᠳᠤᠳᠤᠭᠠᠳᠤ ᠶᠢᠨ ᠮᠡᠷᠭᠡᠤᠨ ᠡᠷᠳᠡᠮᠳᠡᠳ ᠤᠨ ᠠᠵᠢᠯᠯᠠᠵᠤ ᠳᠡᠮᠡᠴᠡᠭ᠍ᠰᠡᠨ ᠪᠣᠳᠠᠳᠤ ᠥᠩᠭᠡᠷᠡᠯᠳᠡ ᠪᠠᠷ 《ᠳᠤᠯᠢ》 ᠪᠣᠯᠭᠠᠭᠠᠤᠨ᠂ ᠵᠠᠯᠠᠭᠤᠴᠤᠳ ᠪᠠᠭᠠᠴᠤᠳ ᠤᠨ ᠦᠰᠦᠨ ᠪᠣᠢ᠌ᠵᠢᠬᠤ ᠶᠠᠪᠣᠴᠠ ᠳᠤ ᠳᠡᠯᠭᠡᠷᠡᠵᠤ ᠪᠦᠭᠦᠢ ᠪᠣᠯᠭᠢ ᠭᠡᠮ ᠭᠠᠵᠢ ᠠᠷᠬᠠᠭ ᠪᠠ ᠰᠤᠷᠭᠠᠨ ᠭᠦᠮᠦᠵᠢᠯ ᠤᠨ ᠹᠷᠤᠠᠲ᠋ ᠲᠤ ᠣᠷᠤᠰᠢᠵᠤ ᠪᠠᠢ᠌ᠭ᠎ᠠ ᠭᠡᠪᠰᠢᠮᠡᠯ ᠰᠤᠷᠳᠠᠯ ᠳᠤ ᠴᠤᠭᠢᠯᠳᠠ ᠥᠭ᠍ᠴᠤ᠂ ᠨᠡᠢ᠌ᠭᠡᠮ ᠳᠡᠭᠡᠷ᠎ᠡ ᠳᠡᠯᠭᠡᠷᠡᠵᠤ ᠪᠦᠭᠦᠢ ᠲᠦᠪ ᠪᠣᠰᠤ ᠥᠵᠡᠭ᠍ᠳᠡᠯ ᠢ ᠢᠯᠡᠴᠢᠯᠡᠭᠦ ᠪᠠᠷ ᠪᠦᠭᠦ ᠭᠦᠴᠤ ᠪᠠᠷ ᠶᠢᠡᠨ ᠴᠢᠷᠮᠠᠢ᠌ᠭᠰᠠᠨ ᠪᠢᠯᠠ᠃ ᠪᠠᠭᠴᠠᠯᠠᠭᠠᠤᠨ ᠭᠡᠯᠡᠪᠠᠯ ᠵᠠᠯᠠᠭᠤᠴᠤᠳ ᠤᠨ ᠭᠡᠪ ᠪᠣᠯᠪᠠᠰᠤᠷᠠᠯ ᠳᠤ ᠴᠢᠭᠯᠡᠭᠦᠯᠦᠭ᠍ᠰᠡᠨ ᠭᠠᠷ ᠠᠪᠣᠯᠭ᠎ᠠ ᠮᠠᠶ‍ᠢᠭᠳᠠᠢ ᠪᠢᠴᠢᠭ᠌ ᠭᠡᠵᠤ ᠪᠣᠯᠤᠨ᠎ᠠ᠃

ᠨᠢ᠋ᠮᠠᠨ ᠪᠦᠯᠦᠭ᠌ ᠪᠢᠴᠢᠭᠡᠤᠨ ᠠᠯᠳᠠᠷᠳᠤ ᠵᠤᠬᠢᠶᠠᠯᠴᠢ ᠭ·ᠰᠢᠷᠠᠪᠵᠠᠮᠰᠤ ᠪᠠᠭᠰᠢ ᠳᠤ ᠠᠪᠠᠴᠢᠵᠤ ᠥᠵᠡᠭᠦᠯᠦᠭ᠍ᠰᠡᠨ ᠳ᠋ᠤ 《ᠣᠬᠤᠷ ᠰᠢᠭ ᠪᠠᠢ᠌ᠨ᠎ᠠ᠂ ᠠᠷᠪᠠᠨ ᠪᠦᠯᠦᠭ᠌ ᠪᠣᠯᠭᠠᠪᠠᠯ ᠨᠢᠭᠡ ᠳᠠᠪᠳᠠᠷ ᠪᠤᠯᠤᠨ᠎ᠠ》 ᠭᠡᠵᠡᠢ᠃ ᠲ᠋ᠡᠭᠡᠭᠡᠤᠨ ᠪᠦᠳᠤᠨ ᠨᠢᠭᠡ ᠡᠳᠦᠷ ᠤᠨ ᠴᠠᠭ ᠵᠠᠷᠤᠴᠠᠭᠤᠯᠵᠤ ᠪᠠᠢ᠌ᠭᠠᠤᠨ ᠭᠠᠳᠠᠭᠠᠳᠤ ᠭᠦᠮᠤᠨ ᠤ ᠨᠠᠷᠠᠰ ᠤᠨ ᠪᠢᠴᠢᠯᠭᠡ ᠳᠤ ᠵᠠᠰᠠᠯᠳᠠ ᠭᠢᠵᠤ ᠦᠭ‍ᠭᠦᠭ᠍ᠰᠡᠨ ᠪᠠᠢ᠌ᠪᠠ᠃ ᠲ᠋ᠠᠠᠳᠠ ᠡᠴᠡ ᠬᠠᠷᠢᠵᠤ ᠢᠷᠡᠭᠡᠤᠨ ᠪᠠᠰᠠ ᠨᠢᠭᠡ ᠵᠢᠯ ᠤᠨ ᠴᠠᠭ ᠭᠡᠷᠡᠭᠯᠡᠵᠤ ᠪᠠᠢ᠌ᠭᠠᠤᠨ ᠠᠷᠪᠠᠨ ᠪᠦᠯᠦᠭ᠌ ᠪᠤᠯᠭᠠᠯ᠎ᠡ᠃ ᠲ᠋ᠡᠭᠡᠭᠦ ᠳᠤ ᠡᠨᠡ ᠨᠢ ᠳᠤᠭᠤᠵᠢ ᠷᠤᠮᠠᠨ ᠠᠳᠠᠯᠢ ᠭᠠᠭᠴᠠ ᠰᠠᠳᠤᠪ ᠨᠢᠭᠡ ᠰᠥᠪᠠᠭ᠍ᠴᠢ ᠪᠠᠷ ᠰᠢᠪᠳᠤᠷᠤᠭᠠᠤᠨ ᠶᠠᠪᠣᠴᠢᠬᠤ ᠶᠠᠭᠤᠮ᠎ᠠ ᠪᠢᠰᠢ ᠳᠤᠯᠡ᠂ ᠡᠮᠦᠨ᠎ᠡ ᠬᠣᠢ᠌ᠨ᠎ᠠ ᠠᠷᠪᠠᠭᠠᠤᠨ ᠵᠢᠯ ᠤᠨ ᠳᠤᠳᠤᠷ᠎ᠠ ᠪᠢᠴᠢᠭᠡᠤᠨ ᠨᠡᠢ᠌ᠳᠡᠯᠡᠭᠦᠯᠦᠭ᠍ᠰᠡᠨ ᠨᠠᠢ᠌ᠷᠠᠭᠤᠯᠤᠯ᠂ ᠪᠧᠯᠧᠲ᠋ᠤᠨ ᠤ ᠳᠤᠳᠤᠷ᠎ᠠ ᠡᠴᠡ ᠰᠢᠯᠢᠵᠤ ᠪᠠᠢ᠌ᠭᠠᠤᠨ ᠵᠠᠰᠠᠨ ᠨᠠᠢ᠌ᠷᠠᠭᠤᠯᠤᠭᠠᠤᠨ ᠵᠢᠷᠠᠨ ᠳᠤᠰᠠᠭᠠᠷ ᠵᠤᠬᠢᠶᠠᠯ ᠲᠡᠶ ᠨᠤᠮ ᠪᠤᠯᠭᠠᠯ᠎ᠡ᠃ ᠡᠨᠡ ᠨᠤᠮ ᠶᠢᠡᠨ ᠠᠪᠤᠭᠠᠳ 《ᠰᠢᠡᠵᠢᠯᠡᠭᠦ ᠣᠬᠠᠭᠠᠨ ᠳᠸᠢᠨᠢᠭ᠌ ᠮᠡᠷᠭᠡᠵᠢᠯ ᠤᠨ ᠭᠡᠪᠯᠡᠯ ᠤᠨ ᠬᠤᠷᠢᠶ᠎ᠠ》 ᠳ᠋ᠤ ᠭᠦᠷᠭᠡᠵᠤ ᠣᠴᠢᠭᠰᠠᠨ ᠳᠤ ᠲᠦᠮᠡ ᠬᠤᠶᠠᠷ ᠮᠢᠩᠭ᠋ᠠᠨ ᠳᠦᠭᠦᠷᠢᠭ᠌ ᠲᠡᠶ ᠪᠣᠯ ᠭᠡᠪᠯᠡᠵᠤ ᠦᠭ‍ᠭᠦ ᠶᠤᠮ ᠭᠡᠨ᠎ᠡ᠂ ᠲ᠋ᠡᠭᠡᠭᠦ ᠳᠡᠭᠡᠨ ᠪᠣᠷᠤᠯᠠᠭᠤᠯᠭ᠎ᠠ ᠶᠢ ᠬᠠᠷᠢᠭᠤᠴᠠᠬᠤ ᠦᠭᠡᠶ᠃ ᠡᠭᠦᠨ ᠶᠢᠡᠨ ᠳᠠᠭᠢᠭᠠᠤᠨ 《ᠰᠤᠷᠭᠠᠨ ᠭᠦᠮᠦᠵᠢᠯ ᠤᠨ ᠭᠡᠪᠯᠡᠯ ᠤᠨ ᠬᠤᠷᠢᠶ᠎ᠠ》 ᠳ᠋ᠤ ᠦᠭ‍ᠭᠦᠭ᠍ᠰᠡᠨ ᠳ᠋ᠤ 《ᠰᠤᠩᠭ᠋ᠤᠭᠰᠠᠨ ᠰᠠᠳᠤᠪ ᠶᠡᠭᠡ ᠰᠠᠢ᠌ᠨ ᠪᠠᠢ᠌ᠯ᠎ᠠ ᠴᠤ ᠪᠠᠬᠠᠨ ᠣᠬᠤᠷᠳᠠᠵᠤ᠂ ᠣᠯᠤᠰ ᠤᠨ ᠵᠤᠭᠤᠰ ᠶᠢᠡᠷ ᠳᠠᠪᠳᠠᠷ ᠭᠠᠷᠭᠠᠬᠤ ᠳᠦᠯᠦᠪᠯᠡᠭᠡᠨ ᠳᠤ ᠣᠷᠤᠵᠤ ᠳᠡᠢ᠌ᠯᠦᠭ᠍ᠰᠡᠨ ᠦᠭᠡᠶ》 ᠭᠡᠤᠨ ᠪᠤᠴᠠᠭᠠᠵᠠᠢ᠃ ᠲ᠋ᠡᠭᠡᠯ᠎ᠡ ᠴᠤ ᠬᠤᠶᠠᠷ ᠮᠢᠩᠭ᠋ᠠᠨ ᠵᠤᠭᠤᠰ ᠶᠢᠡᠨ ᠥᠭ᠍ᠪᠠᠯ ᠨᠠᠳᠠᠳᠤ ᠳ᠋ᠤᠭᠠᠷ ᠥᠭ᠍ᠴᠤ᠂ ᠬᠤᠪᠢ ᠶᠢᠨ ᠵᠠᠷᠤᠳᠠᠯ ᠶᠢᠡᠷ ᠶᠢᠡᠨ ᠭᠡᠪᠯᠡᠭᠦᠯᠭᠦ ᠶᠢ ᠳᠠᠮᠵᠢᠨ᠎ᠠ ᠭᠡᠨ᠎ᠡ᠃ ᠳ᠋ᠤᠭᠠᠷ ᠬᠤᠳᠠᠯᠳᠤᠨ ᠠᠪᠣᠭᠠᠤᠨ ᠥᠪᠠᠷᠳᠡᠭᠡᠨ ᠭᠡᠪᠯᠡᠭᠦᠯᠭᠦ ᠶᠤᠮ ᠪᠣᠯ ᠮᠠᠠᠵᠤ ᠶᠢᠨ ᠦᠶ᠎ᠡ ᠶᠢᠨ ᠨᠤᠳᠤᠭ ᠤᠨ ᠪᠠᠶᠠᠤᠨ ᠶᠤᠸᠠᠨ ᠱᠢ ᠺᠠᠢ ᠡᠴᠡ ᠪᠠᠤᠠᠮᠠᠷᠠᠭ᠎ᠠ ᠵᠢᠩᠰᠠ ᠬᠤᠳᠠᠯᠳᠤᠨ ᠠᠪᠣᠭᠠᠤᠨ ᠰᠡᠢ᠌ᠭᠡᠭᠦᠯᠵᠤ ᠶᠠᠪᠣᠭ᠎ᠠ ᠪᠣᠯᠭᠢ ᠰᠢᠠᠵᠢ ᠲᠡᠶ ᠪᠠᠯᠠᠢ ᠡᠷ᠎ᠡ ᠠᠳᠠᠯᠢ ᠶᠡᠭᠡᠯ᠎ᠡ ᠬᠠᠪᠣ ᠦᠭᠡᠶ ᠰᠠᠨᠠᠭᠳᠠᠨ᠎ᠠ᠃ ᠶᠠᠭᠤ ᠪᠣᠯᠤᠭᠰᠠᠨ ᠴᠤ ᠥᠪᠠᠷᠳᠡᠭᠡᠨ ᠭᠡᠪᠯᠡᠵᠤ ᠡᠭᠦᠷᠴᠤ ᠭᠠᠷᠤᠭᠠᠤᠨ ᠬᠤᠳᠠᠯᠳᠤᠬᠤ ᠳᠡᠭᠡᠷ᠎ᠡ ᠳᠤᠯᠵᠤ᠂ ᠭᠡᠷᠡᠭᠯᠡᠭ᠍ᠴᠢᠳ ᠤᠨ ᠣᠩᠰᠢᠵᠤ ᠠᠰᠢᠭᠯᠠᠬᠤ ᠳᠤ ᠶᠠᠮᠠᠷᠴᠤ 《ᠬᠠᠷ᠎ᠠ》 《ᠴᠠᠭᠠᠨ》 ᠊ᠤ ᠵᠦᠷᠢᠶ᠎ᠠ ᠦᠭᠡᠶ ᠪᠣᠯᠬᠤᠷ ᠳᠡᠷᠡᠭᠦ 《ᠴᠢᠮᠡᠭᠯᠡᠯ ᠤᠨ ᠡᠳ᠋》 ᠊ᠢ ᠠᠪᠬᠤ ᠦᠭᠡᠶ ᠪᠣᠯ ᠬᠠᠷᠢᠨ ᠢᠯᠡᠭᠦᠤ ᠭᠡᠳᠤᠨ ᠯᠠᠩ ᠠᠷᠪᠢᠯᠠᠵᠤ ᠪᠣᠯᠤᠨ᠎ᠠ᠃ ᠲ᠋ᠠᠭᠢᠭᠠᠤᠨ ᠭᠡᠯᠡᠪᠠᠯ ᠣᠩᠰᠢᠭᠴᠢᠳ ᠳᠤᠰ ᠨᠤᠮ ᠢ ᠭᠠᠭᠴᠠᠬᠦ ᠬᠠᠪᠢᠰᠤ ᠣᠷᠠᠯᠠᠯ ᠶᠢᠡᠷ ᠨᠢ ᠥᠷᠳᠡᠭ᠌ ᠴᠢᠠᠰᠠᠭ᠎ᠠ ᠶᠢ ᠨᠢ ᠳᠤᠭᠳᠠᠭᠠᠬᠤ ᠦᠭᠡᠶ ᠨᠢ ᠯᠠᠪᠳᠠᠢ ᠪᠦᠭᠡᠤᠨ ᠮᠢᠨᠤ ᠵᠠᠰᠠᠯᠭ᠎ᠠ ᠶᠢᠨ ᠠᠵᠢᠯ ᠶᠢᠡᠨ ᠣᠷᠭᠢᠨ ᠵᠠᠵᠢᠨ ᠦᠰᠦ ᠪᠠᠨ ᠪᠣᠭᠤᠷᠤᠯᠳᠠᠳᠠᠯ᠎ᠠ ᠨᠤᠴᠤᠯᠳᠤᠵᠤ ᠪᠠᠢ᠌ᠭᠠᠤᠨ ᠪᠦᠳᠦᠭᠡᠭ᠍ᠰᠡᠨ ᠵᠤᠷᠢᠭ ᠰᠠᠨᠠᠭ᠎ᠠ ᠶᠠᠭᠤᠨ ᠤ ᠳᠦᠯᠦᠭᠡ ᠪᠣᠯᠬᠤ ᠶᠢ ᠣᠢ᠌ᠯᠠᠭᠠᠳᠠᠭ ᠯᠠ ᠪᠣᠯ ᠮᠢᠨᠤ ᠭᠦᠰᠡᠯ ᠭᠦᠢᠴᠡᠴᠢᠭᠡᠨ᠎ᠡ᠃

ᠬᠠᠮᠤᠭ ᠰᠡᠭᠦᠯ ᠳᠤ᠂ ᠲ᠋ᠤᠰ ᠨᠤᠮ ᠢ ᠭᠠᠷᠭᠠᠬᠤ ᠳᠤ ᠡᠷᠭᠢᠮ ᠰᠤᠷᠭᠠᠯ ᠶᠢᠡᠨ ᠬᠠᠢ᠌ᠷᠠᠯᠠᠭᠰᠠᠨ ᠭ·ᠰᠢᠷᠠᠪᠵᠠᠮᠰᠤ ᠪᠠᠭᠰᠢ᠂ ᠮᠠᠲ᠋ᠸᠷᠢᠶᠠᠯ ᠬᠠᠩᠭ᠋ᠠᠨ ᠳᠤᠰᠠᠯᠠᠨ ᠵᠤᠷᠢᠭᠵᠢᠭᠤᠯᠤᠭᠰᠠᠨ 《ᠨᠡᠢ᠌ᠭᠡᠮ》 ᠰᠡᠳᠭᠦᠯ ᠤᠨ ᠨᠠᠢ᠌ᠷᠠᠭᠤᠯᠤᠭᠴᠢ ᠰᠠᠴᠠᠩᠭ᠋ᠤᠸ᠎ᠠ ᠪᠠᠭᠰᠢ᠂ ᠬᠠᠷᠭᠤᠭᠤᠯᠭ᠎ᠠ ᠶᠢ ᠬᠠᠷᠢᠭᠤᠴᠠᠭᠰᠠᠨ 《ᠠᠭᠳᠠ ᠶᠢᠨ ᠳᠡᠯ᠎ᠡ》 ᠰᠡᠳᠭᠦᠯ ᠤᠨ ᠶᠡᠷᠦᠩᠭᠡᠢ ᠨᠠᠢ᠌ᠷᠠᠭᠤᠯᠤᠭᠴᠢ ᠴᠢᠯᠠᠭᠤ ᠭᠤᠸᠠᠢ ᠨᠡᠷ ᠲᠤ ᠴᠢᠩ ᠰᠠᠤᠠᠭᠢᠯ ᠤᠨ ᠳᠠᠯᠠᠷᠬᠠᠯ ᠶᠢᠡᠨ ᠳᠡᠪᠰᠢᠭᠦᠯᠦᠶ᠎ᠡ︕



ᠬᠤᠶᠠᠷ ᠮᠢᠩᠭ᠋᠎ᠠ ᠪᠦᠭᠡᠤᠨ ᠶ‍ᠢᠰᠤᠨ ᠣᠨ ᠤ ᠬᠠᠪᠣᠷ ᠪᠠᠶᠠᠬᠠᠭᠤᠯᠠ ᠳᠤ᠃



※ ※ ※ ※

ᠪᠢᠯᠢᠭ᠌ ᠤᠨ ᠭᠡᠭᠡᠪᠴᠢ ᠊᠊᠊᠊᠊᠊᠊᠊᠊᠊᠊᠊᠊᠊᠊᠊᠊᠊᠊᠊᠊᠊᠊᠊᠊᠊᠊᠊᠊᠊

ᠪᠢᠳᠠ ᠡᠨᠡ ᠭᠡᠭᠡᠪᠴᠢ ᠪᠠᠷ ᠠᠮᠢ ᠨᠠᠰᠤᠨ ᠤ ᠣᠤᠠᠬ᠎ᠠ ᠠᠭᠤᠯᠭ᠎ᠠ ᠶᠢ ᠣᠢ᠌ᠯᠠᠭᠠᠵᠤ᠂ ᠶᠠᠭᠤᠨ ᠳᠤ ᠢᠷᠡᠭᠡᠤᠨ ᠶᠠᠭᠠᠭᠢᠵᠤ ᠠᠮᠢᠳᠤᠷᠠᠬᠤ ᠪᠠᠨ ᠣᠬᠠᠮᠰᠠᠷᠯᠠᠬᠤ ᠪᠣᠯᠤᠨ᠎ᠠ᠃ ᠪᠢᠳᠠ ᠡᠨᠡ ᠭᠡᠭᠡᠪᠴᠢ ᠪᠠᠷ ᠶ‍ᠢᠷᠳᠢᠠᠴᠤ ᠶᠢᠨ ᠪᠠᠷᠠᠭᠠᠨ ᠳᠤᠭᠤᠰᠤ ᠶᠢ ᠨᠠᠪᠳᠠᠯᠤᠨ ᠠᠮᠵᠢᠯᠳᠠ ᠪᠦᠳᠦᠭᠡᠯ ᠤᠨ ᠠᠯᠳᠠᠩᠬᠠᠨ ᠣᠷᠭᠢᠯ ᠶᠢᠡᠨ ᠳᠤᠳᠤ ᠬᠠᠷᠠᠵᠤ ᠴᠢᠳᠠᠨ᠎ᠠ᠃



ᠵᠤᠬᠢᠶᠠᠭᠴᠢ ᠶᠢᠨ ᠳᠤᠪᠴᠢ ᠳᠠᠨᠢᠯᠴᠠᠭᠤᠯᠭ᠎ᠠ


ᠨᠣ᠋᠂ ᠪᠠᠭᠠᠳᠤᠷ᠂ 1958 ᠣᠨ ᠤ 12 ᠰᠠᠷᠠᠢ᠌ᠨ 25 ᠳᠤ ᠠᠷᠠᠤᠨ ᠤᠨ ᠪᠠᠭᠰᠢ ᠨᠤᠮᠢᠨ᠂ ᠮᠠᠯᠴᠢᠨ ᠢᠤᠢ ᠯᠢᠶᠠᠨ ᠤ ᠣᠤᠭᠠᠨ ᠭᠦᠤ ᠪᠣᠯᠵᠤ ᠵᠠᠶᠠᠭᠠᠪᠠ᠃ ᠨᠢ᠋ᠮᠠᠨ ᠰᠠᠷ᠎ᠠ ᠲᠡᠶ ᠳᠠᠭᠠᠨ ᠨᠤᠭᠤᠰᠤᠨ ᠤ ᠪᠣᠷᠤ ᠡᠳ᠋ ᠤᠨ ᠦᠷᠪᠢᠰᠤᠯ ᠣᠯᠵᠤ ᠵᠡᠮᠳᠡᠭ᠌ ᠪᠣᠯᠵᠠᠢ᠃ 1980 ᠣᠨ ᠳᠤ ᠦᠨᠳᠦᠷ ᠳᠤᠮᠳᠠ ᠪᠠᠨ ᠳᠡᠭᠦᠰᠴᠤ ᠶᠡᠭᠡ ᠰᠤᠷᠭᠠᠭᠤᠯᠢ ᠳᠤ ᠰᠢᠯᠭᠠᠨ ᠣᠷᠤᠭᠰᠠᠨ ᠪᠣᠯᠪᠠᠴᠤ ᠪᠠᠶ᠎ᠠ ᠵᠡᠮᠳᠡᠭ᠌ ᠤᠨ ᠬᠠᠷᠠᠭ᠎ᠠ ᠪᠠᠷ ᠡᠯᠰᠡᠭ᠍ᠳᠡᠵᠤ ᠴᠢᠳᠠᠭᠰᠠᠨ ᠦᠭᠡᠶ ᠭᠡᠷ ᠲᠡᠭᠡᠨ ᠬᠠᠷᠢᠵᠤ ᠮᠠᠯᠴᠢᠨ ᠪᠤᠯᠪᠠ᠃ ᠥᠭᠦᠯᠡᠯᠭᠡ ᠨᠠᠢ᠌ᠷᠠᠭᠤᠯᠤᠯ ᠪᠠᠭ᠎ᠠ ᠰᠠᠭ᠎ᠠ ᠪᠢᠴᠢᠳᠡᠭ᠌ ᠪᠦᠭᠡᠤᠨ ᠠᠯᠳᠠᠷᠠᠢ᠌ᠬᠠᠨ ᠨᠠᠰᠤ ᠦᠨᠡᠳᠤ ᠴᠠᠭ ᠶᠢᠡᠨ ᠳᠠᠯᠭᠠᠷ ᠨᠥᠭ᠍ᠴᠢᠭᠡᠭ᠍ᠰᠡᠨ ᠳᠠᠷᠠᠪᠠᠷ ᠣᠳᠤ ᠴᠠᠭᠢᠯᠭᠠᠨ ᠭᠡᠷᠡᠭ᠍ᠰᠡᠯ ᠰᠠᠯᠪᠢᠨ ᠵᠠᠰᠠᠭᠠᠤᠨ ᠠᠮᠢ ᠵᠢᠭᠤᠵᠤ ᠪᠣᠢ᠃

ᠵᠤᠬᠢᠶᠠᠭᠴᠢ᠄ ᠨᠣ᠋·ᠪᠠᠭᠠᠳᠤᠷ
ᠳᠠᠷᠤᠮ᠄ 5852
ᠴᠠᠭ᠄ 2009 ᠤᠨ ᠤ 04 ᠰᠠᠷ᠎ᠠ ᠶᠢᠨ 29

ᠡᠮᠦᠨᠡᠬᠢ  

ᠰᠢᠭᠦᠮᠵᠢ ᠪᠢᠴᠢᠬᠦ
ᠨᠡᠪᠲᠡᠷᠡᠨ ᠤᠷᠤᠭᠠᠷᠠᠢ᠃
ᠨᠡᠪᠲᠡᠷᠡᠨ ᠤᠷᠤᠪᠠᠯ ᠰᠠᠶ‍ᠢ ᠰᠢᠭᠦᠮᠵᠢ ᠪᠢᠴᠢᠵᠦ ᠳᠡᠢ᠌ᠯᠦᠨ᠎ᠡ᠃