ᠮᠤᠩᠭ᠋ᠤᠯ ᠲᠡᠦᠬᠡ ᠶᠢᠨ ᠤᠨ ᠤ ᠬᠡᠯᠬᠢᠶᠡᠰᠦ
ᠵᠢᠷᠭᠤᠭ᠎ᠠ ᠂ 1646 ᠤᠨ ᠡᠴᠡ 1739 ᠤᠨ ᠬᠦᠷᠲᠡᠯ᠎ᠡ

1646 ᠣᠨ (ᠣᠯᠠᠭᠠᠨ ᠨᠤᠬᠠᠢ ᠵᠢᠯ᠂ ᠴᠢᠩ ᠣᠯᠤᠰ ᠤᠨ ᠡᠶᠡᠪᠠᠷ ᠵᠠᠰᠠᠭᠴᠢ ᠶᠢᠨ ᠭᠤᠳᠠᠭᠠᠷ ᠣᠨ)᠄

ᠮᠦᠨ ᠣᠨ ᠤ ᠳᠠᠪᠤᠨ ᠰᠠᠷᠠᠳᠠ ᠰᠦᠨᠢᠳ ᠤᠨ ᠵᠠᠰᠠᠭ ᠲᠦᠷᠦ ᠶᠢᠨ ᠵᠢᠶᠦ᠋ᠨ ᠸᠠᠩ ᠳᠠᠩᠭᠢᠰ᠂ ᠪᠠᠢ᠌ᠯᠠ ᠳᠠᠩᠭᠢᠳᠠᠢ ᠨᠡᠷ ᠮᠠᠠᠵᠤ ᠶᠢᠨ ᠡᠰᠡᠷᠭᠦ ᠣᠷᠪᠠᠯᠭ᠎ᠠ ᠭᠠᠷᠭᠠᠭᠠᠳ᠂ ᠡᠴᠦᠰ ᠲᠤ ᠬᠠᠯᠬ᠎ᠠ ᠶᠢᠨ ᠰᠠᠴᠠᠨ ᠬᠠᠨ ᠠᠢ᠌ᠮᠠᠭ ᠲᠤ ᠣᠬᠤᠷᠢᠨ ᠭᠦᠷᠦᠭᠡᠤᠨ ᠰᠠᠴᠠᠨ ᠬᠠᠨ ᠱᠤᠯᠤᠢ᠂ ᠲᠦᠰᠢᠶᠠᠳᠤ ᠬᠠᠨ ᠭᠤᠮᠪᠣ ᠶᠢᠨ ᠥᠮᠦᠭ᠌ ᠳᠦᠰᠢᠭ᠌ ᠢ ᠣᠯᠪᠠᠢ᠃ ᠮᠠᠠᠵᠤ ᠶᠢᠨ ᠴᠡᠷᠢᠭ᠌ ᠳᠠᠩᠭᠢᠰ᠂ ᠲ᠋ᠠᠩᠭᠢᠳᠠᠢ ᠶᠢᠨ ᠣᠷᠪᠠᠯᠭ᠎ᠠ ᠶᠢ ᠨᠡᠭᠡᠮᠵᠢᠯᠡᠭᠦ ᠨᠠᠷ᠎ᠠ ᠪᠠᠷ ᠬᠠᠯᠬ᠎ᠠ ᠳᠤ ᠴᠦᠮᠦᠷᠢᠨ ᠣᠷᠤᠭᠠᠤᠨ᠂ ᠲᠦᠰᠢᠶᠠᠳᠤ ᠬᠠᠨ ᠪᠣᠯᠤᠨ ᠰᠠᠴᠠᠨ ᠬᠠᠨ ᠤ ᠬᠤᠯᠪᠣᠭᠠᠳᠤ ᠴᠡᠷᠢᠭ᠌ ᠲᠤ ᠪᠣᠳᠠ ᠨᠢᠷᠭᠡᠭ᠍ᠳᠡᠪᠠᠢ᠃ ᠪᠠᠰᠡ ᠮᠦᠨ ᠣᠨ ᠳᠤ ᠮᠠᠠᠵᠤ ᠶᠢᠨ ᠡᠶᠡᠪᠠᠷ ᠵᠠᠰᠠᠭᠴᠢ ᠬᠠᠭᠠᠨ ᠡᠴᠡ ᠲᠦᠷᠦ ᠪᠠᠢ᠌ᠬᠤ ᠳ᠋ᠤ 《ᠭᠦᠦᠰᠢ ᠬᠠᠭᠠᠨ》 ᠴᠤᠯᠠ ᠡᠷᠭᠦᠪᠠᠢ᠃

1648 ᠣᠨ (ᠰᠢᠷ᠎ᠠ ᠬᠤᠯᠤᠭᠠᠨ᠎ᠠ ᠵᠢᠯ᠂ ᠴᠢᠩ ᠣᠯᠤᠰ ᠤᠨ ᠡᠶᠡᠪᠠᠷ ᠵᠠᠰᠠᠭᠴᠢ ᠶᠢᠨ ᠳᠠᠪᠣᠳᠤᠭᠠᠷ ᠣᠨ)᠄

ᠣᠷᠠᠤᠨ ᠠᠢ᠌ᠮᠠᠭ ᠤᠨ ᠡᠷᠭᠡ ᠳᠠᠢ᠌ᠵᠢ ᠳᠤᠪᠠ᠂ ᠲᠦᠮᠡᠨ ᠳᠠᠷᠬᠠᠨ ᠳᠠᠢ᠌ᠵᠢ ᠣᠮᠪᠣ᠂ ᠢᠯᠳᠤᠨ ᠬᠤᠰᠢᠭᠤᠴᠢ ᠰᠠᠷᠠᠩ ᠨᠡᠷ ᠮᠠᠠᠵᠤ ᠴᠢᠩ ᠣᠯᠤᠰ ᠢ ᠬᠠᠪᠰᠤᠷᠴᠤ ᠬᠠᠯᠬ᠎ᠠ ᠶᠢ ᠳᠠᠢ᠌ᠯᠠᠭᠰᠠᠨ ᠡᠴᠡ ᠰᠤᠯᠤᠢ᠂ ᠭᠤᠮᠪᠣ ᠨᠡᠷ ᠤᠨ ᠭᠦᠴᠤᠨ ᠳᠠᠷᠤᠭᠳᠠᠵᠤ᠂ ᠲ᠋ᠠᠩᠭᠢᠰ᠂ ᠲ᠋ᠠᠩᠭᠢᠳᠠᠢ ᠨᠡᠷ ᠮᠠᠠᠵᠤ ᠳᠤ ᠪᠠᠭᠤᠨ ᠥᠭ᠍ᠴᠢ᠃

ᠪᠠᠰᠠ ᠮᠦᠨ ᠣᠨ᠎ᠠ᠂ ᠽᠠᠶ᠎ᠠ ᠪᠠᠠᠳᠢᠳᠠ ᠬᠤᠳᠤᠭᠳᠤ ᠣᠢ᠌ᠷᠠᠤᠨ ᠠᠶᠠᠯᠭᠤᠨ ᠤ ᠣᠠᠴᠠᠯᠢᠭ ᠢ ᠦᠨᠳᠦᠰᠦᠯᠠᠨ᠂ ᠣᠢ᠌ᠭᠤᠷᠵᠢᠨ ᠮᠤᠩᠭ᠋ᠤᠯ ᠪᠢᠴᠢᠭ᠌ ᠲᠤ ᠵᠤᠭᠢᠬᠤ ᠵᠠᠰᠠᠯᠳᠠ ᠶᠢ ᠣᠷᠤᠭᠤᠯᠵᠤ ᠳᠤᠳᠤ ᠥᠰᠦᠭ᠌ ᠢ ᠵᠤᠬᠢᠶᠠᠨ ᠪᠦᠳᠦᠭᠡᠪᠠᠢ᠃

1649 ᠣᠨ (ᠰᠢᠷᠠᠭᠴᠢᠨ ᠥᠭᠡᠷ ᠵᠢᠯ᠂ ᠴᠢᠩ ᠣᠯᠤᠰ ᠤᠨ ᠡᠶᠡᠪᠠᠷ ᠵᠠᠰᠠᠭᠴᠢ ᠶᠢᠨ ᠵᠢᠷᠭᠤᠳᠤᠭᠠᠷ ᠣᠨ)᠄

ᠮᠦᠨ ᠣᠨ᠎ᠠ᠂ ᠣᠷᠳᠤᠰ ᠲᠤ ᠮᠠᠠᠵᠤ ᠶᠢᠨ ᠳᠠᠢ᠌ᠯᠠᠯᠳᠠ ᠶᠢ ᠡᠰᠡᠷᠭᠦᠴᠡᠭ᠍ᠰᠡᠨ ᠵᠠᠮᠰᠤ ᠨᠡᠷ ᠤᠨ ᠪᠣᠰᠤᠯᠭ᠎ᠠ ᠡᠭᠦᠰᠪᠠᠢ᠃

1652 ᠣᠨ (ᠬᠠᠷ᠎ᠠ ᠯᠤᠤ ᠵᠢᠯ᠂ ᠴᠢᠩ ᠣᠯᠤᠰ ᠤᠨ ᠡᠶᠡᠪᠠᠷ ᠵᠠᠰᠠᠭᠴᠢ ᠶᠢᠨ ᠶ‍ᠢᠰᠦᠳᠦᠭᠡᠷ ᠣᠨ)᠄

ᠮᠦᠨ ᠣᠨ ᠤ ᠡᠪᠦᠯ ᠪᠠᠭᠠᠳᠤᠷ ᠬᠤᠩ ᠳᠠᠢ᠌ᠵᠢ ᠨᠠᠰᠤ ᠪᠠᠷᠡᠵᠤ᠂ ᠲ᠋ᠡᠭᠦᠨ ᠤ ᠳᠦᠳᠦᠭᠡᠷ ᠭᠦᠪᠠᠭᠦᠨ ᠰᠡᠩᠭᠡ ᠵᠡᠭᠦᠡᠭᠠᠷ ᠤᠨ ᠬᠠᠨ ᠰᠠᠭᠤᠷᠢᠨ ᠢ ᠵᠠᠯᠭᠠᠮᠵᠢᠯᠠᠪᠠᠢ᠃

1653 ᠣᠨ (ᠬᠠᠷᠠᠭᠴᠢᠨ ᠮᠤᠭᠠᠢ ᠵᠢᠯ᠂ ᠴᠢᠩ ᠣᠯᠤᠰ ᠤᠨ ᠡᠶᠡᠪᠠᠷ ᠵᠠᠰᠠᠭᠴᠢ ᠶᠢᠨ ᠠᠷᠪᠠᠳᠤᠭᠠᠷ ᠣᠨ)᠄

ᠮᠦᠨ ᠣᠨ ᠳᠤ ᠮᠠᠠᠵᠤ ᠶᠢᠨ ᠡᠶᠡᠪᠠᠷ ᠵᠠᠰᠠᠭᠴᠢ ᠬᠠᠭᠠᠨ ᠭᠦᠦᠰᠢ ᠬᠠᠭᠠᠨ᠎ᠠ 《ᠣᠤᠠᠬ᠎ᠠ ᠶᠢ ᠵᠢᠷᠤᠮᠯᠠᠨ ᠵᠢᠷᠤᠮ ᠢ ᠳᠠᠭᠠᠭᠰᠠᠨ ᠰᠠᠴᠠᠨ ᠮᠡᠷᠭᠡᠨ ᠭᠦᠦᠰᠢ ᠬᠠᠭᠠᠨ》 ᠭᠡᠮᠡᠭᠦ ᠴᠤᠯᠠ ᠡᠷᠭᠦᠪᠠᠢ᠃

ᠮᠦᠨ ᠣᠨ ᠳᠤ ᠨᠠᠢ᠌ᠵᠢ ᠳᠣᠢ᠌ᠨ ᠬᠤᠳᠤᠭᠳᠤ ᠭᠦᠭᠡᠬᠤᠳᠡᠨ᠎ᠡ ᠨᠠᠰᠤᠨ ᠶᠡᠭᠦᠦᠡᠪᠠᠢ᠃

1655 ᠣᠨ (ᠭᠦᠭᠡᠭ᠍ᠴᠢᠨ ᠬᠤᠨᠢᠨ ᠵᠢᠯ᠂ ᠴᠢᠩ ᠣᠯᠤᠰ ᠤᠨ ᠡᠶᠡᠪᠠᠷ ᠵᠠᠰᠠᠭᠴᠢ ᠶᠢᠨ ᠠᠷᠪᠠᠨ ᠬᠤᠶᠠᠳᠤᠭᠠᠷ ᠣᠨ)᠄

ᠮᠦᠨ ᠣᠨ᠎ᠠ᠂ ᠮᠠᠠᠵᠤ ᠶᠢᠨ ᠡᠶᠡᠪᠠᠷ ᠵᠠᠰᠭᠴᠢ ᠬᠠᠭᠠᠨ ᠪᠦᠭᠦ ᠬᠠᠯᠬ᠎ᠠ ᠶᠢᠨ ᠭᠡᠮᠵᠢᠶᠡᠨ ᠳᠤ ᠨᠠᠢ᠌ᠳᠠ ᠨᠢ᠋ᠮᠠᠨ ᠵᠠᠰᠠᠭ ᠬᠤᠰᠢᠭᠤ ᠪᠠᠢ᠌ᠭᠤᠯᠵᠤ᠂ ᠪᠠᠰᠠ ᠳᠤᠰᠪᠣᠷᠢ ᠵᠠᠰᠠᠭ ᠨᠤᠶᠠᠤᠨ ᠳᠤᠮᠢᠯᠠᠪᠠᠢ᠃

ᠮᠦᠨ ᠣᠨ᠎ᠠ᠂ ᠬᠤᠱᠤᠳ ᠤᠨ ᠭᠦᠦᠰᠢ ᠬᠠᠭᠠᠨ ᡀᠠᠰᠠ ᠳᠤ ᠨᠠᠰᠤ ᠪᠠᠷᠠᠪᠠ᠃

1659 ᠣᠨ (ᠰᠢᠷᠠᠭᠴᠢᠨ ᠭᠠᠬᠠᠢ ᠵᠢᠯ᠂ ᠴᠢᠩ ᠣᠯᠤᠰ ᠤᠨ ᠡᠶᠡᠪᠠᠷ ᠵᠠᠰᠠᠭᠴᠢ ᠶᠢᠨ ᠠᠷᠪᠠᠨ ᠵᠢᠷᠭᠤᠳᠤᠭᠠᠷ ᠣᠨ)᠄

ᠮᠦᠨ ᠣᠨ᠎ᠠ᠂ ᠵᠢᠪᠽᠤᠠᠳᠠᠮᠪᠠ ᠬᠤᠳᠤᠭᠳᠤ ᠴᠠᠭᠠᠨ ᠨᠠᠭᠤᠷ ᠤᠨ ᠨᠤᠮ ᠤᠨ ᠬᠤᠷᠠᠯ ᠢ ᠬᠤᠷᠠᠯᠳᠤᠭᠤᠯᠵᠤ᠂ ᠬᠠᠯᠬ᠎ᠠ ᠶᠢᠨ ᠣᠯᠠᠨ ᠹᠧᠤᠳᠠᠯ ᠨᠤᠶᠠᠤᠨ ᠪᠣᠯᠤᠨ ᠯᠠᠮ᠎ᠠ ᠨᠡᠷ ᠲᠤ ᠭᠡᠷᠭᠡᠮ ᠵᠡᠷᠭᠡ ᠣᠯᠭᠤᠪᠠᠢ᠃

1662 ᠣᠨ (ᠬᠠᠷ᠎ᠠ ᠪᠠᠷᠰ ᠵᠢᠯ᠂ ᠴᠢᠩ ᠣᠯᠤᠰ ᠤᠨ ᠡᠩᠭᠡ ᠠᠮᠤᠭᠤᠯᠠᠩ ᠤᠨ ᠳᠡᠷᠢᠭᠦᠨ ᠣᠨ)᠄

ᠮᠦᠨ ᠣᠨ᠎ᠠ᠂ ᠣᠷᠳᠤᠰ ᠤᠨ ᠰᠠᠭᠠᠩ ᠰᠠᠴᠠᠨ ᠬᠤᠩ ᠳᠠᠢ᠌ᠵᠢ 《ᠬᠠᠤᠨ ᠤᠨ ᠦᠨᠳᠦᠰᠦᠨ ᠡᠷᠳᠡᠨᠢ ᠶᠢᠨ ᠳᠤᠪᠴᠢ》 ᠪᠠᠨ ᠳᠤᠭᠤᠷᠪᠢᠵᠤ ᠳᠡᠭᠦᠰᠭᠡᠪᠠᠢ᠃

ᠪᠠᠰᠠ ᠮᠦᠨ ᠣᠨ ᠤ ᠨᠠᠮᠤᠷ ᠤᠨ ᠳᠤᠮᠳᠠᠳᠤ ᠰᠠᠷᠠᠳᠠ ᠣᠢ᠌ᠷᠠᠤᠨ ᠤᠨ ᠷᠠᠪᠵᠢᠮᠪᠠ ᠽᠠᠶ᠎ᠠ ᠪᠠᠠᠳᠢᠳᠠ ᠣᠢ᠌ᠷᠠᠤᠨ ᠡᠴᠡ ᠲᠦᠪᠡᠳ ᠭᠦᠷᠭᠦ ᠵᠠᠮ ᠳᠠᠭᠠᠨ ᠨᠠᠰᠤ ᠪᠠᠷᠠᠪᠠᠢ᠃

1669 ᠣᠨ (ᠰᠢᠷᠠᠭᠴᠢᠨ ᠳᠠᠭᠢᠶ᠎ᠠ ᠵᠢᠯ᠂ ᠴᠢᠩ ᠣᠯᠤᠰ ᠤᠨ ᠡᠩᠭᠡ ᠠᠮᠤᠭᠤᠯᠠᠩ ᠤᠨ ᠨᠢ᠋ᠮᠠᠳᠤᠭᠠᠷ ᠣᠨ)᠄

ᠮᠦᠨ ᠣᠨ᠎ᠠ᠂ ᠮᠠᠠᠵᠤ ᠶᠢᠨ ᠠᠮᠤᠭᠤᠯᠠᠩ ᠬᠠᠭᠠᠨ ᠠᠪᠠᠢ ᠶᠢ ᠨᠢ᠋ᠮᠠᠨ ᠵᠢᠯ ᠲᠦᠷᠦ ᠳᠤ ᠡᠰᠡ ᠪᠠᠷᠠᠭᠠᠳᠠᠭᠰᠠᠨ ᠭᠡᠵᠤ ᠳᠡᠭᠦᠨ ᠤ ᠴᠢᠨ ᠸᠠᠩ ᠵᠡᠷᠭᠡ ᠶᠢ ᠨᠢ ᠡᠪᠳᠡᠵᠤ ᠭᠢᠠᠳᠠᠨ ᠳᠤ ᠪᠠᠷᠢᠵᠤ ᠬᠤᠷᠢᠭᠠᠤᠨ ᠭᠡᠷᠭᠡᠮ ᠶᠢ ᠨᠢ ᠳᠡᠭᠦᠨ ᠤ ᠭᠦᠪᠠᠭᠦᠨ ᠪᠦᠷᠨᠡᠢ ᠳᠤ ᠰᠢᠷᠠᠭᠤᠯᠪᠠᠢ᠃

1670 ᠣᠨ (ᠴᠠᠭᠠᠨ ᠨᠤᠬᠠᠢ ᠵᠢᠯ᠂ ᠴᠢᠩ ᠣᠯᠤᠰ ᠤᠨ ᠡᠩᠭᠡ ᠠᠮᠤᠭᠤᠯᠠᠩ ᠤᠨ ᠶ‍ᠢᠰᠦᠳᠦᠭᠡᠷ ᠣᠨ)᠄

ᠮᠦᠨ ᠤᠨ᠎ᠡ᠂ ᠵᠡᠭᠦᠨᠭᠠᠷ ᠤᠨ ᠪᠠᠭᠠᠳᠤᠷ ᠬᠤᠩ ᠳᠠᠢ᠌ᠵᠢ ᠶᠢᠨ ᠪᠣᠷᠤᠳ ᠬᠠᠳᠤᠨ ᠡᠴᠡ ᠳᠦᠷᠦᠭ᠍ᠰᠡᠨ ᠰᠠᠴᠠᠨ᠂ ᠪᠠᠭᠠᠳᠤᠷ ᠬᠤᠶᠠᠷ ᠭᠦᠪᠠᠭᠦᠨ ᠭᠠᠯᠳᠠᠨ ᠲᠡᠶ ᠨᠢᠭᠡ ᠡᠭᠡ ᠡᠴᠡ ᠳᠦᠷᠦᠭ᠍ᠰᠡᠨ ᠰᠡᠩᠭᠡ ᠲᠡᠶ ᠵᠡᠭᠦᠡᠭᠠᠷ ᠤᠨ ᠬᠠᠭᠠᠨ ᠰᠠᠭᠤᠷᠢᠨ ᠢ ᠪᠣᠯᠢᠶᠠᠯᠳᠤᠵᠤ ᠳᠡᠭᠦᠨ ᠢ ᠪᠠᠷᠢᠵᠤ ᠠᠯᠠᠪᠠᠢ᠃

1671 ᠣᠨ (ᠴᠠᠭᠠᠭᠴᠢᠨ ᠭᠠᠬᠠᠢ ᠵᠢᠯ᠂ ᠴᠢᠩ ᠣᠯᠤᠰ ᠤᠨ ᠡᠩᠭᠡ ᠠᠮᠤᠭᠤᠯᠠᠩ ᠬᠠᠭᠠᠨ ᠤ ᠠᠷᠪᠠᠳᠤᠭᠠᠷ ᠣᠨ)᠄

ᠮᠦᠨ ᠤᠨ᠎ᠡ᠂ ᠳᠦᠳᠦᠭᠡᠷ ᠪᠠᠠᠴᠢᠨ ᠡᠷᠳᠡᠨᠢ ᠶᠢᠨ ᠳᠤᠤᠷ᠎ᠠ ᠱᠠᠪᠢᠯᠠᠵᠤ ᠪᠠᠢ᠌ᠭᠰᠠᠨ ᠭᠠᠯᠳᠠᠨ ᠬᠤᠩ ᠳᠠᠢ᠌ᠵᠢ ᠲᠦᠪᠡᠳ ᠡᠴᠡ ᠣᠢ᠌ᠷᠠᠤᠨ ᠲᠠᠭᠠᠨ ᠪᠣᠴᠠᠨ ᠢᠷᠡᠭᠡᠤᠨ᠂ ᠸᠴᠢᠷᠳᠤ ᠬᠠᠭᠠᠨ ᠤ ᠳᠡᠮᠵᠢᠯᠭᠡ ᠪᠠᠷ ᠵᠡᠭᠦᠡᠭᠠᠷ ᠤᠨ ᠲᠦᠷᠦ ᠶᠢᠨ ᠡᠷᠭᠡ ᠶᠢ ᠡᠵᠡᠮᠳᠡᠨ ᠠᠪᠣᠪᠠᠢ᠃

1675 ᠣᠨ (ᠭᠦᠭᠡᠭ᠍ᠴᠢᠨ ᠳᠠᠤᠯᠠᠢ ᠵᠢᠯ᠂ ᠴᠢᠩ ᠣᠯᠤᠰ ᠤᠨ ᠡᠩᠭᠡ ᠠᠮᠤᠭᠤᠯᠠᠩ ᠤᠨ ᠠᠷᠪᠠᠨ ᠳᠦᠷᠪᠠᠳᠦᠭᠡᠷ ᠣᠨ)᠄

ᠮᠦᠨ ᠣᠨ᠎ᠠ᠂ ᠴᠠᠬᠠᠷ ᠤᠨ ᠯᠢᠭ᠍ᠳᠡᠨ ᠪᠠᠭᠠᠳᠤᠷ ᠬᠠᠭᠠᠨ ᠤ ᠣᠤᠠᠬᠤᠨ ᠭᠦᠪᠠᠭᠦᠨ ᠠᠪᠠᠢ ᠡᠴᠡ ᠳᠦᠷᠦᠭ᠍ᠰᠡᠨ ᠪᠦᠷᠡᠨᠢ ᠴᠢᠨ ᠸᠠᠩ ᠦᠪᠡᠷᠤᠨ ᠳᠡᠭᠦᠤ ᠯᠤᠪᠰᠠᠩ ᠤᠨ ᠬᠠᠮᠳᠤ ᠨᠢ᠋ᠮᠠᠨ ᠤ ᠵᠠᠮᠰᠠᠩ ᠭᠦᠩ ᠲᠡᠶ ᠨᠠᠢ᠌ᠯᠠᠵᠤ᠂ ᠮᠤᠩᠭ᠋ᠤᠯ ᠤᠨ ᠬᠠᠭᠠᠠᠳᠤ ᠲᠦᠷᠦ ᠪᠠᠨ ᠳᠠᠭᠢᠨ ᠰᠡᠷᠭᠦᠭᠡᠭᠦ ᠭᠡᠵᠤ ᠮᠠᠠᠵᠤ ᠶᠢᠨ ᠡᠰᠡᠷᠭᠦ ᠪᠣᠰᠤᠯᠭ᠎ᠠ ᠭᠠᠷᠭᠠᠪᠠᠢ᠃ ᠪᠦᠷᠠᠨᠢ ᠴᠢᠨ ᠸᠠᠩ ᠤᠨ ᠳᠠᠮᠠᠴᠠᠯ ᠡᠴᠦᠰ ᠲᠡᠭᠡᠨ ᠢᠯᠠᠭᠳᠠᠯ ᠳᠤ ᠣᠴᠠᠷᠠᠵᠤ ᠪᠦᠷᠡᠨᠢ ᠴᠢᠨ ᠸᠡᠩ᠂ ᠲ᠋ᠡᠭᠦᠤ ᠯᠤᠪᠰᠠᠩ ᠤᠨ ᠬᠠᠮᠳᠤ ᠲᠦᠰᠢᠶᠠᠳᠤ ᠬᠤᠰᠢᠭᠤᠨ ᠤᠨ ᠴᠢᠨ ᠸᠠᠩ ᠱᠠᠵᠢᠨ ᠳᠤ ᠠᠯᠠᠭᠳᠠᠪᠠᠢ᠃

1677 ᠣᠨ (ᠣᠯᠠᠭᠴᠢᠨ ᠮᠤᠭᠠᠢ ᠵᠢᠯ᠂ ᠴᠢᠩ ᠣᠯᠤᠰ ᠤᠨ ᠡᠩᠭᠡ ᠠᠮᠤᠭᠤᠯᠠᠩ ᠤᠨ ᠠᠷᠪᠠᠨ ᠵᠢᠷᠭᠤᠳᠤᠭᠠᠷ ᠣᠨ)᠄

ᠮᠦᠨ ᠣᠨ᠎ᠠ᠂ ᠦᠯᠵᠡᠢ᠌ᠳᠤ ᠪᠣᠭᠤᠮ᠎ᠠ ᠭᠡᠮᠡᠭᠦ ᠭᠠᠵᠠᠷ ᠲᠤ ᠭᠠᠯᠳᠠᠨ ᠪᠣᠱᠤᠭᠳᠤ ᠬᠠᠭᠠᠨ ᠪᠣᠯᠤᠨ ᠸᠴᠢᠷᠳᠤ ᠴᠠᠴᠠᠨ ᠬᠠᠭᠠᠨ ᠤ ᠬᠤᠭᠤᠷᠤᠠᠳᠤ ᠳᠠᠢ᠌ᠨ ᠪᠤᠯᠪᠠᠢ᠃ ᠡᠨᠡ ᠳᠠᠢ᠌ᠨ ᠳᠤ ᠸᠴᠢᠷᠳᠤ ᠴᠠᠴᠠᠨ ᠬᠠᠭᠠᠨ ᠢᠯᠠᠭᠳᠠᠵᠤ ᠳᠤᠳᠠᠭᠠᠪᠠᠢ᠃

1678 ᠣᠨ (ᠰᠢᠷ᠎ᠠ ᠮᠤᠷᠢᠨ ᠵᠢᠯ᠂ ᠴᠢᠩ ᠣᠯᠤᠰ ᠤᠨ ᠡᠩᠭᠡ ᠠᠮᠤᠭᠤᠯᠠᠩ ᠤᠨ ᠠᠷᠪᠠᠨ ᠳᠤᠯᠤᠳᠤᠭᠠᠷ ᠣᠨ)᠄

ᠭᠠᠯᠳᠠᠨ ᠬᠤᠩ ᠳᠠᠢ᠌ᠵᠢ ᠵᠡᠭᠦᠡᠭᠠᠷ ᠤᠨ ᠲᠦᠪ ᠲᠤ ᠳᠦᠪᠯᠡᠷᠡᠭ᠍ᠰᠡᠨ ᠬᠠᠭᠠᠠᠳᠤ ᠡᠷᠭᠡ ᠶᠢ ᠴᠢᠩᠭ᠋ᠠᠤᠠᠬᠠᠬᠤ ᠶᠢᠨ ᠳᠦᠯᠦᠭᠡ 《ᠮᠤᠩᠭ᠋ᠤᠯ ᠣᠢ᠌ᠷᠠᠤᠨ ᠤᠨ ᠴᠠᠭᠠᠵᠠ ᠪᠢᠴᠢᠭ᠌》 ᠲ᠋ᠤ ᠵᠤᠭᠢᠬᠤ ᠵᠠᠰᠠᠮᠵᠢ ᠶᠢ ᠭᠢᠵᠤ 《ᠭᠠᠯᠳᠠᠨ ᠬᠤᠩ ᠳᠠᠢ᠌ᠵᠢ ᠶᠢᠨ ᠵᠠᠭᠢᠶ᠎ᠠ ᠵᠠᠷᠯᠢᠭ》 ᠭᠡᠮᠡᠭᠦ ᠨᠠᠷᠠᠢ᠌ᠳᠤᠯ ᠶᠢᠡᠷ ᠣᠯᠠᠨ᠎ᠠ ᠳᠤᠩᠬᠠᠭᠯᠠᠪᠠᠢ᠃

1679 ᠣᠨ (ᠰᠢᠷᠠᠭᠴᠢᠨ ᠬᠤᠨᠢᠨ ᠵᠢᠯ᠂ ᠴᠢᠩ ᠣᠯᠤᠰ ᠤᠨ ᠡᠩᠭᠡ ᠠᠮᠤᠭᠤᠯᠠᠩ ᠤᠨ ᠠᠷᠪᠠᠨ ᠨᠢ᠋ᠮᠠᠳᠤᠭᠠᠷ ᠣᠨ)᠄

ᠲ᠋ᠠᠪᠣᠳᠤᠭᠠᠷ ᠳᠠᠯᠠᠢ ᠪᠯᠠᠮ᠎ᠠ ᠯᠤᠪᠰᠠᠩᠵᠠᠮᠰᠤ ᠰᠢᠷ᠎ᠠ ᠶᠢᠨ ᠱᠠᠰᠢᠨ ᠤ ᠭᠦᠴᠤ ᠨᠥᠯᠦᠭᠡ ᠶᠢ ᠣᠢ᠌ᠷᠠᠤᠨ ᠤᠨ ᠭᠠᠵᠠᠷ ᠣᠯᠠᠮ ᠮᠠᠠᠳᠤᠭᠤᠯᠬᠤ ᠶᠢᠨ ᠳᠦᠯᠦᠭᠡ᠂ ᠮᠥᠨ ᠣᠨ᠎ᠠ ᠭᠠᠯᠳᠠᠨ ᠬᠤᠩ ᠳᠠᠢ᠌ᠵᠢ ᠳ᠋ᠤ 《ᠪᠣᠱᠤᠭᠳᠤ ᠬᠡᠭᠡᠨ》 ᠭᠡᠮᠡᠭᠦ ᠭᠦᠡᠳᠦᠳᠤ ᠴᠤᠯᠠ ᠶᠢ ᠣᠯᠭᠤᠪᠠᠢ᠃

1686 ᠣᠨ (ᠣᠯᠠᠭᠠᠨ ᠪᠠᠷᠰ ᠵᠢᠯ᠂ ᠴᠢᠩ ᠣᠯᠤᠰ ᠤᠨ ᠡᠩᠭᠡ ᠠᠮᠤᠭᠤᠯᠠᠩ ᠤᠨ ᠬᠤᠷᠢᠨ ᠳᠠᠪᠣᠳᠤᠭᠠᠷ ᠣᠨ)᠄

ᠮᠦᠨ ᠣᠨ᠎ᠠ᠂ ᠭᠠᠳᠠᠭᠠᠳᠤ ᠮᠤᠩᠭ᠋ᠤᠯ ᠤᠨ ᠲᠦᠷᠦ ᠶᠢ ᠵᠠᠰᠠᠬᠤ ᠶᠠᠪᠣᠳᠠᠯ ᠤᠨ ᠶᠠᠮᠤᠨ ᠤ ᠡᠷᠭᠢᠨ ᠰᠠᠢ᠌ᠳ ᠠᠷᠠᠨᠢ ᠡᠩᠭᠡ ᠠᠮᠤᠭᠤᠯᠠᠩ ᠬᠠᠭᠠᠨ ᠤ ᠳᠤᠮᠢᠯᠠᠯᠳᠠ ᠪᠠᠷ ᠳᠠᠯᠠᠢ ᠪᠯᠠᠮ᠎ᠠ ᠯᠤᠪᠰᠠᠩᠵᠠᠮᠰᠤ ᠶᠢᠨ ᠡᠯᠴᠢᠨ ᠭᠠᠯᠳᠠᠨ ᠰᠢᠷᠡᠭᠡᠳᠤ ᠶᠢᠨ ᠬᠠᠮᠳᠤ ᠬᠠᠯᠬ᠎ᠠ ᠶᠢᠨ ᠭᠦᠷᠡᠩ ᠪᠠᠯᠴᠢᠭᠡᠷ ᠲᠤ ᠲᠦᠰᠢᠶᠠᠳᠤ ᠬᠠᠨ ᠪᠣᠯᠤᠨ ᠵᠠᠰᠠᠭᠳᠤ ᠬᠠᠨ ᠤ ᠨᠤᠶᠠᠤᠨ ᠤᠨ ᠴᠢᠭᠤᠯᠭᠠᠨ ᠢ ᠬᠤᠷᠠᠯᠳᠤᠭᠤᠯᠵᠤ᠂ ᠵᠠᠰᠠᠭᠳᠤ ᠬᠠᠨ ᠪᠣᠯᠤᠨ ᠲᠦᠰᠢᠶᠠᠳᠤ ᠬᠠᠨ ᠤ ᠬᠤᠭᠤᠷᠤᠠᠳᠤᠭᠢ ᠵᠦᠷᠢᠴᠠᠯ ᠮᠥᠷᠭᠦᠯᠳᠦᠭᠡᠨ ᠢ ᠡᠪᠰᠡᠭᠦᠯᠭᠦ ᠨᠠᠷᠠᠢ᠌ᠳᠤᠯ ᠶᠢᠡᠷ ᠭᠠᠯᠳᠠᠨ ᠪᠣᠱᠤᠭᠳᠤ ᠬᠠᠭᠠᠨ ᠢ ᠨᠤᠮᠤᠤᠠᠬᠠᠬᠤ ᠭᠡᠵᠡᠢ᠃

1688 ᠣᠨ (ᠰᠢᠷ᠎ᠠ ᠯᠤᠤ ᠵᠢᠯ᠂ ᠴᠢᠩ ᠣᠯᠤᠰ ᠤᠨ ᠡᠩᠭᠡ ᠠᠮᠤᠭᠤᠯᠠᠩ ᠤᠨ ᠬᠤᠷᠢᠨ ᠳᠤᠯᠤᠳᠤᠭᠠᠷ ᠣᠨ)᠄

ᠮᠦᠨ ᠣᠨ ᠳᠤ ᠭᠠᠯᠳᠠᠨ ᠪᠣᠱᠤᠭᠳᠤ ᠬᠠᠭᠠᠨ ᠵᠠᠰᠠᠭᠳᠤ ᠬᠠᠨ ᠪᠣᠯᠤᠨ ᠦᠪᠡᠷ ᠤᠨ ᠳᠡᠭᠦᠤ ᠳᠡᠭᠡᠨ ᠦᠰᠢᠶ᠎ᠠ ᠠᠪᠴᠤ ᠦᠭ‍ᠭᠦ ᠨᠠᠷ᠎ᠠ ᠪᠠᠷ ᠭᠤᠷᠪᠠᠨ ᠲᠦᠮᠡᠨ ᠴᠡᠷᠢᠭ᠌ ᠠᠪᠴᠤ ᠬᠠᠯᠬ᠎ᠠ ᠣᠷᠤᠭᠤ ᠳᠠᠢ᠌ᠯᠠᠨ ᠣᠷᠤᠭᠠᠤᠨ ᠣᠯᠤᠭᠠᠢ ᠨᠠᠭᠤᠷ ᠤᠨ ᠭᠠᠵᠠᠷ ᠲᠦᠰᠢᠶᠠᠳᠤ ᠬᠠᠨ ᠤ ᠴᠡᠷᠢᠭ᠌ ᠢ ᠶᠡᠭᠡᠳᠡ ᠢᠯᠠᠪᠠᠢ᠃

ᠡᠭᠦᠡᠴᠡ ᠡᠭᠢᠯᠡᠨ ᠣᠢ᠌ᠷᠠᠤᠨ᠂ ᠬᠠᠯᠬ᠎ᠠ ᠶᠢᠨ ᠬᠤᠭᠤᠷᠤᠠᠳᠤᠭᠢ ᠳᠠᠪᠢᠭᠠᠤᠨ ᠵᠢᠯ ᠤᠨ ᠡᠪ ᠨᠠᠢ᠌ᠷᠠᠮᠳᠠᠯᠳᠤ ᠬᠠᠷᠢᠴᠠᠭ᠎ᠠ ᠡᠪᠳᠡᠷᠡᠵᠤ ᠳᠠᠭᠢᠵᠤ ᠳᠠᠢ᠌ᠨ ᠳᠠᠵᠢᠨ ᠡᠭᠦᠰᠭᠦ ᠪᠣᠯᠪᠠ᠃

ᠪᠠᠰᠠ ᠮᠦᠨ ᠣᠨ᠎ᠠ᠂ ᠬᠠᠯᠬ᠎ᠠ ᠶᠢᠨ ᠲᠦᠰᠢᠶᠠᠳᠤ ᠬᠠᠨ ᠴᠠᠬᠤᠠᠳᠤᠷᠵᠢ ᠦᠨᠳᠦᠷ ᠭᠡᠭᠡᠨ ᠵᠡᠷᠭᠡ ᠹᠧᠤᠳᠠᠯ ᠨᠤᠶᠠᠤᠨ ᠤᠳ ᠠᠷᠤ ᠡᠯᠡᠰᠦᠳᠡᠢ ᠭᠡᠮᠡᠭᠦ ᠭᠠᠵᠠᠷ ᠴᠢᠭᠤᠯᠭᠠᠨ ᠪᠣᠯᠵᠤ᠂ ᠬᠠᠯᠬ᠎ᠠ ᠶᠢ ᠮᠠᠠᠵᠤ ᠶᠢᠨ ᠵᠠᠭᠢᠷᠭᠠᠨ ᠳᠤ ᠣᠷᠤᠭᠤᠯᠬᠤ ᠳᠤᠬᠠᠢ ᠰᠢ᠌ᠤᠠᠪᠣᠷᠢ ᠪᠠᠳᠤᠯᠠᠪᠠᠢ᠃

1690 ᠣᠨ (ᠴᠠᠭᠠᠨ ᠮᠤᠷᠢᠨ ᠵᠢᠯ᠂ ᠴᠢᠩ ᠣᠯᠤᠰ ᠤᠨ ᠡᠩᠭᠡ ᠠᠮᠤᠭᠤᠯᠠᠩ ᠤᠨ ᠬᠤᠷᠢ ᠶ‍ᠢᠰᠤᠨ ᠣᠨ)᠄

ᠮᠦᠨ ᠣᠨ᠎ᠠ ᠭᠠᠯᠳᠠᠨ ᠪᠣᠱᠤᠭᠳᠤ ᠬᠠᠭᠠᠨ ᠭᠤᠪᠢ ᠶᠢᠨ ᠡᠮᠦᠨᠡᠳᠤ ᠳᠤ ᠳᠤᠳᠠᠭᠠᠨ ᠢᠷᠡᠭ᠍ᠰᠡᠨ ᠲᠦᠰᠢᠶᠠᠳᠤ ᠬᠠᠨ ᠪᠣᠯᠤᠨ ᠵᠢᠪᠽᠤᠠᠳᠠᠮᠪᠠ ᠬᠤᠳᠤᠭᠳᠤ ᠶᠢ ᠪᠠᠷᠢᠪᠴᠢᠯᠠᠨ ᠠᠪᠠᠴᠢᠬᠤ ᠪᠠᠷ ᠭᠡᠰᠢᠭ᠍ᠳᠡᠨ ᠤ ᠭᠢᠯᠢ ᠳᠤ ᠳᠠᠢ᠌ᠯᠠᠨ ᠣᠷᠤᠵᠤ ᠢᠷᠡᠭᠡᠤᠨ ᠣᠯᠠᠭᠠᠨ ᠪᠣᠳᠤᠩ ᠭᠡᠮᠡᠭᠦ ᠭᠠᠵᠠᠷ ᠲᠤ ᠴᠢᠩ ᠣᠯᠤᠰ ᠤᠨ ᠴᠡᠷᠢᠭ᠌ ᠲᠤ ᠭᠦᠡᠳᠤ ᠳᠠᠷᠤᠭᠳᠠᠪᠠᠢ᠃ ᠲ᠋ᠡᠭᠡᠭᠡᠤᠨ ᠮᠦᠨ ᠵᠢᠯ ᠳᠤ ᠭᠤᠪᠢ ᠶᠢᠨ ᠠᠷᠤ ᠳᠤ ᠣᠬᠤᠷᠢᠵᠤ ᠭᠦᠷᠪᠠᠢ᠃

1691 ᠣᠨ (ᠴᠠᠭᠠᠭᠴᠢᠨ ᠬᠤᠨᠢᠨ ᠵᠢᠯ᠂ ᠴᠢᠩ ᠣᠯᠤᠰ ᠤᠨ ᠡᠩᠭᠡ ᠠᠮᠤᠭᠤᠯᠠᠩ ᠤᠨ ᠭᠤᠴᠢᠳᠤᠭᠠᠷ ᠣᠨ)᠄

ᠮᠦᠨ ᠣᠨ ᠤ ᠳᠦᠷᠪᠡᠨ ᠰᠠᠷᠠᠳᠠ ᠡᠩᠭᠡ ᠠᠮᠤᠭᠤᠯᠠᠩ ᠬᠠᠭᠠᠨ ᠬᠠᠯᠬ᠎ᠠ ᠶᠢ ᠳᠤᠬᠤᠨᠢᠭᠤᠯᠬᠤ ᠨᠠᠷ᠎ᠠ ᠪᠠᠷ ᠳᠤᠯᠤᠨ ᠨᠠᠭᠤᠷ ᠲᠤ ᠭᠦᠷᠴᠤ ᠠᠷᠤ ᠦᠪᠣᠷ ᠮᠤᠩᠭ᠋ᠤᠯ ᠤᠨ ᠹᠧᠤᠳᠠᠯ ᠨᠤᠶᠠᠤᠨ ᠤᠨ ᠬᠤᠷᠠᠯᠳᠤᠭᠠᠨ ᠢ ᠬᠤᠷᠠᠯᠳᠤᠭᠤᠯᠤᠭᠰᠠᠨ ᠪᠦᠭᠡᠤᠨ ᠬᠠᠯᠬ᠎ᠠ ᠶᠢᠨ ᠭᠤᠷᠪᠠᠨ ᠠᠢ᠌ᠮᠠᠭ ᠢ ᠭᠤᠴᠢᠨ ᠬᠤᠰᠢᠭᠤ ᠪᠣᠯᠭᠠᠨ ᠬᠤᠪᠢᠶᠠᠵᠤ ᠬᠤᠰᠢᠭᠤ ᠪᠦᠷᠢ ᠳᠤ ᠵᠠᠰᠠᠭ ᠳᠤᠮᠢᠯᠠᠨ ᠭᠡᠷᠭᠡᠮ ᠵᠡᠷᠭᠡ ᠱᠠᠩᠨᠠᠵᠤ᠂ ᠬᠠᠯᠬ᠎ᠠ ᠶᠢ ᠡᠷᠭᠡᠰᠢᠶᠡᠨ ᠠᠪᠣᠪᠠᠢ᠃

1696 ᠣᠨ (ᠣᠯᠠᠭᠠᠨ ᠬᠤᠯᠤᠭᠠᠨ᠎ᠠ ᠵᠢᠯ᠂ ᠴᠢᠩ ᠣᠯᠤᠰ ᠤᠨ ᠡᠩᠭᠡ ᠠᠮᠤᠭᠤᠯᠠᠩ ᠤᠨ ᠭᠤᠴᠢᠨ ᠳᠠᠪᠣᠳᠤᠭᠠᠷ ᠣᠨ)᠄

ᠮᠦᠨ ᠵᠢᠯ ᠤᠨ ᠬᠠᠪᠣᠷ᠂ ᠮᠠᠠᠵᠤ ᠶᠢᠨ ᠡᠩᠭᠡ ᠠᠮᠤᠭᠤᠯᠠᠩ ᠬᠠᠭᠠᠨ ᠭᠤᠷᠪᠠᠨ ᠵᠠᠮ ᠤᠨ ᠴᠡᠷᠢᠭ᠌ ᠢ ᠳᠠᠢ᠌ᠴᠢᠯᠠᠨ ᠬᠠᠯᠬ᠎ᠠ ᠶᠢᠨ ᠵᠠᠭᠤᠨ ᠮᠤᠳᠤ ᠭᠡᠮᠡᠭᠦ ᠭᠠᠵᠠᠷ (ᠣᠯᠠᠭᠠᠠᠪᠠᠭᠠᠳᠤᠷ ᠬᠤᠳᠠ ᠶᠢᠨ ᠵᠡᠭᠦᠨ ᠡᠮᠦᠨ᠎ᠡ ᠪᠣᠢ) ᠲᠤ ᠵᠡᠭᠦᠡᠭᠠᠷ ᠤᠨ ᠭᠤᠤᠯ ᠭᠦᠴᠤᠨ ᠢ ᠰᠥᠨᠦᠭᠡᠪᠠᠢ᠃

1697 ᠣᠨ (ᠣᠯᠠᠭᠴᠢᠨ ᠥᠭᠡᠷ ᠵᠢᠯ᠂ ᠴᠢᠩ ᠣᠯᠤᠰ ᠤᠨ ᠡᠩᠭᠡ ᠠᠮᠤᠭᠤᠯᠠᠩ ᠤᠨ ᠭᠤᠴᠢᠨ ᠵᠢᠷᠭᠤᠳᠤᠭᠠᠷ ᠣᠨ)᠄

ᠮᠤᠩᠭ᠋ᠤᠯ ᠤᠨ ᠦᠨᠳᠦᠰᠦᠳᠠᠨ ᠤᠨ ᠪᠠᠭᠠᠳᠤᠷ ᠭᠠᠯᠳᠠᠨ ᠪᠣᠱᠤᠭᠳᠤ ᠬᠠᠭᠠᠨ ᠮᠦᠨ ᠣᠨ᠎ᠠ ᠳᠠᠮᠢᠷ ᠤᠨ ᠭᠤᠤᠯ ᠤᠨ ᠣᠷᠴᠢᠮ ᠡᠴᠡ ᠲᠦᠪᠡᠳ ᠲᠤ ᠣᠴᠢᠬᠤ ᠵᠠᠮ ᠳᠠᠭᠠᠨ ᠠᠴᠠ ᠠᠮᠳᠠᠳᠠᠢ ᠭᠡᠮᠡᠭᠦ ᠭᠠᠵᠠᠷ ᠡᠪᠠᠦᠡᠴᠢᠨ ᠶᠢᠡᠷ ᠨᠠᠰᠤ ᠪᠠᠷᠠᠪᠠᠢ᠃ ᠭᠠᠯᠳᠠᠨ ᠬᠠᠭᠠᠨ ᠮᠦᠨ ᠵᠢᠯ ᠳᠠᠪᠢᠨ ᠳᠦᠷᠪᠡᠨ ᠨᠠᠰᠤᠳᠠᠢ ᠪᠦᠯᠦᠭᠡ᠃

1700 ᠣᠨ (ᠴᠠᠭᠠᠨ ᠯᠤᠤ ᠵᠢᠯ᠂ ᠴᠢᠩ ᠣᠯᠤᠰ ᠤᠨ ᠡᠩᠭᠡ ᠠᠮᠤᠭᠤᠯᠠᠩ ᠤᠨ ᠭᠤᠴᠢ ᠶ‍ᠢᠰᠤᠨ ᠣᠨ)᠄

ᠮᠦᠨ ᠤᠨ᠎ᠡ᠂ ᠵᠡᠭᠦᠡᠭᠠᠷ ᠤᠨ ᠴᠧᠸᠠᠩᠷᠠᠪᠳᠠᠨ ᠬᠠᠭᠠᠨ ᠺᠠᠰ‍ᠭᠠᠷ ᠣᠷᠤᠭᠤ ᠳᠠᠢ᠌ᠯᠠᠨ ᠤᠷᠦᠵᠤ᠂ ᠲ᠋ᠡᠭ᠍ᠷᠢ ᠠᠭᠤᠯᠠ ᠶᠢᠨ ᠡᠮᠦᠨ᠎ᠡ ᠵᠠᠮ ᠤᠨ ᠭᠠᠵᠠᠷ ᠣᠷᠤᠨ ᠢ ᠡᠷᠭᠡᠰᠢᠶᠡᠨ ᠠᠪᠣᠪᠠᠢ᠃

1715 ᠣᠨ (ᠭᠦᠭᠡᠭ᠍ᠴᠢᠨ ᠬᠤᠨᠢᠨ ᠵᠢᠯ᠂ ᠴᠢᠩ ᠣᠯᠤᠰ ᠤᠨ ᠡᠩᠭᠡ ᠠᠮᠤᠭᠤᠯᠠᠩ ᠤᠨ ᠳᠠᠪᠢᠨ ᠳᠦᠷᠪᠡᠨ ᠣᠨ)᠄

ᠮᠦᠨ ᠣᠨ ᠤ ᠠᠷᠪᠠᠨ ᠰᠠᠷᠠᠳᠠ ᠴᠧᠸᠠᠩᠷᠠᠪᠳᠠᠨ ᠵᠡᠭᠦᠡᠭᠠᠷ ᠤᠨ ᠳᠠᠪᠣᠰᠤᠨ ᠨᠠᠭᠤᠷ ᠤᠨ ᠭᠠᠵᠠᠷ ᠲᠤ ᠬᠠᠷ᠎ᠠ ᠰᠠᠪᠠᠷ ᠶᠢᠡᠨ ᠰᠠᠷᠪᠠᠢ᠌ᠵᠤ ᠳᠦᠷᠢᠮᠡᠭᠡᠢ᠌ᠯᠡᠨ ᠣᠷᠤᠵᠤ ᠢᠷᠡᠭ᠍ᠰᠡᠨ ᠬᠠᠭᠠᠠᠳᠤ ᠣᠷᠤᠰ ᠤᠨ ᠭᠤᠷᠪᠠᠨ ᠮᠢᠩᠭ᠋ᠠᠨ ᠳᠦᠷᠢᠮᠡᠭᠡᠢ ᠴᠡᠷᠢᠭ᠌ ᠢ ᠭᠢᠶᠠᠷᠠᠳᠠᠯ᠎ᠠ ᠴᠤᠭᠢᠵᠤ ᠣᠰᠠᠤᠠᠬᠠᠪᠠᠢ᠃

1717 ᠣᠨ (ᠣᠯᠠᠭᠴᠢᠨ ᠳᠠᠭᠢᠶ᠎ᠠ ᠵᠢᠯ᠂ ᠴᠢᠩ ᠣᠯᠤᠰ ᠤᠨ ᠡᠩᠭᠡ ᠠᠮᠤᠭᠤᠯᠠᠩ ᠤᠨ ᠳᠠᠪᠢᠨ ᠵᠢᠷᠭᠤᠳᠤᠭᠠᠷ ᠣᠨ)᠄

ᠮᠦᠨ ᠣᠨ ᠳᠤ ᠴᠧᠸᠠᠩᠷᠠᠪᠳᠠᠨ ᠬᠤᠩ ᠳᠠᠢ᠌ᠵᠢ ᠵᠢᠷᠭᠤᠳᠤᠭᠠᠷ ᠳᠦᠷᠢ ᠶᠢᠨ ᠭᠠᠯᠼᠠᠩᠵᠠᠮᠰᠤ ᠳᠠᠯᠠᠢ ᠪᠯᠠᠮ᠎ᠠ ᠶᠢ ᠳᠡᠮᠵᠢᠭᠦ ᠨᠠᠷ᠎ᠠ ᠪᠠᠷ ᠭᠦᠭᠡᠨᠡᠭᠤᠷ ᠤᠨ ᠬᠤᠱᠤᠳ ᠤᠨ ᠹᠧᠤᠳᠠᠯ ᠨᠤᠶᠠᠤᠨ ᠲᠡᠶ ᠬᠤᠯᠪᠣᠭᠠᠯᠠᠵᠤ ᠵᠡᠭᠦᠡᠭᠠᠷ ᠬᠠᠭᠠᠠᠳᠤ ᠣᠯᠤᠰ ᠡᠴᠡ ᠵᠢᠷᠭᠤᠭᠠᠨ ᠮᠢᠩᠭ᠋ᠠᠨ ᠴᠡᠷᠢᠭ᠌ ᠢ ᠢᠯᠡᠭᠡᠵᠤ ᠲᠦᠪᠡᠳ ᠢ ᠡᠵᠡᠯᠡᠨ ᠠᠪᠣᠭᠠᠤᠨ ᡀᠠᠰᠠᠩ ᠬᠠᠭᠠᠨ ᠢ ᠪᠠᠷᠢᠵᠤ ᠭᠦᠨᠦᠭᠡᠪᠠᠢ᠃

1718 ᠣᠨ (ᠰᠢᠷ᠎ᠠ ᠨᠤᠬᠠᠢ ᠵᠢᠯ᠂ ᠴᠢᠩ ᠣᠯᠤᠰ ᠤᠨ ᠡᠩᠭᠡ ᠠᠮᠤᠭᠤᠯᠠᠩ ᠤᠨ ᠳᠠᠪᠢᠨ ᠳᠤᠯᠤᠳᠤᠭᠠᠷ ᠣᠨ)᠄

ᠮᠦᠨ ᠣᠨ ᠳᠤ ᠡᠩᠭᠡ ᠠᠮᠤᠭᠤᠯᠠᠩ ᠬᠠᠭᠠᠨ ᠰᠢ ᠠᠨ ᠵᠠᠩᠵᠤᠨ ᠢ ᠰᠢ ᠨᠢᠩ ᠡᠴᠡ ᠭᠦᠭᠡᠨᠡᠭᠤᠷ ᠲᠤ ᠮᠦᠷᠳᠡᠭᠦᠯᠵᠤ᠂ ᠵᠡᠭᠦᠨᠭᠠᠷ ᠤᠨ ᠴᠡᠷᠢᠭ᠌ ᠲᠡᠶ ᠪᠠᠢ᠌ᠯᠳᠤᠭᠤᠯᠤᠭᠠᠤᠨ ᠮᠠᠠᠵᠤ ᠶᠢᠨ ᠴᠡᠷᠢᠭ᠌ ᠭᠦᠡᠳᠤ ᠳᠠᠷᠤᠭᠳᠠᠪᠠᠢ᠃

1720 ᠣᠨ (ᠴᠠᠭᠠᠨ ᠬᠤᠯᠤᠭᠠᠨ᠎ᠠ ᠵᠢᠯ᠂ ᠴᠢᠩ ᠣᠯᠤᠰ ᠤᠨ ᠡᠩᠭᠡ ᠠᠮᠤᠭᠤᠯᠠᠩ ᠤᠨ ᠳᠠᠪᠢᠨ ᠶ‍ᠢᠰᠤᠨ ᠣᠨ)᠄

ᠮᠠᠠᠵᠤ ᠶᠢᠨ ᠡᠩᠭᠡ ᠠᠮᠤᠭᠤᠯᠠᠩ ᠬᠠᠭᠠᠨ ᠴᠧᠸᠠᠩᠷᠠᠪᠳᠠᠨ ᠤ ᠭᠦᠴᠤᠨ ᠡᠴᠡ ᠰᠤᠴᠢᠨ ᠭᠡᠯᠮᠡᠭᠦ ᠳᠡᠭᠡᠨ᠂ ᠮᠦᠨ ᠣᠨ ᠳᠤ ᠬᠤᠶᠠᠷ ᠵᠠᠮ ᠶᠢᠡᠷ ᠭᠡᠳᠤᠨ ᠲᠦᠮᠡᠨ ᠴᠡᠷᠢᠭ᠌ ᠢ ᠲᠦᠪᠡᠳ ᠲᠤ ᠣᠷᠤᠭᠤᠯᠵᠤ ᠴᠧᠸᠠᠩᠷᠠᠪᠳᠠᠨ ᠤ ᠴᠡᠷᠢᠭ᠌ ᠲᠡᠶ ᠪᠠᠢ᠌ᠯᠳᠤᠭᠤᠯᠪᠠᠢ᠃ ᠴᠧᠸᠠᠩᠷᠠᠪᠳᠠᠨ ᠢᠯᠠᠭᠳᠠᠵᠤ ᠮᠦᠨ ᠣᠨ᠎ᠠ ᠲᠦᠪᠡᠳ ᠡᠴᠡ ᠣᠬᠤᠷᠢᠨ ᠭᠠᠷᠪᠠᠢ᠃

1723 ᠣᠨ (ᠬᠠᠷᠠᠭᠴᠢᠨ ᠳᠠᠤᠯᠠᠢ ᠵᠢᠯ᠂ ᠴᠢᠩ ᠣᠯᠤᠰ ᠤᠨ ᠨᠠᠢ᠌ᠷᠠᠯᠳᠤ ᠲᠦᠪ ᠤᠨ ᠳᠡᠷᠢᠭᠦᠨ ᠣᠨ)᠄

ᠮᠦᠨ ᠣᠨ ᠤ ᠪᠢᠯᠢᠭ᠌ ᠤᠨ ᠳᠠᠪᠤᠨ ᠰᠠᠷᠠᠳᠠ ᠭᠦᠭᠡᠨᠡᠭᠤᠷ ᠤᠨ ᠴᠠᠭᠠᠨ ᠳᠤᠯᠤᠭᠠᠢ ᠭᠡᠮᠡᠭᠦ ᠭᠠᠵᠠᠷ ᠲᠤ ᠭᠦᠦᠰᠢ ᠬᠠᠭᠠᠨ ᠤ ᠠᠴᠢ ᠯᠤᠪᠰᠠᠩᠳᠠᠠᠵᠢᠨ ᠴᠢᠨ ᠸᠠᠩ ᠣᠯᠠᠨ ᠠᠢ᠌ᠮᠠᠭ ᠤᠨ ᠳᠠᠢ᠌ᠵᠢ ᠨᠡᠷ ᠢ ᠣᠷᠢᠶᠠᠯᠠᠨ ᠮᠠᠠᠵᠤ ᠴᠢᠩ ᠢ ᠡᠰᠡᠷᠭᠦᠴᠡᠭᠦ ᠪᠣᠰᠤᠯᠭ᠎ᠠ ᠭᠠᠷᠭᠠᠪᠠᠢ᠃

1724 ᠣᠨ (ᠴᠢᠩ ᠣᠯᠤᠰ ᠤᠨ ᠨᠠᠢ᠌ᠷᠠᠯᠳᠤ ᠲᠦᠪ ᠤᠨ ᠬᠤᠶᠠᠳᠤᠭᠠᠷ ᠣᠨ)᠄

ᠴᠢᠩ ᠣᠯᠤᠰ ᠤᠨ ᠵᠠᠰᠠᠭ ᠤᠨ ᠭᠠᠵᠠᠷ ᠡᠴᠡ ᠨᠢᠶᠠᠨ ᠭᠧᠩ ᠶᠤᠤ ᠶᠢ ᠠᠯᠤᠰ ᠢ ᠳᠦᠪᠰᠢᠦᠡᠭᠡᠭᠦ ᠶᠡᠭᠡ ᠵᠠᠩᠵᠤᠨ ᠶᠢᠡᠷ ᠳᠦᠮᠢᠯᠡᠨ᠂ ᠰᠧᠴᠤᠸᠠᠨ᠂ ᠱᠠᠠᠰᠢ ᠶᠢᠨ ᠶᠡᠭᠡ ᠴᠡᠷᠢᠭ᠌ ᠢ ᠳᠠᠳᠠᠵᠤ ᠭᠡᠳᠤᠨ ᠵᠠᠮ ᠶᠢᠡᠷ ᠯᠤᠪᠰᠠᠩᠳᠠᠠᠵᠢᠨ ᠤ ᠪᠣᠰᠤᠯᠭ᠎ᠠ ᠶᠢ ᠳᠠᠷᠤᠩᠭ᠋ᠣᠢ᠌ᠯᠠᠭᠰᠠᠨ ᠡᠴᠡ ᠪᠣᠰᠤᠯᠭ᠎ᠠ ᠶᠢᠨ ᠭᠦᠴᠤᠨ ᠡᠴᠦᠰ ᠲᠡᠭᠡᠨ ᠢᠯᠠᠭᠳᠠᠯ ᠳᠤ ᠣᠴᠠᠷᠠᠵᠤ ᠮᠦᠨ ᠣᠨ ᠤ ᠬᠤᠶᠠᠳᠤᠭᠠᠷ ᠰᠠᠷᠠᠳᠠ ᠯᠤᠪᠰᠠᠩᠳᠠᠠᠵᠢᠨ ᠵᠡᠭᠦᠡᠭᠠᠷ ᠲᠤ ᠳᠤᠳᠠᠭᠠᠨ ᠭᠦᠷᠪᠠᠢ᠃

1726 ᠣᠨ (ᠣᠯᠠᠭᠴᠢᠨ ᠬᠤᠨᠢᠨ ᠵᠢᠯ᠂ ᠴᠢᠩ ᠣᠯᠤᠰ ᠤᠨ ᠨᠠᠢ᠌ᠷᠠᠯᠳᠤ ᠲᠦᠪ ᠤᠨ ᠳᠦᠳᠦᠭᠡᠷ ᠣᠨ)᠄

ᠮᠦᠨ ᠤᠨ᠎ᠡ᠂ ᠵᠡᠭᠦᠨᠭᠠᠷ ᠠᠢ᠌ᠮᠠᠭ ᠤᠨ ᠭᠢᠨ ᠴᠢᠩ ᠭᠦᠷᠤᠨ ᠳᠤ ᠡᠯᠴᠢᠨ ᠳᠤᠮᠢᠯᠠᠵᠤ ᠵᠡᠭᠦᠡᠭᠠᠷ ᠪᠣᠯᠤᠨ ᠬᠠᠯᠬ᠎ᠠ ᠶᠢᠨ ᠭᠢᠯᠢ ᠭᠢᠵᠠᠭᠠᠷ ᠢ ᠳᠤᠭᠳᠠᠭᠠᠨ ᠦᠭ‍ᠭᠦ ᠶᠢ ᠭᠤᠶᠤᠴᠢᠯᠠᠪᠠᠢ᠃

1727 ᠣᠨ (ᠰᠢᠷ᠎ᠠ ᠪᠠᠴᠢᠨ ᠵᠢᠯ᠂ ᠴᠢᠩ ᠣᠯᠤᠰ ᠤᠨ ᠨᠠᠢ᠌ᠷᠠᠯᠳᠤ ᠲᠦᠪ ᠤᠨ ᠳᠠᠪᠣᠳᠤᠭᠠᠷ ᠣᠨ)᠄

ᠮᠦᠨ ᠡᠦᠨ᠎ᠡ᠂ ᠵᠡᠭᠦᠨᠭᠠᠷ ᠤᠨ ᠬᠠᠭᠠᠨ ᠴᠧᠸᠠᠩᠷᠠᠪᠳᠠᠨ ᠨᠠᠰᠤᠨ ᠶᠡᠭᠦᠦᠡᠴᠤ ᠳᠡᠭᠦᠨ ᠤ ᠠᠬᠠᠮᠠᠤᠨ ᠭᠦᠪᠠᠭᠦᠨ ᠭᠠᠯᠳᠠᠴᠠᠷᠢᠨ ᠰᠠᠭᠤᠷᠢᠨ ᠵᠠᠯᠭᠠᠮᠵᠢᠯᠠᠪᠠᠢ᠃

1729 ᠣᠨ (ᠰᠢᠷᠠᠭᠴᠢᠨ ᠳᠠᠭᠢᠶ᠎ᠠ ᠵᠢᠯ᠂ ᠴᠢᠩ ᠣᠯᠤᠰ ᠤᠨ ᠨᠠᠢ᠌ᠷᠠᠯᠳᠤ ᠲᠦᠪ ᠤᠨ ᠳᠤᠯᠤᠳᠤᠭᠠᠷ ᠣᠨ)᠄

ᠮᠦᠨ ᠣᠨ ᠳᠤ ᠴᠢᠩ ᠭᠦᠷᠤᠨ ᠡᠴᠡ ᠴᠡᠷᠢᠭ᠌ ᠳᠤᠮᠢᠯᠠᠵᠤ ᠬᠤᠶᠠᠷ ᠵᠠᠮ ᠬᠤᠪᠢᠶᠠᠨ ᠵᠡᠭᠦᠡᠭᠠᠷ ᠬᠠᠭᠠᠠᠳᠤ ᠣᠯᠤᠰ ᠤᠨ ᠭᠢᠯᠢ ᠭᠢᠵᠠᠭᠠᠷ ᠲᠤ ᠴᠦᠮᠦᠷᠢᠨ ᠤᠷᠤᠭᠠᠳ᠂ ᠵᠡᠭᠦᠨᠭᠠᠷ ᠤᠨ ᠠᠷᠠᠤᠨ ᠲᠦᠮᠡᠨ ᠳᠤ ᠬᠠᠷᠭᠢᠰ ᠭᠡᠷᠴᠡᠭᠡᠢ ᠳᠠᠷᠤᠩᠭ᠋ᠣᠢ᠌ᠯᠠᠯ ᠶᠠᠪᠣᠭᠤᠯᠪᠠᠢ᠃

1731 ᠣᠨ (ᠴᠠᠭᠠᠭᠴᠢᠨ ᠭᠠᠬᠠᠢ ᠵᠢᠯ᠂ ᠴᠢᠩ ᠣᠯᠤᠰ ᠤᠨ ᠨᠠᠢ᠌ᠷᠠᠯᠳᠤ ᠲᠦᠪ ᠤᠨ ᠶ‍ᠢᠰᠦᠳᠦᠭᠡᠷ ᠣᠨ)᠄

ᠮᠦᠨ ᠣᠨ ᠳᠤ ᠭᠠᠯᠳᠠᠠᠴᠠᠷᠢᠨ ᠬᠠᠯᠬ᠎ᠠ ᠶᠢᠨ ᠬᠤᠳᠤᠩ ᠨᠠᠭᠤᠷ ᠲᠤ ᠮᠠᠠᠵᠤ ᠶᠢᠨ ᠭᠡᠳᠤᠨ ᠳᠦᠮᠡᠨ ᠴᠡᠷᠢᠭ᠌ ᠢ ᠴᠤᠭᠢᠨ ᠣᠰᠠᠤᠠᠬᠠᠭᠠᠤᠨ᠂ ᠠᠯᠳᠠᠢ ᠠᠭᠤᠯᠠ ᠡᠴᠡ ᠵᠡᠭᠦᠡᠳᠡᠭᠢ ᠭᠠᠵᠠᠷ ᠣᠷᠤᠨ ᠢ ᠳᠠᠭᠢᠵᠤ ᠵᠡᠭᠦᠡᠭᠠᠷ ᠬᠠᠭᠠᠠᠳᠤ ᠣᠯᠤᠰ ᠤᠨ ᠵᠠᠭᠢᠷᠭᠠᠨ ᠳᠤ ᠣᠷᠤᠭᠤᠯᠵᠤ ᠠᠪᠣᠪᠠᠢ᠃

1732 ᠣᠨ (ᠬᠠᠷ᠎ᠠ ᠬᠤᠯᠤᠭᠠᠨ᠎ᠠ ᠵᠢᠯ᠂ ᠴᠢᠩ ᠣᠯᠤᠰ ᠤᠨ ᠨᠠᠢ᠌ᠷᠠᠯᠳᠤ ᠲᠦᠪ ᠤᠨ ᠠᠷᠪᠠᠨ ᠣᠨ)᠄

ᠮᠦᠨ ᠣᠨ ᠳᠤ ᠮᠠᠠᠵᠤ ᠶᠢᠨ ᠬᠠᠭᠠᠨ ᠢ ᠡᠶᠡᠳᠡᠨ ᠳᠠᠭᠠᠭᠴᠢ ᠬᠠᠯᠬ᠎ᠠ ᠶᠢᠨ ᠰᠠᠢ᠌ᠨ ᠨᠤᠶᠠᠨ ᠬᠠᠨ ᠠᠢ᠌ᠮᠠᠭ ᠤᠨ ᠴᠠᠷᠢᠩ ᠵᠢᠶᠦ᠋ᠨ ᠸᠠᠩ ᠭᠤᠷᠪᠠᠨ ᠲᠦᠮᠡᠨ ᠴᠡᠷᠢᠭ᠌ ᠠᠪᠴᠤ ᠡᠷᠳᠡᠨᠢ ᠵᠤᠤ ᠶᠢᠨ ᠭᠠᠵᠠᠷ ᠭᠠᠯᠳᠠᠠᠴᠠᠷᠢᠨ ᠢ ᠭᠡᠨᠡᠳᠡᠭᠦᠯᠤᠨ ᠳᠠᠭᠠᠷᠢᠵᠤ ᠳᠤᠪᠳᠤᠯᠪᠠᠢ᠃

ᠡᠨᠡ ᠣᠳᠠᠭ᠎ᠠ ᠶᠢᠨ ᠳᠠᠢ᠌ᠨ ᠳᠤ ᠵᠡᠭᠦᠡᠭᠠᠷ ᠤᠨ ᠴᠡᠷᠢᠭ᠌ ᠢᠯᠠᠭᠳᠠᠪᠠᠢ᠃

1739 ᠣᠨ (ᠰᠢᠷᠠᠭᠴᠢᠨ ᠬᠤᠨᠢᠨ ᠵᠢᠯ᠂ ᠴᠢᠩ ᠣᠯᠤᠰ ᠤᠨ ᠳᠡᠭ᠍ᠷᠢ ᠳᠡᠳᠭᠦᠭ᠍ᠴᠢ ᠶᠢᠨ ᠳᠦᠳᠦᠭᠡᠷ ᠣᠨ)᠄

ᠮᠦᠨ ᠣᠨ ᠳᠤ ᠮᠠᠠᠵᠤ ᠴᠢᠩ ᠭᠦᠷᠤᠨ ᠵᠡᠭᠦᠡᠭᠠᠷ ᠬᠠᠭᠠᠠᠳᠤ ᠣᠯᠤᠰ ᠲᠡᠶ ᠭᠡᠷ᠎ᠡ ᠳᠤᠭᠳᠠᠵᠤ᠂ ᠠᠯᠳᠠᠢ ᠠᠭᠤᠯᠠ ᠶᠢᠨ ᠨᠢᠷᠤᠭᠤ ᠶᠢ ᠳᠠᠭᠠᠵᠤ ᠭᠠᠰ ᠤᠨ ᠠᠮᠠ ᠭᠦᠷᠭᠦ ᠭᠠᠵᠠᠷ ᠶᠢᠡᠷ ᠵᠡᠭᠦᠡᠭᠠᠷ ᠪᠣᠯᠤᠨ ᠬᠠᠯᠬ᠎ᠠ ᠶᠢᠨ ᠭᠢᠯᠢ ᠭᠢᠵᠠᠭᠠᠷ ᠪᠣᠯᠭᠠᠪᠠ᠃

ᠳᠠᠷᠤᠮ᠄ 15539
ᠴᠠᠭ᠄ 2006 ᠤᠨ ᠤ 04 ᠰᠠᠷ᠎ᠠ ᠶᠢᠨ 16

ᠡᠮᠦᠨᠡᠬᠢ ᠳᠠᠷᠠᠭᠠᠬᠢ

ᠰᠢᠭᠦᠮᠵᠢ ᠪᠢᠴᠢᠬᠦ
ᠨᠡᠪᠲᠡᠷᠡᠨ ᠤᠷᠤᠭᠠᠷᠠᠢ᠃
ᠨᠡᠪᠲᠡᠷᠡᠨ ᠤᠷᠤᠪᠠᠯ ᠰᠠᠶ‍ᠢ ᠰᠢᠭᠦᠮᠵᠢ ᠪᠢᠴᠢᠵᠦ ᠳᠡᠢ᠌ᠯᠦᠨ᠎ᠡ᠃