ᠨᠣ᠋·ᠪᠠᠭᠠᠳᠤᠷ ᠄ 《ᠪᠢᠯᠢᠭ᠌ ᠤᠨ ᠭᠡᠭᠡᠪᠴᠢ》
ᠭᠤᠷᠪᠠ ᠂ ᠵᠢᠳᠭᠦᠯ ᠲᠡᠮᠡᠴᠡᠯ ᠤᠨ ᠢᠷᠡᠭᠤ ᠳᠠᠭᠤᠯᠠᠯ
ᠵᠢᠷᠭᠤᠳᠤᠭᠠᠷ ᠬᠡᠰᠡᠭ ᠂ 《ᠨᠡᠪᠴᠢᠯᠳᠡ》

ᠦᠪᠡᠷ ᠤᠨ ᠬᠤᠪᠢ ᠵᠠᠶᠠᠭ᠎ᠠ ᠪᠠᠨ ᠡᠵᠡᠮᠳᠡᠵᠤ ᠳᠡᠢ᠌ᠯᠦᠭᠰᠡᠳ ᠰᠠ‍‌ᠶᠢ ᠵᠢᠩᠭᠢᠨᠢ ᠪᠠᠭᠠᠳᠤᠷ ᠮᠦᠨ᠃


᠊᠊᠊᠊᠊᠊᠊᠊᠊᠊᠊᠊᠊᠊᠊᠊᠊᠊᠊᠊᠊᠊᠊᠊᠊᠊᠊᠊᠊ ᠬᠠᠷᠰᠸᠢ


ᠿᠠᠩ᠂ ᠴᠧᠷᠧᠲ᠋ᠢ᠌᠌ᠨ ᠢ ᠪᠠᠭ᠎ᠠ ᠳ᠋ᠤᠨᠢ ᠭᠦᠡᠳᠤ ᠡᠪᠠᠦᠡᠴᠢᠨ ᠳᠤᠰᠴᠤ ᠵᠡᠭᠦᠨ ᠴᠢᠭᠢ ᠨᠢ ᠳᠦᠯᠡᠢ᠌ᠷᠡᠭ᠍ᠰᠡᠨ ᠪᠦᠭᠡᠤᠨ᠂ ᠳᠠᠯ᠎ᠠ ᠬᠠᠴᠠᠷ ᠤᠨ ᠭᠢᠨᠢ ᠮᠠᠳᠠᠷᠠᠯ ᠭᠡᠮᠳᠦᠵᠤ ᠥᠭᠡ ᠳᠤᠤᠭᠠᠷᠬᠤ ᠪᠦᠷᠢ ᠣᠷᠤᠭᠤᠯ ᠨᠢ ᠨᠢᠭᠡ ᠳᠠᠰᠢ ᠵᠥᠯᠴᠡᠢ᠌ᠭᠡᠤᠨ ᠳᠤᠩ ᠮᠠᠭᠤᠬᠠᠢ ᠬᠠᠷᠠᠭᠳᠠᠬᠤ ᠪᠦᠭᠡᠤᠨ ᠭᠡᠯᠡᠭᠡᠢ ᠠᠳᠠᠯᠢ ᠥᠭᠡ ᠨᠢ ᠳᠤᠳᠤ ᠰᠤᠨᠤᠰᠳᠠᠬᠤ ᠦᠭᠡᠶ ᠠᠵᠢ᠃ ᠡᠵᠢ ᠨᠢ ᠶᠡᠭᠡ ᠰᠠᠨᠠᠭ᠎ᠠ ᠵᠤᠪᠠᠵᠤ ᠠᠷᠪᠢᠨ ᠡᠮᠴᠢ ᠡᠷᠢᠵᠤ ᠥᠵᠡᠭᠦᠯᠦᠭ᠍ᠰᠡᠨ ᠪᠣᠯᠪᠠᠴᠤ ᠵᠠᠰᠠᠵᠤ ᠳᠡᠢ᠌ᠯᠦᠭ᠍ᠰᠡᠨ ᠦᠭᠡᠶ᠃ ᠰᠤᠷᠭᠠᠭᠤᠯᠢ ᠳᠤ ᠣᠷᠤᠭᠰᠠᠨ ᠤ ᠳᠠᠷᠠᠭ᠎ᠠ᠂ ᠬᠠᠮᠳᠤ ᠰᠤᠷᠤᠭᠴᠢᠳ ᠨᠢ ᠳᠡᠭᠦᠨ ᠤ ᠡᠮᠵᠡᠭ᠌ ᠶᠢᠡᠷ ᠳᠤᠬᠤᠭᠤ ᠭᠢᠵᠤ᠂ ᠥᠭᠡ ᠭᠡᠯᠡᠭᠦᠯᠭᠦ ᠪᠠᠷ ᠣᠷᠤᠯᠳᠤᠵᠤ ᠪᠠᠢ᠌ᠭᠠᠤᠨ ᠢᠨᠢᠶᠠᠳᠤᠮ ᠶᠢᠡᠨ ᠪᠣᠯᠭᠠᠳᠠᠭ᠃ ᠬᠠᠵᠠᠭᠤ ᠡᠴᠡ ᠨᠢ ᠬᠠᠷᠠᠭᠰᠠᠨ ᠡᠵᠢ ᠨᠢ ᠳᠡᠰᠭᠡᠯ ᠦᠭᠡᠶ ᠭᠦᠤ ᠪᠠᠨ ᠳᠠᠪᠠᠷᠢᠨ᠄

《ᠠᠮᠢᠳᠤᠷᠠᠯ ᠤᠨ ᠣᠷᠳᠤ ᠠᠶᠠᠯᠠᠯ ᠴᠢᠨᠢ ᠡᠭᠢᠯᠡᠭᠡᠳᠦᠢ ᠰᠢᠤ᠂ ᠬᠣᠢ᠌ᠰᠢᠳᠠ ᠶᠠᠭᠠᠭᠢᠶ᠎ᠠ︖》 ᠭᠡᠵᠤ ᠳᠠᠭᠤ ᠳᠠᠯᠪᠢᠨ ᠣᠭᠢᠯᠠᠬᠤ ᠳᠤ᠂ ᠭᠦᠤ ᠨᠢ ᠡᠵᠢ ᠪᠠᠨ ᠳᠠᠢ᠌ᠤᠠᠬᠤᠷᠠᠭᠤᠯᠤᠨ᠄

《ᠡᠵᠢ ᠡ᠂ ᠪᠠᠶ᠎ᠠ ᠮᠠᠬᠠᠪᠣᠤᠨ ᠤᠨ ᠡᠮᠵᠡᠭ᠌ ᠢ ᠪᠢ ᠯᠠᠪᠳᠠᠢ ᠢᠯᠠᠵᠤ ᠴᠢᠳᠠᠨ᠎ᠠ》 ᠭᠡᠪᠡ᠃

ᠪᠢᠴᠢᠬᠠᠨ ᠴᠧᠷᠧᠲ᠋ᠢ᠌᠌ᠨ ᠬᠠᠮᠳᠤ ᠰᠤᠷᠤᠭᠴᠢ ᠪᠠᠨ ᠶᠠᠭᠠᠭᠢᠵᠤ ᠳᠤᠳᠤᠨᠤᠴᠢᠯᠠᠨ ᠰᠠᠢ᠌ᠮᠰᠤᠷᠠᠵᠤ ᠪᠠᠢ᠌ᠯ᠎ᠠ ᠴᠤ ᠱᠤᠭᠯᠠᠵᠤ ᠬᠤᠱᠤᠩᠨᠠᠬᠤ ᠳᠤᠭᠯᠠᠭᠠᠮ ᠶᠡᠷᠦᠳᠡᠭᠡᠨ ᠳᠠᠰᠤᠷᠠᠬᠤ ᠦᠭᠡᠶ ᠪᠠᠢ᠌ᠵᠠᠢ᠃ ᠢᠩᠭᠢᠭᠦ ᠳᠤᠳᠤᠮ ᠳᠠᠷᠠ ᠬᠠᠮᠳᠤ ᠰᠤᠷᠤᠭᠴᠢ ᠲᠡᠶ ᠪᠠᠨ ᠨᠠᠭᠠᠤᠠᠬᠤ ᠳᠤᠷ᠎ᠠ ᠦᠭᠡᠶ ᠪᠣᠯᠵᠤ᠂ ᠪᠢᠴᠢᠭ᠌ ᠤᠨ ᠣᠪᠣᠭᠠᠨ ᠳᠤ ᠰᠢᠷᠭᠤᠯᠠᠨ ᠡᠷᠳᠡᠮ ᠨᠤᠮ ᠳᠠᠭᠠᠨ ᠰᠢᠮᠳᠡᠭ᠍ᠰᠡᠨ ᠶᠤᠮ᠃ ᠳᠠᠷᠠ ᠠᠮᠢᠳᠤ ᠪᠣᠳᠠᠰ ᠤᠨ ᠭᠢᠴᠢᠶᠠᠯ ᠳᠡᠭᠡᠷ᠎ᠡ ᠡᠴᠡ ᠡᠷᠪᠠᠭᠡᠢ ᠨᠡᠪᠴᠢᠭᠦ ᠶᠢᠨ ᠪᠠᠷᠳᠠᠭᠠᠳᠠᠢ ᠥᠩᠭᠡᠷᠡᠯᠳᠡ ᠶᠢ ᠣᠩᠰᠢᠭᠠᠤᠨ᠂ ᠦᠪᠡᠷ ᠤᠨ ᠪᠠᠶ᠎ᠠ ᠨᠢ ᠶᠠᠭ ᠨᠢᠭᠡ ᠡᠷᠪᠠᠭᠡᠢ ᠶᠢᠨ ᠭᠡᠦᠭᠡᠯᠳᠡᠢ ᠠᠳᠠᠯᠢ ᠰᠠᠨᠠᠭᠳᠠᠵᠤ᠂ ᠠᠯᠢ ᠨᠢᠭᠡᠨ ᠡᠳᠦᠷ ᠡᠨᠡᠭᠦ 《ᠬᠤᠷᠤᠬᠠᠢ ᠶᠢᠨ ᠭᠡᠷ》 ᠡᠴᠡ ᠪᠠᠨ 《ᠨᠠᠪᠴᠢᠵᠤ》 ᠭᠠᠷᠤᠭᠠᠤᠨ ᠪᠦᠮᠪᠦᠷᠴᠡᠭ᠌ ᠤᠨ ᠭᠦᠷᠦᠰᠦᠨ᠎ᠡ ᠳᠠᠪᠳᠠᠷᠢᠨ ᠨᠢᠰᠴᠤ ᠴᠢᠳᠠᠨ᠎ᠠ ᠭᠡᠵᠤ ᠪᠠᠳᠤ ᠢᠳᠡᠭᠡᠵᠤ ᠪᠠᠢ᠌ᠵᠠᠢ᠃

ᠪᠢᠴᠢᠬᠠᠨ ᠴᠧᠷᠧᠲ᠋ᠢ᠌᠌ᠨ ᠤ ᠳᠠᠯ᠎ᠠ ᠬᠠᠴᠠᠷ ᠤᠨ ᠭᠢᠨᠢ ᠪᠣᠯᠴᠢᠩ ᠠᠪᠴᠢᠭᠰᠠᠨ ᠡᠴᠡ ᠪᠣᠯᠵᠤ ᠣᠷᠤᠭᠤᠯ ᠨᠢ ᠵᠥᠯᠴᠡᠢ᠌ᠭᠡᠤᠨ ᠥᠭᠡ ᠭᠡᠯᠡᠭᠦ ᠳᠤ ᠳᠤᠩ ᠭᠦᠴᠢᠷᠳᠡᠨ᠎ᠡ᠃ ᠡᠨᠡ ᠡᠮᠵᠡᠭ᠌ ᠢ ᠢᠯᠠᠬᠤ ᠶᠢᠨ ᠳᠦᠯᠦᠭᠡ ᠳᠠᠷᠠ ᠠᠪᠴᠢᠭᠰᠠᠨ ᠳᠠᠯ᠎ᠠ ᠶᠢᠨ ᠵᠠᠪᠠᠵᠢ ᠳᠠᠭᠠᠨ ᠨᠢᠭᠡ ᠬᠠᠪᠳᠠᠭᠠᠢ ᠴᠢᠯᠠᠭᠤ ᠬᠠᠪᠴᠢᠭᠤᠯᠤᠭᠠᠤᠨ᠂ ᠨᠠᠷᠠᠳᠤ ᠣᠯᠤᠰ ᠲᠦᠷᠦᠴᠢᠳ ᠤᠨ ᠶᠠᠷᠢᠶᠠᠨ ᠰᠢᠩᠭᠡᠭᠡᠯᠳᠡ ᠶᠢ ᠳᠠᠯᠪᠢᠵᠤ ᠲᠠᠭᠠᠨ ᠣᠩᠰᠢᠳᠠᠭ ᠪᠠᠢ᠌ᠪᠠ᠃ ᠢᠩᠭᠢᠪᠠᠯ ᠠᠪᠢᠶ᠎ᠠ ᠭᠠᠷᠭᠠᠬᠤ ᠳᠤ ᠣᠯᠠᠮ ᠭᠦᠴᠢᠷᠳᠡᠭᠦ ᠪᠣᠯᠵᠤ᠂ ᠵᠠᠪᠠᠵᠢ᠂ ᠭᠡᠯᠡ᠂ ᠪᠣᠢ᠌ᠯᠠ ᠨᠢ ᠰᠢᠯᠪᠣᠷᠠᠭᠠᠤᠨ ᠴᠢᠰᠤ ᠲᠡᠶ ᠰᠢᠯᠤᠰᠤ ᠨᠢ ᠡᠷᠡᠤ ᠶᠢ ᠨᠢ ᠲᠠᠭᠠᠨ ᠣᠷᠤᠰᠤᠨ᠎ᠠ᠃ ᠡᠵᠢ ᠨᠢ ᠥᠵᠡᠭᠡᠤᠨ ᠣᠯᠠᠮ ᠦᠷᠦ ᠡᠪᠠᠦᠡᠴᠤ᠄

《ᠴᠢ ᠡᠢ᠌ᠮᠤ ᠬᠠᠳᠠᠭᠤ ᠪᠣᠯᠪᠠᠰᠤᠷᠠᠯ ᠭᠢᠭ᠍ᠰᠡᠨ ᠤ ᠭᠡᠷᠡᠭ᠌ ᠦᠭᠡᠶ᠂ ᠡᠵᠢ ᠨᠢ ᠴᠢᠮᠢ᠋ᠢ ᠨᠠᠰᠤᠨ ᠳᠤᠷᠰᠢ ᠠᠰᠠᠷᠠᠶ᠎ᠠ》 ᠭᠡᠰᠡᠨ ᠳᠤ᠂ ᠪᠢᠴᠢᠬᠠᠨ ᠴᠧᠷᠧᠲ᠋ᠢ᠌᠌ᠨ᠄

《ᠬᠠᠮᠢᠶ᠎ᠠ ᠦᠭᠡᠶ᠂ ᠭᠤᠶᠤ ᠡᠷᠪᠠᠭᠡᠢ ᠨᠡᠪᠴᠢᠭᠦ ᠳᠡᠭᠡᠨ ᠥᠭᠦᠵᠤ ᠰᠡᠭᠡᠭᠦ ᠶᠢᠨ ᠶᠠᠪᠣᠴᠠ ᠶᠢ ᠥᠩᠭᠡᠷᠡᠭᠦᠯᠳᠡᠭ᠌ ᠭᠡᠨ᠎ᠡ᠃ ᠳᠡᠭᠦᠨ ᠲᠡᠶ ᠬᠠᠷᠢᠴᠠᠭᠤᠯᠬᠤ ᠶᠤᠮ ᠪᠣᠯ ᠮᠢᠨᠤ ᠠᠮᠰᠠᠵᠤ ᠪᠦᠭᠦᠢ ᠭᠦᠴᠢᠷ ᠴᠢᠨᠢ ᠳᠤᠩ ᠶᠠᠯᠢᠮ ᠦᠭᠡᠶ ᠰᠢᠤ︕》 ᠭᠡᠵᠡᠢ᠃ ᠳᠠᠷᠠ ᠡᠯ᠎ᠡ ᠲᠦᠷᠦᠯ ᠤᠨ ᠭᠢᠴᠢᠶᠠᠯ ᠳᠡᠭᠡᠨ ᠰᠢᠮᠳᠡᠭᠦ ᠪᠠᠷ ᠪᠠᠷᠠᠬᠤ ᠦᠭᠡᠶ᠂ ᠪᠠᠢ᠌ᠭᠠᠯᠢ ᠪᠠ ᠨᠡᠢ᠌ᠭᠡᠮ ᠤᠨ ᠰᠢᠡᠵᠢᠯᠡᠭᠦ ᠣᠬᠠᠭᠠᠨ ᠤ ᠨᠤᠮ ᠢ ᠣᠯᠳᠠᠬᠤ ᠶᠢᠨ ᠭᠢᠷᠢ ᠪᠠᠷ ᠣᠩᠰᠢᠵᠤ᠂ ᠰᠤᠷᠤᠭᠰᠠᠨ ᠮᠡᠳᠡᠯᠭᠡ ᠨᠢ ᠳᠤᠮᠳᠠᠳᠤ ᠰᠤᠷᠭᠠᠭᠤᠯᠢ ᠶᠢᠨ ᠵᠢᠭᠠᠬᠤ ᠭᠡᠪᠴᠢᠶ᠎ᠡ ᠡᠴᠡ ᠬᠤᠯᠠ ᠳᠠᠪᠠᠭᠰᠠᠨ ᠪᠠᠢ᠌ᠯ᠎ᠠ᠃ ᠣᠷᠳᠤ ᠬᠤᠭᠤᠴᠠᠭᠠᠨ ᠤ ᠡᠢ᠌ᠮᠤ ᠬᠠᠳᠠᠭᠤ ᠪᠣᠯᠪᠠᠰᠤᠷᠠᠯ ᠭᠢᠭ᠍ᠰᠡᠨ ᠡᠴᠡ ᠳᠠᠷᠠ ᠣᠷᠠᠨ ᠳᠤᠳᠤ ᠣᠩᠰᠢᠯᠭ᠎ᠠ ᠳᠠᠭᠠᠨ ᠴᠠᠭᠠᠷᠠᠵᠤ᠂ ᠠᠮᠠᠨ ᠳᠤᠳᠤᠷ᠎ᠠ ᠨᠢ ᠥᠷᠦᠭ᠍ᠳᠡᠭ᠍ᠰᠡᠭᠡᠷ ᠪᠠᠢ᠌ᠭᠠᠤᠨ ᠵᠤᠪ ᠵᠤᠵᠠᠭᠠᠨ ᠳᠠᠪ ᠰᠠᠭᠤᠵᠤ᠂ ᠬᠤᠭᠤᠯᠠ ᠢᠳᠡᠭᠦ ᠦᠶᠡᠰ ᠢᠷᠭᠢᠷᠠᠵᠤ ᠡᠪᠠᠦᠡᠭᠦ ᠪᠠᠨ ᠪᠣᠯᠢᠭᠰᠠᠨ ᠪᠠᠢ᠌ᠨ᠎ᠠ᠃

ᠴᠧᠷᠧᠲ᠋ᠢ᠌᠌ᠨ ᠳᠤᠮᠳᠠᠳᠤ ᠰᠤᠷᠭᠠᠭᠤᠯᠢ ᠪᠠᠨ ᠳᠡᠭᠦᠰᠦᠮᠡᠭ᠍ᠴᠡ ᠵᠥᠭᠡᠷ ᠰᠢᠭ᠌ ᠠᠵᠢᠯ ᠣᠯᠵᠤ ᠨᠡᠢ᠌ᠭᠡᠮ ᠤᠨ ᠬᠠᠳᠠᠪᠴᠢ ᠶᠢ ᠭᠢᠰᠭᠢᠯ᠎ᠠ᠃ ᠳᠠᠷᠠ ᠥᠭᠡᠷ᠎ᠡ ᠵᠡᠮᠳᠡᠭ᠌ ᠭᠦᠮᠤᠨ ᠲᠡᠶ ᠠᠳᠠᠯᠢ ᠦᠪᠡᠷ ᠤᠨ ᠡᠮᠵᠡᠭ᠌ ᠳᠠᠯ᠎ᠠ ᠪᠠᠨ ᠪᠣᠰᠤᠳ ᠲᠤ ᠥᠵᠡᠭᠦᠯᠭᠦ ᠳᠤᠷ᠎ᠠ ᠦᠭᠡᠶ ᠣᠯᠠᠨ ᠨᠠᠢ᠌ᠳᠠ ᠶᠢᠨ ᠬᠤᠷᠠᠯ ᠴᠤᠭᠯᠠᠭᠠᠨ ᠡᠴᠡ ᠵᠠᠢ᠌ᠯᠠᠬᠤ ᠶᠠᠪᠣᠳᠠᠯ ᠢ ᠡᠷᠡᠰ ᠳᠠᠪᠴᠢᠵᠤ᠂ ᠳᠤᠰᠬᠠᠢ᠌ᠯᠠᠨ ᠭᠦᠮᠤᠨ ᠠᠷᠪᠢᠨ ᠭᠠᠵᠠᠷ ᠣᠴᠢᠭᠠᠤᠨ ᠨᠡᠢ᠌ᠭᠡᠮ ᠤᠨ ᠠᠰᠠᠷᠠᠮᠵᠢ᠂ ᠪᠣᠯᠪᠠᠰᠤᠨ ᠰᠤᠷᠳᠠᠯ ᠵᠡᠷᠭᠡ ᠳᠠᠯ᠎ᠠ ᠪᠠᠷ ᠶᠠᠷᠢᠶ᠎ᠠ ᠢᠯᠡᠳᠭᠡᠯ ᠭᠢᠳᠡᠭ᠌ ᠡᠴᠡ ᠪᠣᠯᠵᠤ᠂ ᠣᠢ᠌ᠷ᠎ᠠ ᠣᠷᠴᠢᠨ ᠳᠠᠭᠠᠨ ᠣᠯᠠᠨ ᠤ ᠭᠦᠷᠢᠶᠡᠯᠡᠯ ᠢ ᠣᠯᠤᠭᠰᠠᠨ ᠨᠠᠷᠠᠳᠤ ᠭᠦᠮᠤᠨ ᠪᠣᠯᠪᠠ᠃

1993 ᠣᠨ ᠤ ᠠᠷᠪᠠᠨ ᠰᠠᠷ᠎ᠠ ᠳᠤ᠂ ᠴᠧᠷᠧᠲ᠋ᠢ᠌᠌ᠨ ᠣᠯᠠᠨ ᠤ ᠵᠤᠷᠢᠭᠵᠢᠭᠤᠯᠤᠯ ᠳᠤᠤᠷ᠎ᠠ ᠺᠠᠨᠠᠳᠠ ᠣᠯᠤᠰ ᠤᠨ ᠶᠡᠷᠦᠩᠭᠡᠢ ᠰᠠᠢ᠌ᠳ ᠰᠤᠩᠭ᠋ᠤᠬᠤ ᠶᠡᠭᠡ ᠰᠤᠩᠭ᠋ᠠᠭᠤᠯᠢ ᠳᠤ ᠣᠷᠤᠯᠴᠠᠪᠠ᠃ ᠥᠷᠢᠰᠦᠯᠳᠦᠭᠡᠨ ᠳᠤᠩ ᠬᠤᠷᠴᠠ ᠰᠢᠷᠦᠭᠦᠨ ᠶᠠᠪᠣᠭᠳᠠᠵᠤ᠂ ᠴᠧᠷᠧᠲ᠋ᠢ᠌᠌ᠨ ᠲᠡᠶ ᠣᠷᠤ ᠪᠣᠯᠢᠶᠠᠯᠳᠤᠭᠰᠠᠨ ᠨᠥᠭᠦᠭᠡ ᠭᠦᠮᠤᠨ᠂ ᠳᠡᠭᠦᠨ ᠤ ᠴᠢᠷᠠᠢ ᠳᠡᠭᠡᠷᠡᠭᠢ ᠡᠮᠵᠡᠭ᠌ ᠢ ᠶᠡᠭᠡᠰᠭᠡᠨ ᠵᠢᠷᠤᠭᠯᠠᠵᠤ 《ᠳᠠ ᠡᠢ᠌ᠮᠤ ᠳᠦᠷᠢᠳᠠᠢ ᠭᠦᠮᠤᠨ ᠶᠢᠡᠷ ᠣᠳᠤᠷᠢᠳᠤᠭᠴᠢ ᠪᠠᠨ ᠪᠣᠯᠭᠠᠬᠤ ᠳᠤᠷᠠᠳᠠᠢ ᠦᠦ︖》 ᠭᠡᠰᠡᠨ ᠵᠠᠷ ᠳᠠᠯᠪᠢᠵᠠᠢ᠃ ᠡᠨᠡ ᠨᠢ ᠪᠦᠭᠦ ᠣᠯᠤᠰ ᠤᠨ ᠠᠷᠠᠤᠨ ᠲᠦᠮᠡᠨ ᠤ ᠭᠢᠯᠢᠩ ᠬᠤᠷᠤᠰᠤᠯ ᠢ ᠳᠡᠭ᠍ᠳᠠᠭᠡᠵᠤ ᠪᠦᠭᠦ ᠪᠧᠯᠧᠲ᠋ ᠪᠠᠨ ᠴᠧᠷᠧᠲ᠋ᠢ᠌᠌ᠨ ᠳᠤ ᠦᠭ‍ᠭᠦᠭ᠍ᠰᠡᠨ ᠶᠢᠡᠷ᠂ ᠳᠠᠷᠠ ᠶᠡᠭᠡᠯ᠎ᠡ ᠠᠮᠠᠷᠬᠠᠨ ᠶᠢᠡᠷ ᠰᠤᠩᠭ᠋ᠠᠭᠤᠯᠢ ᠶᠢᠨ ᠳᠡᠮᠡᠴᠡᠭᠡᠨ ᠳᠤ ᠢᠯᠠᠭᠰᠠᠨ ᠪᠠᠢ᠌ᠨ᠎ᠠ᠃ ᠳᠠᠷᠠ ᠰᠤᠩᠭ᠋ᠠᠭᠤᠯᠢ ᠶᠢᠨ ᠢᠯᠡᠳᠭᠡᠯ ᠳᠡᠭᠡᠨ 《ᠪᠦᠭᠦ ᠣᠯᠤᠰ ᠤᠨ ᠠᠷᠠᠤᠨ ᠲᠦᠮᠡᠨ ᠶᠢᠡᠨ ᠳᠠᠭᠠᠭᠤᠯᠤᠨ ᠭᠤᠸ᠎ᠠ ᠡᠷᠪᠠᠭᠡᠢ ᠪᠣᠯᠵᠤ ᠨᠢᠰᠤᠨ᠎ᠠ》 ᠭᠡᠰᠡᠨ ᠣᠷᠢᠶ᠎ᠠ ᠳᠤᠷᠠᠳᠤᠭᠰᠠᠨ ᠶᠤᠮ᠃ ᠡᠨᠡ ᠨᠢ ᠪᠦᠭᠦ ᠺᠠᠨᠠᠳᠠ ᠶᠢᠨ ᠠᠷᠠᠤᠨ ᠲᠦᠮᠡᠨ ᠤ ᠠᠮᠠᠨ ᠣᠩᠰᠢᠯᠭ᠎ᠠ ᠪᠣᠯᠵᠤ᠂ ᠳᠡᠭᠦᠨ ᠢ 《ᠡᠷᠪᠠᠭᠡᠢ ᠳᠡᠷᠢᠭᠦᠨ ᠰᠠᠢ᠌ᠳ》 ᠭᠡᠮᠡᠨ ᠴᠤᠯᠠᠯᠠᠭᠰᠠᠨ ᠪᠠᠢ᠌ᠨ᠎ᠠ᠃ ᠢᠩᠭᠢᠭᠡᠤᠨ ᠳᠠᠷᠠ ᠵᠠᠯᠭᠠᠪᠠᠷ ᠬᠤᠶᠠᠷ ᠬᠤᠭᠤᠴᠠᠭ᠎ᠠ ᠳᠤᠰᠢᠶᠠᠯ ᠳᠤ ᠰᠠᠭᠤᠵᠤ ᠪᠢᠯᠠ᠃

ᠭᠦᠮᠤᠨ᠂ ᠶ‍ᠢᠷᠳᠢᠠᠴᠤ ᠳᠤ ᠳᠦᠷᠦᠭᠦ ᠳᠡᠭᠡᠨ ᠲᠦᠷᠦᠯ ᠭᠠᠷᠤᠯ᠂ ᠥᠩᠭᠡ ᠵᠢᠰᠤ᠂ ᠣᠢ ᠪᠢᠯᠢᠭ᠌ ᠵᠡᠷᠭᠡ ᠶᠢ ᠦᠪᠡᠷ ᠤᠨ ᠰᠠᠨᠠᠭ᠎ᠠ ᠪᠠᠷ ᠶᠢᠡᠨ ᠰᠤᠩᠭ᠋ᠤᠵᠤ ᠳᠡᠢ᠌ᠯᠭᠦ ᠦᠭᠡᠶ᠃ ᠨᠠᠩ ᠴᠤ ᠦᠰᠦᠨ ᠪᠣᠢ᠌ᠵᠢᠬᠤ ᠶᠠᠪᠣᠴᠠ ᠳᠠᠭᠠᠨ ᠡᠪᠠᠦᠡᠴᠢᠨ ᠡᠮᠭᠡᠭ᠌ ᠳᠤᠰᠴᠤ ᠳᠤᠷᠭᠤᠨ ᠵᠡᠮᠳᠡᠭ᠌ ᠪᠣᠯᠴᠢᠬᠤ ᠴᠤ ᠪᠣᠯᠵᠤᠰᠢ ᠦᠭᠡᠶ᠃ ᠶᠠᠳᠠᠭᠤ ᠵᠥᠳᠡᠭᠦᠤ ᠭᠡᠷ ᠪᠦᠯᠢ᠂ ᠵᠡᠮᠳᠡᠭ᠌ ᠡᠷᠭᠡᠳᠡᠨ ᠮᠠᠭᠤᠬᠠᠢ ᠵᠢᠰᠤ ᠮᠠᠳᠤ ᠶᠢᠨ ᠡᠯᠧᠮᠧᠨ᠋ᠲ᠋ ᠪᠣᠯ ᠨᠢᠭᠡ ᠭᠦᠮᠤᠨ ᠤ ᠦᠰᠦᠨ ᠪᠣᠢ᠌ᠵᠢᠬᠤ ᠶᠠᠪᠣᠴᠠ ᠳ᠋ᠠᠭᠢ 《ᠬᠤᠷᠤᠬᠠᠢ ᠶᠢᠨ ᠭᠡᠷ》 ᠪᠣᠯᠤᠨ᠎ᠠ᠃ ᠡᠳᠡᠭᠡᠷ ᠡᠯᠧᠮᠧᠨ᠋ᠲ᠋ ᠢ ᠪᠠᠷᠢᠨ ᠳᠤᠤᠷ᠎ᠠ ᠪᠠᠨ ᠬᠤᠪᠢᠷᠠᠭᠠᠵᠤ ᠳᠡᠢ᠌ᠯᠭᠦ ᠦᠭᠡᠶ ᠪᠣᠯᠪᠠᠴᠤ᠂ ᠬᠤᠵᠢᠮ ᠤᠨ ᠠᠮᠢᠳᠤᠷᠠᠯ ᠤᠨ ᠵᠠᠮ ᠶᠢᠡᠨ ᠴᠢ ᠬᠠᠷᠢᠨ ᠥᠪᠠᠷᠳᠡᠭᠡᠨ ᠰᠤᠩᠭ᠋ᠤᠨ ᠳᠤᠭᠳᠠᠭᠠᠵᠤ ᠪᠣᠯᠤᠨ᠎ᠠ᠃ ᠪᠢᠴᠢᠬᠠᠨ ᠴᠧᠷᠧᠲ᠋ᠢ᠌᠌ᠨ ᠭᠡᠷᠪᠡ ᠡᠭᠡ ᠶᠢᠨ ᠡᠩᠭᠦᠷᠡᠢ᠌ᠯᠡᠯ ᠳᠤ ᠬᠤᠷᠭᠤᠳᠠᠭᠰᠠᠨ ᠶᠤᠮ ᠪᠣᠯ ᠭᠦᠮᠤᠨ ᠤ ᠴᠢᠷᠠᠢ ᠶᠢ ᠬᠠᠷᠠᠵᠤ ᠴᠢᠳᠠᠬᠤ ᠦᠭᠡᠶ᠂ ᠠᠮᠢᠳᠤᠷᠠᠯ ᠤᠨ ᠬᠠᠷᠠᠩᠭ᠋ᠤᠢ ᠪᠣᠯᠤᠩ ᠳᠤ ᠣᠷᠭᠢᠭᠳᠠᠭᠰᠠᠨ ᠭᠡᠷ ᠤᠨ ᠬᠠᠳᠠᠭᠠᠰᠤ ᠪᠣᠯᠬᠤ ᠳᠤ ᠭᠦᠷᠦᠨ᠎ᠡ᠃ ᠥᠰᠭᠡᠵᠤ ᠳᠦᠷᠦᠭᠦᠯᠦᠭ᠍ᠰᠡᠨ ᠡᠵᠢ ᠨᠢ ᠶᠠᠭᠠᠭᠢᠵᠤ ᠡᠨᠡᠷᠢᠯᠳᠡᠢ ᠪᠠᠢ᠌ᠯ᠎ᠠ ᠴᠤ ᠭᠡᠰᠡᠨ ᠬᠤᠷᠸ᠎ᠠ ᠶᠢᠨ ᠵᠢᠮ᠎ᠠ ᠶᠤᠰᠤ ᠪᠠᠷ ᠠᠯᠢ ᠨᠢᠭᠡᠨ ᠡᠳᠦᠷ ᠰᠠᠯᠵᠤ ᠡᠴᠢᠭᠦ ᠪᠣᠯᠤᠨ᠎ᠠ᠃ ᠭᠡᠷᠪᠡ ᠡᠭᠦᠷ ᠡᠴᠡ ᠪᠠᠨ ᠪᠠᠰᠠ ᠭᠠᠷᠴᠤ ᠴᠢᠳᠠᠬᠤ ᠦᠭᠡᠶ ᠬᠠᠷᠢᠶᠠᠴᠠᠢ ᠶᠢᠨ ᠵᠤᠯᠵᠠᠭ᠎ᠠ ᠶᠤᠮ ᠪᠣᠯ ᠠᠯᠤᠰ ᠤᠨ ᠨᠡᠭᠦᠳᠡᠯ ᠠᠶᠠᠨ ᠢ ᠶᠠᠭᠠᠭᠢᠵᠤ ᠭᠦᠭᠡᠭᠡᠭᠦ ᠠᠵᠢ︕ ᠨᠡᠢ᠌ᠭᠡᠮ ᠤᠨ ᠳᠠᠪᠬᠤᠷᠭ᠎ᠠ ᠳᠡᠭ᠍ᠰᠢ ᠦᠭᠡᠶ ᠡᠴᠡ ᠪᠣᠯᠵᠤ ᠭᠦᠮᠤᠨ ᠪᠦᠭᠦᠨ ᠤ ᠡᠭᠢᠯᠡᠵᠤ ᠭᠦᠶ‍ᠦᠭᠦ 《ᠴᠡᠭ᠌》 ᠴᠤ ᠠᠳᠠᠯᠢ ᠦᠭᠡᠶ᠃ ᠪᠣᠰᠤᠳ ᠭᠦᠮᠤᠨ ᠤ ᠰᠢᠯᠤᠭᠤᠨ ᠳᠠᠷᠳᠠᠩ ᠵᠠᠮ ᠢ ᠬᠠᠷᠠᠭᠠᠤᠨ᠂ ᠦᠪᠡᠷ ᠤᠨ ᠵᠤᠯ ᠪᠣᠰᠤ ᠣᠴᠠᠷᠠᠯ ᠳᠠᠭᠠᠨ ᠭᠠᠰᠠᠯᠤᠨ ᠡᠮᠭᠡᠨᠢᠭᠡᠤᠨ ᠰᠠᠭᠤᠪᠠᠯ ᠣᠷᠤᠭᠰᠢ ᠠᠶᠠᠯᠠᠯ ᠳᠤ ᠴᠢᠨᠢ ᠥᠴᠦᠭᠡᠨ ᠴᠤ ᠳᠤᠰᠠ ᠪᠣᠯᠬᠤ ᠦᠭᠡᠶ ᠮᠥᠷᠳᠡᠭᠡᠨ ᠭᠡᠳᠡᠷᠭᠦ ᠴᠠᠭ ᠢ ᠰᠠᠭᠠᠳᠤᠭᠠᠵᠤ᠂ ᠪᠣᠰᠤᠳ ᠢ ᠨᠡᠭᠡᠵᠤ ᠭᠦᠢᠴᠡᠭᠦ ᠳᠤ ᠭᠦᠴᠢᠷᠳᠡᠢ ᠪᠣᠯᠳᠠᠭ ᠪᠠᠢ᠌ᠨ᠎ᠠ᠃ ᠴᠢᠮ᠎ᠠ ᠳᠤ ᠡᠢ᠌ᠮᠤ 《ᠬᠤᠷᠤᠬᠠᠢ ᠶᠢᠨ ᠭᠡᠷ》 ᠨᠢᠭᠡ᠊ᠨᠳᠡ ᠲᠤᠬᠢᠶᠠᠴᠢᠬᠠᠭᠰᠠᠨ ᠪᠠᠢ᠌ᠳᠠᠯ ᠳᠤᠤᠷ᠎ᠠ ᠴᠢ ᠡᠷᠭᠡᠪᠰᠢ ᠪᠣᠰᠤᠳ ᠡᠴᠡ ᠢᠯᠡᠭᠦᠤ ᠠᠷᠪᠠᠨ ᠬᠤᠪᠢ ᠶᠢᠨ ᠢᠳᠡᠭᠡᠯ ᠵᠤᠷᠢᠭ ᠢ ᠡᠪᠦᠷᠯᠡᠵᠤ᠂ ᠭᠠᠭᠴᠠ ᠥᠵᠦᠭᠦᠷᠳᠤ ᠰᠠᠤᠠᠭᠢᠯ ᠶᠢᠡᠷ ᠬᠠᠠᠳᠤᠭᠰᠠᠨ ᠵᠥᠭ᠌ ᠲᠡᠭᠡᠨ ᠮᠠᠷᠠᠢ᠌ᠵᠤ᠂ ᠡᠨᠡᠭᠦ ᠴᠢᠬᠤᠯ ᠢᠪᠴᠤᠤᠬᠠᠨ 《ᠬᠤᠷᠤᠬᠠᠢ ᠶᠢᠨ ᠭᠡᠷ》 ᠡᠴᠡ ᠰᠢᠬᠠᠨ ᠭᠠᠷᠬᠤ ᠭᠡᠷᠡᠭ᠍ᠳᠡᠢ᠃ ᠡᠷᠪᠠᠭᠡᠢ ᠳᠤ ᠬᠤᠶᠠᠷᠬᠠᠨ ᠰᠤᠩᠭ᠋ᠤᠯᠳᠠ ᠪᠠᠢ᠌ᠳᠠᠭ ; ᠨᠢᠭᠡ ᠪᠣᠯ ᠨᠠᠪᠴᠢᠵᠤ ᠭᠠᠷᠤᠨ᠎ᠠ᠂ ᠨᠢᠭᠡ ᠪᠣᠯ ᠪᠣᠭᠤᠭᠳᠠᠵᠤ ᠥᠭᠦᠨ᠎ᠡ᠃ ᠳᠡᠭᠡᠭᠦ ᠳᠤ ᠭᠦᠮᠤᠨ ᠳᠤ ᠪᠣᠯ ᠥᠭᠡᠷ᠎ᠡ ᠢᠯᠡᠭᠦᠤ ᠰᠤᠩᠭ᠋ᠤᠯᠳᠠ ᠪᠠᠢ᠌ᠨ᠎ᠠ ᠭᠡᠵᠢ ᠦᠦ︖

ᠵᠤᠬᠢᠶᠠᠭᠴᠢ᠄ ᠨᠣ᠋·ᠪᠠᠭᠠᠳᠤᠷ
ᠳᠠᠷᠤᠮ᠄ 6093
ᠴᠠᠭ᠄ 2009 ᠤᠨ ᠤ 04 ᠰᠠᠷ᠎ᠠ ᠶᠢᠨ 29

ᠡᠮᠦᠨᠡᠬᠢ   ᠳᠠᠷᠠᠭᠠᠬᠢ

ᠰᠢᠭᠦᠮᠵᠢ ᠪᠢᠴᠢᠬᠦ
ᠨᠡᠪᠲᠡᠷᠡᠨ ᠤᠷᠤᠭᠠᠷᠠᠢ᠃
ᠨᠡᠪᠲᠡᠷᠡᠨ ᠤᠷᠤᠪᠠᠯ ᠰᠠᠶ‍ᠢ ᠰᠢᠭᠦᠮᠵᠢ ᠪᠢᠴᠢᠵᠦ ᠳᠡᠢ᠌ᠯᠦᠨ᠎ᠡ᠃