ᠨᠣ᠋·ᠪᠠᠭᠠᠳᠤᠷ ᠄ 《ᠪᠢᠯᠢᠭ᠌ ᠤᠨ ᠭᠡᠭᠡᠪᠴᠢ》
ᠠᠷᠪᠠ ᠂ ᠭᠡᠭᠡᠪᠴᠢ ᠪᠡᠷ ᠬᠠᠷᠠᠭᠳᠠᠬᠤ ᠶᠢᠷᠲᠢᠨᠴᠦ
ᠨᠢᠭᠡᠳᠦᠭᠡᠷ ᠬᠡᠰᠡᠭ ᠂ ᠰᠠ ᠫᠤᠤ

ᠭᠦᠮᠤᠨ ᠤ ᠶ‍ᠢᠷᠳᠢᠠᠴᠤ ᠪᠣᠯ ᠨᠢᠭᠡ ᠰᠤᠷᠭᠠᠭᠤᠯᠢ ᠪᠣᠯᠤᠨ᠎ᠠ᠃ ᠡᠭᠦᠨ ᠳᠤ ᠵᠤᠯ ᠵᠢᠷᠭᠠᠯ ᠪᠣᠯ ᠪᠠᠭᠰᠢ ᠨᠢ ᠪᠢᠰᠢ᠂ ᠬᠠᠷᠢᠨ 《ᠵᠤᠯ ᠪᠣᠰᠤ ᠣᠴᠠᠷᠠᠯ》 ᠪᠣᠯ ᠰᠠ‍‌ᠶᠢ ᠵᠢᠩᠭᠢᠨᠢ ᠪᠠᠭᠰᠢ ᠨᠢ ᠮᠦᠨ᠃


᠊᠊᠊᠊᠊᠊᠊᠊᠊᠊᠊᠊᠊᠊᠊᠊᠊᠊᠊᠊᠊᠊᠊᠊᠊᠊ ᠾᠧᠪᠧᠷ


ᠡᠨᠡ ᠪᠣᠯ ᠳᠡᠭᠡᠷ᠎ᠡ ᠵᠠᠭᠤᠨ ᠤ ᠳᠠᠯᠠᠭᠠᠤᠨ ᠣᠨ ᠤ ᠡᠭᠢᠨ ᠳᠤ ᠭᠠᠷᠤᠭᠰᠠᠨ ᠣᠴᠢᠷ ᠶᠤᠮ᠃ ᠬᠠᠭᠠᠰ ᠮᠠᠯᠵᠢᠵᠤ ᠬᠠᠭᠠᠰ ᠳᠠᠷᠢᠶᠠᠯᠠᠭᠰᠠᠨ ᠶᠠᠮᠤᠨ ᠠᠢ᠌ᠯ ᠨᠢᠭᠡ ᠵᠢᠯ ᠤᠨ ᠬᠤᠷᠢᠶᠠᠯᠳᠠ ᠪᠠᠨ ᠠᠪᠬᠤ ᠰᠢᠷᠭᠠᠯ ᠨᠠᠮᠤᠷ ᠶᠢᠡᠨ ᠣᠭᠳᠤᠨ ᠠᠪᠴᠢᠷᠠᠵᠠᠢ᠃ ᠳᠠᠷᠠ ᠦᠶ᠎ᠡ ᠨᠢ ᠣᠯᠤᠰ ᠲᠦᠷᠦ ᠶᠢᠨ ᠭᠦᠳᠡᠯᠭᠡᠭᠡᠨ ᠨᠤᠵᠤᠭᠠᠷᠠᠵᠤ᠂ 《ᠠᠩᠭᠢ ᠶᠢᠨ ᠳᠠᠮᠠᠴᠠᠯ》ᠵᠢᠡᠷ ᠣᠠᠳᠤᠷᠤᠯ ᠠᠪᠴᠤ ᠪᠠᠢ᠌ᠭᠰᠠᠨ ᠭᠠᠵᠢᠭ ᠴᠠᠭ ᠦᠶ᠎ᠡ ᠪᠠᠢ᠌ᠯ᠎ᠠ᠃ ᠳᠠᠷᠠ ᠦᠶ᠎ᠡ ᠳᠤ ᠪᠢ 《ᠭᠠᠵᠠᠷ ᠤᠨ ᠡᠵᠡᠨ》 ᠭᠠᠷᠤᠯ ᠲᠡᠶ ᠨᠠᠭᠠᠴᠤ ᠶᠢᠨ ᠨᠥᠯᠦᠭᠡ ᠪᠠᠷ ᠰᠤᠷᠭᠠᠭᠤᠯᠢ ᠶᠢᠨ ᠪᠣᠱᠤᠭ ᠢ ᠳᠠᠪᠠᠵᠤ ᠳᠡᠢ᠌ᠯᠭᠦ ᠦᠭᠡᠶ ᠳᠠᠨᠤᠮᠠᠯ ᠭᠡᠦᠭᠡᠤᠨ ᠪᠠᠢ᠌ᠯ᠎ᠠ᠃ ᠡᠩ ᠤᠨ ᠠᠷᠠᠤᠨ ᠲᠤ ᠠᠪᠴᠤ ᠭᠡᠯᠡᠪᠠᠯ᠂ ᠳᠡᠷᠡᠭᠦ ᠣᠯᠤᠰ ᠲᠦᠷᠦ ᠶᠢᠨ ᠭᠦᠳᠡᠯᠭᠡᠭᠡᠨ ᠤ ᠵᠦᠪ ᠪᠣᠷᠤᠭᠤ ᠶᠢ ᠳᠤᠩᠭ᠋ᠠᠵᠤ ᠳ᠋ᠦ᠋ᠩᠨᠡᠬᠦ ᠶᠢᠨ ᠭᠢᠷᠢ ᠭᠡᠮ ᠪᠠ ᠣᠬᠠᠮᠰᠠᠷ ᠪᠠᠢ᠌ᠬᠤ ᠦᠭᠡᠶ᠂ ᠵᠥᠭᠡᠷ ᠯᠠ ᠨᠢᠳᠤᠷᠭ᠎ᠠ ᠪᠠᠨ ᠵᠠᠩᠭ᠋ᠠᠨ 《ᠳᠠᠮᠠᠴᠠᠶ᠎ᠠ︕》 ᠂ 《ᠪᠣᠷᠤᠭᠤᠰᠢᠶᠠᠶ᠎ᠠ︕》 ᠭᠡᠤᠨ ᠣᠯᠠᠨ ᠢ ᠳᠠᠭᠠᠭᠠᠤᠨ ᠪᠠᠷᠭᠢᠷᠠᠵᠤ ᠯᠠ ᠪᠠᠢ᠌ᠪᠠᠯ ᠪᠠᠷᠠᠭᠰᠠᠨ ᠭᠡᠷᠡᠭ᠌᠃ ᠭᠠᠭᠴᠠᠬᠦ ᠠᠮᠢᠨ ᠳᠤ ᠭᠦᠷᠴᠤ ᠠᠮᠢᠳᠤᠷᠠᠯ ᠳᠤ ᠰᠠᠭᠠᠤᠨ ᠪᠣᠯᠬᠤ ᠣᠴᠢᠷ ᠭᠡᠪᠠᠯ ᠦᠨᠦᠳᠤᠷ ᠭᠦᠷᠦᠩᠭᠡᠳᠡᠨ ᠤ ᠰᠡᠭᠦᠯ ᠢ ᠣᠭᠳᠤᠯᠬᠤ ᠭᠡᠭᠦ ᠦᠭᠡᠶ ᠪᠣᠯ ᠮᠠᠷᠭᠠᠰᠢ ᠪᠠᠶᠠᠴᠤᠤᠯ (ᠪᠠᠶᠠᠴᠤᠤᠯ ᠭᠡᠭᠦ ᠡᠴᠡ ᠡᠩ ᠤᠨ ᠮᠠᠯᠴᠢᠨ ᠡᠴᠡ ᠢᠯᠡᠭᠦᠤ ᠭᠡᠳᠤᠨ ᠮᠠᠯ ᠲᠡᠶ ᠪᠣᠯᠤᠭᠰᠠᠨ ᠡᠷᠦᠭᠡ)᠊ᠤᠨ ᠳᠠᠪᠠᠯ ᠢ ᠳᠠᠢ᠌ᠯᠬᠤ ᠭᠡᠵᠤ ᠰᠠᠠᠳᠤᠷᠭᠠᠵᠤ᠂ ᠭᠡᠰᠢᠭᠦᠤᠨ ᠤᠨ ᠬᠤᠪᠢᠨ ᠤ ᠭᠦᠷᠦᠩᠭᠡ ᠵᠤᠵᠠᠭᠠᠷᠠᠵᠤ ᠪᠠᠶᠠᠵᠢᠬᠤ ᠡᠴᠡ ᠨᠢ ᠥᠭᠦᠳᠡᠯ᠎ᠡ ᠠᠶᠤᠵᠤ ᠪᠠᠢ᠌ᠵᠠᠢ᠃ ᠮᠠᠨ ᠤ ᠠᠬ᠎ᠠ ᠳᠡᠭᠦᠤ ᠵᠢᠷᠭᠤᠭᠠᠭᠤᠯᠠ ᠪᠦᠷ ᠥᠰᠭᠦ ᠨᠠᠰᠤᠨ ᠳᠠᠭᠠᠨ ᠣᠷᠤᠵᠤ ᠢᠳᠡᠭᠦ ᠨᠢ ᠠᠷᠪᠢᠨ᠂ ᠠᠯᠢᠶ᠎ᠠ ᠨᠢ ᠭᠡᠳᠦᠷᠭᠡᠢ ᠡᠴᠡ ᠬᠤᠪᠴᠠᠰᠤ ᠡᠯᠡᠭᠡᠭᠦ ᠨᠢ ᠴᠤ ᠬᠤᠷᠳᠤᠨ᠂ ᠭᠠᠭᠴᠠᠬᠦ ᠡᠵᠢ ᠠᠪᠣ ᠶᠢᠨ ᠨᠢᠭᠡᠳᠦᠯ ᠳᠤ ᠭᠦᠳᠡᠯᠮᠦᠷᠢᠯᠡᠭᠡᠤᠨ ᠣᠯᠬᠤ ᠬᠤᠪᠢ ᠶᠢ ᠳᠦᠰᠢᠭᠯᠡᠭᠡᠤᠨ ᠠᠮᠢᠳᠤᠷᠠᠯ ᠶᠢᠡᠨ ᠠᠷᠭᠠᠴᠠᠭᠠᠬᠤ ᠨᠢ ᠳᠣᠢ᠌ᠯ ᠤᠨ ᠪᠠᠷᠭᠡᠳᠡᠢ ᠶᠠᠪᠣᠳᠠᠯ ᠪᠠᠢ᠌ᠯ᠎ᠠ᠃ ᠳᠠᠷᠠ ᠦᠶ᠎ᠡ ᠶᠢᠨ ᠭᠦᠳᠡᠯᠮᠦᠷᠢ ᠶᠢᠨ ᠬᠤᠪᠢ ᠨᠢ ᠳᠠᠮᠠᠢ ᠵᠤᠭᠤᠰ ᠭᠦᠷᠭᠦ ᠦᠭᠡᠶ ᠪᠠᠢ᠌ᠳᠠᠭ ᠡᠴᠡ ᠡᠵᠢ ᠠᠪᠣ ᠬᠤᠶᠠᠷ ᠮᠠᠨᠢ ᠰᠢᠷᠪᠣᠰᠤ ᠪᠠᠨ ᠰᠤᠨᠤᠳᠠᠯ᠎ᠠ ᠭᠦᠳᠡᠯᠮᠦᠷᠢᠯᠡᠵᠤ ᠠᠵᠢᠯ ᠰᠠᠭᠠᠳᠤᠭᠰᠠᠨ ᠦᠭᠡᠶ ᠭᠦᠳᠡᠯᠮᠦᠷᠢ ᠶᠢᠨ ᠵᠢᠱᠢᠶᠠᠴᠢ ᠪᠠᠷ ᠰᠠᠢ᠌ᠰᠢᠶᠠᠭᠳᠠᠵᠤ ᠶᠠᠪᠣᠯ᠎ᠠ ᠴᠤ᠂ ᠣᠯᠤᠭᠰᠠᠨ ᠬᠤᠪᠢ ᠨᠢ ᠪᠣᠳᠠᠭᠠᠨ ᠵᠤᠭᠤᠰᠤᠨ ᠳᠠᠭᠠᠨ ᠭᠦᠷᠭᠦ ᠦᠭᠡᠶ ᠵᠢᠯ ᠳᠠᠷᠠᠭᠠᠯᠠᠨ ᠨᠢᠭᠡᠳᠦᠯ ᠳᠤ ᠦᠷᠢᠳᠤᠵᠤ ᠪᠠᠢ᠌ᠵᠠᠢ᠃ ᠳᠡᠭᠡᠭᠡᠤᠨ ᠬᠠᠷᠢᠶᠠᠴᠠᠢ ᠶᠢᠨ ᠵᠤᠯᠵᠠᠭ᠎ᠠ ᠠᠳᠠᠯᠢ ᠠᠷᠬᠠᠢ᠌ᠯᠴᠠᠭᠰᠠᠨ ᠵᠢᠷᠭᠤᠭᠠᠨ ᠭᠡᠦᠭᠡᠤᠨ ᠶᠢᠡᠨ ᠱᠠᠯᠳᠠᠩ ᠨᠢᠴᠦᠭᠦᠨ ᠶᠠᠪᠣᠭᠤᠯᠬᠤ ᠦᠭᠡᠶ ᠶᠢᠨ ᠳᠦᠯᠦᠭᠡ ᠨᠢᠭᠡ ᠮᠡᠭᠡᠵᠢ ᠭᠠᠬᠠᠢ ᠳᠡᠵᠢᠭᠡᠭᠡᠤᠨ ᠵᠢᠯ ᠤᠨ ᠬᠤᠶᠠᠷ ᠬᠤᠭᠤᠴᠠᠭ᠎ᠠ ᠪᠠᠷ ᠳᠤᠷᠤᠢ ᠬᠤᠳᠠᠯᠳᠤᠵᠤ ᠵᠠᠷᠤᠳᠠᠯ ᠶᠢᠡᠨ ᠳᠦᠩᠭᠡᠵᠤ ᠪᠠᠢ᠌ᠳᠠᠭ᠃ ᠣᠳᠠᠭ᠎ᠠ ᠪᠦᠷᠢ ᠶᠢᠨ 《ᠰᠡᠭᠦᠯ ᠣᠭᠳᠤᠯᠬᠤ》 ᠬᠤᠷᠠᠯ ᠳᠡᠭᠡᠷ᠎ᠡ ᠮᠠᠨ ᠤ ᠮᠡᠭᠡᠵᠢ ᠶᠢ ᠬᠠᠯᠳᠤ ᠬᠤᠯᠳᠤ ᠳᠤᠷᠠᠤᠠᠴᠤ ᠥᠩᠭᠡᠷᠡᠳᠡᠭ᠌ ᠪᠣᠯᠪᠠᠴᠤ᠂ ᠭᠡᠷ ᠤᠨ ᠠᠮᠢᠳᠤᠷᠠᠯ ᠤᠨ ᠭᠦᠴᠢᠷᠳᠡᠯ ᠢ ᠮᠠᠳᠠᠵᠤ ᠪᠠᠢ᠌ᠭ᠎ᠠ ᠨᠢᠭᠡᠳᠦᠯ ᠤᠨ ᠳᠠᠷᠤᠭ᠎ᠠ ᠨᠡᠷ ᠮᠠᠨ ᠢ ᠦᠷᠦᠪᠳᠤᠵᠤ ᠨᠢᠭᠡ ᠨᠢᠳᠤ ᠪᠠᠨ ᠠᠨᠢᠵᠤ ᠪᠠᠢ᠌ᠭᠠᠤᠨ 《ᠱᠤᠭᠤᠮ᠂ ᠭᠦᠳᠦᠯᠪᠦᠷᠢ》 ᠳᠤ ᠭᠠᠷᠭᠠᠬᠤ ᠦᠭᠡᠶ ᠪᠠᠷ ᠮᠠᠨ ᠢ ᠭᠤᠭᠤᠵᠢᠭᠤᠯᠵᠤ ᠥᠩᠭᠡᠷᠡᠭᠦᠯᠦᠨ᠎ᠡ᠃ ᠳᠡᠭᠡᠭᠡᠤᠨ ᠮᠠᠨ ᠳᠤ ᠰᠡᠷᠡᠮᠵᠢᠯᠡᠭᠦᠯᠵᠤ 《ᠮᠡᠭᠡᠵᠢ ᠪᠠᠨ ᠰᠠᠢ᠌ᠨ ᠬᠤᠷᠢ ᠡ᠂ ᠳᠡᠭᠡᠷ᠎ᠡ ᠱᠠᠳᠤᠨ ᠳᠤ ᠮᠡᠳᠡᠭ᠍ᠳᠡᠵᠤ ᠠᠯᠠᠭᠤᠯᠪᠠᠯ ᠪᠢᠳᠠᠨ ᠳᠤ ᠪᠣᠤ ᠭᠤᠮᠤᠳᠠ ᠡ︕》 ᠭᠡᠳᠡᠭ᠌᠃ ᠭᠡᠦᠭᠡᠤᠨ ᠤᠨ ᠶᠡᠭᠡ ᠨᠢ ᠪᠣᠯᠤᠭᠰᠠᠨ ᠪᠢ ᠳᠡᠭᠦᠦᠨᠡᠷ ᠶᠢᠡᠨ ᠬᠠᠷᠠᠵᠤ ᠳᠤᠳᠤᠮᠳᠠᠬᠤ ᠪᠠᠷ ᠪᠠᠷᠠᠬᠤ ᠦᠭᠡᠶ᠂ ᠦᠨᠦ ᠮᠡᠭᠡᠵᠢ ᠪᠠᠨ ᠰᠠᠯᠤᠯ ᠦᠭᠡᠶ ᠳᠠᠭᠠᠵᠤ ᠳᠠᠷᠢᠶᠠᠨ ᠳᠤ ᠣᠷᠤᠬᠤ ᠡᠴᠡ ᠨᠢ ᠪᠣᠯᠭᠤᠮᠵᠢᠯᠠᠳᠠᠭ ᠪᠠᠢ᠌ᠪᠠ᠃ ᠦᠶᠡᠴᠤᠤᠯ ᠤᠳ ᠭᠤᠶᠤ ᠰᠠᠢ᠌ᠬᠠᠨ ᠪᠢᠴᠢᠭ᠌ ᠤᠨ ᠪᠣᠭᠴᠤ ᠪᠠᠨ ᠡᠭᠦᠷᠴᠤ ᠮᠢᠨᠤ ᠬᠠᠵᠠᠭᠤ ᠪᠠᠷ ᠰᠤᠷᠭᠠᠭᠤᠯᠢ ᠣᠷᠤᠭᠤ ᠪᠠᠨ ᠴᠤᠪᠣᠷᠠᠯᠳᠠᠬᠤ ᠪᠦᠭᠡᠤᠨ᠂ ᠪᠠᠭᠰᠢ ᠡᠴᠡ ᠰᠤᠷᠤᠭᠰᠠᠨ ᠰᠢᠨ᠎ᠠ ᠳᠠᠭᠤᠤ ᠪᠠᠨ ᠬᠠᠩᠭᠢᠨᠠᠭᠤᠯᠤᠨ ᠵᠤᠷᠢᠭᠤᠳᠠ ᠮᠢᠨᠤ ᠠᠳᠠᠭ᠎ᠠ ᠶᠢ ᠭᠦᠳᠡᠯᠭᠡᠨ᠎ᠡ᠃ ᠳᠡᠭᠡᠪᠠᠯ ᠪᠢ ᠰᠤᠷᠤᠨ ᠥᠵᠦᠭᠦᠷ ᠲᠡᠶ ᠣᠯᠤᠰᠤᠨ ᠳᠠᠰᠢᠭᠤᠷ ᠶᠢᠡᠨ ᠳᠠᠰ ᠨᠢᠰ ᠳᠤᠤᠭᠠᠷᠭᠠᠨ ᠰᠦᠷ ᠪᠠᠳᠠᠷᠠᠭᠤᠯᠤᠨ ᠡᠰᠡᠷᠭᠦᠴᠡᠯ ᠶᠢᠡᠨ ᠢᠯᠡᠳᠭᠡᠵᠤ 《ᠬᠤᠪᠢ ᠵᠠᠶᠠᠭ᠎ᠠ ᠡᠢ᠌ᠮᠤ ᠪᠠᠢ᠌ᠭᠰᠠᠨ ᠦᠭᠡᠶ ᠪᠣᠯ ᠬᠤᠪᠢᠨ ᠤ ᠪᠠᠶ᠎ᠠ ᠳᠠᠳᠠᠨ ᠡᠴᠡ ᠳᠤᠤᠷᠠᠳᠤᠬᠤ ᠶᠠᠭᠤ ᠪᠣᠢ︖》 ᠭᠡᠵᠤ ᠬᠤᠷᠤ ᠪᠣᠴᠠᠯᠳᠠᠭ ᠰᠠᠨ᠃ ᠳᠠᠷᠠ ᠦᠶ᠎ᠡ ᠳᠤ ᠭᠦᠮᠤᠨ ᠨᠢ ᠴᠤ ᠴᠠᠳᠳᠠᠯ᠎ᠠ ᠢᠳᠡᠭᠦ ᠪᠣᠳᠠᠭ᠎ᠠ ᠦᠭᠡᠶ ᠶᠤᠮ ᠴᠢᠨᠢ ᠭᠠᠬᠠᠢ ᠶᠢ ᠨᠠᠩ ᠶᠠᠭᠤᠨ ᠥᠭᠦᠯᠡᠭᠦ᠃ ᠵᠤᠨ ᠪᠣᠯ ᠨᠣᠢ᠌ᠯ ᠰᠢᠪᠳᠤᠷᠤᠨ ᠬᠠᠯᠠᠭᠠᠢ ᠳᠡᠭᠦᠵᠤ ᠴᠢᠨᠠᠵᠤ ᠢᠳᠡᠭᠦᠯᠭᠦ ᠪᠠ ᠭᠡᠭᠡᠷ᠎ᠡ ᠶᠢᠨ ᠭᠦᠢᠯᠡᠰᠤᠨ ᠤ ᠠᠪᠴᠢ ᠶᠢ ᠰᠢᠪᠳᠤᠷᠤᠨ ᠪᠦᠳᠦᠭᠦᠨ ᠭᠠᠩ ᠳᠤ ᠢᠰᠭᠡᠵᠤ ᠭᠠᠰᠢᠯᠭᠠᠭᠠᠤᠨ ᠮᠡᠭᠡᠵᠢ ᠳᠡᠵᠢᠭᠡᠳᠡᠭ᠌ ᠪᠦᠭᠡᠤᠨ᠂ ᠡᠪᠦᠯ ᠪᠣᠯ ᠪᠣᠯᠪᠠᠰᠤᠷᠠᠭᠰᠠᠨ ᠨᠣᠢ᠌ᠯ ᠬᠠᠯᠠᠭᠠᠢ ᠶᠢ ᠬᠠᠳᠤᠭᠠᠤᠨ ᠦᠷ᠎ᠡ ᠨᠠᠪᠴᠢ ᠶᠢ ᠨᠢ ᠭᠦᠪᠢᠵᠤ ᠠᠪᠣᠭᠠᠤᠨ ᠴᠢᠨᠠᠵᠤ ᠢᠳᠡᠭᠦᠯᠦᠨ᠎ᠡ᠃ ᠨᠠᠮᠤᠷ ᠪᠣᠯᠤᠯ᠎ᠠ ᠭᠡᠭ᠍ᠰᠡᠭᠡᠷ ᠦᠨᠦ ᠭᠡᠵᠢᠶᠡᠳᠡ ᠢᠳᠡᠭᠡᠤᠨ ᠴᠠᠤᠠᠬᠤ ᠦᠭᠡᠶ ᠮᠡᠭᠡᠵᠢ ᠮᠠᠨᠢ ᠳᠠᠷᠢᠶ᠎ᠠ ᠪᠣᠯᠪᠠᠰᠤᠷᠠᠭᠰᠠᠨ ᠰᠤᠷᠠᠭ ᠢ ᠰᠤᠷᠭᠤᠭ ᠭᠡᠭ᠍ᠴᠢ ᠦᠨᠦᠷᠯᠠᠵᠤ ᠮᠡᠳᠡᠭᠡᠤᠨ ᠪᠠᠶ᠎ᠠ ᠡᠷᠭᠢᠭᠦ ᠶᠢᠨ ᠥᠴᠦᠭᠡᠨ ᠴᠢᠯᠦᠭᠡ ᠶᠢ ᠴᠢᠨᠢ ᠳᠠᠯᠢᠮᠳᠠᠭᠤᠯᠤᠨ ᠳᠠᠷᠢᠶᠠᠨ ᠳᠤ ᠰᠢᠷᠭᠤᠴᠢᠬᠠᠨ᠎ᠠ᠃ ᠢᠩᠭᠢᠪᠠᠯ ᠡᠴᠢᠭᠡ ᠡᠭᠡ᠂ ᠠᠢ᠌ᠯ ᠠᠢ᠌ᠮᠠᠭ ᠤᠨ ᠠᠬᠠᠮᠠᠤᠨ ᠲᠤ ᠴᠢᠩᠭ᠋᠎ᠠ ᠳᠤᠩᠭ᠋ᠤᠳᠠᠭᠳᠠᠬᠤ ᠪᠦᠭᠡᠤᠨ᠂ ᠳᠠᠷᠢᠶ᠎ᠠ ᠬᠠᠷᠠᠭᠴᠢ ᠭᠢᠯᠠᠷ ᠨᠠᠭᠠᠴᠤ ᠰᠠ ᠫᠣᠤ ᠪᠠᠨ ᠪᠠᠷᠢᠭᠠᠤᠨ ᠮᠡᠭᠡᠵᠢ ᠠᠩᠨᠠᠬᠤ ᠪᠠᠷ ᠰᠣᠢ᠌ᠤᠨ ᠪᠣᠯᠳᠠᠭ ᠠᠵᠢ᠃ ᠮᠢᠨᠤ ᠨᠠᠭᠠᠴᠤ ᠲᠡᠶ ᠮᠥᠷᠭᠦᠭᠦᠯᠦᠭ᠍ᠰᠡᠨ ᠠᠬ᠎ᠠ ᠳᠡᠭᠦᠤ ᠪᠣᠯᠳᠠᠭ ᠡᠨᠡ ᠭᠦᠮᠤᠨ ᠤ ᠨᠢᠭᠡ ᠨᠢᠳᠤ ᠨᠢ ᠳᠡᠭᠡᠭ᠍ᠰᠢ ᠬᠠᠷᠠᠵᠤ᠂ ᠨᠥᠭᠦᠭᠡ ᠨᠢᠳᠤ ᠨᠢ ᠭᠠᠵᠠᠷ ᠱᠠᠭᠠᠢ᠌ᠭᠠᠤᠨ ᠫᠣᠤ ᠶᠢ ᠭᠡᠵᠢᠶᠡᠳᠡ ᠣᠨᠤᠴᠢᠳᠠᠢ ᠫᠣᠤᠳᠠᠵᠤ ᠴᠢᠳᠠᠳᠠᠭ ᠦᠭᠡᠶ ᠪᠣᠯᠪᠠᠴᠤ 《ᠶᠠᠭᠤᠨ ᠤ ᠭᠦᠮᠤᠨ ᠶᠠᠭᠤᠨ ᠳᠠᠭᠠᠨ》 ᠭᠡᠳᠡᠭ᠌ ᠶᠢᠡᠷ᠂ ᠦᠨᠦ ᠭᠠᠯ ᠫᠣᠤ ᠶᠢᠨ ᠪᠠᠨ ᠠᠮᠠ ᠪᠠᠷ ᠠᠷᠪᠢᠨ ᠭᠡᠭ᠍ᠴᠢ ᠳᠠᠷᠢ ᠴᠢᠭᠢᠵᠤ᠂ ᠨᠢᠭᠡ ᠠᠤᠠᠬᠤ ᠨᠤᠭᠤᠭᠠᠨ ᠪᠣᠷᠴᠠᠭ ᠤᠨ ᠭᠢᠷᠢ ᠰᠢᠷᠠᠮᠤᠨ ᠦᠷᠢᠯ ᠭᠢᠵᠤ ᠨᠦᠳᠤᠨ ᠴᠢᠩᠭ᠋ᠠᠷᠠᠭᠤᠯᠤᠭᠠᠤᠨ ᠨᠢᠭᠡ ᠵᠥᠭ᠌ ᠳᠤᠨᠢ ᠬᠠᠠᠳᠤᠭᠤᠯᠤᠭᠠᠤᠨ ᠭᠤᠬᠠᠳᠠᠭᠠᠤᠨ ᠳᠠᠯᠪᠢᠬᠤ ᠶᠤᠮ ᠪᠣᠯ ᠳᠡᠭ᠍ᠷᠢ ᠭᠠᠵᠠᠷ ᠢ ᠳᠤᠩᠰᠤᠯᠭᠠᠮ᠎ᠠ 《ᠲᠦᠩ︕》 ᠭᠡᠰᠡᠨ ᠨᠦᠰᠠᠷ ᠳᠠᠭᠤᠨ ᠭᠠᠷᠴᠤ᠂ ᠮᠤᠩᠭ᠋ᠤᠯ ᠭᠡᠷ ᠤᠨ ᠴᠢᠨᠡᠭᠡ ᠪᠣᠮᠪᠣᠢ᠌ᠭᠰᠠᠨ ᠬᠠᠷ᠎ᠠ ᠣᠳᠤᠭᠠᠨ ᠳᠤᠮᠳᠠ ᠭᠢᠯᠠᠷ ᠨᠠᠭᠠᠴᠤ ᠬᠠᠷᠠᠭᠳᠠᠬᠤ ᠪᠠᠨ ᠪᠣᠯᠢᠴᠢᠬᠠᠳᠠᠭ ᠪᠠᠢ᠌ᠵᠠᠢ᠃ ᠬᠠᠷ᠎ᠠ ᠣᠳᠤᠭ᠎ᠠ ᠳᠠᠯᠠᠷᠠᠬᠤ ᠶᠢ ᠳᠠᠭᠠᠯᠳᠤᠨ ᠦᠷᠪᠠᠢ᠌ᠵᠤ ᠪᠣᠰᠤᠭᠰᠠᠨ ᠭᠢᠯᠠᠷ ᠨᠠᠭᠠᠴᠤ ᠶᠠᠭ ᠯᠠ ᠡᠮᠦᠨᠡᠳᠤ ᠠᠹᠷᠢᠺᠠ ᠶᠢᠨ ᠬᠠᠷ᠎ᠠ ᠠᠷᠠᠰᠤᠳᠠᠨ ᠠᠳᠠᠯᠢ ᠨᠢᠳᠤ ᠰᠢᠳᠤ ᠬᠤᠶᠠᠷ ᠨᠢ ᠴᠠᠢ᠌ᠯᠵᠠᠬᠤ ᠪᠠᠷ᠂ ᠴᠢᠭᠢ ᠪᠠᠨ ᠪᠦᠭᠯᠡᠨ ᠪᠣᠭᠵᠣᠢ᠌ᠭᠰᠠᠨ ᠪᠢᠳᠠᠨ ᠤ ᠦᠶᠡᠴᠤᠤᠯ ᠡᠯᠢᠭᠡ ᠪᠠᠨ ᠭᠦᠰᠢᠳᠡᠯ᠎ᠡ ᠢᠨᠢᠶᠡᠯᠴᠡᠳᠡᠭ᠌ ᠪᠠᠢ᠌ᠭᠰᠠᠨ᠃ ᠡᠢ᠌ᠮᠤ ᠫᠣᠤ ᠶᠢ ᠮᠠᠨᠠᠢ᠌ᠭᠢᠨ 《ᠰᠠ ᠫᠣᠤ》 ᠭᠡᠳᠡᠭ᠌ ᠪᠦᠭᠡᠤᠨ ᠭᠢᠴᠠ ᠨᠢ ᠪᠦᠳᠦᠭᠦᠯᠢᠭ᠌᠂ ᠲᠦᠩᠰᠠ ᠨᠢ ᠵᠤᠵᠠᠭᠠᠨ ᠪᠠᠢ᠌ᠳᠠᠭ ᠶᠢᠡᠷ ᠡᠭᠦᠷᠭᠦ ᠳᠤ ᠭᠦᠡᠳᠤ᠂ ᠬᠣᠢ᠌ᠰᠢ ᠰᠠᠭᠤᠬᠤ ᠭᠦᠴᠤ ᠨᠢ ᠶᠡᠭᠡ ᠪᠠᠢ᠌ᠳᠠᠭ ᠶᠢᠡᠷ ᠭᠠᠭᠴᠠᠬᠦ ᠭᠢᠯᠠᠷ ᠨᠠᠭᠠᠴᠤ ᠰᠢᠭ ᠭᠦᠳᠡᠷ ᠪᠠᠶ᠎ᠠ ᠭᠦᠴᠤ ᠳᠤᠷᠪᠢᠳᠠᠢ ᠭᠦᠮᠤᠨ ᠯᠠ ᠵᠠᠷᠤᠵᠤ ᠳᠡᠢ᠌ᠯᠳᠡᠭ᠌ ᠪᠢᠯᠠ᠃ ᠡᠨᠡ ᠫᠣᠤ ᠬᠤᠯᠠ ᠳᠤᠰᠤᠯᠳᠠ ᠳᠠᠭᠠᠨ ᠮᠠᠭᠤ ᠪᠣᠯᠪᠠᠴᠤ ᠵᠠᠭᠤᠭᠠᠤᠨ ᠮᠸᠲ᠋ᠷ ᠤᠨ ᠵᠠᠢ ᠳᠤᠳᠤᠷ᠎ᠠ ᠪᠠᠨ ᠠᠯᠳᠠ ᠵᠥᠷᠢᠭᠦᠯᠦᠭᠡᠤᠨ ᠫᠣᠤᠳᠠᠪᠠᠴᠤ ᠪᠣᠳᠠᠷᠠᠵᠤ ᠳᠤᠰᠤᠭᠰᠠᠨ ᠰᠢᠷᠠᠮᠤᠨ ᠦᠷᠢᠯ ᠶᠠᠭᠠᠭᠢᠪᠠᠴᠤ ᠨᠢᠭᠡ ᠬᠤᠶᠠᠷ ᠨᠢ ᠣᠨᠤᠭᠠᠳᠠᠭ ᠪᠠᠢ᠌ᠨ᠎ᠠ᠃ ᠠᠢ᠌ᠯ ᠠᠢ᠌ᠮᠠᠭ ᠤᠨ ᠭᠢᠨ ᠤ ᠭᠡᠯᠡᠯᠴᠡᠭᠦ ᠪᠠᠷ᠂ ᠭᠢᠯᠠᠷ ᠨᠠᠭᠠᠴᠤ ᠨᠢᠭᠡ ᠣᠳᠠᠭ᠎ᠠ ᠠᠪᠠᠨ ᠳᠤ ᠭᠠᠷᠴᠤ ᠪᠣᠳᠠᠨ ᠤ ᠳᠠᠤᠯᠠᠢ ᠶᠢ ᠫᠣᠤᠳᠠᠭᠠᠤᠨ ᠣᠨᠤᠭᠠᠭᠰᠠᠨ ᠦᠭᠡᠶ ᠬᠠᠷᠢᠨ ᠳᠡᠭᠡᠭᠦᠷ ᠨᠢᠰᠦᠭ᠍ᠰᠡᠨ ᠭᠤᠷᠭᠤᠤᠯ ᠢ ᠬᠤᠶᠠᠷ ᠣᠨᠤᠭᠠᠪᠠ ᠭᠡᠨ᠎ᠡ᠃ ᠭᠢᠯᠠᠷ ᠨᠠᠭᠠᠴᠤ ᠶᠢᠨ ᠭᠦᠮᠤᠨ ᠨᠢ ᠠᠰᠪᠣᠷᠢ ᠪᠦᠭᠡᠤᠨ ᠵᠤᠵᠢᠭ ᠵᠠᠩ ᠲᠡᠶ᠂ ᠵᠡᠷᠭᠡ ᠳᠤᠰᠢᠶᠠᠯ ᠲᠦᠷᠦᠯ ᠰᠠᠳᠤᠨ ᠢᠯᠭᠠᠬᠤ ᠦᠭᠡᠶ ᠠᠳᠠᠯᠢᠬᠠᠨ ᠬᠠᠠᠳᠤᠳᠠᠭ ᠪᠣᠯᠬᠤᠷ ᠨᠢᠭᠡᠳᠦᠯ ᠡᠴᠡ ᠠᠢ᠌ᠯ ᠠᠢ᠌ᠮᠠᠭ ᠤᠨ ᠬᠠᠷᠢᠶᠠᠯ ᠢ ᠢᠳᠡᠭᠦ ᠠᠵᠢᠯ ᠪᠦᠭᠦᠨ ᠢ ᠳᠡᠭᠦᠨ ᠳᠤ ᠳᠠᠭᠠᠯᠭᠠᠳᠠᠭ ᠪᠠᠢ᠌ᠯ᠎ᠠ᠃ ᠳᠠᠷᠠ ᠦᠶ᠎ᠡ ᠶᠢᠨ ᠳᠠᠷᠢᠶᠠᠨ ᠭᠡᠷᠡᠮ ᠭᠡᠵᠢ ᠳ᠋ᠠ᠂ ᠬᠤᠶᠠᠷ ᠳᠤᠬᠤᠢ ᠭᠦᠨ ᠭᠤᠤ ᠮᠠᠯᠳᠠᠵᠤ ᠰᠢᠷᠤᠢ ᠶᠢ ᠨᠢ ᠭᠦᠪᠠᠭᠡᠨ ᠳ᠋ᠤᠨᠢ ᠣᠪᠣᠭᠠᠯᠠᠭᠰᠠᠨ ᠣᠨᠢᠭᠤᠯ ᠪᠣᠯᠬᠤᠷ ᠭᠢᠷᠢ ᠪᠠᠷᠤᠭ ᠤᠨ ᠠᠮᠢᠳᠠᠨ ᠢ ᠬᠠᠰᠢᠵᠤ ᠳᠡᠢ᠌ᠯᠳᠡᠭ᠌ ᠦᠭᠡᠶ᠃ ᠭᠡᠰᠢᠭᠦᠤᠨ ᠭᠡᠷᠪᠡ ᠬᠤᠪᠢ ᠪᠠᠷ ᠶᠢᠡᠨ ᠰᠠᠢ᠌ᠨ ᠬᠠᠰᠢᠵᠤ ᠳᠤᠳᠤᠮᠳᠠᠬᠤ ᠦᠭᠡᠶ ᠶᠤᠮ ᠪᠣᠯ ᠠᠷᠪᠠᠨ ᠭᠢᠯᠠᠷ ᠨᠠᠭᠠᠴᠤ ᠪᠠᠢ᠌ᠭᠰᠠᠨ ᠴᠤ ᠬᠠᠷᠠᠵᠤ ᠳᠡᠢ᠌ᠯᠭᠦ ᠶᠠᠭᠤᠮ᠎ᠠ ᠪᠢᠰᠢ᠃ ᠳᠡᠭᠡᠭᠦ ᠪᠠᠷ ᠨᠢᠭᠡᠳᠦᠯ ᠤᠨ ᠳᠠᠷᠤᠭ᠎ᠠ ᠡᠴᠡ ᠵᠠᠷᠯᠢᠭ ᠥᠭ᠍ᠴᠤ᠂ ᠳᠠᠷᠢᠶᠠᠨ ᠳᠤ ᠣᠷᠤᠭᠰᠠᠨ ᠮᠠᠯ ᠢ ᠰᠢᠭᠤᠳ ᠫᠣᠤᠳᠠᠨ ᠠᠯᠠᠬᠤ ᠪᠠᠷ ᠳᠤᠭᠳᠠᠭᠠᠭᠰᠠᠨ ᠪᠠᠢ᠌ᠵᠠᠢ᠃

ᠪᠢᠯᠢᠭ᠌ ᠤᠨ ᠣᠯᠠᠷᠢᠯ ᠤᠨ ᠳᠤᠯᠤᠭᠠᠨ ᠰᠠᠷ᠎ᠠ ᠣᠷᠤᠵᠤ ᠨᠠᠷᠢᠮᠤ ᠶᠢᠨ ᠳᠤᠯᠤᠭᠠᠢ ᠭᠤᠳᠣᠢ᠌ᠵᠤ ᠢᠷᠡᠭ᠍ᠰᠡᠭᠡᠷ ᠯᠠ ᠦᠨᠦ ᠵᠠᠯᠢ ᠶᠢᠨ ᠳᠤᠯᠤᠮ ᠪᠣᠯᠤᠭᠰᠠᠨ ᠮᠡᠭᠡᠵᠢ ᠶᠢ ᠬᠠᠷᠠᠵᠤ ᠬᠠᠰᠢᠬᠤ ᠳᠤ ᠭᠦᠴᠢᠷ ᠪᠣᠯᠳᠠᠭ᠃ ᠳᠠᠷᠠ ᠦᠶ᠎ᠡ ᠳᠤ ᠠᠢ᠌ᠯ ᠤᠨ ᠳᠤᠮᠳᠠ ᠭᠦᠮᠤᠨ ᠡᠴᠡ ᠦᠨᠳᠦᠷ ᠡᠷᠮ᠎ᠡ ᠨᠣᠢ᠌ᠯ ᠣᠷᠭᠤᠵᠤ ᠳᠤᠮᠳᠠ ᠨᠢ ᠣᠷᠤᠭᠰᠠᠨ ᠮᠡᠭᠡᠵᠢ ᠡᠴᠡ ᠭᠡᠳᠦᠭᠡᠨ ᠠᠯᠬᠤᠮ ᠵᠠᠢ᠌ᠳᠠᠭᠰᠠᠭᠠᠷ ᠣᠯᠵᠤ ᠥᠵᠡᠭᠦ ᠦᠭᠡᠶ ᠠᠯᠳᠠᠭᠠᠤᠨ ᠶᠠᠪᠣᠭᠤᠯᠴᠢᠬᠠᠨ᠎ᠠ᠃ ᠳᠡᠭᠡᠭᠦ ᠳᠡᠭᠡᠨ ᠳᠡᠭᠦᠨ ᠤ ᠭᠡᠳᠡᠰᠤ ᠶᠢ ᠴᠠᠤᠠᠬᠠᠬᠤ ᠶᠠᠭᠤᠮ᠎ᠠ ᠣᠯᠬᠤ ᠦᠭᠡᠶ ᠪᠣᠯᠬᠤᠷ ᠶᠠᠭ ᠬᠤᠷᠢᠭᠠᠤᠨ ᠪᠠᠢ᠌ᠵᠤ ᠪᠣᠯᠬᠤ ᠦᠭᠡᠶ᠂ ᠥᠪᠠᠷᠳᠡᠭᠡᠨ ᠡᠪᠠᠰᠤ ᠨᠣᠢ᠌ᠯ ᠳᠡᠭᠦᠵᠤ ᠢᠳᠡᠭᠦ ᠶᠢ ᠳᠦᠰᠢᠭ᠌ᠯᠡᠳᠡᠭ᠌ ᠪᠠᠢ᠌ᠨ᠎ᠠ᠃ ᠳᠡᠭᠡᠭᠦ ᠳᠤ ᠪᠢ ᠮᠡᠭᠡᠵᠢ ᠪᠠᠨ ᠰᠤᠷᠭᠠᠭᠤᠯᠢ ᠶᠢᠨ ᠭᠦᠷᠢᠶᠡᠨ ᠡᠴᠡ ᠣᠢ᠌ᠷ᠎ᠠ ᠬᠠᠰᠢᠬᠤ ᠳᠤᠷᠠᠳᠠᠢ ᠪᠠᠢ᠌ᠵᠤ᠂ ᠭᠢᠴᠢᠶᠠᠯ ᠤᠨ ᠭᠡᠷ ᠡᠴᠡ ᠴᠤᠤᠷᠢᠶᠠᠯᠠᠬᠤ ᠪᠠᠭᠰᠢ ᠶᠢᠨ ᠢᠷᠠᠭᠤ ᠳᠤᠳᠤ ᠣᠩᠰᠢᠯᠭ᠎ᠠ ᠨᠢ ᠮᠢᠨᠤ ᠰᠥᠭ᠌ ᠰᠦᠨᠠᠰᠤ ᠶᠢ ᠳᠠᠳᠠᠭᠠᠤᠨ ᠪᠠᠢ᠌ᠳᠠᠭ᠃ ᠡᠭᠦᠨ ᠢ ᠴᠢᠩᠨᠠᠵᠤ ᠪᠠᠢ᠌ᠭᠠᠤᠨ ᠠᠮᠳᠠᠨ ᠳ᠋ᠤᠨᠢ ᠣᠷᠤᠭᠠᠤᠨ ᠬᠠᠷᠠᠵᠤ ᠪᠠᠢ᠌ᠭᠰᠠᠨ ᠮᠡᠭᠡᠵᠢ ᠪᠠᠨ ᠶ‍ᠢᠰᠤᠨ ᠳᠡᠭ᠍ᠷᠢ ᠶᠢᠨ ᠴᠠᠭᠠᠨ᠎ᠠ ᠮᠠᠷᠳᠠᠭᠠᠤᠨ ᠣᠷᠭᠢᠳᠠᠭ ᠪᠠᠢ᠌ᠨ᠎ᠠ᠃ ᠢᠩᠭᠢᠵᠤ ᠪᠠᠢ᠌ᠳᠠᠯ᠎ᠠ ᠳᠠᠷᠢᠶᠠᠨ ᠳᠤᠮᠳᠠ ᠭᠠᠬᠠᠢ ᠳᠤᠭᠤᠬᠤ ᠥᠢᠮᠡᠭᠡᠨ ᠭᠠᠷᠬᠤ ᠦᠶ᠎ᠡ ᠳᠤ ᠰᠠ‍‌ᠶᠢ ᠰᠡᠭᠡᠰᠭᠢᠵᠤ ᠮᠡᠭᠡᠵᠢ ᠪᠠᠨ ᠡᠷᠢᠭᠡᠤᠨ ᠰᠣᠢ᠌ᠤᠨ ᠪᠣᠯᠤᠨ᠎ᠠ᠃ ᠮᠠᠨ ᠤ ᠳᠠᠷᠠ ᠮᠡᠭᠡᠵᠢ ᠶᠢᠨ ᠵᠠᠯᠢ ᠭᠡᠵᠤ ᠰᠥᠷᠡᠭᠡᠢ ᠶᠠᠭᠤᠮ᠎ᠠ ᠪᠠᠢ᠌ᠵᠤ᠂ ᠴᠢ ᠬᠠᠵᠠᠭᠤᠳᠠ ᠨᠢ ᠪᠦᠯᠳᠡᠢ᠌ᠳᠡᠯ᠎ᠡ ᠬᠠᠷᠠᠵᠤ ᠪᠠᠢ᠌ᠪᠠᠯ ᠳᠠᠷᠠ ᠬᠠᠷᠢᠨ ᠭᠡᠪᠳᠡᠭᠡᠤᠨ ᠬᠤᠷᠭᠢᠷᠠᠵᠤ ᠭᠠᠷᠤᠨ᠎ᠠ᠃ ᠭᠡᠦᠭᠡᠤᠨ ᠦᠶ᠎ᠡ ᠪᠣᠯᠬᠤᠷ ᠨᠠᠭᠠᠳᠤᠮ ᠳᠠᠭᠠᠨ ᠰᠢᠨᠤᠵᠤ ᠪᠠᠭ᠎ᠠ ᠯᠠ ᠪᠠᠶ᠎ᠠ ᠡᠷᠭᠢᠭᠦ ᠶᠢ ᠠᠯᠳᠠᠯ ᠦᠭᠡᠶ ᠦᠯᠦᠩ ᠰᠢᠷᠭᠤᠭᠠᠤᠨ ᠳᠤᠳᠠᠭᠠᠬᠤ ᠪᠦᠭᠡᠤᠨ᠂ ᠰᠢᠭᠤᠳ ᠳᠠᠷᠢᠶᠠᠨ ᠵᠥᠭ᠌ ᠠᠰᠯᠠᠵᠤ ᠶᠠᠪᠣᠬᠤ ᠦᠭᠡᠶ ᠬᠠᠷᠢᠨ ᠳᠤᠭᠤᠷᠢᠭᠤ ᠪᠠᠷ ᠳᠠᠷᠢᠶᠠᠨ ᠳᠤ ᠣᠷᠤᠳᠠᠭ ᠪᠠᠢ᠌ᠯ᠎ᠠ᠃ ᠭᠢᠯᠠᠷ ᠨᠠᠭᠠᠴᠤ ᠴᠤ ᠮᠢᠨᠤ ᠣᠠᠴᠠᠯᠢᠭ ᠢ ᠮᠠᠳᠠᠵᠤ᠂ ᠨᠠᠮᠢ᠋ᠢ ᠮᠡᠭᠡᠵᠢ ᠪᠠᠨ ᠡᠷᠢᠭᠡᠤᠨ ᠪᠠᠴᠢᠮᠳᠠᠬᠤ ᠪᠦᠷᠢ ᠰᠢᠭᠤᠳ ᠳᠠᠷᠢᠶᠠᠨ ᠳᠤᠮᠳᠠᠭᠤᠷ ᠰᠦᠯᠵᠢᠨ ᠭᠦᠶ‍ᠦᠵᠤ᠂ ᠦᠨᠦ ᠰᠠ ᠫᠣᠤ ᠪᠠᠨ ᠨᠦᠷᠭᠢᠷᠠᠳᠠᠯ᠎ᠠ ᠳᠤᠤᠭᠠᠷᠭᠠᠵᠤ ᠭᠠᠷᠤᠨ᠎ᠠ᠃ ᠫᠣᠤ ᠶᠢᠨ ᠳᠠᠭᠤᠨ ᠰᠤᠨᠤᠰᠤᠭᠰᠠᠭᠠᠷ ᠯᠠ ᠪᠢ ᠭᠦᠶ‍ᠦᠭ᠍ᠰᠡᠨ ᠣᠷᠤᠨ ᠳᠠᠭᠠᠨ ᠯᠠᠭ‍ᠭᠢᠨ ᠰᠠᠭᠤᠵᠤ᠂ ᠭᠡᠵᠢᠭᠡ ᠪᠠᠨ ᠪᠠᠵᠠᠯᠭᠢᠯᠠᠨ᠄

《ᠣᠳᠤ ᠪᠠᠷᠠᠵᠠᠢ᠂ ᠮᠠᠨ ᠤ ᠭᠡᠷ ᠤᠨ ᠪᠢᠴᠢᠬᠠᠨ 〈ᠪᠠᠩᠭᠢ〉 ᠨᠤᠷᠠᠴᠢᠬᠠᠵᠠᠢ》 ᠭᠡᠵᠤ ᠭᠠᠴᠢᠭᠳᠠᠨ ᠣᠭᠢᠯᠠᠳᠠᠭ ᠪᠢᠯᠠ᠃ ᠢᠩᠭᠢᠵᠤ ᠡᠭᠡᠷᠡᠵᠤ ᠭᠦᠰᠢᠳᠡᠯ᠎ᠡ ᠪᠠᠨ ᠣᠭᠢᠯᠠᠭᠠᠤᠨ ᠡᠴᠢᠭᠡ ᠡᠭᠡ ᠳᠡᠭᠡᠨ ᠵᠢᠮᠯᠡᠭ᠍ᠳᠡᠭᠦ ᠡᠴᠡ ᠪᠠᠨ ᠠᠶᠤᠭᠠᠤᠨ ᠭᠡᠷ ᠲᠡᠭᠡᠨ ᠬᠠᠷᠢᠬᠤ ᠦᠭᠡᠶ᠂ ᠦᠯᠦᠩ ᠤᠨ ᠳᠤᠮᠳᠠᠭᠤᠷ ᠨᠢᠳᠤ ᠪᠠᠨ ᠨᠤᠬᠤᠯᠠᠨ ᠭᠡᠯᠳᠦᠷᠭᠢᠯᠡᠵᠤ ᠶᠠᠪᠣᠳᠠᠯ᠎ᠠ ᠭᠡᠳᠡᠰᠤ ᠪᠠᠨ ᠳᠦᠭ᠍ᠳᠥᠢ᠌ᠳᠡᠯ᠎ᠡ ᠢᠳᠡᠭ᠍ᠰᠡᠨ ᠮᠡᠭᠡᠵᠢ ᠮᠢᠨᠢ ᠬᠠᠵᠠᠭᠤᠳᠠ ᠢᠷᠡᠭᠡᠤᠨ᠂ ᠭᠠᠬᠠᠢ ᠪᠣᠯᠤᠭᠰᠠᠨ ᠡᠴᠡ ᠠᠪᠣᠭᠠᠤᠨ ᠳᠦᠷᠦᠭᠦᠤ ᠣᠳᠠᠭ᠎ᠠ ᠭᠡᠳᠡᠰᠤ ᠭᠠᠷᠤᠯ᠎ᠠ ᠭᠡᠰᠡᠨ ᠪᠠᠢ᠌ᠷᠢ ᠲᠡᠶ ᠬᠤᠩᠰᠢᠶᠠᠷ ᠶᠢᠡᠨ ᠡᠷᠳᠡᠢ᠌ᠯᠭᠡᠨ 《ᠬᠤᠷ᠂ ᠬᠠᠷ》 ᠳᠤᠤᠭᠠᠷᠤᠨ᠎ᠠ᠃ ᠢᠩᠭᠢᠪᠠᠯ ᠮᠢᠨᠤ ᠭᠠᠴᠢᠭᠳᠠᠯ ᠳᠤᠤᠷ᠎ᠠ ᠪᠠᠨ ᠪᠠᠶᠠᠰᠤᠯ ᠶᠢᠡᠷ ᠰᠤᠯᠢᠭᠳᠠᠵᠤ᠂ ᠮᠡᠭᠡᠵᠢ ᠪᠠᠨ ᠬᠠᠰᠢᠵᠤ ᠭᠡᠷ ᠥᠭᠡᠳᠡ ᠪᠠᠨ ᠭᠣᠢ᠌ᠭᠤᠷᠠᠳᠠᠭ ᠪᠠᠢ᠌ᠪᠠ᠃

ᠰᠡᠭᠦᠯᠳᠡᠵᠤ ᠢᠷᠡᠭᠡᠤᠨ ᠪᠢ ᠣᠬᠠᠭᠠᠨ ᠰᠤᠷᠴᠤ᠂ ᠮᠡᠭᠡᠵᠢ ᠪᠠᠨ ᠠᠯᠳᠠᠭᠠᠤᠨ ᠶᠠᠪᠣᠭᠤᠯᠬᠤ ᠪᠦᠷᠢ ᠶᠠᠮᠠᠷᠴᠤ ᠭᠡᠷᠡᠭ᠌ ᠭᠠᠷᠤᠭᠰᠠᠨ ᠦᠭᠡᠶ ᠪᠠᠷ ᠣᠪᠯᠠᠵᠤ᠂ ᠭᠢᠯᠠᠷ ᠨᠠᠭᠠᠴᠤ ᠶᠢᠨ ᠡᠮᠦᠨ᠎ᠡ ᠭᠠᠬᠠᠢ ᠪᠠᠨ ᠬᠠᠰᠢᠵᠤ ᠪᠠᠢ᠌ᠬᠤ ᠪᠠᠷ ᠣᠪᠯᠠᠨ᠎ᠠ᠃ ᠢᠩᠭᠢᠪᠠᠯ ᠭᠢᠯᠠᠷ ᠨᠠᠭᠠᠴᠤ ᠰᠠᠨᠠᠭ᠎ᠠ ᠠᠮᠤᠷᠴᠤ ᠳᠠᠷᠢᠶᠠᠨ ᠵᠠᠬ᠎ᠠ ᠳ᠋ᠠᠭᠢ ᠡᠪᠠᠰᠤᠨ ᠣᠪᠣᠬᠠᠢ ᠳᠠᠭᠠᠨ ᠰᠢᠷᠭᠤᠭᠠᠤᠨ ᠨᠠᠪᠴᠢᠨ ᠳᠠᠮᠠᠭᠢ ᠪᠠᠨ ᠪᠠᠭᠯᠠᠭᠠᠤᠨ ᠣᠩᠰᠠᠭᠠᠵᠤ ᠭᠠᠷᠤᠨ᠎ᠠ᠃ ᠳᠠᠮᠠᠢ ᠭᠡᠳᠤᠨ ᠣᠳᠠᠭ᠎ᠠ ᠪᠣᠯᠤᠯ ᠦᠭᠡᠶ ᠮᠢᠨᠤ ᠡᠨᠡ ᠨᠢᠭᠤᠴᠠ ᠰᠡᠷᠡᠭ᠍ᠳᠡᠵᠤ᠂ ᠭᠢᠯᠠᠷ ᠨᠠᠭᠠᠴᠤ ᠨᠢᠳᠤ ᠥᠵᠦᠭᠦᠷᠯᠡᠨ ᠬᠤᠶᠠᠷ ᠳᠣᠢ᠌ᠯ ᠢ ᠰᠢᠷᠳᠡᠭᠡᠤᠨ᠄

《ᠴᠢ ᠮᠡᠭᠡᠵᠢ ᠪᠠᠨ ᠰᠠᠢ᠌ᠨ ᠬᠠᠷᠠᠬᠤ ᠦᠭᠡᠶ ᠳᠠᠭᠢᠵᠤ ᠳᠠᠷᠢᠶᠠᠨ ᠳᠤ ᠣᠷᠤᠭᠤᠯᠤᠭᠰᠠᠭᠠᠷ ᠪᠢ ᠯᠠᠪ ᠫᠣᠤᠳᠠᠵᠤ ᠠᠯᠠᠨ᠎ᠠ︕》 ᠭᠡᠵᠤ ᠠᠭᠰᠤᠷᠴᠤ ᠭᠠᠷᠴᠠᠢ᠃ ᠪᠢ ᠠᠮᠠᠨ ᠳᠡᠭᠡᠷ᠎ᠡ ᠪᠠᠨ ᠪᠠᠷᠳᠠᠮ ᠭᠦᠯᠢᠶᠡᠵᠤ ᠠᠪᠣᠭᠰᠠᠨ ᠴᠤ ᠳᠤᠳᠤᠷ᠎ᠠ ᠪᠠᠨ ᠦᠯᠦ ᠳᠤᠭᠤᠮᠰᠤᠷᠯᠠᠵᠤ 《ᠮᠢᠨᠤ ᠮᠡᠭᠡᠵᠢ ᠵᠠᠯᠢ ᠶᠢᠨ ᠳᠤᠯᠤᠮ ᠰᠢᠤ᠂ ᠴᠢᠨᠤ ᠣᠨᠤᠴᠠ ᠪᠠᠷ ᠯᠠᠪ ᠭᠤᠷᠢ ᠦᠭᠡᠶ》 ᠭᠡᠵᠤ ᠪᠣᠳᠤᠵᠤ ᠠᠮᠵᠢᠭᠰᠠᠨ ᠪᠢᠯᠠ᠃ ᠳᠤᠰ ᠵᠢᠯ ᠤᠨ ᠨᠠᠮᠤᠷ ᠨᠢ ᠠᠢ᠌ᠯ ᠤᠨ ᠳᠠᠪᠤᠨ ᠭᠠᠬᠠᠢ ᠫᠣᠤᠳᠠᠭᠳᠠᠨ ᠥᠭᠦᠭ᠍ᠰᠡᠨ ᠪᠣᠯᠪᠠᠴᠤ ᠮᠠᠨ ᠤ ᠮᠡᠭᠡᠵᠢ ᠵᠤᠯ ᠶᠢᠡᠷ ᠠᠮᠢ ᠮᠤᠯᠳᠠᠷᠠᠵᠤ ᠡᠪᠦᠯ ᠤᠨ ᠡᠭᠢ ᠪᠠᠷ ᠠᠷᠪᠠ ᠳᠤᠷᠣᠢ᠌ᠯᠠᠵᠤ ᠮᠠᠨ ᠤ ᠠᠬ᠎ᠠ ᠳᠡᠭᠦᠤ ᠵᠢᠷᠭᠤᠭᠠᠭᠤᠯᠠ ᠶᠢ ᠵᠤᠵᠠᠭᠠᠯᠠᠬᠤ ᠬᠤᠪᠴᠠᠰᠤ ᠲᠡᠶ᠂ ᠠᠮᠢ ᠵᠠᠯᠭᠠᠬᠤ ᠭᠦᠨᠡᠰᠤ ᠲᠡᠶ ᠣᠨ ᠳᠤ ᠣᠷᠤᠭᠤᠯᠤᠭᠰᠠᠨ ᠪᠠᠢ᠌ᠨ᠎ᠠ᠃

ᠭᠡᠴᠦᠨᠡᠨ ᠵᠢᠯ ᠤᠨ ᠰᠡᠭᠦᠯᠡᠷ ᠡᠷᠭᠢᠴᠡᠭᠦᠯᠤᠨ ᠪᠣᠳᠤᠵᠤ ᠥᠵᠡᠭᠦᠯ᠎ᠡ᠂ ᠮᠡᠭᠡᠵᠢ ᠮᠢᠨᠢ ᠶᠠᠮᠠᠷ ᠵᠡᠷᠭᠡ ᠮᠡᠭᠡᠳᠡᠢ ᠪᠠᠢ᠌ᠯ᠎ᠠ ᠴᠤ ᠭᠡᠷ ᠤᠨ ᠳᠡᠵᠢᠭᠡᠪᠦᠷᠢ ᠳᠠᠳᠤᠢ᠂ ᠵᠡᠷᠯᠢᠭ᠌ ᠪᠣᠳᠤᠩ ᠢ ᠴᠤ ᠳᠤᠩᠭ᠋ᠣᠢ᠌ᠯᠭᠠᠵᠤ ᠪᠠᠢ᠌ᠭᠰᠠᠨ ᠭᠢᠯᠠᠷ ᠨᠠᠭᠠᠴᠤ ᠳᠤ ᠮᠠᠭᠤ ᠮᠡᠭᠡᠵᠢ ᠶᠢ ᠬᠤᠷᠤᠭᠠᠬᠤ ᠮᠡᠭᠡ ᠭᠦᠷᠦᠯᠴᠡᠭᠡ ᠲᠡᠶ ᠪᠠᠢ᠌ᠭᠰᠠᠨ ᠨᠢ ᠮᠠᠷᠭᠤᠰᠢ ᠦᠭᠡᠶ᠃ ᠳᠠᠷᠠ ᠭᠢᠷᠢ ᠵᠡᠷᠭᠡ ᠡᠳᠡᠭᠡᠤᠨ ᠵᠤᠵᠢᠭ ᠪᠠᠢ᠌ᠯ᠎ᠠ ᠴᠤ ᠦᠷᠦᠴᠠᠨ ᠳ᠋ᠤᠨᠢ ᠶᠠᠳᠠᠭᠤ ᠵᠥᠳᠡᠭᠦᠤ ᠶᠢ ᠭᠦᠭᠡᠷᠦᠭᠦᠢᠯᠡᠭᠦ ᠦᠷᠦᠪᠴᠢ ᠰᠠᠤᠠᠭᠢᠯ ᠥᠷᠭᠦᠯᠵᠢ ᠭᠢᠯᠠᠰᠴᠤ ᠪᠠᠢ᠌ᠳᠠᠭ ᠤᠨ ᠠᠴᠢ ᠪᠠᠷ ᠮᠠᠭᠤ ᠮᠡᠭᠡᠵᠢ ᠮᠢᠨᠢ ᠬᠤᠷᠤᠭᠤᠨ ᠵᠠᠪᠰᠠᠷ ᠶᠢᠡᠷ ᠨᠢ ᠭᠤᠭᠤᠵᠢᠭᠳᠠᠨ ᠠᠮᠢ ᠮᠤᠯᠳᠠᠷᠠᠭᠰᠠᠨ ᠢ ᠣᠬᠠᠭᠠᠷᠠᠵᠠᠢ᠃

ᠳᠤᠬᠠᠢ ᠶᠢᠨ ᠵᠢᠯ ᠨᠢᠭᠡ ᠠᠢ᠌ᠯ ᠢ ᠨᠢᠭᠡᠳᠦᠯ ᠭᠡᠵᠤ᠂ ᠨᠢᠭᠡ ᠨᠢᠭᠡᠳᠦᠯ ᠶᠢᠡᠨ ᠭᠡᠳᠤᠨ ᠪᠠᠭ᠎ᠠ ᠪᠠᠷᠢᠭᠠᠳᠠ ᠬᠤᠪᠢᠶᠠᠵᠤ᠂ ᠪᠠᠭ᠎ᠠ ᠪᠠᠷᠢᠭᠠᠳᠠ ᠪᠠᠷ ᠳᠠᠰᠤᠯᠠᠨ ᠪᠣᠳᠤᠬᠤ ᠨᠢᠭᠡᠴᠡ ᠪᠣᠯᠭᠠᠨ ᠠᠵᠤ ᠠᠬᠤᠢ ᠶᠢᠨ ᠳᠤᠭᠤᠴᠠᠭ᠎ᠠ ᠭᠢᠳᠡᠭ᠌ ᠪᠠᠢ᠌ᠪᠠ᠃ ᠳᠡᠭᠡᠭᠦ ᠳᠡᠭᠡᠨ ᠰᠠᠷ᠎ᠠ ᠪᠦᠷᠢ ᠶᠢᠨ ᠡᠭᠢᠨ ᠳᠤ ᠪᠠᠷᠢᠭᠠᠳᠠ ᠶᠢᠨ ᠳᠠᠷᠤᠭ᠎ᠠ ᠡᠴᠡ ᠵᠤᠭᠤᠰ ᠡᠷᠭᠢᠴᠡᠭᠦᠯᠵᠤ ᠢᠷᠡᠭᠡᠤᠨ ᠳᠦᠷᠪᠡ ᠭᠦᠯᠦᠭ᠍ᠰᠡᠨ ᠮᠤᠷᠢᠨ ᠳᠡᠷᠭᠡ ᠪᠠᠷ ᠭᠤᠴᠢᠨ ᠭᠠᠵᠠᠷ ᠤᠨ ᠠᠯᠤᠰ ᠳ᠋ᠠᠭᠢ ᠰᠤᠮᠤᠨ ᠤ ᠠᠮᠤ ᠪᠣᠳᠠᠭᠠᠨ ᠤ ᠥᠷᠳᠡᠭᠡ ᠡᠴᠡ ᠰᠠᠷ᠎ᠠ ᠶᠢᠨ ᠭᠦᠨᠡᠰᠤ ᠪᠠᠨ ᠵᠠᠯᠠᠵᠤ ᠪᠠᠢ᠌ᠵᠠᠢ᠃ ᠳᠠᠷᠠ ᠵᠢᠯ ᠤᠨ ᠨᠠᠮᠤᠷ᠂ ᠡᠷᠳᠡᠨᠢ ᠰᠢᠰᠢ ᠰᠠ‍‌ᠶᠢ ᠣᠰᠤᠨ ᠪᠣᠳᠠᠭ᠎ᠠ ᠣᠷᠤᠵᠤ ᠪᠠᠢ᠌ᠬᠤ ᠳᠤ᠂ ᠰᠠᠷ᠎ᠠ ᠬᠠᠭᠠᠰ ᠥᠩᠭᠡᠷᠡᠳᠡᠯ᠎ᠡ ᠰᠠᠷ᠎ᠠ ᠶᠢᠨ ᠭᠦᠨᠡᠰᠤ ᠪᠠᠨ ᠵᠠᠯᠠᠬᠤ ᠵᠤᠭᠤᠰ ᠡᠷᠭᠢᠴᠡᠭᠦᠯᠵᠤ ᠣᠯᠬᠤ ᠦᠭᠡᠶ ᠪᠠᠷᠢᠭᠠᠳᠠ ᠶᠢᠨ ᠳᠠᠷᠤᠭ᠎ᠠ ᠰᠠᠠᠳᠤᠷᠬᠤ ᠳᠠᠭᠠᠨ ᠭᠡᠰᠢᠭᠦᠤᠨ ᠤᠨ ᠭᠦᠮᠤᠨ ᠪᠦᠷᠢ ᠳᠤ ᠬᠤᠶᠠᠷ ᠵᠤᠷᠬ᠎ᠠ (ᠱᠠᠩ)ᠣᠷᠭᠤᠭ᠎ᠠ ᠡᠷᠳᠡᠨᠢ ᠰᠢᠰᠢ ᠬᠤᠪᠢᠶᠠᠵᠤ ᠥᠭ᠍ᠴᠡᠢ᠃ ᠪᠢᠳᠠ ᠦᠨᠦ ᠡᠷᠳᠡᠨᠢ ᠰᠢᠰᠢ ᠶᠢ ᠪᠣᠯᠭᠤᠯᠤᠨ ᠠᠪᠴᠢᠷᠠᠵᠤ ᠴᠢᠨᠠᠭᠠᠤᠨ ᠡᠳᠦᠷ ᠤᠨ ᠭᠤᠷᠪᠠᠨ ᠴᠠᠭ ᠤᠨ ᠭᠦᠨᠡᠰᠤ ᠪᠣᠯᠭᠠᠵᠤ ᠪᠢᠯᠠ᠃ ᠪᠢ ᠳᠠᠷᠠ ᠦᠶ᠎ᠡ ᠳᠤ ᠰᠠ‍‌ᠶᠢ ᠭᠦᠮᠤᠨ ᠭᠡᠭ᠍ᠴᠢ ᠠᠮᠢᠳᠠᠨ ᠤ ᠰᠢᠩᠭᠡᠭᠦ ᠡᠷᠭᠡᠳᠡᠨ ᠨᠤᠬᠠᠢ ᠶᠢ ᠴᠤ ᠭᠦᠷᠭᠦ ᠦᠭᠡᠶ ᠠᠳᠠᠭ ᠮᠠᠭᠤ ᠳᠦᠷᠦᠭ᠍ᠰᠡᠨ ᠢ ᠣᠯᠵᠤ ᠮᠠᠳᠠᠯ᠎ᠠ᠃ ᠭᠠᠳᠠᠭᠠᠯᠠᠬᠤ ᠦᠶᠡᠰ 《ᠫᠦᠷ︕》 ᠭᠡᠵᠤ ᠳᠤᠤᠭᠠᠷᠬᠤ ᠶᠢ ᠳᠠᠭᠠᠯᠳᠤᠨ ᠡᠳᠦᠷ ᠤᠨ ᠭᠡᠮᠡᠯᠢᠵᠤ ᠪᠠᠢ᠌ᠭᠰᠠᠨ ᠡᠷᠳᠡᠨᠢ ᠰᠢᠰᠢ ᠪᠠᠨ ᠪᠦᠳᠤᠨ ᠮᠥᠭᠦᠯᠢᠭ᠌ ᠶᠢᠡᠷ ᠨᠢ 《ᠰᠠ ᠫᠣᠤ》 ᠠᠳᠠᠯᠢ ᠰᠦᠷᠴᠢᠵᠤ ᠣᠷᠭᠢᠳᠠᠭ ᠶᠤᠮ ᠪᠠᠢ᠌ᠨ᠎ᠠ᠃ ᠨᠤᠬᠠᠢ ᠶᠠᠰᠤ ᠢᠳᠡᠭᠡᠤᠨ ᠪᠠᠰᠠ ᠰᠢᠩᠭᠡᠭᠡᠵᠤ ᠳᠡᠢ᠌ᠯᠭᠦ ᠪᠠᠢ᠌ᠳᠠᠯ᠎ᠠ ᠭᠦᠮᠤᠨ ᠬᠠᠷᠢᠨ ᠵᠦᠪ ᠵᠥᠭᠡᠯᠡᠨ ᠴᠢᠨᠠᠭᠰᠠᠨ ᠡᠷᠳᠡᠨᠢ ᠰᠢᠰᠢ ᠶᠢ ᠴᠤ ᠭᠡᠮᠭᠡᠯᠡᠵᠤ ᠳᠡᠢ᠌ᠯᠭᠦ ᠦᠭᠡᠶ ᠬᠤᠳᠤᠭᠠᠳᠤ ᠪᠠᠷ ᠰᠢᠮ᠎ᠠ ᠳᠡᠵᠢᠭᠡᠯ ᠢ ᠨᠢ ᠶᠠᠭᠤᠨᠠᠢ ᠪᠣᠯᠪᠠᠰᠤᠷᠠᠭᠤᠯᠤᠨ ᠠᠪᠴᠤ ᠳᠡᠢ᠌ᠯᠭᠦ ᠪᠢᠯᠠ︕ ᠵᠥᠪᠭᠡᠨ ᠦᠯᠪᠠᠷᠴᠤ ᠥᠭᠦᠭᠦ ᠦᠭᠡᠶ ᠪᠠᠷ ᠠᠮᠢ ᠵᠤᠯᠪᠠᠵᠤ ᠪᠠᠢ᠌ᠭ᠎ᠠ ᠯᠠ ᠳᠠᠳᠤᠢ᠃ ᠴᠢᠨᠠᠭᠰᠠᠨ ᠡᠷᠳᠡᠨᠢ ᠰᠢᠰᠢ ᠭᠡᠭ᠍ᠴᠢ ᠶᠠᠭᠤᠮ᠎ᠠ ᠣᠷᠳᠤ ᠬᠤᠭᠤᠴᠠᠭ᠎ᠠ ᠢᠳᠡᠭᠦ ᠦᠭᠡᠶ ᠪᠠᠢ᠌ᠭᠠᠤᠨ ᠬᠠᠶᠠ ᠨᠢᠭᠡ ᠢᠳᠠᠪᠠᠯ ᠪᠣᠯᠤᠮᠠᠷ ᠰᠢᠭ ᠪᠣᠯᠪᠠᠴᠤ᠂ ᠡᠳᠦᠷ ᠤᠨ ᠭᠤᠷᠪᠠᠨ ᠴᠠᠭ ᠭᠦᠨᠡᠰᠤ ᠭᠢᠭ᠍ᠰᠡᠭᠡᠷ ᠴᠤᠬᠤᠮ ᠨᠢᠭᠡ ᠣᠯᠢᠭ ᠦᠭᠡᠶ ᠶᠠᠭᠤᠮ᠎ᠠ ᠭᠡᠵᠤ ᠮᠠᠳᠠ᠂ ᠰᠡᠭᠦᠯᠳᠡᠵᠤ ᠢᠷᠡᠭ᠍ᠰᠡᠭᠡᠷ ᠬᠠᠷᠠᠬᠤ ᠴᠤ ᠳᠤᠷ᠎ᠠ ᠦᠭᠡᠶ ᠪᠣᠯᠴᠢᠬᠠᠨ᠎ᠠ᠃ ᠲᠡᠭᠡᠬᠦᠯᠡᠷ ᠥᠭᠡᠷ᠎ᠡ ᠢᠳᠡᠭᠦ ᠶᠠᠭᠤᠮ᠎ᠠ ᠦᠭᠡᠶ ᠶᠤᠮ ᠴᠢᠨᠢ ᠠᠯᠪᠠ ᠪᠠᠷ ᠦᠨᠦᠭᠢ ᠪᠠᠨ ᠭᠡᠮᠡᠯᠢᠭᠦ ᠯᠠ ᠪᠢᠵᠠ︕

ᠳᠠᠷᠠ ᠨᠠᠮᠤᠷ᠂ ᠦᠯᠦᠩ ᠰᠢᠷᠭᠤᠨ ᠥᠭᠦᠳᠡᠯ᠎ᠡ ᠭᠦᠶ‍ᠦᠵᠤ ᠮᠡᠭᠡᠵᠢ ᠬᠠᠷᠢᠭᠤᠯᠳᠠᠭ ᠨᠠᠮᠢ᠋ᠢ ᠵᠢᠷᠭᠠᠯ ᠤᠨ ᠳᠡᠭ᠍ᠷᠢ ᠢᠪᠠᠭᠡᠵᠤ᠂ ᠳᠠᠷᠢᠶᠠᠨ ᠳᠤ ᠣᠷᠤᠨ᠎ᠠ ᠭᠡᠤᠨ ᠠᠶᠤᠯᠭᠠᠭᠠᠤᠨ ᠪᠠᠢ᠌ᠳᠠᠭ ᠮᠡᠭᠡᠵᠢ ᠮᠢᠨᠢ ᠬᠤᠯᠠ ᠶᠠᠪᠣᠬᠤ ᠪᠠᠨ ᠪᠣᠯᠢᠭᠠᠤᠨ ᠭᠡᠷᠡᠮ ᠤᠨ ᠢᠷᠤᠭᠤᠷ ᠳᠠᠭᠠᠭᠠᠤᠨ ᠪᠠᠯᠠᠨ ᠡᠷᠳᠡᠨᠢ ᠰᠢᠰᠢᠨ ᠮᠥᠭᠦᠯᠢᠭ᠌ ᠳᠡᠭᠦᠵᠤ ᠢᠳᠡᠭ᠍ᠰᠡᠭᠡᠷ ᠪᠠᠢ᠌ᠵᠤ ᠭᠦᠢᠴᠡᠳ ᠳᠠᠷᠭᠤ ᠭᠦᠴᠤ ᠠᠪᠣᠭᠠᠤᠨ᠂ ᠡᠪᠦᠯ ᠨᠢ ᠪᠠᠰᠠ ᠨᠢᠭᠡ ᠡᠭᠦᠷ ᠳᠤᠷᠤᠢ ᠪᠠᠨ ᠲᠦᠷᠦᠵᠤ ᠳᠤᠷᠨᠢᠭᠤᠯᠤᠭᠰᠠᠨ ᠪᠠᠢ᠌ᠵᠠᠢ᠃

ᠦᠨᠦᠳᠤᠷ ᠪᠢ ᠦᠯᠦᠩ ᠡᠪᠠᠰᠤ ᠵᠤᠵᠠᠭᠠᠨ ᠭᠠᠵᠠᠷ ᠶᠢᠡᠷ ᠶᠠᠪᠣᠬᠤ ᠪᠦᠷᠢ ᠰᠤᠷᠭᠠᠭᠤᠯᠢ ᠶᠢᠨ ᠭᠦᠷᠢᠶᠡᠨ ᠤ ᠢᠷᠠᠭᠤ ᠣᠩᠰᠢᠯᠭ᠎ᠠ ᠬᠠᠩᠭᠢᠨᠠᠵᠤ ᠰᠤᠨᠤᠰᠳᠠᠬᠤ ᠳᠦᠷᠦᠭ᠍ᠳᠡᠯ ᠣᠷᠤᠬᠤ ᠪᠠᠷ ᠪᠠᠷᠠᠬᠤ ᠦᠭᠡᠶ᠂ ᠵᠡᠭᠡᠯᠢ ᠪᠠᠷ ᠬᠤᠳᠠᠯᠳᠤᠵᠤ ᠪᠦᠭᠦᠢ ᠭᠠᠪᠠᠨ ᠰᠢᠷ᠎ᠠ ᠡᠷᠳᠡᠨᠢ ᠰᠢᠰᠢ ᠶᠢ ᠬᠠᠷᠠᠬᠤ ᠪᠦᠷᠢ ᠪᠣᠯᠵᠤᠯᠳᠤ ᠣᠢ᠌ᠯᠳᠠ ᠡᠭᠦᠰᠴᠤ ᠬᠤᠳᠤᠭᠠᠳᠤ ᠳᠤᠷᠪᠠᠯᠵᠠᠨ ᠰᠢᠷ᠎ᠠ ᠬᠤᠰᠤᠭᠠᠤᠨ᠂ ᠦᠨᠦ ᠰᠦᠷᠴᠢᠨ ᠫᠣᠤᠳᠠᠳᠠᠭ 《ᠰᠠ ᠫᠣᠤ》 ᠶᠢ ᠡᠷᠭᠡ ᠦᠭᠡᠶ ᠰᠠᠨᠠᠭᠳᠠᠭᠤᠯᠤᠨ᠎ᠠ᠃

ᠵᠤᠬᠢᠶᠠᠭᠴᠢ᠄ ᠨᠣ᠋·ᠪᠠᠭᠠᠳᠤᠷ
ᠳᠠᠷᠤᠮ᠄ 5859
ᠴᠠᠭ᠄ 2009 ᠤᠨ ᠤ 04 ᠰᠠᠷ᠎ᠠ ᠶᠢᠨ 29

ᠡᠮᠦᠨᠡᠬᠢ   ᠳᠠᠷᠠᠭᠠᠬᠢ

ᠰᠢᠭᠦᠮᠵᠢ ᠪᠢᠴᠢᠬᠦ
ᠨᠡᠪᠲᠡᠷᠡᠨ ᠤᠷᠤᠭᠠᠷᠠᠢ᠃
ᠨᠡᠪᠲᠡᠷᠡᠨ ᠤᠷᠤᠪᠠᠯ ᠰᠠᠶ‍ᠢ ᠰᠢᠭᠦᠮᠵᠢ ᠪᠢᠴᠢᠵᠦ ᠳᠡᠢ᠌ᠯᠦᠨ᠎ᠡ᠃