ᠬᠤᠶᠠᠷ

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠭᠦᠮᠤᠨ ᠤ ᠣᠷᠴᠢᠯᠠᠩ ᠭᠡᠵᠤ ᠣᠷᠪᠠᠭ᠎ᠠ ᠭᠦᠷᠪᠠᠭᠡ ᠶᠡᠭᠡᠳᠡᠢ᠂ ᠣᠯᠤᠭᠰᠠᠨ ᠶᠢᠡᠨ ᠪᠠᠷᠠᠭᠠᠤᠨ ᠦᠷᠴᠢᠵᠤ ᠶᠠᠪᠣᠬᠤ ᠪᠠᠢ᠌ᠬᠤ ᠳ᠋ᠤ ᠣᠴᠠᠷᠠᠭᠰᠠᠨ ᠭᠦᠮᠤᠨ ᠳᠤᠤᠭᠠᠷᠬᠤ ᠦᠭᠡᠶ ᠪᠠᠷ ᠵᠠᠮ ᠥᠩᠭᠡᠷᠡᠨ᠎ᠡ᠃ ᠤᠷᠤᠭᠤ ᠣᠷᠤᠭᠠᠤᠨ ᠣᠤᠯᠠ ᠡᠮᠦᠰᠦᠭᠡᠳ ᠶᠠᠪᠣᠵᠤ ᠪᠠᠢ᠌ᠬᠤ ᠳᠤ ᠤᠢ᠌ᠷ᠎ᠡ ᠰᠠᠳᠤᠨ ᠤᠳ ᠬᠤᠯᠠᠭᠤᠷ ᠳᠤᠭᠤᠷᠢᠨ ᠶᠡᠪᠦᠨ᠎ᠡ᠃ ᠡᠩᠭᠦᠯ ᠳᠤᠩᠬᠤᠯ ᠣᠷᠴᠢᠯᠠᠩ ᠤᠨ ᠱᠠᠯᠳᠠᠷ ᠪᠣᠯᠳᠠᠷ ᠭᠦᠮᠦᠰ ᠭᠡᠳᠡᠭ᠌ ᠬᠤᠶᠠᠷ ᠭᠦᠯᠳᠡᠨ ᠳᠤ ᠯᠠ ᠪᠠᠢ᠌ᠳᠠᠭ ᠰᠡᠡᠵᠡᠢ᠃ ᠭᠦᠭᠡᠷᠦᠭᠦᠢ︕ ᠤᠷᠴᠢᠯᠡᠩ ᠤᠨ ᠣᠯᠠᠭᠠᠨ ᠳᠤᠯᠤᠭᠠᠢ᠌ᠳᠠᠤᠨ ᠮᠢᠨᠢ ᠡ︕

              《ᠮᠢᠨᠤ ᠣᠯᠠ ᠮᠦᠷ》 ᠡᠴᠡ


ᠫᠣᠩᠰᠤᠭ ᠤᠨ ᠬᠣᠢ᠌ᠴᠢ ᠶᠢᠨ ᠶᠠᠪᠣᠳᠠᠯ ᠢ ᠬᠤᠶᠠᠷ ᠵᠠᠷᠤᠴᠠ ᠨᠢ ᠡᠵᠡᠨ ᠮᠠᠳᠠᠵᠤ ᠭᠦᠢᠴᠡᠳᠭᠡᠪᠡ᠃ ᠲ᠋ᠡᠷᠡ ᠬᠤᠶᠠᠷ ᠳᠠᠷᠠ ᠣᠷᠤᠢ ᠨᠢ ᠣᠷᠤᠰᠢᠭᠤᠯᠭ᠎ᠠ ᠶᠢᠨ ᠳᠠᠷᠠᠭ᠎ᠠ ᠠᠷᠢᠭᠢ ᠣᠤᠭᠤᠵᠤ ᠶᠠᠷᠢᠯᠴᠠᠪᠠ᠃

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠪᠦᠳᠦᠭᠦᠨ ᠮᠤᠳᠤ ᠬᠤᠭᠤᠷᠠᠵᠤ ᠳᠠᠤᠯᠠᠢ ᠨᠠᠳᠬᠤᠨ ᠳᠤᠳᠠᠭᠠᠪᠠ᠂ ᠭᠡᠳᠡᠭ᠍ᠴᠢᠯᠡᠨ ᠣᠳᠤ ᠪᠢᠳᠠᠨ ᠴᠤ ᠭᠡᠷ ᠤᠨ ᠡᠵᠡᠨ ᠦᠭᠡᠶ ᠪᠣᠯᠪᠠ᠂ ᠣᠳᠤ ᠡᠨᠡ ᠡᠳ᠋ ᠬᠤᠭᠰᠢᠯ ᠨᠢᠮᠭᠡᠨ ᠠᠮᠢᠳᠤᠷᠠᠯ ᠢ ᠥᠩᠭᠡᠷᠭᠡᠭᠦ ᠳᠤ ᠭᠦᠴᠢᠷ ᠪᠣᠯᠪᠠ᠃ ᠲ᠋ᠠᠢ᠌ᠮᠤ ᠡᠴᠡ ᠪᠢᠳᠠᠨ ᠣᠳᠤ ᠬᠤᠪᠢ ᠬᠤᠪᠢᠨ ᠤ ᠵᠠᠮ ᠶᠢᠡᠨ ᠭᠦᠭᠡᠭᠡᠵᠤ᠂ ᠦᠪᠡᠷ ᠦᠪᠡᠷ ᠤᠨ ᠠᠮᠢᠳᠤᠷᠠᠯ ᠤᠨ ᠵᠠᠮ ᠶᠢᠡᠨ ᠰᠤᠩᠭ᠋ᠤᠬᠤ ᠨᠢ ᠴᠢᠬᠤᠯᠠ ᠪᠢᠰᠢᠤ︕ ᠮᠢᠨᠤ ᠥᠵᠡᠭᠦ ᠪᠠᠷ ᠡᠨᠡ ᠴᠡᠴᠡᠭ᠍ᠮ᠎ᠡ ᠶᠢ ᠪᠢ ᠠᠪᠴᠤ ᠴᠢ ᠪᠣᠯᠤᠮᠠᠷ ᠭᠡᠳᠤᠨ ᠭᠦᠷᠦᠩᠭᠡ ᠢ ᠨᠢ ᠬᠤᠳᠠᠯᠳᠤᠨ ᠵᠤᠭᠤᠰ ᠪᠣᠯᠭᠠᠵᠤ᠂ ᠨᠤᠳᠤᠭ ᠲᠠᠭᠠᠨ ᠶᠡᠪᠤᠭᠠᠷᠠᠢ︕ ᠲ᠋ᠡᠭᠡᠪᠠᠯ ᠴᠢ ᠪᠠᠰᠠ ᠡᠳᠦᠷ ᠥᠩᠭᠡᠷᠭᠡᠵᠤ ᠪᠣᠯᠤᠨ᠎ᠠ᠂ ᠪᠢ ᠴᠡᠴᠡᠭ᠍ᠮ᠎ᠡ ᠶᠢ ᠠᠪᠴᠤ ᠬᠤᠯᠠ ᠶᠠᠪᠣᠵᠤ ᠠᠮᠤᠷ ᠵᠢᠮᠤᠷ ᠠᠮᠢᠳᠤᠷᠠᠶ᠎ᠠ ᠰᠠᠨᠠᠯ ᠦᠭᠡᠶ ᠪᠠᠢ᠌ᠬ᠎ᠠ ᠡ︕ ᠭᠡᠵᠤ ᠨᠢᠭᠡ ᠨᠢ ᠶᠡᠷᠢᠨ᠎ᠡ᠃ ᠲ᠋ᠡᠭᠡᠳᠡᠯ᠎ᠡ ᠨᠢᠭᠡ ᠨᠢ᠄

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠭᠦᠢ᠂ ᠭᠦᠢ᠂ ᠳᠡᠭᠡᠭᠡᠳ ᠪᠣᠯᠬᠤ ᠦᠭᠡᠶ᠂ ᠠᠯᠢᠪᠠ ᠰᠠᠢ᠌ᠨ ᠣᠴᠢᠷ ᠪᠦᠷ ᠴᠢᠨᠤᠭᠢ ᠪᠣᠯᠤᠭᠠᠤᠨ ᠪᠢ ᠬᠠᠷᠢᠨ ᠭᠡᠳᠤᠨ ᠮᠠᠭᠤ ᠵᠤᠭᠤᠰ ᠶᠢᠡᠷ ᠰᠡᠳᠭᠢᠯ ᠶᠢᠡᠨ ᠬᠠᠭᠤᠷᠴᠤ ᠶᠠᠪᠣᠨ᠎ᠠ ᠭᠡᠵᠤ ᠤᠤ︖ ᠭᠤᠷᠢ ᠪᠠᠨ ᠳᠡᠳᠡ︕ ᠭᠡᠵᠤ ᠪᠠᠢ᠌ᠭᠰᠠᠭᠠᠷ ᠵᠤᠳᠤᠭᠠᠨ ᠪᠣᠯᠵᠤ ᠪᠠᠷᠠᠭᠠᠨ ᠭᠡᠷ ᠲᠤ ᠭᠡᠷᠡᠭᠦᠯ ᠡᠭᠢᠯᠡᠪᠡ᠃

ᠴᠡᠴᠡᠭ᠍ᠮ᠎ᠡ ᠡᠭᠦᠨ ᠢ ᠰᠤᠨᠤᠰᠴᠤ ᠣᠳᠤ ᠶᠠᠭᠠᠭᠢᠳᠠᠭ ᠪᠢᠯᠠ︖ ᠲ᠋ᠤᠳᠠᠭᠠᠵᠤ ᠭᠠᠷᠬᠤ ᠳᠤ ᠳᠡᠢ᠌ᠯᠭᠦ ᠦᠭᠡᠶ᠂ ᠴᠠᠭ ᠥᠨᠡᠭᠡᠷ ᠪᠠᠴᠢᠮ ᠪᠣᠯᠪᠠ᠂ ᠪᠠᠰᠠ ᠬᠤᠶᠠᠷ ᠪᠢᠴᠢᠬᠠᠨ ᠬᠡᠦᠬᠡᠳ ᠢ ᠬᠠᠮᠢᠭ᠎ᠠ ᠳᠠᠯᠪᠢᠨ᠎ᠠ︖ ᠳᠡᠭᠡᠭᠡᠳ ᠠᠷᠭ᠎ᠠ ᠪᠣᠳᠤᠨ ᠨᠢᠭᠡ ᠠᠷᠭ᠎ᠠ ᠶᠢ ᠣᠯᠵᠤ ᠪᠠᠷᠠᠭᠠᠨ ᠭᠡᠷ ᠲᠤ ᠣᠷᠤᠵᠤ ᠢᠷᠠᠨ᠄

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠲ᠋ᠠ ᠬᠤᠶᠠᠭᠤᠯᠠ ᠪᠢᠳᠡᠭᠡᠢ ᠪᠣᠯᠢᠶᠠᠯᠳᠤ᠂ ᠡᠳᠦᠭᠡ ᠭᠡᠷ ᠤᠨ ᠡᠵᠡᠨ ᠪᠠᠶ᠎ᠠ ᠥᠩᠭᠡᠷᠡᠵᠤ ᠬᠤᠶᠠᠷ ᠡᠡᠭᠡ ᠴᠤ ᠨᠠᠰᠤᠨ ᠪᠠᠭ᠎ᠠ᠂ ᠣᠴᠢᠷ ᠶᠤᠰᠤ ᠶᠢ ᠪᠦᠷᠢᠨ ᠣᠢ᠌ᠯᠭᠠᠬᠤ ᠦᠭᠡᠶ ᠪᠠᠢ᠌ᠬᠤ ᠦᠶ᠎ᠡ ᠳᠤ ᠳᠠ ᠨᠡᠷ ᠪᠠᠰᠠ ᠴᠠᠰᠤᠨ ᠳᠤ ᠭᠢᠷᠠᠭᠤ ᠳᠠᠪᠬᠤᠷᠯᠠᠬᠤ ᠴᠢᠨᠢ ᠵᠢᠷᠤᠮ ᠦᠭᠡᠶ ᠳᠡᠭᠡᠨ ᠳᠤᠭᠠᠴᠢᠭᠳᠠᠨ᠎ᠠ ᠰᠢᠤ ᠭᠡᠭᠦ ᠳᠤ ᠳᠠᠷᠠ ᠬᠤᠶᠠᠭᠤᠯᠠ ᠢᠨᠢᠶᠠᠨ᠄

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠳᠠᠢ᠌ᠮᠤ ᠡ︕ ᠲ᠋ᠡᠢ᠌ᠮᠤ ᠡ︕᠂ ᠴᠡᠴᠡᠭ᠍ᠮ᠎ᠡ ᠶᠢᠨ ᠥᠭᠡ ᠲᠦᠮᠡᠨ ᠵᠦᠪ ᠳᠡ︕ ᠭᠡᠵᠤ ᠮᠠᠷᠰᠠᠭᠠᠨᠠᠨ ᠢᠨᠢᠶᠠᠨ᠎ᠠ᠂ ᠴᠡᠴᠡᠭ᠍ᠮ᠎ᠡ᠄

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠲ᠋ᠠ ᠬᠤᠶᠠᠭᠤᠯᠠ ᠶᠢᠨ ᠨᠢᠭᠡ ᠨᠢ ᠮᠠᠷᠭᠠᠰᠢ ᠠᠢ᠌ᠮᠠᠭ ᠤᠨ ᠰᠠᠮᠫᠢᠯ ᠨᠤᠶᠠᠨ ᠳᠤ ᠮᠡᠳᠡᠭᠡ ᠭᠦᠷᠭᠡᠵᠤ ᠣᠴᠢᠷ ᠢ ᠳᠤᠳᠤᠷᠬᠠᠢ᠌ᠯᠠᠨ ᠢᠷ᠎ᠠ︕ ᠪᠢᠳᠠ ᠭᠤᠷᠪᠠᠨ ᠬᠤᠨᠤᠭ ᠤᠨ ᠳᠠᠷᠠᠭ᠎ᠠ ᠡᠵᠡᠨ ᠤ ᠣᠩᠭ᠋ᠤᠨ ᠳᠡᠭᠡᠷ᠎ᠡ ᠣᠴᠢᠵᠤ ᠰᠠᠨᠠᠭᠠᠨ ᠢ ᠨᠢ ᠠᠮᠤᠷᠵᠢᠭᠤᠯᠤᠶ᠎ᠠ︕ ᠪᠠᠷᠠᠭᠰᠠᠨ ᠤ ᠳᠠᠷᠠᠭ᠎ᠠ ᠪᠢᠳᠠᠨ ᠭᠤᠷᠪᠠᠭᠤᠯᠠ ᠳᠠᠭᠢᠨ ᠮᠠᠨ ᠤ ᠳᠤᠳᠤᠷ᠎ᠠ ᠪᠠᠨ ᠵᠦᠪᠳᠠᠶ᠎ᠠ︕ ᠪᠣᠯᠤᠨ᠎ᠠ ᠦᠦ︖ ᠭᠡᠪᠠᠯ᠄

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠪᠣᠯᠤᠨ᠎ᠠ᠂ ᠪᠣᠯᠤᠨ᠎ᠠ᠂ ᠪᠢ ᠮᠠᠷᠭᠠᠰᠢ ᠣᠴᠢᠶ᠎ᠠ ᠭᠡᠵᠤ ᠨᠢᠭᠡ ᠭᠡᠯᠡᠭᠦ ᠳᠤ ᠴᠡᠴᠡᠭ᠍ᠮ᠎ᠡ᠄

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠳᠡᠭᠡᠪᠠᠯ ᠰᠠᠢ᠌ᠨ ᠪᠣᠯᠤᠭᠰᠠᠨ ᠭᠡᠵᠤ ᠰᠠᠨᠠᠭ᠎ᠠ ᠠᠮᠤᠷᠠᠵᠤ ᠳᠠᠷᠠ ᠰᠦᠨᠢ ᠶᠢ ᠵᠡᠭᠦᠳᠤ ᠵᠡᠷᠭᠡᠯᠭᠡᠨ ᠤ ᠳᠤᠮᠳᠠ ᠥᠩᠭᠡᠷᠡᠭᠡᠵᠠᠢ᠃

ᠨᠠᠷᠠᠨ ᠮᠠᠠᠳᠤᠬᠤ ᠲᠡᠶ ᠵᠡᠷᠭᠡ ᠨᠢᠭᠡ ᠨᠢ ᠮᠤᠷᠢᠨ ᠳᠤᠷ ᠮᠤᠷᠳᠠᠵᠤ ᠵᠡᠭᠦᠡᠰᠢ ᠪᠠᠨ ᠳᠠᠪᠭᠢᠪᠠ᠃ ᠣᠷᠤᠢ ᠶᠢᠨ ᠨᠠᠷᠠᠨ ᠳᠠᠰᠢᠬᠤ ᠦᠶ᠎ᠡ ᠪᠠᠷ ᠦᠨᠦ ᠵᠠᠷᠤᠴᠠ ᠪᠣᠴᠠᠨ ᠢᠷᠡᠭᠡᠳ᠄

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠮᠠᠷᠭᠠᠰᠢ ᠶᠡᠭᠡ ᠨᠤᠶᠠᠨ ᠮᠠᠨ ᠢ ᠳᠤᠬᠤᠨᠢᠭᠤᠯᠤᠨ ᠥᠵᠡᠭᠦ ᠪᠠᠷ ᠪᠡᠯᠡᠳᠭᠡᠯ ᠭᠢᠵᠤ ᠪᠣᠢ᠂ ᠳᠠᠢ᠌ᠮᠤ ᠡᠴᠡ ᠪᠢᠳᠠᠨ ᠳᠠᠳᠠᠨ ᠢ ᠢᠷᠡᠭᠦ ᠡᠴᠡ ᠡᠮᠦᠨ᠎ᠡ ᠭᠦᠳᠦᠯ ᠤᠨ ᠠᠷᠤ ᠳᠤ ᠭᠠᠷᠴᠤ᠂ ᠣᠳᠠ ᠶᠢᠨ ᠣᠯᠤᠮ ᠤᠨ ᠳᠠᠠᠳᠠ ᠣᠭᠳᠤᠪᠠᠯ ᠶᠠᠮᠠᠷ︖ ᠭᠡᠵᠤ ᠣᠢ᠌ᠯᠭᠠᠮᠵᠢ ᠠᠨᠠᠢ᠌ᠬᠠᠨ ᠶᠠᠷᠢᠶ᠎ᠠ ᠪᠠᠷ ᠴᠡᠴᠡᠭ᠍ᠮ᠎ᠡ ᠶᠢ ᠭᠦᠪᠰᠡᠷᠳᠡᠨ᠎ᠡ᠃ ᠴᠡᠴᠡᠭ᠍ᠮ᠎ᠡ᠄

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠲ᠋ᠠᠢ᠌ᠮᠤ ᠪᠣᠯ ᠳᠠ ᠬᠤᠶᠠᠭᠤᠯᠠ ᠪᠡᠯᠡᠳᠭᠡᠵᠤ ᠪᠠᠢ᠌ᠭᠠᠷᠡᠢ︕ ᠪᠢ ᠬᠤᠶᠠᠷ ᠡᠡᠭᠡ ᠲᠡᠶ ᠬᠠᠮᠳᠤ ᠡᠵᠡᠨ ᠤ ᠣᠩᠭ᠋ᠤᠨ ᠳᠤ ᠳᠠᠭᠢᠯ ᠡᠷᠭᠦᠵᠤ᠂ ᠶᠤᠰᠤ ᠭᠦᠢᠴᠡᠳᠭᠡᠨ ᠳᠠᠨᠠᠷ ᠤᠨ ᠬᠣᠢ᠌ᠨ᠎ᠠ ᠡᠴᠡ ᠣᠴᠢᠶ᠎ᠠ ᠭᠡᠭᠦ ᠳᠤ ᠥᠨᠡᠭᠡᠷ ᠬᠠᠭ᠎ᠠ ᠪᠠᠶᠠᠷᠯᠠᠵᠤ ᠥᠩᠭᠦᠷᠢᠳᠦᠨ ᠢᠨᠢᠶᠠᠯᠴᠠᠨ᠎ᠠ᠃

ᠲ᠋ᠠᠳ᠋ ᠡᠳᠦᠷ ᠤᠨ ᠦᠷᠯᠦᠭᠡ ᠨᠠᠷᠠ ᠮᠠᠠᠳᠤᠭᠰᠠᠨ ᠤ ᠰᠡᠭᠦᠯᠡᠷ᠂ ᠴᠡᠴᠡᠭ᠍ᠮ᠎ᠡ ᠮᠤᠯᠦᠮ᠂ ᠮᠤᠯᠤᠷ ᠬᠤᠶᠠᠷ ᠢ ᠳᠠᠭᠠᠭᠤᠯᠵᠤ᠂ ᠰᠠᠭᠰᠤᠨ ᠳᠤ ᠭᠡᠳᠤᠨ ᠪᠣᠭᠤᠷᠰᠤᠭ ᠭᠢᠵᠤ᠂ ᠡᠪᠦᠷ ᠲᠡᠭᠡᠨ ᠭᠡᠳᠤᠨ ᠭᠡᠰᠡᠭ᠌ ᠮᠥᠩᠭᠦᠨ ᠵᠤᠭᠤᠰ ᠡᠪᠦᠷᠯᠡᠭᠡᠳ᠂ ᠪᠠᠰᠠ ᠰᠢᠳᠠᠭᠠᠬᠤ ᠴᠠᠭᠠᠰᠤ ᠠᠪᠴᠤ᠂ ᠣᠳᠠ ᠶᠢᠨ ᠣᠯᠤᠮ ᠤᠨ ᠳᠡᠭᠡᠷ᠎ᠡ ᠪᠠᠢ᠌ᠬᠤ ᠫᠤᠩᠰᠤᠭ ᠪᠢᠴᠢᠭᠡᠴᠢ ᠶᠢᠨ ᠣᠩᠭ᠋ᠤᠨ ᠤ ᠬᠠᠵᠠᠭᠤ ᠳᠤ ᠢᠷᠡᠪᠡ᠃ ᠴᠡᠴᠡᠭ᠍ᠮ᠎ᠡ᠄

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠵᠠ᠂ ᠮᠢᠨᠤ ᠬᠤᠶᠠᠷ ᠡᠡᠭᠡ ᠮᠢᠨᠢ᠂ ᠳᠠ ᠬᠤᠶᠠᠭᠤᠯᠠ ᠭᠡᠳᠥᠢᠪᠠᠷ ᠨᠠᠰᠤ ᠪᠠᠭ᠎ᠠ ᠴᠤ ᠮᠡᠳᠡᠯᠭᠡ ᠪᠠᠰᠠ ᠪᠠᠭ᠎ᠠ ᠪᠢᠰᠢ᠂ ᠣᠠᠴᠤᠭᠤᠢ᠌ᠯᠠᠨ ᠮᠤᠯᠤᠮ ᠴᠢ ᠳᠡᠭᠦᠤ ᠪᠠᠨ ᠳᠠᠭᠠᠭᠤᠯᠵᠤ ᠭᠦᠮᠤᠨ ᠪᠣᠯᠭᠠᠬᠤ ᠭᠡᠷᠡᠭ᠍ᠳᠡᠢ ᠪᠣᠯᠤᠭᠰᠠᠨ᠂ ᠳᠠᠢ᠌ᠮᠤ ᠡᠴᠡ ᠡᠨᠡ ᠨᠤᠳᠤᠭ ᠳᠡᠭᠡᠷ᠎ᠡ ᠳᠠ ᠬᠤᠶᠠᠭᠤᠯᠠ ᠳᠤ ᠭᠠᠢ ᠪᠠᠷᠴᠢᠳ ᠶᠠᠷᠤᠨᠢ ᠳᠠᠰᠤᠷᠠᠬᠤ ᠦᠭᠡᠶ ᠳᠤᠯᠠ ᠡᠳᠦᠭᠡ ᠡ᠊ᠨᠳᠡ ᠡᠴᠡ ᠰᠠᠯᠵᠤ᠂ ᠳᠠᠷᠬᠠᠨ ᠠᠢ᠌ᠮᠠᠭ ᠤᠨ ᠭᠢᠵᠠᠭᠠᠷ ᠲᠤ ᠭᠦᠷᠴᠤ᠂ ᠳᠠᠠᠳᠠᠭᠢ ᠮᠤᠩᠭ᠋ᠤᠯ ᠭᠦᠮᠦᠰ ᠲᠡᠶ ᠢᠵᠢᠯᠢᠳᠤᠨ᠂ ᠠᠮᠢ ᠭᠤᠤᠯ ᠶᠢᠡᠨ ᠳᠡᠵᠢᠭᠡᠵᠤ᠂ ᠬᠤᠵᠢᠮ ᠥᠭᠡᠯᠡᠢ ᠦᠨᠳᠦᠷ ᠪᠣᠯᠤᠭᠰᠠᠭᠠᠷ ᠡᠷᠭᠢᠭᠡᠳ ᠢᠷᠡᠭᠦ ᠳᠤ ᠣᠷᠣᠢ᠌ᠳᠤᠬᠤ ᠦᠭᠡᠶ ᠰᠢᠤ ᠭᠡᠵᠤ ᠨᠢᠳᠤᠨ ᠡᠴᠡ ᠪᠠᠨ ᠨᠢᠯᠪᠣᠰᠤ ᠣᠨᠠᠭᠠᠨ ᠶᠠᠷᠢᠪᠠ᠃ ᠮᠤᠯᠤᠮ᠄

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠠᠢ︕ ᠰᠠᠢ᠌ᠨ ᠡᠭᠡᠴᠢ ᠮᠢᠨᠢ ᠡ᠂ ᠳᠠ ᠪᠢᠳᠠᠨ ᠲᠡᠶ ᠬᠠᠮᠳᠤ ᠶᠠᠪᠣᠴᠢᠬ᠎ᠠ᠂ ᠪᠢᠳᠠ ᠬᠤᠶᠠᠭᠤᠯᠠ ᠳᠠᠨ ᠡᠴᠡ ᠶᠠᠭᠠᠭᠢᠨ ᠰᠠᠯᠵᠤ ᠳᠦᠪᠳᠡᠭᠦ ᠪᠣᠢ︖ ᠲ᠋ᠠ ᠪᠣᠯ ᠪᠢᠳᠠᠨ ᠤ ᠴᠤᠷᠢ ᠶᠢᠨ ᠭᠠᠭᠴᠠ ᠳᠤᠳᠤᠨᠤ ᠭᠦᠮᠤᠨ ᠰᠢᠤ ᠭᠡᠵᠤ ᠣᠭᠢᠯᠠᠨ ᠥᠭᠦᠯᠡᠨ᠎ᠡ᠃

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠭᠡᠪᠠᠴᠤ ᠴᠠᠭ ᠪᠠᠴᠢᠮ ᠪᠣᠯᠤᠭᠰᠠᠨ ᠳᠤᠯᠠ᠂ ᠳᠠ ᠬᠤᠶᠠᠭᠤᠯᠠ ᠳᠤ ᠡᠳᠡᠭᠡᠷ ᠭᠤᠴᠢᠨ ᠭᠡᠰᠡᠭ᠌ ᠮᠥᠩᠭᠦᠨ ᠵᠤᠭᠤᠰ ᠢ ᠪᠡᠯᠡᠳᠭᠡᠵᠤ ᠳᠡᠢ᠌ᠯᠪᠡ᠃ ᠡᠭᠦᠨ ᠶᠢᠡᠷ ᠠᠮᠢ ᠭᠤᠤᠯ ᠶᠢᠡᠨ ᠳᠡᠵᠢᠭᠡᠵᠤ᠂ ᠬᠤᠵᠢᠮ ᠤᠨ ᠡᠳᠦᠷ ᠤᠨ ᠠᠮᠢᠳᠤᠷᠠᠯ ᠳᠠᠭᠠᠨ ᠭᠡᠷᠡᠭᠯᠡᠭᠡᠷᠡᠢ︕ ᠬᠤᠷᠳᠤᠨ ᠶᠠᠪᠣ᠂ ᠦᠭᠡᠶ ᠪᠣᠯ ᠳᠠᠷᠠ ᠬᠤᠶᠠᠷ ᠭᠠᠢ᠌ᠬᠠᠯ ᠳᠠᠨᠠᠷ ᠤᠨ ᠠᠮᠢ ᠨᠠᠰᠤ ᠶᠢ ᠠᠪᠴᠤ ᠮᠡᠳᠡᠭᠦ ᠪᠢᠯᠡ︕ ᠭᠡᠳ ᠴᠡᠴᠡᠭ᠍ᠮ᠎ᠡ ᠬᠤᠶᠠᠭᠤᠯᠠ ᠶᠢ ᠰᠥᠭᠡᠭ᠌ ᠪᠣᠳᠠᠨ ᠤ ᠳᠤᠮᠳᠠᠭᠤᠷ ᠵᠦᠷᠢᠭ᠌ ᠶᠢᠡᠷ ᠠᠰ ᠡᠮᠦᠨ᠎ᠡ ᠵᠥᠭ᠌ ᠳᠠᠰᠢ ᠮᠤᠷᠳᠠᠭᠤᠯᠤᠨ ᠶᠠᠪᠣᠭᠤᠯᠪᠠ᠃ ᠮᠤᠯᠤᠮ᠂ ᠮᠤᠯᠤᠷ ᠬᠤᠶᠠᠭᠤᠯᠠ ᠣᠭᠢᠯᠠᠨ ᠣᠠᠵᠢᠵᠤ ᠴᠡᠴᠡᠭ᠍ᠮ᠎ᠡ ᠡᠴᠡ ᠰᠠᠯᠵᠤ ᠡᠮᠦᠨᠡᠰᠢ ᠶᠠᠪᠣᠪᠠ᠃ ᠴᠡᠴᠡᠭ᠍ᠮ᠎ᠡ ᠳᠠᠭᠢᠨ ᠣᠯᠤᠮ ᠳᠤ ᠢᠷᠠᠵᠤ ᠪᠦᠰᠡ ᠪᠠᠨ ᠳᠠᠢ᠌ᠯᠤᠨ ᠣᠳᠠ ᠮᠤᠳᠤᠨ ᠡᠴᠡ ᠳᠡᠭᠦᠵᠢᠯᠡᠨ ᠪᠣᠭᠤᠮᠢᠯᠠᠵᠤ ᠡᠨᠡ ᠨᠠᠰᠤ ᠪᠠᠨ ᠶᠡᠭᠦᠳᠭᠡᠪᠡ᠃

ᠡᠨᠡ ᠬᠤᠶᠠᠷ ᠭᠠᠢ᠌ᠬᠠᠯ ᠭᠦᠳᠦᠯ ᠤᠨ ᠠᠷᠤ ᠡᠴᠡ ᠭᠦᠯᠢᠶᠡᠨ ᠶᠠᠳᠠᠵᠤ᠂ ᠡᠳᠡ ᠶᠠᠭᠠᠭᠢᠪᠠ︖ ᠭᠡᠳ ᠬᠤᠶᠠᠭᠤᠯᠠ ᠶᠠᠭᠠᠷᠠᠪᠴᠢᠯᠠᠨ ᠢᠷᠡᠭᠡᠳ ᠥᠵᠡᠭᠦ ᠳᠤ᠂ ᠣᠩᠭ᠋ᠤᠨ ᠤ ᠬᠠᠵᠠᠭᠤ ᠳᠤ ᠶᠠᠭᠤ ᠴᠤ ᠦᠭᠡᠶ ᠬᠠᠷᠢᠨ ᠳᠡᠷᠭᠡᠳᠡᠭᠢ ᠪᠦᠳᠦᠭᠦᠨ ᠣᠳᠠᠨ ᠡᠴᠡ ᠴᠡᠴᠡᠭ᠍ᠮ᠎ᠡ ᠪᠣᠭᠤᠮᠢᠯᠠᠵᠤ ᠥᠭᠦᠭ᠍ᠰᠡᠨ ᠢ ᠥᠵᠡᠭᠡᠳ᠂ ᠬᠤᠶᠠᠭᠤᠯᠠ ᠨᠢᠳᠤ ᠪᠠᠯᠠᠷᠠᠵᠤ᠂ ᠴᠢᠭᠢ ᠱᠤᠤᠭᠢᠨ᠄

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠡᠩ︕ ᠲ᠋ᠡᠭ᠍ᠷᠢ ᠮᠢᠨᠢ ᠡ︕ ᠲ᠋ᠠ ᠶᠠᠭᠠᠭᠢᠭᠠᠤᠨ ᠨᠢᠭᠡᠯᠡ ᠨᠢᠳᠤᠳᠠᠢ ᠪᠣᠢ ᠭᠡᠳ ᠬᠠᠷᠠᠮᠰᠠᠨ ᠡᠪᠦᠳᠦᠭ᠌ ᠶᠢᠡᠨ ᠴᠤᠭᠢᠵᠤ ᠭᠤᠳᠣᠢ᠌ᠨ ᠰᠠᠭᠤᠪᠠ᠃ ᠲ᠋ᠦᠳᠠᠯ ᠦᠭᠡᠶ᠂ ᠨᠢᠭᠡ ᠨᠢ᠄

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠵᠠᠨ︕ ᠪᠣᠯᠵᠠᠢ᠂ ᠴᠡᠴᠡᠭ᠍ᠮ᠎ᠡ ᠨᠢᠭᠡᠨᠲᠡ ᠶᠠᠪᠣᠴᠢᠬᠠᠭᠰᠠ ᠶᠤᠮ ᠴᠢᠨᠢ ᠳᠠᠷᠠ ᠬᠤᠶᠠᠭᠤᠯᠠ ᠶᠢ ᠠᠪᠴᠢᠷᠠᠨ ᠬᠠᠷᠢᠭᠤ ᠪᠠᠨ ᠡᠡᠪᠦᠶ᠎ᠡ︕ ᠭᠡᠭᠦ ᠳᠤ ᠨᠥᠭᠦᠭᠡ ᠨᠢ᠄

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠵᠠᠨ︕ ᠪᠣᠯᠵᠠᠢ᠂ ᠨᠢᠭᠡ ᠡᠡᠮᠢᠨ ᠭᠡᠷᠡᠭ᠌ ᠨᠢ ᠪᠠᠭ᠎ᠠ ᠤᠤ︖ ᠲ᠋ᠡᠭᠡᠭᠦ ᠪᠠᠷ ᠬᠤᠶᠠᠭᠤᠯᠠ ᠪᠠᠭ᠎ᠠ ᠰᠠᠭ᠎ᠠ ᠭᠦᠷᠦᠩᠭᠡ ᠪᠠᠨ ᠬᠤᠪᠢᠶᠠᠵᠤ᠂ ᠣᠳᠤ ᠪᠠᠷ ᠶᠢᠡᠨ ᠳᠤᠳᠠᠭᠠᠵᠤ ᠵᠢᠯᠢᠢᠶ᠎ᠡ︕ ᠥᠭᠡᠢ ᠪᠣᠯ ᠥᠨᠡᠭᠡᠷ ᠰᠠᠯᠭᠢ ᠨᠠᠪᠳᠠᠷᠠᠨ ᠭᠡᠷᠡᠭ᠌ ᠭᠠᠷᠪᠠᠯ ᠪᠢᠳᠠᠨ ᠤ ᠠᠮᠢ ᠨᠠᠰᠤ ᠬᠠᠮᠢᠭᠠᠰᠢ ᠪᠣᠯᠬᠤ ᠶᠢ ᠮᠡᠳᠡᠭᠦ ᠦᠭᠡᠶ ᠰᠢᠤ ᠭᠡᠪᠡ᠃ ᠲ᠋ᠡᠭᠡᠭᠡᠳ ᠳᠠᠷᠠ ᠬᠤᠶᠠᠷ ᠡᠷᠦᠭᠡᠨ ᠳᠤᠨᠢ ᠪᠣᠴᠠᠵᠤ ᠢᠷᠠᠨ᠂ ᠪᠣᠯᠤᠮᠠᠷ ᠰᠢᠭ᠌ ᠡᠳ᠋ ᠬᠤᠭᠰᠢᠯ ᠢ ᠨᠢ ᠠᠪᠴᠤ᠂ ᠬᠤᠶᠠᠭᠤᠯᠠ ᠠᠰ ᠪᠠᠷᠠᠭᠤᠠᠰᠢ ᠵᠠᠷᠤᠳ ᠤᠨ ᠨᠤᠳᠤᠭ ᠳᠠᠰᠢ ᠨᠠᠷ᠎ᠠ ᠪᠠᠨ ᠬᠠᠯᠠᠵᠤ ᠵᠤᠯᠠᠨ ᠶᠠᠪᠣᠪᠠ᠃ ᠫᠣᠩᠰᠤᠭ ᠪᠢᠴᠢᠭᠡᠴᠢ ᠶᠢᠨ ᠨᠢᠭᠡᠨ ᠭᠡᠷ ᠡᠢ᠌ᠮᠦᠷᠭᠦ ᠶᠠᠩᠵᠤ ᠲᠡᠶ ᠳᠠᠭᠤᠰᠤᠭᠰᠠᠨ ᠢ ᠬᠤᠵᠢᠮ ᠤᠨ ᠭᠦᠮᠦᠰ ᠭᠠᠢ᠌ᠬᠠᠬᠤ ᠶᠤᠮ ᠡ︕ ᠭᠡᠪᠠᠴᠤ ᠡᠨᠡ ᠪᠣᠯᠪᠠᠰᠤ ᠨᠢᠭᠡᠨ ᠪᠠᠭ᠎ᠠ ᠠᠢ᠌ᠮᠠᠭ ᠤᠨ ᠪᠢᠴᠢᠭᠡᠴᠢ ᠳᠤᠯᠠ ᠶᠠᠭᠤ ᠴᠤ ᠦᠭᠡᠶ ᠠᠮᠢᠳᠤᠷᠠᠭᠰᠠᠨ ᠨᠢ ᠦᠨᠡᠠᠳᠠᠢ ᠭᠡᠭᠦ ᠶᠢ ᠳᠤᠷᠠᠳᠤᠭᠤᠰᠢᠳᠠᠢ ᠪᠠᠢ᠌ᠨ᠎ᠠ᠃

ᠵᠢᠰᠤᠷ ᠠᠷᠪᠢᠨ ᠮᠤᠷᠢᠳᠠᠨ ᠶᠢᠡᠨ ᠳᠠᠭᠠᠭᠤᠯᠤᠨ᠂ ᠶᠠᠪᠣᠳᠠᠯ ᠶᠢᠡᠨ ᠳᠭᠤᠰᠬᠠᠵᠤ᠂ ᠵᠢᠮᠪᠠ ᠶᠢᠨ ᠨᠤᠳᠤᠭ ᠲᠤ ᠢᠷᠠᠵᠤ᠂ ᠳᠢᠶᠠᠨᠬᠦᠤ ᠨᠡᠷ ᠲᠤ ᠪᠦᠷᠢᠨ ᠳᠡᠭᠦᠯᠳᠡᠷ ᠪᠣᠯᠪᠠ ᠭᠡᠵᠤ ᠮᠡᠳᠡᠭᠦᠯᠪᠡ᠃ ᠲ᠋ᠡᠭᠡᠭᠦ ᠳᠤ᠂ ᠵᠢᠮᠪᠠ ᠪᠠᠬᠠᠨ ᠳᠤᠳᠤᠷ᠎ᠠ ᠨᠢ ᠡᠪ ᠥᠭᠡᠢ᠌ᠷᠡᠭ᠍ᠰᠡᠨ ᠲᠦᠯᠤᠪ ᠲᠡᠶ ᠪᠤᠯᠪᠠ᠃ ᠭᠡᠪᠠᠴᠤ ᠴᠢᠷᠠᠢ ᠳ᠋ᠤᠨᠢ ᠢᠯᠡᠷᠡᠭ᠍ᠰᠡᠨ ᠦᠭᠡᠶ᠂ ᠶᠡᠭᠡᠮᠰᠦᠭ᠌ ᠢᠨᠢᠶᠠᠨ᠄

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠵᠠᠨ︕ ᠵᠢᠰᠤᠷ ᠴᠢ ᠣᠴᠢᠷ ᠢ ᠰᠠᠢ᠌ᠬᠠᠨ ᠪᠦᠳᠦᠭᠡᠭ᠍ᠰᠡᠨ ᠳᠤᠯᠠ ᠱᠠᠩᠨᠠᠯ ᠦᠯᠡᠮᠵᠢ᠃ ᠳᠡᠭᠢᠨ ᠭᠦᠡᠳᠤ ᠲ᠋ᠡᠢ᠌ᠯᠡᠯᠭ᠎ᠠ ᠭᠢᠵᠤ᠂ ᠭᠤᠷᠪᠠᠨ ᠬᠤᠠᠳᠠᠭ᠎ᠠ ᠣᠵᠤᠭᠤᠷ ᠤᠨ ᠠᠷᠢᠭᠢ ᠶᠢ᠌ ᠱᠡᠩᠨᠡᠪᠡ᠃ ᠡᠨᠡ ᠠᠷᠢᠭᠢ ᠪᠣᠯ ᠵᠢᠮᠪᠠ ᠶᠢᠨ ᠬᠠᠮᠤᠭ ᠤᠨ ᠬᠤᠤᠷᠳᠠᠢ ᠭᠦᠮᠤᠨ ᠳᠡᠭᠡᠨ ᠱᠠᠩᠨᠠᠬᠤ ᠭᠡᠰᠡᠨ ᠬᠤᠤᠷᠳᠤ ᠠᠷᠢᠭᠢ ᠪᠠᠢ᠌ᠵᠠᠢ᠃ ᠵᠢᠰᠤᠷ ᠡᠨᠡ ᠠᠷᠢᠭᠢᠨ ᠳᠤᠷ ᠬᠤᠤᠷᠳᠤᠭᠳᠠᠨ᠂ ᠨᠢᠳᠤ᠂ ᠠᠮᠠ᠂ ᠴᠢᠭᠢ ᠨᠢ ᠴᠢᠰᠤᠨ ᠭᠠᠷᠴᠤ ᠥᠭᠦᠪᠡ᠃ ᠤᠴᠢᠷ ᠠᠨᠤ ᠵᠢᠰᠤᠷ ᠫᠣᠤ ᠵᠡᠪᠰᠡᠭ᠌ ᠲᠡᠶ ᠳᠤᠯᠠ ᠬᠤᠵᠢᠮ ᠤᠨ ᠡᠳᠦᠷ ᠡᠳᠡᠨᠡᠷ ᠲᠤ ᠳᠠᠢ᠌ᠰᠤᠨ ᠪᠣᠯᠬᠤ ᠳᠤ ᠭᠦᠷᠪᠠᠯ᠂ ᠪᠠᠰᠠ ᠰᠡᠳᠭᠢᠯ ᠤᠨ ᠵᠤᠪᠠᠯᠠᠩ ᠪᠣᠯᠬᠤ ᠳᠤᠯᠠ ᠣᠷᠢᠳᠠᠪᠠᠷ ᠳᠡᠭᠦᠨ ᠢ ᠳᠤᠨᠢᠯᠭᠠᠵᠤ᠂ ᠠᠯᠢᠪᠠ ᠶᠠᠪᠣᠳᠠᠯ ᠶᠢᠡᠨ ᠴᠠᠪᠠᠷᠯᠠᠵᠤ ᠳᠠᠯᠪᠢᠪᠠ᠃

ᠲ᠋ᠡᠢ᠌ᠡᠭᠦ᠂ ᠳᠡᠶᠠᠨᠬᠦᠤ ᠶᠢᠨ ᠴᠡᠷᠢᠭ᠌ ᠪᠠᠰᠠ ᠭᠡᠳᠤᠨ ᠡᠳᠦᠷ ᠪᠣᠯᠵᠤ ᠳᠠᠭᠢᠨ ᠭᠤᠷᠯᠤᠰ ᠤᠨ ᠵᠥᠭ᠌ ᠠᠶᠤᠮᠰᠢᠭᠳᠠᠢ ᠭᠠᠢ ᠳᠠᠷᠢᠬᠤ ᠪᠠᠷ ᠶᠠᠪᠣᠵᠤ ᠣᠤᠠᠪᠠ᠃

ᠳᠦᠳᠡᠯ ᠥᠭᠡᠢ᠂ ᠬᠠᠭᠠᠰ ᠰᠠᠷ᠎ᠠ ᠶᠢᠨ ᠲ᠋ᠠᠷᠠᠭ᠎ᠠ ᠨᠠᠮᠰᠠᠷᠠᠢ᠂ ᠫᠤᠩᠰᠤᠭ ᠪᠢᠴᠢᠭᠡᠴᠢ ᠶᠢᠨ ᠲ᠋ᠡ᠊ᠨᠳᠡ ᠭᠦᠮᠤᠨ ᠵᠡᠷᠦᠵᠤ᠂ ᠳᠡᠭᠦᠨ ᠯᠤᠭᠡ ᠴᠡᠷᠢᠭ᠌ ᠤᠨ ᠶᠡᠪᠦᠳᠡᠯ ᠵᠥᠪᠳᠡᠯᠴᠡᠭᠦ ᠪᠠᠷ ᠭᠦᠯᠢᠶᠡᠨ᠎ᠡ᠃ ᠲ᠋ᠡᠷᠡ ᠶᠠᠪᠤᠭᠰᠠᠨ ᠭᠦᠮᠤᠨ ᠶᠠᠭᠠᠷᠠᠪᠴᠢᠯᠠᠨ ᠢᠷᠠᠵᠤ᠂ ᠫᠣᠩᠰᠤᠭ ᠪᠢᠴᠢᠭᠡᠴᠢ ᠳᠡᠭᠡᠷᠡᠮ ᠤᠨ ᠴᠡᠷᠢᠭ᠌ ᠲᠤ ᠳᠠᠭᠤᠰᠴᠤ᠂ ᠡᠷᠦᠭᠡ ᠶᠢᠨ ᠵᠠᠷᠤᠴᠠ ᠨᠢ ᠡᠳ᠋ ᠬᠤᠭᠰᠢᠯ ᠢ ᠨᠢ ᠬᠤᠪᠢᠶᠠᠨ ᠳᠤᠳᠠᠭᠠᠪᠠ᠃ ᠢᠠᠵᠢ ᠴᠡᠴᠡᠭ᠍ᠮ᠎ᠡ ᠮᠤᠳᠤᠨ ᠡᠴᠡ ᠪᠣᠭᠤᠮᠢᠯᠠᠨ ᠥᠭᠦᠵᠤ᠂ ᠳᠡᠭᠦᠨ ᠤ ᠨᠢᠭᠡ ᠭᠡᠷ ᠳᠠᠭᠤᠰᠪᠠ ᠭᠡᠵᠤ ᠮᠡᠳᠡᠭᠦᠯᠭᠦ ᠳᠤ ᠨᠠᠮᠰᠠᠷᠠᠢ ᠶᠡᠭᠡᠪᠠᠷ ᠭᠠᠰᠢᠭᠤᠳᠠᠨ᠂ ᠳᠡᠭᠦᠨ ᠤ ᠬᠤᠶᠠᠷ ᠭᠦᠪᠠᠭᠦᠨ ᠶᠠᠭᠠᠬᠢᠪᠠ︖ ᠭᠡᠭᠦ ᠳᠤ᠂ ᠳᠠᠷᠠ ᠵᠠᠷᠤᠴᠠ᠄

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠬᠤᠶᠠᠷ ᠭᠦᠪᠠᠭᠦᠨ ᠨᠢ ᠬᠠᠮᠢᠭᠠᠰᠢ ᠪᠣᠯᠤᠭᠰᠠᠨ ᠢ ᠣᠳᠤ ᠭᠡᠨ ᠴᠤ ᠮᠡᠳᠡᠭᠦ ᠦᠭᠡᠶ᠂ ᠳᠤᠳᠤᠷᠠᠬᠠᠢ ᠦᠭᠡᠶ ᠪᠠᠢ᠌ᠨ᠎ᠠ ᠭᠡᠵᠤ ᠬᠠᠷᠢᠭᠤᠯᠪᠠ᠃

ᠨᠠᠮᠰᠠᠷᠠᠢ ᠪᠠᠶᠠᠨ ᠶᠡᠭᠡᠪᠠᠷ ᠶᠠᠭᠠᠷᠠᠵᠤ᠂ ᠰᠠᠮᠫᠢᠯ ᠨᠤᠶᠠᠨ ᠤ ᠣᠷᠳᠤᠨ ᠳᠤ ᠴᠢᠮᠡᠭᠡ ᠭᠦᠷᠭᠡᠨ᠂ ᠶᠡᠭᠡ ᠭᠡᠷᠡᠭ᠌ ᠢ ᠭᠡᠷᠭᠢᠪᠠᠰᠤ ᠰᠠᠢ᠌ᠨ ᠭᠡᠵᠤ ᠠᠰᠠᠭᠤᠨ᠎ᠠ᠃ ᠰᠠᠮᠫᠢᠯ ᠨᠤᠶᠠᠨ ᠴᠤ ᠡᠭᠦᠨ ᠳᠤ ᠶᠡᠭᠡᠪᠠᠷ ᠰᠡᠳᠭᠢᠯ ᠡᠪᠭᠡᠷᠡᠨ᠄

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠵᠠᠨ︕ ᠪᠢᠴᠢᠭᠡᠴᠢ ᠡᠢ᠌ᠮᠤ ᠪᠣᠯᠤᠭᠰᠠᠨ ᠳᠤᠯᠠ ᠳᠡᠭᠦᠨ ᠤ ᠬᠤᠶᠠᠷ ᠭᠦᠪᠠᠭᠡᠨ ᠢ ᠭᠡᠷᠭᠢᠪᠠᠴᠤ ᠡᠷᠢᠵᠤ ᠣᠯᠵᠤ᠂ ᠠᠴᠢ ᠭᠠᠪᠢᠶ᠎ᠠ ᠶᠢ ᠨᠢ ᠬᠠᠷᠢᠭᠤᠯᠰᠤᠭᠠᠢ ᠭᠡᠪᠡ᠃

ᠡᠭᠦᠨ ᠳᠤ ᠣᠯᠠᠨ ᠪᠠᠶᠠᠤᠨ ᠨᠤᠶᠠᠤᠨ ᠪᠦᠭᠦᠳᠡᠭᠡᠷ ᠭᠠᠰᠢᠭᠤᠳᠠᠨ ᠳᠤᠷᠠᠰᠴᠤ᠂ ᠪᠢᠴᠢᠭᠡᠴᠢ ᠶᠢᠨ ᠬᠣᠢ᠌ᠨ᠎ᠠ ᠡᠴᠡ ᠲᠦᠯᠠᠰᠢ ᠳᠤᠶ‍ᠢᠩ ᠰᠢᠳᠠᠭᠠᠵᠤ ᠬᠠᠮᠳᠤ ᠶᠢᠨ ᠰᠡᠳᠭᠢᠯ ᠶᠢᠡᠨ ᠢᠯᠡᠳᠭᠡᠪᠡ᠃ ᠡᠭᠦᠨ ᠤ ᠳᠠᠭᠠᠤ ᠪᠠᠰᠠ᠂ ᠵᠡᠭᠡᠷᠭᠡᠡᠳᠤ ᠶᠢᠨ ᠵᠢᠮᠪᠠ ᠪᠠᠶ᠎ᠠ ᠪᠠᠷ ᠶᠢᠡᠨ ᠮᠤᠷᠢᠯᠠᠨ ᠢᠷᠠᠵᠤ᠂ ᠮᠠᠨ ᠤ ᠭᠢᠯᠢ ᠡᠴᠡ ᠳᠢᠶᠠᠨᠬᠦᠤ ᠶᠢᠨ ᠳᠡᠭᠡᠷᠡᠮ ᠵᠠᠢ᠌ᠯᠠᠵᠤ ᠭᠤᠷᠯᠤᠰ ᠵᠥᠭ᠌ ᠳᠤᠳᠠᠭᠠᠪᠠ ᠭᠡᠭᠦ ᠴᠢᠮᠡᠭᠡ ᠶᠢ ᠣᠯᠠᠮᠵᠢᠯᠠᠨ ᠣᠯᠠᠨ ᠤ ᠰᠡᠳᠭᠢᠯ ᠢ ᠨᠢᠭᠡ ᠳᠠᠯ᠎ᠠ ᠳᠤ ᠠᠮᠤᠷᠵᠢᠭᠤᠯᠪᠠ᠃

ᠰᠡᠮᠫᠢᠯ ᠨᠤᠶᠡᠨ ᠪᠢᠴᠢᠭᠡᠴᠢ ᠶᠢᠨ ᠶᠡᠪᠦᠳᠡᠯ ᠳᠤ ᠲ᠋ᠤᠯᠤᠭᠠᠨ ᠬᠤᠨᠤᠭ ᠭᠠᠰᠢᠭᠤᠳᠠᠯ ᠭᠢᠵᠤ 《ᠰᠢᠳᠤᠷᠭᠤ ᠵᠢᠷᠤᠮᠳᠤ᠂ ᠡᠭᠡᠯ ᠪᠣᠷᠤᠭᠵᠢᠭᠤᠨ ᠮᠤᠩᠭ᠋ᠤᠯ ᠪᠢᠴᠢᠭᠡᠴᠢ》 ᠵᠢᠷᠭᠤᠭᠠᠨ ᠥᠰᠦᠭ᠍ᠳᠤ ᠰᠢᠷ᠎ᠠ ᠳᠤᠷᠭ᠎ᠠ ᠬᠠᠢ᠌ᠷᠡᠯᠡᠪᠡ᠃ ᠲ᠋ᠡᠢ᠌ᠡᠭᠦ ᠭᠤᠪᠢ ᠠᠢ᠌ᠮᠠᠭ ᠤᠨ ᠡᠯ᠎ᠡ ᠪᠠᠶᠠᠤᠨ ᠨᠤᠶᠠᠤᠨ ᠲᠤ ᠴᠠᠭ ᠢᠮᠠᠭᠳᠠ ᠪᠢᠴᠢᠭᠡᠴᠢ ᠶᠢᠨ ᠬᠤᠶᠠᠷ ᠬᠡᠦᠬᠡᠳ ᠢ ᠰᠤᠷᠠᠭᠯᠠᠨ ᠳᠠᠳᠠᠨᠠᠷ ᠢ ᠠᠮᠢᠳᠤ ᠮᠠᠠᠳᠤ ᠪᠠᠷ ᠡᠷᠢᠵᠤ ᠣᠯᠬᠤ ᠶᠢ ᠱᠠᠭᠠᠷᠳᠡᠪᠡ᠃ ᠡᠳᠡᠭᠡᠷ ᠣᠴᠢᠷ ᠢ ᠲᠦᠷ ᠥᠭᠦᠯᠡᠭᠦ ᠦᠭᠡᠶ᠃

ᠮᠤᠯᠤᠮ᠂ ᠮᠤᠯᠤᠷ ᠬᠤᠶᠠᠭᠤᠯᠠ ᠪᠠᠨ ᠠᠶᠠᠨ ᠵᠠᠮ ᠭᠦᠭᠡᠭᠡᠵᠤ ᠠᠯᠤᠰ ᠭᠦᠳᠡᠭᠡ ᠪᠠᠷ ᠠᠯᠬᠤᠭᠰᠠᠭᠠᠷ ᠨᠢᠭᠡᠨ ᠡᠳᠦᠷ ᠤᠨ ᠨᠠᠷᠠᠨ ᠭᠡᠯᠪᠠᠢ᠌ᠭᠦ ᠦᠶ᠎ᠡ ᠪᠠᠷ ᠨᠢᠭᠡᠨ ᠶᠡᠭᠡ ᠠᠢ᠌ᠯ ᠳᠤ ᠤᠢ᠌ᠷᠠᠳᠤᠪᠠ᠃ ᠬᠤᠶᠠᠭᠤᠯᠠ ᠶᠠᠳᠠᠷᠠᠨ ᠵᠦᠳᠡᠷᠡᠵᠤ᠂ ᠦᠯᠦᠰᠤᠨ ᠣᠮᠳᠠᠭᠠᠰᠴᠤ ᠪᠠᠢ᠌ᠬᠤ ᠳᠤᠯᠠ ᠶᠠᠭᠠᠷᠠᠪᠴᠢᠯᠠᠨ ᠳᠠᠮᠠᠤᠯᠠᠵᠤ ᠠᠢ᠌ᠯ ᠤᠨ ᠠᠷᠤ ᠳᠠᠯ᠎ᠠ ᠡᠴᠡ ᠣᠷᠤᠵᠤ ᠢᠷᠡᠪᠡ᠃ ᠲ᠋ᠡᠭᠡᠳᠡᠯ᠎ᠡ ᠮᠤᠯᠤᠮ ᠶᠡᠭᠡ ᠣᠴᠢᠷ ᠡᠴᠡ᠂ ᠴᠢᠨᠡᠭᠡᠯᠢᠭ᠌ ᠠᠢ᠌ᠯ ᠤᠨ ᠡᠭᠦᠳᠡᠨ ᠳᠤ ᠭᠦᠷᠴᠤ᠂ ᠬᠤᠭᠤᠯᠠ ᠣᠮᠳᠠ ᠭᠤᠶᠤᠵᠤ ᠢᠳᠠᠪᠠᠯ ᠭᠡᠳᠡᠰᠤ ᠴᠠᠳᠬᠤ ᠭᠡᠳᠡᠭ᠌ ᠢ ᠮᠠᠳᠠᠵᠤ᠂ ᠨᠢᠭᠡᠨ ᠭᠦᠷᠢᠶ᠎ᠡ ᠬᠠᠰᠢᠶ᠎ᠠ ᠦᠨᠳᠦᠷ ᠫᠣᠤᠯᠤ ᠲᠡᠶ ᠡᠷᠦᠭᠡᠨ ᠤ ᠡᠮᠦᠨ᠎ᠡ ᠢᠷᠠᠵᠤ ᠭᠤᠶᠤᠪᠠ᠃ ᠣᠤᠯ ᠨᠢ ᠡᠨᠡ ᠶᠡᠭᠡ ᠫᠣᠤᠯᠤ ᠲᠡᠶ ᠠᠢ᠌ᠯ ᠪᠣᠯᠪᠠᠰᠤ ᠵᠢᠮᠪᠠ ᠪᠠᠶᠠᠨ ᠤ ᠠᠢ᠌ᠯ ᠶᠤᠮᠰᠠᠠᠵᠠᠢ᠃ ᠲ᠋ᠠᠷᠠ ᠡᠳᠦᠷ ᠨᠢ ᠵᠢᠮᠪᠠ ᠠᠷᠢᠭᠤᠨ ᠴᠠᠭᠠᠨ ᠣᠷᠳᠤᠨ ᠡᠴᠡ ᠰᠠᠯᠵᠤ ᠡᠷᠦᠭᠡ ᠳᠡᠭᠡᠨ ᠢᠷᠡᠭᠡᠳ ᠪᠢᠴᠢᠭᠡᠴᠢ ᠶᠢᠨ ᠬᠤᠶᠠᠷ ᠬᠡᠦᠬᠡᠳ ᠢ ᠶᠠᠭᠠᠭᠢᠵᠤ ᠣᠯᠵᠤ ᠠᠪᠬᠤ ᠳᠤᠬᠠᠢ ᠪᠣᠳᠤᠵᠤ ᠪᠠᠢ᠌ᠳᠠᠯ᠎ᠠ᠂ ᠵᠠᠷᠤᠴᠠ ᠣᠷᠤᠵᠤ ᠢᠷᠠᠨ᠄

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠡᠭᠦᠳᠡᠨ ᠤ ᠡᠮᠦᠨ᠎ᠡ ᠬᠤᠶᠠᠷ ᠠᠷᠪᠠᠭᠠᠤᠨ ᠨᠠᠰᠤᠨ ᠤ ᠬᠡᠦᠬᠡᠳ ᠭᠤᠶᠤᠯᠭ᠎ᠠ ᠭᠢᠵᠤ ᠪᠠᠢ᠌ᠨ᠎ᠠ ᠭᠡᠭᠦ ᠳᠤ᠂ ᠵᠢᠮᠪᠠ ᠶᠠᠭᠠᠷᠤᠨ ᠪᠣᠰᠴᠤ᠄

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠬᠤᠷᠳᠤᠨ ᠠᠪᠴᠤ ᠣᠷᠤᠵᠤ ᠢᠷ᠎ᠡ︕ ᠭᠡᠪᠠᠯ ᠳᠦᠳᠠᠯ ᠦᠭᠡᠶ ᠮᠤᠯᠤᠮ᠂ ᠮᠤᠯᠤᠷ ᠬᠤᠶᠠᠷ ᠢ ᠠᠪᠴᠤ ᠣᠷᠤᠵᠤ ᠢᠷᠡᠪᠡ᠃ ᠥᠵᠡᠭᠦ ᠳᠤ ᠣᠷᠠᠩ ᠰᠠᠷᠠᠩ ᠬᠠᠭᠤᠴᠢᠪᠳᠤᠷ ᠳᠡᠷᠯᠢᠭ᠌ ᠡᠮᠦᠰᠦᠭ᠍ᠰᠡᠨ ᠬᠤᠶᠠᠷ ᠬᠡᠦᠬᠡᠳ ᠶᠤᠮᠰᠠᠠᠵᠠᠢ᠃ ᠵᠢᠮᠪᠠ᠄

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠲ᠋ᠠ ᠬᠤᠶᠠᠷ ᠤᠨ ᠡᠴᠢᠭᠡ ᠴᠢᠨᠢ ᠭᠡᠨ ᠪᠣᠢ︖ ᠶᠠᠭᠠᠭᠢᠭᠠᠤᠨ ᠡᠢ᠌ᠮᠤ ᠪᠤᠯᠪᠠ︖ ᠭᠡᠵᠤ ᠡᠶᠡᠪᠠᠷᠭᠦᠤ ᠠᠰᠠᠭᠤᠪᠠᠯ ᠮᠤᠯᠤᠮ᠄

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠮᠡᠨ ᠤ ᠡᠴᠢᠭᠡ ᠡᠭᠡ ᠡᠷᠳᠡ ᠨᠡᠰᠤ ᠪᠠᠷᠡᠵᠤ ᠪᠢᠳᠡ ᠬᠤᠶᠠᠭᠤᠯᠠ ᠭᠦᠮᠤᠨ ᠤ ᠭᠠᠷ ᠲᠤ ᠭᠦᠮᠤᠨ ᠪᠣᠯᠵᠤ ᠡᠳᠦᠭᠡ ᠨᠤᠳᠤᠭ ᠣᠷᠤᠨ ᠭᠠᠮᠰᠢᠭ ᠪᠣᠯᠵᠤ᠂ ᠳᠡᠨᠦᠭᠦᠯᠴᠢᠨ ᠪᠣᠯᠪᠠ ᠭᠡᠵᠤ ᠬᠠᠷᠢᠭᠤᠯᠬᠤ ᠳᠤ᠂ ᠵᠢᠮᠪᠠ᠄

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠲ᠋ᠠᠢ᠌ᠮᠤ ᠪᠢᠰᠢ᠂ ᠡᠴᠢᠭᠡ ᠶᠢᠨ ᠴᠢᠨᠢ ᠨᠠᠷ᠎ᠠ ᠭᠡᠨ ᠪᠣᠢ︖ ᠲ᠋ᠠ ᠬᠤᠶᠠᠷ ᠦᠨᠡᠨ ᠶᠢᠡᠨ ᠭᠡᠯᠡᠪᠠᠯ ᠪᠢ ᠬᠤᠨᠢᠨ ᠮᠢᠬ᠎ᠠ ᠲᠡᠶ ᠳᠤᠳᠤᠷᠭ᠎ᠠ ᠢᠳᠡᠭᠦᠯᠦᠨ᠎ᠡ᠂ ᠭᠡᠷᠪᠡ ᠬᠤᠳᠠᠯ ᠭᠡᠯᠡᠪᠠᠯ ᠣᠳᠤ ᠪᠠᠷ ᠨᠢ ᠳᠦᠴᠢᠨ ᠮᠤᠳᠤ ᠳᠠᠰᠢᠭᠤᠷᠳᠠᠨ᠂ ᠨᠤᠬᠠᠢ ᠶᠢᠨ ᠢᠳᠠᠰᠢ ᠪᠣᠯᠭᠠᠨ᠎ᠠ ᠭᠡᠵᠤ ᠭᠡᠯᠡᠨ᠎ᠡ᠃ ᠲ᠋ᠡᠭᠡᠳᠡᠯ᠎ᠡ ᠮᠤᠯᠤᠷ ᠦᠯᠦᠰᠴᠤ ᠣᠮᠳᠠᠭᠠᠰᠴᠤ ᠶᠠᠳᠠᠷᠠᠬᠤ ᠶᠢᠨ ᠲᠤᠢ᠌ᠯ ᠲᠤ ᠳᠤᠯᠤᠭᠰᠠᠨ ᠳᠤᠯᠠ ᠠᠮᠠ ᠪᠠᠨ ᠪᠠᠷᠢᠵᠤ ᠳᠠᠢ᠌ᠯᠤᠭᠰᠠᠨ ᠦᠭᠡᠶ ᠵᠢᠮᠪᠠ ᠳᠤ᠄

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠪᠢᠳᠠ ᠪᠣᠯ ᠪᠢᠴᠢᠭᠡᠴᠢ ᠫᠣᠩᠰᠤᠭ ᠤᠨ ᠬᠤᠶᠠᠷ ᠬᠡᠦᠬᠡᠳ ᠭᠡᠵᠤ ᠠᠮᠠ ᠡᠡᠯᠳᠡᠪᠡ᠃ ᠡᠨᠡ ᠦᠶ᠎ᠡ ᠳᠤ ᠵᠢᠮᠪᠠ ᠶ‍ᠦᠰᠦᠳᠡᠢ ᠡᠯᠢᠭᠡ ᠪᠠᠨ ᠮᠠᠭᠠᠵᠢᠯᠭᠢᠯᠠᠨ ᠢᠨᠢᠶᠠᠵᠤ᠄

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠲ᠋ᠡᠭᠡᠳᠤ ᠳᠡᠭ᠍ᠷᠢ ᠲᠦᠮᠡᠨ ᠨᠢᠳᠤᠳᠠᠢ ᠪᠠᠢ᠌ᠭᠰᠠᠨ ᠰᠠᠠᠵᠠᠢ︕ ᠨᠤᠤᠳᠠᠢ ᠶᠢ ᠳᠠᠭᠤᠳᠡ︕ ᠭᠡᠵᠤ ᠬᠠᠰᠭᠢᠷᠤᠪᠠ᠃ ᠣᠳᠠᠯ ᠦᠭᠡᠶ ᠨᠤᠤᠳᠠᠢ ᠢᠷᠠᠪᠠ᠂ ᠳᠡᠭᠦᠨ ᠲᠤ ᠵᠢᠮᠪᠠ᠄

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠡᠨᠡ ᠬᠤᠶᠠᠭᠤᠯᠠ ᠳᠤ ᠬᠤᠭᠤᠯᠠ ᠢᠳᠡᠭᠦᠯᠵᠤ᠂ ᠮᠢᠨᠤ ᠬᠤᠨᠢᠨ ᠤ ᠳᠤᠪᠣ ᠳᠤ ᠭᠦᠷᠭᠡᠵᠤ ᠮᠠᠷᠭᠠᠰᠢ ᠡᠴᠡ ᠡᠭᠢᠯᠡᠨ ᠬᠤᠨᠢ ᠶᠢ ᠬᠠᠷᠢᠭᠤᠯᠤᠯ︕ ᠣᠰᠤᠯ ᠡ᠊ᠨᠳᠡᠭᠦᠷᠡᠯ ᠭᠠᠷᠪᠠᠯ ᠵᠤᠳᠤᠵᠤ ᠶᠤᠳᠤᠵᠤ ᠰᠤᠷᠭᠠᠵᠤ ᠪᠤᠯᠤᠨ᠎ᠠ᠃ ᠡᠨᠡ ᠣᠴᠢᠷ ᠢ ᠴᠢᠮ᠎ᠠ ᠳᠤ ᠳᠤᠰᠢᠶᠡᠪᠡ ᠂ ᠤᠢᠯᠠᠭᠠᠪᠠᠤ︖ ᠭᠡᠯ᠎ᠡ᠃ ᠨᠤᠦᠳᠡᠢ ᠵᠠᠷᠯᠢᠭ ᠰᠤᠨᠤᠰᠴᠤ ᠡᠨᠡ ᠬᠤᠶᠠᠭᠤᠯᠠ ᠶᠢ ᠬᠤᠭᠤᠯᠠ ᠢᠳᠡᠭᠦᠯᠤᠨ ᠳᠡᠷᠭᠡᠨ ᠳᠤ ᠳᠡᠭᠡᠭᠡᠵᠤ᠂ ᠰᠢᠷ᠎ᠠ ᠭᠦᠳᠦᠯ ᠤᠨ ᠵᠡᠭᠦᠡᠳᠡᠢ ᠵᠠᠮᠴᠠᠭᠠᠨ ᠭᠡᠮᠡᠭᠦ ᠭᠠᠵᠠᠷ ᠬᠤᠨᠢᠴᠢᠨ ᠪᠣᠯᠭᠠᠵᠤ ᠭᠡᠷᠡᠭᠯᠡᠪᠡ᠃ ᠲ᠋ᠡᠭᠦᠨ ᠡᠴᠡ ᠬᠣᠢ᠌ᠰᠢ ᠮᠤᠯᠤᠮ ᠮᠤᠯᠤᠷ ᠬᠤᠶᠠᠭᠤᠯᠠ ᠶᠢ ᠵᠢᠮᠪᠠ ᠨᠢᠭᠤᠴᠠ ᠳᠠᠯᠳᠠ ᠭᠠᠵᠠᠷ ᠬᠤᠨᠢᠴᠢᠨ ᠶᠢᠡᠷ ᠵᠠᠷᠤᠵᠤ ᠪᠠᠢ᠌ᠬᠤ ᠶᠢ ᠮᠡᠳᠡᠭᠦ ᠭᠦᠮᠤᠨ ᠠᠯᠠᠭ᠎ᠠ᠂ ᠵᠢᠮᠪᠠ ᠴᠤ ᠳᠤᠳᠤᠷ᠎ᠠ ᠪᠠᠨ ᠰᠡᠮᠡᠭᠡᠷ ᠪᠠᠶᠠᠷᠯᠠᠵᠤ᠂ ᠫᠣᠩᠰᠤᠭ ᠤᠨ ᠳᠤᠤᠷ᠎ᠠ ᠦᠶ᠎ᠡ ᠶᠢ ᠪᠢ ᠡᠵᠡᠨ ᠮᠡᠳᠡᠭᠦ ᠪᠣᠯᠤᠭᠰᠠᠨ ᠴᠢᠨᠢ ᠳᠡᠭ᠍ᠷᠢ ᠨᠠᠳᠠ ᠵᠠᠪᠰᠢᠶᠠᠨ ᠣᠯᠭᠤᠪᠠ ᠭᠡᠵᠤ ᠰᠡᠳᠭᠢᠯ ᠬᠠᠨᠤᠵᠤ ᠪᠠᠶᠠᠷᠯᠠᠨ᠎ᠠ᠃

ᠡᠳᠦᠷ ᠰᠠᠷ᠎ᠠ ᠶᠢᠨ ᠥᠩᠭᠡᠷᠡᠯᠳᠡ ᠭᠡᠭ᠍ᠴᠢ ᠦᠳᠦᠳᠤ ᠰᠤᠮᠤ ᠬᠠᠷᠪᠣᠭᠰᠠᠨ ᠰᠢᠭ᠌ ᠬᠤᠷᠳᠤᠨ ᠶᠤᠮᠰᠠᠠᠵᠠᠢ᠃ ᠦᠵᠡᠵᠤ ᠪᠠᠢ᠌ᠳᠠᠯ᠎ᠠ᠂ ᠨᠢᠭᠡᠨ ᠵᠢᠯ ᠢ ᠥᠩᠭᠡᠷᠡᠨ ᠰᠢᠨ᠎ᠠ ᠨᠢᠭᠡᠨ ᠵᠢᠯ ᠳᠤ ᠣᠷᠤᠪᠠ᠃ ᠬᠤᠨᠢᠴᠢᠨ ᠪᠣᠯᠵᠤ ᠶᠠᠪᠣᠭ᠎ᠠ ᠮᠤᠯᠤᠮ᠂ ᠮᠤᠯᠤᠷ ᠬᠤᠶᠠᠷ ᠴᠤ ᠭᠦᠴᠢᠷ ᠵᠤᠪᠠᠭᠤᠷᠢ ᠶᠢᠨ ᠳᠤᠮᠳᠠ ᠬᠠᠯᠠ ᠳᠠᠮᠤ ᠠᠮᠰᠠᠨ ᠦᠯᠦᠰᠴᠤ ᠣᠮᠳᠠᠭᠠᠰᠤᠨ᠂ ᠠᠳᠠᠷ ᠭᠡᠭᠡᠷ᠎ᠡ ᠪᠠᠷ ᠨᠤᠳᠤᠭ ᠶᠢᠡᠨ ᠭᠢᠵᠤ᠂ ᠠᠳᠤᠭᠤᠰᠤ ᠮᠠᠯ ᠶᠢᠡᠷ ᠨᠠᠢ᠌ᠵᠢ ᠪᠣᠯᠭᠠᠵᠤ ᠬᠤᠶᠠᠭᠤᠯᠠ ᠨᠢᠭᠡ ᠨᠠᠰᠤ ᠨᠡᠮᠡᠭ᠍ᠳᠡᠪᠡ᠃

ᠦᠨᠦ ᠵᠢᠯ ᠤᠨ ᠳᠡᠯᠭᠡᠷᠡᠭᠦ ᠳᠦᠷᠪᠠᠨ ᠰᠠᠷ᠎ᠠ ᠶᠢᠨ ᠰᠢᠨ᠎ᠠ ᠶᠢᠨ ᠳᠠᠪᠤᠨ ᠤ ᠡᠳᠦᠷ᠂ ᠵᠢᠮᠪᠠ ᠭᠡᠨᠡᠳᠲᠡ ᠡᠨᠡᠭᠦ ᠵᠠᠮᠴᠠᠭᠠᠨ ᠤ ᠭᠠᠵᠠᠷ ᠢᠷᠠᠵᠤ᠂ ᠬᠤᠨᠢᠨ ᠤ ᠳᠠᠷᠭᠤ ᠪᠠᠨ ᠪᠠᠢ᠌ᠴᠠᠭᠠᠪᠠ᠃ ᠲ᠋ᠠᠭᠠᠤ ᠳ᠋ᠤᠨᠢ ᠡᠳᠡ ᠬᠤᠶᠠᠭᠤᠯᠠ ᠶᠢᠨ ᠭᠡᠷᠭᠢᠨ ᠬᠤᠨᠢ ᠬᠠᠷᠢᠭᠤᠯᠵᠤ ᠪᠠᠢ᠌ᠬᠤ ᠶᠢ ᠦᠵᠡᠪᠠ᠃ ᠵᠢᠮᠪᠠ᠂ ᠨᠤᠤᠳᠠᠢ ᠳᠤ᠄

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠡᠨᠡ ᠬᠤᠶᠠᠷ ᠢ ᠡᠢ᠌ᠮᠤ ᠠᠮᠠᠷᠬᠠᠨ ᠬᠤᠨᠢ ᠬᠠᠷᠢᠭᠤᠯᠤᠭᠠᠤᠨ ᠪᠣᠯᠬᠤ ᠪᠢᠰᠢ᠂ ᠣᠳᠤ ᠳᠤᠪᠣ ᠶᠢᠨ ᠠᠷᠤ ᠭᠦᠳᠦᠯ ᠳᠡᠭᠡᠷ᠎ᠡ ᠨᠠᠶᠠᠨ ᠮᠤ ᠰᠠᠢ᠌ᠨ ᠳᠠᠷᠢᠶ᠎ᠠ ᠭᠠᠷᠭᠠᠵᠤ ᠨᠢᠭᠡ ᠨᠢ ᠬᠤᠨᠢ ᠬᠠᠷᠢᠭᠤᠯᠪᠠᠯ᠂ ᠨᠢᠭᠡ ᠨᠢ ᠳᠠᠷᠢᠶ᠎ᠠ ᠠᠷᠴᠢᠯᠠᠨ ᠮᠢᠨᠤ ᠠᠮᠢᠳᠤᠷᠠᠯ ᠳᠤ ᠳᠤᠰᠠ ᠪᠣᠯᠬᠤ ᠭᠡᠷᠡᠭ᠍ᠳᠡᠢ ᠭᠡᠪᠡ᠃ ᠨᠤᠦᠳᠡᠢ᠄

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠪᠠᠶᠠᠨ ᠮᠢᠨᠢ ᠡ︕ ᠡᠳᠡ ᠴᠢᠨᠢ ᠬᠡᠦᠬᠡᠳ ᠪᠠᠢ᠌ᠭᠰᠠᠭᠠᠷ ᠰᠢᠤ︕ ᠲ᠋ᠠᠢ᠌ᠮᠤ ᠭᠦᠡᠳᠤ ᠠᠵᠢᠯ ᠢ ᠭᠢᠵᠤ ᠳᠡᠢ᠌ᠯᠭᠦ ᠭᠡᠵᠤ ᠦᠦ⁈ ᠲ᠋ᠡᠭᠡᠭᠦ ᠪᠠᠷ ᠪᠠᠶᠠᠨ ᠤ ᠬᠠᠷᠢᠶᠠᠳᠤ ᠠᠷᠠᠤᠨ ᠡᠴᠡ ᠢᠯᠡᠭᠦᠤ ᠭᠡᠳᠤ ᠶᠢ ᠳᠠᠭᠤᠳᠠᠪᠠᠯ ᠪᠣᠯᠴᠢᠬᠠᠬᠤ ᠪᠢᠰᠢᠤ︖ ᠭᠡᠭᠦ ᠳᠤ᠂ ᠵᠢᠮᠪᠠ ᠠᠭᠤᠷᠯᠠᠨ᠄

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠴᠢ ᠶᠤᠰᠤᠳᠠᠢ ᠳᠦᠴᠢ ᠳᠠᠪᠢᠨ ᠵᠢᠯ ᠪᠠᠭᠠᠰᠤ ᠢᠳᠡᠴᠢᠭᠡᠵᠡᠢ᠃ ᠮᠡᠳᠡᠭᠦ ᠶᠠᠭᠤᠮ᠎ᠠ ᠪᠠᠢ᠌ᠬᠤ ᠦᠭᠡᠶ᠂ ᠵᠥᠪᠭᠡᠨ ᠢᠳᠠᠰᠢ ᠢᠳᠠᠨ ᠳᠠᠭᠢᠨ ᠪᠠᠭᠠᠪᠠᠯ ᠪᠠᠷᠠᠴᠢᠬᠠᠬᠤ ᠦᠵᠡᠯ ᠲᠡᠶ᠂ ᠱᠠᠯ ᠳᠠᠮᠠᠢ ᠠᠮᠢᠳᠠᠨ᠂ ᠳᠠᠭᠢᠭᠠᠤᠨ ᠴᠢ ᠡᠢ᠌ᠮᠤ ᠥᠭᠡ ᠶᠠᠷᠢᠪᠠᠯ᠂ ᠴᠢᠨᠤ ᠰᠤᠩᠭ᠋ᠤᠯᠳᠠ ᠮᠦᠨ ᠡᠨᠡ ᠬᠤᠶᠠᠷ ᠰᠢᠭ᠂ ᠮᠠᠳᠠᠪᠠᠤ︖ ᠵᠥᠨᠦᠭ᠌︕ ᠭᠡᠵᠤ ᠠᠭᠰᠤᠷᠠᠨ ᠭᠡᠯᠡᠪᠡ᠃ ᠨᠤᠦᠳᠡᠢ ᠠᠷᠭ᠎ᠠ ᠦᠭᠡᠶ᠄

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠪᠢ ᠮᠠᠳᠠᠯ᠎ᠠ᠂ ᠪᠠᠶᠠᠨ ᠮᠢᠨᠢ ᠪᠢᠳᠡᠭᠡᠢ ᠠᠭᠤᠷᠯᠡᠭᠠᠷᠡᠢ︕ ᠭᠡᠪᠡ᠃

ᠲ᠋ᠡᠭᠦᠨ ᠡᠴᠡ ᠬᠣᠢ᠌ᠰᠢ ᠮᠤᠯᠤᠮ᠂ ᠮᠤᠯᠤᠷ ᠬᠤᠶᠠᠭᠤᠯᠠ ᠶᠢ ᠭᠦᠡᠳᠤ ᠨᠦᠰᠠᠷ ᠠᠵᠢᠯ ᠳᠤ ᠣᠷᠤᠯᠴᠠᠭᠤᠯᠤᠨ ᠡᠭᠢᠯᠡᠪᠡ᠃ ᠨᠤᠦᠳᠡᠢ ᠥᠨᠡᠭᠡᠷ ᠰᠡᠳᠭᠢᠯ ᠳᠦᠪᠳᠡᠭᠦ ᠦᠭᠡᠶ ᠥᠪᠠᠷᠳᠡᠭᠡᠨ ᠭᠤᠤᠯᠯᠠᠵᠤ᠂ ᠳᠠᠳᠠ ᠬᠤᠶᠠᠭᠤᠯᠠ ᠲᠡᠶ ᠬᠠᠮᠳᠤ ᠡᠳᠡᠭᠡᠷ ᠠᠵᠢᠯ ᠢ ᠭᠢᠵᠤ ᠭᠦᠢᠴᠡᠳᠭᠡᠨ᠎ᠡ᠃

ᠰᠠᠷ᠎ᠠ ᠥᠩᠭᠡᠷᠡᠵᠡᠢ᠃ ᠨᠡᠮᠰᠡᠷᠡᠢ ᠪᠠᠶᠠᠨ ᠴᠤ ᠰᠡᠳᠭᠢᠯ ᠳᠤ ᠡᠪ ᠥᠭᠡᠢ᠌ᠷᠡᠵᠤ ᠵᠡᠭᠦᠳᠤᠨ ᠳᠤ ᠫᠣᠩᠰᠤᠭ ᠲᠡᠶ ᠠᠭᠤᠯᠵᠠᠨ ᠳᠡᠭᠦᠨ ᠤ ᠬᠡᠦᠬᠡᠳ ᠢ ᠨᠢ ᠠᠰᠠᠷᠠᠨ ᠳᠡᠵᠢᠭᠡᠵᠤ ᠠᠴᠢ ᠶᠢ ᠴᠢᠨᠢ ᠬᠠᠷᠢᠭᠤᠯᠤᠶ᠎ᠠ ᠭᠡᠵᠤ ᠠᠮᠠ ᠠᠯᠳᠠᠭᠰᠠᠨ ᠶᠢᠡᠨ ᠪᠣᠳᠤᠵᠤ ᠥᠨᠡᠭᠡᠷ ᠰᠡᠳᠭᠢᠯ ᠤᠨ ᠳᠤᠳᠤᠷ᠎ᠠ ᠭᠠᠰᠢᠭᠤᠳᠠᠨ ᠵᠤᠪᠠᠨᠢᠨ᠎ᠡ᠃ ᠭᠡᠪᠠᠴᠤ ᠠᠷᠭ᠎ᠠ ᠦᠭᠡᠶ᠂ ᠡᠨᠡ ᠬᠡᠦᠬᠡᠳ ᠴᠤᠬᠤᠮ ᠬᠠᠮᠢᠭ᠎ᠠ ᠪᠠᠢ᠌ᠭ᠎ᠠ ᠪᠣᠢ ⁈

ᠵᠢᠯ ᠤᠨ ᠡᠴᠦᠰ ᠤᠢ᠌ᠷᠠᠳᠤᠯ᠎ᠠ᠃ ᠨᠤᠤᠳᠠᠢ ᠨᠢᠭᠡᠨ ᠡᠳᠦᠷ ᠮᠤᠯᠤᠮ ᠪᠠ ᠮᠤᠯᠤᠷ ᠬᠤᠶᠠᠭᠤᠯᠠ ᠶᠢ ᠳᠠᠭᠤᠳᠠᠨ᠄

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠵᠠᠨ︕ ᠲ᠋ᠠ ᠬᠤᠶᠠᠭᠤᠯᠠ ᠣᠳᠤ ᠦᠨᠦ ᠰᠦᠨᠢ ᠡ᠊ᠨᠳᠡ ᠡᠴᠡ ᠡᠮᠦᠨᠡᠰᠢ ᠳᠤᠳᠠᠭᠠᠵᠤ ᠶᠠᠪᠣ᠂ ᠳᠡᠭᠡᠭ᠍ᠰᠢ ᠳᠠᠯᠠᠨ ᠭᠠᠵᠠᠷ ᠢᠯᠡᠭᠦᠤ ᠶᠠᠪᠣᠭᠰᠠᠭᠠᠷ ᠨᠢᠭᠡᠨ ᠴᠠᠢ᠌ᠳᠠᠮ ᠭᠡᠭᠦ ᠭᠠᠵᠠᠷ ᠭᠦᠷᠦᠨ᠎ᠡ᠃ ᠲ᠋ᠡ᠊ᠨᠳᠡᠭᠢ ᠡᠵᠡᠨ ᠨᠢ ᠳᠠᠷᠤᠢ ᠴᠠᠢ᠌ᠳᠠᠮ ᠭᠡᠳᠡᠭ᠌ ᠨᠠᠷ᠎ᠠ ᠲᠡᠶ᠂ ᠭᠦᠮᠤᠨ ᠨᠢ ᠨᠠᠯᠢᠶᠠᠤᠨ ᠰᠠᠢ᠌ᠨ᠂ ᠳᠠᠨᠠᠷ ᠳᠠᠠᠳᠠ ᠣᠴᠢᠵᠤ ᠪᠠᠶ᠎ᠠ ᠬᠤᠷᠤᠭᠤᠳᠠᠪᠠᠯ ᠬᠤᠵᠢᠮ ᠨᠠᠷᠠ ᠣᠯᠵᠤ ᠥᠵᠡᠭᠦ ᠶᠤᠮ ᠭᠡᠪᠡ᠃ ᠲ᠋ᠡᠭᠡᠭᠦ ᠳᠤ ᠮᠤᠯᠤᠮ᠄

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠡᠩ︕ ᠡᠪᠦᠭᠡᠨ ᠪᠠᠭᠰᠢ ᠮᠢᠨᠢ ᠡ︕ ᠪᠢᠳᠡᠨ ᠳᠠᠨ ᠢ ᠡ᠊ᠨᠳᠡ ᠬᠠᠶᠠᠭᠠᠤᠨ ᠶᠠᠪᠣᠪᠠᠯ ᠳᠠᠨ ᠳᠤ ᠭᠠᠢ ᠢᠷᠡᠭᠦ ᠭᠡᠭ᠍ᠴᠢ ᠶᠢ ᠮᠠᠳᠠᠵᠤ ᠪᠠᠢ᠌ᠭᠠᠤᠨ ᠶᠠᠭᠠᠭᠢᠨ ᠬᠠᠶᠠᠵᠤ ᠳᠦᠪᠳᠡᠭᠦ ᠪᠢᠯᠡ ⁈ ᠭᠡᠭᠦ ᠳᠤ ᠨᠤᠤᠳᠠᠢ᠄

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠬᠠᠮᠢᠶ᠎ᠠ ᠦᠭᠡᠶ᠂ ᠪᠢ ᠳᠤᠮᠤ ᠭᠦᠮᠤᠨ ᠶᠤᠮ ᠴᠢᠨᠢ ᠠᠷᠭ᠎ᠠ ᠪᠠᠢ᠌ᠨ᠎ᠠ᠂ ᠳᠡᠭᠡᠭᠦ ᠪᠠᠷ ᠳᠠ ᠬᠤᠶᠠᠭᠤᠯᠠ ᠬᠤᠷᠳᠤᠨ ᠳᠤᠳᠠᠭᠠᠷᠠᠢ︕ ᠣᠳᠤ ᠵᠢᠯ ᠤᠨ ᠡᠴᠦᠰ ᠪᠣᠯᠬᠤᠯ᠎ᠠ ᠵᠢᠮᠪᠠ ᠪᠠᠶᠠᠨ ᠳᠠ ᠨᠡᠷ ᠢ ᠣᠯᠠᠮ ᠢᠯᠭᠦᠤ ᠬᠠᠯᠠ ᠵᠤᠪᠠᠯᠠᠩ ᠠᠮᠰᠠᠭᠤᠯᠤᠨ᠂ ᠴᠢᠨᠠᠭᠰᠢᠯᠠᠨ ᠠᠮᠢ ᠨᠠᠰᠤᠨ ᠳᠤ ᠴᠢᠨᠢ ᠭᠠᠢ ᠢᠷᠠᠵᠤ ᠮᠠᠳᠠᠨ᠎ᠠ᠂ ᠬᠤᠷᠳᠤᠨ ᠡ᠊ᠨᠳᠡ ᠡᠴᠡ ᠵᠠᠢ᠌ᠯᠠᠵᠤ ᠬᠤᠯᠠ ᠶᠠᠪᠣᠵᠤ ᠬᠤᠵᠢᠮ ᠤᠨ ᠡᠳᠦᠷ ᠶᠢᠡᠨ ᠪᠤᠳᠤᠭᠠᠷᠠᠢ︕ ᠭᠡᠵᠤ ᠰᠤᠷᠭᠠᠵᠤ ᠭᠡᠯᠡᠪᠡ᠃ ᠮᠤᠯᠦᠮ ᠮᠤᠯᠤᠷ ᠬᠤᠶᠠᠭᠤᠯᠠ ᠳᠠᠭᠢᠨ ᠵᠠᠮᠴᠠᠭᠠᠨ ᠡᠴᠡ ᠡᠮᠦᠨᠡᠰᠢ ᠴᠠᠢ᠌ᠳᠠᠮ ᠢ ᠴᠢᠭᠯᠡᠨ ᠣᠤᠠᠪᠠ᠃

ᠳᠠᠳᠠᠨᠠᠷ ᠬᠠᠭᠠᠰ ᠰᠠᠷ᠎ᠠ ᠢᠯᠡᠭᠦᠤ ᠶᠠᠪᠣᠵᠤ ᠪᠠᠢ᠌ᠮᠠᠨ᠂ ᠵᠠᠮ ᠳᠦᠭᠡᠷᠢᠵᠤ᠂ ᠭᠡᠭᠡᠷ᠎ᠡ ᠬᠤᠨᠤᠵᠤ ᠭᠡᠳᠡ ᠳᠠᠷᠯᠠᠨ᠂ ᠭᠠᠰᠢᠭᠤᠨ ᠢ ᠠᠮᠰᠠᠨ ᠵᠥᠳᠡᠭᠦᠷᠢ ᠶᠢ ᠡᠳ᠋ᠯᠡᠨ᠂ ᠡᠴᠦᠰ ᠲᠡᠭᠡᠨ ᠴᠠᠢ᠌ᠳᠠᠮ ᠳᠤ ᠭᠦᠷᠦᠭᠡᠳ ᠢᠷᠠᠵᠠᠢ᠃ ᠥᠨᠡᠭᠡᠷ ᠨᠤᠤᠳᠠᠢ ᠶᠢᠨ ᠭᠡᠯᠡᠭ᠍ᠰᠡᠨ ᠰᠢᠭ᠌ ᠳᠤᠮᠤ ᠪᠦᠭᠡᠳ ᠪᠠᠶᠠᠯᠢᠭ ᠰᠠᠠᠵᠠᠢ᠃

ᠡᠳᠡᠨ ᠬᠤᠶᠠᠭᠤᠯᠠ ᠡ᠊ᠨᠳᠡ ᠢᠷᠠᠵᠤ ᠪᠠᠰᠠ ᠭᠤᠶᠤᠯᠭ᠎ᠠ ᠭᠢᠵᠤ ᠴᠠᠢ᠌ᠳᠠᠮ ᠤᠨ ᠡᠷᠦᠭᠡᠨ ᠡᠮᠦᠨ᠎ᠡ ᠰᠥᠭᠦᠳᠡᠨ ᠭᠤᠶᠤᠪᠠ᠃ ᠴᠠᠢ᠌ᠳᠠᠮ ᠪᠠᠶᠠᠨ ᠡᠨᠡ ᠬᠤᠶᠠᠭᠤᠯᠠ ᠶᠢ ᠭᠦᠭᠡᠷᠦᠭᠦᠢ᠌ᠯᠡᠨ᠂ ᠮᠠᠨ ᠤ ᠮᠤᠩᠭ᠋ᠤᠯ ᠤᠨ ᠦᠷ᠎ᠡ᠂ ᠡᠢ᠌ᠮᠤ ᠳᠤᠤᠷ᠎ᠠ ᠪᠣᠯᠪᠠ︖ ᠪᠢ ᠦᠵᠡᠵᠤ ᠪᠠᠢ᠌ᠭᠠᠤᠨ ᠶᠠᠭᠠᠭᠢᠵᠤ ᠪᠣᠯᠬᠤ ᠪᠢᠯᠡ︖ ᠭᠡᠳ ᠳᠠᠷᠠ ᠬᠤᠶᠠᠭᠤᠯᠠ ᠶᠢ ᠡᠷᠦᠭᠡᠨ ᠲᠡᠭᠡᠨ ᠣᠷᠤᠭᠤᠯᠵᠤ ᠬᠤᠭᠤᠯᠠ ᠣᠮᠳᠠ ᠥᠭ᠍ᠴᠤ᠂ ᠠᠮᠤᠷᠵᠢᠭᠤᠯᠤᠨ ᠳᠤᠬᠣᠨᠢᠭᠤᠯᠵᠤ᠂ ᠣᠴᠢᠷ ᠶᠠᠪᠣᠳᠠᠯ ᠢ ᠨᠢ ᠨᠢᠭᠡᠳ ᠨᠢᠭᠡ ᠪᠠᠷ ᠰᠤᠨᠤᠰᠴᠤ᠂ ᠬᠤᠶᠠᠭᠤᠯᠠ ᠶᠢ ᠬᠤᠨᠢᠨ ᠤ ᠡᠡᠵᠢᠯ ᠳᠤ ᠰᠢᠯᠵᠢᠭᠦᠯᠪᠡ ᠃ ᠭᠡᠳᠡᠯ᠎ᠡ ᠴᠡᠢ᠌ᠳᠡᠮ ᠪᠠᠶᠡᠨ ᠢ᠌ᠮᠪᠡ ᠲᠡᠶ ᠠᠳᠠᠯᠢ ᠦᠭᠡᠶ᠂ ᠮᠤᠯᠤᠮ ᠮᠤᠯᠤᠷ ᠬᠤᠶᠠᠭᠤᠯᠠ ᠳᠤ ᠬᠤᠪᠴᠠᠰᠤ ᠬᠤᠨᠠᠷ ᠥᠭ᠍ᠴᠤ᠂ ᠢᠳᠠᠵᠤ ᠣᠤᠭᠤᠬᠤ ᠶᠢ ᠨᠢ ᠳᠠᠰᠤᠷᠠᠯ ᠦᠭᠡᠶ᠂ ᠬᠠᠯᠠ ᠵᠤᠪᠠᠯᠠᠩ ᠦᠭᠡᠶ ᠰᠠᠢ᠌ᠨ ᠶᠢᠡᠷ ᠦᠵᠡᠵᠤ ᠭᠡᠷᠡᠭᠯᠡᠪᠡ᠃

ᠨᠤᠤᠳᠠᠢ ᠭᠡᠷᠡᠭ᠌ ᠭᠠᠷᠤᠭᠰᠠᠨ ᠤ ᠳᠠᠷᠠᠭ᠎ᠠ ᠰᠡᠳᠭᠢᠯ ᠳᠤᠳᠤᠷ᠎ᠠ ᠡᠯᠳᠡᠪ ᠢ ᠪᠣᠳᠤᠨ ᠪᠠᠢ᠌ᠳᠠᠯ᠎ᠠ ᠵᠢᠮᠪᠠ ᠪᠠᠶᠠᠨ ᠮᠤᠷᠢ ᠳᠠᠪᠭᠢᠨ ᠵᠠᠮᠴᠠᠭᠠᠨ ᠳᠤ ᠢᠷᠠᠪᠠ᠃ ᠵᠢᠮᠪᠠ ᠱᠤᠩ ᠳᠤ ᠪᠠᠭᠤᠨ ᠮᠤᠷᠢᠨ ᠢ ᠣᠶᠠᠵᠤ᠂ ᠪᠠᠭᠤᠴᠠᠨ ᠳᠤ ᠤᠢ᠌ᠷᠠᠳᠤᠬᠤ ᠳᠤ ᠨᠤᠤᠳᠠᠢ ᠦᠷᠦᠭᠡᠨ ᠡᠴᠡ ᠰᠠᠠᠳᠤᠷᠠᠤ ᠮᠠᠠᠳᠤᠷᠠᠤ ᠭᠦᠶᠤᠨ ᠭᠠᠷᠴᠤ ᠢᠷᠠᠨ ᠦᠨᠳᠦᠷ ᠪᠦᠭᠡᠳ ᠡᠷᠢᠶᠡᠡᠳᠦᠭ᠍ᠰᠡᠨ ᠬᠤᠭᠤᠯᠠᠢ ᠪᠠᠷ᠄

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠪᠠᠶᠠᠨ ᠮᠢᠨᠢ ᠡ︕ ᠭᠡᠷᠡᠭ᠌ ᠮᠠᠭᠤᠬᠠᠢ ᠪᠣᠯᠪᠠ︕ ᠦᠨᠦ ᠳᠠᠷᠠ ᠬᠤᠶᠠᠷ ᠬᠡᠦᠬᠡᠳ ᠡᠮᠦᠨ᠎ᠡ ᠰᠦᠨᠢ ᠠᠯᠠᠭ᠎ᠠ ᠪᠣᠯᠪᠠ᠂ ᠪᠢᠳᠠ ᠡᠳᠦᠭᠡ ᠡᠷᠢᠭᠡᠳ ᠣᠯᠳᠠᠭᠰᠠᠨ ᠦᠭᠡᠶ ᠳᠤᠯᠠ ᠣᠳᠤ ᠶᠠᠭᠠᠭᠢᠵᠤ ᠴᠢᠮ᠎ᠠ ᠳᠤ ᠴᠢᠮᠡᠭᠡ ᠭᠦᠷᠭᠡᠭᠦ ᠪᠢᠯᠠ ᠭᠡᠵᠤ ᠵᠤᠪᠠᠭᠤᠷᠢᠳᠠᠢ ᠰᠠᠭᠤᠵᠤ ᠳᠦᠪᠠᠭ᠍ᠳᠡᠵᠤ ᠪᠠᠢ᠌ᠭᠰᠠᠨ᠂ ᠣᠳᠤ ᠳᠠ ᠮᠢᠨᠢ ᠭᠦᠷᠦᠭᠡᠳ ᠢᠷᠡᠭ᠍ᠰᠡᠨ ᠳᠤᠯᠠ ᠡᠭᠦᠨ ᠢ ᠭᠡᠯᠡᠭᠦ ᠦᠭᠡᠶ ᠪᠣᠯᠬᠤ ᠦᠭᠡᠶ ᠪᠢᠰᠢᠤ︕ ᠭᠡᠵᠤ ᠬᠠᠭᠤᠷᠮᠠᠭᠯᠠᠨ ᠣᠭᠢᠯᠠᠬᠤ ᠪᠦᠭᠡᠳ᠂ ᠪᠦᠷ ᠮᠢᠨᠤ ᠪᠣᠷᠤᠭᠤ᠂ ᠭᠡᠷᠪᠡ ᠳᠠᠷᠠ ᠬᠤᠶᠠᠭᠤᠯᠠ ᠶᠢ ᠳᠠᠭᠠᠭᠠᠵᠤ ᠠᠪᠣᠭᠰᠠᠨ ᠦᠭᠡᠶ ᠪᠣᠯ ᠨᠠᠳᠠ ᠳᠤ ᠡᠢ᠌ᠮᠤ ᠵᠤᠪᠠᠯᠠᠩ ᠢᠷᠡᠭᠦ ᠦᠭᠡᠶ ᠶᠤᠮ ᠭᠡᠵᠤ ᠳᠠᠰᠤᠯᠠᠨ ᠶᠠᠷᠢᠵᠤ ᠠᠭᠠᠰᠢᠯᠡᠨ᠎ᠡ᠃ ᠵᠢᠮᠪᠡ᠄

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠡᠮᠦᠨ᠎ᠡ ᠰᠦᠨᠢ ᠣᠷᠭᠤᠪᠠ᠂ ᠳᠠᠳᠠ ᠭᠡᠳᠦᠢ ᠭᠠᠵᠠᠷ ᠶᠠᠪᠣᠵᠤ ᠳᠡᠢ᠌ᠯᠭᠦ ᠪᠢᠯᠠ︕ ᠪᠢ ᠣᠳᠤ ᠪᠠᠷ ᠮᠤᠷᠢ ᠪᠠᠷ ᠮᠤᠷᠳᠠᠶ᠎ᠠ᠂ ᠴᠢ ᠳᠤᠪᠣ ᠶᠢ ᠰᠠᠢ᠌ᠳᠤᠷ ᠰᠠᠭᠢᠵᠤ ᠠᠵᠢᠯ ᠳᠤ ᠣᠰᠤᠯᠳᠤᠵᠤ ᠪᠣᠯᠬᠤ ᠦᠭᠡᠶ᠂ ᠴᠢᠮ᠎ᠠ ᠳᠤ ᠶᠠᠯ᠎ᠠ ᠦᠭᠡᠶ ᠭᠡᠳ ᠡᠷᠭᠢᠭᠡᠳ ᠮᠤᠷᠢᠨ ᠳᠠᠭᠠᠨ ᠮᠤᠷᠳᠠᠵᠤ ᠳᠠᠪᠭᠢᠨ ᠶᠠᠪᠣᠪᠠ᠃

ᠵᠢᠮᠪᠠ ᠰᠤᠴᠢᠯ ᠪᠠ ᠠᠶᠤᠮᠰᠢᠭ ᠤᠨ ᠳᠤᠮᠳᠠ ᠮᠤᠯᠤᠮ ᠪᠠ ᠮᠤᠯᠤᠷ ᠬᠤᠶᠠᠭᠤᠯᠠ ᠶᠢ ᠡᠷᠢᠵᠤ ᠳᠡᠭᠡᠭ᠍ᠰᠢ ᠪᠠᠨ ᠰᠠᠮᠫᠢᠯ ᠨᠤᠶᠠᠨ ᠳᠤ ᠮᠡᠳᠡᠭ᠍ᠳᠡᠭᠦ ᠦᠭᠡᠶ᠂ ᠳᠤᠷᠤᠭᠰᠢ ᠲᠦᠮᠡᠨ ᠣᠯᠠᠨ ᠳᠤ ᠮᠡᠳᠡᠭ᠍ᠳᠡᠭᠦ ᠦᠭᠡᠶ ᠪᠣᠯ ᠠᠯᠢᠪᠠ ᠪᠦᠷ ᠰᠠᠨᠠᠭ᠎ᠠ ᠠᠮᠤᠷ ᠪᠣᠯᠬᠤ ᠰᠠᠨ ᠭᠡᠵᠤ ᠪᠣᠳᠤᠯ ᠳᠦᠭᠦᠷᠡᠩ ᠶᠠᠪᠣᠭᠰᠠᠭᠠᠷ ᠭᠡᠳᠤᠨ ᠡᠳᠦᠷ ᠥᠩᠭᠡᠷᠡᠵᠡᠢ᠂ ᠳᠠᠷᠠ ᠰᠤᠷᠠᠭ ᠴᠢᠮᠡᠭᠡ ᠠᠯᠢᠨ ᠢ ᠴᠤ ᠣᠯᠤᠭᠰᠠᠨ ᠦᠭᠡᠶ᠂ ᠭᠢᠯᠢ ᠶᠢᠨ ᠭᠡᠳᠤᠨ ᠠᠢ᠌ᠯ ᠳᠤᠰᠬᠤᠨ ᠶᠢᠡᠷ ᠴᠢᠮᠡᠭᠡᠯᠡᠨ ᠡᠴᠦᠰ ᠲᠡᠭᠡᠨ ᠡᠷᠭᠢᠭᠡᠳ ᠢᠷᠠᠵᠠᠢ᠃ ᠵᠢᠮᠪᠠ ᠵᠠᠮᠴᠠᠭᠠᠨ ᠳᠤ ᠪᠠᠭᠤᠴᠢᠯᠠᠨ ᠨᠤᠤᠳᠠᠢ ᠳᠤ᠄

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠵᠠᠨ︕ ᠴᠢ ᠪᠣᠯ ᠮᠢᠨᠤ ᠬᠠᠮᠤᠭ ᠤᠨ ᠰᠠᠢ᠌ᠨ ᠬᠠᠷᠢᠶᠠᠳᠤ᠂ ᠡᠳᠦᠭᠡ ᠡᠨᠡ ᠣᠴᠢᠷ ᠡᠢ᠌ᠮᠤ ᠪᠣᠯᠪᠠ᠂ ᠶᠠᠭᠠᠭᠢᠯ᠎ᠠ ᠭᠡᠳ ᠳᠠᠳᠠ ᠴᠢᠨᠢ ᠭᠦᠮᠤᠨ ᠶᠤᠮ ᠴᠢᠨᠢ ᠪᠢᠳᠠ ᠪᠠᠰᠠ ᠰᠠᠨᠠᠭ᠎ᠠ ᠵᠤᠪᠠᠵᠤ ᠰᠡᠳᠭᠢᠯ ᠨᠢᠭᠡᠳᠡᠢ ᠥᠵᠡᠭᠦ ᠭᠡᠷᠡᠭ᠍ᠳᠡᠢ᠂ ᠣᠳᠤ ᠥᠭᠦᠭ᠍ᠰᠡᠨ ᠠᠮᠢᠳᠤ ᠶᠢ ᠨᠢ ᠮᠡᠳᠡᠭᠦ ᠦᠭᠡᠶ᠂ ᠡᠨᠡ ᠦᠶ᠎ᠡ ᠳᠤ ᠪᠢᠳᠠᠨ ᠰᠠᠨᠠᠭ᠎ᠠ ᠪᠣᠯᠬᠤ ᠦᠭᠡᠶ ᠶᠠᠭᠠᠭᠢᠵᠤ ᠪᠣᠯᠬᠤ ᠪᠢᠯᠠ︖ ᠳᠠᠷᠠ ᠬᠤᠶᠠᠷ ᠬᠡᠦᠬᠡᠳ ᠭᠡᠳᠡᠭ᠌ ᠴᠢᠨᠢ ᠣᠤᠯ ᠤᠨ ᠨᠤᠶᠠᠨ ᠤ ᠪᠢᠴᠢᠭᠡᠴᠢ ᠫᠣᠩᠰᠤᠭ ᠤᠨ ᠬᠡᠦᠬᠡᠳ ᠰᠢᠤ᠂ ᠦᠨᠡᠨ ᠳᠡᠭᠡᠨ ᠪᠢ ᠳᠠᠳᠠ ᠬᠤᠶᠠᠷ ᠢ ᠡ᠊ᠨᠳᠡ ᠭᠦᠮᠤᠨ ᠪᠣᠯᠬᠤ ᠶᠤᠰᠤ ᠶᠢ ᠵᠢᠭᠠᠵᠤ᠂ ᠬᠤᠵᠢᠮ ᠳᠠᠭᠢᠨ ᠳᠦᠷᠤ ᠣᠯᠤᠰ ᠲᠠᠭᠠᠨ ᠵᠢᠳᠭᠦᠯ ᠡᠷᠭᠦᠭᠦ ᠭᠦᠮᠤᠨ ᠪᠣᠯᠭᠠᠬᠤ ᠶᠢᠨ ᠲᠦᠯᠦᠭᠡ ᠪᠣᠳᠤᠬᠤ ᠳᠠᠭᠠᠨ ᠢᠩᠭᠢᠵᠤ ᠡᠴᠢᠨ᠎ᠡ ᠭᠠᠵᠠᠷ ᠭᠦᠮᠦᠵᠢᠭᠦᠯᠭᠡ ᠭᠢᠭᠦ ᠳᠤ ᠮᠢᠨᠤ ᠰᠠᠢ᠌ᠨ ᠰᠡᠳᠭᠢᠯ ᠢ ᠮᠡᠳᠡᠭᠦ ᠦᠭᠡᠶ ᠣᠷᠭᠤᠨ ᠳᠤᠳᠠᠭᠠᠪᠠ᠂ ᠡᠨᠡ ᠥᠨᠡᠭᠡᠷ ᠳᠡᠵᠢᠭᠡᠭ᠍ᠰᠡᠨ ᠪᠢᠷᠠᠭᠤ ᠳᠡᠷᠭᠡ ᠶᠢ ᠡᠪᠳᠡᠯᠡᠭᠦ ᠭᠡᠳᠡᠭ᠍ᠴᠢᠯᠡᠨ ᠨᠠᠳᠠ ᠶᠢ ᠭᠢᠯᠢᠰᠳᠡᠭᠦᠯᠭᠦ ᠶᠢᠨ ᠲᠤᠢ᠌ᠯ ᠪᠣᠯᠪᠠ᠃ ᠴᠢᠨᠤ ᠥᠵᠡᠭᠦ ᠪᠠᠷ ᠶᠠᠮᠠᠷ ᠠᠷᠭ᠎ᠠ ᠬᠠᠮᠤᠭ ᠢ ᠰᠠᠢ᠌ᠨ ᠪᠣᠯᠭᠠᠬᠤ ᠪᠤᠯ︖ ᠭᠡᠭᠦ ᠳᠤ ᠨᠤᠤᠳᠠᠢ᠄

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠡᠨᠡ ᠣᠴᠢᠷ ᠢ ᠪᠦᠭᠦᠳᠡ ᠲᠦᠮᠡᠨ ᠮᠡᠳᠡᠭ᠍ᠰᠡᠨ ᠦᠭᠡᠶ᠂ ᠵᠥᠪᠭᠡᠨ ᠳᠢᠶᠠᠨ ᠰᠠᠨ ᠶ‍ᠧ ᠳᠠ ᠬᠤᠶᠠᠷ ᠮᠡᠳᠡᠭᠦ ᠪᠢᠰᠢᠤ︕ ᠲ᠋ᠠᠢ᠌ᠮᠤ ᠡᠴᠡ ᠣᠴᠢᠷ ᠪᠣᠯᠬᠤ ᠦᠭᠡᠶ ᠶᠤᠮ᠃ ᠭᠡᠪᠠᠯ ᠵᠢᠮᠪᠠ᠄

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠠᠢ︕ ᠴᠢᠨᠤ ᠥᠭᠡ ᠳᠠᠭᠠᠷᠠᠬᠤ ᠦᠭᠡᠶ᠂ ᠳᠢᠶᠠᠨ ᠰᠠᠨ ᠶ‍ᠧ ᠮᠡᠳᠡᠭᠦ ᠥᠭᠡᠢ ᠰᠢᠤ᠂ ᠳᠠᠷᠠ ᠭᠡᠵᠢᠶᠡᠨᠡᠢ ᠭᠤᠷᠯᠤᠰ ᠲᠤ ᠶᠠᠪᠣᠴᠢᠬᠠᠭᠰᠠᠨ᠂ ᠳᠠᠢ᠌ᠮᠤ ᠡᠴᠡ ᠳᠠᠳᠠᠨᠠᠷ ᠤᠨ ᠣᠴᠢᠷ ᠢ ᠪᠢᠳᠠᠨ ᠬᠤᠶᠠᠭᠤᠯᠠ ᠰᠠ‍‌ᠶᠢ ᠳᠤᠳᠤᠷᠠᠬᠠᠢ ᠮᠡᠳᠡᠭᠦ ᠶᠤᠮ᠂ ᠴᠢ ᠡᠨᠡ ᠳᠤᠬᠠᠢ ᠨᠠᠳᠠ ᠳᠤ ᠠᠷᠭ᠎ᠠ ᠪᠣᠳᠤᠭᠠᠤᠨ ᠡᠡᠯᠢ︕ ᠭᠡᠪᠠᠯ ᠨᠤᠤᠳᠠᠢ᠄

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠪᠢ ᠪᠣᠳᠤᠪᠠᠯ ᠪᠠᠶᠠᠨ ᠳᠠ ᠭᠠᠭᠴᠠᠭᠠᠷ ᠰᠠᠮᠫᠢᠯ ᠨᠤᠶᠠᠨ ᠤ ᠣᠷᠳᠤᠨ ᠳᠤ ᠭᠦᠷᠴᠤ ᠪᠢᠴᠢᠭᠡᠴᠢ ᠶᠢᠨ ᠬᠤᠶᠠᠷ ᠬᠡᠦᠬᠡᠳ ᠢ ᠳᠢᠶᠠᠨᠬᠦᠤ ᠶᠢᠨ ᠳᠡᠭᠡᠷᠡᠮ ᠠᠪᠠᠴᠢᠴᠢᠬᠠᠭᠰᠠᠨ ᠴᠢᠮᠡᠭᠡ ᠶᠢ ᠰᠤᠷᠠᠭᠯᠠᠨ ᠣᠯᠪᠠ ᠭᠡᠵᠤ ᠭᠡᠯᠡ ᠭᠦᠷᠭᠡᠪᠠᠯ ᠳᠠ ᠯᠠᠪ ᠬᠠᠮᠤᠭ ᠪᠦᠭᠦᠳᠡ ᠶᠢᠨ ᠳᠡᠭᠡᠭᠦᠷ ᠪᠣᠯᠵᠤ᠂ ᠲᠦᠮᠡᠨ ᠤ ᠪᠢᠰᠢᠷᠠᠯ ᠢ ᠣᠯᠬᠤ ᠳᠤ ᠠᠮᠠᠷᠬᠠᠨ ᠪᠢᠰᠢᠤ︕ ᠭᠡᠪᠠᠯ ᠵᠢᠮᠪᠠ᠄

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠡᠨᠡ ᠬᠠᠷᠢᠨ ᠲᠦᠮᠡᠨ ᠠᠷᠭ᠎ᠠ ᠶᠢᠨ ᠳᠦᠷᠦᠭᠦᠤ ᠭᠡᠳᠡᠭ᠌ ᠡᠢ᠌ᠮᠤ ᠪᠠᠢ᠌ᠭᠰᠠᠨ ᠠᠵᠤᠭᠤ ᠭᠡᠳ ᠭᠦᠳᠦᠭᠡᠨᠡᠨ ᠢᠨᠢᠶᠠᠪᠠ᠃ ᠳᠠᠷᠠ ᠡᠳᠦᠷ ᠵᠢᠮᠪᠠ ᠵᠠᠮᠴᠠᠭᠠᠨ ᠳᠤ ᠬᠤᠨᠤᠭᠯᠠᠨ ᠮᠠᠷᠭᠠᠰᠢ ᠨᠢ ᠨᠤᠳᠤᠭ ᠲᠠᠭᠠᠨ ᠬᠠᠷᠢᠭᠰᠠᠨ ᠦᠭᠡᠶ᠂ ᠰᠢᠭᠤᠳ ᠠᠷᠢᠭᠤᠨ ᠴᠠᠭᠠᠨ ᠣᠷᠳᠤᠨ ᠳᠤ ᠭᠦᠷᠴᠤ ᠰᠠᠮᠫᠢᠯ ᠨᠤᠶᠠᠨ ᠳᠤ ᠪᠠᠷᠠᠭᠠᠳᠠᠨ ᠮᠦᠨ ᠣᠴᠢᠷ ᠶᠢᠡᠨ ᠳᠤᠭᠠᠴᠢᠪᠠ᠃ ᠰᠠᠮᠫᠢᠯ ᠨᠤᠶᠠᠨ ᠰᠤᠨᠤᠰᠴᠤ ᠳᠤᠳᠤᠷ᠎ᠠ ᠪᠠᠨ ᠦᠨᠡᠨ ᠬᠤᠳᠠᠯ ᠤᠨ ᠬᠤᠭᠤᠷᠦᠡᠳᠤ ᠡᠷᠭᠢᠯᠳᠤᠨ᠂ ᠶᠠᠭᠠᠭᠢᠬᠤ ᠪᠠᠨ ᠣᠯᠵᠤ ᠶᠠᠳᠠᠨ᠎ᠠ᠃ ᠵᠢᠮᠪᠠ ᠶᠠᠪᠣᠳᠠᠯ ᠶᠢᠡᠨ ᠭᠡᠯᠡᠵᠤ ᠳᠠᠭᠤᠰᠤᠨ᠂ ᠪᠠᠶᠠᠰᠤᠨ ᠰᠡᠳᠭᠢᠯ ᠬᠠᠨᠤᠵᠤ ᠭᠡᠷ ᠲᠡᠭᠡᠨ ᠬᠠᠷᠢᠪᠠ᠃ ᠨᠤᠤᠳᠠᠢ ᠴᠤ ᠣᠴᠢᠷ ᠦᠭᠡᠶ ᠠᠮᠤᠷ ᠲᠦᠪᠰᠢᠨ ᠶᠢᠡᠷ ᠵᠠᠮᠴᠠᠭᠠᠨ ᠤ ᠭᠠᠵᠠᠷ ᠵᠢᠮᠪᠠ ᠶᠢᠨ ᠠᠵᠢᠯ ᠢ ᠭᠢᠵᠤ ᠠᠵᠤ ᠳᠦᠷᠦᠭᠦ ᠶᠢ ᠥᠭᠦᠯᠡᠭᠦ ᠦᠭᠡᠶ᠃

ᠰᠠᠮᠫᠢᠯ ᠨᠤᠶᠠᠨ ᠨᠢᠭᠡᠨ ᠭᠤᠴᠤᠭ ᠢ ᠳᠠᠭᠤᠳᠠᠨ᠄

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠮᠠᠩᠬᠠᠳᠤ ᠶᠢᠨ ᠨᠠᠮᠰᠠᠷᠠᠢ ᠶᠢ ᠳᠠᠭᠤᠳᠠ᠂ ᠪᠢ ᠳᠡᠭᠦᠨ ᠲᠡᠶ ᠴᠢᠬᠤᠯᠠ ᠣᠴᠢᠷ ᠲᠡᠶ ᠭᠡᠵᠤ ᠨᠠᠮᠰᠠᠷᠠᠢ ᠶᠢ ᠠᠪᠴᠢᠷᠠᠨ ᠳᠢᠶᠠᠨᠬᠦᠤ ᠶᠢᠨ ᠳᠡᠭᠡᠷᠡᠮ ᠪᠢᠴᠢᠭᠡᠴᠢ ᠶᠢᠨ ᠬᠤᠶᠠᠷ ᠬᠡᠦᠬᠡᠳ ᠢ ᠠᠪᠣᠭᠠᠤᠨ ᠶᠠᠪᠣᠪᠠ ᠭᠡᠳᠡᠭ᠌ ᠴᠢᠮᠡᠭᠡ ᠶᠢ ᠶᠠᠷᠢᠨ ᠡᠨᠡ ᠣᠴᠢᠷ ᠢ ᠶᠠᠭᠠᠭᠢᠪᠠᠯ ᠰᠠᠢ᠌ᠨ ᠭᠡᠵᠤ ᠠᠰᠠᠭᠤᠪᠠᠯ ᠨᠠᠮᠰᠠᠷᠠᠢ᠄

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠮᠤᠩᠬᠠᠭ ᠪᠢ ᠦᠵᠡᠪᠠᠯ ᠳᠠᠷᠬᠠᠨ ᠠᠢ᠌ᠮᠠᠭ ᠶᠢᠡᠷ ᠪᠢ ᠳᠠᠯᠳᠠᠭᠤᠷ ᠶᠠᠪᠣᠵᠤ ᠰᠤᠷᠠᠭᠯᠠᠵᠤ ᠦᠵᠡᠶ᠎ᠠ︕ ᠦᠨᠡᠨ ᠬᠤᠳᠠᠯ ᠢ ᠨᠢ ᠢᠯᠠᠭᠠᠷᠠᠭᠤᠯᠤᠭᠰᠠᠨ ᠤ ᠬᠣᠢ᠌ᠨ᠎ᠠ ᠨᠤᠶᠠᠨ ᠳᠠᠨ ᠳᠤ ᠳᠠᠷᠠ ᠳᠠᠷᠤᠢ ᠴᠢᠮᠡᠭᠡ ᠢᠯᠡᠭᠡᠨ ᠮᠡᠳᠡᠭᠦᠯᠰᠦᠭᠡᠢ︕

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠡᠨᠡ ᠬᠠᠷᠢᠨ ᠲᠤᠢ᠌ᠯ ᠤᠨ ᠰᠠᠢ᠌ᠨ ᠣᠴᠢᠷ᠂ ᠴᠢ ᠪᠠᠶᠠᠪᠠᠷ ᠣᠴᠢᠪᠠᠯ ᠯᠠᠪ ᠪᠦᠳᠦᠭᠦ ᠦᠭᠡᠶ ᠣᠴᠢᠷ ᠪᠠᠢ᠌ᠬᠤ ᠦᠭᠡᠶ᠂ ᠭᠡᠵᠤ ᠰᠠᠮᠫᠢᠯ ᠨᠤᠶᠠᠨ ᠡᠨᠡ ᠣᠴᠢᠷ ᠢ ᠨᠠᠮᠰᠠᠷᠠᠢ ᠳᠤ ᠳᠠᠭᠠᠯᠭᠠᠪᠠ᠃

ᠨᠠᠮᠰᠠᠷᠠᠢ ᠣᠷᠳᠤᠨ ᠡᠴᠡ ᠰᠠᠯᠵᠤ᠂ ᠶᠤᠭᠤᠷ ᠲᠠᠭᠠᠨ ᠢᠷᠠᠨ ᠨᠢᠭᠡᠨ ᠰᠠᠢ᠌ᠨ ᠡᠳᠦᠷ ᠢ ᠰᠤᠩᠭ᠋ᠤᠨ ᠭᠠᠭᠴᠠ ᠮᠤᠷᠢ ᠪᠠᠷ ᠳᠠᠷᠬᠠᠨ ᠠᠢ᠌ᠮᠠᠭ ᠳᠠᠰᠢ ᠶᠠᠪᠣᠵᠤ ᠣᠤᠠᠪᠠ᠃

ᠣᠳᠠᠭᠠᠨ ᠣᠨ ᠤ ᠬᠠᠯᠢᠰᠤᠨ ᠰᠢᠭᠤᠢ ᠪᠠᠨ ᠠᠷᠤ ᠳᠠᠯ᠎ᠠ ᠳᠠᠭᠠᠨ ᠬᠠᠶᠠᠵᠤ

ᠣᠤᠯ ᠤᠨ ᠪᠢᠴᠢᠭᠡᠴᠢ ᠶᠢᠨ ᠬᠤᠶᠠᠷ ᠬᠡᠦᠬᠡᠳ ᠢ ᠰᠤᠷᠠᠭᠯᠠᠨ ᠶᠠᠪᠣᠨ᠎ᠠ

ᠭᠤᠪᠢ ᠠᠢ᠌ᠮᠠᠭ ᠤᠨ ᠭᠢᠯᠢ ᠶᠢ ᠳᠠᠪᠠᠨ᠂ ᠳᠠᠷᠬᠠᠨ ᠤ ᠭᠢᠯᠢ ᠳᠤ ᠣᠷᠤᠨ

ᠭᠤᠶᠤᠯᠭᠠᠨ ᠤ ᠬᠤᠶᠠᠷ ᠬᠡᠦᠬᠡᠳ ᠤᠨ ᠴᠢᠮᠡᠭᠡ ᠶᠢ ᠠᠰᠠᠭᠤᠨ ᠠᠶᠠᠯᠠᠨ᠎ᠠ᠃

ᠨᠠᠮᠰᠠᠷᠠᠢ ᠬᠤᠶᠠᠷ ᠬᠤᠨᠤᠭ ᠤᠨ ᠳᠠᠷᠠᠭ᠎ᠠ ᠴᠠᠢ᠌ᠳᠠᠮ ᠳᠤ ᠭᠦᠷᠴᠤ ᠢᠷᠠᠪᠠ᠃ ᠴᠠᠢ᠌ᠳᠠᠮ ᠭᠡᠳᠡᠭ᠌ ᠭᠦᠮᠤᠨ ᠪᠣᠯ ᠨᠠᠮᠰᠠᠷᠠᠢ ᠶᠢᠨ ᠭᠦᠷᠭᠡᠨ ᠠᠬ᠎ᠠ ᠰᠠᠠᠵᠠᠢ᠂ ᠦᠨᠦᠳᠤᠷ ᠨᠠᠮᠰᠠᠷᠠᠢ ᠭᠦᠷᠭᠡᠨ ᠠᠬ᠎ᠠ ᠴᠠᠢ᠌ᠳᠠᠮ ᠲᠡᠶ ᠪᠠᠨ ᠠᠭᠤᠯᠵᠠᠨ ᠪᠠᠶᠠᠷ ᠤᠨ ᠮᠠᠩᠨᠠᠢ ᠵᠤᠯᠭᠠᠨ᠂ ᠬᠤᠯᠠ ᠤᠢ᠌ᠷ᠎ᠡ ᠶᠢᠨ ᠣᠴᠢᠷ᠂ ᠮᠠᠯ ᠣᠨᠠᠭᠠᠨ ᠤ ᠦᠨᠢᠷ ᠭᠦᠭ᠍ᠵᠢᠯᠳᠡ᠂ ᠳᠠᠷᠢᠶ᠎ᠠ ᠲᠦᠮᠦᠰᠦᠨ ᠤ ᠪᠠᠢ᠌ᠳᠠᠯ ᠢ ᠶᠠᠷᠢᠯᠴᠠᠨ ᠪᠠᠰᠠ ᠭᠡᠳᠤᠨ ᠵᠢᠭᠡ ᠬᠡᠦᠬᠡᠳ ᠤᠨ ᠶᠢᠡᠨ ᠠᠵᠢᠯ ᠠᠮᠢᠳᠤᠷᠠᠯ ᠤᠨ ᠳᠤᠬᠠᠢ ᠶᠠᠷᠢᠶ᠎ᠠ ᠭᠦᠭᠡᠷᠴᠤ ᠵᠤᠭᠤᠭᠳᠠᠨ᠎ᠠ᠃ ᠴᠠᠢ᠌ᠳᠠᠮ᠄

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠡᠷᠭᠢᠮ ᠭᠦᠷᠭᠡᠨ ᠳᠡᠭᠦᠤ ᠶᠠᠭᠠᠭᠢᠭᠠᠤᠨ ᠵᠠᠮ ᠬᠤᠯᠠ ᠠᠶᠠᠨ ᠢ ᠳᠤᠭᠤᠯᠠᠵᠤ ᠮᠤᠩᠬᠠᠭ ᠭᠦᠷᠭᠡᠡ ᠠᠬ᠎ᠠ ᠳᠠᠭᠠᠨ ᠭᠡᠷᠡᠯᠳᠤᠭᠦᠯᠦᠨ ᠪᠠᠭᠤᠪᠠ︖

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠣᠴᠢᠷ ᠭᠡᠵᠤ ᠶᠡᠭᠡ ᠭᠡᠪᠠᠯ ᠶᠡᠭᠡ᠂ ᠪᠠᠭ᠎ᠠ ᠭᠡᠪᠠᠯ ᠪᠠᠭ᠎ᠠ᠂ ᠭᠦᠷᠭᠡᠨ ᠠᠬ᠎ᠠ ᠳᠠᠨ ᠡᠴᠡ ᠠᠰᠠᠭᠤᠵᠤ ᠰᠤᠷᠭᠯᠠᠬᠤ ᠶᠠᠪᠣᠳᠠᠯ ᠨᠢᠭᠡ ᠪᠠᠢ᠌ᠨ᠎ᠠ᠂

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠶᠠᠮᠠᠷ ᠣᠴᠢᠷ ᠡᠢ᠌ᠮᠦᠷᠭᠦ ᠡᠷᠦᠢ ᠬᠤᠷᠤᠢ ᠦᠭᠡᠶ ᠪᠣᠯᠭᠠᠪᠠ︖ ᠴᠢᠮᠢ᠋ᠢ︕ ᠨᠠᠳᠠ ᠬᠤᠷᠳᠤᠨ ᠶᠠᠷᠢᠭᠠᠴᠢ︕

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠣᠤᠯ ᠤᠨ ᠮᠠᠨ ᠤ ᠠᠢ᠌ᠮᠠᠭ ᠤᠨ ᠪᠢᠴᠢᠭᠡᠴᠢ ᠫᠣᠩᠰᠤᠭ ᠤᠨ ᠶᠠᠪᠣᠳᠠᠯ ᠪᠢᠯᠠ︕ ᠫᠣᠩᠰᠤᠭ ᠪᠢᠴᠢᠭᠡᠴᠢ ᠡᠮᠦᠨ᠎ᠡ ᠣᠳᠠᠭᠠᠨ ᠤ ᠭᠡᠭᠡᠨ ᠣᠪᠣᠭᠠᠨ ᠤ ᠨᠠᠢ᠌ᠷ ᠪᠣᠯᠵᠤ ᠪᠠᠢ᠌ᠬᠤ ᠦᠶ᠎ᠡ ᠳᠤ ᠣᠯᠠᠨ ᠤ ᠰᠡᠳᠭᠢᠯ ᠢ ᠡᠵᠡᠮᠳᠡᠨ᠂ ᠵᠢᠯ ᠳᠠᠷᠠᠭᠠᠯᠠᠨ ᠮᠠᠨ ᠤ ᠭᠢᠯᠢ ᠳᠠᠭᠤ ᠣᠷᠤᠨ ᠢ ᠳᠡᠭᠡᠷᠡᠮᠳᠡᠨ ᠳᠤᠨᠤᠵᠤ ᠪᠠᠢ᠌ᠬᠤ ᠳᠢᠶᠠᠨᠬᠦᠤ ᠶᠢᠨ ᠳᠡᠭᠡᠷᠡᠮ ᠢ ᠣᠰᠠᠳᠬᠠᠬᠤ ᠭᠤᠤᠯ ᠵᠤᠷᠢᠯᠳᠠ ᠪᠠᠨ ᠳᠤᠷᠠᠳᠤᠨ ᠠᠢ᠌ᠮᠠᠭ ᠤᠨ ᠳᠠᠷᠤᠭ᠎ᠠ ᠰᠠᠮᠫᠢᠯ ᠨᠤᠶᠠᠨ ᠡᠴᠡ ᠳᠡᠮᠵᠢᠯᠭᠡ ᠣᠯᠵᠤ ᠪᠠᠢ᠌ᠬᠤ ᠪᠠᠶᠠᠷᠳᠤ ᠴᠠᠭ ᠮᠦᠴᠡ ᠳᠤ ᠳᠢᠶᠠᠨᠬᠦᠦ ᠶᠢᠨ ᠳᠡᠭᠡᠷᠡᠮ ᠤᠨ ᠴᠡᠷᠢᠭ᠌ ᠳᠠᠯᠳᠠᠭᠤᠷ ᠣᠴᠢᠭᠠᠤᠨ ᠳᠠᠩᠨᠠᠨ ᠮᠡᠳᠡᠭᠡᠳ᠂ ᠪᠡᠯᠡᠳᠭᠡᠯ ᠭᠢᠵᠤ ᠠᠮᠵᠢᠭ᠎ᠠ ᠦᠭᠡᠶ ᠦᠶ᠎ᠡ ᠳᠤ ᠮᠢᠨᠤ ᠪᠠᠭᠤᠷᠢ ᠶᠢ ᠳᠠᠭᠠᠷᠢᠨ ᠴᠤᠭᠢᠵᠤ᠂ ᠨᠠᠳᠠ ᠳᠤ ᠰᠦᠷᠳᠡᠭᠦᠯᠦᠯ ᠪᠣᠯᠬᠤ ᠳᠤ ᠫᠣᠩᠰᠤᠭ ᠪᠢᠴᠢᠭᠡᠴᠢ ᠨᠠᠳᠠ ᠳᠤ ᠳᠤᠰᠠ ᠪᠣᠯᠵᠤ᠂ ᠭᠡᠡᠵᠦᠦᠷ ᠪᠶᠠᠨ ᠡᠴᠡ ᠴᠡᠷᠢᠭ᠌ ᠭᠠᠷᠭᠠᠯᠭᠠᠨ ᠬᠠᠪᠰᠤᠷᠤᠭᠰᠠᠨ ᠢ ᠳᠢᠶᠠᠨᠬᠦᠤ ᠮᠡᠳᠡᠭᠡᠳ ᠳᠡᠭᠦᠨ ᠢ ᠭᠡᠷ ᠲᠡᠭᠡᠨ ᠪᠣᠴᠠᠭᠰᠠᠨ ᠬᠤᠭᠤᠷᠤᠠᠳᠤ ᠡᠷᠦᠭᠡ ᠶᠢ ᠨᠢ ᠳᠠᠷᠤᠵᠤ ᠭᠠᠯ ᠳᠠᠯᠪᠢᠨ ᠳᠡᠭᠦᠨ ᠢ ᠬᠤᠷᠤᠭᠠᠵᠠᠢ᠂ ᠳᠡᠭᠡᠭᠡᠳ ᠭᠡᠷ ᠤᠨ ᠵᠠᠷᠤᠴᠠ ᠨᠢ ᠭᠦᠷᠦᠩᠭᠡ ᠶᠢ ᠨᠢ ᠬᠤᠪᠢᠶᠠᠨ ᠳᠤᠳᠠᠭᠠᠵᠤ᠂ ᠢᠠᠵᠢ ᠨᠢ ᠪᠠᠶ᠎ᠠ ᠪᠠᠨ ᠬᠤᠤᠷᠯᠠᠵᠤ᠂ ᠬᠤᠶᠠᠷ ᠬᠡᠦᠬᠡᠳ ᠨᠢ ᠣᠳᠤ ᠪᠣᠯᠳᠠᠯ᠎ᠠ ᠰᠤᠷᠠᠭ ᠴᠢᠮᠡᠭᠡ ᠦᠭᠡᠶ᠂ ᠡᠷᠢᠭᠡᠳ ᠣᠯᠬᠤ ᠦᠭᠡᠶ ᠪᠣᠯᠵᠤᠬᠤᠢ᠃

ᠡᠳᠦᠭᠡ ᠰᠡᠮᠫᠢᠯ ᠨᠤᠶᠡᠨ ᠳᠤ ᠵᠢᠮᠪᠡ ᠭᠡᠯᠡ ᠭᠦᠷᠭᠡᠨ ᠳᠢᠶᠠᠨᠬᠦᠤ ᠶᠢᠨ ᠳᠡᠭᠡᠷᠡᠮ ᠠᠪᠤᠭᠠᠳ ᠶᠠᠪᠣᠵᠠᠢ ᠭᠡᠰᠡᠨ ᠨᠢ ᠴᠤᠤᠷᠬᠠᠯ ᠶᠤᠮ ᠦᠦ︖ ᠦᠨᠡᠨ ᠣᠴᠢᠷ ᠶᠤᠮ ᠦᠦ︖ ᠪᠣᠤ ᠮᠠᠳᠠ︕ ᠰᠠᠮᠫᠢᠯ ᠨᠤᠶᠠᠨ ᠰᠡᠳᠭᠢᠯ ᠳᠤᠭᠳᠠᠵᠤ ᠶᠠᠳᠠᠨ᠂ ᠨᠠᠳᠠ ᠯᠦᠭᠡ ᠵᠦᠪᠯᠠᠨ ᠳᠠᠨ ᠤ ᠨᠤᠳᠤᠭ ᠶᠢᠡᠷ ᠬᠠᠢ᠌ᠭᠠᠤᠨ ᠢᠷᠡᠭᠰᠡᠨ ᠡᠨᠡ ᠣᠴᠢᠷ ᠪᠢᠯᠠ︕ ᠲ᠋ᠠ ᠮᠢᠨᠢ ᠨᠠᠳᠠ ᠶᠢ ᠬᠠᠪᠰᠤᠷᠴᠤ ᠡᠨᠡ ᠴᠢᠮᠡᠭᠡ ᠶᠢ ᠳᠤᠭᠤᠯᠳᠤᠭᠤᠯᠵᠤ ᠳᠡᠢ᠌ᠯᠭᠦ ᠦᠦ︖ ᠭᠡᠵᠤ ᠭᠡᠯᠡᠭᠦ ᠳᠤ ᠴᠠᠢ᠌ᠳᠠᠮ ᠢᠨᠢᠶᠠᠨ᠄

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠡᠨᠡ ᠣᠴᠢᠷ ᠦᠨᠡᠨ ᠳᠡᠭᠡᠨ ᠭᠠᠷ ᠤᠨ ᠠᠯᠠᠭ᠎ᠠ ᠣᠷᠪᠠᠭᠤᠯᠬᠤ ᠮᠠᠳᠤ ᠠᠮᠠᠷᠬᠠᠨ᠂ ᠭᠡᠳᠡᠯ᠎ᠡ ᠨᠢᠭᠡ ᠨᠥᠭᠦᠴᠡᠯ ᠲᠡᠶ ᠪᠣᠯᠪᠠ᠂

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠶᠠᠮᠠᠷ ᠨᠥᠭᠦᠴᠡᠯ︖

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠭᠡᠷᠪᠡ ᠪᠢ ᠡᠨᠡ ᠬᠤᠶᠠᠷ ᠬᠡᠦᠬᠡᠳ ᠢ ᠴᠢᠨᠢ ᠣᠯᠵᠤ ᠳᠠᠢ᠌ᠯᠪᠠᠯ ᠨᠢᠭᠡ ᠶᠢ ᠨᠢ ᠥᠯᠡᠳᠡᠭᠡᠵᠤ ᠦᠷᠠᠴᠢᠯᠠᠨ ᠳᠡᠵᠢᠭᠡᠶ᠎ᠡ︕ ᠤᠴᠢᠷ ᠨᠢ ᠮᠠᠨ ᠤ ᠭᠢᠨ ᠬᠤᠶᠠᠷ ᠣᠭᠢᠨ᠂ ᠭᠦᠪᠠᠭᠦᠨ ᠦᠭᠡᠶ ᠪᠢᠰᠢᠤ︕ ᠲ᠋ᠠᠢ᠌ᠮᠤ ᠰᠤᠶᠤᠯ ᠲᠡᠶ ᠭᠡᠷ ᠤᠨ ᠬᠡᠦᠬᠡᠳ ᠯᠠᠪ ᠣᠬᠠᠭᠠᠨ ᠰᠠᠨᠠᠭ᠎ᠠ ᠳᠤᠳᠤ ᠪᠠᠢ᠌ᠯᠭᠦᠢ︕ ᠲ᠋ᠡᠢ᠌ᠮᠤ ᠡᠴᠡ ᠪᠢ ᠨᠢᠭᠡᠨ ᠶᠢ ᠨᠢ ᠦᠷᠡᠴᠢᠯᠡᠰᠦᠭᠡᠢ︕ ᠴᠢᠨᠤ ᠳᠤᠳᠤᠷ᠎ᠠ ᠶᠠᠮᠠᠷ︖

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠳᠠᠢ᠌ᠮᠤ ᠪᠣᠯ ᠬᠤᠶᠠᠳᠤᠭᠠᠷ ᠢ ᠨᠢ ᠴᠢᠮ᠎ᠠ ᠳᠤ ᠥᠯᠡᠳᠡᠭᠡᠵᠤ᠂ ᠶᠡᠭᠡ ᠶᠢ ᠨᠢ ᠪᠢ ᠠᠪᠠᠴᠢᠵᠤ ᠡᠴᠢᠭᠡ ᠶᠢᠨ ᠬᠢᠨᠢ ᠠᠴᠢ ᠭᠠᠪᠢᠶ᠎ᠠ ᠶᠢ ᠨᠢ ᠬᠠᠷᠢᠭᠤᠯᠰᠤᠭᠠᠢ ᠭᠡᠪᠡ᠃ ᠡᠨᠡ ᠬᠤᠶᠠᠷ ᠶᠠᠷᠢᠯᠴᠠᠨ ᠠᠷᠭᠢᠳᠤᠨ ᠰᠠᠭᠤᠭᠰᠠᠭᠠᠷ ᠯᠠᠪ ᠠᠰᠠᠭᠠᠨ ᠨᠢᠭᠡ ᠰᠦᠨᠢ ᠶᠢ ᠥᠩᠭᠡᠷᠡᠭᠡᠪᠠ᠃

ᠮᠡᠷᠭᠠᠰᠢ ᠨᠢ ᠴᠡᠢ᠌ᠳᠡᠮ ᠨᠢ ᠭᠦᠰᠭᠡ ᠲ᠋ᠡᠷᠭᠡ ᠪᠠᠨ ᠭᠡᠯᠢᠵᠤ ᠨᠡᠮᠰᠡᠷᠡᠢ ᠲ᠋ᠡᠢ ᠬᠤᠶᠠᠭᠤᠯᠠ ᠪᠠᠷᠡᠭᠤᠨ ᠡᠮᠦᠨ᠎ᠡ ᠶᠡᠭᠡ ᠤᠰᠤᠨ ᠭᠡᠳᠡᠭ᠌ ᠭᠠᠵᠡᠷ ᠲ᠋ᠤ ᠪᠠᠢ᠌ᠬᠤ ᠵᠤᠰᠠᠯᠠᠩ ᠳᠠᠭᠠᠨ ᠳᠠᠭᠠᠭᠤᠯᠠᠵᠤ ᠢᠷᠠᠪᠠ᠃ ᠨᠠᠮᠰᠠᠷᠠᠢ᠄

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠠᠬ᠎ᠠ ᠮᠢᠨᠢ᠂ ᠨᠠᠳᠠ ᠳᠤᠭᠤᠷᠢᠬᠤ ᠴᠠᠭ ᠪᠠᠢ᠌ᠬᠤ ᠦᠭᠡᠶ ᠰᠢᠤ︕ ᠭᠡᠭᠦ ᠳᠤ᠂ ᠴᠠᠢ᠌ᠳᠠᠮ᠄

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠴᠢ ᠣᠴᠢᠭᠰᠠᠭᠠᠷ ᠯᠠᠪ ᠰᠤᠴᠢᠨ ᠭᠠᠢ᠌ᠬᠠᠵᠤ᠂ ᠶᠠᠭᠤ ᠭᠡᠯᠡᠭᠦ ᠪᠠᠨ ᠣᠯᠵᠤ ᠶᠠᠳᠠᠬᠤ ᠶᠤᠮ ᠰᠢᠤ︕ ᠭᠡᠪᠡ᠃ ᠲ᠋ᠡᠭᠡᠭᠡᠳ ᠳᠤᠰ ᠭᠠᠵᠠᠷ ᠲᠤᠨᠢ ᠭᠦᠷᠦᠭᠡᠳ ᠢᠷᠠᠪᠠ᠃ ᠨᠠᠮᠰᠠᠷᠠᠢ ᠳᠡᠷᠭᠡᠨ ᠡᠴᠡ ᠪᠠᠭᠤᠵᠤ᠂ ᠬᠤᠨᠢᠨ ᠬᠤᠷᠤᠭᠠᠨ ᠤ ᠵᠡᠭᠦᠡᠰᠢ ᠣᠰᠤᠨ ᠣᠩᠭ᠋ᠤᠴᠠᠨ ᠤ ᠭᠠᠵᠠᠷ ᠲᠤ ᠮᠤᠯᠤᠮ᠂ ᠮᠤᠯᠤᠷ ᠬᠤᠶᠠᠭᠤᠯᠠ ᠬᠤᠨᠢ ᠣᠰᠤᠯᠠᠵᠤ ᠪᠠᠢ᠌ᠬᠤ ᠶᠢ ᠥᠵᠡᠭᠡᠳ᠂ ᠥᠨᠡᠭᠡᠷ ᠵᠡᠭᠦᠳᠤ ᠵᠡᠷᠭᠡᠯᠭᠡᠨ ᠤ ᠳᠤᠮᠳᠠ ᠣᠷᠤᠭᠰᠠᠨ ᠰᠢᠭ ᠭᠠᠢ᠌ᠬᠠᠰᠢ ᠠᠯᠳᠠᠨ᠂ ᠨᠢᠳᠤ ᠪᠠᠨ ᠭᠡᠳᠦᠡᠳᠡ ᠠᠷᠴᠢᠨ᠂ ᠬᠤᠷᠤᠭᠤ ᠪᠠᠨ ᠬᠠᠵᠠᠨ᠂ ᠦᠨᠡᠨ ᠪᠣᠯᠬᠤ ᠶᠢ ᠭᠡᠷᠡᠴᠢᠯᠡᠨ᠎ᠡ᠃ ᠨᠡᠮᠰᠡᠷᠡᠢ᠂ ᠮᠤᠯᠤᠮ ᠮᠤᠯᠤᠷ ᠬᠤᠶᠠᠭᠤᠯᠠ ᠶᠢᠨ ᠳᠠᠰᠢ ᠶᠡᠭᠡ ᠳᠠᠭᠤᠨ ᠶᠢᠡᠷ᠄

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠬᠤᠶᠠᠷ ᠬᠡᠦᠬᠡᠳ ᠮᠢᠨᠢ ᠨᠠᠰᠢ ᠢᠷ᠎ᠠ᠂ ᠪᠢ ᠨᠠᠮᠰᠠᠷᠠᠢ ᠠᠪᠠᠭ᠎ᠠ ᠴᠢᠨᠢ ᠰᠢᠤ︕ ᠭᠡᠭᠦ ᠳᠤ ᠬᠤᠶᠠᠷ ᠬᠡᠦᠬᠡᠳ᠄

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠨᠠᠮᠰᠠᠷᠠᠢ ᠠᠪᠠᠭ᠎ᠠ ᠦᠨᠡᠨ ᠭᠦᠷᠦᠭᠡᠳ ᠢᠷᠠᠵᠠᠢ᠂ ᠳᠠ ᠠᠮᠤᠷ ᠰᠠᠢ᠌ᠨ ᠴᠢᠭᠢᠷᠠᠭ ᠪᠠᠢ᠌ᠨᠠᠤ︖ ᠭᠡᠳ ᠮᠠᠠᠳᠤᠴᠢᠯᠠᠨ ᠠᠰᠠᠭᠤᠭᠠᠤᠨ ᠶᠤᠰᠤᠯᠠᠨ ᠵᠤᠯᠭᠠᠪᠠ᠃ ᠨᠠᠮᠰᠠᠷᠠᠢ᠂ ᠴᠠᠢ᠌ᠳᠠᠮ ᠳᠠᠰᠢ᠄

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠵᠠ᠂ ᠭᠦᠷᠭᠡᠨ ᠠᠬ᠎ᠠ ᠣᠳᠤ ᠬᠤᠶᠠᠷ ᠬᠡᠦᠬᠡᠳ ᠢ ᠳᠠᠨ ᠤ ᠭᠢᠨ ᠳᠤ ᠠᠪᠠᠴᠢᠨ ᠨᠢᠭᠳᠠᠯᠠᠨ ᠶᠡᠷᠢᠯᠴᠡᠰᠤᠭᠠᠢ︕ ᠭᠡᠭᠦ ᠳᠤ᠂ ᠴᠠᠢ᠌ᠳᠠᠮ᠄

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠲ᠋ᠡᠭᠡᠯᠭᠦᠢ ᠳᠡ︕ ᠭᠡᠳ ᠳᠡᠷᠭᠡᠨ ᠲᠤ ᠰᠠᠭᠤᠯᠭᠠᠨ᠂ ᠬᠤᠨᠢᠨ ᠤ ᠶᠠᠪᠣᠳᠠᠯ ᠢ ᠪᠣᠰᠤᠳ ᠭᠡᠳᠤᠨ ᠬᠠᠷᠢᠶᠠᠳᠤ ᠨᠡᠷ ᠲᠤ ᠳᠤᠰᠢᠶᠠᠨ᠂ ᠴᠠᠢ᠌ᠳᠠᠮ ᠨᠤᠳᠤᠭ ᠳᠠᠰᠢ ᠮᠤᠷᠳᠠᠪᠠ᠃

ᠡᠷᠦᠭᠡ ᠳᠤᠷ ᠢᠷᠡᠭ᠍ᠰᠡᠨ ᠤ ᠳᠠᠷᠠᠭ᠎ᠠ᠂ ᠨᠢᠭᠤᠷ ᠭᠠᠷ ᠢ ᠨᠢ ᠴᠠᠪᠠᠷᠯᠠᠵᠤ ᠬᠤᠶᠠᠭᠤᠯᠠ ᠳᠤ ᠬᠤᠭᠤᠯᠠ ᠣᠮᠳᠠ ᠥᠭ᠍ᠴᠤ᠂ ᠣᠳᠤ ᠨᠠᠮᠰᠠᠷᠠᠢ ᠳᠠᠷᠠ ᠬᠤᠶᠠᠷ ᠲᠤ ᠳᠤᠯᠠᠭᠠᠨ ᠬᠠᠷᠠᠴᠠ ᠪᠠᠷ ᠬᠠᠢ᠌ᠷᠯᠠᠵᠤ ᠪᠠᠢ᠌ᠬᠤ ᠪᠠᠨ ᠢᠯᠡᠳᠭᠡᠨ᠎ᠡ᠃ ᠮᠤᠯᠦᠮ᠄

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠨᠠᠮᠰᠠᠷᠠᠢ ᠠᠪᠠᠭ᠎ᠠ᠂ ᠮᠠᠨ ᠤ ᠭᠡᠷ ᠤᠨ ᠭᠦᠮᠦᠰ ᠣᠳᠤ ᠪᠠᠰᠠ ᠪᠠᠢ᠌ᠨᠡᠤ︖ ᠭᠡᠭᠦ ᠳᠤ᠂ ᠨᠠᠮᠰᠠᠷᠠᠢ᠄

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠣᠳᠤ ᠳᠠᠨᠠᠢ᠌ᠬᠠᠨ ᠤ ᠣᠴᠢᠷ ᠨᠢᠭᠡᠨᠲᠡ ᠵᠡᠭᠦᠳᠤ ᠰᠢᠭ᠌ ᠪᠦᠷ ᠬᠤᠯᠠ ᠶᠠᠪᠣᠵᠠᠢ᠂ ᠵᠥᠪᠭᠡᠨ ᠳᠠ ᠬᠤᠶᠠᠷ ᠠᠮᠤᠷ ᠲᠦᠪᠰᠢᠨ ᠪᠠᠢ᠌ᠬᠤ ᠴᠢᠨᠢ ᠳᠠᠷᠤᠢ ᠪᠦᠭᠦ ᠭᠡᠷ ᠶᠢᠡᠷ ᠶᠢᠡᠨ ᠪᠠᠢ᠌ᠨ᠎ᠠ ᠭᠡᠰᠡᠨ ᠢ ᠭᠡᠷᠡᠴᠢᠯᠡᠵᠤ ᠪᠠᠢ᠌ᠨ᠎ᠠ᠂ ᠪᠢᠳᠡᠭᠡᠢ ᠣᠯᠠᠨ ᠣᠴᠢᠷ ᠢ ᠪᠣᠳᠤᠭᠠᠷᠠᠢ︕ ᠬᠤᠵᠢᠮ ᠳᠠᠭᠢᠭᠠᠤᠨ ᠰᠢᠨ᠎ᠠ ᠪᠠᠷ ᠡᠭᠢᠯᠡᠭᠦ ᠶᠤᠮ ᠰᠢᠤ︕ ᠮᠤᠩᠭ᠋ᠤᠯ ᠡᠷ᠎ᠡ ᠭᠡᠭ᠍ᠴᠢ ᠡᠢ᠌ᠮᠤ ᠵᠤᠷᠢᠭ ᠰᠦᠰᠦ ᠶᠢ ᠡᠪᠦᠷᠯᠡᠭᠦ ᠥᠭᠡᠢ ᠪᠤᠯ ᠬᠣᠢ᠌ᠰᠢᠳᠠ ᠶᠠᠮᠠᠷ ᠶᠠᠪᠣᠳᠠᠯ ᠪᠦᠳᠦᠭᠡᠵᠤ ᠳᠡᠢ᠌ᠯᠭᠦ ᠪᠤᠢ ︖ ᠪᠢᠳᠡᠭᠡᠢ ᠰᠡᠳᠭᠢᠯ ᠵᠤᠪᠠ᠂ ᠠᠪᠠᠭ᠎ᠠ ᠨᠢ ᠳᠠᠨᠠᠷ ᠲᠤ ᠡᠵᠡᠨ ᠪᠤᠯᠦᠶ᠎ᠡ︕ ᠭᠡᠪᠡ᠃

ᠳᠡᠭᠡᠭᠡᠳ ᠨᠠᠮᠰᠠᠷᠠᠢ ᠴᠠᠢ᠌ᠳᠠᠮ ᠲᠡᠶ ᠶᠠᠷᠢᠶ᠎ᠠ ᠪᠣᠯᠵᠤ᠂ ᠮᠤᠯᠤᠮ ᠮᠤᠯᠤᠷ ᠬᠤᠶᠠᠭᠤᠯᠠ ᠶᠢᠨ ᠨᠢᠭᠡ ᠶᠢ ᠨᠢ ᠥᠯᠡᠳᠡᠭᠡᠭᠦ ᠳᠤᠬᠠᠢ ᠶᠠᠷᠢᠶ᠎ᠠ ᠦᠯᠠᠳᠠᠪᠠ᠃ ᠴᠠᠢ᠌ᠳᠠᠮ᠄

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠨᠠᠮᠰᠠᠷᠠᠢ᠂ ᠴᠢ ᠶᠡᠭᠡ ᠶᠢ ᠠᠪᠣᠭᠠᠤᠨ ᠶᠠᠪᠣᠬᠤ ᠶᠤᠮ ᠴᠢᠨᠢ ᠬᠤᠶᠠᠳᠤᠭᠠᠷ ᠢ ᠨᠢ ᠪᠢ ᠥᠯᠡᠳᠡᠭᠡᠯ᠎ᠡ︕ ᠪᠤᠯᠬᠤ ᠪᠠᠢ᠌ᠬ᠎ᠠ︖ ᠭᠡᠭᠦ ᠳᠤ ᠨᠠᠮᠰᠠᠷᠠᠢ᠄

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠲ᠋ᠡᠭᠡᠭᠦ ᠳᠤ ᠪᠣᠯᠤᠨ᠎ᠠ ᠭᠡᠪᠡ᠃ ᠨᠡᠮᠰᠡᠷᠡᠢ ᠳᠠᠭᠢᠨ᠄

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠮᠤᠯᠤᠮ᠂ ᠮᠤᠯᠤᠷ ᠳᠠ ᠬᠤᠶᠠᠷ ᠲᠤ ᠠᠪᠠᠭ᠎ᠠ ᠨᠢ ᠨᠢᠭᠡ ᠣᠴᠢᠷ ᠶᠠᠷᠢᠵᠤ ᠦᠭ‍ᠭᠦᠶ᠎ᠡ︕ ᠤᠳᠤ ᠴᠠᠭ ᠰᠠᠮᠠᠭᠤᠨ ᠪᠠᠢ᠌ᠨ᠎ᠠ᠂ ᠳᠠᠨᠠᠢ᠌ᠭᠢᠨ ᠳᠤ ᠶᠡᠭᠡ ᠣᠯᠠᠨ ᠭᠦᠡᠳᠤ ᠴᠢᠬᠤᠯᠠ ᠣᠴᠢᠷ ᠭᠠᠷᠤᠭᠰᠠᠨ ᠡᠴᠡ ᠠᠳᠠᠯ ᠭᠦᠷᠦᠩᠭᠡ ᠴᠢᠨᠢ ᠪᠦᠷ ᠬᠤᠭᠤᠰᠤᠷᠠᠪᠠ᠂ ᠡᠳᠦᠭᠡ ᠠᠪᠠᠭ᠎ᠠ ᠴᠢᠨᠢ ᠳᠠ ᠬᠤᠶᠠᠷ ᠢ ᠠᠪᠠᠴᠢᠬᠠᠬᠤ ᠳᠤ ᠶᠡᠭᠡ ᠣᠴᠢᠷ ᠪᠢᠰᠢ᠂ ᠴᠠᠢ᠌ᠳᠠᠮ ᠪᠠᠶᠠᠨ ᠪᠣᠯ ᠮᠢᠨᠤ ᠭᠦᠷᠭᠡᠨ ᠠᠬ᠎ᠠ᠂ ᠭᠦᠪᠠᠭᠦᠨ ᠦᠭᠡᠶ᠂ ᠬᠠᠷᠢᠨ ᠮᠤᠯᠤᠷ ᠢ ᠥᠵᠡᠭᠡᠳ ᠳᠤᠭᠤᠴᠢᠬᠠᠭᠰᠠᠨ ᠳᠤᠯᠠ 《ᠳᠠᠨᠢᠭᠰᠠᠨ ᠭᠦᠤ》 ᠪᠣᠯᠭᠠᠵᠤ ᠥᠯᠡᠳᠡᠭᠡᠭᠦ ᠰᠠᠨᠠᠭ᠎ᠠ ᠲᠡᠶ᠂ ᠮᠤᠯᠤᠷ ᠶᠠᠮᠠᠷ︖ ᠬᠤᠵᠢᠮ ᠠᠬ᠎ᠠ ᠴᠢᠨᠢ ᠴᠢᠮᠠᠢ ᠶᠢ ᠦᠵᠡᠵᠤ ᠬᠠᠷᠠᠬᠤ ᠪᠠᠷ ᠢᠷᠡᠭᠦ ᠨᠢ ᠯᠠᠪᠳᠠᠢ᠃ ᠴᠢ ᠮᠢᠨᠤ ᠥᠭᠡ ᠶᠢ ᠰᠤᠨᠤᠰᠴᠤ ᠬᠤᠴᠤᠷᠠᠬᠤ ᠶᠢ ᠪᠢ ᠴᠢᠩᠳᠠᠯᠠᠵᠤ ᠪᠠᠢ᠌ᠨ᠎ᠠ ᠭᠡᠭᠦᠯᠡᠷ ᠮᠤᠯᠤᠷ ᠥᠨᠡᠭᠡᠷ ᠰᠠᠯᠵᠤ ᠶᠠᠳᠠᠵᠤ ᠪᠠᠢ᠌ᠪᠠᠴᠤ ᠠᠷᠭ᠎ᠠ ᠦᠭᠡᠶ᠂ ᠡᠨᠡ ᠣᠷᠴᠢᠯᠠᠩ ᠡᠢ᠌ᠮᠤ ᠳᠤᠯᠠ ᠲᠦᠷ ᠰᠠᠯᠵᠤ ᠬᠤᠵᠢᠮ ᠯᠠᠪ ᠠᠭᠤᠯᠵᠠᠬᠤ ᠡᠳᠦᠷ ᠪᠠᠢ᠌ᠭᠠᠰᠡᠢ︕ ᠭᠡᠵᠤ ᠳᠤᠳᠤᠷ᠎ᠠ ᠪᠠᠨ ᠰᠢᠪᠠᠭᠡᠨᠡᠨ ᠶᠠᠷᠢᠵᠤ᠂ ᠣᠷᠤᠭᠤᠯ ᠨᠢ ᠦᠮᠤᠯᠵᠠᠨ᠂ ᠨᠢᠳᠤᠨ ᠡᠴᠡ ᠨᠢ ᠨᠢᠯᠪᠣᠰᠤᠨ ᠨᠢ ᠣᠨᠠᠨ᠂ ᠡᠪᠭᠡᠷᠡᠨ ᠣᠶᠠᠷᠠᠨ᠎ᠠ᠃ ᠮᠤᠯᠤᠮ ᠴᠤ ᠳᠡᠭᠦᠤ ᠡᠴᠡ ᠪᠠᠨ ᠰᠠᠯᠵᠤ ᠲᠦᠪᠳᠠᠨ ᠬᠠᠷᠢᠯᠴᠠᠨ ᠨᠢᠭᠡᠨ ᠨᠢᠭᠡᠨ ᠶᠢᠡᠨ ᠳᠠᠪᠠᠷᠢᠯᠴᠠᠨ ᠣᠭᠢᠯᠠᠯᠳᠤᠬᠤ ᠶᠢ ᠲᠦᠷ ᠥᠭᠦᠯᠡᠭᠦ ᠦᠭᠡᠶ᠃

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠭᠦᠷᠭᠡᠨ ᠠᠬ᠎ᠠ᠂ ᠳᠠᠢ᠌ᠮᠤ ᠪᠣᠯ ᠮᠤᠯᠤᠷ ᠴᠢᠨᠤ ᠳᠡᠵᠢᠭᠡᠭ᠍ᠰᠡᠨ ᠭᠦᠤ ᠪᠣᠯᠤᠭᠰᠠᠨ ᠪᠢᠵᠠ︕

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠳᠠ ᠰᠡᠳᠭᠢᠯ ᠠᠮᠤᠷ ᠪᠠᠢ᠌ᠭᠠᠰᠠᠢ︕ ᠪᠢ ᠯᠠᠪ ᠳᠡᠭ᠍ᠷᠢ ᠶᠢᠨ ᠬᠤᠷ᠎ᠠ ᠳᠤᠰᠭᠠᠬᠤ ᠡᠴᠡ ᠪᠢᠰᠢ ᠭᠦᠮᠤᠨ ᠤ ᠠᠯᠠᠭ᠎ᠠ ᠶᠢ ᠳᠤᠰᠭᠠᠬᠤ ᠦᠭᠡᠶ᠂ ᠨᠠᠳᠠ ᠥᠨᠡᠭᠡᠷ ᠳᠡᠭ᠍ᠷᠢ ᠢᠪᠡᠭᠡᠵᠤ ᠡᠢ᠌ᠮᠤ ᠰᠠᠢ᠌ᠨ ᠭᠦᠪᠠᠭᠦᠨ ᠢ ᠵᠠᠶᠠᠭᠠᠯᠠᠭᠰᠠᠨ ᠠᠨᠤ ᠮᠠᠨ ᠤ ᠡᠷ᠎ᠡ ᠡᠮ᠎ᠡ ᠬᠤᠶᠠᠭᠤᠯᠠ ᠥᠳᠦᠯᠦᠭᠡ ᠨᠠᠰᠤᠨ ᠳᠤ ᠵᠢᠷᠭᠠᠬᠤ ᠪᠣᠶᠠᠨ ᠦᠯᠡᠮᠵᠢ ᠭᠡᠳᠡᠭ᠌ ᠢ ᠮᠡᠳᠡᠭᠦᠯᠦᠭ᠍ᠰᠡᠨ ᠪᠠᠢ᠌ᠨ᠎ᠠ ᠭᠡᠵᠤ ᠪᠠᠶᠠᠷᠯᠠᠨ ᠶᠠᠷᠢᠨ᠎ᠠ᠃

ᠮᠤᠯᠤᠮ ᠪᠠ ᠮᠤᠯᠤᠷ ᠡᠨᠡ ᠮᠠᠳᠤ ᠨᠢᠭᠡ ᠰᠠᠯᠪᠠᠯ ᠳᠠᠭᠢᠭᠠᠤᠨ ᠮᠤᠯᠤᠮ ᠮᠠᠨᠢ ᠥᠭᠦᠨ ᠥᠭᠦᠳᠡᠯ᠎ᠡ ᠪᠠᠨ ᠳᠡᠭᠦᠤ ᠪᠠᠨ ᠳᠠᠭᠢᠵᠤ ᠣᠯᠵᠤ ᠥᠵᠡᠭᠦ ᠦᠭᠡᠶ᠂ ᠭᠦᠮᠤᠨ ᠤ ᠣᠷᠴᠢᠯᠠᠩ ᠤᠨ ᠬᠤᠭ ᠳᠤᠭᠤᠰᠤᠨ ᠡᠴᠡ ᠰᠠᠯᠬᠤ ᠶᠢ ᠳᠠᠷᠠ ᠶᠠᠭᠠᠭᠢᠨ ᠮᠠᠳᠠᠨ᠎ᠠ᠃ ᠨᠠᠩ ᠮᠤᠯᠤᠷ ᠢ ᠶᠠᠭᠤᠨ ᠥᠭᠦᠯᠡᠨ᠎ᠡ᠃ ᠭᠡᠪᠠᠴᠤ ᠮᠤᠯᠤᠷ ᠮᠠᠨᠢ ᠰᠤᠶᠤᠯ ᠤᠨ ᠬᠤᠪᠢᠰᠬᠠᠯ᠂ ᠠᠷᠢᠭᠤᠳᠬᠠᠬᠤ ᠭᠦᠳᠡᠯᠭᠡᠭᠡᠨ᠂ ᠦᠪᠣᠷ ᠠᠷᠠᠤᠨ ᠤᠨ ᠨᠠᠮ᠂ ᠨᠢᠭᠡᠳᠦᠴᠡᠯ ᠁ ᠭᠡᠳ ᠳᠠᠳᠤᠢ ᠶᠡᠭᠡ ᠡᠳᠡᠯ ᠳᠠᠮᠤ ᠪᠠᠷᠠᠭᠰᠠᠨ ᠦᠭᠡᠶ ᠶᠤᠮ᠃ ᠮᠢᠩᠭ᠋᠎ᠠ ᠶ‍ᠢᠰᠤᠨ ᠵᠠᠭᠤ ᠳᠦᠴᠢ ᠶ‍ᠢᠰᠤᠨ ᠣᠨ ᠤ ᠰᠢᠨ᠎ᠠ ᠳᠤᠮᠳᠠᠳᠤ ᠣᠯᠤᠰ ᠡᠭᠢᠯᠡᠭᠦ ᠲᠡᠶ ᠵᠡᠷᠭᠡ ᠱᠠᠠᠲᠦᠩ ᠤᠨ ᠰᠠᠬᠤᠤᠯ ᠮᠠᠢ᠌ᠮᠠᠢ᠌ᠴᠢᠨ ᠲᠡᠶ ᠬᠠᠨᠢᠯᠠᠨ ᠠᠯᠤᠰ ᠬᠤᠯᠠ ᠡᠮᠦᠨᠡᠳᠤ ᠣᠷᠤᠨ ᠳᠤ ᠠᠷᠠᠯᠵᠢᠶ᠎ᠠ ᠮᠠᠢ᠌ᠮᠠᠢ ᠭᠢᠭᠦ ᠨᠠᠷ᠎ᠠ ᠪᠠᠷ ᠳᠠᠷᠬᠠᠨ ᠤ ᠴᠠᠢ᠌ᠳᠠᠮ ᠡᠴᠡ ᠰᠢᠯᠵᠢᠨ᠂ ᠭᠢᠳᠠᠤᠨ ᠣᠷᠤᠨ ᠳᠤ ᠴᠦᠪᠣᠷᠠᠨ ᠣᠷᠤᠭᠰᠠᠨ ᠶᠤᠮ᠃ ᠶᠠᠭ ᠡᠢ᠌ᠮᠤ ᠡᠴᠡ ᠮᠤᠯᠤᠷ ᠮᠠᠨᠢ ᠦᠳᠡᠯᠵᠤ ᠮᠤᠩᠭᠢᠨᠠᠭᠠᠤᠨ᠂ ᠨᠤᠳᠤᠭ ᠣᠰᠤ᠂ ᠡᠯᠢᠭᠡᠨ ᠰᠠᠳᠤᠨ᠂ ᠠᠬ᠎ᠠ᠂ ᠮᠤᠯᠤᠮ ᠮᠢᠨᠢ ᠭᠡᠳ ᠵᠡᠭᠦᠳᠤ ᠵᠡᠷᠭᠡᠯᠭᠡᠨ ᠣᠯᠠᠳᠠᠬᠤ ᠪᠠᠷ ᠨᠤᠳᠤᠭ ᠣᠷᠤᠭᠤ ᠪᠠᠨ ᠢᠷᠡᠭᠦ ᠳᠤ ᠳᠦᠷᠦᠭ᠍ᠰᠡᠨ ᠨᠤᠳᠤᠭ ᠪᠦᠦᠪᠠᠢ ᠶᠢᠨ ᠳᠠᠯ᠎ᠠ ᠪᠠ ᠣᠳᠠ ᠶᠢᠨ ᠣᠯᠤᠮ ᠳᠤ ᠠᠯᠢ ᠣᠯᠠᠨ ᠶᠠᠪᠣᠳᠠᠯ ᠦᠨᠡᠰᠤ ᠬᠤᠭ ᠪᠣᠯᠤᠭᠰᠠᠨ ᠶ‍ᠦᠮ᠃ ᠡᠨᠡ ᠪᠣᠯ ᠠᠯᠢ᠂ ᠨᠠᠩ ᠭᠡᠷᠢᠶᠡᠰ ᠤᠨ ᠰᠡᠭᠦᠯᠡᠷᠭᠢ ᠠᠷᠪᠠᠭᠠᠤᠨ ᠵᠢᠯ ᠤᠨ ᠳᠠᠷᠠᠭᠠᠭᠢ ᠭᠡᠷᠡᠭ᠌ ᠪᠣᠯᠬᠤ ᠶᠤᠮ᠃

ᠲ᠋ᠡᠭᠡᠭᠡᠳ᠂ ᠳᠠᠷᠠ ᠡᠳᠦᠷ ᠨᠠᠮᠰᠠᠷᠠᠢ ᠮᠤᠷᠢᠨ ᠤ ᠳᠡᠭᠡᠷ᠎ᠡ ᠮᠤᠯᠤᠮ ᠢ ᠰᠤᠠᠳᠠᠯᠢᠨ ᠬᠤᠶᠠᠭᠤᠯᠠ ᠨᠤᠳᠤᠭ ᠣᠷᠤᠭᠤ ᠪᠠᠨ ᠨᠢᠰᠭᠦ ᠬᠤᠷᠳᠤ ᠪᠠᠷ ᠳᠠᠪᠭᠢᠨ ᠣᠤᠠᠪᠠ᠃


ᠵᠤᠬᠢᠶᠠᠭᠴᠢ ᠶᠢᠨ ᠬᠠ‍‌ᠶᠢᠭ ᠄ ᠺᠦᠷᠡᠯ᠎ᠡ ᠬᠤᠳᠠᠨ᠎ᠠ

ᠵᠤᠬᠢᠶᠠᠭᠴᠢ᠄ ᠳ·ᠬᠦᠬᠡᠮᠦ᠋ᠷᠡᠨ
ᠳᠠᠷᠤᠮ᠄ 1495
ᠴᠠᠭ᠄ 2011 ᠤᠨ ᠤ 07 ᠰᠠᠷ᠎ᠠ ᠶᠢᠨ 26
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁