ᠲᠦᠷᠪᠡ ᠂ ᠳᠠᠮᠪᠠᠷᠢᠠᠴᠢᠨ ᠪᠠᠭᠰᠢ

ᠬᠤᠷᠴᠢᠨ ᠨᠤᠳᠤᠭ ᠲᠤ ᠮᠤᠩᠭ᠋ᠤᠯ ᠭᠦᠮᠤᠨ ᠲᠡᠶ ᠭᠠᠵᠠᠷ ᠪᠦᠭᠦᠨ ᠳ᠋ᠤ ᠬᠤᠭᠤᠷ ᠲᠡᠶ᠂ ᠬᠤᠭᠤᠷ ᠲᠡᠶ ᠪᠣᠯ ᠭᠦᠭ᠍ᠵᠢᠮ ᠲᠡᠶ᠂ ᠭᠦᠭ᠍ᠵᠢᠮ ᠲᠡᠶ ᠪᠣᠯ ᠳᠠᠭᠤᠤ ᠪᠦᠵᠢᠭ᠌ ᠲᠡᠶ᠃ ᠶᠤᠰᠤᠳᠠᠢ ᠨᠢᠭᠡᠨ 《ᠳᠠᠭᠤᠤ ᠶᠢᠨ ᠨᠤᠳᠤᠭ》᠂ 《ᠣᠷᠠᠯᠢᠭ ᠤᠨ ᠶ‍ᠢᠷᠳᠢᠠᠴᠤ》 ᠭᠡᠪᠠᠴᠤ ᠢᠯᠡᠭᠦᠳᠡᠮᠡᠷ ᠦᠭᠡᠶ ᠰᠠᠢ᠌ᠬᠠᠨ ᠭᠠᠵᠠᠷ ᠶᠤᠮ ᠡ ︕

ᠰᠦᠨ ᠯᠢᠶᠠᠩ ᠠᠪᠣᠭᠠᠢ ᠡᠢ᠌ᠮᠤ ᠰᠠᠢ᠌ᠬᠠᠨ 《ᠨᠤᠳᠤᠭ》 ᠲᠤ ᠳᠦᠷᠤᠵᠤ᠂ ᠡᠢ᠌ᠮᠤ ᠭᠤᠶᠤ 《ᠶ‍ᠢᠷᠳᠢᠠᠴᠤ》 ᠳ᠋ᠤ ᠦᠰᠴᠠᠢ᠃ ᠳᠠᠷᠠ ᠳᠦᠭᠦᠭᠡ ᠣᠷᠤᠬᠤ ᠲᠡᠶ ᠵᠡᠷᠭᠡ ᠪᠠᠷ ᠠᠢ᠌ᠯ ᠰᠠᠭᠠᠬᠠᠯᠳᠠ ᠶᠢᠨ ᠭᠦᠮᠦᠰ ᠤᠨ ᠪᠦᠯᠦᠭ᠌ ᠪᠦᠯᠦᠭ᠌ ᠶᠢᠡᠷ ᠴᠤᠭᠯᠠᠷᠠᠨ᠂ ᠬᠤᠭᠤᠷ ᠭᠦᠭ᠍ᠵᠢᠮ ᠳᠠᠭᠠᠷᠠᠭᠤᠯᠵᠤ᠂ ᠳᠠᠭᠤᠤ ᠳᠠᠭᠤᠯᠠᠨ ᠪᠦᠵᠢᠭ᠌ ᠥᠰᠦᠷᠦᠭᠡᠳ᠂ ᠬᠤᠷᠢᠮ ᠨᠠᠢ᠌ᠷ ᠡᠭᠦᠰᠭᠡᠳᠡᠭ᠌ ᠢ ᠨᠢᠳᠤ ᠪᠠᠷ ᠶᠢᠡᠨ ᠦᠵᠡᠵᠤ᠂ ᠪᠠᠶ᠎ᠠ ᠪᠠᠷ ᠶᠢᠡᠨ 《ᠣᠷᠤᠯᠴᠠᠵᠤ》 ᠪᠠᠢ᠌ᠭᠰᠠᠨ ᠳᠤᠯᠠ ᠣᠷᠤᠨ ᠨᠤᠳᠤᠭ ᠤᠨ ᠰᠤᠶᠤᠯ ᠣᠷᠠᠯᠢᠭ ᠤᠨ ᠣᠷ᠎ᠠ ᠭᠠᠢ᠌ᠬᠠᠮᠰᠢᠭ ᠨᠢ ᠲ᠋ᠡᠭᠦᠨ ᠤ ᠨᠢᠯᠬ᠎ᠠ ᠪᠠᠯᠴᠢᠷ ᠣᠶᠤᠨ ᠳᠠᠷᠢᠭᠢᠨ ᠳᠤ ᠱᠢᠷᠤ ᠰᠤᠪᠣᠤᠨ ᠤᠨ ᠰᠢᠭᠢᠳᠭᠢᠭᠡ ᠮᠠᠳᠤ ᠭᠦᠨ ᠨᠥᠯᠦᠭᠡ ᠭᠦᠡᠵᠡᠭᠡᠢ ᠳᠤᠰᠬᠠᠯ ᠲᠡᠶ ᠪᠣᠯᠵᠤ᠂ ᠣᠷᠠᠯᠢᠭ ᠤᠨ ᠰᠢᠮᠠᠳᠤ ᠭᠦᠷᠦᠰᠤᠨ ᠳᠤ ᠭᠦᠨ ᠦᠨᠳᠦᠰᠦ ᠬᠠᠳᠬᠤᠬᠤ ᠪᠣᠯᠵᠤᠯᠳᠤ ᠨᠥᠭᠦᠴᠡᠯ ᠢ ᠣᠯᠭᠤᠭᠰᠠᠨ ᠶᠤᠮ᠃

ᠠᠷᠪᠠᠭᠠᠤᠨ ᠨᠠᠰᠤᠳᠠᠢ ᠦᠶ᠎ᠡ ᠶᠢᠨ ᠭᠢᠨᠢ ᠡᠪᠦᠯ ᠤᠨ ᠨᠢᠭᠡᠨ ᠡᠳᠦᠷ᠂ ᠪᠦᠭᠦ ᠳᠤᠰᠬᠤᠨ ᠤ ᠥᠳᠡᠯᠦᠭ᠍ᠰᠡᠨ ᠵᠠᠯᠠᠭᠤ᠂ ᠦᠬᠢᠳ ᠪᠠᠷᠢᠶᠠᠤᠨ ᠭᠡᠰᠡᠨ ᠦᠭᠡᠶ ᠭᠡᠷ ᠳᠡᠷᠭᠡ ᠪᠠᠨ ᠴᠠᠪᠠᠷᠯᠠᠨ᠂ ᠭᠡᠵᠢᠭᠡ ᠦᠰᠦ ᠪᠠᠨ ᠰᠠᠮᠨᠠᠵᠤ᠂ ᠡᠮᠦᠰᠴᠤ ᠵᠡᠭᠦᠭᠦ ᠪᠠᠨ ᠳᠡᠭ᠍ᠰᠢᠯᠡᠨ ᠡᠳᠡᠭᠡᠳ ᠥᠢᠮᠡᠭᠡᠨ ᠪᠣᠯᠵᠤ ᠶᠠᠭᠠᠷᠠᠯᠳᠤᠨ᠎ᠠ᠃ ᠶᠠᠭᠤ ᠪᠣᠯᠪᠠ︖ ᠰᠤᠨᠢᠭᠤᠴᠢ ᠵᠠᠩ ᠲᠡᠶ ᠪᠢᠴᠢᠬᠠᠨ ᠰᠦᠨ ᠯᠢᠶᠠᠩ ᠡ᠊ᠨᠳᠡ ᠡᠴᠡ ᠠᠰᠠᠭᠤᠵᠤ᠂ ᠳᠠᠠᠳᠠ ᠡᠴᠡ ᠰᠤᠷᠠᠭᠰᠠᠭᠠᠷ ᠠᠢ᠌ᠯ ᠤᠨ ᠨᠢᠭᠡ ᠪᠠᠶᠠᠨ ᠤ ᠭᠦᠤ ᠳᠤ ᠪᠠᠨ ᠪᠠᠷᠢ ᠭᠡᠯᠡᠯᠴᠡᠵᠤ ᠳᠤᠭᠢᠷᠠᠭᠠᠤᠨ ᠬᠤᠭᠤᠷᠴᠢ ᠵᠠᠯᠠᠵᠤ ᠨᠠᠢ᠌ᠷ ᠭᠢᠭᠦ ᠭᠡᠵᠤ ᠪᠠᠢ᠌ᠨ᠎ᠠ ᠭᠡᠨ᠎ᠡ᠃ ᠡᠨᠡ ᠵᠠᠯᠠᠭᠳᠠᠭᠰᠠᠨ ᠬᠤᠭᠤᠷᠴᠢ ᠳ᠋ᠠᠮᠪᠠᠷᠢᠠᠴᠢᠨ ᠭᠡᠳᠡᠭ᠌ ᠪᠣᠯ ᠬᠤᠯᠠ ᠤᠢ᠌ᠷ᠎ᠡ ᠳᠤ ᠪᠠᠨ ᠠᠯᠳᠠᠷᠳᠠᠢ᠂ ᠬᠤᠳᠠᠯᠠ ᠣᠯᠠᠨ ᠳᠤ ᠪᠠᠨ ᠭᠦᠡᠳᠦᠳᠭᠡᠯᠳᠡᠢ ᠭᠦᠮᠤᠨ ᠭᠡᠨ᠎ᠡ ᠃ ᠢᠩᠭᠢᠭᠡᠳ ᠯᠠ ᠠᠢ᠌ᠯ ᠤᠨ ᠭᠦᠮᠦᠰ ᠣᠢ᠌ᠮᠠᠯᠳᠤᠵᠤ ᠪᠠᠢ᠌ᠨ᠎ᠠ᠃

ᠠᠷᠪᠠ ᠶ‍ᠢᠰᠦᠳᠦᠭᠡᠷ ᠵᠠᠭᠤᠨ ᠤ ᠰᠡᠭᠦᠯᠴᠢ ᠶᠢᠨ ᠦᠶ᠎ᠡ ᠳᠤ ᠮᠤᠩᠭ᠋ᠤᠯᠵᠢᠨ ᠬᠤᠰᠢᠭᠤᠨ ᠳᠤ ᠪᠠᠢ᠌ᠭᠠᠯᠢ ᠶᠢᠨ ᠭᠠᠮᠰᠢᠭ᠂ ᠨᠡᠢ᠌ᠭᠡᠮ ᠤᠨ ᠠᠶᠤᠯ ᠳᠠᠪᠬᠤᠷ ᠳᠠᠪᠬᠤᠷ ᠪᠠᠭᠤᠵᠠᠢ᠃ ᠦᠨᠳᠦᠰᠦᠳᠠᠨ ᠤ ᠵᠦᠷᠢᠴᠠᠯ ᠬᠤᠷᠴᠠᠳᠤᠨ᠂ ᠮᠤᠩᠭ᠋ᠤᠯᠴᠤᠳ ᠤᠨ ᠠᠮᠢᠳᠤᠷᠠᠯ ᠣᠯᠠᠮ ᠶᠠᠪᠣᠬᠤ ᠳᠤᠳᠤᠮ ᠪᠠᠳᠤᠯᠠᠭ᠎ᠠ ᠦᠭᠡᠶ ᠪᠣᠯᠵᠤ᠂ ᠬᠤᠩᠬᠤᠰ ᠳᠡᠭᠡᠷᠡᠮ ᠰᠠᠮᠠᠭᠤᠷᠠᠪᠠ᠃ ᠪᠠᠳᠠᠷᠠᠭᠤᠯᠳᠤ ᠳᠦᠷᠤ ᠶᠢᠨ ᠠᠷᠪᠠᠨ ᠳᠤᠯᠤᠳᠤᠭᠠᠷ ᠣᠨ (1891ᠣᠨ) ᠳ᠋ᠤ ᠠᠤᠬᠠᠨ ᠬᠤᠰᠢᠭᠤᠨ ᠡᠴᠡ ᠡᠭᠦᠰᠦᠭ᠍ᠰᠡᠨ ᠣᠯᠠᠭᠠᠨ ᠮᠠᠯᠠᠭᠠᠢ᠌ᠳᠠᠨ ᠤ ᠣᠷᠪᠠᠯᠭᠠᠨ ᠨᠢ ᠬᠠᠷᠠᠴᠢᠨ ᠲᠦᠮᠡᠳ᠂ ᠮᠤᠩᠭ᠋ᠤᠯᠵᠢᠨ ᠣᠷᠤᠭᠤ ᠦᠷᠭᠡᠳᠴᠦ᠂ ᠳᠤᠰᠬᠠᠢ᠌ᠯᠠᠨ ᠮᠤᠩᠭ᠋ᠤᠯ ᠭᠦᠮᠤᠨ ᠢ ᠪᠠᠷᠢᠵᠤ ᠠᠯᠠᠭᠰᠠᠨ ᠭᠡᠨ᠎ᠡ᠃ ᠰᠤᠨᠤᠰᠤᠯᠳᠠ ᠪᠠᠷ ᠣᠯᠠᠭᠠᠨ ᠮᠠᠯᠠᠭᠠᠢ᠌ᠳᠠᠨ ᠤ ᠣᠷᠪᠠᠯᠭᠠᠨ ᠭᠠᠷᠭᠠᠭᠴᠢᠳ ᠨᠢ ᠪᠠᠶ᠎ᠠ ᠳᠤ ᠪᠠᠨ ᠵᠢᠳᠠ ᠰᠠᠯᠠᠮ᠎ᠠ ᠣᠷᠤᠬᠤ ᠦᠭᠡᠶ ᠭᠡᠵᠤ ᠭᠦᠭᠡᠷᠭᠡᠳᠡᠨ ᠰᠤᠷᠳᠠᠯᠴᠢᠯᠠᠵᠤ᠂ ᠠᠤᠬᠠᠨ ᠬᠤᠰᠢᠭᠤᠨ ᠤ ᠸᠠᠩ ᠤᠨ ᠣᠷᠳᠤ ᠳᠤ ᠳᠠᠭᠠᠷᠢᠨ ᠣᠷᠤᠵᠤ ᠸᠠᠩ ᠤᠨ ᠨᠢᠭᠡ ᠭᠡᠷ ᠭᠦᠮᠦᠰ ᠤᠨ ᠥᠡᠳᠡᠭᠡ ᠵᠤᠯᠵᠠᠭ᠎ᠠ ᠥᠯᠡᠳᠡᠭᠡᠯ ᠦᠭᠡᠶ ᠭᠦᠢᠰᠤ ᠳᠡᠮᠳᠡᠷᠢᠭ᠍ᠰᠡᠨ ᠭᠡᠳᠡᠭ᠌᠃ ᠮᠤᠩᠭ᠋ᠤᠯᠵᠢᠨ ᠬᠤᠰᠢᠭᠤᠨ ᠳᠤ ᠣᠷᠪᠠᠯᠭᠠᠨ ᠭᠠᠷᠭᠠᠭᠰᠠᠨ ᠣᠯᠠᠭᠠᠨ ᠮᠠᠯᠠᠭᠠᠢ᠌ᠳᠠᠤᠨ ᠨᠢ ᠮᠤᠩᠭ᠋ᠤᠯᠴᠤᠳ ᠤᠨ ᠡᠮᠡᠰ ᠬᠡᠦᠬᠡᠳ ᠢ ᠪᠠᠷᠢᠵᠤ ᠠᠪᠣᠭᠠᠤᠨ ᠳᠠᠪᠤᠨ ᠵᠠᠨ ᠪᠣᠰᠤᠭ᠎ᠠ ᠣᠷᠤᠢ ᠲᠡᠶ ᠭᠡᠷ ᠲ᠋ᠤ ᠠᠯᠠᠭᠰᠠᠨ ᠭᠠᠬᠠᠢ ᠶᠢ ᠵᠡᠷᠭᠡᠯᠡᠵᠤ ᠣᠪᠣᠭᠠᠯᠠᠬᠤ ᠰᠢᠭ ᠣᠷᠤᠢ ᠳ᠋ᠤᠨᠢ ᠳᠤᠯᠳᠠᠯ᠎ᠠ ᠳᠦᠭᠦᠷᠭᠡᠭᠡᠳ ᠰᠢᠳᠠᠭᠠᠭᠰᠠᠨ ᠭᠡᠨ᠎ᠡ᠃ ᠴᠤᠩᠬᠤ ᠪᠠᠷ ᠨᠢ ᠣᠨᠠᠵᠤ ᠢᠷᠡᠭ᠍ᠰᠡᠨ ᠬᠤᠶᠠᠷ ᠭᠦᠮᠤᠨ ᠠᠮᠢ ᠭᠠᠷᠴᠤ ᠡᠨᠡᠭᠦ ᠬᠠᠷᠠᠰᠠᠯᠳᠤ ᠭᠡᠷᠡᠭ᠌ ᠤᠨ ᠠᠮᠢᠳᠤ ᠭᠡᠷᠡᠴᠢ ᠪᠣᠯᠵᠠᠢ ᠃ ᠬᠤᠶᠠᠷ ᠵᠠᠭᠤᠨ ᠵᠢᠯ ᠤᠨ ᠳᠠᠷᠠᠭᠠᠭᠢ ᠥᠨᠦᠭᠡᠨ ᠪᠣᠯᠳᠠᠯ᠎ᠠ ᠳᠡᠷᠡᠭᠦ ᠭᠦᠮᠤᠨ ᠰᠢᠳᠠᠭᠠᠭᠰᠠᠨ ᠭᠡᠷ ᠤᠨ ᠴᠢᠯᠠᠭᠤᠨ ᠳᠠᠢ᠌ᠰᠠ ᠵᠤᠨ ᠤ ᠬᠠᠯᠠᠭᠤᠨ ᠨᠠᠷᠠᠨ ᠳᠤ ᠰᠢᠷᠠᠭᠳᠠᠭᠰᠠᠭᠠᠷ ᠭᠦᠮᠤᠨ ᠤ ᠳᠤᠰᠤ ᠢᠯᠪᠠᠯᠵᠢᠨ ᠭᠠᠷᠴᠤ ᠢᠷᠡᠳᠡᠭ᠌᠃ ᠡᠭᠦᠨ ᠢ ᠥᠵᠡᠭᠦ ᠪᠦᠷᠢ ᠭᠦᠮᠦᠰ ᠤᠨ ᠰᠡᠳᠭᠢᠯ ᠳᠤ᠂ ᠮᠤᠩᠭ᠋ᠤᠯ ᠭᠦᠮᠤᠨ ᠤ ᠨᠢᠳᠤᠨ ᠳᠤ ᠳᠡᠷᠡᠭᠦ ᠨᠢᠳᠤ ᠬᠠᠯᠳᠤᠷᠢᠵᠤ ᠵᠢᠷᠦᠭᠡ ᠰᠢᠮᠰᠢᠷᠡᠮ᠎ᠡ ᠬᠠᠷᠠᠰᠠᠯᠳᠤ ᠪᠠᠢ᠌ᠳᠠᠯ ᠺᠢᠨᠤ᠋ ᠵᠢᠷᠤᠭ ᠪᠣᠯᠵᠤ ᠳᠡᠯᠭᠡᠭ᠍ᠳᠡᠨ᠎ᠡ᠃

ᠮᠤᠩᠭ᠋ᠤᠯᠵᠢᠨ ᠬᠤᠰᠢᠭᠤᠨ ᠸᠠᠩ ᠨᠡᠢ᠌ᠭᠡᠮ ᠤᠨ ᠵᠦᠷᠢᠴᠠᠯ ᠢ ᠨᠠᠮᠬᠠᠳᠬᠠᠵᠤ᠂ ᠭᠦᠮᠦᠰ ᠤᠨ ᠰᠡᠳᠭᠢᠯ ᠢ ᠳᠦᠪᠰᠢᠷᠡᠭᠦᠯᠤᠨ᠂ ᠠᠷᠠᠤᠨ ᠤᠨ ᠠᠮᠢᠳᠤᠷᠠᠯ ᠢ ᠳᠡᠭᠡᠭ᠍ᠰᠢᠯᠡᠭᠦᠯᠭᠦ ᠶᠢᠨ ᠲᠦᠯᠦᠭᠡ᠂ 《ᠶᠠᠳᠠᠭᠤ ᠶᠢ ᠲᠡᠳᠬᠦᠭᠦ》᠂ 《ᠠᠵᠢᠯ ᠣᠯᠭᠤᠬᠤ》 ᠠᠷᠭ᠎ᠠ ᠰᠥᠪᠠᠭ᠍ᠴᠢᠯᠡᠵᠤ ᠳᠤᠬᠠᠢ ᠶᠢᠨ ᠦᠶ᠎ᠡ ᠶᠢᠨ ᠠᠯᠳᠠᠷᠳᠤ ᠬᠤᠭᠤᠷᠴᠢ ᠳ᠋ᠠᠯᠠᠩᠭ᠋᠎ᠠ ᠶᠢ ᠵᠤᠭᠤᠰ ᠭᠠᠷᠭᠠᠨ ᠣᠷᠢᠵᠤ᠂ ᠰᠤᠷᠤᠯᠭᠠᠳᠠᠨ ᠡᠴᠡ ᠰᠥᠢᠳᠭᠡᠯ ᠬᠤᠷᠢᠶᠠᠬᠤ ᠦᠭᠡᠶ ᠪᠠᠷ ᠬᠤᠭᠤᠷᠴᠢ ᠶᠢᠨ ᠪᠣᠯᠪᠠᠰᠤᠷᠠᠯ ᠤᠨ ᠠᠩᠭᠢ ᠡᠷᠭᠢᠯᠡᠪᠡ᠃ ᠬᠤᠰᠢᠭᠤ ᠵᠠᠰᠠᠭ ᠤᠨ ᠭᠠᠵᠠᠷ ᠡᠴᠡ ᠰᠥᠢᠳᠭᠡᠯ ᠠᠪᠬᠤ ᠦᠭᠡᠶ ᠪᠠᠷ ᠰᠤᠷᠤᠯᠴᠠᠭᠤᠯᠬᠤ ᠪᠣᠯᠤᠭᠰᠠᠨ ᠳᠤ ᠶᠠᠳᠠᠭᠤ ᠵᠥᠳᠡᠭᠦᠤ ᠭᠦᠮᠦᠰ᠂ ᠰᠤᠬᠤᠷ ᠳᠤᠭᠤᠯᠠᠩ ᠵᠡᠮᠳᠡᠭ᠍ᠴᠦᠳ ᠮᠠᠰᠢ ᠠᠷᠪᠢᠨ ᠭᠦᠮᠤᠨ ᠴᠤᠭᠯᠠᠷᠠᠵᠤ ᠪᠣᠯᠪᠠᠰᠤᠷᠠᠯ ᠳᠤ ᠣᠷᠤᠯᠴᠠᠭᠰᠠᠨ ᠶᠤᠮ᠃ ᠡᠷᠳᠡᠮᠳᠡᠨ ᠪᠠᠭᠰᠢ ᠳ᠋ᠠᠯᠠᠩᠭ᠋᠎ᠠ ᠡᠴᠡ ᠡᠳᠡᠭᠡᠷ ᠱᠠᠪᠢ ᠨᠡᠷ ᠲᠤ ᠪᠠᠨ ᠬᠤᠭᠤᠷ ᠳᠠᠳᠠᠬᠤ ᠡᠷᠳᠡᠮ᠂ ᠥᠯᠢᠭᠡᠷ ᠬᠤᠯᠪᠣᠭ᠎ᠠ ᠭᠡᠯᠡᠭᠦ ᠮᠡᠷᠭᠡᠵᠢᠯ ᠵᠡᠷᠭᠡ ᠶᠢ ᠨᠠᠷᠢᠨ ᠨᠢᠮᠪᠠᠢ ᠵᠢᠭᠠᠵᠤ᠂ ᠬᠤᠵᠢᠮ ᠪᠠᠶ᠎ᠠ ᠪᠠᠨ ᠳᠠᠭᠠᠭᠠᠵᠤ ᠠᠮᠢᠳᠤᠷᠠᠵᠤ ᠳᠡᠢ᠌ᠯᠭᠦ ᠭᠡᠮᠵᠢᠶᠡᠨ ᠳᠤ ᠭᠦᠷᠭᠡᠭᠦ ᠪᠠᠷ ᠴᠢᠷᠮᠠᠢ᠌ᠨ ᠵᠢᠳᠭᠦᠵᠡᠢ᠃ ᠡᠨᠡ ᠣᠳᠠᠭᠠᠨ ᠤ ᠪᠣᠯᠪᠠᠰᠤᠷᠠᠯ ᠤᠨ ᠠᠩᠭᠢ ᠡᠴᠡ ᠬᠠᠮᠤᠭ ᠰᠢᠯᠢᠳᠡᠭ᠌ ᠭᠢᠷᠢ ᠪᠦᠳᠦᠮᠵᠢ ᠳᠡᠢ ᠲ᠋ᠡᠭᠦᠰᠦᠭ᠍ᠰᠡᠨ ᠨᠢ ᠳ᠋ᠠᠮᠪᠠᠷᠢᠠᠴᠢᠨ ᠵᠠᠯᠠᠭᠤ ᠪᠣᠯᠤᠨ᠎ᠠ᠃ ᠮᠢᠩᠭ᠋᠎ᠠ ᠶ‍ᠢᠰᠤᠨ ᠵᠠᠭᠤᠨ ᠣᠨ ᠤ ᠦᠶ᠎ᠡ ᠪᠠᠷ ᠳ᠋ᠠᠯᠠᠩᠭ᠋᠎ᠠ ᠬᠤᠭᠤᠷᠴᠢ ᠢ ᠾᠧ ᠳᠤᠸᠠᠨ ᠤ ᠰᠠᠮᠠᠭᠤᠷᠠᠯ ᠡᠴᠡ ᠵᠠᠢ᠌ᠯᠠᠵᠤ ᠳᠠᠷᠠᠬᠠᠨ ᠬᠤᠰᠢᠭᠤᠨ ᠳᠤ ᠢᠷᠡᠭᠡᠳ ᠳᠠᠷᠬᠠᠨ ᠬᠤᠰᠢᠭᠤᠨ ᠤ ᠳᠦᠷᠪᠠᠨ ᠣᠳᠠᠰᠤᠳᠤ ᠬᠤᠭᠤᠷ ᠪᠠ ᠬᠤᠭᠤᠷ ᠤᠨ ᠥᠯᠢᠭᠡᠷ ᠬᠤᠯᠪᠣᠭ᠎ᠠ ᠶᠢᠨ ᠭᠦᠭ᠍ᠵᠢᠯᠳᠡ ᠳᠤ ᠳᠤᠩ ᠶᠡᠭᠡ ᠨᠥᠯᠦᠭᠡ ᠥᠵᠡᠭᠦᠯᠦᠭ᠍ᠰᠡᠨ ᠭᠡᠯᠳᠡᠢ ᠃

ᠶᠠᠭ ᠡᠢ᠌ᠮᠤ ᠡᠴᠡ ᠳᠠᠷᠬᠠᠨ ᠬᠤᠰᠢᠭᠤᠨ ᠳᠤ ᠳ᠋ᠠᠠᠽᠠᠠᠨᠢᠮ᠎ᠠ ᠬᠤᠭᠤᠷᠴᠢ᠂ ᠳ᠋ᠠᠯᠠᠩᠭ᠋᠎ᠠ ᠬᠤᠭᠤᠷᠴᠢ ᠭᠡᠪᠠᠯ ᠳᠠᠨᠢᠬᠤ ᠦᠭᠡᠶ ᠭᠦᠮᠤᠨ ᠪᠠᠭ᠎ᠠ᠂ ᠮᠡᠳᠡᠭᠦ ᠦᠭᠡᠶ ᠭᠦᠮᠤᠨ ᠴᠥᠭᠡᠨ᠃ ᠨᠠᠩ ᠴᠢᠨᠠᠭᠰᠢᠯᠠᠨ ᠬᠤᠭᠤᠷ ᠭᠦᠭ᠍ᠵᠢᠮ ᠳᠤ ᠪᠠᠨ ᠳᠤᠷ᠎ᠠ ᠪᠠᠬ᠎ᠠ ᠲ᠋ᠠᠢ ᠭᠦᠮᠦᠰ ᠦᠨᠦᠷ ᠶᠢᠡᠷ ᠨᠢ ᠡᠷᠢᠵᠤ᠂ ᠥᠰᠦᠭᠡᠢ ᠡᠴᠡ ᠨᠢ ᠮᠦᠷᠳᠡᠭᠡᠳ ᠭᠦᠶ‍ᠦᠳᠡᠭ᠌ ᠪᠢᠯᠠ ︕ ᠡᠢ᠌ᠮᠤ ᠰᠠᠢ᠌ᠨ᠂ ᠳᠠᠢ᠌ᠮᠤ ᠰᠠᠢ᠌ᠨ ᠭᠡᠵᠤ ᠥᠯᠢᠭᠡᠷ ᠲᠡᠶ᠂ ᠳᠤᠮᠤᠭ ᠲᠡᠶ ᠪᠣᠯᠭᠠᠵᠤ ᠭᠡᠯᠡᠯᠴᠡᠭᠦ ᠶᠢ ᠰᠤᠨᠤᠰᠤᠭᠰᠠᠨ ᠪᠠᠭ᠎ᠠ ᠨᠠᠰᠤᠨ ᠤ ᠰᠦᠨ ᠯᠢᠶᠠᠩ ᠴᠤ ᠣᠯᠵᠤ ᠣᠴᠠᠷᠠᠬᠤ ᠶᠤᠮ ᠰᠠᠨ ᠭᠡᠵᠤ ᠶᠡᠭᠡᠯ᠎ᠡ ᠰᠢᠳᠤᠨ ᠪᠢᠰᠢᠷᠡᠭᠦ ᠰᠡᠳᠬᠢᠯᠭᠡ ᠳᠦᠷᠦᠭ᠍ᠳᠡᠪᠡ᠃ ᠦᠨᠦᠳᠤᠷ ᠠᠯᠳᠠᠷᠳᠤ ᠣᠷᠠᠯᠢᠭᠴᠢᠨ ᠳᠠᠯᠠᠩᠭ᠋᠎ᠠ ᠶᠢᠨ ᠱᠠᠪᠢ ᠳ᠋ᠠᠮᠪᠠᠷᠢᠠᠴᠢᠨ ᠮᠠᠨ ᠤ ᠠᠢ᠌ᠯ ᠳᠤ ᠵᠠᠯᠠᠭᠳᠠᠨ ᠢᠷᠠᠯ᠎ᠠ᠃ ᠰᠦᠨ ᠯᠢᠶᠠᠩ ᠪᠣᠰᠤᠳ ᠭᠦᠮᠦᠰ ᠲᠤ ᠪᠠᠢ᠌ᠭ᠎ᠠ ᠦᠭᠡᠶ ᠥᠭᠡᠷ᠎ᠡ ᠨᠢᠭᠡ ᠵᠣᠢ᠌ᠯ ᠶᠢᠡᠷ ᠭᠡᠮᠵᠢᠶᠡᠯᠡᠰᠢ ᠦᠭᠡᠶ ᠭᠦᠭ᠍ᠰᠡᠨ ᠪᠠᠶᠠᠷᠯᠠᠵᠤ ᠪᠠᠢ᠌ᠪᠠ᠃ ᠪᠠᠶᠠᠷᠯᠠᠬᠤ ᠳᠤ ᠪᠠᠨ ᠦᠪᠡᠷ ᠤᠨ ᠡᠷᠭᠡ ᠦᠭᠡᠶ ᠦᠰᠦᠷᠴᠤ ᠬᠠᠷᠠᠢ᠌ᠯᠠᠨ ᠪᠠᠢ᠌ᠯ᠎ᠠ᠃

ᠥᠩᠭᠡᠷᠡᠭ᠍ᠰᠡᠨ ᠨᠡᠢ᠌ᠭᠡᠮ ᠳᠤ ᠬᠤᠷᠴᠢᠨ ᠨᠤᠳᠤᠭ ᠤᠨ ᠬᠤᠭᠤᠷᠴᠢᠳ ᠲᠤ ᠣᠷᠳᠤᠨ ᠤ ᠬᠤᠭᠤᠷᠴᠢ ᠶᠢ ᠭᠠᠷᠭᠠᠪᠠᠯ ᠳᠤᠰᠬᠠᠢ ᠬᠤᠭᠤᠷᠴᠢ ᠭᠡᠵᠤ ᠳᠤᠩ ᠴᠥᠭᠡᠨ ᠪᠠᠢ᠌ᠵᠠᠢ ᠃ ᠪᠦᠷ ᠯᠠ ᠳᠠᠷᠢᠶᠠᠯᠠᠬᠤ ᠮᠠᠯᠵᠢᠬᠤ ᠠᠵᠢᠯ ᠤᠨ ᠴᠢᠯᠦᠭᠡ ᠪᠠᠷ ᠵᠢᠠᠨ ᠲ᠋ᠤᠷ᠎ᠠ ᠪᠠᠬ᠎ᠠ ᠡᠴᠡ ᠪᠠᠨ ᠡᠭᠦᠰᠤᠨ᠂ ᠬᠤᠭᠤᠷ ᠭᠦᠭ᠍ᠵᠢᠮ ᠳᠠᠭᠠᠷᠠᠭᠤᠯᠵᠤ ᠭᠦᠳᠡᠭᠡ ᠠᠷᠠᠤᠨ ᠤᠨ ᠣᠶᠤᠨ ᠰᠠᠨᠠᠭᠠᠨ ᠤ ᠠᠮᠢᠳᠤᠷᠠᠯ ᠶᠢᠡᠨ ᠪᠠᠶᠠᠯᠢᠭᠵᠢᠭᠤᠯᠳᠠᠭ ᠣᠴᠢᠷ ᠲᠡᠶ᠃ ᠣᠠᠴᠠᠭᠠᠢ ᠪᠠᠢ᠌ᠳᠠᠯ ᠡᠴᠡ ᠭᠠᠳᠠᠨ᠎ᠠ᠂ ᠦᠷᠭᠦᠯᠵᠢ ᠶᠢᠨ ᠴᠢᠨᠠᠷᠳᠠᠢ ᠶᠠᠪᠣᠭᠳᠠᠳᠠᠭ ᠨᠢ ᠵᠥᠪᠭᠡᠨ ᠡᠪᠦᠯ ᠤᠨ ᠣᠯᠠᠷᠢᠯ ᠤᠨ ᠣᠷᠳᠤ ᠰᠦᠨᠢ ᠨᠤᠭᠤᠳ ᠲᠤ ᠪᠠᠢ᠌ᠯ᠎ᠠ᠃ ᠵᠡᠮᠳᠡᠭ᠌ ᠬᠤᠭᠤᠷᠴᠢ ᠪᠠᠰᠠ ᠪᠠᠭ᠎ᠠ ᠪᠣᠰᠤ ᠪᠠᠢ᠌ᠳᠠᠭ᠃ ᠳᠠᠳᠠ ᠭᠦᠳᠡᠯᠮᠦᠷᠢᠯᠡᠭᠦ ᠴᠢᠳᠠᠪᠣᠷᠢ ᠪᠠᠨ ᠠᠯᠳᠠᠭᠰᠠᠨ ᠪᠣᠯᠬᠤᠷ ᠥᠯᠢᠭᠡᠷ ᠬᠤᠯᠪᠣᠭ᠎ᠠ ᠭᠡᠯᠡᠵᠤ ᠠᠮᠢ ᠪᠠᠨ᠂ ᠭᠡᠷ ᠪᠦᠯᠢ ᠪᠠᠨ ᠳᠡᠵᠢᠭᠡᠵᠤ ᠶᠠᠪᠣᠳᠠᠭ ᠶᠤᠮ᠃

ᠬᠤᠷᠴᠢᠠᠴᠤᠳ ᠬᠤᠭᠤᠷ ᠭᠦᠭ᠍ᠵᠢᠮ ᠳᠠᠭᠠᠷᠠᠭᠤᠯᠬᠤ᠂ ᠥᠯᠢᠭᠡᠷ ᠬᠤᠯᠪᠣᠭ᠎ᠠ ᠭᠡᠯᠡᠭᠦ᠂ ᠳᠠᠭᠤᠤ ᠪᠦᠵᠢᠭ᠌ ᠭᠠᠷᠭᠠᠬᠤ ᠵᠡᠷᠭᠡ ᠣᠷᠠᠨ ᠰᠠᠢ᠌ᠬᠠᠨ ᠤ ᠭᠦᠳᠡᠯᠭᠡᠭᠡᠨ ᠶᠢᠡᠷ ᠠᠢ᠌ᠯ ᠠᠢ᠌ᠮᠠᠭ ᠭᠡᠷ ᠡᠷᠦᠭᠡ ᠶᠢᠨ ᠶᠢᠡᠨ ᠰᠦᠷ ᠰᠦᠯᠳᠡ ᠪᠠᠨ ᠪᠤᠰᠭᠠᠬᠤ ᠂ ᠭᠡᠢ ᠮᠤᠷᠢ ᠪᠠᠨ ᠰᠡᠷᠭᠦᠭᠡᠭᠦ ᠵᠠᠩᠰᠢᠯ ᠲᠡᠶ᠃ ᠡᠢ᠌ᠮᠤ ᠡᠴᠡ ᠭᠡᠨ ᠭᠦᠮᠤᠨ ᠦᠪᠡᠷ ᠤᠨ ᠭᠡᠷ ᠡᠷᠦᠭᠡ ᠶᠢᠨ ᠭᠡᠢ ᠮᠤᠷᠢ ᠪᠠᠨ ᠰᠡᠷᠭᠦᠭᠡᠭᠦ ᠡᠭᠦᠳᠡᠨ ᠡᠴᠡ ᠠᠬᠠᠮᠠᠤᠨ ᠨᠠᠰᠤᠳᠠᠨ ᠤ ᠪᠠᠨ ᠨᠠᠰᠤᠨ ᠪᠠᠶᠠᠷ ᠢ ᠪᠠᠯᠭᠡᠯᠡᠭᠦ᠂ ᠬᠡᠦᠬᠡᠳ ᠤᠨ ᠣᠷᠤᠭ ᠬᠤᠷᠢᠮ ᠪᠣᠯᠬᠤ ᠪᠣᠶᠤ ᠳᠡᠭ᠍ᠷᠢ ᠳᠠᠭᠢᠬᠤ ᠣᠪᠣᠭ᠎ᠠ ᠳᠠᠭᠢᠬᠤ᠂ ᠨᠤᠳᠤᠭ ᠣᠰᠤᠨ ᠤ ᠨᠠᠪᠳᠠᠭ ᠰᠠᠪᠳᠠᠭ ᠶᠢᠡᠨ ᠪᠠᠶᠠᠰᠬᠠᠬᠤ ᠨᠠᠢ᠌ᠷ ᠭᠢᠭᠦ ᠦᠶ᠎ᠡ ᠳᠤ ᠪᠦᠷ ᠬᠤᠭᠤᠷᠴᠢ ᠵᠠᠯᠠᠵᠤ ᠥᠯᠢᠭᠡᠷ ᠬᠤᠯᠪᠣᠭ᠎ᠠ ᠭᠡᠯᠡᠭᠦᠯᠤᠨ ᠠᠢ᠌ᠯ ᠠᠢ᠌ᠮᠠᠭ ᠤᠨ ᠭᠦᠮᠦᠰ ᠶᠢᠡᠨ ᠪᠠᠶᠠᠰᠬᠠᠳᠠᠭ᠃ ᠡᠭᠦᠨ ᠶᠢᠡᠨ ᠪᠣᠶᠠᠨ ᠣᠢ᠌ᠯᠠᠳᠴᠤ ᠪᠠᠢ᠌ᠨ᠎ᠠ ᠭᠡᠵᠤ ᠥᠵᠡᠳᠡᠭ᠌᠃

ᠬᠤᠭᠤᠷᠴᠢ ᠭᠦᠮᠤᠨ ᠶᠡᠭᠡ ᠭᠦᠡᠳᠦᠳᠡᠢ ᠪᠠᠢ᠌ᠳᠠᠭ᠃ ᠬᠤᠷᠴᠢᠨ ᠮᠤᠩᠭ᠋ᠤᠯᠴᠤᠳ ᠤᠨ ᠪᠠᠶᠠᠨ ᠶᠠᠳᠠᠭᠤ᠂ ᠨᠤᠶᠠᠨ ᠪᠣᠭᠤᠯ᠂ ᠯᠠᠮ᠎ᠠ ᠬᠤᠸᠠᠷᠠᠭ ᠭᠡᠰᠡᠨ ᠦᠭᠡᠶ ᠪᠦᠷ ᠬᠤᠭᠤᠷᠴᠢ ᠶᠢ ᠪᠠᠭᠰᠢ ᠭᠡᠵᠤ ᠭᠦᠡᠳᠦᠳᠭᠡᠨ ᠥᠵᠡᠳᠡᠭ᠌᠃ ᠭᠠᠭᠴᠠᠬᠦ ᠵᠠᠷᠢᠮ ᠶᠤᠰᠤ ᠮᠡᠳᠡᠭᠦ ᠦᠭᠡᠶ᠂ ᠶᠤᠷᠤ ᠳᠠᠨᠢᠬᠤ ᠥᠭᠡᠢ ᠪᠠᠶᠡᠳ ᠨᠤᠶᠠᠤᠨ ᠪᠣᠶᠤ ᠪᠠᠷᠳᠡᠭ᠍ᠴᠢᠨ ᠡᠷᠡᠰ ᠯᠠ ᠰᠠ‍‌ᠶᠢ ᠬᠤᠭᠤᠷ ᠤᠨ ᠥᠯᠢᠭᠡᠷ ᠬᠤᠯᠪᠣᠭ᠎ᠠ ᠶᠢ ᠣᠷᠠᠯᠢᠭ ᠭᠡᠵᠤ ᠭᠦᠡᠳᠦᠳᠭᠡᠭᠦ ᠦᠭᠡᠶ᠂ ᠵᠥᠪᠭᠡᠨ ᠤᠢ᠌ᠳᠬᠠᠷ ᠶᠢᠡᠨ ᠰᠡᠷᠭᠦᠭᠡᠵᠤ᠂ ᠭᠤᠨᠢᠭ ᠶᠢᠡᠨ ᠳᠠᠢ᠌ᠯᠬᠤ ᠨᠠᠭᠠᠳᠤᠮ ᠤᠨ ᠶᠠᠭᠤᠮ᠎ᠠ ᠭᠡᠵᠤ ᠥᠵᠡᠭᠡᠳ ᠬᠤᠭᠤᠷᠴᠢᠳ ᠢ 《ᠭᠤᠶ᠎ᠠ ᠪᠠᠨ ᠭᠢᠷᠦᠭᠡᠳᠦᠭ᠍ᠰᠡᠨ ᠭᠣᠢ᠌ᠷᠠᠠᠴᠢ》᠂ 《ᠳᠡᠨᠦᠭᠦᠯ ᠠᠷᠠᠤᠨ》 ᠭᠡᠵᠤ ᠳᠠᠮᠠᠢ ᠣᠢ᠌ᠰᠢᠶᠠᠳᠠᠭ ᠦᠭᠡᠶ ᠪᠦᠭᠡᠳ ᠵᠠᠷᠢᠮ ᠦᠶ᠎ᠡ ᠳᠤ ᠪᠠᠰᠠ ᠭᠤᠳᠤᠭᠠᠨ ᠳᠤᠷᠤᠮᠵᠢᠯᠠᠳᠠᠭ᠃

ᠬᠤᠭᠤᠷᠴᠢ ᠵᠠᠯᠠᠬᠤ ᠳᠤ ᠪᠠᠨ ᠬᠤᠯᠠ ᠤᠢ᠌ᠷ᠎ᠡ ᠭᠡᠵᠤ ᠢᠯᠭᠠᠳᠠᠭ ᠦᠭᠡᠶ᠃ ᠴᠢᠬᠤᠯᠠ ᠲᠡᠶ ᠦᠶ᠎ᠡ ᠳᠤ ᠬᠤᠰᠢᠭᠤ ᠠᠯᠤᠰ ᠡᠴᠡ ᠴᠤ ᠵᠠᠯᠠᠵᠤ ᠢᠷᠡᠭᠡᠳ ᠥᠯᠢᠭᠡᠷ ᠭᠡᠯᠡᠭᠦᠯᠦᠨ᠎ᠡ᠃ ᠬᠤᠶᠠᠷ ᠯᠤᠩᠬᠤ ᠠᠷᠢᠭᠢ᠂ ᠨᠢᠭᠡ ᠠᠮᠠ ᠬᠠᠳᠠᠭ ᠲᠡᠶ ᠬᠤᠭᠤᠷᠴᠢ ᠳᠤ ᠣᠴᠢᠭᠠᠤᠨ 《ᠵᠠ᠂ ᠬᠤᠭᠤᠷᠴᠢ ᠭᠤᠸᠠᠢ ᠶᠢ ᠪᠠᠶ᠎ᠠ ᠶᠢ ᠴᠢᠨᠢ ᠵᠥᠳᠡᠭᠡᠨ ᠂ ᠪᠢᠯᠢᠭ᠌ ᠢ ᠴᠢᠨᠢ ᠴᠢᠯᠡᠭᠡᠵᠤ᠂ ᠨᠤᠳᠤᠭ ᠣᠰᠤ᠂ ᠠᠬᠠᠮᠠᠤᠨ ᠨᠠᠰᠤᠳᠠᠨ᠂ ᠠᠢ᠌ᠯ ᠣᠯᠠᠨ ᠶᠢᠡᠨ ᠪᠠᠶᠠᠰᠬᠠᠬᠤ ᠶᠢᠨ ᠲᠦᠯᠦᠭᠡ ᠥᠯᠢᠭᠡᠷ ᠭᠡᠯᠡᠭᠦᠯᠭᠦ ᠪᠠᠷ ᠵᠠᠯᠠᠶ᠎ᠠ ᠭᠡᠰᠡᠨ ᠶᠤᠮ 》 ᠭᠡᠵᠤ ᠢᠷᠡᠭ᠍ᠰᠡᠨ ᠣᠴᠢᠷ ᠶᠢᠡᠨ ᠳᠤᠳᠤᠷᠬᠠᠢ᠌ᠯᠠᠵᠤ ᠭᠡᠯᠡᠭᠦ ᠳᠤ ᠬᠤᠭᠤᠷᠴᠢ ᠨᠢ ᠦᠨ᠎ᠡ ᠬᠠᠩᠰᠢ ᠭᠡᠯᠡᠯ ᠦᠭᠡᠶ ᠮᠦᠷᠳᠡᠭᠡᠨ ᠣᠠᠴᠠ ᠶᠠᠪᠣᠳᠠᠯ ᠳᠠᠭᠠᠷᠠᠭᠰᠠᠨ ᠦᠭᠡᠶ ᠪᠣᠯ 《ᠵᠠ᠂ ᠳᠠᠨᠤᠰ ᠤᠨ ᠳᠠᠭᠠᠯᠠᠯ ᠳᠤ ᠳᠠᠷ ᠶᠢᠡᠨ ᠰᠢᠪᠬᠠᠵᠤ᠂ ᠳᠠᠶᠠᠭᠠᠷ ᠶᠢᠡᠨ ᠪᠠᠶᠠᠰᠬᠠᠨ᠂ ᠪᠣᠶᠠᠨ ᠬᠤᠷᠢᠶᠠᠶ᠎ᠠ ︕》 ᠭᠡᠵᠤ ᠭᠡᠯᠡᠨ ᠵᠠᠯᠠᠯᠭ᠎ᠠ ᠶᠢ ᠭᠦᠯᠢᠶᠡᠨ ᠠᠪᠳᠠᠭ᠃ ᠭᠡᠷᠪᠡ ᠴᠢᠬᠤᠯᠠ ᠣᠴᠢᠷ ᠲᠡᠶ ᠪᠣᠯᠤᠭᠠᠤᠨ ᠣᠴᠢᠵᠤ ᠳᠡᠢ᠌ᠯᠭᠦ ᠦᠭᠡᠶ ᠪᠣᠯ ᠴᠢᠯᠦᠭᠡᠨ ᠤ ᠡᠳᠦᠷ ᠶᠢᠡᠨ ᠦᠵᠡᠵᠤ ᠪᠣᠯᠵᠤᠨ ᠲ᠋ᠤᠭᠳᠠᠳᠠᠭ ᠶ‍ᠦᠮ ᠃ ᠢᠩᠭᠢᠭᠡᠳ ᠵᠡᠯᠡᠬᠤ ᠭᠦᠮᠤᠨ ᠨᠢ ᠭᠦᠳᠦᠯᠦᠭᠡ ᠮᠤᠷᠢ ᠲᠡᠶ ᠢᠷᠡᠭ᠍ᠰᠡᠨ ᠪᠣᠶᠤ ᠭᠦᠰᠭᠡ ᠳᠡᠷᠭᠡ ᠲᠡᠶ ᠢᠷᠡᠭ᠍ᠰᠡᠨ ᠪᠣᠯ ᠳᠠᠷᠠ ᠳᠠᠷᠤᠢ ᠳ᠋ᠤᠨᠢ ᠬᠠᠮᠳᠤ ᠪᠠᠷ ᠶᠠᠪᠣᠨ᠎ᠠ᠃

ᠳᠡᠢ᠌ᠵᠢ ᠢᠵᠠᠭᠤᠷᠳᠠᠨ ᠂ ᠭᠡᠭᠡᠨ ᠬᠤᠪᠢᠯᠭᠠᠨ ᠪᠣᠯ ᠨᠠᠷ᠎ᠠ ᠴᠤᠤ ᠲᠡᠶ ᠰᠠᠢ᠌ᠨ ᠬᠤᠭᠤᠷᠴᠢ ᠶᠢ ᠵᠠᠯᠠᠨ᠎ᠠ᠃ ᠬᠤᠰᠢᠭᠤ ᠠᠯᠤᠰ᠂ ᠮᠢᠩᠭ᠋ᠠᠨ ᠭᠠᠵᠠᠷ ᠬᠤᠯᠠ ᠡᠴᠡ ᠴᠤ ᠭᠡᠰᠡᠨ ᠳᠤᠰᠬᠠᠢ ᠭᠦᠮᠤᠨ ᠳᠤᠮᠢᠯᠠᠨ ᠵᠠᠯᠠᠵᠤ ᠠᠪᠴᠢᠷᠠᠳᠠᠭ᠃ ᠭᠡᠭᠦ ᠳᠤ ᠪᠠᠨ ᠮᠦᠨ ᠭᠠᠷ ᠤᠨ ᠪᠠᠯᠡᠭ᠌ ᠪᠠᠷᠢᠵᠤ᠄

᠊᠊᠊᠊᠊᠊᠊᠊᠊᠊᠊᠊᠊᠊᠊ ᠵᠠ᠂ ᠡᠷᠭᠢᠮ ᠭᠦᠡᠳᠦᠳᠤ ᠬᠤᠭᠤᠷᠴᠢ ᠳᠠᠨ ᠡᠴᠡ ᠮᠠᠨ ᠤ ᠨᠤᠶᠠᠨ (ᠡᠰᠡᠭᠦᠯ᠎ᠡ ᠭᠡᠭᠡᠨ ᠬᠤᠪᠢᠯᠭᠠᠨ) ᠥᠯᠢᠭᠡᠷ ᠰᠤᠨᠤᠰᠬᠤ ᠳᠠᠭᠠᠯᠠᠯ ᠲᠡᠶ ᠪᠣᠯᠬᠤᠷ ᠳᠤᠰᠬᠠᠢ᠌ᠯᠠᠨ ᠨᠠᠳᠠ ᠶᠢ ᠳᠤᠮᠢᠯᠠᠨ ᠵᠠᠯᠠᠵᠤ ᠪᠠᠢ᠌ᠨ᠎ᠡ ᠭᠡᠪᠠᠯ ᠵᠠᠯᠠᠭᠳᠠᠬᠤ ᠬᠤᠭᠤᠷᠴᠢ ᠨᠢ᠄

᠊᠊᠊᠊᠊᠊᠊᠊᠊᠊᠊᠊᠊᠊᠊ ᠵᠠ᠂ ᠳᠡᠭᠡᠶ᠎ᠡ᠂ ᠡᠷᠭᠢᠮ ᠤᠨ ᠸᠠᠩ ᠨᠤᠶᠠᠨ ᠤ ᠵᠠᠷᠯᠢᠭ ᠶᠢᠡᠷ ᠬᠤᠭᠤᠷᠴᠢ ᠪᠢ ᠥᠯᠢᠭᠡᠷ ᠪᠠᠷᠢᠬᠤ ᠪᠠᠷ ᠣᠴᠢᠶ᠎ᠠ ᠭᠡᠵᠤ ᠭᠦᠯᠢᠶᠡᠨ ᠠᠪᠳᠠᠭ᠃ ᠬᠤᠭᠤᠷᠴᠢ ᠳᠤ ᠪᠠᠨ ᠱᠦᠯᠦᠨ ᠤ ᠬᠤᠨᠢ ᠪᠣᠶᠤ ᠠᠮᠤ ᠦᠭ‍ᠭᠦᠨ᠎ᠡ᠃ ᠳᠠᠷᠠ ᠨᠢ ᠭᠡᠯᠡᠭ᠍ᠰᠡᠨ ᠥᠯᠢᠭᠡᠷ ᠤᠨ ᠣᠷᠳᠤ ᠣᠬᠤᠷ ᠶᠢᠡᠷ ᠨᠢ ᠦᠨᠳᠦᠰᠦᠯᠠᠵᠤ ᠬᠤᠨᠢᠨ ᠤ ᠳᠤᠭ᠎ᠠ ᠪᠠᠨ ᠵᠤᠭᠢᠰᠳᠠᠢ ᠳᠤᠭᠳᠠᠭᠠᠵᠤ ᠱᠠᠩᠨᠠᠨ᠎ᠠ᠃

ᠵᠠᠮ ᠶᠢᠡᠷ ᠶᠢᠡᠨ ᠢᠷᠡᠭ᠍ᠰᠡᠨ ᠪᠢᠰᠢ᠂ ᠵᠠᠯᠠᠵᠤ ᠢᠷᠡᠭ᠍ᠰᠡᠨ ᠪᠠᠭᠰᠢ᠃

ᠰᠠᠢ᠌ᠨ ᠪᠠᠭᠰᠢ ᠶᠢᠨ ᠱᠠᠪᠢ᠂ ᠰᠦᠳᠤ ᠭᠡᠭᠦᠤ ᠶᠢᠨ ᠣᠨᠠᠭ᠎ᠠ᠃

ᠳ᠋ᠠᠮᠪᠠᠷᠢᠠᠴᠢᠨ ᠭᠡᠵᠤ ᠳ᠋ᠠᠯᠠᠩᠭ᠋᠎ᠠ ᠪᠠᠭᠰᠢ ᠶᠢᠨ ᠭᠠᠷ ᠤᠨ ᠱᠠᠪᠢ ᠭᠡᠭᠦ ᠭᠠᠵᠠᠷ ᠣᠰᠤᠯᠳᠤᠬᠤ ᠣᠴᠢᠷ ᠪᠠᠢ᠌ᠨ᠎ᠠ ᠦᠦ ᠳ᠋ᠠ ︕ ᠣᠯᠠᠨ ᠤ ᠪᠠᠨ ᠭᠦᠷᠢᠶᠡᠯᠡᠯ ᠪᠢᠰᠢᠷᠠᠯ ᠢ ᠣᠯᠬᠤ ᠨᠢ ᠭᠠᠷᠴᠠᠭ᠎ᠠ ᠦᠭᠡᠶ ᠭᠡᠷᠡᠭ᠌᠃ ᠠᠯᠳᠠᠷᠳᠤ ᠪᠠᠭᠰᠢ ᠮᠢᠨᠢ ᠶᠠᠮᠠᠷ ᠥᠯᠢᠭᠡᠷ ᠭᠡᠯᠡᠭᠦ ᠶᠤᠮ ᠪᠣᠯ ︖ ᠯᠠᠪᠳᠠᠢ ᠪᠢᠳᠠᠨ ᠳᠤ ᠪᠠᠶᠠᠷ ᠪᠠᠶᠠᠰᠤᠯ ᠠᠪᠴᠢᠷᠠᠵᠤ ᠦᠭ‍ᠭᠦ ᠶᠤᠮ᠃ ᠦᠨᠡᠨ ᠢ ᠭᠡᠯᠡᠪᠠᠯ᠂ ᠭᠦᠮᠤᠨ ᠤ ᠠᠮᠢᠳᠤᠷᠠᠯ ᠳᠤ ᠡᠳ᠋ ᠪᠣᠳᠠᠰ ᠤᠨ ᠱᠠᠭᠠᠷᠳᠠᠯᠭ᠎ᠠ ᠬᠠᠮᠤᠭ ᠦᠨᠳᠦᠰᠦᠨ ᠭᠡᠭᠦ ᠳᠤ ᠣᠶᠤᠨ ᠰᠠᠨᠠᠭᠠᠨ ᠤ ᠭᠦᠭᠡᠭᠡᠴᠡᠯᠳᠦᠯ ᠨᠢ ᠪᠠᠰᠠ ᠳᠤᠩ ᠴᠢᠬᠤᠯᠠ ᠪᠠᠢ᠌ᠵᠠᠢ᠃ ᠡᠳᠡᠭᠡᠷ ᠭᠦᠮᠦᠰ ᠨᠢᠭᠡᠨ ᠴᠠᠭ ᠤᠨ ᠪᠠᠶᠠᠷ ᠪᠠᠶᠠᠰᠤᠯ ᠭᠦᠷᠳᠡᠭᠦ ᠶᠢᠨ ᠪᠣᠯᠵᠤᠯᠳᠤ ᠨᠥᠭᠦᠴᠡᠯ ᠶᠢᠡᠨ ᠪᠦᠷ ᠬᠤᠭᠤᠷᠴᠢ ᠳ᠋ᠠᠮᠪᠠᠷᠢᠠᠴᠢᠨ ᠤ ᠪᠠᠶ᠎ᠠ ᠳᠡᠭᠡᠷ᠎ᠡ ᠨᠠᠢ᠌ᠳᠠᠵᠤ᠂ ᠭᠦᠰᠡᠯ ᠤᠨ ᠰᠠᠢ᠌ᠬᠠᠨ ᠳᠤ ᠪᠠᠨ ᠵᠢᠷᠭᠠᠨ᠎ᠠ᠃

ᠣᠯᠠᠨ ᠤ ᠪᠠᠨ ᠳᠤᠮᠳᠠ ᠣᠠᠴᠠᠭᠠᠢ ᠪᠠᠶᠠᠷᠯᠠᠵᠤ ᠪᠠᠢ᠌ᠭ᠎ᠠ ᠨᠢ ᠬᠠᠰᠢᠯᠠ ᠪᠢᠴᠢᠬᠠᠨ ᠰᠦᠨ ᠯᠢᠶᠠᠩ ᠪᠣᠯᠬᠤ ᠶᠢ ᠭᠡᠨ ᠮᠠᠳᠠᠨ᠎ᠠ᠃ ᠭᠡᠷᠡᠭ᠌ ᠳᠡᠭᠡᠷ᠎ᠡ ᠪᠠᠨ ᠰᠦᠨ ᠯᠢᠶᠠᠩ ᠰᠢᠭ ᠳᠦᠷᠤᠯᠭᠢ ᠶᠢᠨ ᠬᠤᠭᠤᠷ ᠴᠤᠭᠤᠷ ᠲᠤ ᠪᠠᠨ ᠠᠪᠢᠶᠠᠰ ᠲᠡᠶ ᠭᠦᠮᠤᠨ ᠡᠢ᠌ᠮᠦᠷᠭᠦ ᠠᠯᠳᠠᠷᠳᠠᠢ ᠡᠷᠳᠡᠮᠳᠡᠢ ᠪᠠᠭᠰᠢ ᠶᠢᠨ ᠵᠢᠭᠠᠨ ᠵᠢᠯᠤᠭᠤᠳᠤᠯᠭ᠎ᠠ ᠶᠢ ᠣᠯᠵᠤ ᠭᠦᠷᠳᠡᠭᠦ ᠨᠢ ᠶᠠᠭ ᠭᠦᠷᠦᠰᠤ ᠡᠷᠭᠦᠨ ᠴᠤᠬᠣᠢ᠌ᠬᠤ ᠬᠠᠪᠣᠷ ᠤᠨ ᠰᠦᠶ᠎ᠠ ᠨᠠᠷᠠ ᠬᠤᠷ᠎ᠠ ᠶᠢᠨ ᠢᠪᠠᠭᠡᠯ ᠢ ᠭᠦᠰᠡᠭᠦ ᠰᠢᠭ᠌ ᠲ᠋ᠤᠯᠭᠠᠮ᠎ᠠ ᠱᠠᠭᠠᠷᠳᠠᠭᠳᠠᠨ᠎ᠠ᠃ ᠬᠤᠯᠤᠰᠤᠨ ᠰᠦᠶ᠎ᠠ ᠨᠢ ᠵᠥᠪᠭᠡᠨ ᠬᠤᠷᠴᠠ ᠨᠠᠷᠠᠨ᠂ ᠬᠤᠷ᠎ᠠ ᠪᠣᠷᠤᠭᠠᠨ ᠬᠤᠶᠠᠷ ᠤᠨ ᠭᠡᠷᠡᠯ ᠪᠠ ᠰᠢᠮ᠎ᠠ ᠶᠢ ᠣᠯᠵᠤ ᠭᠦᠷᠳᠡᠳᠡᠭ᠌ ᠯᠠ ᠶᠤᠮ ᠪᠣᠯ ᠪᠣᠯᠠᠵᠤ ᠳᠠᠷᠤᠵᠤ ᠪᠣᠯᠬᠤ ᠦᠭᠡᠶ ᠲᠡᠶ ᠠᠳᠠᠯᠢ ᠰᠦᠨ ᠯᠢᠶᠠᠩ ᠶᠠᠭ ᠡᠢ᠌ᠮᠦᠷᠭᠦ ᠭᠦᠮᠤᠨ ᠪᠠᠢ᠌ᠨ᠎ᠠ᠃

ᠰᠦᠨ ᠯᠢᠶᠠᠩ ᠶᠠᠭᠠᠭᠢᠨ ᠪᠠᠶᠠᠷᠯᠠᠬᠤ ᠦᠭᠡᠶ ᠪᠠᠢ᠌ᠵᠤ ᠴᠢᠳᠠᠬᠤ ᠪᠣᠢ ︕

ᠥᠩᠭᠡᠷᠡᠭ᠍ᠰᠡᠨ ᠨᠡᠢ᠌ᠭᠡᠮ ᠤᠨ ᠶᠠᠳᠠᠭᠤᠴᠤᠳ ᠤᠨ ᠠᠮᠢᠳᠤᠷᠠᠯ ᠢ ᠶᠠᠭᠤ ᠨᠢ ᠭᠠᠷᠭᠠᠵᠤ ᠭᠡᠯᠡᠭᠦ ᠪᠣᠢ ︕ ᠥᠯᠦᠰᠭᠦ᠂ ᠳᠠᠭᠠᠷᠠᠬᠤ᠂ ᠶᠠᠳᠠᠷᠠᠬᠤ᠂ ᠵᠤᠪᠠᠬᠤ ᠵᠡᠷᠭᠡ ᠭᠠᠰᠢᠭᠤᠨ ᠤ ᠳᠦᠷᠪᠠᠨ ᠠᠮᠳᠠ ᠶᠢ ᠠᠮᠳᠠᠯᠠᠵᠤ ᠰᠠᠭᠤᠬᠤ ᠯᠠ ᠭᠡᠷᠡᠭ᠌᠃ ᠵᠢᠯ ᠤᠨ ᠳᠦᠷᠪᠠᠨ ᠣᠯᠠᠷᠢᠯ ᠳᠤ ᠡᠳᠦᠷ ᠤᠨ ᠬᠤᠶᠠᠷ ᠥᠵᠦᠭᠦᠷ ᠤᠨ ᠨᠠᠷᠠ ᠶᠢ᠌ ᠣᠯᠵᠤ ᠬᠠᠷᠠᠬᠤ ᠦᠭᠡᠶ᠂ ᠬᠠᠷ᠎ᠠ ᠠᠵᠢᠯ ᠬᠠᠳᠠᠭᠤ ᠭᠦᠳᠡᠯᠮᠦᠷᠢ ᠳᠤ ᠳᠤᠮᠳᠠ ᠴᠢᠮᠦᠭᠡ ᠪᠠᠨ ᠳᠤᠠᠳᠤᠷᠠᠳᠠᠯ᠎ᠠ ᠵᠢᠳᠭᠦᠵᠤ ᠶᠠᠪᠣᠨ᠎ᠠ᠃ ᠪᠦᠷᠦᠢ ᠪᠣᠯᠬᠤ ᠪᠠᠷ ᠨᠢ ᠳᠠᠮᠢᠷ ᠭᠦᠴᠤ ᠨᠢ ᠲᠤᠢ᠌ᠯᠳᠤᠨ᠂ ᠨᠤᠳᠤᠭ ᠤᠨ ᠪᠣᠷᠤ ᠵᠠᠮ ᠶᠢᠡᠷ ᠬᠤᠶᠠᠷ ᠭᠦᠯ ᠶᠢᠡᠨ ᠡᠷᠭᠦᠵᠤ ᠳᠡᠢ᠌ᠯᠭᠦ ᠦᠭᠡᠶ ᠴᠢᠳᠠᠨ ᠶᠠᠳᠠᠨ ᠴᠢᠷᠦᠭ᠍ᠰᠡᠭᠡᠷ ᠬᠠᠷᠢᠭᠠᠤᠨ ᠯᠠ ᠢᠷᠠᠪᠠᠯ᠂ ᠪᠠᠶ᠎ᠠ ᠶᠢᠨ ᠳᠤᠭᠤᠰᠤ ᠪᠠᠨ ᠭᠦᠪᠢᠵᠤ᠂ ᠨᠢᠭᠤᠷ ᠭᠠᠷ ᠶᠢᠡᠨ ᠣᠭᠢᠶᠠᠭᠠᠤᠨ ᠠᠮᠠ ᠱᠦᠯᠦ ᠠᠳᠬᠤ ᠠᠮᠤ ᠵᠠᠯᠭᠢᠯᠠᠮᠠᠭᠴᠠ ᠬᠤᠭᠤᠷ ᠶᠢᠡᠨ ᠡᠭᠦᠷᠴᠤ᠂ ᠯᠢᠩᠪᠣ ᠪᠠᠨ ᠠᠳᠬᠤᠭᠠᠤᠨ ᠭᠦᠭ᠍ᠵᠢᠮ ᠠᠶ᠎ᠠ ᠳᠠᠭᠠᠷᠠᠭᠤᠯᠬᠤ ᠭᠡᠵᠤ ᠭᠦᠷᠦᠯᠴᠡᠨ ᠢᠷᠡᠵᠡᠭᠡᠳᠡᠭ᠌ ᠨᠢ ᠬᠤᠷᠴᠢᠨ ᠮᠤᠩᠭ᠋ᠤᠯᠴᠤᠳ ᠤᠨ ᠠᠮᠢᠳᠤᠷᠠᠯ ᠤᠨ ᠲ᠋ᠤᠭᠳᠠᠭᠰᠠᠨ ᠨᠢᠭᠡᠨ ᠭᠦᠭ᠌ ᠠᠢ᠌ᠵᠢᠮ ᠪᠣᠯᠤᠨ᠎ᠠ᠃

ᠬᠤᠶᠠᠷ ᠳᠠᠰᠤᠯᠭ᠎ᠠ ᠰᠢᠪᠠᠷ ᠪᠠᠢ᠌ᠰᠢᠩ ᠤᠨ ᠳᠤᠳᠤᠷ᠎ᠠ ᠭᠠᠳᠠᠨ᠎ᠠ ᠭᠦᠮᠦᠰ ᠫᠢᠳ ᠳᠦᠭᠦᠷᠴᠤ ᠰᠢᠬᠠᠯᠳᠤᠨ᠎ᠠ᠃ ᠳᠤᠳᠤᠷ ᠳᠠᠰᠤᠯᠭ᠎ᠠ ᠳᠤ ᠮᠦᠨ ᠰᠢᠬᠠᠯᠳᠤᠬᠤ ᠪᠣᠯᠪᠠᠴᠤ ᠶᠡᠭᠡ ᠡᠮᠭᠢ ᠳᠢᠭ᠌ ᠲᠡᠶ᠃ ᠳᠤᠳᠤᠷ ᠳᠠᠰᠤᠯᠭ᠎ᠠ ᠶᠢᠨ ᠡᠮᠦᠨ᠎ᠡ ᠬᠠᠩᠵᠤᠨ ᠳᠤ ᠵᠠᠯᠠᠷᠠᠨ ᠰᠠᠭᠤᠭᠴᠢᠳ ᠪᠣᠯ ᠪᠦᠷ ᠨᠠᠰᠤᠳᠠᠢ᠌ᠴᠤᠳ᠂ ᠳᠤᠮᠤᠭᠠᠳᠠᠤᠨ ᠪᠣᠯᠤᠨ᠎ᠠ᠃ ᠳᠠᠳᠠᠨᠠᠷ ᠵᠠᠯᠠᠭᠳᠠᠵᠤ ᠢᠷᠠᠵᠠᠢ᠃ ᠳᠠᠳᠠ ᠪᠣᠯ ᠥᠯᠢᠭᠡᠷ ᠡᠭᠢᠯᠡᠭᠦ ᠡᠴᠡ ᠡᠮᠦᠨ᠎ᠡ ᠴᠢᠮᠡᠭᠡ ᠥᠭ᠍ᠴᠤ ᠵᠠᠯᠠᠵᠤ ᠠᠪᠴᠢᠷᠠᠭᠰᠠᠨ ᠭᠦᠷᠰᠢ ᠵᠡᠷᠭᠡᠯᠳᠡᠭᠡ᠂ ᠰᠠᠳᠤᠨ ᠳᠦᠷᠤᠯ᠂ ᠠᠢ᠌ᠯ ᠠᠢ᠌ᠮᠠᠭ ᠤᠨ ᠡᠷᠭᠡ ᠭᠦᠡᠳᠦᠳᠡᠨ ᠨᠡᠷ ᠪᠣᠯᠬᠤ ᠶᠤᠮ᠃ ᠵᠠᠷᠢᠮ ᠣᠠᠴᠠ ᠭᠦᠡᠳᠦᠳᠤ ᠨᠠᠰᠤᠳᠠᠨ ᠢ ᠨᠢ ᠳᠤᠰᠬᠠᠢ᠌ᠯᠠᠨ ᠳᠡᠷᠭᠡ ᠣᠨᠤᠭ᠎ᠠ ᠭᠦᠳᠡᠯᠭᠡᠵᠤ ᠭᠡᠷ ᠡᠴᠡ ᠨᠢ ᠳᠤᠰᠴᠤ ᠠᠪᠴᠢᠷᠠᠭᠰᠠᠨ ᠴᠤ ᠪᠠᠢ᠌ᠳᠠᠭ᠃ ᠳᠡᠳᠡ ᠡᠮᠦᠨ᠎ᠡ ᠬᠠᠩᠵᠤᠨ ᠤ ᠪᠠᠷᠠᠭᠤᠨ ᠳᠤᠯᠤᠭᠠᠢ ᠡᠴᠡ ᠵᠡᠭᠦᠡᠰᠢᠯᠡᠵᠤ ᠨᠠᠰᠤ ᠳᠠᠷᠠᠭ᠎ᠠ᠂ ᠦᠶ᠎ᠡ ᠬᠠᠶ᠎ᠠ ᠪᠠᠨ ᠦᠵᠡᠯᠴᠠᠨ ᠰᠠᠭᠤᠯᠴᠠᠳᠠᠭ᠃ ᠳᠠᠷᠤᠢ ᠬᠠᠩᠵᠤᠨ ᠤ ᠪᠠᠷᠠᠭᠤᠨ ᠳᠤᠯᠤᠭᠠᠢ᠂ ᠭᠠᠯ ᠳᠤᠯᠭ᠎ᠠ ᠪᠣᠷᠬᠠᠨ ᠤ ᠣᠷᠤᠨ ᠢ ᠳᠠᠭᠠᠵᠤ ᠡᠪᠦᠭᠡᠳ ᠨᠠᠰᠤᠳᠠᠤᠨ ᠰᠠᠭᠤᠯᠴᠠᠬᠤ ᠳᠤ᠂ ᠳᠡᠭᠦᠨ ᠶᠢᠡᠨ ᠳᠠᠭᠠᠭᠠᠤᠨ ᠬᠠᠩᠵᠤᠨ ᠤ ᠵᠡᠭᠦᠨ ᠥᠵᠦᠭᠦᠷ ᠭᠦᠷᠳᠡᠯ᠎ᠡ ᠡᠮᠡᠭᠡᠳ ᠭᠦᠭ᠍ᠰᠢᠳ ᠨᠠᠢ᠌ᠨᠠᠢ ᠨᠡᠷ ᠰᠠᠭᠤᠪᠠ᠃

ᠬᠣᠢ᠌ᠳᠤ ᠬᠠᠩᠵᠤᠨ ᠳᠡᠭᠡᠷ᠎ᠡ ᠢᠳᠡᠷ ᠨᠠᠰᠤᠨ ᠤ ᠭᠦᠮᠦᠰ ᠰᠠᠭᠤᠬᠤ ᠳᠤ ᠵᠠᠯᠠᠭᠤ ᠪᠠᠭᠠᠴᠦᠳ ᠭᠦᠰᠡᠷ ᠳᠤᠮᠳᠠ ᠰᠠᠠᠳᠠᠯᠢ ᠳᠤ ᠰᠠᠭᠤᠬᠤ ᠨᠢ ᠰᠠᠭᠤᠵᠤ᠂ ᠰᠤᠯᠠ ᠵᠤᠭᠰᠤᠬᠤ ᠨᠢ ᠵᠤᠭᠰᠤᠵᠠᠢ᠃

ᠪᠠᠢ᠌ᠰᠢᠩ ᠭᠡᠷ ᠤᠨ ᠪᠠᠷᠠᠭᠤᠨ ᠬᠠᠶᠠᠭ᠎ᠠ ᠳᠠᠭᠠᠵᠤ ᠰᠢᠷᠡᠭᠡ ᠵᠡᠰᠡᠨ ᠰᠡ᠊ᠨᠳᠡᠯᠢ ᠳᠠᠯᠪᠢᠭᠠᠤᠨ ᠳᠡᠪᠢᠰᠭᠡᠷ ᠣᠯᠪᠣᠭ ᠵᠤᠵᠠᠭᠠᠯᠠᠵᠤ ᠬᠤᠭᠤᠷᠴᠢ ᠶᠢ ᠵᠠᠯᠠᠵᠤ ᠰᠠᠭᠤᠯᠭᠠᠵᠠᠢ᠃ ᠵᠠᠰᠠᠭᠰᠠᠨ ᠰᠢᠷᠡᠭᠡᠨ ᠳᠡᠭᠡᠷ᠎ᠡ ᠪᠣᠤᠪᠣ ᠪᠣᠭᠤᠷᠰᠤᠭ᠂ ᠡᠭᠡᠵᠡᠭᠡᠢ ᠬᠤᠷᠤᠳ᠂ ᠣᠯᠠᠭᠠᠨ ᠴᠢᠪᠠᠭ᠎ᠠ᠂ ᠠᠮᠳᠠᠳᠤ ᠰᠢᠭᠢᠷ ᠵᠡᠷᠭᠡ ᠶᠢ ᠳᠦᠭᠦᠷᠡᠩ ᠦᠷᠦᠭᠡᠳ᠂ ᠴᠠᠢ ᠣᠰᠤ ᠵᠢ ᠪᠠᠯᠠᠨ ᠪᠠᠭᠢ ᠪᠡᠯᠡᠳᠭᠡᠪᠡ ᠃ ᠳᠤᠰᠭᠠᠢ ᠳᠤᠭᠢᠷᠠᠭᠤᠯᠤᠭᠰᠠᠨ ᠥᠢᠯᠡᠴᠢᠯᠡᠭ᠍ᠴᠢ ᠪᠠᠷᠭᠡᠨ ᠬᠤᠭᠤᠷᠴᠢ ᠶᠢᠨ ᠬᠣᠢ᠌ᠨ᠎ᠠ ᠡᠮᠦᠨ᠎ᠡ ᠣᠢ᠌ᠯᠠᠴᠢᠯᠠᠵᠤ ᠶᠠᠭᠠᠷᠠᠨ᠎ᠠ᠃

ᠪᠢᠴᠢᠬᠠᠨ ᠰᠦᠨ ᠯᠢᠶᠠᠩ ᠳᠤ ᠣᠷᠤ ᠣᠯᠳᠠᠬᠤ ᠶᠤᠮ ᠪᠢᠰᠢ᠃ ᠳᠡᠭᠦᠨ ᠤ ᠨᠠᠰᠤ ᠨᠢ ᠭᠡᠳᠦᠷᠭᠡᠢ ᠪᠠᠭ᠎ᠠ ᠪᠣᠯᠵᠠᠢ᠃ ᠳᠠᠷᠠ ᠠᠪᠣ ᠪᠠᠨ ᠰᠢᠭ ᠬᠠᠩᠵᠤᠨ ᠭᠤᠤᠯ ᠳᠤ ᠵᠠᠯᠠᠷᠠᠨ ᠰᠠᠭᠤᠬᠤ ᠪᠠᠢ᠌ᠳᠤᠭᠠᠢ ᠭᠦᠰᠡᠷ ᠤᠨ ᠪᠣᠯᠤᠩ ᠳᠤ ᠴᠤ ᠣᠷᠤ ᠣᠯᠵᠤ ᠵᠤᠭᠰᠤᠬᠤ ᠬᠤᠪᠢ ᠪᠠᠢ᠌ᠭᠰᠠᠨ ᠦᠭᠡᠶ᠃ ᠶᠠᠮᠠᠷ ᠮᠠᠭᠤ ᠬᠤᠭᠤᠷᠴᠢ ᠪᠣᠯᠤᠭᠰᠠᠨ ᠴᠤ ᠬᠡᠦᠭᠡᠳ ᠨᠢᠯᠬᠠᠰ ᠲᠤ ᠭᠦᠭ᠍ᠵᠢᠮ ᠪᠠᠷᠢᠬᠤ ᠶᠤᠰᠤ ᠦᠭᠡᠶ ᠪᠣᠯᠬᠤᠷ ᠰᠦᠨ ᠯᠢᠶᠠᠩ ᠭᠠᠳᠠᠭ᠎ᠠ ᠭᠡᠷ ᠡᠴᠡ ᠰᠤᠨᠤᠰᠬᠤ ᠯᠠ ᠭᠡᠷᠡᠭ᠍ᠳᠡᠢ ᠪᠠᠢ᠌ᠯ᠎ᠠ᠃ ᠳᠠᠷᠠ ᠣᠯᠠᠨ ᠭᠦᠮᠤᠨ ᠤ ᠳᠤᠮᠳᠠᠭᠤᠷ ᠰᠢᠬᠠᠯᠳᠤᠨ᠂ ᠳᠤᠮᠤ ᠭᠦᠮᠤᠨ ᠤ ᠰᠤᠭᠤᠨ ᠳᠤᠤᠭᠤᠷ ᠰᠢᠷᠭᠤᠯᠠᠭᠰᠠᠭᠠᠷ ᠠᠷᠠᠢ ᠴᠢᠮᠠᠢ ᠡᠭᠦᠳᠡᠨ ᠳᠡᠷᠭᠡᠳᠡ ᠭᠦᠷᠴᠤ ᠬᠠᠳᠠᠪᠴᠢ ᠡᠴᠡ ᠨᠢ ᠴᠢᠩᠭ᠋᠎ᠠ ᠠᠳᠬᠤᠵᠤ ᠯᠠᠪᠳᠠᠭᠤᠨ ᠵᠤᠭᠰᠤᠵᠠᠢ᠃

ᠦᠨᠡᠨ ᠢ ᠭᠡᠯᠡᠪᠠᠯ᠂ ᠪᠢᠴᠢᠬᠠᠨ ᠰᠦᠨ ᠯᠢᠶᠠᠩ ᠶᠠᠭᠤ ᠪᠣᠳᠤᠵᠤ ᠡ᠊ᠨᠳᠡ ᠰᠢᠬᠠᠯᠳᠤᠵᠤ ᠪᠠᠢ᠌ᠭ᠎ᠠ ᠶᠢ ᠮᠡᠳᠡᠭᠦ ᠭᠦᠮᠤᠨ ᠡᠡᠯᠠᠭ᠎ᠠ ᠃ ᠥᠯᠢᠭᠡᠷ ᠤᠨ ᠭᠠᠵᠠᠷ ᠥᠯᠢᠭᠡᠷ ᠰᠤᠨᠤᠰᠬᠤ ᠦᠭᠡᠶ ᠳᠡᠭᠡᠭᠡᠳ ᠶᠠᠭᠠᠭᠢᠬᠤ ᠭᠡᠵᠤ ᠪᠠᠢ᠌ᠬᠤ ᠨᠢ ᠡᠨᠡ ᠪᠣᠢ ︖ ᠳᠠᠷᠠ ᠡᠷᠳᠡᠮᠳᠡᠨ ᠪᠠᠭᠰᠢ ᠳ᠋ᠠᠮᠪᠠᠷᠢᠠᠴᠢᠨ ᠤ ᠭᠦᠭ᠍ᠵᠢᠮᠳᠡᠭᠦ ᠠᠶ᠎ᠠ ᠶᠢ ᠠᠯᠬᠤᠮ ᠠᠯᠳᠠᠯ ᠦᠭᠡᠶ ᠴᠢᠭᠢ ᠳᠠᠯᠪᠢᠨ ᠴᠢᠩᠨᠠᠬᠤ ᠪᠦᠭᠡᠳ ᠨᠤᠮᠦᠳᠡᠬᠤ ᠭᠠᠷ ᠤᠨ ᠭᠦᠳᠡᠯᠦᠯ ᠪᠠᠷᠢᠯ᠂ ᠬᠤᠭᠤᠷᠳᠠᠬᠤ ᠬᠤᠷᠤᠭᠤ ᠶᠢᠨ ᠳᠠᠷᠤᠯᠳᠠ ᠭᠤᠯᠭᠤᠷᠢᠯᠳᠠ ᠶᠢ ᠬᠠᠷᠠᠭ᠎ᠠ ᠰᠢᠯᠵᠢᠯ ᠦᠭᠡᠶ ᠰᠢᠷᠳᠡᠭᠦ ᠳᠤ ᠦᠪᠡᠷ ᠤᠨ ᠭᠢᠨᠢ ᠬᠤᠶᠠᠷ ᠭᠠᠷ ᠤᠨ ᠬᠤᠷᠤᠭᠤ ᠨᠢ ᠴᠤ ᠠᠶᠠᠠᠳᠠᠭᠠᠨ ᠪᠠᠭᠰᠢ ᠶᠢᠨ ᠭᠢ ᠶᠢ ᠳᠠᠭᠤᠷᠢᠶᠠᠵᠤ ᠭᠦᠳᠡᠯᠵᠤ ᠡᠭᠢᠯᠡᠯ᠎ᠡ᠃ ᠡᠨᠡ ᠦᠶ᠎ᠡ ᠳᠤ ᠳᠡᠭᠦᠨ ᠤ ᠰᠡᠳᠭᠢᠯ ᠰᠠᠨᠠᠭ᠎ᠠ ᠶᠤᠰᠤᠳᠠᠢ ᠪᠠᠭᠰᠢ ᠶᠢᠨ ᠭᠦᠭ᠍ᠵᠢᠮ ᠤᠨ ᠠᠶ᠎ᠠ ᠳᠤ ᠰᠤᠭᠳᠤᠭᠤᠷᠠᠵᠤ᠂ ᠬᠤᠭᠤᠷᠳᠠᠯᠭ᠎ᠠ ᠶᠢᠨ ᠡᠷᠳᠡᠮ ᠳᠤ ᠨᠢᠭᠡᠮᠦᠰᠤᠨ ᠲᠦᠪᠯᠡᠷᠠᠵᠠᠢ᠃

ᠳᠠᠷᠠ ᠡᠷᠳᠡᠮᠳᠡᠨ ᠪᠠᠭᠰᠢ ᠶᠢᠨ ᠨᠤᠮᠤ ᠪᠠᠷᠢᠭᠰᠠᠨ ᠪᠠᠷᠠᠭᠤᠨ ᠭᠠᠷ ᠤᠨ ᠲᠦᠯᠭᠢᠯᠳᠠ ᠳᠠᠳᠠᠯᠳᠠ᠂ ᠡᠷᠭᠦᠯᠳᠡ ᠳᠠᠷᠤᠯᠳᠠ ᠶᠢ ᠨᠠᠷᠢᠪᠴᠢᠯᠠᠨ ᠠᠵᠢᠭᠯᠠᠨ᠎ᠠ᠃ ᠣᠳᠠᠰᠤ ᠳᠠᠷᠤᠭᠰᠠᠨ ᠵᠡᠭᠦᠨ ᠭᠠᠷ ᠤᠨ ᠳᠠᠪᠤᠨ ᠬᠤᠷᠤᠭᠤ ᠶᠢᠨ ᠭᠢᠨᠢ ᠳᠤᠰ ᠳᠤᠰ ᠤᠨ ᠣᠷᠤᠨ ᠪᠠᠢ᠌ᠷᠢ ᠳᠤ ᠪᠠᠨ ᠶᠠᠭᠠᠭᠢᠵᠤ ᠭᠦᠳᠡᠯᠵᠤ᠂ ᠶᠠᠮᠠᠷ ᠠᠵᠢᠯᠯᠠᠭ᠎ᠠ ᠲᠡᠶ ᠪᠠᠢ᠌ᠭ᠎ᠠ ᠶᠢ ᠰᠡᠳᠭᠢᠯ ᠳᠠᠯᠪᠢᠨ ᠰᠢᠷᠳᠠᠨ᠎ᠠ᠃

ᠠᠶᠠᠰ ᠢ ᠨᠢ ᠳᠠᠭᠠᠵᠤ ᠠᠮᠠᠨ ᠳᠤ ᠪᠠᠨ ᠰᠠᠮ ᠭᠡᠩᠰᠢᠨ᠎ᠡ᠃

ᠭᠦᠭ᠌ ᠢ ᠨᠢ ᠮᠦᠷᠳᠠᠨ ᠬᠤᠷᠤᠭᠤ ᠪᠠᠨ ᠨᠠᠮ ᠭᠦᠳᠡᠯᠭᠡᠨ᠎ᠡ᠃

ᠳᠠᠷᠠ ᠶᠠᠮᠠᠷ ᠥᠯᠢᠭᠡᠷ ᠭᠡᠯᠡᠵᠤ ᠪᠠᠢ᠌ᠭ᠎ᠠ ᠶᠢ ᠮᠡᠳᠡᠭᠦ ᠦᠭᠡᠶ᠃ ᠭᠦᠭ᠌ ᠠᠶᠠᠰ ᠢ ᠨᠢ ᠯᠠ ᠠᠢ᠌ᠵᠢᠮ ᠴᠤᠭᠢᠯᠭ᠎ᠠ ᠠᠯᠳᠠᠯ ᠦᠭᠡᠶ ᠡᠵᠡᠮᠰᠢᠵᠤ ᠠᠪᠣᠨ᠎ᠠ᠃

ᠥᠯᠢᠭᠡᠷ ᠭᠡᠯᠡᠵᠤ ᠪᠠᠢ᠌ᠭ᠎ᠠ ᠦᠶ᠎ᠡ ᠳᠤ ᠪᠦᠭᠦᠳᠡᠭᠡᠷ ᠨᠠᠮ ᠭᠦᠮ᠃ ᠥᠭᠡ ᠭᠡᠯᠡᠯᠴᠡᠭᠦ ᠦᠭᠡᠶ᠃ ᠣᠢ᠌ᠮᠠᠵᠤ ᠱᠤᠤᠭᠢᠬᠤ ᠦᠭᠡᠶ᠃ ᠡᠨᠡ ᠨᠢ ᠥᠯᠢᠭᠡᠷ ᠤᠨ ᠭᠡᠷ ᠤᠨ ᠠᠶᠠᠠᠳᠠᠭᠠᠨ ᠪᠣᠢ ᠪᠣᠯᠤᠭᠰᠠᠨ ᠶᠤᠰᠤ ᠳᠦᠷᠢᠮ ᠪᠠᠢ᠌ᠵᠠᠢ᠃ ᠵᠠᠷᠢᠮ ᠦᠶ᠎ᠡ ᠳᠤ ᠬᠤᠭᠤᠷᠴᠢ ᠡᠴᠡ ᠥᠯᠢᠭᠡᠷ ᠤᠨ ᠭᠡᠷ ᠤᠨ ᠠᠭᠤᠷ ᠠᠮᠢᠰᠬᠤᠯ ᠢ ᠭᠦᠭ᠍ᠵᠢᠶᠡᠨ ᠲᠡᠶ ᠪᠣᠯᠭᠠᠬᠤ ᠶᠢᠨ ᠲᠦᠯᠦᠭᠡ ᠬᠤᠱᠤᠩ ᠶᠦᠮᠦᠷᠯᠢᠭ᠌ ᠭᠡᠯᠡ ᠭᠡᠯᠡᠯᠭᠡ ᠪᠠᠷ ᠥᠯᠢᠭᠡᠷ ᠤᠨ ᠶᠠᠪᠣᠳᠠᠯ ᠶᠢᠡᠨ ᠣᠯᠠᠮ ᠠᠮᠢᠳᠤᠯᠢᠭ ᠳᠦᠷᠰᠦᠯᠢᠭ᠌ ᠢᠯᠡᠳᠭᠡᠭᠦ ᠦᠶ᠎ᠡ ᠳᠤ ᠰᠠ‍‌ᠶᠢ ᠥᠳᠡᠯᠦᠭ᠍ᠰᠡᠨ ᠵᠠᠯᠠᠭᠤ ᠡᠮᠡᠰ ᠬᠡᠦᠬᠡᠳ ᠭᠡᠰᠡᠨ ᠦᠭᠡᠶ ᠪᠦᠭᠦᠳᠡᠭᠡᠷ ᠰᠢᠪᠠᠷ ᠭᠡᠷ ᠤᠨ ᠰᠢᠪᠠᠭᠠᠰᠤ ᠶᠢ ᠨᠢ ᠬᠤᠪᠬᠤᠷᠠᠭᠤᠯᠤᠮᠠᠷ ᠳᠦᠷᠭᠢᠳᠠᠯ᠎ᠠ ᠢᠨᠢᠶᠡᠯᠴᠡᠭᠦ ᠳᠤ ᠬᠤᠭᠤᠷᠴᠢ ᠭᠤᠸᠠᠢ ᠴᠤ ᠲᠤᠬᠢᠶᠠᠯ ᠣᠯᠵᠤ ᠴᠠᠢ ᠪᠠᠨ ᠨᠢᠭᠡ ᠣᠭᠤᠴᠠᠵᠤ ᠠᠮᠵᠢᠨ᠎ᠠ᠃ ᠣᠯᠠᠨ ᠤ ᠳᠤᠮᠳᠠ ᠨᠢᠭᠡᠯᠡ ᠭᠦᠮᠤᠨ ᠢᠨᠢᠶᠡᠳᠡᠭ᠌ ᠦᠭᠡᠶ ᠨᠢ ᠰᠦᠨ ᠯᠢᠶᠠᠩ ᠪᠠᠢ᠌ᠯ᠎ᠠ᠃ ᠣᠴᠢᠷ ᠨᠢ ᠳᠡᠭᠦᠨ ᠤ ᠴᠢᠭᠢᠨ ᠤ ᠭᠡᠩᠭᠡᠷᠭᠡ ᠶᠢ ᠳᠠᠯᠠᠳᠴᠤ᠂ ᠣᠶᠤᠨ ᠤ ᠭᠦᠰᠡᠯ ᠢ ᠳᠡᠵᠢᠭᠡᠵᠤ ᠪᠠᠢ᠌ᠭ᠎ᠠ ᠨᠢ ᠬᠤᠭᠤᠷ ᠤᠨ ᠭᠦᠭ᠍ᠵᠢᠮ ᠠᠶ᠎ᠠ ᠪᠣᠯᠬᠤ ᠡᠴᠡ ᠪᠢᠰᠢ ᠬᠤᠭᠤᠷᠴᠢ ᠶᠢᠨ ᠭᠡᠯᠡᠭᠦ ᠥᠯᠢᠭᠡᠷ ᠤᠨ ᠬᠤᠱᠤᠩ ᠱᠤᠭ ᠥᠭᠡᠰ ᠪᠢᠰᠢ ᠪᠠᠢ᠌ᠯ᠎ᠠ᠃

ᠵᠠᠷᠢᠮ ᠥᠯᠢᠭᠡᠷ ᠲᠤ ᠪᠣᠷᠬᠠᠨ ᠰᠠᠭᠢᠭᠤᠯᠰᠤᠨ ᠳᠤᠷᠠᠳᠤᠭᠳᠠᠨ᠎ᠠ᠃ ᠪᠣᠶᠠᠠᠳᠠᠢ ᠬᠤᠪᠢᠳᠠᠢ ᠭᠦᠮᠤᠨ ᠥᠯᠢᠭᠡᠷ ᠲᠤ ᠭᠠᠷᠬᠤ ᠪᠣᠯᠬᠤᠷ ᠰᠤᠨᠤᠰᠤᠭᠴᠢᠳ ᠣᠯᠠᠨ ᠴᠡᠭᠡᠷ ᠶᠤᠰᠤ ᠶᠢ ᠪᠠᠷᠢᠮᠳᠠᠯᠠᠬᠤ ᠭᠡᠷᠡᠭ᠍ᠳᠡᠢ ᠪᠠᠢ᠌ᠯ᠎ᠠ᠃ ᠡᠷᠡᠭᠦᠯ ᠴᠢᠭᠢᠷᠠᠭ ᠢᠳᠠᠷ ᠵᠠᠯᠠᠭᠤᠴᠤᠳ ᠢ ᠭᠡᠯᠡᠭᠦ ᠪᠠᠢ᠌ᠳᠤᠭᠠᠢ ᠪᠠᠶ᠎ᠠ ᠮᠠᠭᠤᠳᠠᠢ ᠳᠠᠮᠢᠷ ᠪᠠᠷᠤᠭᠳᠠᠢ ᠨᠠᠰᠤᠳᠠᠢ᠌ᠴᠤᠳ ᠭᠡᠳ ᠶᠤᠰᠤ ᠠᠯᠳᠠᠬᠤ ᠶᠢ ᠭᠢᠴᠢᠶᠠᠵᠤ᠂ ᠥᠯᠢᠭᠡᠷ ᠶᠠᠪᠣᠭᠳᠠᠵᠤ ᠪᠠᠢ᠌ᠭ᠎ᠠ ᠦᠶ᠎ᠡ ᠳᠤ ᠭᠡᠪᠳᠡᠵᠤ ᠬᠠᠵᠠᠭᠤᠯᠬᠤ ᠦᠭᠡᠶ᠂ ᠲᠦᠪ ᠰᠠᠭᠤᠵᠤ ᠭᠢᠨᠠᠮᠠᠭᠠᠢ ᠰᠤᠨᠤᠰᠤᠨ᠎ᠠ᠃ ᠨᠠᠩ ᠢᠯᠠᠩᠭ᠋ᠤᠶ᠎ᠠ ᠵᠤᠭᠰᠤᠭ᠎ᠠ ᠪᠠᠷ ᠰᠤᠨᠤᠰᠴᠤ ᠪᠠᠢ᠌ᠭ᠎ᠠ ᠰᠦᠨ ᠯᠢᠶᠠᠩ ᠲᠦᠪ ᠵᠤᠭᠰᠤᠬᠤ ᠯᠠ ᠶᠤᠰᠤᠳᠠᠢ᠃ ᠥᠯᠢᠭᠡᠷ ᠭᠡᠯᠡᠭᠦ ᠴᠠᠭ ᠳᠤᠮᠳᠠᠰᠢᠯᠠᠬᠤ ᠦᠶ᠎ᠡ ᠳᠤ ᠨᠢᠭᠡ ᠵᠠᠪᠰᠠᠷᠯᠠᠭ᠎ᠠ ᠠᠪᠳᠠᠭ᠃ ᠳᠡᠭᠡᠭᠦ ᠪᠠᠷ ᠨᠢ ᠭᠡᠷ ᠤᠨ ᠡᠵᠡᠨ ᠦᠬᠢᠳ ᠪᠠᠷᠢᠶᠠᠤᠨ ᠶᠠᠭᠠᠷᠠᠯᠳᠤᠵᠤ ᠨᠣᠢ᠌ᠷ ᠰᠡᠷᠭᠦᠭᠡᠭᠦ᠂ ᠶᠠᠳᠠᠷᠠᠭ᠎ᠠ ᠳᠠᠢ᠌ᠯᠠᠬᠤ ᠭᠡᠵᠤ ᠡᠪᠦᠭᠡᠳ ᠨᠠᠰᠤᠳᠠᠤᠨ ᠲᠤ ᠴᠠᠢ ᠣᠰᠤ ᠪᠠᠷᠢᠵᠤ ᠪᠠᠢ᠌ᠨ᠎ᠠ᠃ ᠪᠣᠤᠪᠣ ᠪᠣᠭᠤᠷᠰᠤᠭ ᠤᠨ ᠵᠣᠢ᠌ᠯ ᠶᠢᠡᠨ ᠨᠠᠮᠠᠵᠤ ᠳᠠᠪᠰᠢᠯᠠᠨ᠎ᠠ᠃ ᠴᠢᠯᠦᠭᠡᠨ ᠤ ᠴᠠᠭ ᠲᠤ ᠵᠠᠷᠢᠮ ᠨᠢ ᠭᠡᠪᠳᠡᠵᠤ ᠬᠠᠵᠠᠭᠤᠯᠠᠨ ᠴᠢᠯᠡᠭᠡ ᠳᠠᠢ᠌ᠯᠠᠬᠤ ᠳᠤ᠂ ᠵᠠᠷᠢᠮ ᠨᠢ ᠭᠠᠳᠠᠨ᠎ᠠ ᠭᠠᠷᠴᠤ ᠭᠦᠯ ᠭᠠᠷ ᠶᠢᠡᠨ ᠵᠢᠭᠢᠯᠭᠡᠨ᠎ᠡ᠃ ᠵᠠᠷᠢᠮ ᠬᠡᠦᠬᠡᠳ ᠨᠣᠢ᠌ᠷ ᠨᠢ ᠭᠦᠷᠦᠭᠡᠳ ᠳᠡᠰᠭᠦ ᠦᠭᠡᠶ ᠭᠡᠷ ᠲᠤ ᠪᠠᠨ ᠬᠠᠷᠢᠵᠡᠢ ᠃ ᠵᠥᠪᠭᠡᠨ ᠰᠦᠨ ᠯᠢᠶᠠᠩ ᠯᠠ ᠣᠷᠤ ᠪᠠᠨ ᠠᠯᠳᠠᠬᠤ ᠡᠴᠡ ᠠᠶᠤᠭᠰᠠᠨ ᠰᠢᠭ ᠭᠦᠳᠡᠯᠦᠭ᠍ᠰᠡᠨ ᠦᠭᠡᠶ ᠪᠠᠭᠰᠢ ᠳ᠋ᠠᠮᠪᠠᠷᠢᠠᠴᠢᠨ ᠢ ᠨᠢᠳᠤ ᠴᠠᠪᠴᠢᠯ ᠦᠭᠡᠶ ᠰᠢᠷᠳᠠᠨ᠎ᠠ᠃

ᠥᠯᠢᠭᠡᠷ ᠦᠷᠭᠦᠯᠵᠢᠯᠡᠨ ᠶᠠᠪᠣᠭᠳᠠᠨ᠎ᠠ᠃ ᠣᠳᠤ ᠰᠦᠨ ᠯᠢᠶᠠᠩ ᠤᠨ ᠨᠣᠢ᠌ᠷ ᠨᠢ ᠭᠦᠷᠭᠦ ᠪᠢᠰᠢ ᠪᠣᠯᠪᠠᠴᠤ ᠭᠡᠳᠡᠰᠤ ᠨᠢ ᠦᠯᠦᠰᠴᠤ ᠨᠠᠷᠢᠨ ᠪᠦᠳᠦᠭᠦᠨ ᠵᠢᠠᠷ ᠣᠷᠢᠯᠠᠬᠤ ᠳᠠᠭᠤᠨ ᠴᠠᠭᠠᠨ᠎ᠠ ᠡᠴᠡ ᠳᠤᠭᠤᠯᠳᠠᠵᠤ ᠡᠭᠢᠯᠡᠵᠡᠢ᠃ ᠭᠡᠪᠠᠴᠤ ᠳᠠᠷᠠ ᠳᠠᠪᠰᠢ ᠳ᠋ᠠᠭᠢ ᠠᠮᠳᠠᠳᠤ ᠢᠳᠡᠭᠡᠨ ᠳᠤ ᠬᠤᠭᠤᠯᠠᠢ ᠭᠦᠳᠡᠯᠵᠤ ᠰᠢᠯᠤᠰᠤ ᠰᠠᠪᠢᠷᠠᠭᠤᠯᠤᠭ᠎ᠠ ᠦᠭᠡᠶ᠃ ᠬᠠᠷᠢᠨ ᠤ ᠳᠡᠭᠦᠨ ᠤ ᠪᠦᠭᠦᠢᠯᠡ ᠠᠩᠬᠠᠷᠤᠯ ᠳᠠᠮᠪᠠᠷᠢᠠᠴᠢᠨ ᠪᠠᠭᠰᠢᠳᠠᠨ ᠤ ᠬᠤᠭᠤᠷ ᠤᠨ ᠭᠢᠨᠢ ᠳᠡᠷᠡᠭᠦ ᠮᠢᠷᠠᠯᠵᠠᠮ᠎ᠠ ᠰᠠᠢ᠌ᠬᠠᠨ ᠡᠭᠡᠰᠢᠭ᠌ ᠳᠠᠭᠤᠨ᠂ ᠪᠠᠷᠠᠭᠤᠨ ᠭᠠᠷ ᠳᠠᠭᠢ ᠨᠤᠮᠤ ᠶᠢᠨ ᠭᠦᠳᠡᠯᠭᠡᠭᠡᠨ ᠤ ᠵᠢᠮ᠎ᠠ ᠬᠠᠤᠯᠢ᠂ ᠵᠡᠭᠦᠨ ᠭᠠᠷ ᠤᠨ ᠬᠤᠷᠤᠭᠤᠨ ᠤ ᠭᠢᠨᠢ ᠣᠷᠠᠨ ᠭᠤᠸᠠᠯᠢᠭ ᠭᠦᠳᠡᠯᠦᠯ ᠪᠠᠷᠢᠯ ᠳᠤ ᠨᠢ ᠲᠦᠪᠯᠡᠷᠠᠵᠤ᠂ ᠡᠨᠡ ᠪᠦᠭᠦᠨ ᠨᠢ ᠳᠡᠭᠦᠨ ᠤ ᠰᠡᠳᠭᠢᠯ ᠤᠨ ᠬᠤᠪᠳᠤᠭ᠂ ᠰᠠᠷᠠᠯ ᠤᠨ ᠬᠤᠷᠤᠬᠠᠢ ᠶᠢ ᠨᠢ ᠶᠠᠭᠠᠭᠢᠬᠤ ᠶᠢᠨ ᠠᠷᠭ᠎ᠠ ᠦᠭᠡᠶ ᠳᠠᠳᠠᠵᠤ ᠪᠠᠢ᠌ᠨ᠎ᠠ᠃

ᠰᠦᠨ ᠯᠢᠶᠠᠩ ᠤᠨ ᠳᠦᠷᠯᠡᠭᠡᠷ ᠳᠤᠮᠤ ᠨᠢᠳᠤᠨ ᠤ ᠭᠢᠨᠢ ᠭᠠᠯ ᠳ᠋ᠠᠮᠪᠠᠷᠢᠠᠴᠢᠨ ᠤ ᠬᠤᠭᠤᠷ ᠤᠨ ᠨᠤᠮᠤ ᠳᠡᠭᠡᠷ᠎ᠡ᠂ ᠬᠤᠷᠤᠭᠤᠨ ᠤ ᠭᠢᠨᠢ ᠦᠶ᠎ᠡ ᠭᠡᠰᠢᠭᠦᠤ ᠳᠡᠭᠡᠷ᠎ᠡ ᠣᠴᠢ ᠥᠰᠦᠷᠭᠡᠵᠤ ᠪᠠᠢ᠌ᠪᠠ᠃

ᠡᠢ᠌ᠮᠤ ᠯᠠ ᠨᠢᠭᠡ ᠶᠠᠭᠤᠮ᠎ᠠ᠂ ᠡᠢ᠌ᠮᠤ ᠯᠠ ᠨᠢᠭᠡ ᠭᠦᠮᠤᠨ ᠤ ᠭᠠᠷ ᠲᠤ ᠶᠠᠭᠠᠭᠢᠭᠠᠤᠨ ᠡᠢ᠌ᠮᠤ ᠯᠠ ᠰᠠᠢ᠌ᠬᠠᠨ ᠭᠦᠭ᠌ ᠠᠶᠠᠰ ᠭᠠᠷᠴᠤ᠂ ᠭᠦᠮᠤᠨ ᠤ ᠰᠡᠳᠭᠢᠯ ᠢ ᠡᠢ᠌ᠮᠤ ᠯᠠ ᠶᠡᠭᠡᠪᠠᠷ ᠭᠦᠳᠡᠯᠭᠡᠨ᠎ᠡ ᠪᠢᠯᠠ ︕ ᠪᠠᠶᠠᠷᠯᠠᠭᠤᠯᠵᠤ ᠴᠢᠳᠠᠨ᠎ᠠ ᠂ ᠣᠶᠠᠷᠠᠭᠤᠯᠵᠤ ᠳᠡᠢ᠌ᠯᠦᠨ᠎ᠡ ᠂ ᠥᠨᠡᠭᠡᠷ ᠣᠪᠠᠳᠢᠰ ᠲᠡᠶ ᠶᠤᠮ ᠰᠢᠭ᠃ ᠭᠡᠷᠪᠡ ᠪᠢ ᠠᠪᠣᠭᠠᠤᠨ ᠳᠠᠳᠠᠪᠠᠯ ᠶᠠᠮᠠᠷ ᠪᠣᠯᠳᠠᠭ ᠪᠣᠯ ︕ ᠭᠡᠵᠤ ᠪᠢᠴᠢᠬᠠᠨ ᠰᠦᠨ ᠯᠢᠶᠠᠩ ᠪᠣᠳᠤᠨ᠎ᠠ᠃ ᠠᠷᠪᠠᠭᠠᠤᠨ ᠰᠦᠨᠢ ᠳᠠᠰᠤᠷᠠᠯᠳᠠ ᠦᠭᠡᠶ ᠰᠤᠨᠤᠰᠴᠤ ᠶᠠᠪᠣᠬᠤ ᠳᠤ ᠪᠠᠨ ᠳᠠᠷᠠ ᠳᠠᠩᠳᠠ ᠢᠩᠭᠢᠵᠤ ᠯᠠ ᠪᠣᠳᠤᠭᠰᠠᠭᠠᠠᠷ᠁

ᠪᠠᠭ᠎ᠠ ᠨᠠᠰᠤᠨ ᠤ ᠰᠦᠨ ᠯᠢᠶᠠᠩ ᠤᠨ ᠪᠠᠯᠴᠢᠷ ᠣᠶᠤᠨ ᠳᠤ ᠪᠠᠨ ᠢᠩᠭᠢᠵᠤ ᠡᠷᠭᠢᠴᠡᠭᠦᠯᠤᠨ ᠳᠤᠩᠭ᠋ᠠᠨ ᠬᠠᠯᠠᠰᠢᠷᠠᠯ ᠦᠭᠡᠶ ᠰᠠᠳᠭᠢᠨ ᠪᠣᠳᠤᠵᠤ᠂ ᠣᠴᠢᠷ ᠣᠬᠠᠭᠠᠨ ᠢ ᠨᠢ ᠣᠯᠬᠤ ᠡᠴᠡ ᠨᠠᠭᠠᠨ᠎ᠠ ᠳᠤᠳᠠᠭᠤ ᠳᠤᠷᠭᠤᠨ ᠵᠤᠭᠰᠤᠳᠠᠭ ᠦᠭᠡᠶ ᠬᠠᠳᠠᠭᠤ ᠵᠤᠷᠢᠳᠠᠭ ᠨᠢ ᠳᠡᠭᠦᠨ ᠤ ᠳᠦᠷᠤᠯᠭᠢ ᠶᠢᠨ ᠵᠠᠩ ᠴᠢᠨᠠᠷ ᠶᠤᠮ᠃ ᠥᠯᠢᠭᠡᠷ ᠥᠡᠳᠦᠷᠯᠡᠭ᠍ᠰᠡᠭᠡᠷ ᠯᠠ ᠠᠢ᠌ᠯ ᠤᠨ ᠬᠡᠦᠬᠡᠳ ᠨᠠᠭᠠᠳᠴᠤ ᠳᠤᠭᠯᠠᠬᠤ ᠪᠠᠷ ᠵᠥᠭ᠌ ᠵᠥᠭ᠌ ᠲᠤ ᠪᠠᠨ ᠭᠦᠶ‍ᠦᠯᠳᠦᠨ᠎ᠡ᠃ ᠭᠠᠭᠴᠠᠬᠦ ᠰᠦᠨ ᠯᠢᠶᠠᠩ ᠯᠠ ᠣᠠᠴᠠᠭᠠᠢ᠃ ᠳᠡᠭᠦᠨ ᠳᠤ ᠢᠳᠡᠭᠦ ᠡᠮᠦᠰᠭᠦ ᠶᠢᠨ ᠪᠣᠳᠠᠰ ᠤᠨ ᠰᠢᠮ᠎ᠠ ᠳᠡᠵᠢᠭᠡᠯ ᠳᠤᠳᠠᠭᠳᠠᠭᠰᠠᠨ ᠴᠤ ᠢᠳᠠᠶ᠎ᠠ ᠣᠤᠭᠤᠶ᠎ᠠ ᠭᠡᠵᠤ ᠪᠣᠳᠤᠬᠤ ᠡᠴᠡ ᠨᠠᠩ ᠴᠢᠬᠤᠯᠠ ᠨᠢ ᠪᠣᠳᠠᠰ ᠤᠨ ᠪᠣᠰᠤ ᠣᠷᠠᠯᠢᠭ ᠤᠨ ᠰᠢᠮ᠎ᠠ ᠳᠡᠵᠢᠭᠡᠯ ᠳᠤᠯᠭᠠᠮ᠎ᠠ ᠱᠠᠭᠠᠷᠳᠠᠭᠳᠠᠵᠤ ᠪᠠᠢ᠌ᠬᠤ ᠰᠢᠭ᠃ ᠰᠤᠷᠤᠶ᠎ᠠ ᠮᠠᠳᠠᠶ᠎ᠠ ᠭᠡᠵᠤ ᠴᠢᠩᠭ᠋᠎ᠠ ᠭᠦᠰᠡᠯ ᠳᠤ ᠭᠦᠳᠦᠯᠦᠭ᠍ᠳᠡᠭ᠍ᠰᠡᠨ ᠳᠠᠷᠠ ᠪᠠᠷ ᠣᠯᠠᠭᠠᠨ ᠽᠠᠠᠳᠠᠨ ᠮᠤᠳᠤᠨ ᠬᠤᠭᠤᠷ ᠡᠭᠦᠷᠦᠭ᠍ᠰᠡᠨ ᠪᠠᠭᠰᠢ ᠳ᠋ᠠᠮᠪᠠᠷᠢᠠᠴᠢᠨ ᠤ ᠬᠣᠢ᠌ᠨ᠎ᠠ ᠡᠴᠡ ᠣᠯᠠᠭᠠᠨ ᠰᠢᠰᠢ ᠶᠢᠨ ᠱᠤᠭᠠᠢ ᠶᠢᠨ ᠬᠤᠭᠤᠷ ᠶᠢᠡᠨ ᠠᠳᠬᠤᠭᠠᠤᠨ ᠰᠡᠭᠦᠳᠡᠷ ᠨᠢ ᠶᠤᠮ ᠰᠢᠭ᠌ ᠣᠭᠳᠤᠬᠠᠨ ᠴᠤ ᠰᠠᠯᠬᠤ ᠦᠭᠡᠶ ᠳᠠᠭᠠᠵᠤ ᠭᠦᠶ‍ᠦᠨ᠎ᠡ᠃

ᠨᠢᠭᠡ ᠦᠵᠡᠪᠠᠯ ᠥᠨᠡᠭᠡᠷ ᠢᠨᠢᠶᠠᠳᠤ ᠭᠦᠷᠦᠮᠡᠷ᠂ ᠰᠤᠨᠢᠷᠬᠠᠯ ᠴᠤ ᠳᠦᠷᠦᠭ᠍ᠳᠡᠮᠡᠷ᠃

ᠳ᠋ᠠᠮᠪᠠᠷᠢᠠᠴᠢᠨ ᠪᠠᠭᠰᠢ ᠭᠦᠤ ᠪᠠᠨ ᠳᠠᠭᠠᠭᠤᠯᠤᠭᠠᠤᠨ ᠢᠷᠡᠴᠢᠭᠡᠭ᠍ᠰᠡᠨ ᠶᠤᠮ ᠦᠦ ᠭᠡᠮᠡᠷ ᠳᠦᠷᠦᠭ᠍ᠳᠡᠯ ᠢ ᠭᠦᠮᠦᠰ ᠲᠤ ᠠᠶᠠᠠᠳᠠᠭᠠᠨ ᠳᠦᠷᠦᠭ᠍ᠳᠡᠨ᠎ᠡ᠃

᠊᠊᠊᠊᠊᠊᠊᠊᠊᠊᠊᠊᠊᠊᠊ ᠭᠦᠢ᠂ ᠵᠢᠭᠠᠯ ᠭᠦᠤ ᠡ ︕ ᠥᠯᠢᠭᠡᠷ ᠭᠡᠯᠡᠭᠡᠳ ᠪᠠᠷᠠᠴᠢᠬᠠᠭᠰᠠᠨ ᠰᠢᠤ ︕ ᠭᠡᠷ ᠲᠤ ᠪᠠᠨ ᠬᠠᠷᠢᠬᠤ ᠦᠭᠡᠶ ᠭᠦᠮᠤᠨ ᠢ ᠳᠠᠭᠠᠭᠠᠤᠨ ᠶᠠᠭᠠᠭᠢᠬᠤ ᠨᠢ ᠪᠣᠢ ︖

᠊᠊᠊᠊᠊᠊᠊᠊᠊᠊᠊᠊᠊᠊᠊ ᠪᠢ ᠥᠯᠢᠭᠡᠷ ᠰᠤᠨᠤᠰᠬᠤ ᠭᠡᠵᠤ ᠭᠦᠶ‍ᠦᠵᠤ ᠪᠠᠢ᠌ᠭ᠎ᠠ ᠪᠢᠰᠢ᠂ ᠪᠢ ᠬᠤᠭᠤᠷ ᠰᠤᠷᠤᠶ᠎ᠠ ᠭᠡᠵᠤ ᠪᠣᠳᠤᠵᠤ ᠪᠠᠢ᠌ᠨ᠎ᠠ᠃

ᠠᠢ᠌ᠯ ᠤᠨ ᠭᠦᠮᠦᠰ ᠤᠨ ᠠᠷᠪᠠᠨ ᠵᠡᠭᠦᠳᠤᠨ ᠳ᠋ᠤᠨᠢ ᠣᠷᠤᠭ᠎ᠠ ᠦᠭᠡᠶ ᠣᠴᠢᠷ ᠢ ᠭᠠᠷᠭᠠᠨ ᠭᠡᠯᠡᠭᠦ ᠶᠢ ᠰᠤᠨᠤᠰᠤᠭᠠᠤᠨ ᠣᠯᠠᠨ ᠶᠢᠡᠷ ᠵᠢᠡᠨ ᠡᠭᠢᠨ ᠳᠡᠭᠡᠨ ᠶᠡᠭᠡ ᠭᠠᠢ᠌ᠬᠠᠵᠤ ᠪᠠᠢ᠌ᠵᠡᠢ᠃ ᠡᠢ᠌ᠮᠤ ᠵᠢᠭᠠᠬᠠᠨ ᠬᠡᠦᠬᠡᠳ ᠪᠠᠰᠠ ᠬᠤᠭᠤᠷ ᠰᠤᠷᠴᠤ ᠳᠡᠢ᠌ᠯᠭᠦ ᠶᠤᠮ ᠭᠡᠵᠢ ᠦᠦ ︖ ᠵᠠᠷᠢᠮ ᠨᠢ ᠶᠠᠮᠠᠷ ᠰᠠᠢ᠌ᠨ ᠶᠠᠭᠤᠮ᠎ᠠ ᠭᠡᠵᠤ᠂ ᠡᠭᠦᠨ ᠢ ᠰᠤᠷᠤᠭᠠᠤᠨ ᠶᠠᠭᠠᠭᠢᠬᠤ ᠭᠡᠰᠡᠨ ᠶᠤᠮ ᠭᠡᠵᠤ ᠰᠤᠨᠢᠷᠬᠠᠵᠤ ᠪᠠᠢ᠌ᠯ᠎ᠠ᠃

ᠵᠠᠷᠢᠮ ᠨᠢᠭᠡ ᠨᠢ ᠪᠠᠰᠠ ᠴᠢ ᠥᠨᠡᠭᠡᠷ ᠬᠤᠭᠤᠷ ᠰᠤᠷᠤᠭᠠᠤᠨ ᠳᠡᠢ᠌ᠯᠴᠢᠭᠡᠪᠠᠯ ᠮᠠᠨ ᠤ ᠠᠢ᠌ᠯ ᠥᠪᠠᠷᠳᠡᠭᠡᠨ ᠬᠤᠭᠤᠷᠴᠢ ᠲᠡᠶ ᠪᠣᠯᠵᠤ ᠭᠠᠳᠠᠨ᠎ᠠ ᠡᠴᠡ ᠵᠠᠯᠠᠬᠤ ᠦᠭᠡᠶ ᠪᠣᠯᠴᠢᠬᠠᠨ᠎ᠠ ᠭᠡᠵᠤ ᠨᠠᠭᠠᠳᠤᠮ ᠱᠤᠭ ᠤᠨ ᠬᠤᠭᠤᠷᠤᠠᠳᠤ᠂ ᠢᠳᠡᠭᠡᠭᠦ ᠢᠳᠡᠭᠡᠭᠦ ᠦᠭᠡᠶ ᠶᠢᠨ ᠳᠤᠮᠳᠠᠭᠤᠷ ᠠᠮᠠᠨ ᠤ ᠠᠶ᠎ᠠ ᠪᠠᠷ ᠥᠭᠡ ᠬᠠᠶᠠᠵᠤ ᠪᠠᠢ᠌ᠯ᠎ᠠ ᠭᠡᠨ᠎ᠡ᠃

ᠥᠨᠡ᠊ᠨᠳᠡᠭᠡᠨ ᠡᠷᠳᠡᠮᠳᠡᠨ ᠪᠠᠭᠰᠢ ᠳ᠋ᠠᠮᠪᠠᠷᠢᠠᠴᠢᠨ ᠴᠤ ᠡᠨᠡ ᠬᠡᠦᠬᠡᠳ ᠤᠨ ᠵᠤᠷᠢᠭ ᠰᠦᠰᠦ᠂ ᠣᠢ ᠪᠢᠯᠢᠭ᠌ ᠢ ᠶᠡᠭᠡ ᠭᠠᠢ᠌ᠬᠠᠵᠠᠢ᠃ ᠨᠢᠭᠡᠨ ᠣᠷᠠᠯᠢᠭᠴᠢᠨ ᠭᠦᠮᠤᠨ ᠤ ᠭᠢᠷᠠᠬᠠᠢ ᠬᠠᠷᠠᠴᠠ ᠪᠠᠷ ᠨᠠᠪᠲᠠ ᠰᠢᠡᠵᠢᠭᠡᠳ᠂ ᠭᠡᠷᠪᠡ ᠱᠠᠪᠢ ᠪᠠᠨ ᠪᠣᠯᠭᠠᠵᠤ ᠠᠪᠣᠪᠠᠯ ᠯᠠᠪᠳᠠᠢ ᠰᠠᠢ᠌ᠨ ᠬᠤᠭᠤᠷᠴᠢ ᠪᠣᠯᠭᠠᠨ ᠭᠦᠮᠦᠵᠢᠭᠦᠯᠵᠤ ᠳᠠᠢ᠌ᠯᠤᠨ᠎ᠠ ᠭᠡᠵᠤ ᠢᠳᠡᠭᠡᠯ ᠳᠡᠭᠦᠯᠳᠡᠷ ᠪᠣᠳᠤᠵᠠᠢ᠃ ᠠᠯᠢ ᠡᠳᠦᠷ ᠠᠪᠣ ᠡᠵᠢ ᠨᠢ ᠭᠦᠤ ᠳᠤ ᠪᠠᠨ ᠪᠠᠭᠰᠢ ᠪᠠᠷᠢᠬᠤ ᠪᠠᠷ ᠠᠷᠢᠭᠢ ᠬᠠᠳᠠᠭ ᠶᠢᠡᠨ ᠪᠠᠷᠢᠵᠤ ᠢᠷᠡᠭᠡᠳ ᠭᠤᠶᠤᠭᠰᠠᠭᠠᠷ ᠯᠠ ᠠᠮᠠ ᠳᠦᠭᠦᠷᠡᠩ ᠭᠦᠯᠢᠶᠡᠵᠤ ᠠᠪᠬᠤ ᠪᠠᠷ ᠪᠠᠯᠡᠭᠡᠨ ᠪᠠᠢ᠌ᠯ᠎ᠠ᠃

᠊᠊᠊᠊᠊᠊᠊᠊᠊᠊᠊᠊᠊᠊᠊ ᠭᠦᠤ ᠪᠠᠨ ᠬᠤᠭᠤᠷ ᠰᠤᠷᠭᠠᠴᠢᠬ᠎ᠠ ︕ ᠳ᠋ᠠᠮᠪᠠᠷᠢᠠᠴᠢᠨ ᠳᠤ ᠱᠠᠪᠢ ᠣᠷᠤᠭᠤᠯᠵᠤ ᠮᠦᠷᠭᠦᠯᠴᠢᠭᠡ ︕ ᠭᠡᠵᠤ ᠠᠢ᠌ᠯ ᠤᠨ ᠭᠦᠮᠦᠰ ᠳᠤᠭᠳᠤᠩᠭ᠋᠎ᠠ ᠭᠤᠸᠠᠢ ᠳᠤ ᠥᠭᠡ ᠭᠠᠷᠭᠠᠵᠤ ᠭᠡᠯᠡᠨ᠎ᠡ᠃

᠊᠊᠊᠊᠊᠊᠊᠊᠊᠊᠊᠊᠊᠊᠊ ᠮᠠᠨ ᠤ ᠠᠢ᠌ᠯ ᠦᠪᠡᠷ ᠶᠢᠡᠨ ᠬᠤᠭᠤᠷᠴᠢ ᠲᠡᠶ ᠪᠣᠯᠴᠢᠬᠠᠪᠠᠯ ᠨᠠᠩ ᠰᠠᠢ᠌ᠨ ᠪᠢᠰᠢᠤ ᠭᠡᠵᠤ ᠵᠠᠷᠢᠮ ᠭᠦᠮᠤᠨ ᠰᠠᠨᠠᠭᠰᠠᠨ ᠶᠢᠡᠨ ᠭᠡᠯᠡᠵᠡᠢ᠃

ᠡᠳᠡᠭ᠍ᠡᠷ ᠨᠢ ᠳᠤᠭᠳᠤᠩᠭ᠋᠎ᠠ ᠭᠤᠸᠠᠢ ᠵᠢᠨ ᠬᠠᠮᠤᠭ ᠤᠨ ᠰᠤᠨᠤᠰᠬᠤ ᠳᠤᠷ᠎ᠠ ᠦᠭᠡᠶ ᠥᠭᠡ ᠪᠤᠯᠤᠨ᠎ᠠ᠃ ᠳᠠᠷᠠ ᠢᠩᠭᠢᠵᠤ ᠭᠡᠯᠡᠭᠦ ᠶᠢ ᠰᠤᠨᠤᠰᠤᠭᠰᠠᠭᠠᠷ ᠯᠠ ᠴᠡᠭᠡᠵᠢ ᠨᠢ ᠳᠦᠭᠦᠷᠴᠤ ᠭᠢᠯᠢᠩ ᠠᠭᠠᠰᠢ ᠭᠦᠷᠦᠨ᠎ᠡ᠃

᠊᠊᠊᠊᠊᠊᠊᠊᠊᠊᠊᠊᠊᠊᠊ ᠮᠢᠨᠤ ᠭᠦᠤ ᠰᠤᠬᠤᠷ ᠪᠢᠰᠢ᠂ ᠳᠤᠭᠤᠯᠠᠩ ᠴᠤ ᠪᠢᠰᠢ ᠳᠡᠭᠦᠨ ᠢ ᠰᠤᠷᠤᠭᠠᠤᠨ ᠶᠠᠭᠠᠭᠢᠬᠤ ᠨᠢ ᠪᠣᠢ ︕ ᠭᠡᠵᠤ ᠳᠤᠭᠳᠤᠩᠭ᠋᠎ᠠ ᠭᠤᠸᠠᠢ ᠠᠭᠤᠷ ᠤᠨ ᠭᠦᠴᠤᠨ ᠳᠤ ᠪᠠᠨ ᠣᠪᠠᠢ᠌ᠨ ᠳᠤ ᠥᠭᠡᠢ ᠢᠩᠭᠢᠵᠤ ᠭᠡᠭ᠍ᠵᠢᠭᠦᠨ ᠳᠤᠤᠭᠠᠷᠬᠤᠯᠠᠷ᠄

᠊᠊᠊᠊᠊᠊᠊᠊᠊᠊᠊᠊᠊᠊᠊ ᠲ᠋ᠡᠭᠡᠭᠡᠳ ᠮᠠᠨ ᠤ ᠭᠡᠷ ᠲᠤ ᠪᠠᠰᠠ ᠨᠢᠭᠡ ᠬᠤᠭᠤᠷ ᠡᠯᠭᠦᠵᠤ ᠪᠠᠢ᠌ᠭ᠎ᠠ ᠪᠢᠰᠢᠤ ︖ ᠭᠡᠵᠤ ᠬᠠᠵᠠᠭᠤ ᠳᠤ ᠨᠢ ᠰᠤᠨᠤᠰᠴᠤ ᠪᠠᠢ᠌ᠭᠰᠠᠨ ᠪᠢᠴᠢᠬᠠᠨ ᠰᠦᠨ ᠯᠢᠶᠠᠩ ᠦᠪᠡᠷ ᠤᠨ ᠡᠷᠭᠡ ᠦᠭᠡᠶ ᠠᠪᠣ ᠶᠢᠨ ᠶᠢᠡᠨ ᠡᠰᠡᠷᠭᠦ ᠠᠩᠬ᠎ᠠ ᠠᠮᠠ ᠭᠠᠷᠬᠤ ᠳᠤ ᠠᠪᠣ ᠨᠢ ᠭᠦᠯᠢ᠌ᠵᠤ ᠠᠪᠴᠠᠢ ᠃ ᠳᠠᠢ᠌ᠮᠤ ᠡ ︕ ᠳᠠᠷᠠ ᠡᠯᠭᠦᠵᠤ ᠪᠠᠢ᠌ᠭ᠎ᠠ ᠬᠤᠭᠤᠷ ᠡᠴᠡ ᠪᠣᠯᠤᠭᠰᠠᠨ ᠬᠠᠷᠡᠰᠡᠯᠳᠤ ᠥᠯᠢᠭᠡᠷ ᠢ ᠪᠢᠴᠢᠬᠠᠨ ᠰᠦᠨ ᠯᠢᠶᠠᠩ ᠭᠡᠷᠭᠢᠨ ᠮᠡᠳᠡᠭᠦ ᠠᠵᠢ ︕

《ᠮᠠᠭᠤ ᠥᠭᠡ ᠮᠤᠳᠤᠨ ᠣᠯᠠᠭ᠎ᠠ ᠲᠡᠶ》 ᠭᠡᠳᠡᠭ᠍ᠴᠢᠯᠡᠨ ᠡᠨᠡ ᠠᠭᠤᠷ ᠲᠤ ᠪᠠᠨ ᠪᠣᠯᠤᠭᠠᠤᠨ ᠣᠪᠠᠢ᠌ᠨ ᠳᠤ ᠦᠭᠡᠶ ᠭᠡᠯᠡᠭ᠍ᠰᠡᠨ ᠥᠭᠡ ᠨᠢ ᠨᠢᠭᠡ ᠡᠴᠡ ᠠᠷᠪᠠ᠂ ᠳᠠᠮ ᠤᠨ ᠳᠠᠮ ᠶᠢᠡᠷ ᠳ᠋ᠠᠮᠪᠠᠷᠢᠠᠴᠢᠨ ᠤ ᠴᠢᠭᠢᠨ ᠳᠤ ᠭᠦᠷᠴᠡᠢ᠃ ᠳᠠᠷᠠ ᠶᠡᠭᠡ ᠠᠭᠤᠷᠯᠠᠵᠠᠢ᠃ ᠱᠠᠪᠢ ᠣᠷᠤᠭᠤᠯᠬᠤ ᠦᠭᠡᠶ ᠪᠣᠯ ᠪᠠᠢ᠌ᠯ᠎ᠠ᠂ ᠶᠠᠭᠤᠨ ᠳᠤ ᠮᠠᠨ ᠤ ᠬᠤᠭᠤᠷᠴᠢᠳ ᠢ ᠭᠤᠳᠤᠭᠠᠨ ᠳᠤᠷᠤᠮᠵᠢᠯᠠᠬᠤ ᠶᠤᠮ ︕ ᠭᠡᠳ ᠳᠤᠭᠳᠤᠩᠭ᠋᠎ᠠ ᠶᠢᠨ ᠭᠢᠨ ᠳᠤ ᠶᠡᠭᠡᠯ᠎ᠡ ᠳᠠᠭ᠎ᠠ ᠦᠭᠡᠶ ᠪᠣᠯᠵᠠᠢ᠃ ᠬᠤᠵᠢᠮ ᠨᠢ ᠳᠠᠳᠠᠨᠠᠢ᠌ᠭᠢᠨ ᠠᠯᠢ ᠨᠢᠭᠡ ᠨᠢ ᠥᠯᠢᠭᠡᠷ ᠤᠨ ᠳᠠᠯᠠᠪᠣᠷ ᠲᠤ ᠪᠠᠢ᠌ᠬᠤ ᠶᠢ ᠣᠯᠵᠤ ᠥᠵᠡᠭ᠍ᠰᠡᠭᠡᠷ ᠬᠤᠭᠤᠷᠴᠢ ᠳᠤᠷ᠎ᠠ ᠦᠭᠡᠶ ᠨᠢ ᠭᠦᠷᠴᠤ ᠬᠤᠭᠤᠷ ᠤᠨ ᠨᠤᠮᠤ ᠪᠠᠨ ᠪᠤᠰᠭᠠᠨ ᠂ ᠥᠯᠢᠭᠡᠷ ᠶᠢᠡᠨ ᠵᠤᠭᠰᠤᠵᠤ ᠥᠭᠡ ᠪᠠᠨ ᠬᠤᠷᠢᠶᠠᠭᠠᠤᠨ ᠨᠠᠪᠴᠢᠨ ᠳᠠᠮᠠᠭᠢ ᠪᠠᠨ ᠨᠤᠴᠤᠭᠠᠵᠤ᠂ ᠰᠤᠯᠠ ᠵᠤᠭᠤᠭ ᠲ᠋ᠡᠯᠭᠡᠭᠡᠳ ᠰᠠᠭᠤᠴᠢᠬᠠᠨ᠎ᠠ᠃

ᠳᠤᠭᠳᠤᠩᠭ᠋᠎ᠠ ᠭᠤᠸᠠᠢ ᠥᠭᠡᠨ ᠤ ᠠᠯᠳᠠᠭ᠎ᠠ ᠭᠠᠷᠤᠭᠰᠠᠨ ᠶᠢᠡᠨ ᠰᠠ‍‌ᠶᠢ ᠮᠠᠳᠠᠵᠠᠢ᠃

《ᠠᠭᠳᠠ ᠠᠯᠳᠠᠪᠠᠯ ᠪᠠᠷᠢᠵᠤ ᠪᠣᠯᠤᠨ᠎ᠠ᠂ ᠥᠭᠡ ᠠᠯᠳᠠᠪᠠᠯ ᠬᠤᠷᠢᠶᠠᠵᠤ ᠳᠡᠢ᠌ᠯᠭᠦ ᠦᠭᠡᠶ》᠃ ᠶᠠᠮᠠᠷ ᠠᠷᠭ᠎ᠠ ᠪᠠᠢ᠌ᠬᠤ ᠪᠣᠢ ︕ ᠳᠠᠷᠠ ᠭᠠᠷ ᠶᠢᠡᠨ ᠨᠤᠬᠤᠯᠵᠤ ᠬᠠᠷᠠᠮᠰᠠᠵᠤ ᠰᠠᠭᠤᠬᠤ ᠡᠴᠡ ᠥᠭᠡᠷ᠎ᠡ ᠠᠷᠭ᠎ᠠ ᠦᠭᠡᠶ ᠪᠣᠯᠵᠠᠢ᠃

ᠳᠤᠭᠳᠤᠩᠭ᠋᠎ᠠ ᠭᠤᠸᠠᠢ ᠶᠢᠨ ᠬᠤᠭᠤᠷ ᠭᠦᠭ᠍ᠵᠢᠮ ᠤᠨ ᠣᠷᠮ᠎ᠠ ᠪᠠᠬ᠎ᠠ ᠡᠴᠡ ᠪᠣᠯᠤᠭᠰᠠᠨ ᠬᠤᠶᠠᠳᠤᠭᠠᠷ ᠪᠦᠳᠦᠷᠢᠯᠳᠡ ᠨᠢ ᠡᠨᠡ ᠪᠠᠢ᠌ᠯ᠎ᠠ᠃ ᠳᠡᠷᠡᠭᠡᠨ ᠵᠢᠯ ᠳᠡᠭᠡᠷᠡᠮ ᠤᠨ ᠠᠶᠤᠯ ᠡᠴᠡ ᠵᠠᠢ᠌ᠯᠠᠵᠤ ᠮᠤᠩᠭ᠋ᠤᠯᠵᠢᠨ ᠬᠤᠰᠢᠭᠤ ᠡᠴᠡ ᠭᠠᠷᠴᠤ ᠢᠷᠡᠭᠦ ᠳᠤ ᠪᠠᠨ ᠬᠤᠭᠤᠷ ᠶᠢᠡᠨ ᠠᠪᠬᠤ ᠪᠠᠨ ᠮᠠᠷᠳᠠᠭᠰᠠᠨ ᠶᠤᠮ᠃ ᠣᠷᠭᠤᠵᠤ ᠳᠤᠳᠠᠭᠠᠵᠤ ᠶᠠᠪᠣᠬᠤ ᠶᠤᠮ ᠴᠢᠨᠢ ᠶᠠᠮᠠᠷ ᠯᠠ ᠰᠠᠢ᠌ᠨ ᠪᠡᠯᠡᠳᠭᠡᠯ ᠪᠠᠢ᠌ᠬᠤ ᠠᠵᠠᠢ ︕ ᠶᠠᠭᠠᠷᠠᠵᠤ ᠰᠠᠠᠳᠤᠷᠤᠨ ᠪᠠᠢ᠌ᠭᠰᠠᠭᠠᠷ ᠬᠤᠭᠤᠷ ᠶᠢᠡᠨ ᠮᠠᠷᠳᠠᠭᠰᠠᠨ ᠪᠢᠯᠠ ︕ ᠠᠷᠪᠠ ᠬᠤᠷᠢᠨ ᠭᠠᠵᠠᠷ ᠬᠤᠯᠠ ᠭᠠᠷᠤᠭᠰᠠᠨ ᠤ ᠰᠡᠭᠦᠯᠡᠷ ᠰᠠ‍‌ᠶᠢ ᠰᠠᠨᠠᠵᠤ ᠣᠯᠪᠠ᠃ ᠬᠤᠭᠤᠷ ᠶᠢᠡᠨ ᠭᠡᠭᠡᠵᠤ ᠭᠡᠷᠭᠢᠨ ᠰᠠᠨᠠᠭᠠᠨ ᠳᠤ ᠨᠢ ᠳᠦᠪᠳᠡᠭᠦ ᠪᠣᠢ ︕ ᠰᠦᠨᠢ ᠶᠢᠨ ᠬᠠᠷᠠᠩᠭ᠋ᠤᠢ ᠶᠢ ᠠᠮᠵᠢᠨ ᠭᠦᠮᠤᠨ ᠬᠠᠷ᠎ᠠ ᠡᠴᠡ ᠨᠢᠭᠤᠵᠤ ᠪᠠᠢ᠌ᠭᠠᠤᠨ ᠭᠦᠶ‍ᠦᠭ᠍ᠰᠡᠭᠡᠷ ᠭᠡᠷ ᠲᠤ ᠪᠠᠨ ᠭᠦᠷᠭᠦ ᠳᠤ ᠥᠨᠡᠭᠡᠷ ᠬᠤᠭᠤᠷ ᠨᠢ ᠣᠷᠤᠨ ᠳᠤ ᠪᠠᠨ ᠡᠯᠭᠦᠭᠡᠰᠦᠳᠡᠢ ᠪᠠᠢ᠌ᠵᠠᠢ᠃

ᠳᠠᠷᠠ ᠬᠤᠭᠤᠷ ᠲᠤ ᠡᠢ᠌ᠮᠤ ᠯᠠ ᠪᠠᠬᠠᠳᠠᠢ ᠬᠠᠢ᠌ᠷᠠᠳᠠᠢ ᠪᠠᠢ᠌ᠭᠰᠠᠨ ᠶᠤᠮ᠃ ᠣᠳᠤ ᠳᠠᠷᠠ ᠡᠮᠦᠨ᠎ᠡ ᠬᠠᠩᠵᠤᠨ ᠤ ᠭᠤᠤᠯ ᠳᠤ ᠵᠠᠯᠠᠭᠳᠠᠨ ᠯᠠᠷᠵᠠᠳᠠᠢ᠌ᠬᠠᠨ ᠰᠠᠭᠤᠵᠤ ᠰᠤᠨᠤᠰᠬᠤ ᠶᠢ ᠪᠠᠢ᠌ᠳᠤᠭᠠᠢ ᠭᠦᠷᠢᠶᠡᠨ ᠡᠭᠦᠳᠡ ᠶᠢ ᠠᠯᠬᠤᠬᠤ ᠲᠡᠶ ᠵᠡᠷᠭᠡ ᠳ᠋ᠠᠮᠪᠠᠷᠢᠠᠴᠢᠨ ᠤ ᠬᠤᠭᠤᠷ ᠤᠨ ᠣᠳᠠᠰᠤ ᠨᠢ ᠳᠠᠰᠤᠷᠠᠭᠰᠠᠨ ᠰᠢᠭ᠌ ᠣᠭᠵᠢᠮ ᠳᠤᠤᠭᠠᠷᠬᠤ ᠪᠠᠨ ᠪᠠᠢ᠌ᠵᠤ ᠥᠯᠢᠭᠡᠷ ᠡᠭᠡᠰᠢᠭ᠌ ᠬᠤᠶᠠᠷ ᠵᠡᠷᠭᠡᠪᠠᠷ ᠳᠠᠰᠤᠷᠠᠨ᠎ᠠ᠃

ᠪᠠᠢ᠌ᠳᠠᠯ ᠢ ᠦᠵᠡᠵᠤ ᠭᠠᠷᠤᠭᠰᠠᠨ ᠲ᠋ᠤᠭᠳᠤᠩᠭ᠋᠎ᠠ ᠭᠤᠸᠠᠢ 《ᠥᠭᠡ ᠪᠠᠨ ᠭᠢᠴᠢᠶᠠᠪᠠᠰᠤ ᠥ ᠦᠯᠦ ᠭᠠᠷᠤᠭᠠᠤᠨ᠂ ᠠᠮᠠ ᠪᠠᠨ ᠭᠢᠴᠢᠶᠠᠪᠠᠰᠤ ᠡᠪᠡᠳᠴᠢᠨ ᠦᠯᠦ ᠣᠯᠤᠮᠤᠢ 》 ᠭᠡᠵᠤ ᠠᠮᠠᠨ ᠳᠤ ᠪᠠᠨ ᠳᠦᠳᠦᠨᠡᠭᠡᠳ ᠬᠤᠭᠤᠷᠴᠢᠨ ᠳᠤ ᠭᠤᠮᠤᠳᠠᠬᠤ ᠶᠤᠮ ᠪᠢᠰᠢ᠂ ᠬᠤᠪᠢᠨ ᠤ ᠥᠭᠡᠨ ᠳᠤ ᠪᠠᠨ ᠬᠠᠷᠠᠮᠰᠠᠭᠠᠤᠨ ᠳᠠᠭᠢᠵᠤ ᠥᠯᠢᠭᠡᠷ ᠰᠤᠨᠤᠰᠬᠤ ᠪᠠᠷ ᠣᠴᠢᠬᠤ ᠨᠢᠭᠤᠷ ᠦᠭᠡᠶ ᠪᠣᠯᠵᠠᠢ᠃ ᠪᠢᠴᠢᠬᠠᠨ ᠰᠦᠨ ᠯᠢᠶᠠᠩ ᠯᠠ ᠶᠠᠭᠤ ᠴᠤ ᠮᠡᠳᠡᠭᠦ ᠦᠭᠡᠶ ᠳᠤᠳᠤᠭᠰᠢ ᠰᠢᠷᠭᠤᠯᠠᠨ᠎ᠠ᠃

ᠥᠩᠭᠡᠷᠡᠭ᠍ᠰᠡᠨ ᠨᠡᠢ᠌ᠭᠡᠮ ᠤᠨ ᠬᠤᠭᠤᠷᠴᠢ ᠶᠢᠨ ᠪᠠᠢ᠌ᠷᠢ ᠰᠠᠭᠤᠷᠢ ᠭᠡᠵᠤ ᠶᠠᠭᠤ ᠯᠠ ᠪᠠᠢ᠌ᠬᠤ ᠪᠣᠢ ︕ ᠣᠷᠤᠨ ᠰᠠᠭᠤᠴᠠ᠂ ᠡᠷᠦᠭᠡ ᠭᠡᠷ ᠦᠭᠡᠶ ᠬᠤᠭᠤᠷᠴᠢ ᠴᠤ ᠴᠥᠭᠡᠨ ᠪᠣᠰᠤ ᠪᠠᠢ᠌ᠳᠠᠭ᠃ ᠬᠤᠭᠤᠷ ᠶᠢᠡᠨ ᠡᠭᠦᠷᠦᠭᠡᠳ ᠬᠤᠰᠢᠭᠤ ᠳᠠᠮᠵᠢᠨ ᠶᠠᠪᠣᠬᠤ ᠳᠤ ᠪᠠᠨ ᠭᠡᠭᠡᠷ᠎ᠡ ᠬᠤᠨᠤᠵᠤ ᠭᠡᠳᠡ ᠳᠠᠷᠠᠯᠠᠨ᠂ ᠠᠢ᠌ᠯ ᠳᠤᠭᠤᠷᠢᠵᠤ ᠠᠶᠠᠭ᠎ᠠ ᠳᠤᠰᠬᠤ ᠶᠠᠪᠣᠳᠠᠯ ᠵᠥᠩᠳᠡᠭᠡᠨ ᠭᠠᠷᠳᠠᠭ᠃ ᠡᠨᠡ ᠪᠠᠢ᠌ᠳᠠᠯ ᠢ ᠵᠠᠷᠢᠮ ᠰᠤᠶᠤᠯ ᠦᠭᠡᠶ᠂ ᠣᠷᠠᠯᠢᠭ ᠮᠡᠳᠡᠭᠦ ᠦᠭᠡᠶ ᠭᠦᠮᠤᠨ ᠭᠡᠷᠭᠢᠨ ᠵᠦᠪ ᠣᠢ᠌ᠯᠠᠭᠠᠯᠳᠠ ᠲᠡᠶ ᠪᠠᠢ᠌ᠵᠤ ᠳᠡᠢ᠌ᠯᠭᠦ ᠪᠤᠢ ︕

《ᠬᠤᠭᠤᠷ ᠰᠤᠷᠬᠤ ᠪᠠᠷ ᠬᠤᠯᠠᠭᠠᠢ᠌ᠴᠢ ᠰᠤᠷ᠂ ᠴᠤᠭᠤᠷ ᠰᠤᠷᠬᠤ ᠪᠠᠷ ᠴᠤᠭᠢᠬᠤ ᠶᠢ ᠰᠤᠷ》 ᠭᠡᠭᠦ ᠭᠡᠯᠡᠴᠡ ᠦᠷᠭᠡᠨ ᠳᠠᠷᠬᠠᠵᠤ ᠪᠠᠢ᠌ᠭᠰᠠᠨ ᠴᠠᠭ ᠲᠤ ᠭᠦᠮᠤᠨ ᠤ ᠡᠴᠢᠭᠡ ᠡᠭᠡ ᠪᠣᠯᠤᠰᠠᠤᠨ ᠶᠠᠭᠠᠭᠢᠨ ᠦᠪᠡᠷ ᠤᠨ ᠬᠡᠦᠬᠡᠳ ᠶᠢᠡᠨ ᠬᠤᠭᠤᠷ ᠰᠤᠷᠭᠠᠬᠤ ᠳᠤ ᠭᠦᠳᠦᠯᠭᠦ ᠪᠣᠢ ︕ ᠶᠠᠭᠠᠭᠢᠨ ᠠᠢ᠌ᠯ ᠭᠡᠰᠦᠭᠡᠳ ᠬᠤᠰᠢᠭᠤ ᠳᠤᠭᠤᠷᠢᠭᠠᠤᠨ ᠪᠠᠢ᠌ᠳᠠᠭ ᠬᠤᠭᠤᠷᠴᠢ ᠭᠦᠮᠤᠨ ᠤ ᠳᠡᠨᠦᠭᠦᠯ ᠠᠮᠢᠳᠤᠷᠠᠯ ᠢ ᠭᠢᠯᠭᠡᠭᠦ ᠳᠤᠷᠠᠳᠠᠢ ᠪᠢᠯᠠ ︕ ᠳᠤᠭᠳᠤᠩᠭ᠋᠎ᠠ ᠭᠤᠸᠠᠢ ᠦᠪᠡᠷ ᠤᠨ ᠭᠠᠯ ᠭᠤᠯᠤᠮᠳᠠ ᠰᠠᠭᠢᠬᠤ ᠣᠤᠠᠬᠤᠨ ᠭᠦᠪᠠᠭᠦᠨ ᠶᠢᠠᠨ ᠶᠠᠭᠠᠭᠢᠨ ᠳᠡᠨᠦᠭᠦᠯ ᠠᠮᠢᠳᠤᠷᠠᠯ ᠲᠡᠶ ᠬᠤᠭᠤᠷᠴᠢ ᠪᠣᠯᠭᠠᠬᠤ ᠶᠢ ᠭᠦᠰᠡᠭᠦ ᠪᠣᠢ᠃

ᠬᠤᠷᠴᠢᠨ ᠮᠤᠩᠭ᠋ᠤᠯᠴᠤᠳ ᠤᠨ ᠬᠡᠦᠬᠡᠳ ᠲᠤ ᠪᠠᠭᠰᠢ ᠪᠠᠨ ᠵᠠᠯᠠᠵᠤ ᠬᠤᠭᠤᠷ ᠰᠤᠷᠭᠠᠬᠤ ᠶᠤᠰᠤᠨ ᠴᠤ ᠮᠠᠰᠢ ᠣᠯᠠᠨ ᠵᠢᠷᠤᠮ ᠭᠣᠷᠢᠮ ᠲᠡᠶ ᠪᠠᠢ᠌ᠳᠠᠭ᠃ ᠬᠤᠶᠠᠭᠤᠯᠠ ᠪᠠᠨ ᠳᠤᠷᠠᠳᠠᠢ ᠪᠣᠯ ᠪᠠᠭᠰᠢ ᠱᠠᠪᠢ ᠪᠣᠯᠴᠢᠨ᠎ᠠ ᠭᠡᠭᠦ ᠳᠠᠢ᠌ᠮᠤ ᠭᠢᠯᠪᠠᠷ ᠣᠴᠢᠷ ᠪᠢᠰᠢ ︕ ᠰᠦᠨ ᠯᠢᠶᠠᠩ ᠤᠨ ᠭᠢᠨ ᠪᠣᠰᠤᠳ ᠲᠤ ᠭᠦᠴᠤ ᠶᠠᠪᠣᠵᠤ ᠠᠮᠢᠳᠤᠷᠠᠯ ᠶᠢᠡᠨ ᠠᠷᠭᠠᠴᠠᠵᠤ ᠪᠠᠢ᠌ᠭ᠎ᠠ ᠣᠯᠤᠰ ᠲᠤ ᠶᠠᠭᠤ ᠪᠠᠷ ᠶᠢᠡᠨ ᠪᠠᠭᠰᠢ ᠵᠠᠯᠠᠬᠤ ᠪᠢᠯᠠ ︕ ᠰᠦᠨ ᠯᠢᠶᠠᠩ ᠶᠠᠭᠤ ᠮᠡᠳᠡᠭᠦ ᠪᠣᠢ ︕ ᠶᠠᠭᠤᠮ᠎ᠠ ᠲᠡᠶ ᠭᠡᠷ ᠪᠦᠯᠢ ᠪᠣᠯᠤᠭᠰᠠᠨ ᠴᠤ ᠳᠡᠭᠦᠨ ᠢ ᠬᠤᠭᠤᠷ ᠰᠤᠷᠭᠠᠬᠤ ᠦᠭᠡᠶ ᠭᠡᠵᠤ ᠠᠪᠣ ᠨᠢ ᠳᠠᠰᠤ ᠪᠣᠳᠤᠵᠤ ᠪᠠᠢ᠌ᠭ᠎ᠠ ᠶᠢ ᠳᠠᠷᠠ ᠭᠡᠷᠭᠢᠨ ᠰᠠᠷᠠᠵᠤ ᠮᠡᠳᠡᠭᠦ ᠪᠣᠢ ︕ ᠪᠠᠭᠰᠢ ᠪᠠᠷᠢᠵᠤ ᠳᠡᠢ᠌ᠯᠭᠦ ᠦᠭᠡᠶ ᠶᠢᠨ ᠳᠡᠭᠡᠷ᠎ᠡ ᠭᠡᠷ ᠤᠨ ᠠᠬᠠᠮᠠᠤᠨ ᠪᠠᠰᠠ ᠬᠤᠷᠢᠭᠯᠠᠭᠠᠤᠨ ᠪᠣᠯᠬᠤ ᠦᠭᠡᠶ᠃ ᠪᠠᠭ᠎ᠠ ᠨᠠᠰᠤᠨ ᠤ ᠰᠦᠨ ᠯᠢᠶᠠᠩ ᠤᠨ ᠪᠣᠯᠪᠠᠷᠠᠢ ᠰᠡᠳᠭᠢᠯ ᠳᠤ ᠪᠣᠵᠠᠭᠠᠢ ᠳᠠᠷᠤᠭᠠᠰᠤ ᠲᠡᠶ ᠪᠣᠯᠤᠭᠰᠠᠨ ᠪᠣᠯᠪᠠᠴᠤ ᠰᠤᠷᠴᠤ ᠡᠵᠡᠮᠰᠢᠭᠦ ᠡᠷᠡᠰ ᠬᠠᠳᠠᠭᠤ ᠵᠤᠷᠢᠭ ᠰᠠᠨᠠᠭ᠎ᠠ ᠭᠡᠵᠤ ᠳᠠᠷᠤᠪᠠᠴᠤ ᠳᠠᠷᠳᠠᠢ᠌ᠭᠠᠤᠨ᠂ ᠪᠣᠯᠠᠪᠠᠴᠤ ᠪᠣᠯᠳᠣᠢ᠌ᠭᠠᠤᠨ ᠪᠠᠢ᠌ᠳᠠᠭ ᠭᠠᠵᠠᠷ᠃

ᠳᠠᠷᠠ ᠮᠦᠨ ᠯᠠ ᠥᠯᠢᠭᠡᠷ ᠤᠨ ᠭᠡᠷ ᠲᠤ ᠣᠴᠢᠨ᠎ᠠ᠃ ᠪᠠᠭᠰᠢ ᠳᠡᠭᠦᠨ ᠤ ᠢᠷᠡᠭᠦ ᠶᠢ ᠥᠵᠡᠭ᠍ᠰᠡᠭᠡᠷ ᠯᠠ ᠬᠤᠭᠤᠷ ᠶᠢᠡᠨ ᠳᠠᠳᠠᠬᠤ ᠪᠠᠨ ᠵᠤᠭᠰᠤᠵᠤ᠂ ᠥᠯᠢᠭᠡᠷ ᠶᠢᠡᠨ ᠭᠡᠯᠡᠭᠦ ᠪᠠᠨ ᠪᠣᠯᠢᠴᠢᠬᠠᠨ᠎ᠠ᠃ ᠥᠯᠢᠭᠡᠷ ᠶᠠᠭ ᠢᠳᠠ ᠭᠦᠭ᠌ ᠳᠡᠭᠡᠷ᠎ᠡ ᠪᠠᠨ ᠵᠤᠭᠰᠤᠯ᠎ᠠ ᠭᠡᠵᠤ ᠰᠤᠨᠤᠰᠤᠭᠴᠢᠳ ᠪᠦᠭᠦᠳᠡᠭᠡᠷ ᠶᠡᠭᠡᠯ᠎ᠡ ᠣᠴᠠᠭᠠᠷ ᠲᠡᠶ᠃ ᠰᠠ‍‌ᠶᠢ ᠡᠭᠢᠯᠡᠭᠦ ᠳᠤ ᠪᠠᠨ ᠪᠦᠷ ᠰᠦᠨ ᠯᠢᠶᠠᠩ ᠤᠨ ᠣᠷᠰᠢᠭ ᠭᠡᠵᠤ ᠳᠡᠭᠦᠨ ᠢ ᠭᠦᠯᠥᠢᠵᠤ ᠴᠠᠢ᠌ᠪᠠᠢ᠌ᠵᠤ ᠪᠠᠢ᠌ᠵᠠᠢ᠃ ᠡᠨᠡ ᠮᠠᠳᠤ ᠪᠠᠷ ᠭᠡᠳᠤ ᠣᠳᠠᠭ᠎ᠠ ᠪᠣᠯᠬᠤ ᠳᠤ ᠠᠢ᠌ᠯ ᠤᠨ ᠠᠯᠢᠶ᠎ᠠ ᠬᠡᠦᠬᠡᠳ ᠳᠡᠭᠦᠨ ᠢ ᠭᠦᠭᠡᠭᠡᠴᠢᠭᠡᠵᠡᠢ᠃ ᠡᠭᠦᠳᠡ ᠡᠴᠡ ᠲᠦᠯᠭᠢᠨ ᠭᠠᠷᠭᠠᠭᠠᠤᠨ ᠣᠷᠤᠭᠤᠯᠬᠤ ᠦᠭᠡᠶ ᠪᠣᠯᠵᠠᠢ᠃

ᠬᠠᠷᠠᠮᠰᠠᠯ ᠭᠤᠮᠤᠳᠠᠯ ᠤᠨ ᠨᠢᠯᠪᠣᠰᠤ ᠶᠢ ᠡᠩᠭᠡᠷ ᠣᠷᠤᠭᠤ ᠪᠠᠨ ᠪᠦᠮᠪᠦᠷᠢᠭᠦᠯᠦᠭ᠍ᠰᠡᠭᠡᠷ ᠭᠡᠷ ᠵᠥᠭ᠌ ᠶᠢᠡᠨ ᠳᠤᠷ᠎ᠠ ᠲᠡᠶ ᠳᠤᠷ᠎ᠠ ᠦᠭᠡᠶ ᠠᠯᠬᠤᠨ ᠶᠠᠪᠣᠬᠤ ᠰᠦᠨ ᠯᠢᠶᠠᠩ ᠥᠯᠢᠭᠡᠷ ᠤᠨ ᠭᠡᠷ ᠵᠥᠭ᠌ ᠡᠷᠭᠢᠨ ᠡᠷᠭᠢᠨ ᠬᠠᠷᠠᠨ᠎ᠠ᠃

ᠳᠡᠭᠦᠨ ᠢ ᠥᠯᠢᠭᠡᠷ ᠤᠨ ᠭᠡᠷ ᠡᠴᠡ ᠬᠤᠯᠠᠳᠬᠤ ᠳᠤᠳᠤᠮ ᠳ᠋ᠠᠮᠪᠠᠷᠢᠠᠴᠢᠨ ᠤ ᠥᠯᠢᠭᠡᠷ ᠤᠨ ᠡᠭᠡᠰᠢᠭ᠌᠂ ᠬᠤᠭᠤᠷ ᠤᠨ ᠳᠠᠭᠤᠨ ᠳᠡᠭᠦᠨ ᠤ ᠴᠢᠭᠢᠨ ᠳᠤ ᠣᠯᠠᠮ ᠳᠤᠳᠤᠬᠠᠨ ᠰᠤᠨᠤᠰᠳᠠᠨ᠎ᠠ᠃ ᠡᠯᠢᠭᠡ ᠡᠮᠳᠡᠷᠡᠮ᠎ᠡ᠂ ᠵᠢᠷᠦᠭᠡ ᠴᠠᠴᠠᠷᠠᠮ᠎ᠠ ᠣᠶᠠᠷᠠᠭᠤᠨ ᠠᠶ᠎ᠠ ᠨᠢ ᠰᠦᠨ ᠯᠢᠶᠠᠩ ᠤᠨ ᠡᠮᠭᠡᠨᠢᠯᠳᠤ ᠰᠡᠳᠭᠢᠯ ᠤᠨ ᠴᠤᠤᠷᠢᠶ᠎ᠠ ᠳᠡᠢ ᠭᠦᠭ᠌ ᠨᠠᠢ᠌ᠯᠠᠨ᠂ ᠬᠠᠷᠠᠭᠠᠨ ᠤ ᠡᠮᠦᠨ᠎ᠡ ᠨᠠᠳᠤᠢᠨ ᠨᠡᠳᠥᠢᠭ᠍ᠰᠡᠨ ᠪᠠᠷᠠᠭᠠᠨ ᠭᠦᠰᠢᠭᠡ ᠶᠢ ᠨᠠᠪᠳᠠ ᠰᠢᠪᠳᠠ ᠵᠦᠰᠤᠵᠤ᠂ ᠠᠯᠤᠰ ᠤᠨ ᠠᠯᠤᠰ ᠲᠤ᠂ ᠣᠢ ᠶᠢᠨ ᠳᠤᠳᠤᠷ᠎ᠠ ᠡᠴᠡ᠂ ᠠᠭᠤᠯᠠᠨ ᠤ ᠴᠠᠭᠠᠨ᠎ᠠ ᠡᠴᠡ ᠳᠤᠤᠯᠢᠶᠠᠨ ᠳᠠᠳᠠᠨ᠎ᠠ᠃

ᠣᠳᠤ ᠳᠡᠭᠦᠨ ᠤ ᠬᠤᠶᠠᠷ ᠭᠦᠯ ᠨᠢ ᠶᠠᠭᠠᠭᠢᠭᠰᠠᠨ ᠢ ᠪᠣᠤ ᠮᠠᠳᠠ ︕ ᠭᠦᠯᠢᠶᠡᠰᠤ ᠳᠤᠱᠠ ᠲᠡᠶ ᠶᠤᠮ ᠰᠢᠭ ᠴᠢᠨᠠᠭᠰᠢ ᠠᠯᠬᠤᠵᠤ ᠳᠡᠢ᠌ᠯᠭᠦ ᠦᠭᠡᠶ ᠪᠣᠯᠵᠤ ᠵᠤᠭᠰᠤᠯ᠎ᠠ᠃ ᠭᠦᠯ ᠨᠢ ᠣᠷᠤᠭᠰᠢ ᠭᠦᠴᠦᠯᠡᠭᠦ ᠳᠤ ᠰᠡᠳᠭᠢᠯ ᠨᠢ ᠬᠣᠢ᠌ᠰᠢ ᠳᠠᠳᠠᠭᠠᠤᠨ᠂ ᠶᠠᠭ ᠯᠠ ᠬᠤᠶᠠᠷ ᠭᠦᠯ ᠢ ᠨᠢ ᠥᠯᠢᠭᠡᠷ ᠤᠨ ᠭᠡᠷ ᠡᠴᠡ ᠠᠷᠭᠠᠮᠵᠢᠭᠰᠠᠨ ᠪᠣᠯᠵᠠᠢ᠃ ᠣᠯᠤᠰᠤᠨ ᠳᠡᠭᠡᠰᠤ ᠪᠠᠷ ᠪᠢᠰᠢ᠂ ᠳᠠᠮᠤᠷ ᠭᠢᠠᠵᠢ ᠪᠠᠷ ᠠᠷᠭᠠᠮᠵᠢᠭᠰᠠᠨ ᠰᠢᠭ ᠪᠣᠯᠪᠠ᠃ ᠳᠠᠷᠠ ᠦᠪᠡᠷ ᠤᠨ ᠡᠷᠭᠡ ᠦᠭᠡᠶ ᠥᠯᠢᠭᠡᠷ ᠤᠨ ᠭᠡᠷ ᠲᠤ ᠢᠷᠡᠭ᠍ᠰᠡᠨ ᠪᠣᠯᠪᠠᠴᠤ ᠭᠡᠷ ᠲᠤ ᠣᠯᠵᠤ ᠣᠷᠤᠬᠤ ᠦᠭᠡᠶ ᠪᠠᠨ ᠮᠡᠳᠡᠭᠦ ᠪᠣᠯᠬᠤᠷ ᠵᠥᠪᠭᠡᠨ ᠴᠤᠩᠬᠤᠨ ᠤ ᠳᠤᠤᠷ᠎ᠠ ᠪᠣᠭᠵᠣᠢ᠌ᠨ ᠰᠠᠭᠤᠵᠤ ᠴᠢᠭᠢ ᠳᠠᠯᠪᠢᠨ ᠴᠢᠩᠨᠠᠵᠤ ᠪᠠᠢ᠌ᠪᠠ᠃ ᠭᠡᠳᠥᠢᠪᠠᠷ ᠨᠢᠮᠭᠡᠨ ᠴᠠᠭᠠᠰᠤ ᠪᠠᠷ ᠵᠠᠭᠠᠭᠯᠠᠭᠳᠠᠬᠤ ᠪᠣᠯᠪᠠᠴᠤ ᠣᠤᠯ ᠤᠨ ᠡᠭᠦᠳᠡᠡ ᠴᠠᠭᠠᠨ᠎ᠠ ᠡᠴᠡ ᠰᠤᠨᠤᠰᠬᠤ ᠡᠴᠡ ᠪᠠᠰᠠ ᠤᠢ᠌ᠷ᠎ᠡ ᠰᠢᠭ ᠰᠠᠨᠠᠭᠳᠠᠨ᠎ᠠ᠃

ᠡᠷᠳᠡᠮᠳᠡᠨ ᠪᠠᠭᠰᠢ ᠶᠢᠨ ᠳᠠᠳᠠᠬᠤ ᠬᠤᠭᠤᠷ ᠤᠨ ᠡᠭᠡᠰᠢᠭ᠌ ᠴᠢᠭᠢᠨ ᠳᠤ ᠠᠶᠠᠳᠠᠢ᠂ ᠰᠡᠳᠭᠢᠯ ᠳᠤ ᠳᠠᠭᠠᠳᠠᠢ ᠪᠣᠯᠤᠭᠠᠤᠨ ᠢᠷᠡᠭᠦᠯᠡᠷ ᠨᠢ ᠠᠩᠬᠠᠨ ᠤ ᠰᠠᠶ‍ᠢ ᠶᠢᠨ ᠡᠮᠭᠡᠨᠢᠯᠳᠤ ᠰᠡᠳᠬᠢᠯᠭᠡ ᠬᠤᠷᠤᠮᠬᠠᠨ ᠵᠠᠭᠤᠷ᠎ᠠ ᠪᠣᠷᠤᠭᠠᠨ ᠤ ᠳᠠᠷᠠᠭ᠎ᠠ ᠳᠡᠭ᠍ᠷᠢ ᠴᠡᠯᠮᠡᠭ᠍ᠰᠡᠨ ᠰᠢᠭ᠌ ᠪᠠᠶᠡᠰᠴᠤ ᠢᠷᠠᠯ᠎ᠠ᠃ ᠭᠦᠭ᠌ ᠠᠶᠠᠰ ᠤᠨ ᠰᠤᠨᠤᠰᠤᠪᠣᠷᠢᠳᠠᠢ ᠰᠠᠢ᠌ᠬᠠᠨ᠂ ᠭᠦᠭ᠍ᠰᠡᠭᠦ ᠰᠡᠳᠭᠢᠯ ᠤᠨ ᠳᠠᠭᠠᠯᠠᠮᠵᠢᠳᠠᠢ ᠭᠤᠶᠤᠬᠠᠨ ᠢ ᠥᠭᠡ ᠪᠠᠷ ᠳᠦᠷᠰᠤᠯᠠᠵᠤ᠂ ᠥᠭᠦᠯᠡᠪᠦᠷᠢ ᠪᠠᠷ ᠢᠯᠡᠳᠭᠡᠭᠦ ᠶᠢᠨ ᠠᠷᠭ᠎ᠠ ᠦᠭᠡᠶ᠃

ᠭᠦᠭ᠌ ᠠᠶᠠᠯᠭᠤ ᠨᠢ ᠬᠤᠶᠠᠷ ᠳᠠᠰᠤᠯᠭ᠎ᠠ ᠰᠢᠪᠠᠷ ᠪᠠᠢ᠌ᠰᠢᠩ ᠤᠨ ᠨᠢᠮᠭᠡᠨ ᠠᠳᠠᠷ ᠢ ᠢᠯᠭᠤᠮ ᠨᠠᠪᠳᠠᠯᠠᠵᠤ᠂ ᠵᠤᠵᠠᠭᠠᠨ ᠡᠭᠦᠯᠡᠰ ᠢ ᠰᠢᠪᠳᠤᠯᠤᠨ᠂ ᠭᠦᠭᠡ ᠴᠡᠩᠭᠡᠷ ᠣᠭᠳᠠᠷᠭᠤᠢ ᠶᠢᠨ ᠭᠦᠨ ᠳᠤ ᠬᠠᠩᠭᠢᠨᠠᠵᠤ ᠳᠠᠭᠤᠷᠢᠰᠤᠭᠠᠤᠨ ᠢᠷᠡᠭᠦᠯᠡᠷ ᠭᠦᠭᠡ ᠡᠭᠦᠯᠡᠨ ᠤ ᠳᠤᠤᠭᠤᠷ ᠵᠠᠯᠠᠯᠠᠨ ᠡᠮᠦᠨᠡᠰᠢᠯᠡᠭᠦ ᠬᠤᠨ ᠭᠠᠯᠠᠭᠤᠳ ᠵᠢᠭᠦᠷ ᠶᠢᠡᠨ ᠳᠡᠪᠢᠭᠦ ᠪᠠᠨ ᠮᠠᠷᠳᠠᠭᠠᠤᠨ᠂ ᠭᠦᠩᠭᠡᠨ ᠣᠶᠠᠷᠠᠭᠤᠨ ᠭᠡᠳᠦᠡᠳᠡ ᠭᠠᠭᠠᠯᠠᠵᠤ᠂ ᠨᠤᠳᠤᠭ ᠣᠰᠤᠨ ᠡᠴᠡ ᠪᠠᠨ ᠰᠠᠯᠵᠤ ᠶᠠᠳᠠᠭᠰᠠᠨ ᠰᠡᠳᠬᠢᠯᠭᠡ ᠪᠠᠷ ᠡᠭᠡᠨᠡᠭ᠍ᠰᠢᠨ ᠪᠠᠢ᠌ᠨ᠎ᠠ᠃ ᠭᠦᠳᠡᠭᠡ ᠳᠠᠯ᠎ᠠ ᠪᠠᠷ ᠭᠦᠭ᠍ᠰᠡᠨ ᠳᠤᠭᠯᠠᠬᠤ ᠨᠠᠮᠤᠷ ᠤᠨ ᠳᠤᠰᠤᠨ ᠳᠠᠷᠭᠤ ᠲᠡᠶ ᠭᠦᠯᠦᠭ᠌ ᠮᠤᠷᠢᠳ ᠳᠤᠭᠭᠢᠨ ᠵᠤᠭᠰᠤᠵᠤ᠂ ᠠᠶᠠᠰ ᠤᠨ ᠰᠠᠯᠭᠢᠨ ᠳᠤ ᠦᠶ᠎ᠡ ᠦᠶ᠎ᠡ ᠰᠤᠨᠤᠰᠳᠠᠬᠤ ᠠᠢ᠌ᠵᠢᠮ ᠢ ᠴᠢᠩᠨᠠᠵᠤ ᠴᠢᠭᠢ ᠬᠠᠢ᠌ᠴᠢᠯᠠᠨ᠎ᠠ᠃

ᠶᠠᠮᠠᠷ ᠰᠠᠢ᠌ᠬᠠᠨ ᠭᠠᠷ ᠶᠢᠡᠷ ᠶᠠᠭᠠᠭᠢᠭᠰᠠᠨ ᠰᠠᠢ᠌ᠬᠠᠨ ᠳᠠᠳᠠᠬᠤ ᠨᠢ ᠪᠣᠢ ︕ ᠶᠠᠮᠠᠷ ᠰᠠᠢ᠌ᠬᠠᠨ ᠬᠤᠷᠤᠭᠤ ᠪᠣᠯ ︖ ᠳᠠᠷᠠ ᠣᠯᠵᠤ ᠥᠵᠡᠭᠦ ᠦᠭᠡᠶ ᠶᠤᠮ ᠴᠢᠨᠢ ︕ ᠳᠠᠷᠠ ᠭᠡᠨᠡᠳᠲᠡ ᠣᠬᠠᠵᠤ᠂ ᠬᠤᠷᠤᠭᠤ ᠪᠠᠨ ᠰᠢᠯᠤᠰᠤ ᠪᠠᠷ ᠶᠢᠡᠨ ᠨᠤᠷᠤᠭᠠᠵᠤ ᠴᠤᠩᠬᠤ ᠨᠠᠭᠠᠭᠰᠠᠨ ᠮᠤᠤᠲ᠋ᠸᠤ ᠴᠠᠭᠠᠰᠤ ᠶᠢ ᠴᠢᠴᠢᠨ ᠴᠤᠭᠤᠯᠵᠤ ᠨᠢᠭᠡ ᠨᠢᠳᠤ ᠪᠠᠨ ᠠᠨᠢᠨ ᠨᠥᠭᠦᠭᠡ ᠨᠢᠳᠤ ᠪᠠᠷ ᠶᠢᠡᠨ ᠳᠤᠳᠤᠭᠰᠢ ᠰᠢᠨᠤᠯᠳᠠᠢ᠌ᠬᠠᠨ ᠰᠢᠷᠳᠠᠨ᠎ᠠ᠃

ᠳ᠋ᠠᠮᠪᠠᠷᠢᠠᠴᠢᠨ ᠪᠠᠭᠰᠢ ᠶᠢᠨ ᠬᠤᠭᠤᠷᠳᠠᠯᠭ᠎ᠠ ᠥᠨᠡᠭᠡᠷ ᠡᠮᠭᠢ ᠳᠢᠭ᠍ᠯᠢᠮ ᠲᠡᠶ ᠣᠶᠠᠬᠠᠨ ᠰᠠᠢ᠌ᠬᠠᠨ ᠪᠦᠭᠡᠳ ᠣᠯᠠᠨ ᠥᠩᠭᠡ ᠣᠯᠠᠷᠢᠭᠤᠯᠤᠨ ᠬᠤᠪᠢᠷᠠᠭᠤᠯᠤᠨ᠎ᠠ᠃ ᠪᠠᠷᠠᠭᠤᠨ ᠭᠠᠷ ᠤᠨ ᠡᠷᠡᠭᠡᠢ ᠬᠤᠷᠤᠭᠤ ᠪᠣᠯᠤᠨ ᠳᠤᠯᠤᠪᠣᠷ ᠬᠤᠷᠤᠭᠤ ᠶᠢᠨ ᠳᠤᠮᠳᠠ ᠬᠤᠭᠤᠷ ᠤᠨ ᠨᠤᠮᠤ ᠶᠢ ᠬᠠᠪᠴᠢᠵᠤ᠂ ᠳᠤᠯᠤᠪᠣᠷ ᠬᠤᠷᠤᠭᠤ ᠪᠣᠯᠤᠨ ᠳᠤᠮᠳᠠ ᠬᠤᠷᠤᠭᠤ ᠪᠠᠷ ᠨᠤᠮᠤ ᠶᠢᠨ ᠡᠰᠢ ᠬᠤᠯᠤᠰᠤ ᠶᠢ ᠭᠠᠳᠠᠷ ᠳᠠᠯ᠎ᠠ ᠡᠴᠡ ᠨᠢ ᠳᠤᠳᠤᠭᠰᠢ ᠡᠷᠭᠦᠵᠤ᠂ ᠢᠳᠠᠮ ᠬᠤᠷᠤᠭᠤ ᠪᠠᠷ ᠨᠤᠮᠤ ᠶᠢᠨ ᠭᠢᠯᠭᠠᠰᠤ ᠶᠢ ᠳᠤᠤᠷ᠎ᠠ ᠡᠴᠡ ᠨᠢ ᠡᠷᠭᠦᠵᠤ᠂ ᠢᠳᠠᠮ ᠬᠤᠷᠤᠭᠤ ᠪᠠᠷ ᠭᠠᠳᠠᠷ ᠲ᠋ᠤᠳᠤᠷ ᠣᠳᠠᠰᠤ ᠶᠢ ᠳᠠᠳᠠᠬᠤ ᠳᠤ ᠨᠤᠮᠤ ᠶᠢᠨ ᠭᠦᠴᠦᠯᠡᠴᠡ ᠶᠢᠨ ᠵᠥᠭ᠌ ᠴᠢᠭᠯᠡᠯ ᠨᠢ ᠡᠩ ᠵᠢᠷᠤᠮ ᠲᠡᠶ᠃

ᠵᠡᠭᠦᠨ ᠭᠠᠷ ᠤᠨ ᠳᠤᠬᠤᠢ ᠪᠠᠨ ᠳᠠᠢ᠌ᠮᠤ ᠳᠡᠭᠡᠭ᠍ᠰᠢ ᠡᠷᠭᠦᠭᠦ ᠦᠭᠡᠶ᠃ ᠪᠠᠷᠤᠭ ᠬᠤᠭᠤᠷ ᠤᠨ ᠠᠷᠠᠯ ᠲᠡᠶ ᠳᠡᠭ᠍ᠰᠢ ᠭᠦᠡᠳᠡᠯᠡᠨ ᠪᠠᠷᠢᠵᠤ ᠭᠦᠭ᠍ᠵᠢᠮᠳᠡᠨ᠎ᠡ᠃

ᠳᠦᠷᠪᠠᠨ ᠣᠳᠠᠰᠤ ᠨᠢ ᠬᠤᠶᠠᠷ ᠭᠠᠳᠠᠷ ᠣᠳᠠᠰᠤ ᠪᠠ ᠬᠤᠶᠠᠷ ᠳᠤᠳᠤᠷ ᠣᠳᠠᠰᠤ ᠪᠠᠷ ᠪᠦᠷᠢᠯᠳᠦᠭ᠍ᠰᠡᠨ ᠪᠣᠯᠬᠤᠷ ᠳᠤᠳᠤᠷ ᠭᠠᠳᠠᠷ ᠣᠳᠠᠰᠤ ᠶᠢ ᠣᠯᠠᠷᠢᠭᠤᠯᠤᠨ ᠰᠤᠯᠢᠪᠴᠠᠭᠤᠯᠤᠨ ᠭᠡᠷᠡᠭᠯᠡᠭᠦ ᠨᠢ ᠥᠨᠡᠭᠡᠡᠷ ᠭᠠᠢ᠌ᠬᠠᠮᠰᠢᠭᠳᠠᠢ᠃

ᠭᠢᠮᠤᠰᠤ ᠪᠠᠷ ᠣᠳᠠᠰᠤ ᠶᠢ ᠨᠢᠰᠠᠯᠵᠤ ᠠᠶᠠᠯᠠᠭᠤᠯᠬᠤ ᠨᠢ ᠰᠦᠨ ᠯᠢᠶᠠᠩ ᠤᠨ ᠠᠩᠬᠠᠷᠤᠯ ᠢ ᠨᠠᠩ ᠶᠡᠭᠡ ᠲ᠋ᠡᠳᠡᠵᠡᠢ᠃ ᠳᠤᠳᠤᠷ ᠭᠠᠳᠠᠷ ᠣᠳᠠᠰᠤ ᠶᠢ ᠭᠡᠯᠭᠢᠨ ᠨᠢᠰᠤᠯᠵᠤ ᠨᠠᠢ᠌ᠷᠠᠯ ᠠᠶ᠎ᠠ ᠶᠢ ᠳᠠᠮᠳᠠᠢ ᠰᠠᠢ᠌ᠬᠠᠨ ᠭᠠᠷᠭᠠᠵᠤ ᠪᠠᠢ᠌ᠬᠤ ᠨᠢ ᠥᠨᠡᠭᠡᠷ ᠰᠡᠳᠭᠢᠯ ᠳᠤᠭᠳᠤᠯᠤᠭᠤᠯᠤᠨ᠎ᠠ᠃

ᠵᠠᠷᠢᠮ ᠦᠶ᠎ᠡ ᠳᠤ ᠭᠦᠮᠤᠨ ᠣᠯᠵᠤ ᠦᠵᠡᠪᠠᠯ ᠪᠠᠰᠠ ᠭᠦᠭᠡᠭᠡᠵᠤ ᠭᠦᠳᠦᠯᠦᠭᠡᠳ ᠪᠣᠯᠬᠤ ᠦᠭᠡᠶ᠃ ᠰᠦᠨ ᠯᠢᠶᠠᠩ ᠠᠷᠭ᠎ᠠ ᠦᠭᠡᠶ ᠭᠡᠷ ᠤᠨ ᠠᠷᠤ ᠳᠤ ᠨᠢᠭᠤᠭᠳᠠᠨ ᠬᠣᠢ᠌ᠳᠤ ᠴᠤᠩᠬᠤ ᠪᠠᠷ ᠥᠵᠡᠭᠦ ᠭᠡᠵᠤ ᠥᠡᠳᠡᠢ᠌ᠭᠡᠳ ᠭᠦᠷᠭᠦ ᠦᠭᠡᠶ᠃ ᠳᠠᠷᠠ ᠭᠡᠷ ᠤᠨ ᠬᠣᠢ᠌ᠭᠤᠷ ᠣᠷᠳᠤᠭᠤᠷ ᠭᠦᠶ‍ᠦᠵᠤ ᠮᠠᠭᠤ ᠰᠠᠢ᠌ᠨ ᠳᠤᠢᠫᠢ ᠣᠯᠵᠤ ᠨᠢᠭᠡ ᠨᠢᠭᠡ ᠪᠠᠷ ᠵᠥᠭᠡᠭᠡᠨ ᠳᠠᠪᠬᠤᠷᠯᠠᠪᠠᠯ ᠥᠨᠡᠭᠡᠷ ᠦᠨᠳᠦᠷ ᠪᠣᠯᠤᠭᠠᠤᠨ ᠳᠡᠭᠡᠷ᠎ᠡ ᠨᠢ ᠵᠤᠭᠰᠤᠵᠤ ᠳᠤᠳᠤᠭᠰᠢ ᠴᠢᠭᠢ ᠳᠠᠯᠪᠢᠨ ᠴᠢᠩᠨᠠᠵᠠᠢ᠃

ᠬᠤᠭᠤᠷ ᠰᠤᠷᠬᠤ ᠭᠦᠰᠡᠯ ᠣᠯᠠᠮ ᠴᠢᠩᠭ᠋᠎ᠠ ᠪᠣᠯᠵᠠᠢ᠃ ᠳᠠᠷᠠ ᠭᠡᠷ ᠤᠨ ᠪᠠᠷᠠᠭᠤᠨ ᠬᠠᠨ᠎ᠠ ᠳᠤ ᠡᠯᠭᠦᠭᠡᠰᠦᠳᠡᠢ ᠠᠪᠣ ᠶᠢᠨ ᠬᠤᠭᠤᠷ ᠲᠤ ᠭᠤᠷᠢ ᠬᠠᠶᠠᠵᠤ ᠣᠳᠠᠭᠠᠨ ᠡᠳᠦᠷ ᠪᠣᠯᠤᠭᠰᠠᠨ ᠶᠤᠮ᠃ ᠨᠢᠭᠡᠨ ᠡᠳᠦᠷ ᠭᠡᠷ ᠤᠨ ᠠᠬᠠᠮᠠᠤᠨ ᠨᠢ ᠪᠠᠢ᠌ᠬᠤ ᠦᠭᠡᠶ ᠶᠢ ᠳᠠᠯᠢᠮᠳᠠᠭᠤᠯᠤᠨ ᠠᠪᠣ ᠶᠢᠨ ᠬᠠᠢ᠌ᠷᠠᠳᠠᠢ ᠬᠤᠭᠤᠷ ᠢ ᠪᠠᠭᠤᠯᠭᠠᠨ ᠠᠪᠴᠤ ᠬᠤᠯᠠᠭᠠᠢ᠌ᠯᠠᠨ ᠳᠠᠳᠠᠵᠠᠢ᠃ ᠵᠢᠩᠭᠢᠨᠢ ᠬᠤᠭᠤᠷ ᠭᠡᠳᠡᠭ᠌ ᠶᠤᠰᠤᠳᠠᠢ ᠣᠠᠳᠤᠤ ᠪᠠᠢ᠌ᠨ᠎ᠠ᠃ ᠭᠡᠷᠭᠢᠨ ᠳᠡᠭᠦᠨ ᠤ ᠱᠤᠭᠠᠢ ᠶᠢᠨ ᠬᠤᠭᠤᠷ ᠢ ᠭᠢᠷᠦᠭᠡᠳᠦᠵᠤ ᠪᠠᠢ᠌ᠭᠰᠠᠨ ᠲᠡᠶ ᠠᠳᠠᠯᠢᠳᠬᠠᠵᠤ ᠪᠣᠯᠬᠤ ᠠᠵᠠᠢ᠃ ᠪᠠᠭᠰᠢ ᠶᠢᠨ ᠳᠠᠳᠠᠵᠤ ᠪᠠᠢ᠌ᠭᠰᠠᠨ ᠪᠠᠢ᠌ᠳᠠᠯ ᠳᠦᠷᠭᠦ ᠶᠢ ᠳᠠᠭᠤᠷᠢᠶᠠᠵᠤ ᠳᠠᠳᠠᠭᠰᠠᠨ ᠴᠢᠨᠢ ᠥᠨᠡᠭᠡᠷ ᠠᠶᠠᠰ ᠭᠠᠷᠬᠤ ᠰᠢᠭ᠌ ᠪᠣᠯᠬᠤ ᠪᠠᠷ ᠨᠢ ᠳᠠᠷᠠ ᠳᠤᠩ ᠭᠦᠭ᠍ᠰᠡᠨ ᠪᠠᠶᠠᠷᠯᠠᠭᠰᠠᠨ ᠪᠢᠯᠠ︕


 ᠦᠷᠭᠦᠯᠵᠢᠯᠡᠯ ᠪᠤᠢ


ᠵᠤᠬᠢᠶᠠᠭᠴᠢ ᠶᠢᠨ ᠬᠠ‍‌ᠶᠢᠭ ᠄ ᠬᠤᠷᠴᠢᠨ ᠵᠡᠭᠦᠨ ᠭᠠᠷᠤᠨ ᠳᠤᠮᠳᠠᠳᠤ ᠬᠤᠰᠢᠭᠤᠨ ᠤ ᠱᠸᠪᠠᠷᠳᠤ ᠮᠤᠩᠭ᠋ᠤᠯ ᠦᠨᠳᠦᠰᠦᠳᠠᠨ ᠤ ᠳᠤᠮᠳᠠᠳᠤ ᠰᠤᠷᠭᠠᠭᠤᠯᠢ

ᠵᠤᠬᠢᠶᠠᠭᠴᠢ᠄ ᠲᠠᠩᠨᠤᠳ ᠬᠠᠢ᠌ᠬᠤ
ᠳᠠᠷᠤᠮ᠄ 1290
ᠴᠠᠭ᠄ 2012 ᠤᠨ ᠤ 11 ᠰᠠᠷ᠎ᠠ ᠶᠢᠨ 06
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁