BX
ᠳᠠᠷᠤᠮ᠄ 1544

BX ᠬᠡᠮᠡᠬᠦ ᠲᠠᠢᠰᠠᠨ ᠨᠡᠷ᠎ᠡ ᠪᠡᠷ ᠳᠠᠨᠢᠭᠳᠠᠭᠰᠠᠨ ᠴᠤᠭᠲᠤᠪᠠᠭᠠᠲᠤᠷ ᠤᠨ ᠪᠠᠲᠤᠪᠠᠭᠠᠲᠤᠷ ᠨᠢ ᠮᠤᠩᠭᠤᠯ ᠤᠯᠤᠰ ᠤᠨ R&B ᠳᠠᠭᠤᠴᠢᠨ᠃ 1984 ᠤᠨ ᠤ 2 ᠰᠠᠷ᠎ᠠ ᠶᠢᠨ 2 ᠳ᠋ᠤ ᠮᠤᠩᠭᠤᠯ ᠤᠯᠤᠰ ᠤᠨ ᠠᠷᠤᠬᠠᠩᠭᠠᠢ ᠠᠢᠮᠠᠭ ᠲᠤ ᠲᠦᠷᠦᠵᠡᠢ᠃ 2001 ᠤᠨ ᠳᠤ ᠤᠯᠠᠭᠠᠨᠪᠠᠭᠠᠲᠤᠷ ᠬᠤᠲᠠ ᠶᠢᠨ 28 ᠳ᠋ᠤᠭᠠᠷ ᠳᠤᠮᠳᠠᠳᠤ ᠰᠤᠷᠭᠠᠭᠤᠯᠢ ᠡᠴᠡ ᠲᠡᠭᠦᠰᠴᠦ᠂ 2002᠊᠊᠊᠊2007 ᠤᠨ ᠳᠤ ᠤᠯᠠᠭᠠᠨᠪᠠᠭᠠᠲᠤᠷ ᠳᠡᠭᠡᠳᠦ ᠰᠤᠷᠭᠠᠭᠤᠯᠢ ᠳᠤ ᠰᠤᠷᠤᠯᠴᠠᠵᠤ᠂ ᠪᠢᠽᠨᠧᠰ ᠤᠨ ᠤᠳᠤᠷᠢᠳᠤᠯᠭ᠎ᠠ ᠮᠡᠷᠭᠡᠵᠢᠯ ᠶᠢᠡᠷ ᠲᠡᠭᠦᠰᠭᠦᠭᠰᠡᠨ ᠶᠤᠮ᠃

2004 ᠤᠨ ᠳᠤ New Star Studio ᠳ᠋ᠤ ᠳᠠᠭᠤᠴᠢᠨ ᠶᠢᠠᠨ ᠪᠡᠯᠡᠳᠭᠡᠭᠳᠡᠵᠦ ᠤᠷᠠᠨ ᠪᠦᠲᠡᠭᠡᠯ ᠶᠢᠡᠨ ᠡᠬᠢᠯᠡᠭᠦᠯᠦᠭᠰᠡᠨ ᠲᠡᠷᠡ ᠪᠡᠷ 2006 ᠤᠨ ᠳᠤ ᠠᠩᠬ᠎ᠠ ᠪᠡᠶ᠎ᠠ ᠳᠠᠭᠠᠭᠠᠭᠰᠠᠨ My Love ᠴᠤᠮᠤᠭ ᠶᠢᠠᠨ ᠬᠤᠳᠠᠯᠳᠤᠭᠠᠨ ᠳᠤ ᠭᠠᠷᠭᠠᠭᠰᠠᠨ ᠪᠠᠢᠨ᠎ᠠ᠃

2007 ᠤᠨ ᠳᠤ My Love ᠠᠩᠬᠠᠨ ᠤ ᠪᠡᠶ᠎ᠡ ᠳᠠᠭᠠᠭᠠᠭᠰᠠᠨ ᠲᠤᠭᠯᠠᠯᠲᠠ ᠤᠯᠠᠭᠠᠨᠪᠠᠭᠠᠲᠤᠷ ᠫᠠᠯᠠᠰ ᠤᠨ ᠺᠤᠨᠼᠧᠷᠲ ᠶᠢᠨ ᠶᠡᠬᠡ ᠲᠠᠩᠬᠢᠮ ᠳᠤ ᠬᠤᠶᠠᠷ ᠡᠳᠦᠷ ᠪᠤᠯᠤᠭᠰᠠᠨ᠃ ᠮᠦᠨ ᠤᠨ ᠳᠤ ᠮᠤᠩᠭᠤᠯ ᠤᠨ ᠬᠦᠭᠵᠢᠮ ᠦᠨ ᠬᠠᠮᠤᠭ ᠤᠨ ᠲᠤᠮᠤ ᠨᠠᠭᠠᠳᠤᠮ ᠪᠤᠯᠬᠤ ᠫᠧᠨᠲ᠋ᠠᠲ᠋ᠤᠨᠢᠺ ᠡᠴᠡ My Love ᠳᠠᠭᠤᠤ ᠪᠠᠷ ᠶᠢᠠᠨ ᠤᠨ ᠤ ᠰᠢᠯᠢᠳᠡᠭ ᠳᠠᠭᠤᠤ᠂ ᠮᠦᠨ ᠤᠨ ᠤ ᠰᠢᠯᠢᠳᠡᠭ ᠳ᠋ᠧᠪᠶᠤᠲ ᠳᠠᠭᠤᠴᠢᠨ ᠱᠠᠩᠨᠠᠯ ᠬᠦᠷᠲᠡᠭᠰᠡᠨ᠃

2007 ᠤᠨ ᠳᠤ ᠨᠡᠢᠰᠯᠡᠯ ᠦᠨ ᠰᠢᠯᠢᠳᠡᠭ ᠵᠠᠯᠠᠭᠤ ᠠᠯᠲᠠᠨ ᠮᠧᠲ᠋ᠠᠯ ᠶᠢᠠᠷ ᠱᠠᠩᠨᠠᠭᠳᠠᠭᠰᠠᠨ ᠪᠠᠲᠤᠪᠠᠭᠠᠲᠤᠷ 2008 ᠤᠨ ᠳᠤ ᠰᠤᠯᠤᠩᠭᠤᠰ ᠤᠯᠤᠰ ᠲᠤ ᠵᠤᠬᠢᠶᠠᠭᠳᠠᠭᠰᠠᠨ Asian Song Festival ᠨᠠᠭᠠᠳᠤᠮ ᠡᠴᠡ Asian New Cover ᠬᠡᠮᠡᠬᠦ ᠡᠷᠭᠦᠮᠵᠢᠯᠡᠯ ᠬᠦᠷᠲᠡᠵᠡᠢ᠃

2009 ᠤᠨ ᠳᠤ I Have Dream ᠨᠡᠷ᠎ᠡ ᠲᠡᠢ ᠬᠤᠶᠠᠳᠠᠬᠢ ᠴᠤᠮᠤᠭ ᠶᠢᠠᠨ ᠬᠤᠳᠠᠯᠳᠤᠭᠠᠨ ᠳᠤ ᠭᠠᠷᠭᠠᠭᠰᠠᠨ ᠪᠦᠭᠡᠳ ᠮᠦᠨ ᠤᠨ ᠳᠤ UBS Music Video Awards-2009 ᠵᠢᠨ ᠤᠯᠠᠨ ᠤ ᠲᠠᠭᠠᠰᠢᠶᠠᠯ ᠳᠤ ᠨᠡᠢᠴᠡᠭᠰᠡᠨ ᠺᠯᠢᠫ᠂ ᠰᠢᠯᠢᠳᠡᠭ ᠫᠤᠫ ᠺᠯᠢᠫ ᠶᠢᠡᠷ ᠲᠡᠭᠦᠨ ᠦ Love song ᠳᠠᠭᠤᠤ ᠶᠢ ᠺᠯᠢᠫ ᠢ ᠰᠢᠯᠭᠠᠷᠠᠭᠤᠯᠤᠭᠰᠠᠨ ᠶᠤᠮ᠃

2012 ᠤᠨ ᠳᠤ Who Is BX ᠨᠡᠷ᠎ᠡ ᠲᠡᠢ ᠪᠡᠶ᠎ᠡ ᠳᠠᠭᠠᠭᠠᠭᠰᠠᠨ ᠬᠤᠶᠠᠳᠠᠬᠢ ᠲᠤᠭᠯᠠᠯᠳᠠ ᠪᠠᠨ ᠬᠢᠵᠦ᠂ ᠤᠯᠠᠮ ᠶᠢᠠᠷ 2013 ᠤᠨ ᠳᠤ 《ᠵᠦᠪ ᠪᠠᠢ》ᠪᠡᠶ᠎ᠡ ᠳᠠᠭᠠᠭᠠᠭᠰᠠᠨ ᠭᠤᠷᠪᠠᠳᠠᠬᠢ ᠴᠤᠮᠤᠭ ᠶᠢᠠᠨ ᠬᠤᠳᠠᠯᠳᠤᠭᠠᠨ ᠳᠤ ᠭᠠᠷᠭᠠᠵᠠᠢ᠃

ᠲᠡᠷᠡ ᠪᠡᠷ 2013 ᠤᠨ ᠡᠴᠡ Air Agency LLC ᠠᠭᠠᠷ ᠤᠨ ᠲᠡᠢᠽ (ticket) ᠪᠤᠷᠤᠯᠠᠭᠤᠯᠤᠭᠴᠢ ᠺᠤᠮᠫᠠᠨᠢ ᠶᠢᠨ ᠵᠠᠬᠢᠷᠤᠯ ᠶᠢᠠᠷ ᠠᠵᠢᠯᠯᠠᠵᠤ ᠪᠠᠢᠨ᠎ᠠ᠃  

ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁