ᠴᠢᠩᠭᠢᠰ ᠬᠠᠭᠠᠨ ᠬᠠᠮᠲᠤᠯᠢᠭ
ᠳᠠᠷᠤᠮ᠄ 641

ᠳ·ᠵᠢᠷᠭᠠᠯᠰᠠᠢᠬᠠᠨ 1959 ᠤᠨ ᠤ 9 ᠰᠠᠷ᠎ᠠ ᠶᠢᠨ 25 ᠳ᠋ᠤ ᠤᠯᠠᠭᠠᠨᠪᠠᠭᠠᠲᠤᠷ ᠬᠤᠲᠠᠨ᠎ᠠ ᠤᠷᠠᠯᠢᠭ ᠤᠨ ᠭᠡᠷ ᠪᠦᠯᠢ ᠳᠦ ᠲᠦᠷᠦᠵᠡᠢ᠃ ᠲᠡᠭᠦᠨ ᠦ ᠡᠴᠢᠭᠡ᠂ ᠮᠤᠩᠭᠤᠯ ᠤᠨ ᠳᠦᠷᠰᠦᠯᠡᠬᠦ ᠤᠷᠠᠯᠢᠭ ᠤᠨ ᠲᠤᠮᠤᠬᠠᠨ ᠲᠦᠯᠦᠭᠡᠯᠡᠭᠴᠢ᠂ ᠮᠤᠩᠭᠤᠯ ᠤᠯᠤᠰ ᠤᠨ ᠤᠷᠠᠯᠢᠭ ᠤᠨ ᠭᠠᠪᠢᠶᠠᠲᠤ ᠵᠢᠳᠭᠦᠯᠲᠡᠨ᠂ ᠤᠷᠠᠨ ᠪᠠᠷᠢᠮᠠᠯᠴᠢᠨ ᠴᠢᠮᠡᠳ ᠦᠨ ᠳᠠᠰᠢᠽᠡᠪᠡᠭ᠂ ᠡᠬᠡ ᠭ᠊·ᠪᠠᠳᠮ᠎ᠠ ᠨᠠᠷ ᠤᠨ ᠤᠷᠠᠯᠢᠭ ᠤᠨ ᠪᠤᠯᠤᠭᠠᠳ ᠬᠦᠭᠵᠢᠮ ᠦᠨ ᠪᠤᠯᠪᠠᠰᠤᠷᠠᠯ ᠨᠢ ᠲᠡᠭᠦᠨ ᠳᠦ ᠬᠠᠮᠤᠭ ᠤᠨ ᠶᠡᠬᠡ ᠪᠡᠷ ᠨᠦᠯᠦᠭᠡᠯᠡᠭᠰᠡᠨ ᠪᠠᠢᠳᠠᠭ᠃

ᠲᠡᠷᠡ ᠪᠡᠷ ᠲᠠᠪᠤᠨ ᠨᠠᠰᠤᠨ ᠡᠴᠡ ᠪᠠᠨ ᠡᠬᠢᠯᠡᠨ ᠠᠪᠤ ᠡᠵᠢ ᠶᠢᠨ ᠠᠪᠴᠤ ᠦᠭᠭᠦᠭᠰᠡᠨ ᠭᠠᠷᠮᠤᠨᠢ ᠬᠦᠭᠵᠢᠮ ᠳᠡᠭᠡᠷ᠎ᠡ ᠴᠢᠳᠠᠪᠤᠷᠢᠯᠢᠭ ᠲᠤᠭᠯᠠᠵᠤ ᠰᠤᠷᠤᠭᠰᠠᠨ ᠪᠠ ᠵᠦᠪᠯᠡᠯᠲᠦ ᠬᠤᠯᠪᠤᠭᠠᠲᠤ ᠤᠯᠤᠰ ᠤᠨ ᠡᠷᠭᠦᠦ ᠬᠤᠳᠠ ᠶᠢᠨ ᠶᠡᠬᠡ ᠰᠤᠷᠭᠠᠭᠤᠯᠢ ᠶᠢᠨ ᠤᠷᠤᠰ ᠬᠡᠯᠡ ᠶᠢᠨ ᠪᠡᠯᠡᠳᠭᠡᠯ ᠺᠤᠷᠰ᠂ ᠯᠧᠨᠢᠩᠡᠷᠡᠳ᠋ ᠬᠤᠲᠠ ᠶᠢᠨ LNSI᠂ ᠮᠤᠩᠭᠤᠯ ᠬᠦᠭᠵᠢᠮ ᠦᠨ ᠵᠤᠬᠢᠶᠠᠯᠴᠢᠳ ᠤᠨ ᠬᠤᠯᠪᠤᠭᠠᠨ ᠤ ᠳᠡᠷᠭᠡᠳᠡᠬᠢ ᠺᠤᠮᠫᠤᠽᠢᠼ ᠶᠢᠨ ᠺᠤᠷᠰ ᠢ ᠲᠤᠰ ᠲᠤᠰ ᠳᠦᠭᠦᠷᠭᠡᠵᠡᠢ᠃

ᠳ᠋·ᠵᠢᠷᠭᠠᠯᠰᠠᠢᠬᠠᠨ ᠨᠢ ᠮᠤᠩᠭᠤᠯ ᠤᠨ ᠬᠦᠳᠡᠭᠡ ᠨᠤᠲᠤᠭ ᠤᠨ ᠠᠮᠢᠳᠤᠷᠠᠯ ᠢ ᠪᠠᠭ᠎ᠠ ᠡᠴᠡ ᠪᠠᠨ ᠦᠵᠡᠵᠦ ᠲᠤᠭᠤᠯᠤᠭᠰᠠᠨ ᠪᠦᠭᠡᠳ ᠲᠡᠷᠡᠬᠦ ᠮᠤᠩᠭᠤᠯ ᠠᠬᠤᠢ᠂ ᠶᠤᠰᠤ ᠵᠠᠩᠰᠢᠯ᠂ ᠨᠡᠭᠦᠳᠡᠯᠴᠢᠨ ᠰᠤᠶᠤᠯ ᠢᠷᠭᠡᠨᠰᠢᠯ ᠦᠨ ᠨᠢᠭᠡᠭᠡᠭᠡᠨ ᠬᠡᠰᠡᠭ ᠦᠳ ᠨᠢ ᠲᠡᠭᠦᠨ ᠢ ᠤᠷᠠᠨ ᠪᠦᠲᠦᠭᠡᠯ ᠳᠦ ᠲᠤᠰᠬᠠᠯ ᠶᠢᠠᠨ ᠤᠯᠤᠭᠰᠠᠨ ᠬᠠᠷᠠᠭᠳᠠᠳᠠᠭ᠃ ᠲᠡᠭᠦᠨ ᠦ ᠳᠠᠭᠤᠤ ᠨᠤᠭᠤᠳ ᠲᠤ ᠮᠤᠩᠭᠤᠯ ᠤᠨ ᠦᠩᠭᠡᠷᠡᠭᠰᠡᠨ ᠲᠡᠦᠬᠡ᠂ ᠮᠤᠷᠢ᠂ ᠪᠦᠷᠭᠦᠳ᠂ ᠰᠡᠳᠬᠢᠯ ᠳᠤ ᠤᠶᠠᠭᠠᠲᠠᠢ ᠨᠤᠲᠤᠭ ᠶᠢᠡᠨ ᠰᠠᠨᠠᠭᠰᠠᠨ ᠬᠦᠦ ᠶᠢᠨ ᠰᠡᠳᠬᠢᠯ᠂ ᠦᠨᠡᠨ ᠬᠠᠢᠷ᠎ᠠ᠂ ᠪᠠᠭ᠎ᠠ ᠨᠠᠰᠤᠨ ᠤ ᠳᠤᠷᠠᠰᠤᠮᠵᠢ᠂ ᠭᠠᠭᠴᠠᠭᠠᠷᠳᠠᠯ᠂ ᠮᠦᠷᠦᠭᠡᠳᠦᠯ᠂ ᠤᠬᠠᠭᠠᠷᠠᠯ᠂ ᠠᠪᠤ ᠡᠵᠢ ᠶᠢᠨ ᠡᠯᠪᠡᠷᠢᠯ᠂ ᠵᠢᠷᠭᠠᠯ ᠬᠦᠯᠢᠶᠡᠭᠰᠡᠨ ᠵᠤᠪᠠᠯᠠᠩ᠂ ᠨᠠᠷᠠᠯᠠᠭ ᠮᠤᠩᠭᠤᠯ ᠤᠷᠤᠨ ᠲᠡᠷᠡ ᠴᠢᠭ ᠶᠢᠡᠷ ᠶᠢᠡᠨ ᠪᠠᠭᠲᠠᠳᠠᠭ᠃

ᠳ·ᠵᠢᠷᠭᠠᠯᠰᠠᠢᠬᠠᠨ ᠨᠢ ᠮᠤᠩᠭᠤᠯ ᠷᠤᠺ᠂ ᠫᠤᠫ ᠤᠷᠠᠯᠢᠭ ᠤᠨ ᠠᠩᠬᠠᠳᠠᠭᠴᠢ ᠪᠤᠯᠬᠤ 《ᠪᠠᠶᠠᠨ ᠮᠤᠩᠭᠤᠯ》 ᠴᠢᠭᠤᠯᠭᠠᠨ᠂ 《ᠰᠤᠶᠤᠯ ᠡᠷᠳᠡᠨᠢ》 ᠬᠠᠮᠲᠤᠯᠢᠭ ᠲᠤ ᠳᠠᠭᠤᠯᠠᠵᠤ ᠪᠠᠢᠭᠰᠠᠨ ᠨᠢ ᠲᠡᠭᠦᠨ ᠦ ᠬᠤᠪᠢ ᠳᠤ ᠤᠷᠠᠨ ᠪᠦᠲᠦᠭᠡᠯᠴᠢ ᠪᠤᠯᠵᠤ ᠲᠦᠯᠦᠪᠰᠢᠬᠦ ᠳᠦ ᠮᠠᠰᠢ ᠲᠤᠮᠤ ᠠᠴᠢ ᠬᠤᠯᠪᠤᠭᠳᠠᠯ ᠪᠤᠯᠤᠭᠰᠠᠨ ᠶᠤᠮ᠃ 《ᠰᠤᠶᠤᠯ ᠡᠷᠳᠡᠨᠢ》 ᠬᠠᠮᠲᠤᠯᠢᠭ ᠲᠠᠢ ᠤᠷᠤᠰ᠂ ᠫᠤᠯᠠᠨᠳ᠋ ᠭᠧᠷᠮᠠᠨ ᠬᠢᠲᠠᠳ᠂ ᠶᠠᠪᠤᠨ ᠵᠡᠷᠭᠡ ᠤᠷᠤᠨ ᠤᠳ ᠲᠤ ᠠᠢᠯᠴᠢᠯᠠᠨ ᠲᠤᠭᠯᠠᠭᠰᠠᠨ ᠪᠠ 1989 ᠤᠨ ᠡᠴᠡ ᠦᠪᠡᠷ ᠦᠨ 《ᠴᠢᠩᠭᠢᠰ ᠬᠠᠭᠠᠨ》 ᠬᠠᠮᠲᠤᠯᠢᠭ ᠶᠢᠠᠨ ᠪᠠᠢᠭᠤᠯᠤᠭᠰᠠᠨ ᠶᠤᠮ᠃ ᠮᠤᠩᠭᠤᠯ ᠤᠨ ᠷᠤᠺ ᠫᠤᠫ ᠤᠷᠠᠯᠢᠭ ᠲᠠᠭᠠᠨ ᠳ·ᠵᠢᠷᠭᠠᠯᠰᠠᠢᠬᠠᠨ ᠨᠢ ᠳᠠᠭᠤᠤ ᠶᠢᠨ ᠶᠢᠠᠨ ᠠᠶᠠᠯᠭᠤ᠂ ᠰᠢᠯᠦᠭ ᠬᠤᠶᠠᠷ ᠢ ᠦᠪᠡᠷ ᠶᠢᠡᠨ ᠵᠤᠬᠢᠶᠠᠵᠤ ᠳᠠᠭᠤᠯᠠᠬᠤ ᠠᠷᠭ᠎ᠠ ᠪᠠᠷᠢᠯ ᠢ ᠦᠨᠳᠦᠰᠦᠯᠡᠭᠰᠡᠨ ᠲᠤᠯᠠ ᠮᠤᠩᠭᠤᠯ ᠤᠨ ᠷᠤᠺ ᠬᠦᠭᠵᠢᠮ ᠦᠨ ᠤᠶᠤᠨ ᠰᠠᠨᠠᠭ᠎ᠠ ᠨᠢ 《ᠡᠴᠢᠭᠡ》 ᠭᠡᠵᠦ ᠲᠤᠭᠠᠴᠢᠭᠳᠠᠳᠠᠭ ᠪᠦᠭᠡᠳ 1986 ᠤᠨ ᠡᠴᠡ ᠳᠤᠮᠤᠭ ᠪᠤᠯᠤᠭᠰᠠᠨ 《ᠴᠢᠩᠭᠢᠰ ᠬᠠᠭᠠᠨ》 ᠳᠠᠭᠤᠤ ᠪᠠᠨ ᠠᠩᠬ᠎ᠠ ᠪᠦᠲᠦᠭᠡᠵᠦ ᠡᠬᠢᠯᠡᠭᠰᠡᠨ ᠨᠢ ᠦᠵᠡᠯ ᠰᠤᠷᠲᠠᠯ ᠤᠨ ᠬᠦᠨᠳᠦ ᠬᠦᠯᠢᠶᠡᠰᠦᠲᠡᠢ ᠰᠤᠼᠢᠶᠠᠯᠢᠰᠮ ᠤᠨ ᠦᠶ᠎ᠡ ᠳᠦ ᠴᠤ ᠶᠡᠬᠡ ᠡᠵᠡᠨ ᠬᠠᠭᠠᠨ ᠢ ᠪᠠᠨ ᠠᠯᠳᠠᠷᠰᠢᠭᠤᠯᠤᠨ ᠵᠤᠷᠢᠭᠲᠠᠢ ᠪᠠᠷ ᠳᠠᠭᠤᠯᠠᠵᠤ ᠠᠷᠠᠳ ᠤᠯᠠᠨ ᠤ ᠪᠠᠨ ᠰᠤᠨᠤᠷ ᠲᠤ ᠬᠦᠷᠭᠡᠭᠰᠡᠨ ᠭᠠᠪᠢᠶᠠᠲᠠᠢ ᠬᠡᠮᠡᠨ ᠲᠡᠮᠳᠡᠭᠯᠡᠭᠳᠡᠭᠰᠡᠨ ᠪᠠᠢᠳᠠᠭ᠃

1988 ᠤᠨ ᠤ 2 ᠰᠠᠷ᠎ᠠ ᠳᠤ ᠮᠤᠩᠭᠤᠯ ᠲᠧᠯᠸᠢᠰ ᠦᠨ 600 ᠵᠢᠨ studio 《ᠴᠢᠩᠭᠢᠰ ᠬᠠᠭᠠᠨ》 ᠳᠠᠭᠤᠤ ᠶᠢᠨ ᠠᠩᠬᠠᠨ ᠤ ᠰᠲ᠋ᠧᠷᠧᠤ᠋ ᠪᠢᠴᠢᠯᠭᠡ ᠶᠢ ᠬᠢᠵᠡᠢ᠃ ᠶᠢᠰᠦᠨ ᠮᠢᠨᠦ᠋ᠲ ᠦᠷᠭᠦᠯᠵᠢᠯᠡᠭᠰᠡᠨ ᠡᠨᠡ ᠳᠠᠭᠤᠤ ᠶᠢ ᠪᠢᠴᠢᠬᠦ ᠳᠦ ᠤᠯᠤᠰ ᠤᠨ ᠹᠢᠯᠠᠷᠮᠤᠨ ᠦ 50 ᠭᠠᠷᠤᠢ ᠬᠦᠭᠵᠢᠮᠴᠢᠳ ᠪᠦᠲᠦᠨ ᠨᠢ᠋ᠮᠠᠨ ᠴᠠᠭ ᠵᠠᠷᠤᠴᠠᠭᠤᠯᠵᠠᠢ᠃

1989 ᠤᠨ ᠤ 8 ᠰᠠᠷ᠎ᠠ ᠳᠤ 《ᠴᠢᠩᠭᠢᠰ ᠬᠠᠭᠠᠨ》 ᠳᠠᠭᠤᠤ ᠨᠢ ᠸᠢᠳᠢᠤ᠋ ᠺᠢᠯᠢᠫ ᠦᠨ ᠵᠢᠷᠤᠭ ᠠᠪᠤᠯᠲᠠ ᠶᠢ ᠨᠠᠢᠷᠠᠭᠤᠯᠤᠭᠴᠢ ᠳ·ᠪᠠᠶᠠᠷ ᠤᠨ ᠤᠳᠤᠷᠢᠳᠤᠯᠭ᠎ᠠ ᠳᠤ᠂ ᠲᠡᠷᠡᠯᠵᠢ ᠤᠷᠴᠢᠮ ᠳᠤ ᠠᠪᠴᠤ ᠳᠠᠭᠤᠰᠴᠠᠢ᠃

1990 ᠤᠨ ᠤ 8 ᠰᠠᠷ᠎ᠠ ᠳᠤ ᠺᠠᠽᠠᠺᠰᠲ᠋ᠠᠨ ᠤ ᠠᠯᠢᠮᠠ ᠠᠲ᠋ᠠ ᠬᠤᠳᠠ ᠶᠢᠨ 《ᠮᠧᠳᠢᠶᠤ᠋》 ᠴᠡᠩᠭᠡᠯᠳᠦᠬᠦ ᠬᠦᠷᠢᠶᠡᠯᠡᠩ ᠳᠦ ᠪᠤᠯᠤᠭᠰᠠᠨ 《 ᠠᠵᠠ ᠶᠢᠨ ᠳᠠᠭᠤᠤ ᠬᠤᠭᠤᠯᠠᠢ》 ᠤᠯᠠᠨ ᠤᠯᠤᠰ ᠤᠨ ᠤᠷᠤᠯᠳᠤᠭᠠᠨ ᠳᠤ ᠳ᠋·ᠵᠢᠷᠭᠠᠯᠰᠠᠢᠬᠠᠨ ᠤ 《ᠴᠢᠩᠭᠢᠰ ᠬᠠᠭᠠᠨ》 ᠳᠠᠭᠤᠤ ᠭᠤᠷᠪᠠᠳᠤᠭᠠᠷ ᠪᠠᠢᠷᠢ ᠶᠢᠨ ᠱᠠᠩᠨᠠᠯ ᠢ ᠬᠦᠷᠲᠡᠭᠰᠡᠨ ᠨᠢ ᠮᠤᠩᠭᠤᠯ ᠷᠤᠺ ᠫᠤᠫ ᠤᠷᠠᠯᠢᠭ ᠤᠨ ᠨᠡᠷ᠎ᠡ ᠬᠦᠨᠳᠦ ᠶᠢ ᠳᠡᠯᠡᠬᠡᠢ ᠶᠢᠨ ᠳᠡᠪᠵᠢᠶᠡᠨ ᠳᠦ ᠡᠷᠭᠦᠭᠰᠡᠨ ᠶᠠᠪᠤᠳᠠᠯ ᠪᠠᠢᠯ᠎ᠠ᠃

1990 ᠤᠨ ᠤ 8 ᠰᠠᠷ᠎ᠠ ᠳᠤ ᠬᠡᠷᠦᠯᠦᠨ ᠦ ᠬᠦᠳᠡᠭᠡ ᠠᠷᠠᠯ ᠳᠤ ᠪᠤᠯᠤᠭᠰᠠᠨ 《ᠮᠤᠩᠭᠤᠯ ᠤᠨ ᠨᠢᠭᠤᠴᠠ ᠲᠤᠪᠴᠢᠶᠠᠨ》 ᠊ᠤ 750 ᠵᠢᠯ ᠦᠨ ᠤᠢ ᠳᠤ ᠤᠷᠢᠭᠳᠠᠨ ᠲᠤᠭᠯᠠᠵᠤ᠂ ᠮᠦᠨ ᠤᠢ ᠳᠤ ᠵᠤᠷᠢᠭᠤᠯᠤᠨ ᠭᠠᠷᠭᠠᠭᠰᠠᠨ 《ᠴᠢᠩᠭᠢᠰ ᠦᠨ ᠠᠯᠲᠠᠨ ᠡᠷᠭᠦᠮᠵᠢᠯᠡᠯ》 ᠡᠷᠬᠢᠮ ᠱᠠᠩᠨᠠᠯ ᠬᠦᠷᠲᠡᠭᠰᠡᠨ ᠪᠠᠢᠨ᠎ᠠ᠃

1991 ᠤᠨ ᠳᠤ ᠳ᠋·ᠵᠢᠷᠭᠠᠯᠰᠠᠢᠬᠠᠨ ᠮᠤᠩᠭᠤᠯ ᠤᠯᠤᠰ ᠤᠨ ᠰᠤᠶᠤᠯ ᠤᠨ ᠲᠡᠷᠢᠭᠦᠨ ᠦ ᠠᠵᠢᠯᠲᠠᠨ ᠴᠤᠯᠠ ᠲᠡᠮᠳᠡᠭ ᠢ 《ᠴᠢᠩᠭᠢᠰ ᠬᠠᠭᠠᠨ》 ᠳᠠᠭᠤᠤ ᠶᠢ ᠵᠤᠬᠢᠶᠠᠵᠤ᠂ ᠭᠠᠳᠠᠭᠠᠳᠤ ᠤᠷᠤᠯᠳᠤᠭᠠᠨ ᠤ ᠲᠡᠮᠡᠴᠡᠭᠡᠨ ᠳᠦ ᠠᠮᠵᠢᠯᠲᠠ ᠲᠠᠢ ᠤᠷᠤᠯᠴᠠᠵᠤ᠂ ᠮᠤᠩᠭᠤᠯ ᠤᠯᠤᠰ ᠤᠨ ᠨᠡᠷ᠎ᠡ ᠶᠢ ᠤᠯᠠᠨ ᠤᠯᠤᠰ ᠤᠨ ᠤᠷᠠᠯᠢᠭ ᠤᠨ ᠲᠠᠪᠴᠠᠩ ᠳᠤ ᠦᠨᠳᠦᠷ ᠡᠷᠭᠦᠭᠰᠡᠨ ᠤᠴᠢᠷ ᠭᠠᠷᠳᠠᠭᠰᠠᠨ ᠪᠠᠢᠨ᠎ᠠ᠃

1991 ᠤᠨ ᠤ 4 ᠰᠠᠷ᠎ᠠ ᠳᠤ ᠫᠤᠯᠠᠨᠳ᠋ ᠤᠯᠤᠰ ᠲᠤ ᠦᠷᠦᠨ᠎ᠡ ᠳᠤᠷᠤᠨ᠎ᠠ ᠶᠢᠨ ᠰᠤᠶᠤᠯ ᠨᠡᠪᠲᠡᠷᠡᠯᠴᠡᠭᠡᠨ ᠦ ᠤᠷᠢᠶ᠎ᠠ ᠳᠤᠤᠷ᠎ᠠ ᠪᠤᠯᠤᠭᠰᠠᠨ ᠯᠧᠭᠢᠨᠢᠴ ᠶᠢᠨ ᠲᠦᠯᠦᠭᠡ ᠪᠠᠲᠤ ᠬᠠᠭᠠᠨ ᠤ ᠴᠡᠷᠢᠭ ᠭᠧᠷᠮᠠᠨ᠂ ᠫᠤᠯᠠᠨᠳ᠋ ᠤᠨ ᠷᠴᠷᠷᠢᠤᠳ᠋ ᠲᠠᠢ ᠲᠤᠯᠤᠯᠳᠤᠭᠰᠠᠨ 750 ᠵᠢᠯ ᠤᠨ ᠤᠢ ᠳᠤ ᠤᠷᠢᠯᠭ᠎ᠠ ᠪᠠᠷ ᠤᠷᠤᠯᠴᠠᠵᠠᠢ᠃

1991 ᠤᠨ ᠤ 7 ᠰᠠᠷ᠎ᠠ ᠳᠤ ᠶᠠᠫᠤᠨ ᠤ ᠨᠡᠢᠰᠯᠡᠯ ᠲᠤᠺᠢᠤ᠋ ᠬᠤᠳᠠ ᠶᠢᠨ 《ᠪᠤᠳᠤᠺᠠᠨ》 ᠴᠡᠩᠭᠡᠯᠳᠡᠬᠦ ᠬᠦᠷᠢᠶᠡᠯᠡᠩ ᠳᠦ ᠳᠡᠯᠡᠬᠡᠢ ᠶᠢᠨ ᠦᠨᠴᠦᠭ ᠪᠤᠯᠤᠩ ᠡᠴᠡ ᠢᠷᠡᠭᠰᠡᠨ 16 ᠬᠠᠮᠲᠤᠯᠢᠭ ᠲᠠᠢ ᠮᠦᠷᠦ ᠵᠡᠷᠭᠡᠴᠡᠨ 《ᠳᠡᠯᠡᠬᠡᠢ ᠰᠢᠭᠰᠢᠭᠡ》ᠷᠤᠺ ᠫᠤᠫ ᠬᠦᠭᠵᠢᠮ ᠦᠨ ᠤᠷᠤᠯᠳᠤᠭᠠᠨ ᠳᠤ ᠤᠷᠤᠯᠴᠠᠵᠤ 《ᠴᠢᠩᠭᠢᠰ ᠬᠠᠭᠠᠨ》 ᠳᠠᠭᠤᠤ ᠪᠠᠷ ᠶᠢᠠᠨ ᠤᠭ ᠳᠡᠮᠡᠴᠡᠭᠡᠨ ᠦ ᠶᠡᠷᠦᠩᠬᠡᠢ ᠪᠠᠢᠭᠤᠯᠤᠭᠴᠢ 《ᠶᠠᠮᠠᠬ᠎ᠠ》 ᠫᠦᠰᠡ ᠶᠢᠨ ᠲᠤᠰᠬᠠᠢ ᠱᠠᠩᠨᠠᠯ  ᠢ ᠬᠦᠷᠲᠡᠵᠡᠢ᠃

1992 ᠤᠨ ᠤ 8 ᠰᠠᠷ᠎ᠠ ᠳᠤ ᠪᠤᠷᠢᠶᠠᠳ ᠤᠨ ᠤᠯᠠᠭᠠᠨ ᠦᠳᠡ ᠬᠤᠳᠠᠨ᠎ᠠ ᠶᠠᠪᠤᠭᠳᠠᠵᠤ ᠦᠩᠭᠡᠷᠡᠭᠰᠡᠨ ᠠᠽᠢᠶ᠎ᠠ᠂ ᠨᠤᠮᠤᠬᠠᠨ ᠳᠠᠯᠠᠢ ᠤᠷᠤᠨ ᠤ ᠤᠶᠤᠲᠠᠨ᠂ ᠵᠠᠯᠠᠭᠤᠴᠤᠳ ᠤᠨ ᠶᠡᠬᠡ ᠨᠠᠭᠠᠳᠤᠮ ᠳᠤ ᠤᠷᠤᠯᠴᠠᠭᠰᠠᠨ ᠪᠠᠢᠨ᠎ᠠ᠃

1993 ᠊᠊᠊᠊᠊ 1994 ᠤᠨ ᠳᠤ 《ᠴᠢᠩᠭᠢᠰ ᠬᠠᠭᠠᠨ》 ᠬᠠᠮᠲᠤᠯᠢᠭ ᠰᠢᠩᠭᠠᠪᠤᠷ ᠤᠯᠤᠰ ᠲᠤ ᠤᠷᠲᠤ ᠬᠤᠭᠤᠴᠠᠭᠠᠨ ᠤ ᠭᠡᠷ᠎ᠡ  ᠲᠡᠢ ᠲᠤᠭᠯᠠᠯᠲᠠ ᠬᠢᠵᠦ ᠢᠷᠡᠭᠡᠳ ᠦᠪᠦᠷᠬᠠᠩᠭᠠᠢ ᠠᠢᠮᠠᠭ ᠤᠨ ᠶᠢᠰᠦᠨ ᠵᠦᠢᠯ ᠰᠤᠮᠤ ᠶᠢᠨ ᠨᠤᠲᠤᠭ ᠲᠤ ᠪᠤᠯᠤᠭᠰᠠᠨ ᠦᠨᠳᠦᠷ ᠭᠡᠭᠡᠨ ᠵᠠᠨᠠᠪᠠᠽᠠᠷ ᠤᠨ ᠲᠦᠮᠡᠨ ᠮᠡᠯᠮᠡᠢ ᠭᠡᠢᠭᠰᠡᠨ ᠢ ᠶᠡᠬᠡ ᠤᠢ ᠳᠤ ᠵᠤᠷᠢᠭᠤᠯᠤᠭᠰᠠᠨ ᠳᠠᠩᠱᠢᠭ ᠨᠠᠭᠠᠳᠤᠮ ᠤᠨ ᠦᠢᠯᠡ ᠠᠵᠢᠯᠯᠠᠭᠠᠨ ᠳᠤ ᠤᠷᠢᠭᠳᠠᠨ ᠤᠷᠤᠯᠴᠠᠵᠤ᠂ ᠳᠦᠷᠪᠡᠨ ᠴᠠᠭ ᠭᠠᠷᠤᠢ ᠠᠮᠢᠳᠤ ᠲᠤᠭᠯᠠᠯᠲᠠ ᠬᠢᠭᠰᠡᠨ ᠪᠠᠢᠨ᠎ᠠ᠃

ᠳᠡᠯᠡᠬᠡᠢ ᠶᠢᠨ ᠮᠤᠩᠭᠤᠯᠴᠢ ᠡᠷᠳᠡᠮᠲᠡᠳ ᠦᠨ ᠳᠤᠯᠤᠳᠤᠭᠠᠷ ᠶᠡᠬᠡ ᠬᠤᠷᠠᠯ ᠳᠤ 《ᠮᠤᠩᠭᠤᠯ ᠤᠨ ᠷᠤᠺ ᠫᠤᠫ ᠤᠷᠠᠯᠢᠭ ᠡᠭᠦᠰᠴᠦ ᠬᠦᠭᠵᠢᠭᠰᠡᠨ ᠨᠢ》 ᠢᠯᠡᠳᠭᠡᠯ ᠢ ᠳ·ᠵᠢᠷᠭᠠᠯᠰᠠᠢᠬᠠᠨ ᠳᠠᠯᠪᠢᠵᠠᠢ᠃

1997 ᠤᠨ ᠤ 12 ᠰᠠᠷ᠎ᠠ ᠳᠤ ᠮᠤᠩᠭᠤᠯ ᠤᠨ ᠷᠤᠺ ᠫᠤᠫ ᠬᠦᠭᠵᠢᠮ ᠦᠨ ᠰᠢᠯᠢᠳᠡᠭ ᠡᠷᠡᠭᠲᠡᠢ ᠳᠠᠭᠤᠴᠢᠨ ᠬᠡᠮᠡᠬᠦ ᠫᠧᠨ᠋ᠲ᠋ᠠᠲ᠋ᠤᠨᠢᠺ ᠶᠢᠨ ᠳᠡᠭᠡᠳᠦ ᠱᠠᠩᠨᠠᠯ ᠢ ᠮᠤᠩᠭᠤᠯ ᠦᠨ ᠬᠦᠩᠭᠡᠨ ᠬᠦᠭᠵᠢᠮ ᠦᠨ ᠤᠷᠠᠯᠢᠭ ᠲᠤ ᠦᠨᠡᠨᠴᠢ ᠪᠡᠷ ᠵᠢᠳᠭᠦᠵᠦ᠂ ᠪᠤᠳᠠᠲᠤ ᠬᠤᠪᠢ ᠨᠡᠮᠡᠷᠢ ᠤᠷᠤᠭᠤᠯᠤᠭᠰᠠᠨ ᠤ ᠲᠦᠯᠦᠭᠡ ᠳ·ᠵᠢᠷᠭᠠᠯᠰᠠᠢᠬᠠᠨ ᠳᠤ ᠤᠯᠭᠤᠵᠠᠢ᠃

1998 ᠤᠨ ᠤ 5 ᠰᠠᠷ᠎ᠠ ᠡᠴᠡ ᠡᠬᠢᠯᠡᠨ ᠪᠤᠯᠭᠠᠨ ᠰᠡᠯᠡᠩᠭᠡ ᠠᠢᠮᠠᠭ ᠲᠤ ᠠᠢᠯᠴᠢᠯᠠᠨ ᠲᠤᠭᠯᠠᠯᠲᠠ ᠬᠢᠭᠰᠡᠨ ᠪᠠ ᠮᠤᠩᠭᠤᠯ ᠤᠨ ᠤᠷᠤᠨ ᠤ ᠤᠢᠲᠤ ᠬᠡᠭᠡᠷ᠎ᠡ ᠪᠦᠰᠡ ᠶᠢ ᠬᠠᠮᠤᠷᠤᠭᠰᠠᠨ ᠶᠡᠬᠡ ᠲᠦᠢᠮᠡᠷ ᠦᠨ ᠡᠰᠡᠷᠬᠦ ᠤᠷᠢᠶ᠎ᠠ ᠳᠤᠤᠷ᠎ᠠ ᠶᠠᠪᠤᠭᠳᠠᠵᠠᠢ᠃

1998 ᠤᠨ ᠳᠤ ᠳ·ᠵᠢᠷᠭᠠᠯᠰᠠᠢᠬᠠᠨ ᠮᠤᠩᠭᠤᠯ ᠤᠯᠤᠰ ᠤᠨ ᠭᠠᠪᠢᠶᠠᠲᠤ ᠵᠦᠴᠦᠭᠡᠴᠢᠨ ᠡᠷᠬᠢᠮ ᠴᠤᠯᠠ ᠶᠢ ᠬᠦᠷᠲᠡᠭᠰᠡᠨ ᠶᠤᠮ᠃

2000 ᠤᠨ ᠳᠤ 《ᠲᠠᠮᠢᠷᠴᠢᠨ ᠤ ᠢᠯᠠᠯᠲᠠ ᠬᠢᠮᠳᠠᠬᠠᠨ ᠤᠯᠳᠠᠭ ᠦᠭᠡᠢ》 ᠳᠠᠭᠤᠤ ᠶᠢ ᠵᠤᠬᠢᠶᠠᠵᠤ᠂ ᠳᠠᠭᠤᠯᠠᠭᠰᠠᠨ ᠪᠠ ᠲᠤᠰ ᠠᠯᠳᠠᠷᠲᠤ ᠳᠠᠭᠤᠤ ᠨᠢ ᠰᠤᠨᠤᠰᠤᠭᠴᠢᠳ ᠤᠨ ᠳᠤᠷᠠᠲᠠᠢ ᠪᠦᠲᠦᠭᠡᠯ᠂ ᠮᠤᠩᠭᠤᠯ ᠤᠨ ᠲᠠᠮᠢᠷᠴᠢᠳ ᠤᠨ ᠰᠦᠯᠳᠡ ᠳᠠᠭᠤᠤ ᠪᠤᠯᠤᠭᠰᠠᠨ ᠢ ᠡᠷᠬᠢᠮᠯᠡᠨ ᠲᠡᠮᠳᠡᠭᠯᠡᠵᠦ ᠮᠤᠩᠭᠤᠯ ᠤᠨ ᠤᠯᠢᠮᠫᠢᠺ ᠤᠨ ᠬᠤᠷᠢᠶ᠎ᠠ ᠳ·ᠵᠢᠷᠭᠠᠯᠰᠠᠢᠬᠠᠨ ᠳᠤ ᠳᠡᠭᠡᠳᠦ ᠱᠠᠩᠨᠠᠯ ᠪᠤᠯᠬᠤ 《ᠠᠯᠲᠠᠨ ᠸᠴᠢᠷ》 ᠤᠳᠤᠨ ᠶᠢᠡᠨ ᠭᠠᠷᠳᠠᠭᠤᠯᠤᠭᠰᠠᠨ ᠪᠤᠯᠤᠨ᠎ᠠ᠃

2000 ᠤᠨ ᠤ 3 ᠰᠠᠷ᠎ᠠ ᠶᠢᠨ 25 ᠳ᠋ᠤ ᠮᠤᠩᠭᠤᠯ ᠤᠨ ᠬᠦᠭᠵᠢᠮ ᠦᠨ ᠳᠡᠭᠡᠳᠦ ᠱᠠᠩᠨᠠᠯ ᠭᠠᠷᠳᠠᠭᠤᠯᠬᠤ 《 ᠠᠯᠲᠠᠨ ᠮᠢᠺᠷᠤᠹᠤᠨ》 ᠨᠠᠭᠠᠳᠤᠮ ᠡᠴᠡ 《ᠦᠵᠡᠯ ᠪᠤᠳᠤᠯ ᠳᠠᠭᠠᠨ ᠦᠨᠡᠨᠴᠢ》 ᠨᠤᠮᠢᠨᠢᠶᠠᠴ ᠲᠤ ᠰᠢᠯᠭᠠᠷᠠᠵᠤ᠂ ᠱᠠᠩᠨᠠᠭᠳᠠᠭᠰᠠᠨ ᠪᠠᠢᠨ᠎ᠠ᠃

2001 ᠤᠨ ᠤ 5 ᠰᠠᠷ᠎ᠠ ᠶᠢᠨ 24 ᠳ᠋ᠤ ᠮᠤᠩᠭᠤᠯ ᠤᠨ ᠿᠧᠺᠯᠠᠮ ᠤᠨ ᠠᠰᠰᠤᠴᠢᠶᠠᠴᠢ ᠪᠤᠯᠤᠨ ᠮᠤᠩᠭᠤᠯ ᠤᠨ ᠭᠠᠳᠠᠭᠠᠳᠤ ᠬᠠᠷᠢᠯᠴᠠᠭᠠᠨ ᠤ ᠨᠡᠢᠭᠡᠮᠯᠢᠭ ᠡᠴᠡ ᠬᠠᠮᠲᠤᠷᠠᠨ ᠵᠤᠬᠢᠶᠠᠨ ᠪᠠᠢᠭᠤᠯᠤᠭᠰᠠᠨ 《ᠮᠤᠩᠭᠤᠯ ᠤᠯᠤᠰ ᠤᠨ ᠭᠠᠳᠠᠭᠠᠳᠤ ᠰᠤᠷᠲᠠᠯᠴᠢᠯᠠᠭᠠᠨ》ᠰᠡᠳᠦᠪᠲᠦ ᠦᠨᠳᠦᠰᠦᠨ ᠦ ᠵᠦᠪᠯᠡᠯᠭᠡᠨ ᠳᠦ ᠤᠷᠤᠯᠴᠠᠨ 《ᠮᠤᠩᠭᠤᠯ ᠰᠤᠶᠤᠯ ᠤᠷᠠᠯᠢᠭ ᠤᠨ ᠮᠤᠩᠭᠤᠯ ᠤᠷᠤᠨ ᠤ ᠭᠠᠳᠠᠭᠠᠳᠤ ᠰᠤᠷᠲᠠᠯᠴᠢᠯᠠᠭᠠᠨ ᠤ ᠲᠡᠷᠢᠭᠦᠨ ᠳᠤ ᠪᠠᠢᠬᠤ ᠶᠤᠰᠤᠲᠠᠢ》 ᠰᠡᠳᠦᠪᠲᠦ ᠢᠯᠡᠳᠭᠡᠯ ᠲᠠᠯᠪᠢᠭᠰᠠᠨ᠃

2002 ᠤᠨ ᠤ 5 ᠰᠠᠷ᠎ᠠ ᠶᠢᠨ 31 ᠳ᠋ᠤ ᠮᠤᠩᠭᠤᠯ ᠬᠦᠭᠵᠢᠮ ᠦᠨ ᠳᠡᠭᠡᠳᠦ ᠱᠠᠩᠨᠠᠯ ᠭᠠᠷᠳᠠᠭᠤᠯᠬᠤ 《 ᠠᠯᠲᠠᠨ ᠮᠢᠺᠷᠤᠹᠤᠨ》ᠨᠠᠭᠠᠳᠤᠮ ᠡᠴᠡ 《ᠠᠮᠢᠳᠤ ᠳᠤᠮᠤᠭ》ᠨᠤᠮᠢᠨᠢᠶᠠᠴ ᠲᠤ ᠰᠢᠯᠭᠠᠷᠠᠵᠤ᠂ ᠱᠠᠩᠨᠠᠭᠳᠠᠭᠰᠠᠨ ᠪᠠᠢᠨ᠎ᠠ᠃

2004 ᠤᠨ ᠤ 10 ᠰᠠᠷ᠎ᠠ ᠶᠢᠨ 26 ᠳ᠋ᠤ 《ᠮᠦᠩᠬᠡ ᠲᠩᠷᠢ》 ᠳᠡᠯᠡᠬᠡᠢ ᠶᠢᠨ ᠡᠪ ᠨᠢᠭᠡᠲᠦᠯ ᠦᠨ ᠬᠤᠯᠪᠤᠭᠠᠨ ᠡᠴᠡ ᠳᠡᠯᠡᠬᠡᠢ ᠶᠢᠨ ᠰᠤᠤᠲᠤ ᠴᠢᠩᠭᠢᠰ ᠬᠠᠭᠠᠨ ᠤ ᠰᠤᠳᠤᠯᠤᠯ᠂ ᠰᠤᠷᠲᠠᠯᠴᠢᠯᠠᠭᠠᠨ ᠳᠤ ᠤᠷᠤᠭᠤᠯᠤᠭᠰᠠᠨ ᠦᠨᠡᠲᠦ ᠬᠤᠪᠢ ᠨᠡᠮᠡᠷᠢ ᠶᠢ ᠨᠢ ᠦᠨᠳᠦᠷ ᠶᠢᠡᠷ ᠦᠨᠡᠯᠡᠵᠦ ᠳ·ᠵᠢᠷᠭᠠᠯᠰᠠᠢᠬᠠᠨ ᠢ 《ᠲᠩᠷᠢᠯᠢᠭ ᠦᠢᠯᠡᠰᠲᠦ》 ᠵᠢᠡᠷ ᠡᠷᠭᠦᠮᠵᠢᠯᠡᠵᠡᠢ᠃

ᠳ·ᠵᠢᠷᠭᠠᠯᠰᠠᠢᠬᠠᠨ ᠨᠢ ᠮᠤᠩᠭᠤᠯ ᠤᠨ ᠬᠦᠭᠵᠢᠮ ᠦᠨ ᠵᠤᠬᠢᠶᠠᠯᠴᠢᠳ ᠤᠨ ᠭᠡᠰᠢᠭᠦᠨ᠃ 200 ᠭᠠᠷᠤᠢ ᠳᠠᠭᠤᠤ ᠶᠢᠨ ᠠᠶᠠᠯᠭᠤ ᠪᠢᠴᠢᠵᠦ ᠨᠠᠢᠷᠠᠭᠤᠯᠤᠨ ᠳᠠᠭᠤᠯᠠᠭᠰᠠᠨ ᠡᠴᠡ ᠭᠠᠳᠠᠨ᠎ᠠ ᠪᠠᠷᠢᠮᠲᠠᠲᠤ ᠪᠤᠯᠤᠨ ᠤᠷᠠᠨ ᠰᠠᠢᠬᠠᠨ ᠤ ᠺᠢᠨᠤ᠋᠂ ᠵᠦᠴᠦᠭᠡ᠂ ᠦᠯᠢᠶᠡᠪᠦᠷ ᠬᠦᠭᠵᠢᠮ ᠳᠦ ᠵᠤᠷᠢᠭᠤᠯᠤᠭᠰᠠᠨ ᠮᠠᠷᠱ᠂ ᠷᠠᠳᠢᠤ᠋ ᠲᠧᠯᠸᠢᠰ ᠦᠨ ᠴᠢᠮᠡᠭ ᠬᠦᠭᠵᠢᠮ ᠤᠯᠠᠨ ᠢ ᠪᠢᠴᠢᠵᠡᠢ᠃

ᠳᠠᠭᠤᠤ ᠶᠢᠨ ᠪᠢᠴᠢᠯᠭᠡ ᠤᠳ
ᠴᠤᠮᠤᠭ ᠤᠳ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁