ᠯᠦᠮᠢᠨᠤ᠋ ᠬᠠᠮᠲᠤᠯᠢᠭ
ᠳᠠᠷᠤᠮ᠄ 1171

ᠯᠦᠮᠢᠨᠤ᠋ ᠪᠤᠶᠤ Lumino ᠬᠠᠮᠲᠤᠯᠢᠭ ᠨᠢ ᠮᠤᠩᠭᠤᠯ ᠤᠯᠤᠰ ᠤᠨ ᠤᠯᠠᠭᠠᠨᠪᠠᠭᠠᠲᠤᠷ ᠬᠤᠲᠠ ᠡᠴᠡ ᠭᠠᠷᠤᠯᠲᠠ ᠲᠠᠢ ᠫᠧᠨᠲ᠋ᠠᠲ᠋ᠤᠨᠢᠺ ᠨᠠᠭᠠᠳᠤᠮ ᠤᠨ ᠱᠠᠩᠨᠠᠯ ᠢ 4 ᠤᠳᠠᠭ᠎ᠠ ᠬᠦᠷᠲᠡᠵᠦ ᠪᠠᠢᠭᠰᠠᠨ ᠮᠤᠩᠭᠤᠯ ᠳᠤ ᠨᠡᠷ᠎ᠡ ᠳᠦ ᠭᠠᠷᠤᠭᠰᠠᠨ ᠷᠧᠫ ᠰᠲ᠋ᠢᠯᠢ ᠶᠢᠡᠷ ᠳᠠᠭᠤᠯᠠᠳᠠᠭ ᠬᠦᠪᠡᠭᠦᠳ ᠦᠨ ᠬᠢᠫ ᠬᠤᠫ ᠬᠠᠮᠲᠤᠯᠢᠭ ᠶᠤᠮ᠃

ᠭᠡᠰᠢᠭᠦᠨ ᠳᠦ᠄

ᠬᠠᠮᠲᠤᠯᠢᠭ ᠤᠨ ᠠᠬᠠᠯᠠᠭᠴᠢ᠄ ᠳᠠᠯᠠᠢᠴᠡᠷᠡᠩ ᠦᠨ ᠲᠡᠮᠦᠵᠢᠨ (MCBEATZ)︔

ᠬᠠᠮᠲᠤᠯᠢᠭ ᠤᠨ ᠭᠡᠰᠢᠭᠦᠨ᠄ ᠳᠠᠰᠢᠴᠡᠷᠡᠩ ᠦᠨ ᠠᠩᠬᠠᠪᠠᠭᠠᠲᠤᠷ (Skitzo, CUTHBERTH)︔

ᠬᠠᠮᠲᠤᠯᠢᠭ ᠤᠨ ᠭᠡᠰᠢᠭᠦᠨ᠄ ᠪᠠᠲᠤᠵᠠᠪ ᠤᠨ ᠪᠠᠲᠤᠬᠡᠰᠢᠭ (Baji)︔

ᠬᠠᠮᠲᠤᠯᠢᠭ ᠤᠨ ᠭᠡᠰᠢᠭᠦᠨ᠄ ᠲᠡᠭᠰᠢᠡᠷᠳᠡᠨᠢ ᠶᠢᠨ ᠵᠤᠯᠪᠠᠶᠠᠷ (Dj ZOLO)᠃

ᠯᠦᠮᠢᠨᠤ᠋ ᠬᠠᠮᠲᠤᠯᠢᠭ ᠨᠢ ᠠᠯᠪᠠᠨ ᠶᠤᠰᠤᠭᠠᠷ 1998 ᠤᠨ ᠳᠤ 5 ᠬᠦᠮᠦᠨ ᠦ ᠪᠦᠷᠢᠯᠳᠡᠭᠦᠨ ᠲᠡᠢ ᠪᠡᠷ ᠪᠠᠢᠭᠤᠯᠤᠭᠳᠠᠵᠤ᠂ 2000 ᠤᠨ ᠤ ᠰᠡᠭᠦᠯ ᠡᠴᠡ 3 ᠬᠦᠮᠦᠨ ᠦ ᠪᠦᠷᠢᠯᠳᠡᠭᠦᠨ ᠲᠡᠢ ᠪᠤᠯᠵᠤ ᠦᠭᠡᠷᠡᠴᠢᠯᠡᠭᠳᠡᠭᠰᠡᠨ᠃ 2013 ᠤᠨ ᠡᠴᠡ ᠬᠠᠮᠲᠤᠯᠢᠭ ᠤᠨ ᠪᠦᠷᠢᠯᠲᠡᠭᠦᠨ ᠳᠦ DJ Zolo ᠤᠷᠤᠵᠤ ᠢᠷᠡᠭᠰᠡᠨ ᠶᠢᠡᠷ ᠯᠦᠮᠢᠨᠤ᠋ ᠬᠠᠮᠲᠤᠯᠢᠭ ᠨᠢ ᠠᠯᠪᠠᠨ ᠶᠤᠰᠤᠭᠠᠷ 4 ᠬᠦᠮᠦᠨ ᠤ ᠪᠦᠷᠢᠯᠳᠡᠭᠦᠨ ᠲᠡᠢ ᠪᠤᠯᠤᠭᠰᠠᠨ᠃ ᠮᠤᠩᠭᠤᠯ ᠤᠯᠤᠰ ᠲᠤ ᠬᠢᠫ ᠬᠤᠫ ᠤᠷᠤᠰᠬᠠᠯ ᠢ ᠤᠯᠠᠨ ᠳᠤ ᠲᠠᠨᠢᠭᠤᠯᠵᠤ ᠬᠦᠮᠦᠰ ᠦᠨ ᠬᠦᠷᠲᠡᠭᠡᠯ ᠪᠤᠯᠭᠠᠬᠤ ᠳᠤ ᠬᠠᠮᠤᠭ ᠤᠨ ᠶᠡᠬᠡ ᠬᠤᠪᠢ ᠨᠡᠮᠡᠷᠢ ᠤᠷᠤᠭᠤᠯᠤᠭᠰᠠᠨ ᠬᠠᠮᠲᠤᠯᠢᠭ ᠶᠤᠮ᠃ ᠲᠡᠳᠡᠨ ᠦ ᠠᠩᠬᠠᠨ ᠤ ᠳᠠᠭᠤᠤ ᠨᠤᠭᠤᠳ ᠨᠢ ᠬᠠᠢᠷ᠎ᠠ ᠶᠢᠨ ᠦᠩᠭᠡ ᠠᠶᠠᠰ ᠢ ᠢᠯᠡᠭᠦᠦ ᠲᠡᠢ ᠪᠡᠷ ᠳᠤᠰᠬᠠᠵᠤ ᠪᠠᠢᠭᠰᠠᠨ ᠶᠢᠠᠷ ᠶᠢᠠᠨ ᠨᠡᠢᠲᠡ ᠰᠤᠨᠤᠰᠤᠭᠴᠢᠳ ᠢ ᠬᠢᠫ ᠬᠤᠫ ᠰᠤᠨᠤᠰᠬᠤ ᠳᠤ ᠨᠦᠯᠦᠭᠡᠯᠡᠭᠰᠡᠨ ᠭᠡᠵᠦ ᠦᠵᠡᠳᠡᠭ᠃ ᠲᠡᠳᠡᠨ ᠦ 1999 ᠤᠨ ᠡᠴᠡ ᠬᠤᠢᠰᠢ ᠬᠢᠭᠰᠡᠨ ᠳᠠᠭᠤᠤ ᠶᠢᠨ ᠳ᠋ᠤᠭᠠᠷᠯᠠᠯ ᠤᠳ ᠦᠨᠦᠳᠦᠷ ᠴᠦ ᠭᠡᠰᠡᠨ ᠰᠤᠨᠤᠰᠬᠤ ᠳᠤ ᠴᠢᠨᠠᠷ ᠤᠨ ᠱᠠᠭᠠᠷᠳᠠᠯᠭ᠎ᠠ ᠬᠠᠩᠭᠠᠭᠰᠠᠨ ᠬᠡᠪ ᠶᠢᠡᠷ ᠪᠠᠢᠭ᠎ᠠ ᠡᠴᠡ ᠬᠷᠠᠪᠠᠯ ᠮᠠᠰᠢ ᠴᠢᠨᠠᠷᠯᠢᠭ ᠵᠦᠢᠯᠡᠰ ᠢ ᠠᠩᠬᠠᠨ ᠡᠴᠡ ᠪᠠᠨ ᠲᠦᠯᠦᠪᠯᠡᠵᠦ ᠬᠢᠵᠦ ᠢᠷᠡᠭᠰᠡᠨ ᠨᠢ ᠬᠠᠷᠠᠭᠳᠠᠳᠠᠭ᠃ ᠮᠤᠩᠭᠤᠯ ᠳᠤ sample ᠭᠡᠳᠡᠭ ᠵᠦᠢᠯ ᠢ ᠤᠳᠬ᠎ᠠ ᠪᠠᠷ ᠨᠢ ᠠᠰᠢᠭᠯᠠᠭᠰᠠᠭᠠᠷ ᠢᠷᠡᠭᠰᠡᠨ ᠬᠢᠫ ᠬᠤᠫ ᠤᠨ ᠤᠷᠤᠰᠬᠠᠯ ᠤᠨ (mainstream) ᠬᠠᠮᠲᠤᠯᠢᠭ ᠶᠤᠮ᠃ ᠲᠡᠳᠡᠨ ᠦ ᠡᠬᠢᠨ ᠦ ᠳᠠᠭᠤᠤ ᠨᠤᠭᠤᠳ ᠡᠴᠡ ᠠᠪᠬᠠᠭᠤᠯᠬᠤ ᠳᠤ ᠦᠨᠦᠳᠦᠷ ᠢ ᠬᠦᠷᠲᠡᠯ᠎ᠡ ᠭᠠᠷᠴᠤ ᠪᠠᠢᠭ᠎ᠠ ᠡᠬᠢᠨ ᠦ ᠳᠠᠭᠤᠤ ᠨᠤᠭᠤᠳ ᠢ МС ᠫᠷᠦᠳᠧᠰᠧᠷᠯᠠᠵᠤ᠂ ᠬᠦᠭᠵᠢᠮ ᠢ ᠪᠠᠲᠤᠡᠷᠳᠡᠨᠢ (Аранза) ᠨᠠᠷ ᠬᠠᠮᠲᠤᠷᠠᠨ ᠬᠢᠵᠦ ᠢᠷᠡᠭᠰᠡᠨ᠃ ᠲᠡᠳᠡ ᠳᠠᠭᠤᠤ ᠶᠢ 2 ᠰᠤᠪᠠᠭ ᠶᠢᠠᠷ ᠬᠢᠳᠡᠭ᠃ 1999-2006 ᠤᠨ ᠬᠦᠷᠲᠡᠯ᠎ᠡ ᠤᠷᠠᠨ ᠪᠦᠲᠦᠭᠡᠯ ᠦᠨ ᠢᠳᠡᠪᠬᠢᠲᠡᠢ ᠦᠶ᠎ᠡ ᠳᠦ ᠪᠠᠢᠵᠤ 5 ᠪᠡᠶ᠎ᠡ ᠪᠡᠨ ᠳᠠᠭᠠᠭᠠᠭᠰᠠᠨ studio ᠴᠤᠮᠤᠭ᠂ 《ᠲᠠᠨᠢᠬᠤ ᠦᠭᠡᠢ ᠦᠬᠢᠨ ᠦ ᠵᠠᠬᠢᠳᠠᠯ》ᠤᠷᠠᠨ ᠰᠠᠢᠬᠠᠨ ᠤ ᠺᠢᠨᠤ᠋᠂ 30 ᠤᠷᠴᠢᠮ ᠸᠢᠳᠢᠤ᠋ ᠺᠢᠯᠢᠫ᠂ 20 ᠭᠠᠷᠤᠢ ᠪᠡᠶ᠎ᠡ ᠪᠡᠨ ᠳᠠᠭᠠᠭᠠᠭᠰᠠᠨ ᠲᠤᠭᠯᠠᠯᠲᠠ ᠶᠢ ᠬᠢᠭᠰᠡᠨ ᠪᠠᠢᠳᠠᠭ᠃ 2012 ᠤᠨ ᠡᠴᠡ ᠯᠦᠮᠢᠨᠤ᠋ ᠬᠠᠮᠲᠤᠯᠢᠭ ᠤᠨ ᠤᠷᠠᠨ ᠪᠦᠲᠦᠭᠡᠯ ᠡᠷᠭᠢᠨ ᠢᠳᠡᠪᠬᠢᠵᠢᠭᠰᠡᠨ ᠪᠠ 《 ᠬᠡᠮᠨᠡᠯ ᠨᠡᠷᠡᠭᠴᠢ》 ᠬᠡᠮᠡᠬᠦ ᠲᠦᠰᠦᠯ ᠬᠡᠷᠡᠭᠵᠢᠭᠦᠯᠵᠦ᠂ ᠠᠶᠠᠯᠠᠯ ᠲᠤᠭᠯᠠᠯᠲᠠ ᠪᠤᠯᠤᠨ ᠰᠢᠨ᠎ᠡ ᠳᠠᠭᠤᠤ ᠨᠤᠭᠤᠳ ᠢ ᠦᠢᠯᠡᠳᠦᠭᠰᠡᠭᠡᠷ ᠪᠠᠢᠨ᠎ᠠ᠃  

ᠯᠦᠮᠢᠨᠤ᠋ ᠬᠠᠮᠲᠤᠯᠢᠭ ᠯᠦᠮᠢᠨᠤ᠋ ᠬᠠᠮᠲᠤᠯᠢᠭ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁