ᠬᠤᠷᠳᠤ ᠬᠠᠮᠲᠤᠯᠢᠭ
ᠳᠠᠷᠤᠮ᠄ 2502

ᠮᠤᠩᠭᠤᠯ ᠤᠨ ᠷᠤᠺ ᠬᠠᠮᠲᠤᠯᠢᠭ᠃ ᠬᠤᠷᠳᠤ ᠷᠤᠺ ᠬᠠᠮᠲᠤᠯᠢᠭ ᠨᠢ ᠠᠩᠬ᠎ᠠ 1987 ᠤᠨ ᠳᠤ ᠲᠡᠮᠦᠷ ᠵᠠᠮ ᠤᠨ ᠸᠠᠭᠤᠨ ᠳ᠋ᠧᠫᠤ ᠶᠢᠨ ᠠᠵᠢᠯᠴᠢᠨ ᠬᠡᠰᠡᠭ ᠵᠠᠯᠠᠭᠤᠰ ᠤᠨ ᠳᠤᠮᠳᠠ ᠬᠦᠭᠵᠢᠮ ᠰᠤᠨᠢᠷᠬᠠᠭᠴᠢ ᠶᠢᠨ ᠬᠡᠮᠵᠢᠶᠡᠨ ᠳᠦ ᠪᠠᠢᠭᠤᠯᠤᠭᠳᠠᠵᠤ᠂ ᠤᠷᠠᠨ ᠪᠦᠲᠦᠭᠡᠯ ᠶᠢᠡᠨ ᠲᠤᠭᠤᠷᠪᠢᠵᠤ ᠡᠬᠢᠯᠡᠭᠰᠡᠨ ᠶᠤᠮ᠃ ᠤᠯᠠᠮ ᠶᠢᠠᠷ 1991 ᠤᠨ ᠤ ᠠᠷᠠᠳᠴᠢᠯᠠᠭᠰᠠᠨ ᠬᠤᠪᠢᠰᠭᠠᠯ ᠭᠠᠷᠴᠤ ᠤᠭ ᠬᠠᠮᠲᠤᠯᠢᠭ ᠤᠨ ᠨᠢᠭᠡᠳᠦᠭᠡᠷ ᠪᠦᠷᠢᠯᠳᠦᠭᠦᠨ ᠲᠠᠷᠬᠠᠭᠰᠠᠨ ᠶᠢᠠᠷ᠂ ᠲᠤᠰ ᠪᠦᠷᠢᠯᠳᠦᠭᠦᠨ ᠳᠦ ᠲᠤᠭᠯᠠᠵᠤ ᠪᠠᠢᠭᠰᠠᠨ ᠪᠦᠮᠪᠦᠷᠴᠢᠨ ᠳ·ᠭᠠᠩᠪᠠᠶᠠᠷ ᠦᠯᠡᠳᠡᠵᠦ᠂ 1993 ᠤᠨ ᠡᠴᠡ ᠤᠳᠤ ᠶᠢᠨ ᠪᠦᠷᠢᠯᠳᠦᠭᠦᠨ ᠢ ᠰᠤᠩᠭᠤᠨ ᠰᠢᠯᠭᠠᠪᠤᠷᠢᠯᠠᠵᠤ᠂ ᠮᠧᠲ᠋ᠠᠯ ᠷᠤᠺ ᠬᠦᠭᠵᠢᠮ ᠦᠨ ᠲᠦᠷᠦᠯ ᠶᠢᠡᠷ ᠤᠷᠠᠨ ᠪᠦᠲᠦᠭᠡᠯ ᠶᠢᠡᠨ ᠲᠤᠭᠤᠷᠪᠢᠭᠰᠠᠭᠠᠷ ᠥᠨᠥᠳᠥᠷ ᠬᠦᠷᠴᠡᠢ᠃

ᠬᠤᠷᠳᠤ ᠬᠠᠮᠲᠤᠯᠢᠭ ᠨᠢ 6 ᠭᠡᠰᠢᠭᠦᠨ ᠲᠡᠢ ᠪᠡᠷ ᠠᠩᠬᠠᠨ ᠤ 《ᠬᠠᠷ᠎ᠠ ᠰᠠᠯᠬᠢ》ᠪᠦᠷᠢᠨ ᠬᠡᠮᠵᠢᠶᠡᠨ ᠦ ᠺᠤᠨ᠋ᠼᠧᠷᠲ ᠶᠢᠡᠨ 1995 ᠤᠨ ᠤ 3 ᠰᠠᠷ᠎ᠠ ᠳᠤ ᠤᠯᠤᠰ ᠤᠨ ᠼᠧᠷᠺ ᠲᠤ ᠠᠮᠵᠢᠯᠲᠠ ᠲᠠᠢ ᠲᠤᠭᠯᠠᠭᠰᠠᠨ ᠶᠢᠠᠷ ᠮᠤᠩᠭᠤᠯ ᠤᠨ ᠬᠦᠭᠵᠢᠵᠦ ᠪᠤᠢ 《ᠷᠤᠺ》 ᠬᠦᠭᠵᠢᠮ ᠦᠨ ᠲᠡᠦᠬᠡᠨ ᠳᠦ ᠴᠤ᠋ ᠰᠢᠨ᠎ᠡ ᠡᠷᠢᠯᠬᠢᠯᠡᠯ᠂ ᠰᠢᠨ᠎ᠡ ᠰᠲ᠋ᠢᠯᠢ ᠬᠡᠪ ᠮᠠ‍‌ᠶᠢᠭ ᠢ ᠬᠦᠴᠦᠲᠡᠢ ᠪᠡᠷ ᠨᠡᠪᠲᠡᠷᠡᠭᠦᠯᠵᠦ᠂ ᠮᠤᠩᠭᠤᠯ ᠠᠷᠠᠳ ᠲᠦᠮᠡᠨ ᠢ ᠲᠡᠷᠡ ᠳᠤᠮᠳᠠ ᠪᠠᠨ ᠠᠮᠢᠳᠤ ᠬᠦᠭᠵᠢᠮ ᠰᠤᠨᠢᠷᠬᠠᠭᠴᠢ ᠷᠤᠺᠧᠷ ᠵᠠᠯᠠᠭᠤᠰ ᠢ ᠪᠠᠢᠯᠳᠤᠨ ᠳᠠᠭᠠᠭᠤᠯᠵᠤ ᠪᠠᠢᠪᠠ᠃

ᠬᠤᠷᠳᠤ ᠬᠠᠮᠳᠤᠯᠢᠭ 1998 ᠤᠨ ᠳᠤ ᠮᠤᠩᠭᠤᠯ ᠳᠤ ᠠᠩᠬ᠎ᠠ ᠤᠳᠠᠭ᠎ᠠ《UNPLUGGED》ᠺᠤᠨ᠋ᠼᠧᠷᠲ ᠲᠤᠭᠯᠠᠵᠤ ᠮᠦᠨ ᠰᠤᠩᠭᠤᠳᠠᠭ ᠤᠷᠺᠧᠰᠲ᠋ᠷ ᠬᠦᠭᠵᠢᠮ ᠲᠡᠢ ᠬᠠᠮᠲᠤᠷᠠᠨ 《ᠰᠢᠮᠹᠤᠨᠢ ᠬᠤᠷᠳᠤ》ᠺᠤᠨ᠋ᠼᠧᠷᠲ ᠶᠢ 2001 ᠤᠨ ᠳᠤ ᠲᠤᠭᠯᠠᠭᠰᠠᠨ᠃

ᠬᠠᠮᠲᠤᠯᠢᠭ ᠠᠩᠬ᠎ᠠ ᠨᠢ 《ᠬᠠᠷ᠎ᠠ ᠰᠠᠯᠬᠢ》 ᠺᠤᠨ᠋ᠼᠧᠷᠲ ᠡᠴᠡ ᠬᠤᠢᠰᠢ ᠤᠯᠠᠭᠠᠨᠪᠠᠭᠠᠲᠤᠷ ᠬᠤᠲᠠ ᠳᠤ ᠨᠡᠢᠲᠡ ᠳᠡᠭᠡᠨ 24 ᠤᠳᠠᠭ᠎ᠠ ᠶᠢᠨ ᠪᠦᠷᠢᠨ ᠬᠡᠮᠵᠢᠶᠡᠨ ᠦ 2᠄30 ᠊᠊᠊᠊ 3᠄00 ᠴᠠᠭ ᠤᠨ ᠲᠤᠭᠯᠠᠯᠲᠠ ᠶᠢ ᠬᠢᠭᠰᠡᠨ ᠪᠠᠢᠨ᠎ᠠ᠃ ᠡᠳᠡᠭᠡᠷ ᠲᠤᠭᠯᠠᠯᠲᠠ ᠤᠳ ᠳᠤᠮᠳᠠ ᠡᠴᠡ 2005 ᠤᠨ ᠳᠤ ᠮᠤᠩᠭᠤᠯ ᠤᠯᠤᠰ ᠤᠨ ᠨᠡᠢᠰᠯᠡᠯ ᠤᠯᠠᠭᠠᠨᠪᠠᠭᠠᠲᠤᠷ ᠬᠤᠳᠠ ᠶᠢᠨ ᠲᠦᠪ ᠲᠠᠯᠠᠪᠠᠢ ᠳᠤ ᠲᠤᠭᠯᠠᠭᠰᠠᠨ 《ᠲᠠᠯᠠᠷᠬᠠᠯ ᠤᠨ ᠲᠤᠭᠯᠠᠯᠲᠠ》 120000 ᠦᠵᠡᠭᠴᠢ ᠴᠤᠭᠯᠠᠷᠠᠵᠤ ᠪᠠᠢᠭᠰᠠᠨ ᠶᠢᠠᠷ ᠠᠯᠳᠠᠷ ᠲᠠᠢ᠃

ᠮᠦᠨ 1999 ᠤᠨ ᠡᠴᠡ ᠡᠬᠢᠯᠡᠨ ᠭᠠᠳᠠᠭᠠᠳᠤ ᠤᠷᠤᠨ ᠤᠳ ᠲᠤ ᠠᠶᠠᠯᠠᠨ ᠲᠤᠭᠯᠠᠯᠲᠠ ᠬᠢᠵᠦ ᠠᠮᠧᠷᠢᠺᠠ᠂ ᠬᠢᠲᠠᠳ᠂ ᠺᠢᠷᠺᠢᠰᠲ᠋ᠠᠨ᠂ ᠲᠠᠵᠢᠺᠰᠲ᠋ᠠᠨ᠂ ᠰᠤᠯᠤᠩᠭᠤᠰ᠂ ᠶᠠᠫᠤᠨ᠂ ᠭᠧᠷᠮᠠᠨ᠂ ᠠᠩᠭ᠍ᠯᠢ᠂ ᠰᠸᠢᠰ᠂ ᠪᠧᠯᠭᠢ᠂ ᠴᠧᠬᠤ᠋᠂ ᠬᠠᠩᠭᠠᠷᠢ᠂ ᠠᠦ᠋ᠰᠲ᠋ᠷᠢᠶ᠎ᠠ ᠵᠡᠷᠭᠡ ᠤᠷᠤᠨ ᠤᠳ ᠶᠢᠡᠷ ᠠᠢᠯᠴᠢᠯᠠᠨ ᠲᠤᠭᠯᠠᠵᠤ ᠲᠤᠰ ᠤᠷᠤᠨ ᠤᠳ ᠲᠤ ᠠᠵᠢᠯᠯᠠᠵᠤ ᠠᠮᠢᠳᠤᠷᠠᠵᠤ ᠪᠤᠢ ᠮᠤᠩᠭᠤᠯᠴᠤᠳ ᠲᠠᠭᠠᠨ ᠤᠷᠠᠨ ᠪᠦᠲᠦᠭᠡᠯ ᠶᠢᠡᠨ ᠲᠤᠯᠢᠯᠠᠭᠤᠯᠵᠤ ᠢᠷᠡᠵᠡᠢ᠃

ᠬᠠᠮᠲᠤᠯᠢᠭ ᠡᠨᠡ ᠬᠤᠭᠤᠴᠠᠭᠠᠨ ᠳᠤ ᠨᠡᠢᠲᠡ 9 CD᠂ 2DVD ᠭᠠᠷᠭᠠᠵᠤ ᠤᠯᠠᠨ ᠤ ᠬᠦᠷᠲᠡᠭᠡᠯ ᠪᠤᠯᠤᠭᠠᠳ ᠪᠠᠢᠨ᠎ᠠ᠃

2009 ᠤᠨ ᠤ 12 ᠰᠠᠷ᠎ᠠ ᠶᠢᠨ 10 ᠳᠤ ᠮᠤᠩᠭᠤᠯ ᠤᠨ ᠠᠷᠠᠳᠴᠢᠯᠠᠭᠰᠠᠨ ᠬᠤᠪᠢᠰᠬᠠᠯ ᠤᠨ 20 ᠵᠢᠯ ᠤᠨ ᠤᠢ ᠪᠠᠷ ᠮᠤᠩᠭᠤᠯ ᠤᠯᠤᠰ ᠤᠨ ᠶᠡᠷᠦᠩᠬᠡᠢᠯᠡᠭᠴᠢ ᠴ·ᠡᠯᠪᠡᠭᠳᠤᠷᠵᠢ ᠶᠢᠨ ᠵᠠᠷᠯᠢᠭ ᠶᠢᠠᠷ ᠬᠤᠷᠳᠤ ᠬᠠᠮᠳᠤᠯᠢᠭ ᠤᠨ ᠳᠠᠭᠤᠴᠢᠨ ᠳ·ᠲᠡᠮᠦᠷᠴᠤᠭ ᠮᠤᠩᠭᠤᠯ ᠤᠯᠤᠰ ᠤᠨ ᠭᠠᠪᠢᠶᠠᠲᠤ ᠵᠦᠴᠦᠭᠡᠴᠢᠨ ᠴᠤᠯᠠ ᠶᠢᠡᠷ᠂ ᠬᠠᠮᠲᠤᠯᠢᠭ ᠤᠨ ᠠᠷᠭᠢᠯ ᠭᠢᠲ᠋ᠠᠷᠴᠢᠨ ᠨ·ᠨᠠᠷᠠᠨᠪᠠᠭᠠᠲᠤᠷ ᠠᠯᠲᠠᠨ ᠭᠠᠳᠠᠰᠤ ᠤᠳᠤᠨ ᠶᠢᠡᠷ ᠱᠠᠩᠨᠠᠭᠳᠠᠭᠰᠠᠨ ᠪᠠᠢᠨ᠎ᠠ᠃

ᠬᠠᠮᠲᠤᠯᠢᠭ ᠡᠳᠦᠭᠡ ᠮᠡᠷᠭᠡᠵᠢᠯ ᠦᠨ ᠥᠨᠳᠥᠷ ᠲᠦᠪᠰᠢᠨ ᠳᠦ ᠲᠤᠭᠯᠠᠵᠤ᠂ ᠤᠷᠠᠨ ᠪᠦᠲᠦᠭᠡᠯ ᠶᠢᠠᠨ ᠲᠤᠭᠤᠷᠪᠢᠭᠰᠠᠭᠠᠷ ᠪᠠᠢᠭ᠎ᠠ ᠪᠢᠯᠡ᠃ ᠡᠨᠡ ᠬᠤᠭᠤᠴᠠᠭᠠᠨ ᠳᠤ ᠬᠠᠮᠲᠤᠯᠢᠭ ᠤᠨ ᠪᠦᠷᠢᠯᠳᠦᠭᠦᠨ ᠡᠴᠡ 1 ᠭᠡᠰᠢᠭᠦᠨ ᠰᠤᠯᠢᠭᠳᠠᠭᠰᠠᠨ᠃ 1993 ᠤᠨ ᠡᠴᠡ ᠬᠠᠮᠲᠤᠯᠢᠭ ᠤᠨ ᠬᠤᠶᠠᠳᠤᠭᠠᠷ ᠭᠢᠲ᠋ᠠᠷᠴᠢᠨ ᠶᠢᠠᠷ ᠲᠤᠭᠯᠠᠵᠤ ᠪᠠᠢᠭᠰᠠᠨ ᠲ·ᠨᠠᠷᠠᠨᠪᠠᠭᠠᠲᠤᠷ (ᠨᠠᠷᠠᠰᠠᠷᠠ) 2008 ᠤᠨ ᠳᠤ ᠬᠠᠮᠲᠤᠯᠢᠭ ᠢ ᠤᠷᠬᠢᠭᠰᠠᠨ᠂ ᠬᠠᠮᠲᠤᠯᠢᠭ ᠤᠨ ᠰᠢᠨ᠎ᠡ ᠭᠡᠰᠢᠭᠦᠨ ᠶᠢᠡᠷ ᠴᠢᠩᠭᠢᠰ ᠬᠠᠭᠠᠨ᠂ ᠴᠢᠨ᠋ᠸ᠎ᠠ ᠬᠠᠮᠲᠤᠯᠢᠭ ᠤᠳ ᠲᠤ ᠲᠤᠭᠯᠠᠵᠤ ᠪᠠᠢᠭᠰᠠᠨ ᠲᠤᠷᠰᠢᠯᠭ᠎ᠠ ᠲᠠᠢ ᠭᠢᠲ᠋ᠠᠷᠴᠢᠨ ᠳ·ᠮᠦᠩᠬᠡᠪᠠᠲᠤ ᠬᠠᠮᠲᠤᠯᠢᠭ ᠲᠤ ᠨᠢᠭᠡᠲᠦᠭᠰᠡᠨ ᠪᠥᠭᠡᠳ 2008 ᠤᠨ ᠤ 11 ᠰᠠᠷ᠎ᠠ ᠶᠢᠨ 28᠂29 ᠳ᠋ᠤ ACA ᠼᠧᠷᠺ ᠳᠤ ᠪᠤᠯᠤᠭᠰᠠᠨ 《ᠰᠢᠨ᠎ᠡ ᠺᠤᠨ᠋ᠼᠧᠷᠲ》ᠨᠡᠷ᠎ᠡ ᠲᠡᠢ ᠲᠤᠭᠯᠠᠯᠲᠠ ᠳᠤ ᠬᠤᠷᠳᠤ ᠬᠠᠮᠲᠤᠯᠢᠭ ᠲᠠᠢ ᠠᠩᠬ᠎ᠠ ᠤᠳᠠᠭ᠎ᠠ ᠲᠠᠢᠰᠠᠨ ᠳᠡᠭᠡᠷ᠎ᠡ ᠲᠤᠭᠯᠠᠭᠰᠠᠨ᠃ ᠳ·ᠮᠦᠩᠬᠡᠪᠠᠲᠤ ᠨᠢ ᠮᠦᠨ ᠬᠤᠷᠳᠤ ᠬᠠᠮᠲᠤᠯᠢᠭ ᠤᠨ ᠠᠬ᠎ᠠ ᠳᠡᠭᠦᠦᠰ ᠤᠨ ᠨᠢᠭᠡ ᠪᠤᠶᠤ ᠨᠢᠭᠡᠨ ᠭᠡᠷ ᠪᠦᠯᠢ ᠶᠢᠨ ᠭᠡᠰᠢᠭᠦᠨ ᠶᠤᠮ᠃

ᠬᠤᠷᠳᠤ ᠬᠠᠮᠲᠤᠯᠢᠭ ᠤᠳᠤ ᠶᠢᠨ ᠪᠠᠢᠳᠠᠯ ᠶᠢᠠᠷ ᠤᠷ᠎ᠠ ᠶᠢᠨ ᠰᠠᠩ ᠳᠤ 250 ᠭᠠᠷᠤᠢ ᠳᠠᠭᠤᠤ 120 ᠤᠷᠴᠢᠮ ᠸᠢᠳᠢᠤ᠋ ᠺᠢᠯᠢᠫ ᠲᠡᠢ ᠪᠠᠢᠭ᠎ᠠ ᠪᠥᠭᠡᠳ 2013 ᠤᠨ ᠳᠤ ᠬᠠᠮᠲᠤᠯᠢᠭ ᠤᠨ 20 ᠵᠢᠯ ᠦᠨ ᠤᠢ ᠲᠤᠬᠢᠶᠠᠭᠰᠠᠨ ᠪᠠᠢᠨ᠎ᠠ᠃ ᠬᠠᠮᠲᠤᠯᠢᠭ 20 ᠵᠢᠯ ᠦᠨ ᠤᠢ ᠶᠢᠨ ᠬᠦᠷᠢᠶᠡᠨ ᠳᠦ ᠮᠤᠩᠭᠤᠯ ᠤᠨ ᠤᠷᠠᠯᠢᠭ ᠤᠨ ᠲᠡᠦᠬᠡᠨ ᠳᠤ ᠠᠩᠬ᠎ᠠ ᠤᠳᠠᠭ᠎ᠠ 《ᠠᠯᠲᠠᠨ ᠫᠢᠶᠠᠨᠰᠠ》ᠬᠡᠪᠯᠡᠭᠦᠯᠦᠭᠰᠡᠨ ᠪᠥᠭᠡᠳ ᠲᠤᠰ ᠫᠢᠶᠠᠨᠰᠠ ᠶᠢ ᠠᠮᠧᠷᠢᠺᠠ ᠶᠢᠨ 《Erika records》 Studio ᠬᠡᠪᠯᠡᠭᠦᠯᠵᠡᠢ᠃ ᠡᠨᠡᠬᠦ ᠫᠢᠶᠠᠨᠰᠠ ᠳᠤ ᠬᠤᠷᠳᠤ ᠬᠠᠮᠲᠤᠯᠢᠭ ᠤᠨ ᠦᠩᠭᠡᠷᠡᠭᠰᠡᠨ 20 ᠵᠢᠯ ᠦᠨ ᠲᠡᠦᠬᠡᠨ ᠳᠡᠬᠢ ᠬᠠᠮᠤᠭ ᠤᠨ ᠰᠢᠯᠢᠳᠡᠭ 9 ᠳᠠᠭᠤᠤ ᠪᠠᠭᠲᠠᠭᠰᠠᠨ ᠶᠤᠮ᠃ ᠡᠭᠦᠨ ᠳᠦ᠄ ᠴᠢᠨ᠋ᠸ᠎ᠠ᠂ ᠴᠡᠷᠢᠭ ᠦᠨ ᠪᠤᠳᠤᠯ᠂ ᠠᠪᠤ ᠳᠠᠭᠠᠨ ᠪᠢ ᠬᠠᠢᠷᠠᠲᠠᠢ᠂ ᠡᠬᠡ ᠤᠷᠤᠨ᠂ ᠪᠤᠯᠲᠤᠭᠠᠢ᠂ ᠴᠢ ᠮᠢᠨᠢ ᠪᠠᠢᠭ᠎ᠠ ᠪᠤᠯᠬᠤᠷ᠂ ᠡᠵᠢ ᠳᠡᠭᠡᠨ᠂ ᠵᠢᠷᠤᠭ ᠰᠢᠭ ᠪᠦᠰᠡᠭᠦᠢ᠂ ᠴᠢᠮᠡᠭᠡ ᠦᠭᠡᠢ ᠢᠷᠡᠬᠦ ᠳᠤᠷᠠᠯᠠᠯ᠃

ᠭᠡᠰᠢᠭᠦᠨ ᠤᠨ ᠨᠡᠷᠡᠰ᠄ ᠳ᠋ᠠᠮᠪᠠ ᠶᠢᠨ ᠭᠠᠩᠪᠠᠶᠠᠷ (ᠬᠠᠮᠲᠤᠯᠢᠭ ᠤᠨ ᠠᠬᠠᠯᠠᠭᠴᠢ᠂ ᠪᠦᠮᠪᠦᠷᠴᠢᠨ᠂ ᠳᠠᠷᠤᠯᠲᠠᠲᠤ ᠪᠤᠯᠤᠨ ᠲᠤᠰᠠᠯᠠᠬᠤ ᠬᠦᠭᠵᠢᠮᠴᠢᠨ)᠂ ᠳ᠋ᠠᠮᠪᠠ ᠶᠢᠨ ᠲᠡᠮᠦᠷᠴᠤᠭ (ᠳᠠᠭᠤᠴᠢᠨ)᠂ ᠳ᠋ᠠᠮᠪᠠ ᠶᠢᠨ ᠮᠦᠩᠬᠡᠪᠠᠲᠤ (ᠭᠢᠲ᠋ᠠᠷᠴᠢᠨ)᠂ ᠳ᠋ᠠᠮᠪᠠ ᠶᠢᠨ ᠤᠳᠬᠤᠨᠪᠠᠶᠠᠷ (ᠰᠤᠯᠤ ᠭᠢᠲ᠋ᠠᠷᠴᠢᠨ᠂ ᠠᠷᠤ ᠶᠢᠨ ᠳᠠᠭᠤᠴᠢᠨ᠂ ᠬᠦᠭᠵᠢᠮ ᠦᠨ ᠵᠤᠬᠢᠶᠠᠯᠴᠢ)᠂ ᠳ᠋ᠠᠮᠪᠠ ᠶᠢᠨ ᠤᠳᠬᠤᠨᠪᠠᠭᠠᠲᠤᠷ (ᠪᠥᠮᠪᠥᠷᠴᠢᠨ)᠂ ᠨᠠᠮᠰᠠᠷᠠᠢᠵᠠᠪ ᠤᠨ ᠨᠠᠷᠠᠨᠪᠠᠭᠠᠲᠤᠷ (ᠠᠷᠭᠢᠯ ᠭᠢᠲ᠋ᠠᠷᠴᠢᠨ᠂ ᠠᠷᠤ ᠶᠢᠨ ᠳᠠᠭᠤᠴᠢᠨ᠂ ᠳᠠᠭᠤᠤ ᠪᠢᠴᠢᠯᠭᠡ ᠶᠢᠨ ᠢᠨᠵᠧᠨᠧᠷ)᠃

ᠡᠮᠦᠨᠡᠬᠢ ᠭᠡᠰᠢᠭᠦᠨ ᠳᠦ᠄ ᠲ·ᠨᠠᠷᠠᠨᠪᠠᠭᠠᠲᠤᠷ (ᠨᠠᠷᠠᠰᠠᠷᠠ)  

ᠳᠠᠭᠤᠤ ᠶᠢᠨ ᠪᠢᠴᠢᠯᠭᠡ ᠤᠳ
ᠴᠤᠮᠤᠭ ᠤᠳ
ᠳᠠᠭᠤᠴᠢᠨ ᠤ ᠬᠠᠯᠠᠮᠰᠢᠯ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁