ᠢᠷᠠᠭᠤ ᠨᠠᠢ᠌ᠷᠠᠭ ᠤᠷᠤᠭᠤᠯ ᠤᠨ ᠠᠮᠳᠠ ᠲᠠᠢ

1

ᠡᠢᠷᠠᠭᠣ ᠨᠠᠢ᠌ᠷᠠᠭ ᠣᠷᠣᠭᠣᠯ ᠤᠨ ᠠᠮᠳᠠ ᠲᠡᠶ

ᠣᠷᠣᠭᠣᠯ ᠤᠨ ᠠᠮᠳᠠ ᠶᠢ ᠮᠡᠳᠡᠷᠡᠭ᠍ᠰᠡᠨ ᠬᠦᠮᠥᠨ ᠤ

ᠵᠢᠷᠥᠬᠡ ᠨᠢ ᠬᠡᠷᠡᠯ ᠲᠡᠶ

ᠰᠣᠷᠮᠣᠣᠰᠣ ᠲᠡᠪᠢᠬᠥ ᠠᠭᠱᠠᠨ ᠳᠤ

ᠬᠠᠷᠠᠴᠠᠨ ᠡᠴᠡ ᠴᠢᠨᠢ ᠬᠡᠬᠡ ᠠᠯᠳᠠᠷᠠᠵᠣ

ᠴᠢᠮᠬᠢ ᠴᠢᠮᠬᠢ ᠪᠠᠷ ᠨᠢ ᠪᠢ ᠬᠠᠢ᠌ᠷ᠎ᠠ ᠪᠣᠯᠭᠠᠪᠠ

ᠰᠣᠭᠣ ᠰᠢᠭ ᠰᠣᠨᠢᠶᠠᠬᠣ ᠳᠤ

ᠰᠣᠯᠠᠬᠠᠨ ᠠᠰᠬᠠᠷᠠᠭᠰᠠᠨ ᠬᠡᠵᠢᠬᠡᠨ ᠡᠴᠡ ᠴᠢᠨᠢ ᠠᠭᠠᠷᠣ ᠬᠠᠩᠬᠣᠯᠪᠠ

ᠰᠢᠷᠬᠡᠭ᠌ ᠶᠢᠡᠷ ᠨᠢ ᠪᠢ ᠰᠣᠯᠣᠩᠭ᠎ᠠ ᠪᠣᠯᠭᠠᠪᠠ

ᠬᠣᠷᠮᠣᠰᠳᠠ ᠲᠠᠭᠣ ᠠᠯᠳᠠᠭᠰᠠᠨ ᠬᠦᠯ ᠤᠨ ᠴᠢᠨᠢ ᠠᠯᠬᠣᠳᠠᠯ ᠳᠤ

ᠬᠦᠴᠦ ᠲᠡᠶ ᠠᠳᠠᠯ᠎ᠠ ᠪᠠᠨ ᠵᠢᠷᠭᠠᠯ ᠠᠰᠬᠠᠷᠠᠵᠣ

ᠡᠮᠥᠰᠥᠭᠰᠡᠨ ᠭᠣᠶᠣᠯᠠᠯ ᠤᠨ ᠴᠢᠨᠢ ᠬᠣᠷᠮᠣᠢ ᠡᠴᠡ ᠬᠠᠷᠠᠴᠠ ᠵᠠᠬᠥᠭ᠍ᠳᠡᠨ᠎ᠡ

ᠮᠦᠷ ᠪᠣᠯᠭᠠᠨ ᠲᠡᠬᠡᠷ᠎ᠡ ᠴᠢᠨᠢ ᠬᠠᠢ᠌ᠯᠣᠭᠰᠠᠨ ᠨᠢᠳᠣ ᠪᠠᠷ ᠪᠢ

ᠵᠢᠷᠥᠬᠡ ᠪᠠᠨ ᠬᠡᠷᠡᠯᠲᠦᠬᠥᠯᠪᠡ

ᠰᠢᠯᠥᠭ ᠬᠡᠯᠡᠬᠥ ᠬᠡᠵᠦ ᠲᠠᠮᠰᠢᠶᠠᠯᠠᠬᠣ ᠳᠤ

ᠣᠷᠣᠭᠣᠯ ᠲᠡᠬᠡᠷ᠎ᠡ ᠴᠢᠨᠢ

ᠨᠠᠪᠴᠢᠨ ᠤ ᠬᠡ ᠲᠢᠭ᠍ᠯᠢᠭ᠍ᠳᠡᠪᠡ

ᠡᠢᠨᠢᠶᠠᠮᠰᠣᠭ᠍ᠯᠠᠯ ᠶᠢᠡᠷ ᠨᠢ ᠪᠢ

ᠨᠣᠳᠣᠭ ᠤᠨ ᠵᠤᠨ ᠶᠢᠠᠨ ᠴᠢᠮᠠᠪᠠ

ᠡᠢᠷᠠᠭᠣ ᠨᠠᠢ᠌ᠷᠠᠭ ᠣᠷᠣᠭᠣᠯ ᠤᠨ ᠠᠮᠳᠠ ᠲᠡᠶ

ᠣᠷᠣᠭᠣᠯ ᠤᠨ ᠠᠮᠳᠠ ᠶᠢ ᠮᠡᠳᠡᠷᠡᠭ᠍ᠰᠡᠨ ᠬᠦᠮᠥᠨ ᠤ

ᠵᠢᠷᠥᠬᠡ ᠨᠢ ᠬᠡᠷᠡᠯ ᠲᠡᠶ


2

ᠡᠢᠷᠠᠭᠣ ᠨᠠᠢ᠌ᠷᠠᠭ ᠦᠬᠥᠯ ᠤᠨ ᠠᠮᠳᠠ ᠲᠡᠶ

ᠦᠬᠥᠯ ᠤᠨ ᠠᠮᠳᠠ ᠶᠢ ᠮᠡᠳᠡᠷᠡᠭ᠍ᠰᠡᠨ ᠬᠦᠮᠥᠨ ᠤ

ᠨᠢᠯᠪᠣᠰᠣ ᠨᠢ ᠬᠦᠷᠳᠡᠯ᠎ᠡ ᠲᠣᠩᠭ᠋ᠠᠯᠠᠭ

ᠬᠡᠷ ᠨᠢ ᠨᠡᠬᠥᠭ᠍ᠰᠡᠨ ᠪᠠᠢ᠌ᠳᠠᠯ᠎ᠠ

ᠮᠠᠯ ᠤᠨ ᠬᠡᠪᠢᠯᠬᠡ ᠳᠤ ᠨᠣᠬᠠᠢ ᠶᠢᠨ ᠲᠠᠭᠣ ᠨᠢᠯᠬᠠᠷᠠᠬᠣ ᠶᠢ ᠰᠣᠨᠣᠰᠬᠣ ᠬᠡᠵᠦ

ᠴᠢ ᠲᠠᠠᠳᠠ ᠡᠪᠠᠰᠣ ᠪᠣᠯᠵᠣ ᠣᠷᠭᠣᠨᠠᠮ

ᠨᠡᠬᠥᠳᠡᠯ ᠨᠢ ᠴᠣᠴᠠᠷᠠᠭᠰᠠᠨ ᠪᠠᠢ᠌ᠳᠠᠯ᠎ᠠ

ᠣᠰᠣᠨ ᠤ ᠦᠨᠥᠷ ᠢ

ᠰᠢᠪᠠᠭᠣᠨ ᠨᠢᠯᠪᠣᠰᠣᠨ ᠡᠴᠡ ᠠᠮᠳᠠᠯᠠᠬᠣ ᠬᠡᠵᠦ

ᠴᠢ ᠲᠠᠠᠳᠠ ᠨᠠᠭᠣᠷ ᠪᠣᠯᠣᠨ ᠮᠠᠯᠳᠠᠢ᠌ᠨ᠎ᠠ

ᠨᠣᠳᠣᠭ ᠨᠢ ᠠᠯᠠᠭ᠎ᠠ ᠪᠠᠢ᠌ᠳᠠᠯ᠎ᠠ

ᠨᠢᠯᠪᠣᠰᠣᠷᠠᠭᠰᠠᠨ ᠵᠠᠷᠬᠡᠯᠬᠡᠨ ᠳᠤ ᠴᠢᠬᠢᠭ᠍ᠲᠦᠵᠦ

ᠬᠠᠶᠠ ᠴᠢ ᠦᠪᠡᠷ ᠶᠢᠡᠨ ᠬᠣᠷ᠎ᠠ ᠶᠢᠨ ᠲᠣᠰᠣᠯ ᠪᠣᠯᠵᠣ

ᠴᠠᠩᠭ᠋ᠠᠭᠰᠠᠨ ᠬᠦᠷᠪᠡᠯ ᠤᠨ ᠬᠡᠯᠡᠨ ᠲᠡᠬᠡᠷ᠎ᠡ ᠣᠢ᠌ᠴᠢᠨ᠎ᠠ

ᠨᠠᠷᠠᠨ ᠡᠴᠡ ᠣᠨᠠᠭᠰᠠᠨ ᠡᠢᠯᠴᠢ ᠶᠢ

ᠪᠢ ᠬᠠᠪᠣᠷ ᠬᠡᠮᠡᠨ ᠲᠡᠬᠥᠵᠦ

ᠬᠦᠯ ᠢ ᠴᠢᠨᠢ ᠲᠣᠯᠠᠭᠠᠯᠠᠭᠰᠠᠨ ᠴᠤ

ᠴᠢ ᠴᠡᠭ ᠪᠣᠯᠵᠣ ᠣᠷᠭᠣᠭ᠎ᠠ ᠦᠭᠡᠶ

ᠨᠢᠯᠪᠣᠰᠣᠨ ᠡᠴᠡ ᠲᠣᠮᠣᠳᠠᠭᠰᠠᠨ ᠭᠣᠨᠢᠭ ᠢ

ᠪᠢ ᠦᠬᠥᠯ ᠬᠡᠮᠡᠨ ᠬᠠᠯᠬᠠᠯᠠᠵᠣ

ᠵᠢᠷᠥᠬᠡ ᠪᠠᠨ ᠦᠭ᠍ᠬᠥᠭ᠍ᠰᠡᠨ ᠴᠤ

ᠴᠢ ᠲᠠᠬᠢᠨ ᠲᠥᠷᠣᠬᠡ ᠦᠭᠡᠶ

ᠲᠣᠷᠣᠨ᠎ᠠ ᠵᠦᠭ ᠤᠨ ᠰᠠᠯᠬᠢᠨ ᠢ ᠴᠢᠨᠢ

ᠰᠠᠷᠠᠨ ᠲᠣᠣᠷ᠎ᠠ ᠰᠠᠮᠠᠯᠠᠵᠣ

ᠰᠦᠨᠢ ᠶᠢ ᠴᠢᠨᠢ ᠴᠠᠢ᠌ᠯᠭᠠᠭᠰᠠᠨ ᠴᠤ

ᠴᠢ ᠡᠳᠣᠷ ᠪᠣᠯᠵᠣ ᠴᠢᠳᠠᠭ᠎ᠠ ᠦᠭᠡᠶ

ᠡᠢᠷᠠᠭᠣ ᠨᠠᠢ᠌ᠷᠠᠭ ᠦᠬᠥᠯ ᠤᠨ ᠠᠮᠳᠠ ᠲᠡᠶ

ᠦᠬᠥᠯ ᠤᠨ ᠠᠮᠳᠠ ᠶᠢ ᠮᠡᠳᠡᠷᠡᠭ᠍ᠰᠡᠨ ᠬᠦᠮᠥᠨ ᠤ

ᠨᠢᠯᠪᠣᠰᠣ ᠨᠢ ᠬᠦᠷᠳᠡᠯ᠎ᠡ ᠲᠣᠩᠭ᠋ᠠᠯᠠᠭ


3

ᠡᠢᠷᠠᠭᠣ ᠨᠠᠢ᠌ᠷᠠᠭ ᠣᠷᠣᠭᠣᠯ ᠤᠨ ᠠᠮᠳᠠ ᠲᠡᠶ

ᠣᠷᠣᠭᠣᠯ ᠤᠨ ᠠᠮᠳᠠ ᠶᠢ ᠮᠡᠳᠡᠷᠡᠭ᠍ᠰᠡᠨ ᠬᠦᠮᠥᠨ ᠤ

ᠵᠢᠷᠥᠬᠡ ᠨᠢ ᠬᠡᠷᠡᠯ ᠲᠡᠶ

ᠡᠢᠷᠠᠭᠣ ᠨᠠᠢ᠌ᠷᠠᠭ ᠦᠬᠥᠯ ᠤᠨ ᠠᠮᠳᠠ ᠲᠡᠶ

ᠦᠬᠥᠯ ᠤᠨ ᠠᠮᠳᠠ ᠶᠢ ᠮᠡᠳᠡᠷᠡᠭ᠍ᠰᠡᠨ ᠬᠦᠮᠥᠨ ᠤ

ᠨᠢᠯᠪᠣᠰᠣ ᠨᠢ ᠲᠣᠩᠭ᠋ᠠᠯᠠᠭ


ᠵᠤᠬᠢᠶᠠᠭᠴᠢ ᠶᠢᠨ ᠬᠠᠶ‍ᠢᠭ᠄ ᠠᠯᠠᠱᠠ ᠠᠢ᠌ᠮᠠᠭ ᠤᠨ ᠮᠣᠩᠭ᠋ᠣᠯ ᠦᠨᠳᠥᠰᠣᠳᠡᠨ ᠤ ᠲᠣᠮᠳᠠᠳᠣ ᠰᠣᠷᠭᠠᠭᠣᠯᠢ

ᠵᠤᠬᠢᠶᠠᠭᠴᠢ᠄ ᠳᠠᠭᠤᠳᠠᠭᠠᠴᠢ ᠡᠩᠬᠡᠬᠠᠳᠠ
ᠢᠷᠡᠯᠲᠡ᠄ ᠬ᠂ᠪᠦᠬᠡᠮᠠᠨᠳᠤᠯ᠎ᠠ
ᠬᠠᠷᠢᠶ᠎ᠠ᠄
ᠳᠠᠷᠤᠮ᠄ 390
ᠴᠠᠭ᠄ 2015 ᠤᠨ ᠤ 05 ᠰᠠᠷ᠎ᠠ ᠶᠢᠨ 16
ᠨᠠᠢ᠌ᠷᠠᠭᠤᠯᠤᠭᠴᠢ᠄ ᠬᠦᠷᠡᠯᠳᠤᠭᠳᠠᠬᠤ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁