ᠮᠤᠩᠭ᠋ᠤᠯ ᠤᠨ ᠦᠨᠳᠦᠷᠯᠢᠭ᠌

ᠮᠣᠢᠩᠬᠡ ᠭᠠᠯᠪᠠ ᠶᠢᠨ ᠪᠣᠷᠬᠠᠨ ᠦᠨᠳᠥᠷᠯᠢᠭ᠌

ᠮᠣᠷᠢᠳᠠᠨ ᠦᠨᠳᠥᠰᠣᠳᠡᠨ ᠤ ᠰᠢᠲᠦᠬᠡᠨ ᠦᠨᠳᠥᠷᠯᠢᠭ᠌︕

ᠲᠡᠬᠡᠬᠥᠷ ᠨᠢ ᠵᠢᠬᠥᠷ ᠲᠡᠶ ᠪᠦᠬᠥᠨ ᠭᠠᠷᠳᠠᠭ ᠪᠢᠰᠢ

ᠲᠡᠷᠬᠡᠳᠡ ᠨᠢ ᠬᠦᠯ ᠲᠡᠶ ᠪᠣᠯᠭᠠᠨ ᠬᠦᠷᠳᠡᠭ ᠴᠤ ᠪᠢᠰᠢ ᠡ︕

ᠡᠴᠢᠬᠡ ᠶᠢᠨ ᠵᠠᠬᠥᠭ᠍ᠰᠡᠨ ᠬᠢᠳᠣᠭ᠎ᠠ ᠶᠢ

ᠴᠢᠯᠠᠭᠣᠨ ᠳ᠋ᠣᠨᠢ ᠡᠢᠷᠯᠠᠪᠠᠯ

ᠮᠣᠬᠣᠬᠣ ᠦᠭᠡᠶ ᠷᠢᠳᠢ ᠲᠡᠶ

ᠡᠵᠢ ᠶᠢᠨ ᠰᠠᠭᠠᠭᠰᠠᠨ ᠰᠥ᠋ ᠶᠢ

ᠰᠡᠬᠥᠳᠡᠷ ᠲᠣᠨᠢ ᠲᠠᠯᠪᠢᠪᠠᠯ

ᠡᠢᠰᠳᠡᠭ ᠦᠭᠡᠶ ᠰᠢᠳᠢ ᠲᠡᠶ

ᠨᠠᠷᠠ ᠨᠢ ᠬᠠᠯᠠᠬᠣ ᠳᠠᠭᠠᠨ ᠬᠦᠯᠥᠷᠠᠵᠦ

ᠨᠠᠭᠣᠷ ᠲᠣᠨᠢ ᠰᠡᠷᠢᠬᠥᠴᠡᠵᠦ ᠣᠮᠪᠠᠳᠠᠭ ᠦᠨᠳᠥᠷᠯᠢᠭ᠌︕

ᠰᠠᠷᠠ ᠨᠢ ᠭᠠᠭᠴᠠᠭᠠᠷᠳᠠᠬᠣ ᠳᠠᠭᠠᠨ ᠣᠢᠢᠳᠴᠣ

ᠨᠥᠮᠥᠷᠢ ᠳ᠋ᠣᠨᠢ ᠲᠠᠭᠣᠯᠠᠵᠣ ᠬᠣᠨᠣᠳᠠᠭ ᠦᠨᠳᠥᠷᠯᠢᠭ᠌︕

ᠰᠠᠯᠬᠢ ᠨᠢ ᠰᠥᠷᠳᠡᠬᠥ ᠳᠡᠭᠡᠨ ᠨᠣᠮᠣᠬᠠᠷᠠᠵᠣ

ᠵᠤᠯᠠᠢ ᠶᠢ ᠨᠢ ᠡᠢᠯᠪᠢᠨ ᠠᠷᠭᠠᠳᠠᠳᠠᠭ ᠶᠣᠮ

ᠡᠬᠥᠯᠡ ᠨᠢ ᠨᠡᠬᠥᠳᠡᠯᠯᠡᠬᠥ ᠳᠡᠭᠡᠨ ᠲᠡᠬᠡᠭ᠍ᠯᠠᠵᠦ

ᠪᠣᠷᠣᠭ᠎ᠠ ᠪᠠᠨ ᠬᠠᠶ᠋‍ᠢᠷᠠᠯᠠᠨ ᠡᠷᠬᠡᠯᠡᠳᠡᠭ ᠶᠣᠮ

ᠠᠭᠣᠯᠠ ᠨᠢ ᠰᠡᠭ᠍ᠴᠢᠬᠥᠯᠬᠥ ᠳᠡᠭᠡᠨ ᠬᠢᠯᠢᠩᠨᠠᠵᠣ

ᠭᠠᠯ ᠢᠶᠡᠷ ᠲᠡᠯᠪᠡᠷᠡᠳᠡᠭ ᠠᠷᠠᠠᠰᠢᠨ ᠲᠡᠶ

ᠣᠰᠣ ᠨᠢ ᠣᠷᠣᠰᠬᠣ ᠳᠠᠭᠠᠨ ᠬᠦᠬᠡᠮᠡᠢᠢᠳᠡᠵᠦ

ᠴᠡᠴᠡᠭ ᠢᠶᠡᠨ ᠦᠨᠥᠰᠳᠡᠭ ᠠᠭᠠᠯᠢ ᠲᠡᠶ

ᠭᠠᠳᠠᠭᠰᠢ ᠴᠤᠬᠤᠢᠢᠬᠤ ᠳᠠᠭᠠᠨ ᠭᠠᠩ ᠰᠢᠭ ᠪᠠᠶ᠋‍ᠢᠶ᠎ᠠ ᠬᠡᠥᠨ

ᠡᠪᠠᠰᠣ ᠨᠢ ᠬᠦᠷᠳᠡᠯ᠎ᠡ ᠦᠨᠳᠥᠰᠤ ᠪᠠᠷ ᠢᠶᠡᠨ ᠬᠣᠯᠪᠣᠯᠳᠣᠳᠠᠭ

ᠭᠠᠩᠳᠠᠭᠰᠠᠨ ᠬᠦᠷᠥᠰᠥᠨ ᠳᠡᠭᠡᠨ ᠰᠡᠬᠥᠳᠡᠷ ᠪᠣᠯᠣᠶ᠎ᠠ ᠬᠡᠥᠨ

ᠮᠣᠳᠣ ᠨᠢ ᠪᠣᠯᠪᠠᠴᠣ ᠮᠦᠴᠢᠷ ᠢᠶᠡᠷ ᠢᠶᠡᠨ ᠨᠡᠢᠢᠯᠡᠳᠡᠭ

ᠬᠠᠭᠠᠨ ᠲᠥᠷᠤ ᠶᠢᠨ ᠭᠣᠯᠣᠮᠳᠠ ᠮᠠᠨᠠᠭᠰᠠᠨ

ᠬᠠᠳᠠᠨ ᠤ ᠴᠢᠯᠠᠭᠣ ᠨᠢ ᠮᠣᠩᠭ᠋ᠣᠯ ᠢᠶᠡᠷ ᠶᠠᠷᠢᠳᠠᠭ

ᠬᠠᠳᠣᠨ ᠡᠬᠡ ᠶᠢᠨ ᠨᠢᠯᠪᠣᠰᠣ ᠲᠣᠰᠣᠭᠰᠠᠨ

ᠬᠠᠯᠬᠢᠯᠠᠬᠣ ᠮᠥᠷᠡᠨ ᠨᠢ ᠴᠢᠰᠤ ᠪᠠᠷ ᠣᠬᠢᠯᠠᠳᠠᠭ

ᠲᠠᠷᠠᠵᠣ ᠪᠣᠳᠠᠷᠠᠭᠰᠠᠨ ᠦᠷᠡᠰ ᠢᠶᠡᠨ ᠦᠬᠡᠶ᠋‍ᠢᠯᠡᠵᠦ

ᠬᠦᠪᠴᠢ ᠨᠢ ᠬᠡᠵᠢᠶᠡᠳᠡ ᠭᠣᠨᠢᠭ ᠲᠡᠶ ᠰᠢᠷᠠᠯᠠᠳᠠᠭ

ᠲᠠᠪᠣᠨ ᠮᠥᠰᠥᠨ ᠤ ᠰᠣᠷᠭᠠᠯ ᠬᠠᠶ᠋‍ᠢᠯᠵᠣ

ᠬᠦᠳᠡᠬᠡ ᠨᠢ ᠲᠠᠩᠳᠠ ᠨᠢᠯᠪᠣᠰᠣ ᠲᠡᠶ ᠰᠡᠷᠠᠳᠡᠭ

ᠰᠢᠨᠣᠯ ᠤᠨ ᠨᠢᠳᠣᠳ ᠢ ᠰᠣᠬᠣᠯᠠᠬᠣ ᠬᠡᠵᠦ

ᠭᠣᠪᠢ ᠨᠢ ᠵᠤᠨ ᠳᠠᠭᠠᠨ ᠡᠯᠠᠰᠣ ᠪᠠᠷ ᠰᠢᠭᠣᠷᠳᠠᠭ︕

ᠰᠢᠯᠣᠰᠣ ᠲᠡᠶ ᠠᠮᠨ ᠶᠢ ᠲᠠᠭᠯᠠᠬᠣ ᠬᠡᠵᠦ

ᠭᠣᠣᠯ ᠨᠢ ᠡᠪᠣᠯ ᠳᠡᠭᠡᠨ ᠮᠥᠰᠤ ᠪᠠᠷ ᠲᠦᠬᠥᠷᠳᠡᠭ︕

ᠵᠠᠬᠥᠳᠥᠨ ᠳᠤ ᠡᠢᠷᠡᠳᠡᠭ ᠡᠷᠳᠠᠨᠢ ᠶᠢᠨ ᠬᠦᠯᠥᠭ ᠨᠢ

ᠣᠶᠠᠭᠠᠨ ᠳᠤ ᠰᠣᠶ᠋‍ᠢᠭᠳᠠᠵᠣ ᠡᠮᠠᠬᠡᠯ ᠲᠡᠶ ᠬᠠᠳᠠᠨ᠎ᠠ

ᠵᠢᠷᠥᠬᠡᠨ ᠳᠤ ᠲᠠᠨᠢᠭᠳᠠᠬᠣ ᠡᠮᠳᠡᠷᠬᠡᠢ ᠰᠠᠯᠠᠮ᠎ᠠ ᠨᠢ

ᠦᠨᠡᠰᠥᠨ ᠳᠤ ᠪᠣᠯᠠᠭᠳᠠᠵᠣ ᠵᠢᠪᠠ ᠲᠡᠶ ᠬᠡᠪᠳᠡᠨ᠎ᠡ

ᠮᠢᠨᠣ ᠬᠦᠷᠥᠢ᠎ᠡ ᠬᠡᠥᠨ ᠬᠦᠷᠴᠦ ᠪᠣᠯᠳᠠᠭ ᠦᠭᠡᠶ

ᠬᠦᠰᠡᠯ ᠤᠨ ᠬᠦᠬᠡ ᠭᠠᠯ ︱

ᠮᠣᠩᠭ᠋ᠣᠯ ᠤᠨ ᠦᠨᠳᠥᠷᠯᠢᠭ᠌︕

ᠮᠢᠨᠣ ᠬᠠᠷᠠᠶ᠎ᠠ ᠬᠡᠥᠨ ᠬᠠᠷᠠᠵᠣ ᠴᠢᠳᠠᠳᠠᠭ ᠦᠭᠡᠶ

ᠬᠠᠭᠠᠰ ᠰᠢᠳᠠᠭᠰᠠᠨ ᠲᠣᠶ᠋‍ᠢᠮᠠᠷ ᠴᠤ ︱

ᠮᠣᠩᠭ᠋ᠣᠯ ᠤᠨ ᠦᠨᠳᠥᠷᠯᠢᠭ᠌᠌ ᠡ︕


ᠵᠤᠬᠢᠶᠠᠭᠴᠢ ᠶᠢᠨ ᠬᠠᠶ‍ᠢᠭ᠄ ᠬᠦᠬᠡᠨᠠᠭᠤᠷ ᠮᠣᠵᠢ ᠶᠢᠨ ᠣᠯᠠᠭᠠᠨ ᠰᠢᠶᠠᠨ ᠤ ᠮᠣᠩᠭ᠋ᠣᠯ ᠪᠠᠭ᠎ᠠ ᠰᠣᠷᠭᠠᠭᠣᠯᠢ

ᠵᠤᠬᠢᠶᠠᠭᠴᠢ᠄ ᠯ᠂ᠤᠳᠤᠨ
ᠢᠷᠡᠯᠲᠡ᠄ ᠬ᠂ᠪᠦᠬᠡᠮᠠᠨᠳᠤᠯ᠎ᠠ
ᠬᠠᠷᠢᠶ᠎ᠠ᠄
ᠳᠠᠷᠤᠮ᠄ 333
ᠴᠠᠭ᠄ 2015 ᠤᠨ ᠤ 05 ᠰᠠᠷ᠎ᠠ ᠶᠢᠨ 14
ᠨᠠᠢ᠌ᠷᠠᠭᠤᠯᠤᠭᠴᠢ᠄ ᠬᠦᠷᠡᠯᠳᠤᠭᠳᠠᠬᠤ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁