ᠳᠠᠯ᠎ᠠ ᠶᠢᠨ ᠬᠠᠢ᠌ᠷ᠎ᠠ

ᠪᠠᠭᠡᠵᠢᠩ ᠤᠨ ᠳᠠᠯ᠎ᠠ ᠶᠢᠨ ᠬᠠᠢ᠌ᠷ᠎ᠠ ᠨᠠᠢ᠌ᠷᠠᠯ ᠳᠠᠭᠤᠤ ᠶᠢᠨ ᠪᠦᠯᠭᠦᠮ 1999 ᠣᠨ ᠤ 7 ᠰᠠᠷ᠎ᠠ ᠶᠢᠨ 9 ᠳᠤ ᠪᠠᠢ᠌ᠭᠤᠯᠤᠭᠳᠠᠵᠠᠢ ᠂ ᠣᠢᠪᠣᠷ ᠮᠤᠩᠭ᠋ᠤᠯ ᠳᠤ ᠭᠦᠳᠡᠭᠡ ᠪᠠᠭᠤᠭᠰᠠᠨ ᠰᠡᠭᠡᠭᠡᠳᠡᠳ ᠭᠢᠭᠡᠤᠨ ᠮᠤᠩᠭ᠋ᠤᠯ ᠰᠤᠶ‍ᠤᠯ ᠳᠤ ᠬᠠᠢ᠌ᠷᠠᠳᠠᠢ ᠭᠦᠮᠦᠰ ᠶᠢᠡᠷ ᠪᠦᠷᠢᠯᠳᠦᠵᠤ ᠂ ᠣᠳᠤᠬᠠᠨ᠎ᠠ ᠵᠠᠭᠤ ᠭᠠᠷᠤᠢ ᠭᠡᠰᠢᠭᠦᠨ ᠲᠡᠶ ᠂ ᠨᠠᠷᠠᠳᠤ ᠺᠢᠨᠣ᠊ ᠣᠷᠠᠯᠢᠭᠴᠢᠤᠨ ᠢᠤᠢ ᠶ‍ᠠᠩ ᠂ ᠠᠯᠳᠠᠷᠳᠤ ᠳᠠᠭᠤᠴᠢᠨ ᠳᠠᠤᠠᠮ᠎ᠠ ᠂ ᡀᠠᠰᠤᠢᠷᠤᠩ ᠨᠡᠷ ᠣᠷᠠᠯᠢᠭ ᠤᠨ ᠵᠥᠪᠯᠡᠭᠦ ᠪᠣᠯᠵᠤ ᠂ ᠡᠦᠳᠦᠡᠭᠡᠷᠡᠯ ᠂ ᠣᠯᠠᠭᠠᠠᠳᠤᠭ ᠮᠠᠳᠤ ᠶᠢᠨ ᠢᠳᠠᠷ ᠨᠠᠰᠤᠨ ᠤ ᠣᠷᠠᠯᠢᠭᠴᠢᠤᠨ ᠠᠯᠪᠠᠨ ᠵᠢᠷᠤᠮ ᠤᠨ ᠣᠷᠠᠯᠢᠭ ᠤᠨ ᠵᠢᠯᠤᠭᠤᠳᠤᠭᠴᠢ ᠪᠣᠯᠵᠠᠢ ᠃

2000 ᠣᠨ ᠤ ᠰᠢᠨ᠎ᠠ ᠵᠢᠯ ᠤᠨ ᠡᠮᠦᠨ᠎ᠡ ᠂ ᠨᠠᠢ᠌ᠷᠠᠯ ᠳᠠᠭᠤᠤ ᠶᠢᠨ ᠪᠦᠯᠭᠦᠮ ᠴᠢᠯᠦᠭᠡᠯᠡᠭᠦ ᠴᠡᠷᠢᠭ᠌ ᠤᠨ ᠶ‍ᠡᠷᠦᠩᠭᠡᠢ ᠣᠯᠤᠰ ᠳᠤᠢᠷᠤ ᠶᠢᠨ ᠭᠡᠯᠳᠡᠰ ᠤᠨ ᠳᠠᠰᠬᠠᠯᠵᠢᠯᠳᠠ ᠶᠢᠨ ᠳᠢᠩᠭᠢᠮ ᠳᠤ ᠠᠩᠬᠠᠳᠠᠭᠴᠢ ᠣᠳᠠᠭ᠎ᠠ ᠪᠠᠨ ᠳᠠᠢ᠌ᠰᠠᠨ ᠳᠤ ᠭᠠᠷᠤᠭᠰᠠᠨ ᠪᠠᠢ᠌ᠨ᠎ᠠ ᠃ 2004 ᠣᠨ ᠤ 4 ᠰᠠᠷ᠎ᠠ ᠳᠤ ᠳᠤᠮᠳᠠᠳᠤ ᠣᠯᠤᠰ ᠤᠨ ᠨᠠᠢ᠌ᠷᠠᠯ ᠳᠠᠭᠤᠤ ᠶᠢᠨ ᠨᠡᠢ᠌ᠭᠡᠮᠯᠢᠭ᠌ ᠤᠨ ᠡᠷᠭᠢᠯᠡᠭ᠍ᠰᠡᠨ ︽ ᠵᠢᠩᠬᠤᠧᠨ ᠶᠢᠨ ᠳᠠᠭᠤᠨ ︾ ᠨᠠᠢ᠌ᠷᠠᠯ ᠳᠠᠭᠤᠤ ᠶᠢᠨ ᠪᠠᠶ‍ᠠᠷ ᠳᠡᠭᠡᠷ᠎ᠡ ᠳᠠᠯ᠎ᠠ ᠶᠢᠨ ᠬᠠᠢ᠌ᠷ᠎ᠠ ᠨᠠᠢ᠌ᠷᠠᠯ ᠳᠠᠭᠤᠤ ᠶᠢᠨ ᠪᠦᠯᠭᠦᠮ ︽ ᠥᠵᠡᠰᠭᠦᠯᠡᠩᠳᠤ ᠰᠠᠢ᠌ᠬᠠᠨ ᠮᠢᠨᠤ ᠨᠤᠳᠤᠭ ︾ ᠂ ︽ ᠣᠭᠠᠯᠵᠠᠨ ᠭᠡ ᠲᠡᠶ ᠡᠮᠡᠭᠡᠯ ︾ ᠪᠣᠯᠤᠨ ︽ ᠳᠠᠯ᠎ᠠ ᠶᠢᠨ ᠬᠠᠢ᠌ᠷ᠎ᠠ ︾ ᠭᠤᠷᠪᠠᠨ ᠳᠠᠭᠤᠤ ᠪᠠᠷ ᠶᠢᠡᠨ ᠥᠵᠡᠭ᠍ᠴᠢᠤᠨ ᠤᠨ ᠰᠠᠤᠠᠭᠢᠯ ᠢ ᠳᠤᠭᠳᠤᠯᠤᠭᠤᠯᠤᠭᠰᠠᠨ ᠡᠴᠡ ᠠᠪᠣᠭᠠᠤᠨ ᠶ‍ᠠᠩᠵᠤ ᠪᠦᠷᠢ ᠶᠢᠨ ᠳᠤᠭᠯᠠᠯᠳᠠ ᠨᠤᠭᠤᠳ ᠲᠤ ᠳᠠᠳᠠᠨ ᠤ ᠪᠠᠷ᠎ᠠ ᠬᠠᠷᠠᠭᠳᠠᠬᠤ ᠪᠣᠯᠪᠠ ᠃

ᠨᠠᠢ᠌ᠷᠠᠯ ᠳᠠᠭᠤᠤ ᠶᠢᠨ ᠪᠦᠯᠭᠦᠮ ᠨᠢ ᠳᠠᠯ᠎ᠠ ᠨᠤᠳᠤᠭ ᠶᠢᠡᠨ ᠳᠠᠭᠤᠯᠠᠵᠤ ᠂ ᠳᠠᠯ᠎ᠠ ᠨᠤᠳᠤᠭ ᠲᠤ ᠠᠩᠬᠠᠷᠤᠯ ᠶᠢᠡᠨ ᠬᠠᠠᠳᠤᠭᠤᠯᠬᠤ ᠶᠢ ᠳᠠᠷᠬᠠᠨ ᠡᠭᠦᠷᠭᠡ ᠪᠠᠨ ᠪᠣᠯᠭᠠᠵᠠᠢ ᠃ ᠣᠯᠠᠨ ᠵᠢᠯ ᠤᠨ ᠳᠤᠷᠰᠢ ᠨᠠᠢ᠌ᠷᠠᠯ ᠳᠠᠭᠤᠤ ᠶᠢᠨ ᠪᠦᠯᠭᠦᠮ ᠤᠨ ᠭᠢᠨ ᠶ‍ᠠᠩᠵᠤ ᠪᠦᠷᠢ ᠶᠢᠨ ᠭᠡᠯᠪᠠᠷᠢ ᠪᠠᠷ ᠡᠵᠢ ᠳᠠᠯ᠎ᠠ ᠶᠢᠨ ᠶᠢᠡᠨ ᠠᠴᠢ ᠶᠢ ᠬᠠᠷᠢᠭᠤᠯᠵᠤ ᠶ‍ᠠᠪᠣᠯ᠎ᠠ ᠃ 2005 ᠣᠨ ᠤ ᠰᠢᠯᠢ ᠶᠢᠨ ᠭᠤᠤᠯ ᠤᠨ ᠶ‍ᠡᠭᠡ ᠵᠤᠳ ᠲᠤ ᠬᠤᠶ‍ᠠᠳᠠᠭᠢ ᠨᠤᠳᠤᠭ ᠪᠣᠯᠤᠭᠰᠠᠨ ᠣᠢᠵᠤᠮᠤᠴᠢᠨ ᠳᠤ 50 ᠳᠤᠢᠮᠠᠨ ᠳᠦᠭᠦᠷᠢᠭ᠌ ᠤᠨ ᠬᠠᠠᠳᠢᠪ ᠪᠠᠷᠢᠭᠰᠠᠨ ᠪᠠᠢ᠌ᠨ᠎ᠠ ᠃

ᠳᠤᠬᠠᠢ ᠶᠢᠨ ᠵᠢᠯ ᠳᠠᠯ᠎ᠠ ᠨᠤᠳᠤᠭ ᠣᠷᠤᠭᠤ ᠳᠡᠮᠡᠦᠯᠦᠭ᠍ᠰᠡᠨ ︽ ᠵᠤᠷᠢᠭᠳᠤ ᠵᠠᠯᠠᠭᠤᠴᠤᠳ ︾ ᠂ ᠡᠳᠦᠭᠡ ᠳᠠᠯ᠎ᠠ ᠶᠢᠨ ᠬᠠᠢ᠌ᠷ᠎ᠠ ᠨᠠᠢ᠌ᠷᠠᠯ ᠳᠠᠭᠤᠤ ᠶᠢᠨ ᠪᠦᠯᠭᠦᠮ ᠳᠤ ᠠᠭᠢᠠᠳᠠ ᠴᠤᠭᠯᠠᠷᠠᠪᠠ ᠃ ᠶ‍ᠠᠩᠵᠤ ᠶᠢᠨ ᠭᠠᠰᠢᠭᠤᠨ ᠢ ᠳᠤᠭᠤᠯᠵᠤ ᠢᠷᠡᠭ᠍ᠰᠡᠨ ᠳᠠᠳᠠᠨ ᠢ ᠣᠳᠤ ᠭᠦᠷᠳᠡᠯ᠎ᠡ ᠳᠤᠭᠳᠤᠯᠤᠭᠤᠯᠵᠤ ᠪᠠᠢ᠌ᠳᠠᠭ ᠥᠯᠢᠭᠡᠷ ᠤᠳ ᠢ ᠨᠢ ᠰᠤᠨᠤᠰᠴᠠᠭᠠᠶ᠎ᠠ ᠄

ᠰᠠᠤᠠᠭᠢᠯ ᠳᠤ ᠣᠶ‍ᠠᠭᠠᠳᠠᠢ ᠳᠠᠯ᠎ᠠ

ᠳᠤᠷᠠᠰᠬᠠᠯ ᠤᠨ ᠬᠠᠳᠠ ᠲᠡᠶ ᠪᠠᠨ ᠵᠠᠪᠠᠯ ᠵᠢᠷᠤᠭ ᠠᠪᠬᠠᠭᠤᠯᠤᠨ᠎ᠠ

︽ ᠪᠢᠳᠠ ᠬᠠᠷᠢᠭᠠᠤᠨ ᠢᠷᠠᠯ᠎ᠠ ︾

ᠮᠠᠯᠴᠢᠤᠨ ᠲᠡᠶ ᠬᠠᠮᠳᠤ

ᠳᠠᠯ᠎ᠠ ᠶᠢᠨ ᠡᠯᠡᠰᠦᠷᠭᠡᠭ᠍ᠵᠢᠯ ᠳᠤ ᠨᠢᠯᠪᠣᠰᠤ ᠣᠨᠠᠭᠠᠨ᠎ᠠ

ᠳᠠᠯ᠎ᠠ ᠨᠤᠳᠤᠭ ᠲᠤ ᠠᠩᠬ᠎ᠠ ᠭᠦᠷᠭᠦ ᠳᠡᠭᠡᠨ

ᠮᠠᠯᠴᠢᠨ ᠪᠣᠯᠪᠠ



ᠵᠤᠬᠢᠶᠠᠭᠴᠢ᠄ ᠢᠩᠭᠡᠷ
ᠢᠷᠡᠯᠲᠡ᠄ ᠣᠢᠠᠳᠤᠰᠤᠳᠠᠨ ᠤ ᠵᠢᠷᠤᠭᠳᠤ ᠰᠡᠦᠡᠭᠦᠯ ᠤᠨ ᠬᠤᠷᠢᠶ᠎ᠠ
ᠬᠠᠷᠢᠶ᠎ᠠ᠄
ᠳᠠᠷᠤᠮ᠄ 221
ᠴᠠᠭ᠄ 2015 ᠤᠨ ᠤ 05 ᠰᠠᠷ᠎ᠠ ᠶᠢᠨ 11
ᠨᠠᠢ᠌ᠷᠠᠭᠤᠯᠤᠭᠴᠢ᠄ ᠰᠠᠴᠤᠷᠠᠯ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁