ᠮᠤᠩᠭ᠋ᠤᠯ ᠬᠤᠭᠤᠯᠠ ᠪᠡᠭᠡᠵᠢᠩ ᠬᠤᠳᠠ ᠳᠦ
ᠪᠡᠭᠡᠵᠢᠩ ᠦᠨ ᠤᠪᠤᠭᠠᠨ ᠨᠠᠢᠢᠷ ᠢ ᠲᠡᠮᠳᠡᠭᠯᠡᠪᠡ

ᠪᠡᠭᠡᠵᠢᠩ ᠬᠤᠳᠠ ᠵᠢᠨ ᠬᠠᠢ ᠳᠢᠶᠠᠨ ᠲᠤᠭᠤᠷᠢᠭ ᠦᠨ ᠵᠦᠩ ᠭᠤᠸᠠᠨ ᠼᠦᠨ ᠵᠡᠭᠡᠯᠢ ᠳᠦ ᠪᠠᠢᠢᠷᠢᠯᠠᠵᠦ ᠪᠠᠢᠢᠬᠤ ᠤᠪᠤᠭᠠᠨ ᠨᠠᠢᠢᠷ ᠪᠤᠯ ᠳᠤᠢᠩ ᠯᠢᠶᠠᠨ ᠬᠤᠪᠢ ᠡᠵᠡᠮᠳᠡᠭᠰᠡᠨ ᠪᠦᠯᠦᠭᠯᠡᠯ ᠦᠨ ᠪᠡᠯᠡ ᠤᠷᠤᠭᠤᠯᠵᠦ ᠪᠠᠢᠢᠭᠤᠯᠤᠭᠰᠠᠨ ᠰᠤᠶᠤᠯ ᠦᠨ ᠰᠡᠳᠭᠢᠮᠵᠢ ᠪᠤᠬᠦᠢ ᠠᠵᠦ ᠦᠢᠯᠡᠰ ᠪᠤᠯᠤᠨ᠎ᠠ᠃ᠲᠡᠷᠡ ᠨᠢ ᠤᠷᠳᠤᠰ ᠦᠨ ᠲᠠᠯ᠎ᠠ ᠨᠤᠲᠤᠭ ᠦᠨ ᠰᠤᠶᠤᠯ ᠳᠦ ᠲᠤᠯᠭᠠᠭᠤᠷᠢᠯᠠᠨ᠂ᠤᠪᠤᠭᠠᠨ ᠨᠠᠢᠢᠷ ᠦᠨ ᠦᠵᠡᠮᠵᠢᠲᠦ ᠢᠳᠡᠭᠡᠨ ᠵᠢᠡᠷ ᠤᠨᠴᠠᠯᠢᠭᠲᠦ ᠵᠦᠢᠯᠡᠰ ᠵᠢᠡᠨ ᠪᠤᠯᠭᠠᠵᠦ᠂ᠤᠷᠳᠤᠰ ᠬᠤᠷᠢᠮ ᠦᠨ ᠲᠤᠭᠯᠠᠯᠲᠠ ᠪᠡᠷ ᠭᠤᠤᠯ ᠰᠡᠳᠦᠪ ᠪᠤᠯᠭᠠᠭᠰᠠᠨ ᠰᠤᠶᠤᠯ ᠦᠨ ᠤᠨᠴᠠᠯᠢᠭ ᠪᠦᠬᠦᠢ ᠮᠤᠩᠭ᠋ᠤᠯ ᠬᠤᠭᠤᠯᠠᠨ ᠦ ᠭᠠᠵᠠᠷ ᠪᠤᠯᠤᠨ᠎ᠠ᠃

ᠪᠡᠭᠡᠵᠢᠩ ᠦᠨ ᠳᠤᠢᠩ ᠯᠢᠶᠠᠨ ᠤᠪᠤᠭᠠᠨ ᠨᠠᠢᠢᠷ ᠦᠨ ᠡᠭᠦᠳᠦᠭᠰᠡᠨ ᠮᠤᠩᠭ᠋ᠤᠯ ᠬᠤᠭᠤᠯᠠ ᠨᠢ ᠲᠠᠯ᠎ᠠ ᠨᠤᠲᠤᠭ ᠦᠨ ᠤᠨᠴᠠᠯᠢᠭ᠂ᠠᠭᠤᠷ ᠠᠮᠢᠰᠬᠤᠯ ᠦᠨ ᠤᠨᠴᠠᠯᠢᠭ ᠪᠠ ᠰᠤᠶᠤᠯ ᠦᠨ ᠤᠨᠴᠠᠯᠢᠭ ᠢ ᠠᠭᠤᠰᠬᠠᠨ ᠰᠢᠩᠭᠡᠭᠡᠭ᠍ᠰᠡᠨ ᠵᠢᠡᠷ ᠮᠤᠩᠭ᠋ᠤᠯ ᠦᠨᠳᠦᠰᠦᠲᠡᠨ ᠦ ᠤᠨᠴᠠᠯᠢᠭᠲᠦ ᠢᠳᠡᠭᠡᠨ ᠤᠮᠳᠠᠭᠠᠨ ᠦ ᠪᠠᠭᠠᠰᠬᠠᠯ ᠵᠢᠷᠤᠭ ᠪᠤᠯᠤᠭᠰᠠᠨ ᠪᠠᠢᠢᠨ᠎ᠠ᠃ᠤᠪᠤᠭᠠᠨ ᠨᠠᠢᠢᠷ ᠦᠨ ᠢᠳᠡᠭᠡᠨ ᠤᠮᠳᠠᠭᠠᠨ ᠦ ᠲᠦᠷᠦᠯ ᠵᠦᠢᠯ ᠮᠠᠰᠢ ᠪᠠᠶᠠᠯᠢᠭ ᠪᠠᠢᠢᠳᠠᠭ᠂ᠡᠭᠦᠨ ᠳᠦ ᠮᠢᠬ᠎ᠠ ᠲᠤᠰᠤ᠂ᠰᠦ᠋ ᠴᠠᠭ᠎ᠠ᠂ᠤᠮᠳᠠᠭᠠᠨ ᠦ ᠵᠦᠢᠯ᠂ᠠᠮᠤ ᠪᠤᠳᠠᠭ᠎ᠠ ᠵᠡᠷᠬᠡ ᠪᠤᠷᠤᠭᠵᠢᠭᠤᠨ᠂ᠪᠠᠢᠢᠭᠠᠯᠢᠯᠢᠭ᠂ᠠᠭᠤᠳᠠᠮᠴᠢ ᠴᠢᠨᠠᠷ ᠪᠦᠬᠦᠢ ᠮᠤᠩᠭ᠋ᠤᠯ ᠬᠤᠭᠤᠯᠠᠨ ᠦ ᠵᠦᠢᠯ ᠦᠳ ᠪᠠᠢᠢᠬᠤ ᠪᠦᠬᠡᠳ ᠪᠠᠰᠠ ᠤᠯᠠᠨ ᠲᠦᠮᠡᠨ ᠢ ᠢᠳᠡᠬᠦ ᠲᠤᠷᠠᠲᠠᠢ ᠡᠯ᠎ᠠ ᠭᠠᠵᠠᠷ ᠦᠨ ᠤᠨᠴᠠᠯᠢᠭᠲᠦ ᠢᠳᠡᠭᠡᠨ ᠪᠤᠢ᠃ᠤᠪᠤᠭᠠᠨ ᠨᠠᠢᠢᠷ ᠨᠢ ᠦᠪᠦᠷ ᠮᠤᠩᠭ᠋ᠤᠯ ᠦᠨ ᠢᠳᠡᠭᠡᠨ ᠵᠢᠡᠷ ᠭᠤᠤᠯ ᠪᠤᠯᠭᠠᠵᠦ᠂ᠰᠸᠴᠤᠸᠠᠨ᠂ᠱᠠᠨᠳᠤᠢᠩ᠂ᠵᠢᠶᠠᠩᠰᠦ᠂ᠭᠤᠸᠠᠩᠳᠤᠢᠩ ᠵᠡᠷᠬᠡ ᠭᠠᠵᠠᠷ ᠤᠷᠤᠨ ᠦ ᠢᠳᠡᠭᠡᠨ ᠦ ᠵᠦᠢᠯ ᠵᠢᠡᠷ ᠴᠦ ᠲᠤᠰᠠᠯᠠᠮᠵᠢ ᠪᠤᠯᠭᠠᠨ᠂ᠦᠬᠡᠷ ᠬᠠᠳᠠᠭᠤ᠂ ᠰᠢᠷᠠᠭᠰᠠᠨ ᠪᠦᠬᠦᠯᠢ ᠬᠤᠨᠢ᠂ᠵᠤᠮ᠎ᠠ᠂ᠰᠢᠬᠦᠰᠦ᠂ᠰᠢᠷᠠᠭᠰᠠᠨ ᠮᠢᠬ᠎ᠠ᠂ᠴᠢᠨᠠᠭᠰᠠᠨ ᠮᠢᠬ᠎᠎ᠠ᠂ᠪᠦᠬᠦ᠂ᠰᠤᠪᠤᠭᠰᠠᠨ ᠦᠷᠦᠮ᠎ᠠ᠂ᠰᠦᠨ ᠡᠭᠡᠳᠡᠩ ᠵᠡᠷᠬᠡ ᠪᠡᠷ ᠢᠳᠡᠭᠡᠨ ᠦ ᠪᠠᠨ ᠤᠨᠴᠠᠯᠢᠭ ᠪᠤᠯᠭᠠᠭᠰᠠᠨ ᠪᠠᠢᠢᠳᠠᠭ᠃

ᠤᠪᠤᠭᠠᠨ ᠨᠠᠢᠢᠷ ᠦᠨ ᠵᠠᠰᠠᠵᠦ ᠴᠢᠮᠡᠵᠦ ᠵᠢᠷᠦᠵᠦ ᠲᠦᠯᠦᠪᠯᠡᠭᠰᠡᠨ ᠨᠢ ᠮᠤᠩᠭ᠋ᠤᠯ ᠡᠯᠧᠮᠧᠨ᠋ᠲ ᠪᠠᠢᠢᠭ᠎ᠠ ᠪᠦᠬᠡᠳ ᠪᠠᠰᠠ ᠴᠠᠭ ᠦᠨ ᠦᠩᠬᠡ ᠵᠢ ᠲᠠᠭᠠᠵᠦ ᠴᠢᠳᠠᠭᠰᠠᠨ ᠵᠢᠡᠷ ᠵᠢᠡᠨ ᠦᠪᠡᠷᠮᠢᠴᠠ ᠤᠨᠴᠠᠯᠢᠭ ᠲᠠᠢ ᠪᠠᠢᠢᠳᠠᠭ᠃ᠵᠤᠴᠢᠯᠠᠬᠤ ᠲᠢᠩᠬᠢᠮ ᠦᠨ ᠲᠡᠭ ᠲᠤᠮᠳᠠ  ᠪᠠᠢᠢᠭ᠎ᠠ ᠲᠤᠭᠤᠷᠢᠭ ᠲᠠᠢᠢᠰᠠ ᠪᠠ ᠵᠦᠴᠦᠬᠡ ᠵᠢᠨ ᠲᠢᠶᠠᠲ᠋ᠠᠷ ᠮᠠᠶᠢᠭ ᠦᠨ ᠤᠷᠴᠢᠨ ᠨᠢ ᠪᠡᠭᠡᠵᠢᠩ ᠬᠤᠳᠠ ᠳᠦ ᠴᠤᠷᠢ ᠵᠢᠨ ᠭᠠᠭᠴᠠ ᠪᠠᠢᠢᠵᠦ᠂ᠪᠡᠭᠡᠵᠢᠩ ᠦᠨ ᠳᠤᠢᠩ ᠯᠢᠶᠠᠨ ᠤᠪᠤᠭᠠᠨ ᠨᠠᠢᠢᠷ ᠦᠨ ᠦᠨᠳᠦᠰᠦᠲᠡᠨ ᠦ ᠤᠨᠴᠠᠯᠢᠭ ᠪᠠ ᠰᠤᠶᠤᠯ ᠦᠨ ᠲᠠᠪᠠᠭᠤᠯᠢᠭ ᠢ ᠢᠯᠡᠷᠡᠭᠦᠯᠵᠡᠢ᠃

ᠲᠡᠳᠡᠨ ᠦ ᠤᠷᠠᠯᠠᠨ ᠡᠭᠦᠳᠦᠭᠰᠡᠨ《ᠤᠷᠳᠤᠰ ᠬᠤᠷᠢᠮ》 ᠨᠢ ᠮᠤᠩᠭ᠋ᠤᠯ ᠦᠨᠳᠦᠰᠦᠲᠡᠨ ᠦ ᠪᠡᠷᠢ ᠪᠠᠭᠤᠯᠭᠠᠬᠤ ᠵᠠᠩ ᠦᠢᠯᠡ ᠵᠢ  ᠦᠨᠡᠨ ᠮᠦᠨ ᠵᠢᠡᠷ ᠨᠢ ᠢᠯᠡᠷᠡᠭᠦᠯᠦᠭᠰᠡᠨ ᠪᠠᠢᠢᠨ᠎ᠠ᠃ᠲᠡᠳᠡ ᠠᠯᠳᠠᠷᠲᠦ ᠦᠬᠡ ᠵᠤᠬᠢᠶᠠᠭᠴᠢ ᠺᠸ ᠮᠢᠩ ᠪᠠᠭᠰᠢ ᠵᠢ ᠤᠷᠢᠵᠦ ᠲᠤᠰ ᠲᠤᠭᠯᠠᠯᠲᠠ ᠵᠢᠨ ᠤᠷᠠᠯᠢᠭ ᠵᠢᠡᠨ ᠵᠢᠯᠤᠭᠤᠳᠤᠭᠤᠯᠤᠭᠰᠠᠨ ᠵᠢᠡᠷ ᠲᠤᠭᠯᠠᠯᠲᠠ ᠨᠢ ᠬᠦᠮᠦᠰ ᠦᠨ ᠰᠡᠳᠭᠢᠯ ᠢ ᠬᠦᠨᠳᠡᠵᠦ᠂ᠠᠳᠠᠯᠢᠳᠬᠠᠰᠢ ᠦᠭᠡᠢ ᠦᠪᠡᠷᠮᠢᠴᠠ ᠤᠨᠴᠠᠯᠢᠭᠲᠦ᠂ᠬᠠᠮᠤᠭ ᠦᠨ ᠲᠠᠲᠠᠬᠤ ᠬᠦᠴᠦᠨ ᠪᠦᠬᠦᠢ᠂ᠬᠠᠮᠤᠭ ᠦᠨ ᠦᠪᠠᠳᠡᠰᠢ ᠶᠡᠬᠡ ᠬᠡᠯᠪᠡᠷᠢ ᠪᠡᠷ ᠦᠪᠡᠷᠮᠢᠴᠠ ᠤᠷᠳᠤᠰ ᠬᠤᠷᠢᠮ ᠢ ᠲᠤᠭᠯᠠᠵᠦ᠂ᠮᠤᠩᠭ᠋ᠤᠯ ᠦᠨᠳᠦᠰᠦᠲᠡᠨ ᠦ ᠶᠤᠰᠤ ᠵᠢᠷᠤᠮ ᠦᠨ ᠤᠬᠢ ᠰᠢᠯᠢᠳᠡᠭ ᠢ ᠪᠠᠳᠠᠷᠠᠭᠤᠯᠤᠨ ᠲᠡᠯᠭᠡᠷᠡᠭᠦᠯᠵᠦ᠂ᠤᠳᠤ ᠪᠤᠯᠳᠠᠯ᠎ᠠ ᠬᠠᠳᠠᠭᠠᠯᠠᠯᠲᠠ ᠪᠡᠷ ᠪᠦᠷᠢᠨ᠂ᠠᠭᠤᠯᠭ᠎ᠠ ᠪᠡᠷ ᠪᠠᠶᠠᠯᠢᠭ᠂ ᠦᠢᠯᠡ ᠶᠠᠪᠤᠳᠠᠯ ᠨᠢ ᠷᠤᠮᠠᠨᠲ᠋ᠢᠭ ᠪᠦᠬᠦᠢ ᠮᠤᠩᠭ᠋ᠤᠯ ᠦᠨᠳᠦᠰᠦᠲᠡᠨ ᠦ ᠵᠠᠩ ᠦᠢᠯᠡ ᠵᠢᠨ ᠵᠢᠷᠤᠭ  ᠲᠦᠷᠰᠦ ᠵᠢ ᠪᠢᠴᠢᠭᠯᠡᠵᠡᠢ᠃

ᠤᠪᠤᠭᠠᠨ ᠨᠠᠢᠢᠷ ᠨᠢ ᠬᠤᠳᠠ ᠳᠦ ᠠᠮᠢᠳᠤᠷᠠᠨ ᠰᠠᠭᠤᠷᠢᠰᠢᠵᠦ ᠪᠠᠢᠢᠭ᠎ᠠ ᠬᠦᠮᠦᠰ ᠦᠨ ᠲᠠᠯ᠎ᠠ ᠨᠤᠲᠤᠭ ᠲᠡᠬᠢ ᠡᠷᠡᠮᠡᠯᠵᠡᠯ ᠬᠢᠬᠡᠳ ᠲᠠᠯ᠎ᠠ ᠨᠤᠲᠤᠭ ᠦᠨ ᠰᠤᠶᠤᠯ ᠦᠨ ᠲᠤᠮᠤ ᠬᠤᠳᠠ ᠳᠡᠬᠢ ᠬᠡᠷᠡᠭᠴᠡᠬᠡ ᠱᠠᠭᠠᠷᠳᠠᠯᠭ᠎ᠠ ᠵᠢ ᠦᠪᠡᠷᠮᠢᠴᠡ ᠬᠡᠯᠪᠡᠷᠢ ᠪᠡᠷ ᠬᠠᠮᠠᠭᠠᠯᠠᠵᠦ ᠪᠠᠢᠢᠨ᠎ᠠ᠃ᠠᠵᠦ ᠦᠢᠯᠡᠰ ᠦᠨ ᠬᠡᠯᠪᠡᠷᠢ ᠵᠢᠨ ᠲᠠᠯ᠎ᠠ ᠪᠡᠷ᠂ᠤᠪᠤᠭᠠᠨ ᠨᠠᠢᠢᠷ ᠨᠢ ᠳᠤᠢᠩ ᠯᠢᠶᠠᠨ ᠦ ᠬᠤᠪᠢ ᠡᠵᠡᠮᠳᠡᠭᠰᠡᠨ ᠠᠩᠬᠠᠳᠠᠭᠴᠢ ᠠᠮᠢᠳᠦ ᠮᠦᠽᠸᠢ ᠲᠠᠢ ᠠᠳᠠᠯᠢᠪᠳᠤᠷ ᠪᠠᠢᠢᠵᠦ᠂ᠵᠠᠩ ᠦᠢᠯᠡ ᠪᠠ ᠰᠤᠶᠤᠯ ᠪᠤᠯᠪᠠᠰᠤᠷᠠᠯ ᠢ ᠤᠨᠴᠠ ᠲᠤᠭᠳᠠᠭᠰᠠᠨ ᠤᠷᠤᠨ ᠵᠠᠢ ᠳᠦ ᠲᠡᠯᠬᠡᠨ ᠦᠵᠡᠭᠦᠯᠦᠭᠰᠡᠨ ᠦ ᠬᠠᠮᠳᠦ ᠠᠷᠠᠳ ᠦᠨ ᠵᠠᠩ ᠦᠢᠯᠡ ᠵᠢᠨ ᠡᠷᠬᠢᠮ ᠨᠠᠨᠳᠢᠨ ᠲᠠᠸᠠᠷ ᠵᠢᠡᠷ ᠬᠡᠷ ᠦᠷᠦᠬᠡ ᠪᠠᠨ ᠴᠢᠮᠡᠭᠯᠡᠭ᠍ᠰᠡᠨ ᠦ ᠤᠯᠠᠮ ᠵᠢᠡᠷ ᠳᠤᠢᠩ ᠯᠢᠶᠠᠨ ᠪᠦᠯᠦᠭᠯᠡᠯ ᠦᠨ ᠮᠤᠩᠭ᠋ᠤᠯ ᠲᠡᠥᠬᠡ ᠰᠤᠶᠤᠯ ᠦᠨ ᠮᠦᠽᠸᠢ᠂ᠾᠦᠩᠨᠦ ᠵᠢᠨ ᠰᠤᠶᠤᠯ ᠦᠨ ᠮᠦᠽᠸᠢ᠂ᠤᠷᠳᠤᠰ ᠦᠨ ᠨᠡᠭᠦᠳᠡᠯᠯᠡᠨ ᠮᠠᠯᠵᠢᠬᠤ ᠲᠠᠯ᠎ᠠ ᠨᠤᠲᠤᠭ ᠦᠨ ᠮᠦᠽᠸᠢ᠂ᠳ᠋ᠤᠢᠩ ᠯᠢᠶᠠᠨ ᠦ ᠪᠢᠴᠢᠯᠬᠡ ᠵᠢᠷᠤᠭ ᠦᠨ ᠮᠦᠽᠸᠢ ᠯᠤᠭᠡ ᠰᠤᠶᠤᠯ ᠪᠠ ᠪᠦᠳᠦᠭᠡ᠍ᠭ᠍ᠳᠡᠬᠦᠨ ᠦ ᠨᠦᠬᠦᠴᠡᠯᠳᠤᠯ ᠢ ᠪᠦᠷᠢᠯᠳᠦᠭᠦᠯᠦᠭᠡᠳ᠂ᠳ᠋ᠤᠢᠩ ᠯᠢᠶᠠᠨ ᠦ ᠰᠤᠶᠤᠯ ᠦᠨ ᠹᠷᠤᠨᠲ ᠦᠨ ᠤᠷᠤᠨ ᠵᠠᠢ ᠵᠢ ᠦᠷᠭᠡᠵᠢᠬᠦᠯᠵᠠᠢ᠃

ᠤᠪᠤᠭᠠᠨ ᠨᠠᠢᠢᠷ ᠨᠢ ᠤᠷᠳᠤᠰ ᠦᠨ ᠲᠠᠯ᠎ᠠ ᠨᠤᠲᠤᠭ ᠵᠢᠡᠷ ᠦᠨᠳᠦᠰᠦ ᠰᠠᠭᠤᠷᠢ ᠪᠠᠨ ᠪᠤᠯᠭᠠᠵᠦ᠂ᠲᠠᠯ᠎ᠠᠠ ᠨᠤᠲᠤᠭ ᠦᠨ ᠪᠤᠷᠤᠭᠵᠢᠭᠤᠨ ᠰᠤᠶᠤᠯ ᠢ ᠤᠪᠤᠭᠠᠨ ᠨᠠᠢᠢᠷ ᠦᠨ ᠪᠠᠶᠠᠷ ᠪᠠᠶᠠᠰᠤᠯᠲᠠᠢ ᠵᠤᠭᠤᠭᠯᠠᠬᠤ ᠤᠷᠴᠢᠨ ᠳᠦ ᠠᠭᠤᠰᠬᠠᠨ᠂ᠮᠤᠩᠭ᠋ᠤᠯ ᠰᠤᠶᠤᠯ ᠦᠨ ᠵᠢᠡᠨ ᠤᠬᠢ ᠰᠢᠮ᠎ᠠ ᠵᠢ ᠤᠯᠠᠮᠵᠢᠯᠠᠨ ᠲᠡᠯᠭᠡᠷᠡᠭᠦᠯᠵᠦ᠂ᠨᠡᠩ ᠤᠯᠠᠨ ᠬᠤᠳᠠ ᠳᠦ ᠠᠮᠢᠳᠤᠷᠠᠵᠦ ᠪᠠᠢᠢᠭ᠎ᠠ ᠬᠦᠮᠦᠰ ᠦᠨ ᠲᠠᠯ᠎ᠠᠠ ᠨᠤᠲᠤᠭ ᠲᠠᠭᠠᠨ ᠡᠬᠡᠬᠦ ᠰᠡᠳᠭᠢᠯᠬᠡ ᠵᠢᠨ ᠤᠶᠠᠭᠠᠰᠦ ᠪᠤᠯᠵᠦ ᠪᠠᠢᠢᠨ᠎ᠠ᠃
ᠤᠷᠴᠢᠨ ᠲᠤᠭᠤᠷᠢᠨ ᠨᠢ ᠬᠤᠭᠤᠯᠠ ᠤᠮᠳᠠ ᠪᠠ ᠦᠢᠯᠡᠴᠢᠯᠡᠬᠡ ᠲᠠᠢ ᠠᠳᠠᠯᠢᠬᠠᠨ ᠵᠢᠡᠷ ᠴᠢᠬᠤᠯᠠ ᠪᠠᠢᠢᠳᠠᠭ

ᠲᠢᠶᠠᠲ᠋ᠠᠷ ᠮᠠᠶᠢᠭ ᠦᠨ ᠦᠨᠳᠦᠷ ᠠᠭᠤᠵᠢᠮᠬᠠᠨ ᠮᠤᠩᠭ᠋ᠤᠯ ᠬᠡᠷ

ᠰᠢᠷᠠᠭᠰᠠᠨ ᠮᠢᠬ᠎ᠠ

ᠴᠠᠭᠠᠨ ᠢᠳᠡᠬᠡ

ᠷᠠᠰᠢᠶᠠᠨ ᠵᠢᠡᠷ ᠴᠢᠨᠠᠭᠰᠠᠨ ᠤᠯᠠᠷᠢᠯ ᠦᠨ ᠨᠤᠭᠤᠭ᠎ᠠ

ᠮᠤᠩᠭ᠋ᠤᠯ ᠬᠢᠳᠠᠳ ᠠᠩᠬᠢᠯᠢ ᠭᠤᠷᠪᠠᠨ ᠦᠰᠦᠭ ᠵᠢᠡᠷ ᠢᠯᠡᠳᠭᠡᠭᠰᠡᠨ ᠵᠠᠭᠤᠰᠢ ᠵᠢᠨ ᠨᠡᠷᠡᠰ

ᠰᠢᠷᠠᠭᠰᠠᠨ ᠬᠤᠨᠢᠨ ᠬᠠᠪᠢᠷᠭ᠎ᠠ

ᠡᠵᠢ ᠵᠢᠨ ᠴᠢᠨᠠᠭᠰᠠᠨ ᠴᠠᠢ

ᠠᠢᠢᠷᠠᠭ ᠲᠠᠢ ᠬᠠᠭᠠᠷᠢᠭᠰᠠᠨ ᠪᠤᠤᠪᠤ

ᠴᠢᠨᠠᠭᠰᠠᠨ ᠬᠤᠯᠢᠰᠢ

ᠮᠤᠩᠭ᠋ᠤᠯ ᠤᠯᠤᠰ ᠦᠨ ᠤᠷᠠᠯᠢᠭ ᠦᠨ ᠪᠦᠳᠦᠭᠡᠯ

ᠡᠭᠡᠳᠡᠭᠰᠡᠨ ᠰᠦ᠋

ᠮᠤᠩᠭ᠋ᠤᠯ ᠮᠠᠶᠢᠭ ᠦᠨ ᠰᠦᠨ ᠨᠡᠷᠡᠮᠡᠯ

ᠤᠪᠤᠭᠠᠨ ᠨᠠᠢᠢᠷ ᠲᠦ ᠬᠤᠭᠤᠯᠠ ᠢᠳᠡᠵᠦ ᠪᠤᠯᠤᠨ᠎ᠠ᠂ᠲᠤᠭᠯᠠᠯᠲᠠ ᠰᠤᠨᠢᠷᠬᠠᠵᠦ ᠪᠤᠯᠤᠨ᠎ᠠ᠂ᠪᠠᠰᠠ ᠬᠤᠳᠠᠯᠳᠤᠨ ᠠᠪᠴᠦ ᠪᠤᠯᠳᠠᠭ

ᠤᠪᠤᠭᠠᠨ ᠨᠡᠢᠢᠷ ᠦᠨ ᠭᠤᠴᠦ ᠲᠤᠭᠯᠠᠯᠲᠠ

ᠤᠪᠤᠭᠠᠨ ᠨᠠᠢᠢᠷ ᠦᠨ ᠭᠤᠴᠦ ᠲᠤᠭᠯᠠᠯᠲᠠ

ᠵᠤᠴᠢᠳ ᠲᠠᠬᠢᠯᠭ᠎ᠠ ᠳᠦ ᠤᠷᠤᠯᠴᠠᠵᠦ ᠪᠠᠢᠢᠭ᠎ᠠ ᠨᠢ

ᠰᠠᠭᠤᠳᠠᠯ ᠪᠦᠷᠢ ᠳᠦ ᠲᠤᠭᠯᠠᠭᠠᠮ ᠳᠦ ᠪᠡᠯᠡᠳᠭᠡᠭᠰᠡᠨ ᠰᠠᠪᠬ᠎ᠠ ᠲᠠᠯᠪᠢᠵᠠᠢ

ᠲᠤᠭᠯᠠᠭᠴᠢᠳ ᠡᠴᠡ ᠵᠤᠴᠢᠳ ᠲᠦ ᠠᠷᠢᠬᠢ ᠪᠠᠷᠢᠵᠦ ᠪᠠᠢᠢᠨ᠎ᠠᠵᠤᠬᠢᠶᠠᠭᠴᠢ᠄ ᠳ᠋ᠢᠶᠤᠤ ᠰᠢᠶᠤᠤ ᠴᠢᠩ
ᠢᠷᠡᠯᠲᠡ᠄ ᠦᠨᠳᠦᠰᠦᠲᠡᠨ ᠦ ᠵᠢᠷᠤᠭᠲᠦ ᠰᠡᠳᠭᠦᠯ ᠦᠨ ᠬᠤᠷᠢᠶ᠎ᠠ
ᠬᠠᠷᠢᠶ᠎ᠠ᠄ ᠦᠨᠳᠦᠰᠦᠲᠡᠨ ᠤ ᠵᠢᠷᠤᠭᠲᠤ ᠰᠡᠳᠬᠦᠯ
ᠳᠠᠷᠤᠮ᠄ 498
ᠴᠠᠭ᠄ 2015 ᠤᠨ ᠤ 06 ᠰᠠᠷ᠎ᠠ ᠶᠢᠨ 11
ᠨᠠᠢ᠌ᠷᠠᠭᠤᠯᠤᠭᠴᠢ᠄ ᠰᠠᠴᠤᠷᠠᠯ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁