ᠨᠤᠳᠤᠭ ᠬᠡᠯᠡ ᠬᠤᠶᠠᠷ


ᠨᠤᠳᠤᠭ ᠭᠡᠯᠡ ᠬᠤᠶ‍ᠠᠷ

ᠨᠢᠳᠤ ᠨᠢᠯᠪᠣᠰᠤ ᠬᠤᠶ‍ᠠᠷ ᠪᠠᠢ᠌ᠭᠰᠠᠨ ᠶ‍ᠤᠮ

ᠵᠢᠷᠭᠠᠯ ᠴᠡᠩᠭᠡᠯ ᠤᠨ ᠨᠢᠯᠪᠣᠰᠤ

ᠵᠢᠪᠠᠷᠳᠠᠢ ᠭᠤᠨᠢᠭ ᠤᠨ ᠠᠶ‍ᠠᠰ ᠶᠢᠡᠷ ᠡᠰᠭᠡᠭ᠍ᠳᠡᠭᠦ ᠶ‍ᠤᠮ


ᠨᠤᠳᠤᠭ ᠭᠡᠯᠡ ᠬᠤᠶ‍ᠠᠷ

ᠣᠪᠣᠭ᠎ᠠ ᠳᠠᠭᠢᠯᠭ᠎ᠠ ᠬᠤᠶ‍ᠠᠷ ᠪᠠᠢ᠌ᠭᠰᠠᠨ ᠶ‍ᠤᠮ

ᠣᠩᠭ᠋ᠤᠨ ᠳᠠᠭᠢᠯᠭᠠᠳᠤ ᠣᠪᠣᠭ᠎ᠠ

ᠣᠯᠠᠭᠠᠨ ᠭᠠᠩ ᠶᠢᠡᠷ ᠮᠡᠭ᠍ᠰᠢᠭᠦ ᠶ‍ᠤᠮ


ᠨᠤᠳᠤᠭ ᠭᠡᠯᠡ ᠬᠤᠶ‍ᠠᠷ

ᠰᠦ᠋ ᠰᠤᠢᠵᠢᠭ ᠬᠤᠶ‍ᠠᠷ ᠪᠠᠢ᠌ᠭᠰᠠᠨ ᠶ‍ᠤᠮ

ᠬᠠᠢ᠌ᠷ᠎ᠠ ᠶᠢᠨ ᠴᠠᠭᠠᠨ ᠰᠥ᠋

ᠭᠡᠭᠡᠷ᠎ᠡ ᠶᠢᠨ ᠮᠠᠨᠠᠨ ᠶᠢᠡᠷ ᠡᠭᠡᠳᠡᠭᠦ ᠶ‍ᠤᠮ


ᠨᠤᠳᠤᠭ ᠭᠡᠯᠡ ᠬᠤᠶ‍ᠠᠷ

ᠵᠢᠷᠦᠭᠡ ᠳᠠᠷᠢᠭᠢ ᠬᠤᠶ‍ᠠᠷ ᠪᠠᠢ᠌ᠭᠰᠠᠨ ᠶ‍ᠤᠮ

ᠵᠢᠷᠦᠭᠡᠨ ᠤ ᠴᠠᠭᠠᠨ ᠣᠢᠴᠢᠯ

ᠵᠣᠢ᠌ᠳᠠᠯ ᠦᠭᠡᠶ ᠳᠡᠭ᠍ᠷᠢ ᠳᠤ ᠠᠶ‍ᠤᠩᠭ᠋ᠠᠯᠠᠬᠤ ᠶ‍ᠤᠮ


ᠨᠤᠳᠤᠭ ᠭᠡᠯᠡ ᠬᠤᠶ‍ᠠᠷ

ᠨᠠᠭᠤᠷ ᠬᠤᠨ ᠬᠤᠶ‍ᠠᠷ ᠪᠠᠢ᠌ᠭᠰᠠᠨ ᠶ‍ᠤᠮ

ᠣᠢᠨᠤᠴᠢᠨ ᠭᠡᠳᠤᠨ ᠬᠤᠨ

ᠡᠪᠦᠯ ᠤᠨ ᠡᠭᠢᠨ ᠡᠴᠡ ᠪᠦᠯᠳᠡᠭᠡᠨᠡᠭᠦ ᠶ‍ᠤᠮ


ᠨᠤᠳᠤᠭ ᠭᠡᠯᠡ ᠬᠤᠶ‍ᠠᠷ

ᠡᠭᠡ ᠰᠤᠷᠭᠠᠭᠤᠯᠢ ᠡᠷᠭᠡ ᠭᠡᠦᠭᠡᠤᠨ ᠬᠤᠶ‍ᠠᠷ ᠪᠠᠢ᠌ᠭᠰᠠᠨ ᠶ‍ᠤᠮ

ᠰᠤᠮᠤᠨ ᠤ ᠭᠡᠳᠤᠨ ᠰᠤᠷᠭᠠᠭᠤᠯᠢ

ᠳᠤᠯᠢᠨ ᠤ ᠳᠤᠭᠤᠰᠤ ᠰᠢᠭ ᠠᠷᠴᠢᠭᠳᠠᠬᠤ ᠶ‍ᠤᠮ


ᠨᠤᠳᠤᠭ ᠭᠡᠯᠡ ᠬᠤᠶ‍ᠠᠷ

ᠠᠭᠠᠷ ᠣᠰᠤ ᠬᠤᠶ‍ᠠᠷ ᠪᠠᠢ᠌ᠭᠰᠠᠨ ᠶ‍ᠤᠮ

ᠠᠯᠳᠠᠨ ᠳᠠᠪᠤᠨ ᠮᠤᠢᠰᠤ ᠪᠠᠷ

ᠠᠯᠤᠩᠭ᠋ᠤᠸ᠎ᠠ ᠡᠵᠢ ᠮᠢᠨᠢ ᠵᠠᠭᠢᠭᠰᠠᠨ ᠶ‍ᠤᠮ


ᠨᠤᠳᠤᠭ ᠭᠡᠯᠡ ᠬᠤᠶ‍ᠠᠷ

ᠴᠢᠰᠤ ᠶ‍ᠠᠰᠤ ᠬᠤᠶ‍ᠠᠷ ᠮᠢᠨᠢ ᠪᠠᠢ᠌ᠭᠰᠠᠨ ᠶ‍ᠤᠮ

ᠴᠢᠩᠭᠢᠰ ᠪᠣᠭᠳᠠ ᠮᠢᠨᠢ ᠴᠢ ᠪᠢᠳᠠᠨ ᠳ᠋ᠤ

ᠴᠡᠯᠮᠡᠭ᠌ ᠪᠦᠳᠤᠨ ᠶᠢᠡᠷ ᠨᠢ ᠥᠯᠡᠳᠡᠭᠡᠭ᠍ᠰᠡᠨ ᠶ‍ᠤᠮᠬᠠᠷᠠᠬᠤᠷᠤᠮ ᠤᠨ ᠴᠢᠯᠠᠭᠤᠨ ᠮᠡᠯᠡᠭᠡᠢ


ᠳᠤᠢᠷᠤ ᠶᠢᠨ ᠵᠢᠯᠤᠭᠤ

ᠳᠣᠢ᠌ᠮᠠᠷ ᠤᠨ ᠭᠠᠯ ᠊ᠢ

ᠳᠤᠭᠤᠯᠤᠭ᠎ᠠ ᠦᠭᠡᠶ ᠶ‍ᠤᠮ ᠰᠢᠭ᠌

ᠳᠠᠢ᠌ᠪᠣᠩ


ᠵᠠᠳᠠᠷᠠᠭᠰᠠᠨ ᠣᠷᠤᠭ ᠊ᠤᠨ

ᠵᠤᠳᠠᠷᠠᠭᠰᠠᠨ ᠳᠡᠦᠭᠡ ᠵᠢ

ᠵᠠᠨᠤᠭ᠎ᠠ ᠦᠭᠡᠶ ᠶ‍ᠤᠮ ᠰᠢᠭ᠌

ᠳᠠᠢ᠌ᠪᠣᠩ


ᠴᠡᠯᠮᠡᠭ᠌ ᠣᠷᠬᠤᠨ ᠊ᠤ

ᠡᠮᠨᠢᠭ᠌ ᠣᠷᠤᠰᠬᠠᠯ ᠊ᠢ

ᠴᠢᠩᠨᠠᠭ᠎ᠠ ᠦᠭᠡᠶ ᠶ‍ᠤᠮ ᠰᠢᠭ᠌

ᠳᠠᠢ᠌ᠪᠣᠩ


ᠭᠠᠵᠠᠷ ᠳᠡᠭ᠍ᠷᠢ ᠬᠤᠶ‍ᠠᠷ ᠢ ᠡᠯᠡᠭᠯᠡᠭᠦ ᠰᠢᠭ᠌

ᠭᠠᠪᠢᠶ᠎ᠠ ᠭᠠᠢ ᠬᠤᠶ‍ᠠᠷ ᠢ ᠭᠡᠷᠡᠴᠢᠯᠡᠭᠦ ᠰᠢᠭ᠌

ᠬᠠᠷᠠᠬᠤᠷᠤᠮ ᠤᠨ ᠴᠢᠯᠠᠭᠤᠨ ᠮᠡᠯᠡᠭᠡᠢ

ᠬᠠᠭᠠᠨ ᠰᠢᠭ ᠳᠠᠢ᠌ᠪᠣᠩ


ᠵᠤᠭᠢᠶ‍ᠠᠭᠴᠢ ᠶᠢᠨ ᠬᠠᠶ‍ᠢᠭ᠄ ᠭᠦᠪᠠᠭᠡᠳᠤ ᠰᠢᠷ᠎ᠠ ᠬᠤᠰᠢᠭᠤᠨ ᠤ ᠣᠤᠠᠬ᠎ᠠ ᠣᠷᠠᠯᠢᠭ ᠤᠨ ᠭᠢᠨ ᠤ ᠬᠤᠯᠪᠣᠭ᠎ᠠ


ᠵᠤᠬᠢᠶᠠᠭᠴᠢ᠄ ᠴᠤ᠊᠂ᠭᠡᠷᠡᠯᠪᠠᠭᠠᠳᠤᠷ
ᠢᠷᠡᠯᠲᠡ᠄ ᠬ᠂ᠪᠦᠬᠡᠮᠠᠨᠳᠤᠯ᠎ᠠ
ᠬᠠᠷᠢᠶ᠎ᠠ᠄ ᠦᠨᠢᠷ ᠴᠡᠴᠡᠭ
ᠳᠠᠷᠤᠮ᠄ 1078
ᠴᠠᠭ᠄ 2015 ᠤᠨ ᠤ 05 ᠰᠠᠷ᠎ᠠ ᠶᠢᠨ 24
ᠨᠠᠢ᠌ᠷᠠᠭᠤᠯᠤᠭᠴᠢ᠄ ᠬᠦᠷᠡᠯᠳᠤᠭᠳᠠᠬᠤ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁