ᠳ᠋ᠦᠩᠴᠤᠳ ᠦᠨ ᠴᠠᠭᠠᠨ ᠰᠠᠷ᠎ᠠ

ᠮᠤᠷᠢᠨ ᠵᠢᠯ ᠦᠨ ᠴᠠᠭᠠᠨ ᠰᠠᠷ᠎ᠠ ᠳᠦ᠂ᠲᠡᠯᠡᠬᠡᠢ ᠵᠢᠨ ᠡᠩᠬᠡ ᠲᠠᠢᠢᠪᠤᠩ ᠦᠨ ᠦᠬᠢᠨ ᠲᠡᠭᠷᠢ ᠰᠠᠭᠤᠷᠢ ᠮᠦᠩᠭᠦᠨ ᠦ ᠨᠡᠢᠢᠭᠡᠮᠯᠢᠭ᠌ ᠦᠨ ᠲᠡᠷᠢᠭᠦᠯᠦᠭᠴᠢ᠂ᠲᠤᠮᠳᠠᠳᠤ ᠤᠯᠤᠰ ᠦᠨ ᠰᠤᠶᠤᠯ ᠦᠨ ᠠᠵᠦ ᠦᠢᠯᠡᠰ ᠦᠨ ᠪᠡᠯᠡ ᠤᠷᠤᠭᠤᠯᠤᠯᠲᠠ ᠵᠢᠨ ᠰᠠᠭᠤᠷᠢ ᠮᠦᠩᠭᠦᠨ ᠦ ᠨᠡᠢᠢᠭᠡᠮᠯᠢᠭ᠌ ᠦᠨ ᠰᠤᠶᠤᠯ ᠦᠨ ᠶᠡᠷᠦᠩᠬᠡᠢ ᠵᠦᠪᠯᠡᠭᠴᠢ ᠸᠸᠨ ᠶᠤᠸᠠᠨ ᠶᠠᠨ ᠬᠤᠨᠠᠨ ᠮᠤᠵᠢ ᠵᠢᠨ ᠳ᠋ᠦᠩ ᠦᠨᠳᠦᠰᠦᠲᠡᠨ ᠦ ᠦᠪᠡᠷᠲᠡᠭᠡᠨ ᠵᠠᠰᠠᠬᠤ ᠰᠢᠶᠠᠨ ᠦ ᠪᠠᠢᠢᠯᠢ ᠵᠢᠨ ᠳ᠋ᠦᠩ ᠰᠤᠶᠤᠯ ᠦᠨ ᠬᠤᠩᠬᠢᠯ ᠦᠨ ᠢᠥᠢ ᠲᠧᠥ ᠬᠦ᠋ ᠵᠢᠨ ᠳ᠋ᠦᠩ ᠲᠤᠰᠬᠤᠨ ᠳᠦ ᠳ᠋ᠦᠩᠴᠤᠳ ᠦᠨ ᠴᠠᠭᠠᠨ ᠰᠠᠷ᠎ᠠ ᠵᠢᠨ ᠲᠤᠬᠠᠢ ᠶᠡᠬᠡ ᠯᠡ ᠪᠠᠶᠠᠷᠲᠠᠢ ᠶᠠᠷᠢᠵᠦ ᠦᠭᠭᠦᠭᠰᠡᠨ  ᠪᠢᠯᠡ᠃

ᠴᠠᠭᠠᠨ ᠰᠠᠷ᠎ᠠ ᠵᠢᠨ ᠰᠢᠨ᠎ᠠ ᠵᠢᠨ ᠨᠢᠭᠡᠨ ᠳᠦ ᠫᠢᠩᠲ᠋ᠠᠨ ᠰᠢᠶᠠᠩ ᠦᠨ ᠠᠰᠪᠤᠷᠢ ᠪᠤᠷᠤᠭᠵᠢᠭᠤᠨ ᠳ᠋ᠦᠩᠴᠤᠳ ᠦᠪᠡᠳᠡᠰᠢ ᠶᠡᠬᠡ ᠪᠡᠷ ᠤᠯᠠᠮᠵᠢᠯᠠᠯᠲᠦ ᠴᠠᠭᠠᠨ ᠰᠠᠷ᠎ᠠ ᠪᠠᠨ ᠤᠭᠳᠤᠬᠤ《ᠤᠰᠤ ᠲᠠᠮᠨᠠᠬᠤ ᠪᠠᠶᠠᠷ》 ᠦᠨ ᠶᠤᠰᠤᠯᠠᠯ ᠵᠢᠡᠨ ᠬᠢᠳᠡᠭ᠃ᠪᠦᠬᠦ ᠲᠤᠰᠬᠤᠨ ᠦ ᠡᠷᠡᠭᠲᠡᠢ ᠡᠮᠡᠭᠲᠡᠢ ᠬᠦᠭᠰᠢᠨ ᠵᠠᠯᠠᠭᠤ ᠬᠡᠰᠡᠨ ᠦᠭᠡᠢ ᠪᠦᠷ ᠪᠠᠶᠠᠷ ᠦᠨ ᠡᠳᠦᠷ ᠦᠨ ᠰᠤᠶᠤᠯᠠᠯ ᠵᠢᠡᠷ ᠵᠢᠡᠨ ᠵᠠᠰᠠᠵᠦ᠂ᠬᠤᠯᠤᠰᠤᠨ ᠪᠢᠰᠬᠢᠬᠦᠷ ᠵᠢᠡᠨ  ᠬᠠᠩᠬᠢᠨᠠᠭᠤᠯᠤᠨ᠂ᠲᠤᠰᠬᠤᠨ ᠦ ᠡᠰᠡᠷᠬᠦ ᠲᠠᠯ᠎ᠠ ᠵᠢᠨ ᠭᠤᠷᠤᠬ᠎ᠠ ᠵᠢᠨ ᠬᠦᠪᠡᠭᠡᠨ᠎ᠠ ᠴᠤᠭᠯᠠᠷᠠᠵᠦ᠂ᠠᠢᠢᠯ ᠲᠤᠰᠬᠤᠨ ᠳᠦ ᠪᠠᠨ ᠢᠳᠡᠭᠡᠯ ᠬᠦᠨᠳᠦᠲᠡᠢ ᠨᠠᠰᠤᠲᠠᠨ ᠵᠢᠡᠷ ᠠᠭᠤᠯᠠᠨ ᠡᠴᠡ ᠬᠤᠯᠤᠰᠤ ᠠᠪᠴᠢᠷᠠᠭᠤᠯᠤᠨ᠂ᠬᠤᠯᠤᠰᠤ ᠪᠨᠷ ᠭᠤᠷᠤᠬ᠎ᠠ ᠵᠢᠨ ᠤᠰᠤ ᠵᠢ ᠰᠠᠭᠤᠯᠭ᠎ᠠ ᠳᠦ ᠪᠠᠨ ᠲᠠᠲᠠᠵᠦ᠂ᠰᠢᠨ᠎ᠠ ᠵᠢᠯ ᠳᠦ ᠪᠠᠨ ᠬᠤᠷ᠎ᠠ ᠪᠤᠷᠤᠭᠠᠨ ᠲᠡᠭᠰᠢ᠂ᠲᠠᠪᠤᠨ ᠲᠠᠷᠢᠶ᠎ᠠ ᠡᠯᠪᠡᠭ᠌ ᠬᠤᠷᠢᠶᠠᠬᠤ ᠵᠢ ᠲᠠᠭᠠᠳᠬᠠᠳᠠᠭ᠃ᠡᠨᠡ ᠶᠤᠰᠤᠯᠠᠯ ᠦᠨ ᠲᠠᠷᠠᠭ᠎ᠠ ᠪᠦᠬᠦ ᠲᠤᠰᠬᠤᠨ ᠦ ᠠᠷᠠᠳ ᠬᠤᠯᠤᠰᠤᠨ ᠪᠢᠰᠬᠢᠬᠦᠷ ᠵᠢᠡᠨ ᠦᠯᠢᠶᠡᠵᠦ᠂ᠲᠠᠭᠤᠯᠠᠨ ᠪᠦᠵᠢᠭᠯᠡᠯᠳᠦᠭᠰᠡᠭᠡᠷ᠂ᠲᠤᠰᠴᠤ ᠤᠯᠤᠭᠰᠠᠨ ᠤᠰᠤ ᠪᠠᠨ ᠠᠪᠴᠦ ᠬᠠᠷᠢᠭᠠᠳ ᠴᠦᠬᠦᠷᠦᠮ ᠳᠦ ᠪᠠᠨ ᠴᠢᠳᠬᠤᠳᠠᠭ᠃

ᠬᠦᠷ ᠬᠦᠭᠵᠢᠶᠡᠨ ᠲᠠᠢ ᠴᠠᠭᠠᠨ ᠰᠠᠷ᠎ᠠ ᠵᠢᠨ ᠪᠠᠶᠠᠷ ᠪᠤᠯ ᠳ᠋ᠦᠩᠴᠤᠳ ᠦᠨ ᠬᠦᠳᠡᠯᠮᠦᠷᠢ ᠵᠢᠨ ᠦᠷ᠎ᠠ ᠪᠦᠳᠦᠭᠡᠯ ᠪᠠ ᠪᠠᠶᠠᠷ ᠪᠠᠶᠠᠰᠤᠯ ᠵᠢᠡᠨ ᠬᠤᠪᠢᠶᠠᠯᠴᠠᠬᠤ ᠴᠠᠭ ᠪᠦᠬᠡᠳ ᠱᠤᠭ ᠬᠦᠭᠵᠢᠬᠡᠨ ᠲᠠᠢ 《ᠦᠭᠡᠷ》 ᠦᠨ ᠲᠤᠭᠯᠠᠭᠠᠮ ᠵᠢᠡᠷ ᠨᠢᠬᠡ ᠦᠷᠨᠢᠯᠲᠡ ᠳᠦ ᠪᠠᠨ ᠬᠦᠷᠳᠡᠭ᠃ 《ᠦᠭᠡᠷ》 ᠦᠨ ᠲᠤᠯᠤᠭᠠᠢ ᠰᠡᠭᠦᠯ ᠢ ᠬᠤᠯᠤᠰᠤᠨ ᠴᠤᠭᠤᠳᠠᠰᠦ᠂ᠦᠩᠬᠡᠲᠦ ᠪᠦᠰ ᠵᠢᠡᠷ ᠤᠷᠠᠯᠠᠨ ᠬᠢᠵᠦ᠂ᠲᠤᠯᠤᠭᠠᠢ ᠵᠢ ᠨᠢ ᠮᠢᠨᠳᠠᠰᠤᠨ ᠴᠠᠭᠠᠰᠦ ᠪᠡᠷ ᠵᠢᠡᠷ ᠨᠠᠭᠠᠵᠦ᠂ᠲᠡᠭᠡᠷ᠎ᠠ ᠨᠢ ᠨᠢᠳᠦ ᠵᠢᠷᠦᠵᠦ᠂ᠪᠡᠶ᠎ᠠ ᠵᠢ ᠨᠢ ᠨᠢᠭᠡ ᠬᠡᠰᠡᠭ ᠪᠦᠰ ᠵᠢᠡᠷ ᠤᠶᠤᠳᠠᠭ᠂᠂ᠦᠭᠡᠷ》ᠵᠢᠡᠨ ᠤᠷ᠎ᠠ ᠲᠡᠮᠲᠡᠢ ᠵᠠᠯᠠᠭᠤ ᠪᠦᠵᠢᠭᠯᠡᠬᠦᠯᠬᠦ ᠪᠦᠬᠡᠳ ᠠᠷᠤ ᠡᠴᠡ ᠨᠢ ᠠᠨᠵᠢᠰᠦ ᠪᠠᠷᠢᠵᠦ᠂ᠲᠠᠰᠢᠭᠤᠷ ᠡᠷᠭᠦᠭᠰᠡᠨ ᠲᠠᠷᠢᠶᠠᠴᠢᠨ ᠬᠠᠷᠠᠩᠭ᠋᠎ᠠ ᠬᠡᠩᠬᠡᠷᠭᠡ ᠨᠢᠵᠢᠬᠢᠨᠠᠭᠦᠯᠦᠭᠰᠡᠨ ᠡᠩᠨᠠᠭᠡ ᠲᠠᠭᠠᠵᠦ ᠶᠠᠪᠤᠨ᠎ᠠ᠃ᠡᠩᠨᠠᠭᠡᠨ ᠳᠡᠬᠢ ᠡᠷᠡᠭᠲᠡᠢᠢᠴᠤᠳ ᠲᠠᠮᠵᠢᠭᠤᠷ ᠲᠠᠮᠨᠠᠵᠦ᠂ᠠᠷᠤᠭ ᠡᠭᠦᠷᠦᠭᠰᠡᠨ ᠲᠠᠷᠢᠶᠠᠴᠢᠨ ᠪᠦᠰᠡᠬᠦᠢ᠂ᠭᠡᠵᠢᠬᠡ ᠬᠦᠷᠦᠭᠰᠡᠨ ᠦᠬᠢᠨ ᠪᠤᠶᠤ ᠬᠡᠥᠬᠡᠨ ᠡᠭᠦᠷᠴᠦ ᠪᠠᠢᠢᠭ᠎ᠠ ᠵᠠᠯᠠᠭᠤ ᠪᠦᠰᠡᠬᠦᠢ ᠵᠢᠨ ᠲᠦᠷᠢ ᠵᠢ ᠲᠤᠭᠯᠠᠨ᠂ᠦᠭᠡᠷ ᠦᠨ ᠠᠷᠦ ᠳᠦ ᠲᠠᠭᠤᠯᠠᠨ ᠪᠦᠵᠢᠭᠯᠡᠯᠳᠦᠨ᠎ᠠ᠃ᠱᠤᠭ ᠭᠠᠷᠭᠠᠳᠠᠭ ᠪᠦᠰᠡᠭᠦᠢᠢᠴᠤᠳ ᠬᠠᠢᠢᠷ ᠴᠢᠯᠠᠭᠤ ᠡᠯᠳᠡᠪ ᠪᠤᠳᠠᠰ ᠢ ᠠᠷᠤᠭ ᠤᠷᠤᠭᠤ ᠪᠠᠨ ᠬᠢᠬᠦ ᠪᠤᠶᠤ ᠡᠭᠦᠷᠴᠦ ᠶᠠᠪᠤᠭ᠎ᠠ ᠬᠡᠥᠬᠡᠯᠳᠡᠢ ᠳᠦ ᠪᠠᠨ ᠬᠢᠳᠡᠭ᠃

ᠳ᠋ᠦᠩᠴᠤᠳ ᠦᠨ《ᠰᠠ ᠲᠠᠬᠢᠬᠤ》ᠪᠤᠯ ᠡᠬᠡ ᠵᠢᠨ ᠬᠠᠢᠢᠷ᠎ᠠ ᠳᠦ ᠬᠠᠨᠳᠤᠭᠤᠯᠤᠭᠰᠠᠨ ᠮᠦᠩᠬᠡ ᠵᠢᠨ ᠡᠷᠬᠢᠴᠡᠬᠦᠯᠦᠯ ᠶᠤᠮ᠂《ᠰᠠᠰᠤᠢᠢ》ᠪᠤᠯ ᠳ᠋ᠦᠩᠴᠤᠳ ᠦᠨ ᠬᠠᠮᠤᠭ ᠲᠡᠭᠡᠳᠦ ᠦᠬᠢᠨ ᠲᠡᠭᠷᠢ᠃ᠴᠠᠭᠠᠨ ᠰᠠᠷ᠎ᠠ ᠵᠢᠨ ᠦᠯᠵᠢᠢᠲᠦ ᠡᠳᠦᠷ᠂《ᠰᠠ ᠰᠦᠮ᠎ᠠ》ᠵᠢ ᠬᠠᠷᠠᠵᠦ ᠬᠠᠮᠢᠶᠠᠷᠬᠤ ᠲᠤᠰᠬᠤᠨ ᠦ ᠨᠠᠰᠤᠲᠠᠢ ᠰᠦᠮ᠎ᠠ ᠵᠢᠨ ᠬᠠᠭᠠᠯᠭ᠎ᠠ ᠵᠢ ᠨᠡᠭᠡᠭᠡᠬᠦ ᠪᠡᠷ ᠪᠦᠬᠦ ᠲᠤᠰᠬᠤᠨ ᠦ ᠡᠷᠡᠭᠲᠡᠢ ᠡᠮᠡᠭᠲᠡᠢ ᠨᠠᠰᠤᠲᠠᠨ ᠵᠠᠯᠠᠭᠤᠰ ᠰᠦᠮ᠎ᠠ ᠵᠢᠨ ᠡᠮᠦᠨ᠎ᠠ ᠡᠩᠨᠡᠷᠡᠨ ᠵᠤᠭᠰᠤᠵᠦ᠂《ᠰᠠ》ᠵᠢ ᠬᠠᠮᠢᠶᠠᠷᠳᠠᠭ ᠲᠤᠰᠭᠤᠨ ᠦ ᠨᠠᠰᠤᠲᠠᠨ ᠰᠦᠮ᠎ᠠ ᠳᠦ ᠬᠦᠵᠢ ᠠᠰᠠᠭᠠᠨ ᠴᠠᠢ ᠡᠷᠬᠦᠵᠦ᠂《ᠰᠠ》ᠲᠡᠭᠷᠢ ᠳᠦ ᠰᠢᠨ᠎ᠠ ᠵᠢᠯ ᠠᠵᠠ ᠵᠢᠷᠭᠠᠯ ᠢᠪᠡᠭᠡᠨ᠂ᠵᠢᠷᠭᠤᠭᠠᠨ ᠬᠤᠰᠢᠭᠤ ᠮᠠᠯ ᠦᠰᠦᠯᠲᠡ ᠰᠠᠢᠢᠲᠠᠢ᠂ᠲᠠᠪᠤᠨ ᠲᠠᠷᠢᠶ᠎ᠠ ᠤᠷᠭᠤᠴᠠ ᠰᠠᠢᠢᠲᠠᠢ ᠪᠤᠯᠭᠠᠬᠤ ᠵᠢ ᠲᠠᠭᠠᠳᠬᠠᠳᠠᠭ᠃ᠡᠭᠦᠨ ᠦ ᠲᠠᠷᠠᠭ᠎ᠠ ᠬᠤᠯᠤᠰᠤᠨ ᠪᠢᠰᠬᠢᠬᠦᠷ ᠵᠢᠡᠷ ᠭᠤᠷᠪᠠᠨ ᠠᠶ᠎ᠠ ᠬᠦᠭᠵᠢᠮᠳᠡᠨ᠂ᠨᠢᠵᠢᠭᠢᠨᠠᠳᠡᠯ᠎ᠠ ᠫᠤᠤᠵᠢᠩ ᠲᠠᠯᠪᠢᠨ᠎ᠠ᠃ᠡᠨᠡ ᠦᠶᠡᠰ ᠬᠦᠮᠦᠰ ᠰᠦᠷ ᠲᠠᠯᠠᠢᠢᠴᠠ ᠲᠠᠢ ᠮᠤᠷᠳᠠᠵᠦ᠂ᠪᠤᠰᠤᠳ ᠲᠤᠰᠬᠤᠨ ᠦ《ᠰᠠ》ᠵᠢᠨ ᠲᠠᠬᠢᠯᠭ᠎ᠠ ᠵᠢᠨ ᠡᠩᠨᠠᠭᠡ ᠲᠠᠢ ᠨᠡᠢᠢᠯᠡᠳᠡᠭ᠃《ᠰᠠ》ᠵᠢᠨ ᠲᠠᠬᠢᠯᠭ᠎ᠠ ᠵᠢᠨ ᠡᠩᠨᠠᠭᠡ ᠰᠦᠷ ᠲᠠᠯᠠᠢᠢᠴᠠ ᠲᠠᠢ ᠤᠷᠤᠭᠰᠢᠯᠠᠬᠤ ᠵᠢᠨ ᠲᠠᠭᠠᠥ ᠲᠡᠭᠷᠢ ᠲᠤᠷᠬᠢᠲᠠᠯ᠎ᠠ ᠫᠤᠤᠵᠢᠩ ᠲᠠᠯᠪᠢᠨ᠎ᠠ᠃《ᠰᠠ ᠲᠠᠬᠢᠬᠤ》ᠡᠳᠦᠷ ᠳ᠋ᠦᠩᠴᠤᠳ ᠶᠤᠰᠤᠯᠠᠯ ᠦᠨ ᠬᠤᠪᠴᠠᠰᠦ ᠪᠡᠷ ᠵᠢᠡᠨ ᠭᠤᠶᠤᠯᠠᠵᠦ᠂《ᠳ᠋ᠦᠩ ᠲᠠᠭᠤᠤ》ᠪᠠᠨ ᠬᠠᠩᠬᠢᠨᠠᠭᠤᠯᠤᠨ᠂ᠳ᠋ᠦᠩ ᠰᠤᠶᠤᠯ ᠦᠨ 《ᠦᠨᠡᠨ᠂ᠰᠠᠢᠢᠨ᠂ᠰᠠᠢᠢᠬᠠᠨ》 ᠢ ᠲᠠᠢᠢᠯᠠᠪᠤᠷᠢᠯᠠᠨ ᠲᠤᠭᠯᠠᠳᠠᠭ ᠮᠦᠷᠳᠡᠭᠡᠨ ᠡᠬᠡ ᠬᠦᠮᠦᠨ ᠳᠦ ᠵᠤᠷᠢᠭᠤᠯᠤᠭᠰᠠᠨ ᠬᠠᠢᠢᠷ᠎ᠠ ᠪᠠᠨ ᠬᠦᠨ ᠢᠯᠡᠳᠭᠡᠳᠡᠭ᠃

ᠴᠠᠭᠠᠨ ᠰᠠᠷ᠎ᠠ ᠵᠢᠨ ᠤᠨᠴᠠᠯᠢᠭ ᠲᠠᠢ ᠳ᠋ᠦᠩᠴᠤᠳ ᠦᠨ ᠠᠮᠠᠷᠠᠭ ᠦᠨ ᠪᠠᠶᠠᠷ《 ᠶᠤᠸᠠᠢ ᠳ᠋ᠢ ᠸᠠ》 ᠳᠦ᠂ᠳ᠋ᠦᠫᠥᠸᠸ ᠰᠢᠶᠠᠩ ᠦᠨ ᠱᠠᠩ ᠶᠠᠨ ᠫᠢᠩ ᠦᠨ ᠵᠠᠯᠠᠭᠤᠰ ᠶᠤᠰᠤᠯᠠᠯ ᠦᠨ ᠬᠤᠪᠴᠠᠰᠦ ᠪᠡᠷ ᠵᠢᠡᠨ  ᠭᠤᠶᠤᠵᠦ᠂ᠵᠠᠮ ᠲᠤᠷᠰᠢ ᠳᠦ ᠫᠤᠤᠵᠢᠩ ᠲᠠᠯᠪᠢᠵᠦ᠂ᠪᠦᠯᠦᠭ ᠪᠦᠯᠦᠭ ᠵᠢᠡᠷ ᠰᠠᠭᠤᠯᠭ᠎ᠠ ᠪᠠᠨ ᠲᠠᠮᠨᠠᠭᠠᠳ ᠴᠠᠭᠠᠰᠦ ᠲᠤᠰᠬᠤᠨ ᠳᠦ ᠬᠦᠷᠴᠦ᠂ᠠᠢᠢᠯ ᠲᠠᠷᠠᠭᠠᠯᠠᠨ ᠬᠡᠥᠬᠡᠨ ᠦ ᠬᠡᠷ ᠡᠴᠡ《ᠠᠷᠢᠬᠢ ᠭᠤᠶᠤᠵᠦ》᠂ᠲᠤᠰᠬᠤᠨ ᠦ ᠪᠠᠨ ᠠᠮᠠᠷᠠᠭ ᠦᠨ ᠪᠠᠶᠠᠷ ᠦᠨ ᠠᠵᠢᠯᠯᠠᠭ᠎ᠠ ᠳᠦ ᠤᠷᠤᠯᠴᠠᠭᠤᠯᠬᠤ ᠪᠡᠷ ᠤᠷᠢᠳᠠᠭ᠃ᠵᠠᠯᠠᠭᠤᠰ ᠦᠨ ᠠᠢᠢᠯ ᠳᠦ ᠤᠷᠤᠵᠦ《ᠠᠷᠢᠬᠢ ᠭᠤᠶᠤᠬᠤ》ᠨᠢ ᠦᠡᠨᠡᠨ ᠳᠦ ᠪᠠᠨ ᠪᠤᠷ ᠠᠢᠢᠯ ᠦᠨ ᠬᠡᠥᠬᠡᠨ ᠦ ᠤᠬᠠᠭᠠᠯᠢᠭ ᠰᠡᠷᠭᠦᠯᠡᠩ ᠠᠵᠢᠯᠴᠢ ᠬᠦᠳᠡᠯᠮᠦᠷᠢᠴᠢ ᠡᠰᠡᠬᠦ ᠵᠢ ᠨᠢ ᠲᠠᠯᠳᠠᠭᠤᠷ ᠠᠵᠢᠭᠯᠠᠵᠦ ᠪᠠᠢᠢᠭ᠎ᠠ ᠶᠠᠪᠤᠳᠠᠯ ᠶᠤᠮ᠃ᠠᠪᠤ ᠡᠵᠢ ᠨᠢ ᠬᠡᠥᠬᠡᠨ ᠵᠢᠡᠨ ᠤᠷᠤᠯᠴᠠᠬᠤ ᠵᠢ ᠵᠦᠪᠰᠢᠶᠡᠷᠡᠪᠡᠯ᠂ᠵᠠᠯᠠᠭᠤᠰ ᠲᠦ ᠨᠢᠬᠡ ᠬᠤᠶᠠᠷ ᠬᠤᠯᠤ ᠠᠷᠢᠬᠢ ᠦᠭᠳᠡᠭ᠃ᠡᠬᠡ ᠪᠤᠶᠤ ᠪᠡᠷᠬᠡᠨ ᠨᠢ ᠬᠡᠥᠬᠡᠨ ᠢ ᠬᠤᠪᠴᠠᠰᠤᠯᠠᠵᠦ ᠭᠤᠶᠤᠯᠠᠨ᠎ᠠ᠃

《ᠠᠷᠢᠬᠢ》ᠭᠤᠶᠤᠵᠦ ᠬᠦᠷᠳᠡᠭᠰᠡᠨ ᠦ ᠲᠠᠷᠠᠭ᠎ᠠ᠂ᠬᠤᠶᠠᠷ ᠲᠤᠰᠬᠤᠨ ᠦ ᠠᠬᠠᠮᠠᠳ ᠬᠤᠯᠤᠰᠤᠨ ᠪᠢᠰᠬᠢᠬᠦᠷ ᠦᠯᠢᠶᠡᠨ᠂ ᠲᠤᠰᠬᠤᠨ ᠦ ᠪᠠᠨ ᠵᠠᠯᠠᠭᠤ ᠵᠢ ᠲᠠᠭᠠᠭᠤᠯᠤᠨ ᠨᠦᠬᠦᠬᠡ ᠲᠤᠰᠬᠤᠨ ᠰᠦ ᠪᠠᠨ ᠬᠦᠷᠴᠦ᠂ᠬᠡᠥᠬᠡᠨ ᠢ ᠲᠤᠰᠬᠤᠨ ᠦ ᠪᠠᠨ ᠠᠵᠢᠯᠯᠠᠭ᠎ᠠ ᠳᠦ ᠤᠷᠤᠯᠴᠠᠭᠤᠯᠬᠤ ᠪᠡᠷ ᠲᠤᠰᠤᠨ᠎ᠠ᠃ᠴᠠᠭᠠᠳᠦ ᠲᠤᠰᠬᠤᠨ ᠳᠦ ᠬᠦᠷᠦᠭᠰᠡᠨ ᠦ ᠬᠤᠢᠢᠨ᠎ᠠ᠂ᠬᠡᠥᠬᠡᠨᠴᠤᠳ ᠭᠠᠷ ᠭᠠᠷ ᠵᠢᠡᠨ ᠬᠤᠯᠪᠤᠯᠴᠠᠨ ᠬᠦᠷᠢᠶᠡᠯᠡᠭᠡᠳ᠂ ᠳ᠋ᠦᠩᠴᠤᠳ ᠦᠨ《ᠳ᠋ᠤᠢᠸᠸᠶᠸ》ᠪᠠᠨ ᠲᠠᠭᠤᠯᠠᠵᠦ ᠡᠬᠢᠯᠡᠳᠡᠭ᠂ᠲᠤᠰᠬᠤᠨ ᠦ ᠵᠠᠯᠠᠭᠤᠰ ᠬᠢᠬᠡᠳ ᠬᠡᠷ ᠦᠨ ᠬᠦᠮᠦᠰ ᠨᠢ《ᠳ᠋ᠤᠢᠸᠸᠶᠸ》ᠵᠢᠨ ᠬᠦᠷᠢᠶᠡᠨ ᠭᠠᠳᠠᠭᠤᠷ 《ᠪᠦᠭᠬᠦᠵᠦ》᠂ᠰᠠᠨᠠᠭᠠᠨ ᠳᠦ ᠨᠡᠢᠢᠴᠡᠭᠰᠡᠨ ᠬᠡᠥᠬᠡᠨ ᠢ ᠬᠠᠢᠢᠨ᠎ᠠ᠃

ᠲᠡᠭᠷᠢ ᠠᠭᠠᠵᠢᠮ ᠵᠢᠡᠷ ᠬᠠᠷᠠᠩ᠋ᠭᠤᠢᠢᠯᠠᠬᠤ ᠪᠡᠷ᠂ ᠳ᠋ᠦᠩᠴᠤᠳ  ᠦᠨ ᠶᠡᠬᠡ ᠨᠠᠢᠢᠷ ᠡᠬᠢᠯᠡᠨ᠎ᠠ᠃ᠪᠦᠰᠡᠭᠦᠢᠢᠴᠤᠳ ᠨᠢ ᠰᠠᠢᠢᠬᠠᠨ  ᠬᠤᠪᠴᠠᠰᠦ ᠪᠡᠷ ᠵᠢᠡᠨ ᠭᠤᠶᠤᠯᠠᠵᠦ᠂ᠸᠠᠭᠠᠷ ᠲᠤᠭᠤᠭ᠎ᠠ ᠪᠠᠨ ᠠᠪᠴᠦ᠂ᠠᠷᠢᠬᠢᠨ ᠪᠤᠳᠤᠩ ᠵᠢᠡᠨ ᠲᠡᠪᠡᠷᠢᠵᠦ᠂ᠭᠡᠷ ᠭᠡᠷ ᠡᠴᠡ ᠪᠠᠨ ᠭᠠᠷᠴᠦ ᠢᠷᠡᠨ ᠨᠠᠢᠢᠷ ᠦᠨ ᠭᠠᠵᠠᠷ ᠵᠦᠪ ᠢᠨᠢᠶᠡᠯᠴᠡᠭᠰᠡᠭᠡᠷ ᠢᠷᠡᠵᠡᠭᠡᠨ᠎ᠠ᠃ᠨᠢᠳᠦ ᠢᠷᠮᠡᠬᠦ ᠵᠢᠨ ᠵᠠᠭᠤᠷ᠎ᠠ᠂ᠤᠷᠳᠦ ᠡᠴᠡ ᠤᠷᠳᠦ ᠨᠠᠢᠢᠷ ᠦᠨ ᠰᠢᠷᠡᠬᠡ ᠲᠡᠭᠡᠷ᠎ᠠ ᠬᠦᠴᠢᠲᠡᠢ ᠵᠢᠭᠠᠰᠦ᠂ᠬᠦᠴᠢᠯᠯᠢᠭ᠌ ᠮᠢᠬ᠎ᠠ᠂ᠰᠢᠷᠠᠯᠠᠳᠠᠯ᠎ᠠ ᠲᠤᠰᠤᠨ ᠳᠦ ᠪᠤᠴᠠᠯᠭᠠᠭᠰᠠᠨ ᠴᠠᠷᠴᠠᠬᠠᠢ ᠵᠡᠷᠬᠡ ᠠᠮᠳᠠᠳᠦ ᠢᠳᠡᠭᠡᠨ ᠵᠢᠡᠨ ᠲᠦᠬᠦᠷᠴᠦ᠂《ᠤᠤᠭᠤᠵᠠᠭᠠᠶ᠎ᠠ》《ᠲᠤᠯᠭᠠᠵᠠᠭᠠᠶ᠎ᠠ》ᠬᠡᠮᠡᠨ ᠬᠦᠬᠡᠷᠦᠯᠳᠦᠨ ᠨᠠᠢᠢᠷᠠᠯᠳᠤᠬᠤ ᠲᠠᠭᠤᠨ ᠨᠢ ᠬᠠᠯᠠᠬᠠᠪᠴᠢ ᠬᠦᠬᠦᠷᠭᠡ ᠪᠡᠷ᠂ᠬᠡᠩᠭᠡᠷᠭᠡ ᠵᠢᠨ ᠠᠰᠠᠷ ᠵᠢᠡᠷ᠂ᠬᠦᠮᠦᠰ ᠦᠨ ᠲᠤᠮᠳᠠᠭᠤᠷ ᠤᠳᠠᠳᠠᠯ᠎ᠠ ᠴᠤᠤᠷᠢᠶᠠᠳᠤᠨ᠎ᠠ᠃

ᠬᠠᠢᠢᠷ᠎ᠠ ᠵᠢᠨ ᠲᠠᠭᠤᠤ

ᠵᠢᠷᠭᠠᠯᠲᠦ ᠠᠮᠢᠳᠤᠷᠠᠯ

ᠲᠠᠭᠤᠤ ᠪᠦᠵᠢᠭ᠌

ᠠᠮᠳᠠᠳᠤ ᠰᠠᠷᠬᠤᠳ ᠵᠢᠡᠨ ᠬᠤᠯᠠ ᠵᠢᠨ ᠵᠤᠴᠢᠳ ᠲᠦ ᠪᠠᠨ ᠪᠠᠷᠢᠨ᠎ᠠ

ᠽᠢᠪᠠ ᠪᠤᠤᠪᠤ ᠬᠢᠨ᠎ᠠ

ᠦᠭᠡᠷ ᠦᠨ ᠲᠡᠮᠡᠴᠡᠯᠳᠦᠭᠡᠨ

ᠬᠤᠷᠢᠮ ᠨᠠᠢᠢᠷ

ᠶᠡᠬᠡ ᠨᠠᠢᠢᠷ

ᠰᠠ ᠵᠢᠨ ᠲᠠᠬᠢᠯᠭ᠎ᠠ

ᠵᠢᠭᠠᠰᠤᠨ ᠴᠦᠬᠦᠷᠦᠮ ᠦᠨ ᠪᠤᠯᠢᠶᠠᠯᠳᠤᠭᠠᠨ

ᠲᠠᠷᠢᠶᠠᠨ ᠲᠦᠷᠦᠬᠦᠦ ᠬᠤᠷᠢᠶᠠᠬᠤ ᠤᠷᠤᠯᠳᠤᠭᠠᠨ



ᠵᠤᠬᠢᠶᠠᠭᠴᠢ᠄ ᠲᠧᠩ ᠵᠢᠶᠦᠢᠨ
ᠢᠷᠡᠯᠲᠡ᠄ ᠦᠨᠳᠦᠰᠦᠲᠡᠨ ᠦ ᠵᠢᠷᠤᠭᠲᠦ ᠰᠡᠳᠭᠦᠯ ᠦᠨ ᠬᠤᠷᠢᠶ᠎ᠠ
ᠬᠠᠷᠢᠶ᠎ᠠ᠄
ᠳᠠᠷᠤᠮ᠄ 266
ᠴᠠᠭ᠄ 2015 ᠤᠨ ᠤ 07 ᠰᠠᠷ᠎ᠠ ᠶᠢᠨ 01
ᠨᠠᠢ᠌ᠷᠠᠭᠤᠯᠤᠭᠴᠢ᠄ ᠰᠠᠴᠤᠷᠠᠯ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁