ᠶᠡᠷᠡᠨ ᠲᠦᠷᠪᠡᠲᠡᠢ ᠠᠩᠴᠢᠨ ᠭᠤᠸᠠᠢ

ᠮᠤᠩᠭ᠋ᠤᠯ ᠤᠯᠤᠰ ᠦᠨ ᠬᠡᠨᠲᠡᠢ ᠠᠢᠢᠮᠠᠭ ᠦᠨ ᠲᠠᠳᠠᠯ ᠰᠤᠮᠤᠨ ᠳᠦ ᠬᠦᠷᠴᠦ᠂ᠴᠢᠩᠬᠢᠰ ᠦᠨ ᠤᠪᠤᠭ᠎ᠠ ᠵᠢ ᠪᠠᠷᠠᠯᠬᠠᠨ ᠲᠠᠬᠢᠬᠤ ᠦᠶ᠎ᠠ ᠳᠦ᠂ᠮᠠᠨ ᠢ ᠲᠠᠭᠠᠭᠤᠯᠵᠦ ᠶᠠᠪᠤᠭᠰᠠᠨ ᠡᠷᠳᠡᠮᠲᠡᠨ ᠰᠠᠮᠳᠠᠨᠳᠤᠪᠵᠠᠢ ᠭᠤᠸᠠᠢ᠄ᠲᠡᠷᠡ ᠨᠤᠲᠤᠭ ᠲᠦ ᠭᠠᠢᠢᠬᠠᠮᠰᠢᠨᠲᠠᠢ ᠨᠢᠭᠡᠨ ᠪᠤᠢ᠂ᠨᠠᠰᠤᠨ ᠲᠤᠷᠰᠢ ᠳᠦ ᠪᠠᠨ ᠠᠩ ᠬᠦᠷᠦᠬᠡ ᠬᠢᠵᠦ᠂ᠠᠩ ᠵᠢᠡᠨ ᠪᠦᠷ ᠵᠠᠭᠪᠤᠷ ᠪᠦᠳᠦᠭᠡᠨ ᠭᠡᠷ ᠮᠦᠽᠧᠢ ᠪᠤᠯᠭᠠᠭᠰᠠᠨ᠂ᠲᠡᠯᠡᠬᠡᠢ ᠵᠢᠨ ᠬᠤᠶᠠᠳᠼᠭᠠᠢ ᠲᠠᠢᠢᠨ ᠳᠦ ᠤᠷᠤᠯᠴᠠᠭᠰᠠᠨ᠂ᠮᠤᠩᠭ᠋ᠤᠯ ᠦᠨ ᠶᠡᠷᠦᠩᠬᠡᠢᠢᠯᠡᠭᠴᠢ ᠵᠢᠨ ᠬᠦᠯᠢᠶᠡᠨ ᠠᠪᠤᠯᠲᠠ ᠳᠦ ᠴᠦ ᠤᠷᠤᠯᠴᠠᠵᠦ ᠪᠠᠢᠢᠭᠰᠠᠨ᠂ᠦᠪᠡᠷ ᠡᠴᠡ ᠪᠠᠨ ᠲᠠᠪᠢᠨ ᠲᠠᠪᠤ ᠲᠡᠭᠦᠦ ᠬᠡᠥᠬᠡᠨ ᠲᠠᠢ ᠬᠤᠷᠢᠮᠯᠠᠭᠰᠠᠨ᠂᠂᠂᠂ᠭᠡᠳ ᠤᠯᠠᠨ ᠴᠦ ᠶᠠᠷᠢᠯ᠎ᠠ᠃ᠡᠳᠡᠵᠡᠷ ᠢ ᠨᠢ ᠪᠢ ᠵᠦᠭᠡᠷ ᠯᠡ ᠨᠠᠷᠬᠢᠶ᠎ᠠ ᠵᠤᠭᠤᠭ ᠪᠠᠢᠢᠯᠬᠦᠢ ᠳᠠ ᠭᠡᠳ ᠢᠳᠡᠬᠡᠬᠦ ᠲᠠᠢ ᠦᠭᠡᠢ ᠲᠠᠢ ᠰᠤᠨᠤᠰᠴᠦ ᠶᠠᠪᠤᠪᠠ ᠃

2013ᠤᠨ ᠦ 8ᠰᠠᠷ᠎ᠠ ᠵᠢᠨ20 ᠦ ᠡᠳᠦᠷ᠂ᠪᠢᠳᠡ ᠪᠤᠷᠤᠭᠠᠨ ᠡᠴᠡ ᠡᠮᠦᠨᠡᠬᠡᠨ ᠯᠡ ᠴᠢᠩᠬᠢᠰ ᠦᠨ ᠤᠪᠤᠭ᠎ᠠ ᠵᠢ ᠲᠠᠬᠢᠭᠠᠳ᠂ᠱᠠᠯ ᠨᠤᠢᠢᠲᠠᠨ ᠬᠦᠳᠡᠬᠡ ᠵᠢᠨ ᠵᠠᠮ ᠵᠢᠡᠷ ᠮᠠᠰᠢᠨ ᠵᠢᠡᠨ ᠲᠡᠯᠡᠰᠦᠭᠦᠯᠦᠨ ᠪᠠᠢᠢᠵᠦ᠂ᠨᠦᠭᠦᠭᠡ ᠦᠯᠢᠭᠡᠷ ᠲᠤᠮᠤᠭ ᠦᠨ ᠶᠤᠮ ᠰᠢᠭ ᠦᠨᠳᠦᠷ ᠨᠠᠰᠦᠲᠠᠢ ᠠᠩᠴᠢᠨ ᠦ ᠬᠡᠷ ᠢ ᠵᠤᠷᠢᠯ᠎ᠠ᠃

ᠬᠦᠷᠢᠶ᠎ᠠ ᠪᠡᠷ ᠨᠢ ᠤᠷᠤᠬᠤ ᠳᠦ ᠡᠭᠦᠳᠡᠨ ᠳᠦ ᠪᠠᠨ ᠪᠤᠰᠬᠠᠭᠰᠠᠨ ᠬᠡᠷ ᠤᠪᠤᠭ᠎ᠠ ᠨᠢ ᠤᠨᠴᠠ ᠵᠢᠨ ᠢᠯᠡᠲᠡᠢ ᠬᠠᠷᠠᠭᠳᠠᠪᠠ᠃ᠬᠠᠮᠳᠦ ᠶᠠᠪᠤᠭᠰᠠᠳ ᠦᠨ ᠨᠢᠬᠡ ᠨᠢ ᠡᠨᠳᠡᠬᠢ ᠮᠤᠩᠭ᠋ᠤᠯᠴᠤᠳ ᠢ ᠤᠯᠠᠮᠵᠢᠯᠠᠯᠲᠦ ᠲᠠᠬᠢᠯᠭ᠎ᠠ ᠲᠠᠢᠢᠯᠭ᠎ᠠ ᠵᠢᠨ ᠶᠤᠰᠤ ᠵᠠᠩᠰᠢᠯ ᠵᠢᠡᠨ ᠬᠡᠪ ᠵᠢᠡᠷ ᠨᠢ ᠬᠠᠳᠠᠭᠠᠯᠠᠵᠦ ᠪᠤᠢ ᠬᠡᠮᠡᠨ ᠶᠠᠷᠢᠯ᠎ᠠ᠃ᠬᠦᠷᠢᠶᠡᠨ ᠳᠦ ᠨᠢ ᠭᠤᠷᠪᠠᠨ ᠮᠤᠳᠤᠨ ᠬᠡᠷ ᠪᠠᠢᠢᠭ᠎ᠠ ᠵᠢᠨ ᠨᠢᠭᠡ ᠨᠢ ᠮᠦᠽᠧᠢ᠂ᠨᠢᠭᠡ ᠨᠢ ᠰᠠᠭᠤᠴᠠ᠂ᠪᠠᠰᠠ ᠨᠢᠭᠡ ᠨᠢ ᠡᠪᠦᠭᠡᠨ ᠢ ᠬᠠᠯᠠᠮᠵᠢᠯᠠᠵᠦ ᠬᠠᠷᠭᠠᠯᠵᠠᠳᠠᠬ ᠲᠦᠷᠦᠯ ᠰᠠᠳᠤᠨ ᠦ ᠬᠢᠨᠢ ᠰᠠᠭᠤᠬᠤ ᠭᠡᠷ ᠪᠠᠢᠢᠪᠠ᠃ᠠᠮᠤᠷ ᠮᠡᠨᠳᠦ ᠪᠠᠨ ᠠᠰᠠᠭᠤᠯᠴᠠᠭᠠᠳ ᠡᠪᠦᠬᠡᠨ ᠦ ᠰᠠᠭᠤᠬᠤ ᠦᠷᠦᠭᠡᠨ ᠳᠦ ᠤᠷᠤᠯ᠎ᠠ᠃ᠲᠦᠷᠪᠡᠨ ᠬᠠᠨ᠎ᠠ ᠨᠢ ᠤᠳᠤᠨ ᠮᠸᠳᠠᠯ᠂ᠵᠢᠵᠢᠭ ᠠᠮᠢᠲᠠᠳ ᠦᠨ ᠵᠠᠭᠪᠤᠷ᠂ᠬᠡᠳᠦᠨ ᠠᠷᠪᠠᠨ ᠨᠤᠮᠤ ᠰᠤᠮᠤ᠂ᠠᠪᠠ ᠵᠢᠨ ᠫᠤᠤ᠂ᠱᠤᠭᠤᠮᠠᠯ ᠪᠠᠷᠢᠮᠠᠯ᠂ᠭᠡᠷᠡᠯ ᠵᠢᠷᠤᠭ ᠦᠳ  ᠵᠢᠡᠷ ᠲᠦᠭᠦᠷᠦᠭᠰᠡᠨ ᠪᠠᠢᠢᠵᠠᠢ᠃ᠡᠪᠦᠭᠡᠨ ᠭᠤᠸᠠᠢ ᠲᠠᠶᠠᠭ ᠲᠤᠯᠤᠭᠠᠳ ᠰᠠᠭᠤᠵᠦ ᠪᠠᠢᠢᠪᠠ᠃ᠰᠠᠮᠳᠠᠨᠳᠤᠪᠵᠠᠢ ᠭᠤᠸᠠᠢ ᠡᠪᠦᠭᠡᠨ ᠦ ᠭᠠᠷ ᠢ ᠪᠠᠷᠢᠵᠦ ᠲᠡᠷᠭᠡᠲᠡ ᠨᠢ ᠰᠠᠭᠤᠭᠠᠳ᠂ᠬᠦᠭᠵᠢᠯᠲᠡᠢ ᠶᠠᠷᠢᠶ᠎ᠠ  ᠬᠦᠬᠡᠷᠦᠬᠡ ᠪᠤᠯᠤᠯ᠎ᠠ.ᠡᠨᠡ ᠬᠤᠶᠠᠷ ᠤᠳᠠᠭᠠᠨ ᠵᠢᠯ ᠦᠨ ᠰᠠᠢᠢᠨ ᠨᠠᠢᠢᠵᠠ ᠶᠤᠮ ᠭᠡᠨ᠎ᠠ᠃ᠶᠠᠷᠢᠵᠦ ᠵᠤᠭᠤᠭᠳᠠᠬᠤ ᠵᠢᠨ ᠬᠤᠭᠤᠷᠤᠨᠳᠦ ᠰᠦ᠋ ᠲᠠᠢ ᠴᠠᠢ᠂ᠬᠠᠷ᠎ᠠ ᠠᠷᠢᠬᠢ ᠴᠦ ᠭᠠᠷᠤᠭᠰᠠᠨ ᠪᠤᠯᠪᠠᠴᠦ ᠨᠠᠮ᠎ᠠ ᠵᠢ ᠶᠠᠭᠤ ᠶᠠᠭᠤᠨ ᠡᠴᠡ ᠢᠯᠡᠬᠦᠦ ᠬᠦᠰᠡᠬᠦᠯᠵᠦ ᠪᠠᠢᠢᠭᠰᠠᠨ ᠨᠢ ᠬᠠᠷᠢᠨ ᠠᠷᠢᠬᠢ ᠪᠢᠰᠢ ᠠᠩᠴᠢᠨ ᠭᠤᠸᠠᠢ ᠵᠢᠨ ᠠᠯᠢᠪᠠ ᠦᠯᠢᠬᠡᠷ  ᠶᠠᠷᠢᠶ᠎ᠠ ᠪᠠᠢᠢᠭᠰᠠᠨ ᠶᠤᠮ ᠪᠢᠯᠡ᠃

ᠡᠪᠦᠭᠡᠨ ᠢ ᠵᠤᠩᠳᠤᠢᠢᠳᠠᠪᠠᠭ ᠭᠡᠳᠡᠭ᠃1919 ᠤᠨ ᠳᠦ ᠲᠦᠷᠦᠭᠰᠡᠨ ᠡᠨᠡ ᠪᠤᠷᠢᠶᠠᠳ ᠨᠠᠰᠦᠲᠠᠢ ᠲᠠᠪᠤᠨ ᠬᠦᠦ ᠭᠤᠷᠪᠠᠨ ᠦᠬᠢᠨ ᠲᠠᠢ᠃ᠪᠤᠷᠢᠶᠠᠳ ᠪᠤᠯ ᠦᠨᠢ ᠡᠷᠲᠡᠨ ᠦ ᠲᠡᠥᠬᠡ ᠲᠠᠢ ᠶᠠᠰᠤᠲᠠᠨ᠂ᠡᠷᠲᠡ ᠤᠵᠤᠭᠤᠷ ᠡᠴᠡ ᠪᠠᠢᠢᠭᠠᠯ ᠨᠠᠭᠤᠷ ᠦᠨ ᠬᠦᠪᠡᠬᠡ ᠪᠡᠷ ᠮᠠᠯ ᠮᠠᠯᠵᠢᠨ ᠠᠵᠦ ᠲᠦᠷᠦᠵᠦ᠂ᠦᠷᠡᠵᠢᠨ ᠲᠡᠯᠭᠡᠷᠡᠲᠡᠢ᠃ᠡᠳᠦᠭᠡ ᠪᠤᠯᠲᠠᠯ᠎ᠠ ᠬᠡᠳᠦᠨ ᠲᠦᠮᠡᠨ ᠪᠤᠷᠢᠶᠠᠳᠴᠤᠳ ᠤᠷᠤᠰ ᠦᠨ ᠬᠤᠯᠪᠤᠭᠠᠨ ᠦ ᠪᠦᠭᠦᠳᠡ ᠨᠠᠢᠢᠷᠠᠮᠳᠠᠬᠤ ᠪᠤᠷᠢᠶᠠᠳ ᠤᠯᠤᠰ ᠲᠦ ᠠᠮᠢᠳᠤᠷᠠᠵᠦ ᠪᠠᠢᠢᠳᠠᠭ᠃ᠮᠤᠩᠭ᠋ᠤᠯ ᠤᠯᠤᠰ᠂ᠲᠤᠮᠳᠠᠳᠦ ᠤᠯᠤᠰ ᠲᠦ ᠴᠦ ᠨᠢᠭᠡ ᠪᠦᠯᠦᠭ ᠪᠤᠷᠢᠶᠠᠳᠴᠤᠳ ᠪᠤᠢ᠃

ᠡᠪᠦᠭᠡᠨ ᠭᠤᠸᠠᠢ ᠬᠤᠷᠢᠲᠠᠢ ᠳᠦ ᠪᠠᠨ ᠲᠡᠯᠡᠬᠡᠢ ᠵᠢᠨ ᠬᠤᠶᠠᠳᠤᠭᠠᠷ ᠲᠠᠢᠢᠨ ᠳᠦ ᠤᠷᠤᠵᠦ᠂ᠭᠠᠪᠢᠶᠠᠨ ᠤᠳᠤᠨ ᠵᠢᠡᠷ ᠡᠩᠭᠡᠷ ᠵᠢᠡᠨ ᠮᠢᠯᠢᠶᠠᠯᠭᠠᠵᠦ ᠶᠠᠪᠤᠵᠠᠢ᠃ᠠᠩ ᠬᠦᠷᠦᠬᠡ ᠬᠢᠬᠦ ᠲᠤᠷᠠᠲᠠᠢ ᠲᠡᠷᠡ ᠪᠡᠷ ᠲᠠᠥᠯᠠᠢ ᠡᠴᠡ ᠪᠠᠭᠠᠪᠠᠭᠠᠢ᠂ᠵᠡᠷᠯᠢᠭ᠌ ᠨᠤᠭᠤᠰᠦ ᠡᠴᠡ ᠴᠤᠯᠪᠤᠷᠲᠦ ᠵᠢᠭᠠᠰᠦ ᠬᠦᠷᠳᠡᠯ᠎ᠠ《ᠠᠭᠠᠷ ᠤᠰᠤ ᠬᠠᠭᠤᠷᠠᠢ》ᠵᠢᠨ ᠠᠩ ᠵᠢᠨ ᠬᠡᠰᠢᠭ᠌ ᠢ ᠬᠦᠷᠲᠡᠵᠦ ᠪᠠᠢᠢᠵᠠᠢ᠃ᠲᠡᠬᠡᠬᠦ ᠮᠦᠷᠳᠡᠭᠡᠨ ᠠᠪᠠᠯᠠᠵᠦ ᠤᠯᠤᠭᠰᠠᠨ ᠠᠩ ᠵᠢᠡᠨ ᠪᠦᠷ ᠵᠠᠭᠪᠤᠷᠴᠢᠯᠠᠨ᠂ᠭᠡᠷ ᠮᠦᠽᠸᠢ ᠪᠠᠢᠢᠭᠤᠯᠤᠭᠰᠠᠨ ᠨᠢ ᠲᠤᠮᠤᠭᠯᠢᠭ ᠨᠢᠭᠡᠨ ᠨᠠᠰᠤᠨ ᠳᠦ ᠨᠢ ᠦᠩᠭᠡ ᠨᠡᠮᠡᠷᠢᠯᠡᠭᠰᠡᠨ ᠶᠠᠪᠤᠳᠠᠯ ᠪᠠᠢᠢᠪᠠ᠃

ᠦᠯᠢᠭᠡᠷ ᠵᠤᠭᠤᠭ ᠢ ᠨᠢ ᠴᠢᠬᠢ ᠲᠠᠯᠪᠢᠨ ᠰᠤᠨᠤᠰᠴᠦ ᠪᠠᠢᠢᠳᠠᠯ᠎ᠠ ᠨᠢᠭᠡᠨ ᠢᠳᠡᠷ ᠨᠠᠰᠦᠨ ᠦ ᠪᠦᠰᠡᠬᠦᠢ ᠤᠷᠤᠵᠦ ᠢᠷᠡᠭᠡᠨ ᠮᠠᠨ ᠳᠦ ᠠᠷᠢᠬᠢ ᠪᠠᠷᠢᠪᠠ᠃ᠡᠭᠡᠯ ᠲᠠᠷᠤᠤᠬᠠᠨ ᠬᠤᠪᠴᠠᠯᠠᠭᠰᠠᠨ᠂ᠢᠨᠢᠶᠡᠮᠰᠦᠭ ᠴᠢᠷᠠᠢᠢᠲᠠᠢ ᠡᠨᠡ ᠪᠦᠰᠡᠬᠦᠢ ᠵᠢ  ᠲᠠᠪᠢᠨ ᠲᠠᠪᠤ ᠲᠡᠭᠦᠦ ᠡᠬᠡᠨᠡᠷ ᠨᠢ ᠪᠠᠢᠢᠬ᠎ᠠ ᠪᠢ ᠤᠯᠠᠨ ᠦ ᠬᠠᠷᠠᠴᠠ ᠡᠴᠡ ᠭᠠᠳᠠᠷᠯᠠᠭᠰᠠᠨ᠃1974ᠤᠨ ᠳᠦ ᠲᠦᠷᠦᠭᠰᠡᠨ ᠡᠨᠡ ᠬᠠᠯᠬ᠎ᠠ ᠬᠡᠥᠬᠡᠨ ᠪᠦᠵᠦᠩ ᠨᠡᠷᠡᠲᠡᠢ ᠪᠦᠬᠡᠳ ᠠᠷᠪᠠ ᠶᠢᠰᠦᠲᠠᠢ ᠳᠦ ᠪᠠᠨ ᠵᠤᠩᠳᠤᠢᠢᠳᠠᠪᠠᠭ ᠲᠠᠢ ᠬᠤᠷᠢᠮᠯᠠᠭᠰᠠᠨ ᠪᠠᠢᠢᠵᠠᠢ᠃ᠴᠠᠭᠠᠰᠢ ᠤᠯᠠᠨ ᠢ ᠤᠬᠤᠴᠢᠯᠠᠬᠤ ᠪᠠᠨ ᠪᠤᠯᠢᠶ᠎ᠠ ᠭᠡᠵᠦ ᠪᠢ ᠰᠤᠨᠢᠭᠤᠴᠢ ᠰᠡᠳᠭᠢᠯ ᠵᠢᠡᠨ ᠪᠠᠷᠢᠯ᠎ᠠ᠂᠂᠂᠂

ᠮᠠᠨ ᠦ ᠲᠠᠰᠤᠷᠠᠯ ᠦᠭᠡᠢ ᠵᠢᠷᠤᠭ ᠠᠤᠬᠤ ᠪᠡᠷ ᠲᠡᠳᠡ ᠴᠦ ᠲᠡᠷᠯᠢᠭ ᠵᠢᠡᠷ ᠵᠢᠡᠨ ᠭᠤᠶᠤᠯᠠᠵᠠᠭᠠᠨ᠂ᠲᠤᠤᠷᠬᠠᠨ ᠵᠢᠡᠨ ᠬᠦᠷ ᠬᠦᠭᠵᠢᠶᠡᠨ ᠲᠠᠢ ᠪᠤᠯᠪᠠ᠃ᠡᠪᠦᠭᠡᠨ ᠭᠤᠸᠠᠢ ᠬᠦᠮᠦᠨ ᠵᠢᠡᠷ ᠲᠦᠰᠢᠬᠦᠯᠵᠦ ᠮᠦᠽᠸᠢ ᠳᠦ ᠪᠠᠨ ᠤᠷᠤᠭᠠᠳ ᠤᠯᠠᠨ ᠵᠠᠭᠪᠤᠷ ᠦᠨ ᠲᠤᠮᠳᠠ ᠬᠠᠨ ᠰᠢᠭ ᠰᠠᠭᠤᠯ᠎ᠠ᠃ᠮᠠᠭᠠᠳ ᠦᠭᠡᠢ᠂ᠠᠩ ᠤᠯᠤᠭᠠᠳ ᠬᠦᠭᠰᠡᠨ ᠲᠤᠭᠳᠤᠯᠵᠦ ᠪᠠᠢᠢᠭᠰᠠᠨ ᠤᠷᠢᠳᠦ ᠵᠢᠨ ᠲᠡᠷᠡ ᠠᠭᠱᠠᠨ ᠬᠤᠷᠤᠨ ᠦᠳ ᠵᠢᠡᠨ ᠲᠤᠷᠠᠰᠤᠨ ᠰᠠᠨᠠᠵᠦ ᠪᠠᠢᠢᠭᠰᠠᠨ ᠪᠠᠢᠢᠬ᠎ᠠ᠂ᠡᠰᠡᠭᠦᠯ᠎ᠠ ᠲᠡᠳᠡᠭᠡᠷ ᠠᠮᠢᠲᠠᠳ ᠦᠨ ᠲᠦᠯᠦᠬᠡ ᠵᠠᠯᠪᠢᠷᠠᠨ ᠲᠠᠭᠠᠳᠬᠠᠵᠦ ᠪᠠᠢᠢᠭᠰᠠᠨ ᠴᠦ ᠮᠠᠭᠠᠳ᠃

ᠬᠠᠮᠳᠦ ᠶᠠᠪᠤᠭᠰᠠᠨ《ᠬᠦᠯᠦᠨ ᠪᠤᠢᠢᠷ ᠦᠨ ᠬᠡᠷᠡᠯ ᠵᠢᠷᠤᠭ》ᠰᠡᠳᠭᠦᠯ ᠦᠨ ᠭᠤᠤᠯ ᠨᠠᠢᠢᠷᠠᠭᠤᠯᠤᠭᠴᠢ ᠴᠠᠩ ᠱᠸᠩ ᠵᠢᠶᠸ ᠰᠡᠳᠭᠦᠯ ᠵᠢᠡᠨ ᠬᠠᠷᠠᠭᠤᠯᠬᠤ ᠳᠦ ᠲᠤᠮᠳᠠᠳᠦ ᠤᠯᠤᠰ ᠦᠨ ᠪᠤᠷᠢᠶᠠᠳᠴᠤᠳ ᠦᠨ ᠵᠢᠡᠨ ᠵᠢᠷᠤᠭ ᠢ ᠬᠠᠷᠠᠭᠠᠳ ᠡᠪᠦᠭᠡᠨ ᠭᠤᠸᠠᠢ ᠲᠤᠭᠳᠤᠯᠤᠨ ᠪᠠᠶᠠᠰᠤᠭᠰᠠᠨ᠃ᠤᠯᠠᠨ ᠦ ᠬᠦᠰᠡᠯᠲᠡ ᠪᠡᠷ ᠲᠡᠷᠡ ᠠᠢᠢᠯᠠᠴᠢᠯᠠᠵᠦ ᠢᠷᠡᠭᠰᠡᠳ ᠢ ᠨᠢᠭᠡᠳ ᠨᠢᠭᠡ ᠪᠡᠷ ᠢᠷᠦᠬᠡᠬᠦ ᠵᠢᠨ ᠬᠠᠮᠳᠦ ᠪᠠᠶᠠᠷᠲᠠᠢᠢᠬᠠᠨ ᠵᠢᠡᠷ ᠤᠯᠠᠨ ᠵᠢᠷᠤᠭ ᠠᠪᠬᠠᠭᠤᠯᠤᠭᠰᠠᠨ ᠪᠢᠯᠡ᠃


ᠵᠤᠩᠳᠤᠢᠢᠳᠠᠪᠠᠭ ᠮᠦᠽᠧᠢ ᠳᠦ ᠪᠠᠨ

ᠵᠦᠩᠳᠤᠢᠢᠳᠠᠪᠠᠭ ᠬᠠᠳᠤᠨ ᠪᠦᠵᠦᠩ ᠲᠠᠢ ᠪᠠᠨ ᠰᠠᠮᠳᠠᠨᠳᠤᠪᠵᠠᠢ ᠵᠢᠨ ᠬᠠᠮᠳᠦ

ᠵᠦᠩᠳᠤᠢᠢᠳᠠᠪᠠᠭ ᠦᠨ ᠬᠡᠷᠡᠭᠯᠡᠵᠦ ᠪᠠᠢᠢᠭᠰᠠᠨ ᠫᠤᠤ ᠪᠠ ᠨᠤᠮᠤ ᠰᠤᠮᠤ

2013ᠤᠨ ᠦ 5ᠰᠠᠷ᠎ᠠ ᠵᠢᠨ20 ᠦ ᠡᠳᠦᠷ ᠮᠤᠩᠭ᠋ᠤᠯ ᠤᠯᠤᠰ ᠦᠨ ᠶᠡᠷᠦᠩᠬᠡᠢᠢᠯᠡᠭᠴᠢ ᠡᠯᠪᠡᠭᠳᠤᠷᠵᠢ ᠡᠪᠦᠭᠡᠨ ᠠᠩᠴᠢᠨ ᠪᠠ ᠲᠡᠭᠦᠨ ᠦ ᠬᠠᠳᠤᠨ᠂ᠡᠪᠦᠭᠡᠨ ᠦ ᠠᠮᠢᠳᠤᠷᠠᠵᠦ ᠪᠠᠢᠢᠭ᠎ᠠ ᠪᠠᠭ ᠦᠨ ᠲᠠᠷᠤᠭ᠎ᠠ ᠵᠢ  ᠬᠦᠯᠢᠶᠡᠨ ᠠᠪᠴᠦ ᠠᠭᠤᠯᠵᠠᠪᠠ

ᠡᠪᠦᠭᠡᠨ ᠠᠩᠴᠢᠨ ᠲᠡᠭᠡᠳᠦᠰ ᠦᠨ ᠵᠢᠡᠨ ᠬᠦᠷᠦᠭ ᠢ ᠦᠪᠡᠷ ᠵᠢᠡᠨ ᠪᠠᠷᠢᠵᠦ ᠪᠦᠳᠦᠭᠡᠵᠡᠢ

1939ᠤᠨ ᠳᠦ ᠵᠤᠩᠳᠤᠢᠢᠳᠠᠪᠠᠭ ᠲᠡᠯᠡᠬᠡᠢ ᠵᠢᠨ ᠬᠤᠶᠠᠳᠤᠭᠠᠢ ᠲᠠᠢᠢᠨ ᠳᠦ ᠤᠷᠤᠯᠴᠠᠪᠠ

ᠪᠠᠭ᠎ᠠ ᠵᠠᠭᠪᠤᠷ ᠦᠨ ᠵᠠᠷᠢᠮ ᠢ ᠨᠢ ᠡᠪᠦᠭᠡᠨ ᠠᠩᠴᠢᠨ ᠦᠷᠦᠭᠡᠨ ᠳᠦ ᠪᠠᠨ ᠲᠠᠯᠪᠢᠵᠦ ᠪᠠᠢᠢᠪᠠ



ᠵᠤᠬᠢᠶᠠᠭᠴᠢ᠄ ᠪᠠᠶᠠᠷ
ᠢᠷᠡᠯᠲᠡ᠄ ᠦᠨᠳᠦᠰᠦᠲᠡᠨ ᠦ ᠵᠢᠷᠤᠭᠲᠦ ᠰᠡᠳᠭᠦᠯ ᠦᠨ ᠬᠤᠷᠢᠶ᠎ᠠ
ᠬᠠᠷᠢᠶ᠎ᠠ᠄
ᠳᠠᠷᠤᠮ᠄ 577
ᠴᠠᠭ᠄ 2015 ᠤᠨ ᠤ 06 ᠰᠠᠷ᠎ᠠ ᠶᠢᠨ 14
ᠨᠠᠢ᠌ᠷᠠᠭᠤᠯᠤᠭᠴᠢ᠄ ᠰᠠᠴᠤᠷᠠᠯ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁