ᠴᠤᠤᠳᠤ ᠶᠡᠬᠡ ᠢᠵᠠᠭᠤᠷ ᠰᠢᠳᠦᠭᠡᠨ ᠦ《ᠰᠤᠤᠳᠤ ᠶᠡᠬᠡ ᠬᠠᠨ ᠳᠦᠰᠢᠭ᠌》

︱ ᠵᠠᠯᠠᠭᠣ ᠵᠤᠬᠢᠶᠠᠯᠴᠢ ᠵ᠂ ᠭᠣᠷᠪᠠ ᠶᠢᠨ 《 ᠰᠣᠣᠳᠣ ᠶᠡᠬᠡ ᠬᠠᠨ ᠲᠥᠰᠢᠭ᠌ 》 ᠨᠣᠮ ᠤᠨ ᠮᠢᠯᠢᠶᠠᠯᠭ᠎ᠠ (ᠳᠤᠪᠴᠢᠯᠠᠯ)


ᠵᠠᠯᠠᠭᠣ ᠣᠷᠠᠨ ᠪᠦᠲᠦᠬᠡᠯᠴᠢ ᠵ᠂ ᠭᠣᠷᠪᠠ ᠶᠢᠨ ᠰᠠᠶᠢᠬᠠᠨ ᠭᠠᠷᠭᠠᠯᠭ᠎ᠠ ᠳᠤ ᠭᠠᠷᠣᠭᠰᠠᠨ 《 ᠰᠣᠣᠳᠣ ᠶᠡᠬᠡ ᠬᠠᠨ ᠲᠥᠰᠢᠭ᠌ 》 ᠨᠣᠮ ᠤᠨ ᠮᠢᠯᠢᠶᠠᠯᠭ᠎ᠠ ᠣᠨ ᠤ ᠰᠠᠶ᠋‍ᠢᠬᠠᠨ ᠰᠢᠷ᠎ᠠ ᠬᠣᠯᠣᠭᠠᠨ᠎ᠠ ᠵᠢᠯ᠂ ᠴᠠᠭ ᠤᠨ ᠰᠠᠶ᠋‍ᠢᠬᠠᠨ ᠠᠯᠳᠠᠨ ᠰᠢᠷᠭᠠᠯ ᠨᠠᠮᠣᠷ᠂ ᠰᠠᠷ ᠰᠠᠷ ᠰᠠᠯᠬᠢ ᠲᠡᠶ᠂ ᠪᠣᠷ ᠪᠣᠷ ᠪᠣᠷᠣᠭᠠᠨ ᠲᠡᠶ ᠰᠣᠶᠣᠯᠳᠣ ᠪᠠᠭᠠᠷᠢᠨ ᠤ ᠨᠠᠷᠠᠨ ᠲᠦᠪ ᠬᠦᠬᠡ ᠬᠡᠷ ᠪᠠᠯᠭᠠᠰᠣᠨ ᠳᠤ ᠦᠯᠵᠡᠢ ᠮᠦᠷ ᠲᠡᠶ ᠡᠬᠢᠯᠠᠵᠣ ᠪᠠᠶ᠋‍ᠢᠨ᠎ᠠ᠃

ᠮᠢᠯᠢᠶᠠᠯᠭ᠎ᠠ ᠳᠤ ᠣᠷᠣᠯᠴᠠᠭᠰᠠᠨ ᠳᠠᠭᠠᠨ ᠪᠢ ᠮᠠᠰᠢ ᠶᠡᠬᠡ ᠣᠷᠮ᠎ᠠ ᠲᠡᠶ ᠪᠠᠶ᠋‍ᠢᠨ᠎ᠠ᠂ ᠰᠠᠳᠬᠢᠯ ᠲᠦᠬᠥᠷᠡᠨᠭ᠌ ᠰᠠᠨᠠᠭᠳᠠᠵᠣ ᠪᠠᠶ᠋‍ᠢᠨ᠎ᠠ᠃

ᠶᠠᠭᠣᠨ ᠤ ᠡᠮᠣᠨ᠎ᠠ ᠵᠠᠯᠠᠭᠣ ᠵᠤᠬᠢᠶᠠᠯᠴᠢ ᠵ᠂ ᠭᠣᠷᠪᠠ ᠳᠠᠭᠠᠨ ᠬᠠᠯᠠᠭᠣᠨ ᠪᠠᠶᠠᠷ ᠬᠦᠷᠬᠡᠢ᠎ᠡ᠃

ᠪᠢ ᠦᠨᠦᠳᠥᠷ ᠣᠯᠠᠭᠠᠠᠬᠠᠳᠠ ᠬᠣᠳᠠ ᠶᠢᠨ ᠣᠣᠠᠬ᠎ᠠ ᠣᠷᠠᠯᠢᠭ ᠤᠨ ᠬᠢᠨ ᠤ ᠬᠣᠯᠪᠣᠭ᠎ᠠ ᠶᠢᠨ ᠡᠮᠣᠨ᠎ᠠ ᠡᠴᠡ ᠪᠢᠰᠢ᠂ ᠬᠣᠪᠢ ᠪᠠᠶ᠎ᠠ ᠪᠠᠨ ᠲᠥᠯᠣᠬᠡᠯᠡᠨ ᠮᠢᠯᠢᠶᠠᠯᠭ᠎ᠠ ᠳᠤ ᠣᠷᠣᠯᠴᠠᠵᠣ ᠪᠠᠶ᠋‍ᠢᠨ᠎ᠠ᠃ ᠴᠣᠠᠠᠣᠮ ᠳᠠᠭᠠᠨ ᠮᠠᠨ ᠤ ᠨᠣᠳᠣᠭ ᠲᠤ ᠪᠣᠯᠣᠭᠰᠠᠨ ᠣᠷᠠᠨ ᠵᠤᠬᠢᠶᠠᠯ ᠤᠨ ᠡᠶ᠋‍ᠢᠮᠥᠷᠬᠥᠤ ᠠᠵᠢᠯᠯᠠᠭᠠᠨ ᠢ ᠬᠣᠳᠠ ᠶᠢᠨ ᠣᠣᠠᠬ᠎ᠠ ᠣᠷᠠᠯᠢᠭ ᠤᠨ ᠬᠢᠨ ᠤ ᠬᠣᠯᠪᠣᠭᠠᠨ ᠡᠴᠡ ᠡᠷᠬᠢᠯᠠᠨ ᠬᠢᠬᠥ ᠶᠣᠰᠣᠳᠠᠢ ᠪᠠᠶ᠋‍ᠢᠭᠰᠠᠨ᠃ ᠣᠳᠬ᠎ᠠ ᠣᠷᠠᠯᠢᠭ ᠤᠨ ᠬᠢᠨ ᠤ ᠬᠣᠯᠪᠣᠭᠠᠨ ᠤ ᠠᠵᠢᠯ ᠤᠨ ᠡᠬᠥᠷᠬᠡ ᠪᠣᠯ ᠵᠤᠬᠢᠶᠠᠭᠴᠢᠳ ᠢᠶᠡᠨ ᠬᠥᠭ᠍ᠵᠢᠬᠡᠨ ᠣᠷᠮᠠᠰᠢᠭᠣᠯᠵᠣ᠂ ᠬᠦᠬᠢᠬᠥᠯᠥᠨ ᠬᠣᠯᠪᠣᠭᠠᠯᠠᠵᠣ᠂ ᠬᠦᠳᠥᠯᠥᠨ ᠵᠢᠯᠣᠭᠣᠳᠬᠣ ᠶᠠᠪᠣᠳᠠᠯ ᠪᠣᠯᠣᠨ᠎ᠠ᠃ ᠬᠡᠳᠡᠯ᠎ᠡ ᠮᠣᠩᠭ᠋ᠣᠯ ᠰᠣᠶᠣᠯ ᠤᠨ ᠬᠠᠮᠢᠶᠠᠳᠠᠢ ᠪᠣᠯᠣᠭᠰᠠᠭᠠᠷ ᠬᠠᠮᠢᠶᠠᠷᠬᠣ ᠬᠦᠮᠥᠨ ᠦᠭᠡᠶ ᠪᠣᠯᠵᠣ᠂ ᠭᠠᠭᠴᠠᠬᠠᠨ ᠮᠣᠩᠭ᠋ᠣᠯ ᠰᠡᠳᠬᠥᠯ ᠳᠡᠭᠡᠨ ᠬᠢᠳᠠᠳ ᠲᠠᠷᠣᠭ᠎ᠠ ᠲᠡᠶ ᠮᠠᠨ ᠤ ᠬᠣᠳᠠ ᠳᠤ ᠡᠶ᠋‍ᠢᠮᠣ ᠪᠣᠯᠣᠮᠵᠢ ᠣᠳᠣᠬᠠᠨ ᠳ᠋ᠠᠭᠠᠨ ᠣᠯᠳᠠᠬᠣ ᠦᠭᠡᠶ ᠪᠣᠯᠣᠭᠰᠠᠨ ᠨᠢ ᠮᠠᠰᠢ ᠬᠠᠷᠠᠮᠰᠠᠯᠳᠠᠢ᠃ ᠪᠣᠰᠣᠳ ᠠᠶ᠋‍ᠢᠮᠠᠭ ᠬᠣᠳᠠ ᠨᠣᠭᠣᠳ ᠦᠨᠳᠥᠰᠣᠳᠡᠨ ᠤ ᠰᠣᠶᠣᠯ ᠤᠨ ᠲᠣᠮᠣ ᠣᠷᠣᠨ ᠪᠠᠶ᠋‍ᠢᠭᠣᠯᠣᠨ᠎ᠠ ᠬᠡᠥᠨ ᠴᠢᠷᠮᠠᠶ᠋‍ᠢᠵᠠᠭᠠᠵᠣ ᠪᠠᠶ᠋‍ᠢᠬᠣ ᠳᠤ ᠮᠠᠨ ᠤ ᠬᠢᠨ ᠮᠦᠬᠥᠭ᠍ᠰᠡᠨ ᠰᠣᠶᠣᠯ ᠢᠶᠡᠷ ᠠᠮᠢᠳᠣ ᠰᠣᠶᠣᠯ ᠢ ᠣᠷᠣᠯᠠᠭᠣᠯᠵᠣ᠂ 《 ᠣᠯᠠᠭᠠᠨ ᠬᠠᠳᠠ ᠶᠢᠨ ᠰᠣᠶᠣᠯ 》( 红山文化 )᠂ 《 ᠬᠢᠳᠠᠨ ᠤ ᠰᠣᠶᠣᠯ 》 ( 契丹文化 ) ᠤᠨ ᠲᠣᠮᠣ ᠬᠣᠳᠠ ᠪᠣᠰᠭᠠᠨ᠎ᠠ ᠬᠡᠥᠨ ᠬᠠᠰᠬᠢᠷᠴᠣ ᠯᠠ ᠪᠠᠶ᠋‍ᠢᠨ᠎ᠠ᠃ ᠬᠡᠬᠥ ᠳᠡᠭᠡᠨ 《 ᠣᠯᠠᠭᠠᠨ ᠬᠠᠳᠠ ᠶᠢᠨ ᠰᠣᠶᠣᠯ 》 ᠢ ᠨᠠᠩᠬᠢᠶᠠᠳ ᠤᠨ ᠡᠢᠵᠠᠭᠣᠷ ᠰᠣᠶᠣᠯ ᠬᠡᠬᠥ᠂ ᠬᠢᠳᠠᠠᠴᠣᠳ 《 ᠨᠠᠩᠬᠢᠶᠠᠳ ᠤᠨ ᠲᠠᠪᠰᠢᠩᠭ᠋ᠣᠢ ᠰᠣᠶᠣᠯ 》 ᠢ ᠬᠦᠯᠢᠶᠡᠭ᠍ᠰᠡᠨ ᠡᠴᠡ ᠪᠣᠯᠵᠣ ᠬᠦᠴᠥᠷᠬᠡᠭ᠍ᠵᠢᠯ᠎ᠡ ᠬᠡᠬᠥ ᠳ᠋ᠥᠨᠭ᠌ ᠭᠠᠷᠭᠠᠬᠣ ᠵᠤᠷᠢᠯᠳᠠ ᠲᠡᠶ᠃ ᠣᠶ᠋‍ᠢᠷ᠎ᠠ ᠶᠢᠨ ᠵᠢᠯ  ᠤᠳ ᠲᠤ 《 ᠣᠮᠠᠷᠠᠳᠣ ᠶᠢᠨ ᠦᠨᠳᠥᠰᠣᠳᠡᠨ ᠤ ᠰᠣᠶᠣᠯ ᠲᠡᠣᠬᠡ ᠶᠢ ᠰᠣᠳᠣᠯᠣᠨ ᠶᠠᠷᠢᠯᠴᠠᠬᠣ 》 ᠨᠡᠷ᠎ᠡ ᠪᠠᠷ ᠣᠯᠣᠰ ᠤᠨ ᠬᠡᠪᠴᠢᠶᠡᠨ  ᠤ᠂ ᠴᠠᠭᠠᠰᠢᠯᠠᠪᠠᠯ ᠲᠡᠯᠠᠬᠡᠢ ᠶᠢᠨ ᠬᠡᠪᠴᠢᠶᠡᠨ ᠤ ᠬᠣᠷᠠᠯ ᠢ ᠣᠯᠠᠭᠠᠠᠬᠠᠳᠠ ᠳᠤ ᠬᠡᠲᠦ ᠣᠳᠠᠭ᠎ᠠ ᠬᠢᠭ᠍ᠰᠡᠨ᠃ ᠬᠡᠳᠡᠯ᠎ᠡ ᠠᠮᠢᠳᠣ ᠮᠣᠩᠭ᠋ᠣᠯ ᠰᠣᠶᠣᠯ ᠤᠨ ᠲᠠᠯ᠎ᠠ ᠪᠠᠷ ᠶᠠᠷᠢᠭᠰᠠᠨ ᠵᠦᠢᠯ ᠲᠠᠮᠠᠢ ᠪᠠᠶ᠋‍ᠢᠬᠣ ᠦᠭᠡᠶ᠃ ᠬᠠᠷᠢᠨ ᠯᠡᠨᠭ᠌ ᠰᠢᠶᠠᠨ ᠫᠢᠡᠭ᠂ ᠭᠧ ᠵᠤᠤ ᠰᠢᠶᠤᠢᠨᠭ᠌᠂ ᠡᠢᠣᠢ ᠴᠢᠤ ᠡᠢᠣᠢ ᠮᠠᠳᠣ ᠶᠢᠨ ᠵᠢᠩᠬᠢᠨᠢ ᠶᠠᠭᠣᠮ᠎ᠠ ᠮᠡᠳᠡᠳᠡᠭ ᠬᠢᠳᠠᠳ ᠡᠷᠳᠠᠮᠳᠠᠳ ᠣᠷᠴᠢᠮ ᠡᠴᠡ ᠠᠮᠢ ᠠᠬᠣᠢ᠂ ᠣᠮᠠᠷᠠᠳᠣ ᠶᠢᠨ ᠰᠣᠶᠣᠯ ᠲᠡᠣᠬᠡ᠂ ᠦᠨᠳᠥᠰᠣᠳᠡᠨ ᠤ ᠲᠠᠯ᠎ᠠ ᠪᠠᠷ ᠬᠢ ᠠᠰᠠᠭᠣᠳᠠᠯ ᠳᠤ ᠥᠩᠬᠡᠷᠡᠭ᠍ᠰᠡᠨ ᠤ ᠰᠢᠭ᠌ ᠦᠷᠣᠬᠡᠰᠥᠯ ᠢᠶᠡᠷ ᠪᠢᠰᠢ᠂ ᠵᠢᠩᠬᠢᠨᠢ ᠡᠷᠳᠠᠮ ᠰᠢᠨᠵᠢᠯᠡᠬᠡᠨ ᠤ ᠴᠠᠪᠠᠷ ᠴᠢᠭ᠍ᠴᠢ ᠣᠪᠣᠷ ᠢᠶᠡᠷ ᠬᠠᠠᠳᠣᠬᠣ ᠪᠣᠯᠵᠣ᠂ 《 ᠣᠯᠠᠭᠠᠨ ᠬᠠᠳᠠ ᠶᠢᠨ ᠰᠣᠶᠣᠯ 》 ᠤᠨ ᠦᠨᠳᠥᠰᠣᠳᠡᠨ ᠤ ᠬᠠᠷᠢᠶᠠᠯᠠᠭᠳᠠᠬᠤᠨ ᠳᠣ ᠦᠨᠡᠨ ᠡᠴᠡ ᠵᠦᠪ ᠢ ᠡᠷᠢᠵᠣ᠂ ᠨᠠᠩᠬᠢᠶᠠᠳ ᠣᠷᠣᠨ ᠳᠤ ᠦᠵᠡᠬᠥᠯᠥᠭᠰᠡᠨ ᠣᠮᠠᠷᠠᠳᠣ ᠶᠢᠨ ᠦᠨᠳᠥᠰᠣᠳᠡᠨ ᠪᠠ ᠲᠠᠯ᠎ᠠ ᠨᠣᠳᠣᠭ ᠤᠨ ᠰᠣᠶᠣᠯ ᠤᠨ ᠲᠡᠣᠬᠡᠨ ᠭᠠᠪᠢᠶ᠎ᠠ ᠵᠢᠣᠠᠬᠥᠯ ᠢ ᠦᠨᠳᠥᠷ ᠦᠨᠡᠯᠠᠬᠥ ᠪᠣᠯᠵᠣ ᠪᠠᠶ᠋‍ᠢᠭ᠎ᠠ ᠨᠢ ᠪᠠᠶᠠᠷᠯᠠᠭᠣᠰᠢᠳᠠᠢ ᠶᠣᠮ᠃ ᠣᠷᠴᠢᠮᠬᠠᠨ ᠡᠢᠣᠢ ᠴᠢᠤ ᠡᠢᠣᠢ ᠠᠪᠣᠭᠠᠢ ᠣᠯᠠᠭᠠᠠᠬᠠᠳᠠ ᠳᠤ ᠡᠢᠷᠠᠵᠣ 《 ᠲᠣᠮᠳᠠᠳᠣ ᠶᠢᠨ ᠰᠣᠶᠣᠯ ᠡᠢᠷᠬᠡᠡᠰᠢᠯ ᠤᠨ ᠡᠬᠢ ᠡᠬᠥᠰᠥᠯ 》 ᠬᠡᠬᠥ ᠰᠠᠳᠣᠪ ᠶ᠋‍ᠢᠠᠷ ᠡᠷᠳᠠᠮ ᠰᠢᠨᠵᠢᠯᠡᠬᠡᠨ ᠤ ᠮᠡᠳᠡᠬᠥᠯᠥᠯᠣᠳᠡ ᠬᠢᠭ᠍ᠰᠡᠨ᠃ ᠲᠡᠬᠥᠨ ᠤ ᠦᠵᠡᠬᠥ ᠪᠠᠷ᠂ ᠲᠡᠯᠠᠬᠡᠢ ᠲᠡᠬᠡᠷᠡᠬᠢ ᠪᠠᠪᠢᠯᠣᠨ᠂ ᠷᠣᠮᠠ᠂ ᠶᠧᠵᠢᠫᠲ᠋᠂ ᠡᠨᠡᠳᠬᠡᠭ᠌᠂ ᠬᠢᠳᠠᠳ ᠵᠠᠷᠬᠡ ᠡᠷᠳᠠᠨ ᠤ ᠰᠣᠶᠣᠯ ᠡᠢᠷᠬᠡᠡᠰᠢᠯ ᠡᠴᠡ ᠡᠮᠣᠨᠠᠬᠢ ᠲᠥᠷᠪᠡ ᠨᠢ ᠪᠦᠷ ᠣᠮᠠᠷᠠᠳᠣ ᠶᠢᠨ 《 ᠵᠡᠷᠯᠢᠭ᠌ 》 ᠣᠭᠰᠠᠭᠠᠳᠠᠨ  ᠳᠤ ᠮᠦᠬᠥᠬᠡᠭ᠍ᠳᠡᠭ᠍ᠰᠡᠨ ᠠᠳᠠᠯ᠎ᠠ ᠭᠠᠭᠴᠠ ᠬᠥ ᠬᠢᠳᠠᠳ ᠤᠨ ᠰᠣᠶᠣᠯ ᠡᠢᠷᠬᠡᠡᠰᠢᠯ ᠬᠠᠷᠢᠨ ᠮᠦᠬᠥᠭ᠍ᠰᠡᠨ ᠦᠭᠡᠶ ᠲᠡᠬᠡᠷ᠎ᠡ ᠪᠠᠨ ᠣᠯᠠᠮ ᠠᠮᠢᠯᠠᠯ ᠤᠨ ᠬᠦᠴᠥᠨ ᠲᠡᠶ ᠪᠣᠯᠣᠭᠰᠠᠨ ᠰᠢᠯᠳᠠᠭᠠᠨ ᠨᠢ ᠣᠮᠠᠷᠠᠳᠣ ᠶᠢᠨ ᠨᠡᠬᠥᠳᠡᠯᠴᠢ ᠣᠭᠰᠠᠭᠠᠳᠠᠨ ᠪᠠᠶ᠋‍ᠢᠭᠰᠠᠨ ᠡᠴᠡ ᠪᠣᠯᠣᠭᠰᠠᠨ ᠠᠵᠢ᠃ ᠬᠠᠭᠠᠨ ᠡᠷᠬᠡ ᠶᠢᠨ ᠲᠥᠯᠣᠬᠡᠨ ᠤ ᠲᠣᠳᠣᠭᠠᠳᠣ ᠶᠢᠨ ᠲᠠᠮᠠᠴᠠᠯ᠂ ᠣᠯᠣᠰ ᠲᠥᠷᠤ ᠶᠢᠨ ᠡᠢᠯᠵᠠᠷᠠᠨ ᠲᠣᠷᠣᠶ᠋‍ᠢᠳᠠᠯ ᠡᠴᠡ ᠪᠣᠯᠵᠣ ᠨᠠᠩᠬᠢᠶᠠᠳ ᠣᠷᠣᠨ ᠤ ᠰᠣᠶᠣᠯ ᠡᠢᠷᠬᠡᠡᠰᠢᠯ ᠦᠪᠡᠷ ᠢᠶᠡᠨ ᠪᠠᠶ᠋‍ᠢᠨ ᠪᠠᠶ᠋‍ᠢᠨ ᠰᠢᠵᠢᠮ ᠨᠢ ᠲᠠᠰᠣᠷᠠᠬᠣ ᠪᠣᠯᠣᠭᠠᠳ ᠡᠢᠷᠡᠬᠥ ᠳ᠋ᠣᠨᠢ ᠣᠮᠠᠷᠠᠳᠣ ᠶᠢᠨ ᠨᠡᠬᠥᠳᠡᠯᠴᠢᠥᠨ ᠡᠮᠣᠨᠠᠰᠢ ᠣᠷᠣᠵᠣ ᠵᠠᠯᠭᠠᠵᠣ ᠦᠭᠳᠡᠭ ᠪᠠᠶ᠋‍ᠢᠭᠰᠠᠨ ᠡᠴᠡ ᠣᠳᠣ ᠪᠣᠯᠳᠠᠯ᠎ᠠ ᠮᠦᠬᠥᠬᠡ ᠦᠭᠡᠶ ᠲᠡᠰᠥᠭᠰᠠᠬᠡᠷ ᠡᠢᠷᠠᠵᠠᠢ᠃ ᠲᠡᠬᠡᠭ᠍ᠰᠡᠨ ᠪᠠᠶ᠋‍ᠢᠳᠠᠯ᠎ᠠ ᠬᠢᠳᠠᠳ ᠤᠨ ᠦᠨᠳᠥᠰᠣᠳᠡᠨ ᠤ ᠡᠢᠪᠴᠣᠤ ᠦᠵᠡᠯᠳᠡᠥᠨ ᠲᠠᠳᠠᠨ ᠢ ᠮᠦᠨ 《 ᠵᠡᠷᠯᠢᠭ᠌ 》 ᠣᠭᠰᠠᠭᠠᠳᠠᠨ ᠬᠡᠵᠦ ᠭᠠᠳᠠᠭᠣᠷᠴᠢᠯᠠᠭᠰᠠᠭᠠᠷ ᠡᠢᠷᠠᠪᠠ᠃ ᠴᠢᠨ ᠱᠢ ᠬᠣᠸᠡᠨᠭ᠌ ᠴᠢᠶᠡᠨᠭ᠌ ᠠᠶ᠋‍ᠢᠮᠠᠭ ᠤᠨ ᠬᠦᠮᠥᠨ᠂ ᠬᠠᠨ ᠣᠯᠣᠰ ᠤᠨ ᠬᠠᠭᠠᠳ ᠤᠨ ᠣᠳᠣᠮ ᠡᡁᠤᠢᠩᠨᠤ ᠡᠴᠡ ᠡᠢᠷᠠᠯᠳᠠᠢ᠂ ᠲᠡᠨᠭ᠌ ᠣᠯᠣᠰ  ᠲᠡᠯᠠᠬᠡᠢ ᠳᠤ ᠠᠯᠳᠠᠷᠰᠢᠭᠰᠠᠨ ᠨᠢ ᠬᠠᠭᠠᠳ ᠨᠢ ᠪᠦᠷ ᠬᠢᠶᠠᠠᠪᠠᠬᠢ ᠪᠠᠶ᠋‍ᠢᠭᠰᠠᠨ ᠡᠴᠡ ᠪᠣᠯᠣᠭᠰᠠᠨ ᠶᠣᠮ᠃ ᠣᠮᠠᠷᠠᠳᠣ ᠶᠢᠨ ᠦᠨᠳᠥᠰᠣᠳᠡᠨ ᠲᠠᠯ᠎ᠠ ᠨᠣᠳᠣᠭ ᠢᠶᠡᠨ ᠰᠢᠭ ᠠᠭᠣᠵᠢᠮ ᠴᠡᠬᠡᠵᠢ ᠲᠡᠶ᠂ ᠡᠯ᠎ᠠ ᠵᠦᠢᠯ ᠤᠨ ᠰᠣᠶᠣᠯ ᠱᠠᠰᠢᠨ ᠢ ᠪᠦᠷ ᠪᠠᠭᠳᠠᠭᠠᠵᠣ ᠰᠠᠶ᠋‍ᠢᠨ ᠢ ᠨᠢ ᠰᠢᠩᠬᠡᠬᠡᠨ ᠰᠢᠭᠠᠷᠣ ᠶᠢ ᠨᠢ ᠬᠠᠶᠠᠳᠠᠭ ᠪᠠᠶ᠋‍ᠢᠭᠰᠠᠨ ᠡᠴᠡ ᠲᠣᠮᠳᠠᠳᠣ ᠶᠢᠨ ᠰᠣᠶᠣᠯ ᠡᠢᠷᠬᠡᠡᠰᠢᠯ ᠢ ᠣᠳᠣ ᠶᠢᠨ ᠬᠡᠮᠵᠢᠶᠡᠨ ᠳᠤ ᠬᠦᠷᠳᠡᠯ᠎ᠡ ᠲᠣᠮᠣᠷᠠᠭᠣᠯᠵᠣ ᠦᠭ᠍ᠬᠥᠭ᠍ᠰᠡᠨ ᠶᠣᠮ ᠬᠡᠵᠡᠢ᠃ 2003 ᠣᠨ ᠤ ᠵᠤᠨ ᠣᠯᠠᠭᠠᠠᠬᠠᠳᠠ ᠳᠤ ᠪᠣᠯᠣᠭᠰᠠᠨ 《 ᠣᠮᠠᠷᠠᠳᠣ ᠶᠢᠨ ᠦᠨᠳᠥᠰᠣᠳᠡᠨ ᠤ ᠰᠣᠶᠣᠯ ᠲᠡᠣᠬᠡ ᠶᠢ ᠰᠣᠳᠣᠯᠣᠨ ᠶᠠᠷᠢᠯᠴᠠᠬᠣ ᠬᠣᠷᠠᠯ 》 ᠲᠡᠬᠡᠷ᠎ᠡ ᠪᠡᠬᠡᠵᠢᠡᠭ ᠤᠨ ᠨᠢᠬᠡ ᠬᠢᠳᠠᠳ ᠡᠷᠳᠠᠮᠳᠠᠨ᠄ ᠡᠲᠦᠬᠡ ᠶᠢᠨ ᠣᠯᠠᠭᠠᠠᠬᠠᠳᠠ ᠶᠢᠨ 《  ᠤᠤᠢ ᠹᠧᠨᠭ᠌ 》 ᠬᠡᠳᠡᠭ ᠬᠢᠳᠠᠳ ᠨᠡᠷ᠎ᠡ ᠮᠠᠰᠢ ᠪᠡᠯᠬᠡ ᠮᠠᠭᠣᠳᠠᠢ᠂ ᠬᠦᠮᠥᠨ ᠳᠤ 《 ᠨᠢᠴᠥᠬᠥᠨ ᠣᠷᠬᠢᠯ 》 ᠶᠣᠮ ᠦᠦ 《 ᠱᠡᠯᠳᠡᠨᠭ᠌ ᠣᠷᠣᠢ 》 ᠬᠡᠰᠡᠨ ᠲᠥᠷᠥᠭᠳᠡᠯ ᠦᠭ᠍ᠬᠥᠨ᠎ᠡ᠃ ᠰᠢᠮ᠎ᠠ ᠶᠢᠷᠳᠢᠨᠴᠣ ᠡᠪᠳᠡᠭ᠍ᠳᠡᠵᠦ ᠡᠪᠠᠰᠣ ᠮᠣᠳᠣ ᠬᠣᠪᠠᠬᠠᠶ᠋‍ᠢᠷᠠᠭᠰᠠᠨ ᠴᠦᠯ ᠭᠠᠵᠠᠷ ᠲᠤ ᠯᠠ ᠡᠶ᠋‍ᠢᠮᠣ ᠨᠡᠷ᠎ᠡ ᠲᠣᠬᠢᠷᠠᠮᠵᠢᠳᠠᠢ᠃ ᠡᠨᠠ ᠨᠠᠷ᠎ᠠ ᠶᠢᠨ ᠨᠦᠬᠥᠬᠡ ᠣᠣᠠᠬ᠎ᠠ ᠨᠢ 《 ᠶᠠᠳᠠᠭᠣ ᠬᠣᠭᠣᠰᠣᠨ 》 ᠬᠡᠰᠡᠨ ᠦᠬᠡ ᠪᠣᠯᠣᠨ᠎ᠠ᠃ ᠣᠣᠯ ᠤᠨ 《 ᠵᠣᠤ ᠣᠳᠠ 》 ᠬᠡᠰᠡᠨ ᠨᠡᠷ᠎ᠡ ᠬᠡᠳᠥᠢ ᠰᠠᠶ᠋‍ᠢᠬᠠᠨ ᠪᠣᠢ᠂ ᠰᠠᠪᠠ ᠶᠢᠷᠳᠢᠨᠴᠣ ᠶᠢᠨ ᠲᠣᠭᠳᠠᠯᠴᠠᠭ᠎ᠠ ᠲᠡᠶ᠂ ᠰᠠᠶᠠᠳᠣ ᠪᠠᠶᠠᠴᠣᠣᠯ ᠤᠨ ᠪᠡᠯᠬᠡᠳᠡᠯ ᠲᠡᠶ ᠮᠥᠷᠳᠡᠯ᠎ᠡ ᠪᠠᠨ ᠦᠨᠳᠥᠰᠣᠳᠡᠨ ᠤ ᠣᠠᠴᠠᠯᠢᠭ ᠲᠡᠶ᠂ ᠲᠡᠣᠬᠡ ᠶᠢᠨ ᠪᠠᠷᠢᠮᠳᠠ ᠲᠡᠶ᠃ ᠡᠨᠠ ᠭᠠᠵᠠᠷ ᠴᠢᠨᠢ ᠣᠮᠠᠷᠠᠳᠣ ᠶᠢᠨ ᠦᠨᠳᠥᠰᠣᠳᠡᠨ ᠤ ᠨᠣᠳᠣᠭ ᠰᠢᠤ ᠳ᠋‍ᠠ᠂ ᠭᠠᠵᠠᠷ ᠤᠨ ᠨᠡᠷ᠎ᠡ ᠶᠢ ᠶᠠᠭᠠᠬᠢᠨ ᠲᠤᠷ᠎ᠠ ᠪᠠᠷ ᠦᠬᠡᠷᠡᠴᠢᠯᠡᠵᠦ ᠪᠣᠯᠬᠣ ᠪᠣᠢ︕ ᠲᠡᠭ᠍ᠵᠢᠷᠡᠵᠦ ᠪᠠᠶᠠᠵᠢᠶ᠎ᠠ ᠬᠡᠵᠦ ᠪᠣᠳᠣᠪᠠᠯ ᠲᠡᠬᠡᠳᠥᠰ ᠤᠨ ᠢᠶᠡᠨ ᠦᠭ᠍ᠬᠥᠭ᠍ᠰᠡᠨ ᠨᠡᠷ᠎ᠡ ᠶᠢ ᠰᠡᠷᠬᠥᠬᠡ ᠬᠡᠵᠦ ᠰᠠᠨᠠᠭᠣᠯᠣᠶ᠎ᠠ︕ ᠬᠡᠮᠡᠨ ᠶᠠᠷᠢᠭᠰᠠᠨ ᠨᠢ ᠮᠠᠰᠢ ᠵᠦᠪ ᠰᠠᠨᠠᠭᠣᠯᠭ᠎ᠠ ᠪᠣᠯᠵᠠᠢ᠃ 《 ᠮᠣᠩᠭ᠋ᠣᠯ ᠬᠦᠮᠥᠨ ᠪᠡᠯᠬᠡ ᠪᠠᠷ 》 ᠬᠡᠳᠡᠭ ᠢᠶᠡᠷ ᠨᠢᠬᠡ ᠭᠠᠵᠠᠷ ᠨᠣᠳᠣᠭ ᠤᠨ ᠦᠬᠡᠳᠡ ᠡᠰᠡᠷᠡᠭ᠂ ᠦᠬᠡᠶ᠋‍ᠢᠷᠡᠯ ᠲᠣᠷᠣᠶ᠋‍ᠢᠳᠠᠯ ᠨᠡᠷ᠎ᠡ ᠲᠡᠶ ᠨᠢ ᠨᠡᠬᠡᠷᠡᠨ ᠴᠣ ᠴᠠᠭᠠᠭᠣᠷ ᠢᠶᠡᠨ ᠨᠢᠬᠡ ᠯᠠ ᠬᠣᠯᠪᠣᠭ᠎ᠠ ᠲᠡᠶ ᠪᠠᠶ᠋‍ᠢᠵᠣ ᠪᠠᠰᠠ ᠮᠠᠳᠠᠨ᠎ᠠ᠃ 《 ᠵᠣᠤ ᠣᠳᠠ 》 ᠬᠡᠵᠦ ᠪᠠᠶ᠋‍ᠢᠬᠣ ᠳᠠᠭᠠᠨ ᠴᠤᠬᠤᠮ ᠴᠤ ᠨᠢᠬᠡ ᠪᠠᠬᠠᠷᠣᠮ᠎ᠠ ᠰᠠᠶ᠋‍ᠢᠬᠠᠨ ᠪᠠᠶ᠋‍ᠢᠭᠠᠯᠢ ᠲᠡᠶ᠂ ᠪᠠᠶᠠᠨ ᠲᠠᠩᠰᠣᠭ ᠠᠮᠢᠳᠣᠷᠠᠯ ᠲᠡᠶ ᠦᠭ᠍ᠬᠢᠶᠡᠮᠥᠷ ᠨᠣᠳᠣᠭ ᠪᠠᠶ᠋‍ᠢᠵᠣ ᠪᠢᠯᠠ᠃ 《 ᠤᠤᠢ ᠹᠧᠨᠭ᠌ 》 ᠬᠡᠵᠦ ᠬᠠᠯᠠᠭᠰᠠᠨ ᠡᠴᠡ ᠯᠠ ᠬᠣᠶ᠋‍ᠢᠰᠢ ᠣᠰᠣ ᠭᠣᠣᠯ ᠰᠢᠷᠬᠢᠨ ᠠᠭᠣᠯᠠ ᠲᠠᠯ᠎ᠠ ᠬᠣᠪᠠᠬᠠᠶ᠋‍ᠢᠷᠠᠵᠣ᠂ ᠠᠭᠣᠷ ᠠᠮᠢᠰᠭᠣᠯ ᠮᠠᠭᠣᠳᠠᠨ ᠣᠯᠠᠭᠠᠨ ᠮᠠᠩ‍ᠬ᠍‍᠎ᠠ ᠬᠡᠶ᠋‍ᠢᠰᠴᠦ᠂ ᠡᡁᠤᠢᠩᠨᠤ ᠠᠷᠠᠳ ᠤᠨ ᠲᠠᠭᠣᠤ ᠳᠤ ᠭᠠᠷᠳᠠᠭ ᠰᠢᠭ 《 ᠲᠠᠪᠣᠨ ᠬᠣᠰᠢᠭᠣ ᠮᠠᠯ ᠰᠥᠷᠥᠭ ᠮᠢᠨᠣ ᠪᠡᠯᠴᠢᠬᠡᠷ ᠦᠭᠡᠶ᠂ ᠲ᠋ᠠᠩᠬᠢᠯ ᠭᠣᠸ᠎ᠠ ᠦᠬᠢᠥᠨ ᠡᠮᠠᠰ ᠮᠢᠨᠣ ᠵᠢᠰᠣ ᠦᠭᠡᠶ 》 ᠪᠣᠯᠬᠣ ᠳᠤ ᠬᠦᠷᠴᠡᠢ᠃

ᠨᠠᠩᠬᠢᠶᠠᠳ ᠣᠷᠣᠨ ᠳᠤ ᠡᠡᠷᠾᠧᠥᠯᠣᠬᠢᠴᠢᠥᠨ ᠣᠯᠠᠨ ᠭᠠᠷᠳᠠᠭ ᠨᠢ ᠲᠡᠣᠬᠡ ᠲᠡᠶ ᠪᠣᠯᠣᠭᠰᠠᠨ ᠡᠴᠡ ᠪᠠᠨ ᠬᠣᠶ᠋‍ᠢᠰᠢ ᠬᠡᠬᠥᠷ ᠬᠣᠯᠠᠭᠠᠶ᠋‍ᠢᠯᠠᠭᠴᠢᠳ ᠲ᠋ᠠᠢ ᠴᠤ ᠪᠣᠯᠣᠭᠰᠠᠨ ᠡᠴᠡ ᠰᠢᠯᠳᠠᠭᠠᠯᠠᠭᠳᠠᠭᠰᠠᠨ ᠶᠣᠮ᠂ ᠨᠡᠬᠥᠳᠡᠯᠴᠢᠥᠨ ᠲᠤ ᠡᠡᠷᠾᠧᠥᠯᠣᠬᠢ ᠰᠣᠳᠣᠯᠣᠯ ᠬᠥᠭ᠍ᠵᠢᠬᠡ ᠦᠭᠡᠶ ᠨᠢ ᠪᠠᠶ᠋‍ᠢᠭᠠᠯᠢ  ᠳᠤ ᠬᠦᠮᠥᠨ ᠡᠢᠷᠡᠬᠥ ᠳᠡᠭᠡᠨ ᠶᠠᠭᠣ ᠴᠤ ᠠᠪᠴᠢᠷᠠᠳᠠᠭ ᠦᠭᠡᠶ ᠲᠡᠶ ᠪᠠᠨ ᠠᠳᠠᠯᠢ ᠪᠠᠷ ᠪᠠᠶ᠋‍ᠢᠭᠠᠯᠢ ᠳᠤ ᠪᠣᠴᠠᠬᠣ ᠳᠠᠭᠠᠨ ᠴᠤ ᠶᠠᠭᠣ ᠴᠣ ᠠᠪᠠᠴᠢᠳᠠᠭ ᠦᠭᠡᠶ ᠪᠠᠶ᠋‍ᠢᠳᠠᠭ ᠪᠦᠬᠡ ᠮᠥᠷᠬᠥᠯ ᠤᠨ ᠡᠢᠵᠠᠭᠣᠷ ᠰᠢᠳᠥᠯᠬᠡ ᠡᠴᠡ ᠪᠠᠨ ᠪᠣᠯᠣᠭᠰᠠᠨ ᠶᠣᠮ᠃ ᠲᠡᠬᠡᠬᠥ ᠳᠡᠭᠡᠨ ᠪᠦᠬᠡ ᠮᠥᠷᠬᠥᠯ ᠪᠣᠯ ᠠᠷᠢᠭᠣᠨ ᠰᠢᠲᠦᠬᠡᠨ ᠮᠦᠨ︕ ᠬᠡᠳᠡᠯ᠎ᠡ ᠠᠷᠢᠭᠣᠨ ᠶᠠᠭᠣᠮᠠᠨ ᠳᠤ ᠬᠡᠵᠢᠶᠡᠳᠡ ᠪᠣᠵᠠᠷ ᠪᠣᠷᠳᠠᠭ ᠠᠮᠠᠷᠬᠠᠨ ᠨᠠᠭᠠᠯᠳᠣᠳᠠᠭ ᠣᠴᠢᠷ ᠡᠴᠠ ᠦᠪᠡᠷ ᠤᠨ ᠶᠠᠭᠣᠮ᠎ᠠ ᠶᠢ ᠴᠢᠨᠢ ᠬᠦᠮᠥᠨ ᠡᠢᠷᠡᠬᠡᠥᠨ ᠦᠪᠡᠷ ᠤᠨ ᠢᠶᠡᠨ ᠪᠣᠯᠭᠠᠵᠣ ᠬᠡᠯᠡᠬᠥ ᠳᠤ 《 ᠪᠢᠰᠢ︕》 ᠬᠡᠬᠥ ᠪᠠᠷᠢᠮᠳᠠ ᠭᠠᠷᠭᠠᠵᠣ ᠴᠢᠳᠠᠬᠣ ᠦᠭᠡᠶ ᠪᠠᠶ᠋‍ᠢᠳᠠᠭ ᠨᠢ ᠡᠡᠷᠾᠧᠥᠯᠣᠬᠢ ᠰᠣᠳᠣᠯᠣᠯ ᠳᠤ ᠰᠠᠳᠬᠢᠯ ᠠᠯᠭᠠᠰᠠᠭᠰᠠᠨ ᠤ ᠪᠠᠨ ᠬᠣᠣᠷ ᠢ ᠠᠮᠰᠠᠵᠣ ᠪᠠᠶ᠋‍ᠢᠭ᠎ᠠ ᠶᠠᠪᠣᠳᠠᠯ ᠪᠣᠯᠬᠣ ᠶᠣᠮ᠃ 《 ᠣᠯᠠᠭᠠᠨ ᠬᠠᠳᠠ ᠶᠢᠨ ᠰᠣᠶᠣᠯ 》 ᠢᠶᠡᠷ ᠵᠢᠱᠢᠶᠠᠯᠠᠪᠠᠯ᠂ 1908 ᠣᠨ ᠳᠤ ᠶᠠᠪᠣᠨ ᠤ ᠡᠡᠷᠾᠧᠥᠯᠣᠬᠢᠴᠢ ᠲᠣᠷᠢᠢ ᠷᠢᠣᠽᠣᠣ᠊ ᠬᠡᠳᠡᠭ ᠬᠦᠮᠥᠨ ᠣᠯᠠᠭᠠᠨ ᠬᠠᠳᠠ ᠶᠢᠨ ᠠᠷᠤ ᠬᠣᠷᠮᠣᠢ ᠳᠤ ᠬᠡᠬᠡᠷ᠎ᠡ ᠶᠢᠨ ᠰᠢᠨᠵᠢᠯᠡᠬᠡ ᠪᠠᠷ ᠰᠣᠷᠢᠯᠳᠠ ᠮᠠᠯᠳᠠᠯᠭ᠎ᠠ ᠬᠢᠬᠡᠥᠨ ᠡᠷᠳᠠᠨ ᠤ ᠲᠠᠬᠢᠯᠭ᠎ᠠ ᠶᠢᠨ ᠪᠠᠭᠣᠷᠢ᠂ ᠠᠶ᠋‍ᠢᠯ ᠲᠣᠰᠭᠣᠨ ᠤ ᠣᠷᠣᠮ ᠤᠳ ᠢ ᠡᠢᠯᠡᠷᠠᠬᠥᠯᠥᠭᠰᠡᠨ᠃ ᠡᠨᠠ ᠨᠢ ᠨᠠᠭᠠᠳᠣ ᠵᠠᠬ᠎ᠠ ᠳᠠᠭᠠᠨ ᠣᠳᠣ ᠡᠴᠡ 4︱ 6 ᠮᠢᠩᠭ᠋ᠠᠨ ᠵᠢᠯ ᠤᠨ ᠲᠡᠷᠳᠡᠬᠡ ᠳᠤ ᠬᠣᠯᠪᠣᠭᠳᠠᠨ᠎ᠠ᠃ ᠲᠡᠬᠡᠬᠡᠥᠨ 《 ᠣᠯᠠᠭᠠᠨ ᠬᠠᠳᠠ ᠶᠢᠨ ᠰᠣᠶᠣᠯ 》 ᠬᠡᠵᠦ ᠨᠡᠷᠡᠯᠡᠭ᠍ᠰᠡᠨ᠃ ᠰᠣᠶᠣᠯ ᠤᠨ ᠪᠠᠭᠣᠷᠢ ᠶᠢ ᠬᠠᠮᠣᠷᠣᠭᠰᠠᠨ ᠬᠡᠪᠴᠢᠶ᠎ᠡ ᠨᠢ ᠵᠠᠬᠥᠨ ᠪᠠᠭᠠᠷᠢᠨ ᠤ ᠦᠯᠵᠡᠢᠢᠮᠥᠷᠡᠨ ᠤ ᠬᠦᠪᠡᠬᠡᠨ ᠡᠴᠡ ᠡᡁᠧᠪᠧᠢ ᠬᠦᠷᠳᠡᠯᠠᠬᠢ ᠵᠤᠤ ᠣᠳᠠ᠂ ᠵᠢᠷᠢᠮ᠂ ᠵᠤᠰᠣᠳᠣ ᠶᠢᠨ ᠴᠢᠭᠣᠯᠭᠠᠨ ᠢ ᠪᠠᠭᠳᠠᠭᠠᠭᠰᠠᠨ ᠦᠷᠬᠡᠨ ᠠᠭᠣᠳᠠᠮ ᠨᠣᠳᠣᠭ ᠲᠤ ᠲᠠᠷᠬᠠᠵᠣ ᠪᠠᠶ᠋‍ᠢᠨ᠎ᠠ᠃ ᠡᠬᠥᠨ ᠢ ᠯᠢᠶᠡᠨᠭ᠌ ᠽᠢ ᠶᠥᠨᠭ᠌᠂ ᠰᠤ ᠪᠢᠡᠭ ᠴᠢ ᠮᠠᠳᠣ ᠶᠢᠨ ᠬᠢᠳᠠᠳ ᠡᠡᠷᠾᠧᠥᠯᠣᠬᠢᠴᠢᠥᠨ ᠮᠡᠳᠡᠭ᠍ᠰᠡᠨ ᠡᠴᠡ ᠨᠠᠭᠠᠰᠢ ᠣᠳᠣ ᠬᠦᠷᠳᠡᠯ᠎ᠡ ᠬᠡᠳᠥᠨ ᠣᠢᠶ᠎ᠡ ᠶ᠋‍ᠢᠨ ᠬᠦᠮᠥᠰ ᠰᠣᠳᠣᠯᠣᠭᠠᠳ ᠰᠡᠬᠥᠯ ᠳᠡᠭᠡᠨ ᠪᠦᠷ 8000 ᠵᠢᠯ ᠤᠨ ᠲᠡᠷᠳᠡᠬᠡ ᠡᠴᠡ ᠡᠨᠠ ᠭᠠᠵᠠᠷ ᠪᠣᠯ ᠬᠢᠳᠠᠳ ᠤᠨ ᠲᠡᠬᠡᠳᠥᠰ ᠤᠨ ᠨᠣᠳᠣᠭ ᠪᠠᠶ᠋‍ᠢᠭᠰᠠᠨ᠂ ᠠᠭᠣᠷ ᠠᠮᠢᠰᠭᠣᠯ ᠬᠦᠢᠳᠡᠷᠠᠬᠥ ᠪᠠᠷ ᠡᠠᠳᠠᠬᠢ ᠬᠦᠮᠥᠰ ᠬᠦᠬᠡ ᠮᠥᠷᠡᠨ᠂ ᠬᠠᠳᠣᠨ ᠭᠣᠣᠯ ᠤᠨ ᠰᠠᠪᠠ ᠭᠠᠵᠠᠷ ᠨᠡᠬᠥᠯ᠎ᠡ ᠬᠡᠰᠡᠨ ᠮᠤᠭᠤᠢᠢᠳ ᠳ᠋ᠥᠨᠭ᠌ ᠭᠠᠷᠭᠠᠵᠣ ᠪᠠᠶ᠋‍ᠢᠨ᠎ᠠ᠃ ᠬᠡᠬᠥ ᠳᠡᠭᠡᠨ 《 ᠣᠯᠠᠭᠠᠨ ᠬᠠᠳᠠ ᠶᠢᠨ ᠰᠣᠶᠣᠯ 》 ᠪᠣᠯ ᠨᠠᠩᠬᠢᠶᠠᠳ ᠣᠷᠣᠨ ᠤ 《 ᠶᠡᠨᠭ᠌ ᠱᠣᠤ ᠶᠢᠨ ᠰᠣᠶᠣᠯ 》 (仰韶文化)᠂ 《 ᠡᠾᠧ ᠮᠤ ᠳ᠋‍ᠥ᠋ ᠶᠢᠨ ᠰᠣᠶᠣᠯ 》 (河姆渡 文化)᠂ 《 ᠳ᠋ᠠ ᠸᠧᠨ ᠺᠸᠤ ᠶᠢᠨ ᠰᠣᠶᠣᠯ 》 (大汶口文化) ᠲ᠋ᠠᠢ ᠡᠬᠡ ᠨᠢᠬᠡᠳᠡᠢ ᠬᠡᠵᠦ ᠦᠵᠡᠵᠦ ᠪᠣᠢ᠃

ᠮᠢᠨᠣ ᠦᠵᠡᠬᠥ ᠪᠠᠷ ᠡᠨᠠ ᠳ᠋ᠥᠨᠭ᠌ ᠲᠠᠰᠣ ᠪᠣᠷᠣᠭᠣ᠃ ᠶᠠᠭᠠᠬᠢᠭᠠᠳ ᠪᠣᠢ ᠬᠡᠪᠡᠯ᠂ ᠬᠢᠳᠠᠳ ᠡᠡᠷᠾᠧᠥᠯᠣᠬᠢᠴᠢᠥᠨ ( ᠦᠨᠡᠨ ᠳ᠋ᠡᠬᠡᠨ ᠵᠢᠩᠬᠢᠨᠢ ᠡᠡᠷᠾᠧᠥᠯᠣᠬᠢᠴᠢ ᠪᠢᠰᠢ ) ᠡᠷᠳᠠᠮ ᠰᠢᠨᠵᠢᠯᠡᠬᠡᠨ ᠳᠤ ᠣᠯᠣᠰ ᠲᠥᠷᠤ ᠶᠢᠨ ᠵᠤᠷᠢᠯᠳᠠ ᠬᠠᠪᠴᠢᠭᠣᠯᠣᠭᠰᠠᠨ ᠨᠢ ᠮᠠᠰᠢ ᠡᠢᠯᠡᠷᠬᠡᠢ ᠮᠥᠷᠳᠡᠬᠡᠨ ᠨᠠᠭᠠᠳᠣ ᠵᠠᠬ᠎ᠠ ᠳᠠᠭᠠᠨ ᠲᠣᠣᠷᠠᠬᠢ ᠮᠠᠳᠣ ᠭᠣᠷᠪᠠᠨ ᠦᠨᠳᠥᠰᠥᠨ ᠪᠠᠷᠢᠮᠳᠠ ᠡᠴᠡ ᠵᠤᠷᠢᠭᠣᠳᠠ ᠵᠠᠶ᠋‍ᠢᠯᠠᠰᠬᠢᠭᠰᠠᠨ ᠪᠠᠶ᠋‍ᠢᠨ᠎ᠠ᠃

ᠨᠢᠬᠡ᠂ 《 ᠣᠯᠠᠭᠠᠨ ᠬᠠᠳᠠ ᠶᠢᠨ ᠰᠣᠶᠣᠯ 》  ᠤᠨ ᠪᠠᠭᠣᠷᠢ ᠡᠴᠡ ᠮᠠᠯᠳᠠᠵᠣ ᠭᠠᠷᠭᠠᠭᠰᠠᠨ ᠲᠠᠬᠢᠯᠭ᠎ᠠ ᠶᠢᠨ ᠰᠠᠭᠣᠷᠢ᠂ ᠠᠶ᠋‍ᠢᠯ ᠲᠣᠰᠭᠣᠨ ᠤ ᠬᠡᠷ ᠤᠨ ᠪᠠᠭᠣᠷᠢ ᠪᠦᠷ ᠲᠣᠭᠣᠷᠢᠭ ᠬᠡᠯᠪᠡᠷᠢ ᠲᠡᠶ᠃ ᠲᠡᠯᠠᠬᠡᠢ ᠶᠢᠷᠳᠢᠨᠴᠣ ᠶᠢ ᠲᠠᠨᠢᠬᠤ ᠳᠠᠭᠠᠨ ᠣᠮᠠᠷᠠᠳᠣ ᠶᠢᠨ ᠦᠨᠳᠥᠰᠣᠳᠡᠨ ᠡᠷᠳᠠᠨ ᠡᠴᠡ ᠪᠠᠨ ᠪᠦᠷ ᠲᠣᠭᠣᠷᠢᠭ ᠰᠡᠳᠬᠢᠬᠥᠢ ᠲᠡᠶ᠃ ᠲᠠᠯ᠎ᠠ ᠲᠡᠬᠡᠷ᠎ᠡ ᠵᠤᠭᠰᠣᠭᠠᠳ ᠬᠠᠷᠠᠬᠣ ᠳᠤ ᠲᠡᠯᠠᠬᠡᠢ ᠨᠢ ᠲᠣᠭᠣᠷᠢᠭ᠂ ᠣᠷᠣᠮᠵᠢ ᠳᠠᠭᠠᠨ ᠣᠷᠣᠭᠠᠳ ᠦᠵᠡᠬᠥ ᠳᠤ ᠬᠡᠷ ᠨᠢ ᠲᠣᠭᠣᠷᠢᠭ ᠁ ᠡᠨᠠ ᠨᠢ ᠪᠠᠶ᠋‍ᠢᠭᠠᠯᠢ ᠶᠢ ᠲᠡᠬᠡᠳᠥᠯᠡᠨ ᠰᠢᠲᠦᠳᠡᠭ ᠪᠦᠬᠡ ᠮᠥᠷᠬᠥᠯ ᠤᠨ ᠱᠠᠰᠢᠨ ᠲ᠋ᠠᠢ ᠬᠣᠯᠪᠣᠭ᠎ᠠ ᠲᠡᠶ᠃ ᠬᠡᠳᠡᠯ᠎ᠡ ᠨᠠᠩᠬᠢᠶᠠᠳ ᠣᠷᠣᠨ ᠤ ᠬᠦᠮᠥᠰ ᠲᠡᠯᠠᠬᠡᠢ ᠶᠢᠷᠳᠢᠨᠴᠣ ᠶᠢ ᠲᠠᠨᠢᠬᠤ ᠳᠠᠭᠠᠨ ᠲᠥᠷᠪᠡᠯᠵᠢᠨ ᠰᠡᠳᠬᠢᠬᠥᠢ ᠲ᠋ᠠᠢ ᠪᠠᠶ᠋‍ᠢᠳᠠᠭ ᠪᠤᠯᠬᠤᠷ ᠡᠷᠳᠠᠨ ᠤ ᠬᠡᠷ ᠤᠨ ᠰᠠᠭᠣᠷᠢ᠂ ᠬᠣᠳᠠ ᠪᠠᠯᠭᠠᠳ ᠨᠢ ᠪᠦᠷ ᠲᠥᠷᠪᠡᠯᠵᠢᠨ ᠬᠡᠯᠪᠡᠷᠢ ᠲᠡᠶ ᠪᠠᠶ᠋‍ᠢᠳᠠᠭ᠃ ᠡᠶ᠋‍ᠢᠮᠣ ᠡᠴᠡ 《 ᠣᠯᠠᠭᠠᠨ ᠬᠠᠳᠠ ᠶᠢᠨ ᠰᠣᠶᠣᠯ 》 ᠤᠨ ᠪᠠᠭᠣᠷᠢ ᠨᠠᠩᠬᠢᠶᠠᠳ ᠣᠷᠣᠨ ᠲᠡᠶ ᠬᠣᠯᠪᠣᠭ᠎ᠠ ᠦᠭᠡᠶ᠃

ᠬᠣᠶᠠᠷ᠂ ᠵᠤᠰᠣᠳᠣ ᠶᠢᠨ ᠴᠢᠭᠣᠯᠭᠠᠨ ᠤ ᠬᠠᠷᠠᠴᠢᠨ ᠵᠠᠬᠥᠨ ᠭᠠᠷᠣᠨ ᠬᠣᠰᠢᠭᠣᠨ ᠤ ᠦᠬᠡᠷᠲᠦ ᠶᠢᠨ ᠬᠦᠠᠳᠡᠢ ᠡᠴᠡ ᠮᠠᠯᠳᠠᠵᠣ ᠭᠠᠷᠭᠠᠭᠰᠠᠨ ᠲᠠᠬᠢᠯᠭ᠎ᠠ ᠶᠢᠨ ᠪᠠᠭᠣᠷᠢ ᠳ᠋ᠠᠬᠢ ᠡᠢᠳᠣᠭᠠᠨ ᠤ ᠰᠢᠪᠠᠷ ᠪᠠᠷᠢᠮᠠᠯ ᠤᠳ ᠪᠦᠷ ᠵᠠᠪᠢᠯᠠᠵᠣ ᠰᠠᠭᠣᠭᠰᠠᠨ ᠲᠥᠷᠢ ᠲᠡᠶ᠃ ᠣᠮᠠᠷᠠᠳᠣ ᠣᠷᠣᠨ ᠳᠤ ᠡᠢᠳᠣᠭᠠᠨ ᠱᠠᠰᠢᠨ ᠣᠷᠢᠳ ᠢᠶᠡᠷ ᠮᠠᠠᠳᠣᠯᠠᠵᠣ᠂ ᠪᠦᠬᠡ ᠮᠥᠷᠬᠥᠯ ᠤᠨ ᠰᠢᠲᠦᠬᠡᠨ ᠰᠡᠬᠥᠯ ᠳ᠋ᠣᠨᠢ ᠪᠣᠢ ᠪᠣᠯᠵᠠᠢ᠃ ᠬᠡᠬᠥ ᠳᠡᠭᠡᠨ ᠵᠨᠪᠢᠯᠠᠵᠣ ᠰᠠᠭᠣᠳᠠᠭ ᠨᠢ ᠣᠮᠠᠷᠠᠳᠣ ᠶᠢᠨ ᠦᠨᠳᠥᠰᠣᠳᠡᠨ ᠤ ᠵᠠᠡᠭ ᠲᠠᠳᠬᠠᠯ ᠤᠨ ᠲᠣᠪᠣᠶ᠋‍ᠢᠭᠰᠠᠨ ᠣᠠᠴᠠᠯᠢᠭ᠂ ᠬᠢᠳᠠᠳ ᠤᠳ ᠪᠣᠯ ᠡᠷᠳᠠᠨ ᠡᠴᠡ ᠪᠠᠨ ᠰᠦᠭᠦᠳᠴᠦ ᠰᠠᠭᠣᠳᠠᠭ ᠵᠠᠩᠰᠢᠯ ᠲᠡᠶ᠃ ᠡᠶ᠋‍ᠢᠮᠣ ᠡᠴᠡ 《 ᠣᠯᠠᠭᠠᠨ ᠬᠠᠳᠠ ᠶᠢᠨ ᠰᠣᠶᠣᠯ 》 ᠨᠠᠩᠬᠢᠶᠠᠳ ᠣᠷᠣᠨ ᠲᠡᠶ ᠬᠣᠯᠪᠣᠭ᠎ᠠ ᠦᠭᠡᠶ᠃

ᠭᠣᠷᠪᠠ᠂ 《 ᠣᠯᠠᠭᠠᠨ ᠬᠠᠳᠠ ᠶᠢᠨ ᠰᠣᠶᠣᠯ 》 ᠤᠨ ᠬᠡᠪᠴᠢᠶᠡᠨ ᠳ᠋ᠠᠬᠢ ᠡᠷᠳᠠᠨ ᠤ ᠬᠠᠳᠠᠨ ᠵᠢᠷᠣᠭ᠂ ᠬᠡᠬᠥᠷ ᠶᠠᠰᠣ᠂ ᠴᠢᠯᠠᠭᠣᠨ ᠰᠠᠶ᠋‍ᠢᠯᠣᠮᠠᠯ᠂ ᠸᠠᠭᠠᠷ ᠰᠢᠪᠠᠷ ᠪᠠᠷᠢᠮᠠᠯ ᠤᠳ ᠲᠠᠬᠢ ᠬᠦᠮᠥᠨ ᠤ ᠵᠢᠷᠣᠭ ᠲᠥᠷᠰᠦ ᠶᠢᠨ ᠬᠠᠴᠠᠷ ᠤᠨ ᠶᠠᠰᠣ ᠨᠢ ᠮᠠᠰᠢ ᠲᠥᠭ᠍ᠲᠦᠬᠡᠷ ᠪᠠᠶ᠋‍ᠢᠳᠠᠭ᠃ ᠡᠨᠠ ᠪᠣᠯ ᠣᠮᠠᠷᠠᠳᠣ ᠶᠢᠨ ᠦᠨᠳᠥᠰᠣᠳᠡᠨ ᠤ ᠹᠢᠽᠢᠣᠯᠣᠬᠢ ᠶᠢᠨ ᠨᠡᠢᠢᠳᠡᠯᠢᠭ᠌ ᠣᠠᠴᠠᠯᠢᠭ ᠪᠣᠯᠣᠨ᠎ᠠ᠃ ᠡᠶ᠋‍ᠢᠮᠣ ᠡᠴᠡ 《 ᠣᠯᠠᠭᠠᠨ ᠬᠠᠳᠠ ᠶᠢᠨ ᠰᠣᠶᠣᠯ 》 ᠨᠠᠩᠬᠢᠶᠠᠳ ᠣᠷᠣᠨ ᠲᠡᠶ ᠶᠠᠮᠠᠷ ᠴᠤ ᠬᠣᠯᠪᠣᠭ᠎ᠠ ᠦᠭᠡᠶ᠃ ᠰᠠᠳᠣᠪ ᠡᠴᠡ ᠰᠠᠯᠴᠢᠬᠠᠬᠣ ᠲᠣᠯᠠ ᠡᠶ᠋‍ᠢᠮᠥᠷᠬᠥᠤ ᠵᠢᠱᠢᠶ᠎ᠠ ᠵᠢ ᠣᠯᠠᠨ ᠶᠠᠷᠢᠬᠤ ᠦᠭᠡᠶ᠃

ᠪᠠᠰᠠ ᠨᠢᠬᠡ ᠨᠢ ᠪᠣᠯ᠂ ᠵᠤᠬᠢᠶᠠᠯᠴᠢᠳ ᠴᠤ ᠬᠡᠰᠡᠨ ᠣᠯᠠᠨ ᠲᠠᠯ᠎ᠠ ᠶᠢᠨ ᠮᠡᠳᠡᠯᠬᠡ ᠪᠣᠯᠪᠠᠰᠣᠷᠠᠯ ᠳᠤ ᠴᠠᠭᠠᠷᠠᠵᠣ᠂ ᠡᠯ᠎ᠠ ᠵᠦᠢᠯ ᠤᠨ ᠮᠡᠲ᠋ᠧᠷᠢᠶᠡᠯ᠂ ᠰᠢᠨᠵᠢᠯᠡᠬᠥ ᠣᠬᠠᠭᠠᠨ ᠤ ᠠᠷᠭ᠎ᠠ ᠬᠡᠯᠪᠡᠷᠢ ᠶᠢ ᠠᠰᠢᠭᠯᠠᠨ ᠲᠡᠣᠬᠡ ᠪᠠᠨ ᠦᠨᠡᠨ ᠵᠦᠪ ᠢᠶᠡᠷ ᠲᠠᠶ᠋‍ᠢᠯᠪᠣᠷᠢᠯᠠᠬᠣ ᠠᠰᠠᠭᠣᠳᠠᠯ ᠪᠣᠯᠣᠨ᠎ᠠ᠃ ᠣᠷᠳᠣ ᠬᠣᠭᠣᠴᠠᠭᠠᠨ ᠤ ᠲᠣᠷᠰᠢᠳᠠ᠂ ᠲᠥᠷᠤ ᠵᠠᠰᠠᠭ ᠪᠠᠶ᠋‍ᠢᠭᠣᠯᠣᠭᠰᠠᠨ ᠣᠮᠠᠷᠠᠳᠣ ᠶᠢᠨ ᠨᠡᠬᠥᠳᠡᠯᠴᠢᠥᠨ ᠤᠨ ᠣᠯᠣᠰ ᠢ ᠲᠣᠰᠠᠭᠠᠷ ᠣᠯᠣᠰ ᠪᠢᠰᠢ ᠬᠠᠷᠢᠨ ᠬᠢᠳᠠᠳ ᠤᠨ ᠬᠠᠷᠢᠶᠠᠳᠣ ᠣᠷᠣᠨ ᠨᠣᠳᠣᠭ ᠤᠨ ᠵᠠᠰᠠᠭ ᠵᠠᠬᠢᠷᠭᠠᠨ ᠢᠶᠡᠷ ᠦᠵᠡᠳᠡᠭ ᠪᠦᠬᠡᠥᠨ ᠬᠠᠭᠠᠨ ᠢ ᠨᠢ ᠬᠠᠨ ᠪᠣᠯᠭᠠᠨ ᠪᠠᠭᠣᠷᠠᠭᠣᠯᠵᠣ᠂ ᠲᠡᠣᠬᠡ ᠶᠢ ᠨᠢ ᠪᠦᠷ ᠯᠠ 《 ᠨᠠᠩᠬᠢᠶᠠᠳ ᠣᠷᠣᠨ ᠤ ᠲᠡᠷᠢᠬᠥᠨ ᠤ ᠰᠣᠶᠣᠯ ᠢ ᠰᠣᠷᠣᠯᠴᠠᠭᠰᠠᠨ ᠡᠴᠡ ᠪᠣᠯᠵᠣ ᠬᠦᠴᠥᠷᠬᠡᠭ᠍ᠵᠢᠯ᠎ᠡ 》 ᠬᠡᠵᠦ ᠬᠢᠳᠠᠳ ᠲᠡᠣᠬᠡᠴᠢᠥᠨ ᠣᠳᠣ ᠪᠣᠯᠳᠠᠯ᠎ᠠ ᠬᠡᠯᠡᠭ᠍ᠰᠠᠬᠡᠷ ᠪᠠᠶ᠋‍ᠢᠨ᠎ᠠ᠃ ᠡᡁᠤᠢᠩᠨᠤ ᠶᠢᠨ ᠬᠠᠭᠠᠨ ᠮᠣᠳᠣᠨ ᠴᠠᠨ ᠡᠢᠣᠢ᠂ ᠲᠠᠪᠠᠭᠠᠴᠢ ᠬᠢᠶᠠᠠᠪᠠᠬᠢ ᠶᠢᠨ ᠬᠠᠭᠠᠨ ᠲᠠᠮᠵᠢᠭᠠᠢ᠂ ᠲᠦᠷᠺ ᠤᠨ ᠬᠠᠭᠠᠨ ᠮᠣᠬᠢᠯᠢᠶᠠᠨ ᠪᠢᠯᠬᠡ᠂ ᠬᠢᠳᠠᠨ ᠤ ᠬᠠᠭᠠᠨ ᠡᠯᠣᠢ ᠠᠮᠪᠠᠬᠢᠶᠠᠨ᠂ ᠵᠦᠷᠴᠢᠥᠨ ᠤᠨ ᠬᠠᠭᠠᠨ ᠠᠭᠣᠳᠠ ᠪᠠ ᠮᠣᠩᠭ᠋ᠣᠯ ᠤᠨ ᠴᠢᠩᠬᠢᠰ ᠬᠠᠭᠠᠨ ᠨᠡᠷ ᠬᠢᠳᠠᠳ ᠪᠢᠴᠢᠭ᠌ ᠪᠠᠶ᠋‍ᠢᠳᠣᠭᠠᠢ ᠬᠢᠳᠠᠳ ᠦᠬᠡ ᠴᠤ ᠮᠡᠳᠡᠳᠡᠭ ᠦᠭᠡᠶ ᠪᠠᠶ᠋‍ᠢᠭᠰᠠᠨ᠃ ᠬᠡᠷᠩᠯᠡᠯ ᠰᠠᠯᠳᠠ᠂ ᠰᠠᠪᠠ ᠰᠠᠭᠠᠯᠢ ᠶᠢᠨ ᠲᠣᠬᠠᠢ ᠳᠤ ᠬᠡᠯᠡᠪᠡᠯ ᠲᠡᠳᠡᠬᠡᠷ ᠣᠮᠠᠷᠠᠳᠣ ᠶ᠋‍ᠢᠨ ᠣᠭᠰᠠᠭᠠᠳᠠᠨ ᠨᠣᠭᠣᠳ ᠪᠦᠷ ᠯᠠ ᠦᠪᠡᠷ ᠢᠶᠡᠨ ᠸᠠᠭᠠᠷ ᠱᠡᠭᠠᠵᠡᠨᠭ᠌ ᠬᠦᠷᠡᠯ ᠲᠠᠮᠣᠷ ᠠᠯᠳᠠ ᠮᠣᠢᠩᠬᠥ ᠪᠠᠷ ᠰᠢᠳᠠᠭᠠᠵᠣ ᠴᠢᠳᠬᠣᠵᠣ ᠲᠠᠪᠳᠠᠵᠣ ᠬᠢᠳᠡᠭ ᠪᠠᠶ᠋‍ᠢᠭᠰᠠᠨ ᠨᠢ ᠡᠡᠷᠾᠧᠥᠯᠣᠬᠢ ᠪᠠᠷ ᠬᠡᠷᠡᠴᠢᠯᠡᠭ᠍ᠳᠡᠵᠦ ᠪᠠᠶ᠋‍ᠢᠨ᠎ᠠ᠃ ᠶᠠᠭᠣ ᠶᠢ 《 ᠲ᠋ᠡᠷᠢᠬᠥᠨ ᠤ ᠰᠣᠶᠣᠯ 》᠂ ᠶᠠᠭᠣ ᠶᠢ 《 ᠬᠣᠴᠣᠷᠣᠩᠭ᠋ᠣᠢ ᠰᠣᠶᠣᠯ 》 ᠬᠡᠳᠡᠭ ᠤᠨ ᠲᠣᠬᠠᠢ ᠳᠤ ᠶᠠᠷᠢᠪᠠᠯ ᠦᠬᠡ ᠣᠷᠳᠣ ᠪᠣᠯᠣᠨ᠎ᠠ᠃ ᠬᠠᠷᠢᠨ ᠵᠠᠷᠢᠮ ᠬᠦᠮᠥᠰ 《 ᠬᠢᠳᠠᠨ ᠤ ᠰᠣᠶᠣᠯ 》 ᠢ ᠡᠷᠬᠥᠵᠦ ᠪᠠᠶ᠋‍ᠢᠭ᠎ᠠ ᠨᠢ ᠪᠣᠯ 《 ᠡᠨᠠ ᠭᠠᠵᠠᠷ ᠣᠣᠯ ᠳᠠᠭᠠᠨ ᠬᠢᠳᠠᠨ ᠤ ᠨᠣᠳᠣᠭ ᠪᠣᠯᠬᠣ ᠡᠴᠡ ᠪᠢᠰᠢ ᠮᠣᠩᠭ᠋ᠣᠯ ᠤᠨ ᠬᠢ ᠪᠢᠰᠢ᠂ ᠬᠢᠳᠠᠠᠴᠣᠳ ᠪᠠᠶ᠋‍ᠢᠬᠣ ᠦᠭᠡᠶ ᠪᠣᠯᠣᠭᠰᠠᠨ ᠪᠤᠯᠬᠤᠷ ᠬᠡᠨ ᠡᠵᠠᠯᠠᠪᠠᠴᠣ ᠪᠣᠯᠣᠨ᠎ᠠ︕》 ᠬᠡᠰᠡᠨ ᠰᠠᠨᠠᠭ᠎ᠠ ᠶᠣᠮ᠃ ᠬᠡᠳᠡᠯ᠎ᠡ ᠬᠢᠳᠠᠨ ᠪᠣᠯ ᠮᠣᠩᠭ᠋ᠣᠯ ᠲᠡᠶ ᠣᠭᠰᠠᠭ᠎ᠠ ᠭᠠᠷᠣᠯ ᠨᠢᠬᠡ᠂ ᠣᠳᠣᠮ ᠰᠣᠶᠣᠯ ᠨᠢᠬᠡᠳᠡᠢ ᠲᠣᠮᠳᠠᠳᠣ ᠵᠠᠭᠣᠨ ᠤ ᠨᠡᠬᠥᠳᠡᠯᠴᠢᠨ ᠪᠣᠯᠬᠣ ᠡᠴᠡ ᠪᠢᠰᠢ ᠬᠢᠳᠠᠳ ᠲᠡᠶ 《 ᠮᠢᠬ᠎ᠠ ᠴᠢᠨᠠᠭᠠᠳ ᠱᠥᠯᠤ ᠨᠡᠢᠢᠯᠡᠬᠥ ᠦᠬᠡᠢ᠂ ᠮᠠᠨᠢ ᠲᠣᠭᠠᠯᠠᠭᠠᠳ ᠰᠦᠵᠢᠭ᠌ ᠨᠡᠢᠢᠯᠡᠬᠥ ᠦᠭᠡᠶ 》 ᠬᠡᠳᠡᠭ ᠢ ᠶᠠᠭᠠᠬᠢᠭᠠᠳ ᠬᠡᠯᠡᠬᠥ ᠦᠭᠡᠶ ᠪᠣᠢ⁈

ᠲᠡᠬᠡᠷ᠎ᠡ ᠵᠠᠭᠣᠨ ᠤ ᠨᠠᠶᠠᠭᠠᠳ ᠣᠨ ᠳᠤ ᠵᠤᠤ ᠣᠳᠠ ᠶᠢᠨ ᠰᠣᠨᠢᠨ ᠤ ᠬᠣᠷᠢᠶᠠᠨ ᠳᠤ ᠨᠢᠬᠡ ᠣᠳᠠᠭᠠᠨ ᠤ ᠡᠷᠳᠠᠮ ᠰᠢᠨᠵᠢᠯᠡᠬᠡᠨ ᠤ ᠡᠢᠯᠡᠳᠬᠡᠯ ᠰᠣᠨᠣᠰᠣᠭᠰᠠᠨ ᠢᠶᠡᠨ ᠴᠡᠬᠡᠵᠢᠯᠡᠵᠦ ᠪᠠᠶ᠋‍ᠢᠨ᠎ᠠ᠃ ᠵᠠᠯᠠᠵᠣ ᠡᠢᠷᠡᠭ᠍ᠰᠡᠨ ᠪᠠᠭᠰᠢ ᠨᠢ ᠣᠮᠠᠷᠠᠳᠣ ᠶᠢᠨ ᠦᠨᠳᠥᠰᠣᠳᠡᠨ ᠤ ᠰᠣᠶᠣᠯ ᠲᠡᠣᠬᠡ ᠶᠢ ᠰᠣᠳᠣᠯᠳᠠᠭ ᠬᠣᠨᠠᠨ ᠨᠣᠳᠣᠭ ᠲᠡᠶ ᠣᠭᠣᠴᠢ ᠨᠢ ᠲᠠᠳᠠᠭᠰᠠᠨ ᠠᠳᠣᠭᠠᠷ ᠬᠠᠷ᠎ᠠ ᠡᠪᠥᠬᠡᠨ ᠪᠠᠶ᠋‍ᠢᠪᠠ᠃ ᠦᠪᠡᠷ ᠢ ᠪᠠᠨ ᠲᠡᠣᠬᠡᠴᠢ᠂ ᠡᠡᠷᠾᠧᠥᠯᠣᠬᠢᠴᠢ᠂ ᠡᠢᠯᠠᠩᠭ᠋ᠣᠶ᠎ᠠ ᠬᠢᠳᠠᠨ ᠤ ᠲᠠᠯ᠎ᠠ ᠪᠠᠷ ᠬᠢ ᠲᠣᠰᠬᠠᠢ ᠮᠡᠷᠬᠡᠵᠢᠯᠳᠡᠨ ᠬᠡᠵᠦ ᠡᠷᠬᠥᠬᠥᠯᠬᠥ ᠲᠣᠷᠠᠳᠠᠢ ᠬᠦᠮᠥᠨ᠃ ᠲᠠᠷᠠ ᠭᠣᠧᠠᠢ ᠡᠡᠷᠾᠧᠥᠯᠣᠬᠢ ᠪᠠᠷ ᠣᠯᠳᠠᠭᠰᠠᠨ ᠸᠠᠭᠠᠷ ᠰᠠᠪᠠ᠂ ᠬᠦᠷᠡᠯ ᠲᠣᠯᠢ᠂ ᠭᠠᠣᠯᠢᠨ ᠵᠤᠭᠣᠰ ᠮᠠᠳᠣ ᠶᠢᠨ ᠡᠷᠳᠠᠨ ᠤ ᠡᠳ᠋ ᠦᠯᠥᠭ ᠤᠳ ᠢᠶᠡᠷ ᠪᠠᠷᠢᠮᠳᠠ ᠪᠣᠯᠭᠠᠵᠣ᠂ ᠬᠣᠶ᠋‍ᠢᠰᠢ ᠪᠠᠨ ᠦᠷᠡᠯ ᠨᠢᠷᠣᠭᠣ᠂ ᠵᠠᠬᠥᠡᠰᠢ ᠰᠢᠪᠧᠷᠢᠶ᠎ᠡ ᠶᠢ ᠪᠠᠭᠳᠠᠭᠠᠭᠰᠠᠨ ᠠᠯᠠᠰᠺᠠ ᠬᠦᠷᠳᠡᠯᠠᠬᠢ ᠦᠷᠬᠡᠨ ᠠᠭᠣᠳᠠᠮ ᠣᠷᠣᠨ ᠪᠦᠷ ᠬᠠᠨ ᠣᠯᠣᠰ ᠤᠨ ᠨᠣᠳᠣᠭ ᠲᠡᠪᠢᠰᠬᠡᠷ ᠪᠠᠶ᠋‍ᠢᠭᠰᠠᠨ᠂ ᠵᠠᠬᠥᠡᠰᠢ ᠪᠠᠨ ᠭᠠᠣᠯᠢ ᠶᠢ ᠪᠠᠭᠳᠠᠭᠠᠭᠰᠠᠨ ᠰᠣᠯᠣᠩᠭ᠋ᠣᠰ ᠤᠨ ᠬᠣᠶ᠋‍ᠢᠭ ᠬᠦᠷᠳᠡᠯᠠᠬᠢ ᠭᠠᠵᠠᠷ ᠤᠳ ᠪᠦᠷ ᠲᠡᠨᠭ᠌ ᠣᠯᠣᠰ ᠤᠨ ᠨᠣᠳᠣᠭ ᠲᠡᠪᠢᠰᠬᠡᠷ ᠪᠠᠶ᠋‍ᠢᠭᠰᠠᠨ᠃ ᠣᠴᠢᠷ ᠨᠢ ᠲᠠᠠᠳᠠ ᠡᠴᠠ ᠲᠡᠬᠡᠷᠡᠬᠢ ᠶᠠᠷᠢᠭᠰᠠᠨ ᠮᠠᠳᠣ ᠬᠠᠨ᠂ ᠲᠡᠨᠭ᠌ ᠤᠨ ᠣᠢᠶ᠎ᠡ ᠶᠢᠨ ᠡᠳ᠋ ᠦᠯᠥᠭ ᠤᠳ ᠣᠯᠳᠠᠵᠠᠢ ᠁ ᠬᠡᠵᠦ ᠠᠶ᠋‍ᠢᠯᠠᠳᠴᠣ ᠪᠠᠶ᠋‍ᠢᠨ᠎ᠠ᠃ ᠲᠡᠬᠥᠨ ᠢ ᠨᠢ ᠰᠣᠨᠣᠰᠣᠭᠠᠳ ᠪᠢ ᠴᠠᠭᠠᠰᠣᠨ ᠲᠡᠬᠡᠷ᠎ᠡ 《 ᠡᠷᠳᠠᠮᠳᠠᠨ ᠪᠠᠭᠰᠢ ᠡᠴᠡ ᠬᠢᠴᠢᠶᠠᠩᠬᠦᠢᠢᠯᠡᠨ ᠠᠰᠠᠭᠣᠰᠣᠭᠠᠢ᠄ ᠨᠡᠢᠢᠬᠡᠮ ᠤᠨ ᠬᠠᠷᠢᠯᠴᠠᠭᠠᠨ ᠤ ᠡᠳ᠋ ᠦᠯᠥᠭ (社会文物) ᠪᠠ ᠲᠣᠬᠠᠢ ᠶᠢᠨ ᠭᠠᠵᠠᠷ ᠤᠨ ᠭᠠᠵᠠᠷ ᠡᠴᠡ ᠣᠯᠳᠠᠭᠰᠠᠨ ᠡᠳ᠋ ᠦᠯᠥᠭ (出土文物) ᠤᠨ ᠡᠢᠯᠭᠠᠭ᠎ᠠ ᠶᠢ ᠪᠢ ᠰᠠᠶ᠋‍ᠢᠨ ᠮᠡᠳᠡᠬᠥ ᠦᠭᠡᠶ ᠪᠠᠶ᠋‍ᠢᠨ᠎ᠠ᠂ ᠲᠠᠶ᠋‍ᠢᠯᠪᠣᠷᠢᠯᠠᠭᠠᠳ ᠦᠭ᠍ᠬᠥᠨ᠎ᠡ ᠦᠦ︖》 ᠬᠡᠵᠦ ᠬᠢᠳᠠᠳ ᠢᠶᠡᠷ ᠪᠢᠴᠢᠬᠡᠥᠨ ᠲᠠᠮᠵᠢᠭᠣᠯᠵᠣ ᠦᠭ᠍ᠬᠥᠭ᠍ᠰᠡᠨ᠃ ᠨᠡᠢᠢᠬᠡᠮ ᠤᠨ ᠬᠠᠷᠢᠯᠴᠠᠭᠠᠨ ᠤ ᠡᠳ᠋ ᠦᠯᠥᠭ ᠬᠡᠳᠡᠭ ᠨᠢ ᠪᠣᠯ ᠠᠷᠠᠯᠵᠢᠶ᠎ᠠ ᠪᠠᠷ ᠲᠠᠮᠵᠢᠭᠰᠠᠨ᠂ ᠡᠰᠠᠬᠥᠯ᠎ᠡ ᠡᡁᠤᠢᠩᠨᠤ ᠶᠢᠨ ᠬᠠᠭᠠᠳ ᠲ᠋ᠤ ᠠᠯᠪᠠ ᠪᠠᠷᠢᠴᠠ ᠡᠷᠬᠥᠭ᠍ᠰᠡᠨ᠂ ᠬᠦᠩᠵᠦ ᠪᠠᠨ ᠪᠣᠭᠳᠣᠯᠠᠵᠣ ᠦᠭ᠍ᠬᠥ ᠣᠢᠶ᠎ᠡ ᠳᠡᠭᠡᠨ ᠡᠢᠨᠵᠢ ᠬᠦᠷᠣᠩᠬᠡ ᠪᠣᠯᠭᠠᠨ ᠲᠠᠭᠠᠭᠣᠯᠣᠨ ᠦᠭ᠍ᠬᠥᠭ᠍ᠰᠡᠨ ᠵᠡᠷᠬᠡ ᠪᠣᠯᠣᠮᠵᠢ ᠪᠠᠷ ᠬᠠᠨ ᠣᠯᠣᠰ ᠤᠨ ᠰᠠᠪᠠ ᠰᠠᠭᠠᠯᠢ᠂ ᠵᠤᠭᠣᠰ ᠮᠣᠢᠩᠬᠥ ᠲᠡᠷᠢᠬᠥᠳᠡᠨ ᠬᠠᠮᠢᠭ᠎ᠠ ᠴᠤ ᠬᠦᠷᠴᠦ ᠪᠣᠯᠳᠠᠭ ᠢ ᠬᠡᠯᠡᠨ᠎ᠡ᠃ ᠡᠬᠥᠪᠡᠷ ᠣᠯᠣᠰ ᠤᠨ ᠬᠢᠯᠢ ᠲᠣᠭᠳᠠᠭᠠᠬᠣ ᠬᠡᠷᠡᠴᠢ ᠪᠣᠯᠭᠠᠵᠣ ᠪᠣᠯᠬᠣ ᠦᠭᠡᠶ᠃ ᠡᠨᠠ ᠪᠣᠯ ᠨᠠᠭᠠᠳᠣ ᠵᠠᠬ᠎ᠠ ᠳᠠᠭᠠᠨ ᠭᠠᠳᠠᠭᠠᠳᠣ ᠬᠠᠷᠢᠯᠴᠠᠭᠠᠨ ᠤ ᠠᠯᠳᠠᠭ᠎ᠠ ᠲᠡᠶ ᠦᠬᠡ ᠪᠣᠯᠬᠣ ᠪᠦᠬᠡᠥᠨ ᠶᠣᠰᠣᠳᠠᠢ ᠯᠠᠶ᠋‍ᠢᠮᠣᠣᠷᠴᠢ᠂ ᠯᠣᠶ᠋‍ᠢᠪᠠᠷᠴᠢ ᠡᠷᠳᠠᠮ ᠰᠢᠨᠵᠢᠯᠡᠬᠡᠨ ᠪᠣᠯᠬᠣ ᠶᠣᠮ᠃ ᠬᠡᠳᠡᠯ᠎ᠡ ᠲᠣᠬᠠᠢ ᠶ᠋‍ᠢᠨ ᠭᠠᠵᠠᠷ ᠡᠴᠡ ᠣᠯᠳᠠᠭᠰᠠᠨ ᠡᠳ᠋ ᠦᠯᠥᠭ ᠬᠡᠳᠡᠭ ᠨᠢ ᠬᠠᠷᠢᠨ ᠪᠠᠰᠠ ᠪᠣᠰᠣ ᠨᠢᠬᠡᠨ ᠴᠠᠭ ᠲᠤᠷ ᠲᠣᠬᠠᠢ ᠶᠢᠨ ᠭᠠᠵᠠᠷ ᠤᠨ ᠬᠦᠮᠥᠰ ᠲᠣᠬᠠᠢ ᠶᠢᠨ ᠭᠠᠵᠠᠷ ᠲᠠᠭᠠᠨ ᠦᠢᠯᠡᠲᠦᠬᠡᠥᠨ ᠲᠣᠬᠠᠢ ᠶᠢᠨ ᠭᠠᠵᠠᠷ ᠲᠠᠭᠠᠨ ᠰᠢᠩᠬᠡᠬᠡᠭ᠍ᠰᠡᠨ ᠡᠳ᠋ ᠦᠯᠥᠭ ᠢ ᠬᠡᠯᠡᠳᠡᠭ᠃ ᠡᠨᠠ ᠪᠣᠯ ᠰᠠᠶ‍ᠢ ᠡᠨᠠ ᠭᠠᠵᠠᠷ ᠡᠷᠳᠠᠨ ᠳᠡᠭᠡᠨ ᠬᠡᠨ ᠤ ᠪᠠᠶ᠋‍ᠢᠭᠰᠠᠨ ᠢ ᠬᠡᠷᠡᠴᠢᠯᠡᠵᠦ ᠴᠢᠳᠠᠨ᠎ᠠ᠃ ᠡᠬᠥᠨ ᠢ ᠪᠢ ᠮᠠᠳᠠᠵᠣ ᠪᠠᠶ᠋‍ᠢᠭᠠᠳ ᠵᠤᠷᠢᠭᠣᠳᠠ ᠠᠰᠠᠭᠣᠭᠰᠠᠨ ᠶᠣᠮ᠃ ᠠᠰᠠᠭᠣᠯᠳᠠ ᠶᠢ ᠨᠦᠬᠥᠬᠡᠬᠢ ᠡᠷᠳᠠᠮᠳᠠᠨ ᠭᠣᠧᠠᠢ ᠨᠠᠯᠢᠶᠠᠳ ᠨᠠᠷᠢᠪᠴᠢᠯᠠᠨ ᠱᠠᠭᠠᠶ᠋‍ᠢᠭᠠᠳ ᠨᠠᠮᠠᠢᠢ ᠰᠥᠷᠠᠬᠡᠢ ᠮᠠᠭᠣᠬᠠᠢ ᠬᠠᠷᠠᠵᠣ᠂ ᠡᠨᠠ ᠠᠰᠠᠭᠣᠳᠠᠯ  ᠢ ᠲᠠᠷᠠᠭ᠎ᠠ ᠪᠠᠷ ᠰᠠᠶ᠋‍ᠢᠬᠠᠨ ᠬᠠᠷᠢᠭᠣᠯᠣᠶ᠎ᠠ ᠁ ᠬᠡᠵᠡᠢ᠃

ᠬᠡᠳᠡᠯ᠎ᠡ ᠡᠢᠣᠢ ᠴᠢᠤ ᠡᠢᠣᠢ ᠠᠪᠣᠭᠠᠢ ᠡᠨᠠ ᠣᠳᠠᠭᠠᠨ ᠤ ᠮᠡᠳᠡᠬᠥᠯᠥᠯᠳᠡ ᠳᠡᠭᠡᠨ᠄ ᠬᠢᠳᠠᠳ ᠤᠳ ᠡᠷᠳᠠᠨ ᠡᠴᠡ ᠪᠠᠨ ᠪᠣᠰᠣᠳ ᠤᠨ ᠬᠢ ᠶᠢ ᠵᠠᠪᠠᠯ ᠦᠪᠡᠷ ᠤᠨ ᠬᠢ ᠪᠠᠨ ᠪᠣᠯᠭᠠᠵᠣ ᠠᠪᠣᠨ᠎ᠠ ᠬᠡᠵᠦ ᠣᠷᠣᠯᠳᠣᠳᠠᠭ ᠮᠠᠭᠣ ᠵᠠᠡᠭ ᠲᠡᠶ ᠣᠯᠣᠰ᠃ ᠴᠠᠭᠠᠰᠣ᠂ ᠬᠡᠪᠯᠡᠯ᠂ ᠵᠦᠭ᠍ᠯᠠᠬᠥᠷ᠂ ᠲᠠᠷᠢ ᠵᠠᠷᠬᠡ ᠲᠥᠷᠪᠡᠨ ᠶᠡᠬᠡ ᠡᠬᠥᠳᠥᠯᠳᠡ ᠶᠢ ᠪᠦᠷ ᠦᠪᠡᠷ ᠤᠨ ᠬᠢ ᠪᠠᠨ ᠪᠣᠯᠭᠠᠵᠣ ᠬᠡᠯᠡᠳᠡᠭ᠃ ᠦᠨᠡᠨ ᠳᠡᠭᠡᠨ ᠲᠣᠮᠳᠠᠳᠣ ᠣᠯᠣᠰ ᠤᠨ ᠬᠦᠮᠥᠨ ᠮᠡᠳᠡᠬᠥ ᠡᠴᠡ ᠡᠮᠣᠨ᠎ᠠ ᠭᠠᠳᠠᠭᠠᠳᠣ ᠳᠤ ᠪᠦᠷ ᠪᠠᠶ᠋‍ᠢᠭᠰᠠᠨ ᠶᠠᠭᠣᠮ᠎ᠠ᠃ ᠬᠡᠨ ᠤ ᠬᠢ ᠪᠣᠯᠣᠭᠰᠠᠨ ᠴᠤ ᠬᠠᠮᠢᠶ᠎ᠠ ᠦᠭᠡᠶ᠂ ᠬᠦᠮᠥᠨ ᠲ᠋ᠥᠷᠥᠯᠬᠢᠳᠡᠨ ᠤ ᠪᠣᠯᠪᠠᠰᠣᠨ ᠬᠥᠭ᠍ᠵᠢᠯᠳᠡ ᠳᠤ ᠨᠠᠮᠠᠷᠢ ᠣᠷᠣᠭᠣᠯᠣᠭᠰᠠᠨ ᠪᠣᠯ ᠪᠦᠷ ᠲᠡᠷᠢᠬᠥᠨ ᠤ ᠰᠣᠶᠣᠯ᠂ ᠪᠢᠳᠠ ᠨᠣᠮᠣᠬᠠᠨ ᠲᠠᠷᠣᠤ ᠪᠠᠷ ᠰᠣᠷᠣᠯᠴᠠᠪᠠᠯ ᠲᠠᠭᠠᠷᠠᠨ᠎ᠠ᠃ ᠣᠴᠢᠷ ᠨᠢ ᠰᠣᠶᠣᠯ ᠡᠢᠷᠬᠡᠡᠰᠢᠯ᠂ ᠰᠢᠨᠵᠢᠯᠡᠬᠥ ᠣᠬᠠᠭᠠᠨ ᠪᠣᠯ ᠨᠢᠬᠡ ᠯᠠ ᠦᠨᠳᠥᠰᠣᠳᠡᠨ ᠤ ᠦᠪ ᠪᠢᠰᠢ᠂ ᠬᠠᠷᠢᠨ ᠪᠦᠬᠥ ᠬᠦᠮᠥᠨ ᠲᠥᠷᠥᠯᠬᠢᠳᠡᠨ ᠤ ᠬᠢ ᠶᠣᠮ᠃ ᠶᠡᠬᠡ ᠣᠯᠣᠰ᠂ ᠶᠡᠬᠡ ᠦᠨᠳᠥᠰᠣᠳᠡᠨ ᠪᠣᠯ ᠶᠡᠬᠡ ᠰᠣᠶᠣᠯ ᠢᠶᠡᠷ ᠶᠠᠷᠢᠳᠠᠭ ᠡᠴᠠ ᠪᠢᠰᠢ ᠪᠠᠭ᠎ᠠ ᠰᠠᠭ᠎ᠠ ᠶᠠᠪᠣᠳᠠᠯ ᠳᠤ ᠠᠳᠠᠭᠠᠷᠬᠠᠳᠠᠭ ᠦᠭᠡᠶ᠃ ᠠᠯᠢᠪᠠ ᠰᠣᠶᠣᠯ᠂ ᠱᠠᠰᠢᠨ ᠪᠦᠷ ᠦᠪᠡᠷ ᠤᠨ ᠣᠷᠣᠰᠢᠨ ᠲᠣᠭᠳᠠᠨᠢᠬᠤ ᠰᠢᠯᠳᠠᠭᠠᠨ ᠲᠡᠶ᠂ ᠡᠷᠬᠡ ᠴᠢᠯᠦᠬᠡ ᠲᠡᠶ᠂ ᠵᠠᠪᠠᠯ ᠪᠣᠰᠣᠳ ᠢ ᠭᠠᠳᠠᠭᠣᠷᠴᠢᠯᠠᠵᠣ᠂ ᠦᠬᠡᠶ᠋‍ᠢᠰᠬᠡᠵᠦ᠂ ᠣᠷᠣᠯᠠᠵᠣ᠂ ᠲᠠᠷᠣᠵᠣ ᠭᠠᠷᠣᠨ᠎ᠠ ᠬᠡᠥᠨ ᠣᠷᠣᠯᠳᠣᠳᠠᠭ ᠨᠢ ᠪᠣᠯ ᠦᠴᠥᠬᠡᠨ ᠬᠦᠮᠥᠨ ᠤ ᠬᠢᠳᠡᠭ ᠠᠵᠢᠯ︕ ᠬᠡᠵᠡᠢ᠃ ᠡᠨᠠ ᠨᠢ ᠶᠠᠭᠣ ᠬᠡᠰᠡᠨ ᠦᠬᠡ ᠶᠣᠮ ᠪᠣᠢ︖ ᠬᠡᠪᠡᠯ 《 ᠣᠯᠠᠭᠠᠨ ᠬᠠᠳᠠ ᠶᠢᠨ ᠰᠣᠶᠣᠯ 》 ᠣᠣᠯ ᠡᠴᠡ ᠪᠠᠨ ᠣᠮᠠᠷᠠᠳᠣ ᠶᠢᠨ ᠦᠨᠳᠥᠰᠣᠳᠡᠨ ᠤ ᠬᠢ ᠪᠠᠶ᠋‍ᠢᠳᠠᠯ᠎ᠠ ᠲᠠᠨᠣᠰ ᠶᠠᠭᠣᠨ ᠳᠤ ᠵᠠᠪᠠᠯ ᠦᠪᠡᠷ ᠤᠨ ᠬᠢ ᠬᠡᠵᠦ ᠪᠣᠯᠢᠶᠠᠯᠳᠣᠳᠠᠭ ᠶᠣᠮ ᠪᠣᠢ︖ ᠬᠡᠰᠡᠨ ᠦᠬᠡ᠃ ᠡᠨᠠ ᠨᠢ ᠡᠷᠳᠠᠮᠳᠠᠨ ᠤ ᠠᠮᠨ ᠶᠢ ᠵᠢᠬᠡᠯᠡᠵᠦ ᠪᠠᠶ᠋‍ᠢᠭᠠᠳ 《 ᠣᠯᠠᠭᠠᠨ ᠬᠠᠳᠠ ᠶ᠋‍ᠢᠨ ᠰᠣᠶᠣᠯ 》 ᠢ ᠦᠪᠡᠷ ᠤᠨ ᠬᠢ ᠪᠠᠨ ᠪᠣᠯᠭᠠᠨ ᠠᠯᠳᠠᠷᠰᠢᠭᠣᠯᠬᠣ ᠬᠡᠰᠡᠨ ᠵᠠᠷᠢᠮ ᠬᠦᠮᠥᠰ ᠤᠨ ᠠᠳᠬᠠᠭ ᠰᠠᠨᠠᠭ᠎ᠠ᠂ ᠦᠨᠳᠥᠰᠣᠳᠡᠨ ᠤ ᠡᠢᠪᠴᠣᠤ ᠦᠵᠡᠯ ᠢ ᠨᠢ ᠲᠠᠨᠢᠭᠣᠯᠵᠣ᠂ ᠪᠢᠴᠢᠬᠠᠨ ᠣᠬᠠᠭᠠᠨ ᠢ ᠨᠢ ᠵᠠᠳᠠᠯᠬᠣ ᠳᠤ ᠰᠠᠷᠠᠮᠵᠢ ᠶᠢᠨ ᠬᠣᠩ‍ᠬ᠍‍᠎ᠠ ᠴᠣᠬᠢᠭᠰᠠᠨ ᠶᠠᠪᠣᠳᠠᠯ ᠪᠣᠯᠬᠣ ᠶᠣᠮ᠃ ᠡᠢᠣᠢ ᠴᠢᠤ ᠡᠢᠣᠢ ᠵᠠᠯᠭᠠᠭᠠᠳ ᠪᠠᠰᠠ᠄ ᠶᠠᠭᠣ ᠶᠢ ᠰᠠᠢᠢᠳ ᠡᠷᠳᠠᠮᠳᠠᠨ᠂ ᠶᠠᠭᠣ ᠶᠢ ᠦᠴᠥᠬᠡᠨ ᠬᠦᠮᠥᠨ ᠬᠡᠬᠥ ᠪᠣᠢ︖ ᠬᠡᠪᠡᠯ᠂ ᠪᠣᠰᠣᠳ ᠤᠨ ᠰᠠᠶ᠋‍ᠢᠨ ᠢ ᠦᠵᠡᠬᠡᠥᠨ ᠦᠨᠡᠨ ᠰᠠᠳᠬᠢᠯ ᠡᠴᠡ ᠪᠠᠨ ᠪᠠᠶᠠᠷᠯᠠᠳᠠᠭ ᠬᠦᠮᠥᠨ ᠪᠣᠯ ᠰᠠᠢᠢᠳ ᠡᠷᠳᠠᠮᠳᠠᠨ᠂ ᠪᠣᠰᠣᠳ ᠤᠨ ᠮᠠᠭᠣ ᠶᠢ ᠦᠵᠡᠬᠡᠥᠨ ᠦᠨᠡᠨ ᠰᠠᠳᠬᠢᠯ ᠡᠴᠡ ᠪᠠᠨ ᠪᠠᠶᠠᠷᠯᠠᠳᠠᠭ ᠬᠦᠮᠥᠨ ᠪᠣᠯ ᠦᠴᠥᠬᠡᠨ ᠬᠦᠮᠥᠨ︕ ᠬᠡᠵᠡᠢ᠃ ᠨᠢᠬᠡ ᠬᠦᠮᠥᠨ ᠤ ᠠᠵᠢᠯᠯᠠᠭ᠎ᠠ ᠨᠢᠬᠡ ᠦᠨᠳᠥᠰᠣᠳᠡᠨ ᠤ ᠬᠡᠪ ᠴᠢᠨᠠᠷ ᠪᠠ ᠡᠢᠷᠡᠬᠡᠳᠥᠢ ᠶᠢ ᠨᠥᠯᠣᠬᠡᠯᠡᠨ᠎ᠡ᠃ ᠰᠠᠢᠢᠳ ᠡᠷᠳᠠᠮᠳᠠᠨ ᠬᠡᠳᠥᠢ ᠣᠯᠠᠨ ᠪᠠᠶ᠋‍ᠢᠪᠠᠯ ᠨᠢᠬᠡ ᠦᠨᠳᠥᠰᠣᠳᠡᠨ ᠲᠠᠳᠣᠢ ᠲᠣᠮᠣᠷᠠᠨ᠎ᠠ᠂ ᠦᠴᠥᠬᠡᠨ ᠬᠦᠮᠥᠨ ᠬᠡᠳᠥᠢ ᠠᠷᠪᠢᠨ ᠪᠠᠶ᠋‍ᠢᠪᠠᠯ ᠨᠢᠬᠡ ᠦᠨᠳᠥᠰᠣᠳᠡᠨ ᠲᠠᠳᠣᠢ ᠵᠢᠵᠢᠭ᠍ᠷᠡᠨ᠎ᠡ᠃

ᠵᠠᠯᠠᠭᠣ ᠣᠷᠠᠨ ᠪᠦᠲᠦᠬᠡᠯᠴᠢ ᠵ᠂ ᠭᠣᠷᠪᠠ ᠶᠢᠨ 《 ᠰᠣᠣᠳᠣ ᠶᠡᠬᠡ ᠬᠠᠨ ᠲᠥᠰᠢᠭ᠌ 》 ᠨᠣᠮ ᠶᠠᠭ ᠡᠶ᠋‍ᠢᠮᠥᠷᠬᠥᠤ ᠣᠷᠴᠢᠨ ᠳᠤ ᠵᠣᠬᠢᠶᠠᠭᠳᠠᠵᠠᠢ᠃ ᠲᠡᠣᠬᠡ ᠪᠠᠨ ᠲᠠᠶ᠋‍ᠢᠪᠣᠷᠢᠯᠠᠬᠣ ᠡᠷᠬᠡ ᠣᠯᠵᠣ ᠠᠪᠣᠶᠣ ᠬᠡᠵᠦ ᠬᠦᠰᠠᠬᠥ ᠪᠣᠯ ᠦᠪᠥᠷᠯᠡᠭ᠍ᠴᠢ ᠮᠣᠩᠭ᠋ᠣᠯᠴᠣᠳ ᠤᠨ ᠬᠠᠮᠳᠣ ᠶ᠋‍ᠢᠨ ᠰᠣᠶᠣᠯ ᠰᠡᠳᠬᠢᠯᠬᠡᠨ ᠪᠠᠶ᠋‍ᠢᠭ᠎ᠠ ᠶᠣᠮ᠃ ᠮᠠᠷᠳᠠᠵᠣ ᠰᠡᠯᠳᠥᠷᠡᠭ᠍ᠰᠡᠨ ᠢᠶᠡᠨ ᠨᠦᠬᠥᠵᠦ ᠰᠡᠯᠪᠢᠬᠥ᠂ ᠠᠯᠳᠠᠵᠣ ᠣᠷᠬᠢᠭᠳᠠᠭᠰᠠᠨ ᠢᠶᠡᠨ ᠪᠣᠴᠠᠭᠠᠨ ᠠᠪᠴᠢᠷᠠᠬᠣ᠂ ᠪᠠᠶ᠋‍ᠢᠬᠣ ᠶᠠᠭᠣᠮ᠎ᠠ ᠪᠠᠨ ᠪᠠᠳᠠᠷᠠᠭᠠᠨ ᠬᠥᠭ᠍ᠵᠢᠬᠥᠯᠬᠥ ᠪᠣᠯ ᠮᠣᠩᠭ᠋ᠣᠯ ᠰᠣᠶᠣᠯ ᠤᠨ ᠲᠠᠶ᠋‍ᠢᠴᠢᠨ ᠡᠬᠥᠷᠬᠡ ᠲᠠᠷᠬᠠᠨ ᠬᠠᠷᠢᠭᠣᠴᠠᠯᠭ᠎ᠠ᠃ ᠣᠷᠴᠢᠮ ᠤᠨ ᠵᠢᠯ ᠤᠳ ᠲᠤ᠂ ᠵᠤᠤ ᠣᠳᠠ ᠶᠢᠨ ᠮᠣᠩᠭ᠋ᠣᠯ ᠣᠷᠠᠨ ᠪᠦᠲᠦᠬᠡᠯᠴᠢᠥᠨ ᠲᠡᠬᠡᠷ᠎ᠡ ᠶᠠᠷᠢᠭᠰᠠᠨ ᠮᠠᠳᠣ ᠪᠣᠰᠣᠳᠴᠢ ᠣᠷᠴᠢᠨ ᠨᠦᠬᠥᠴᠡᠯ ᠳᠤ ᠵᠤᠬᠢᠶᠠᠨ ᠪᠠᠶ᠋‍ᠢᠭᠣᠯᠣᠯᠳᠠ ᠦᠭᠡᠶ᠂ ᠵᠤᠷᠢᠭᠵᠢᠭᠣᠯᠣᠯ ᠬᠦᠬᠢᠬᠥᠯᠥᠯ ᠦᠭᠡᠶ ᠪᠠᠶ᠋‍ᠢᠳᠠᠯ ᠲᠣᠣᠷ᠎ᠠ ᠨᠣᠮ ᠵᠤᠬᠢᠶᠠᠯ ᠬᠡᠪᠯᠠᠬᠥᠯᠬᠥ᠂ ᠰᠣᠳᠣᠯᠣᠨ ᠶᠠᠷᠢᠯᠴᠠᠬᠣ ᠬᠣᠷᠠᠯ ᠬᠢᠬᠥ᠂ ᠬᠣᠰᠢᠭᠣ ᠰᠣᠮᠣ ᠪᠠᠷ ᠢᠶᠡᠨ ᠨᠢᠬᠡᠴᠢ ᠪᠣᠯᠭᠠᠭᠰᠠᠨ ᠪᠢᠯᠢᠭ᠌ ᠤᠨ ᠴᠢᠭᠣᠯᠭᠠᠨ ᠡᠷᠬᠢᠯᠡᠬᠥ ᠵᠠᠷᠬᠡ ᠮᠣᠩᠭ᠋ᠣᠯ ᠰᠣᠶᠣᠯ ᠤᠨ ᠠᠵᠢᠯᠯᠠᠭᠠᠨ ᠢ ᠲᠠᠰᠣᠷᠠᠯᠳᠠ ᠦᠭᠡᠶ ᠦᠷᠨᠢᠬᠥᠯᠥᠭᠰᠠᠬᠡᠷ ᠡᠢᠷᠠᠵᠠᠢ᠃ ᠲᠥᠷᠣᠬᠥᠬᠡᠨ ᠬᠡᠰᠢᠭ᠍ᠳᠡᠨ ᠳᠤ 《 ᠷᠣᠯᠭᠠᠷᠵᠠᠪ ︱ ᠠᠷᠠᠳ ᠤᠨ ᠰᠣᠶᠣᠯ ᠣᠷᠠᠯᠢᠭ ᠤᠨ ᠨᠡᠢᠢᠬᠡᠮᠯᠢᠭ᠌ 》 ᠪᠠᠶ᠋‍ᠢᠭᠣᠯᠣᠭᠳᠠᠭᠰᠠᠨ ᠪᠦᠬᠡᠥᠨ 《 ᠬᠦᠩᠬᠡᠷ ᠤᠨ ᠲᠠᠯ᠎ᠠ 》᠂ 《 ᠬᠦᠬᠡ ᠴᠢᠯᠠᠭᠣ 》 ᠬᠡᠬᠥ ᠬᠣᠶᠠᠷ ᠰᠡᠳᠬᠥᠯ ᠮᠡᠨᠳᠥᠯᠡᠭ᠍ᠰᠡᠨ᠂ ᠬᠡᠪᠯᠠᠬᠥᠯᠥᠭᠰᠡᠨ ᠨᠣᠮ ᠬᠡᠯᠡᠬᠡᠥᠨ ᠪᠠᠷᠠᠬᠣ ᠦᠭᠡᠶ ᠣᠯᠠᠨ ᠪᠠᠶ᠋‍ᠢᠬᠣ ᠶᠢᠨ ᠲᠣᠳᠣᠷ᠎ᠠ ᠡᠴᠡ ᠨᠣᠮ ᠲᠠᠷᠬᠠᠭᠠᠬᠣ ᠶᠣᠰᠣᠯᠠᠯ ᠪᠠ ᠰᠣᠳᠣᠯᠣᠨ ᠶᠠᠷᠢᠯᠴᠠᠬᠣ ᠬᠣᠷᠠᠯ ᠬᠢᠭ᠍ᠰᠠᠥᠨ ᠲᠤ ᠨᠡᠰᠣᠠᠳᠡᠯᠬᠡᠷ ᠤᠨ 《 ᠣᠪᠣᠭ᠎ᠠ ᠴᠣᠪᠣᠷᠠᠯ ᠪᠢᠴᠢᠭ᠌ 》᠂ ᠰᠧ᠊᠂ ᠬᠠᠰᠠᠤᠢᠯᠵᠠᠢ ᠶ᠋‍ᠢᠨ 《 ᠭᠠᠯ ᠲᠠᠯ 》᠂ ᠲ᠂ ᠪᠣᠶᠠᠠᠴᠣᠭᠯᠠ ᠶᠢᠨ 《 ᠣᠳᠣᠳᠣ ᠣᠭᠳᠠᠷᠭᠣᠢ 》᠂ ᠨᠠ᠊᠂ ᠡᠢᠯᠠᠭᠣᠭᠰᠠᠨ ᠤ 《 ᠠᠯᠳᠠᠨ ᠲᠣᠭᠣᠰᠣ 》᠂ ᠡᠤ᠂ ᠪᠤᠶᠠᠠᠠᠤᠢᠯᠵᠡᠢ ᠶ᠋‍ᠢᠨ 《 ᠣᠢᠢᠯᠠ ᠣᠢᠷ᠎ᠡ ᠶᠢᠨ ᠵᠠᠭᠪᠣᠷ 》᠂ ᠪᠣ᠊᠂ ᠦᠯᠵᠡᠢᠢᠲᠦ ᠶᠢᠨ 《 ᠳᠦᠷᠢᠮ᠎ᠠ 》᠂ ᠰ᠂ ᠡᠷᠳᠡᠨᠢᠴᠢᠮᠡᠭ ᠤᠨ 《 ᠡᠬᠡᠮᠥᠭ ᠤᠨ ᠬᠡᠷᠡᠯ 》 ᠵᠡᠷᠭᠡ ᠪᠣᠢ᠃ ᠣᠳᠠᠯ ᠦᠭᠡᠶ ᠪᠠᠰᠠ ᠨᠠᠰᠣᠳᠣ ᠶᠢᠨ《 ᠣᠪᠣᠭᠠᠨ ᠴᠢᠯᠠᠭᠣ 》᠂ ᠮᠠᠯᠴᠢᠨ ᠪᠠᠳᠮᠠᠷᠢᠨᠴᠢᠨ ᠤ 《 ᠲᠣᠮᠣᠭ ᠤᠨ ᠪᠠᠭᠠᠳᠣᠷ 》 ᠨᠣᠮ ᠢ ᠰᠣᠳᠣᠯᠣᠨ ᠶᠠᠷᠢᠯᠴᠠᠬᠣ ᠪᠠᠷ ᠪᠠᠶ᠋‍ᠢᠨ᠎ᠠ᠃ ᠠᠷᠤ ᠬᠣᠷᠴᠢᠨ ᠬᠣᠰᠢᠭᠣ ᠡᠠᠰ ᠢᠶᠡᠷ ᠢᠶᠡᠨ ᠮᠣᠩᠭ᠋ᠣᠯ ᠣᠣᠠᠬ᠎ᠠ ᠣᠷᠠᠯᠢᠭ ᠤᠨ ᠬᠣᠯᠪᠣᠭ᠎ᠠ ᠪᠠᠶ᠋‍ᠢᠭᠣᠯᠣᠭᠰᠠᠨ ᠪᠦᠬᠡᠥᠨ ᠡᠨᠠ ᠵᠤᠨ 《 ᠠᠷᠤ ᠬᠣᠷᠴᠢᠨ ᠵᠤᠨ 》 ᠦᠵᠥᠭ ᠤᠨ ᠴᠢᠭᠣᠯᠭᠠᠨ ᠡᠷᠬᠢᠯᠠᠵᠠᠢ᠃ ᠡᠨᠠ ᠪᠦᠬᠥᠨ ᠪᠣᠯ ᠦᠪᠡᠷ ᠤᠨ ᠶᠠᠭᠣᠮ᠎ᠠ ᠪᠠᠨ ᠦᠪᠡᠷ ᠢᠶᠡᠨ ᠬᠢᠶ᠎ᠠ ᠬᠡᠰᠡᠨ ᠵᠤᠷᠢᠭ ᠰᠠᠨᠠᠭ᠎ᠠ᠂ ᠦᠬᠡᠷ᠎ᠡ ᠪᠠᠷ ᠬᠡᠯᠡᠪᠡᠯ ᠮᠣᠩᠭ᠋ᠣᠯ ᠰᠣᠶᠣᠯ ᠤᠨ ᠮᠣᠬᠣᠰᠢ ᠦᠭᠡᠶ ᠬᠠᠳᠠᠨ ᠵᠤᠷᠢᠭ ᠰᠠᠨᠠᠭ᠎ᠠ᠃ ᠦᠨᠳᠥᠰᠣᠳᠡᠨ ᠤ ᠰᠣᠶᠣᠯ ᠤᠨ ᠲᠣᠮᠣ ᠣᠷᠣᠨ᠂ ᠲᠣᠮᠣ ᠠᠶ᠋‍ᠢᠮᠠᠭ᠂ ᠲᠣᠮᠣ ᠬᠣᠰᠢᠭᠣ ᠶᠢ ᠪᠠᠶ᠋‍ᠢᠭᠣᠯᠬᠣ ᠳᠤ ᠬᠢᠳᠠᠨ ᠤ ᠬᠠᠭᠠᠷᠬᠠᠢ ᠲᠣᠭᠣᠰᠬ᠎ᠠ ᠬᠡᠷᠡᠭ ᠪᠣᠯᠬᠣ ᠦᠭᠡᠶ᠂ ᠬᠠᠷᠢᠨ ᠡᠳᠡᠬᠡᠷ ᠨᠣᠮ ᠵᠤᠬᠢᠶᠠᠯ ᠣᠢᠨ᠎ᠡ ᠳᠤ ᠬᠦᠷᠦᠨ᠎ᠠ᠃ ᠬᠣᠯᠠ ᠡᠴᠡ ᠬᠢᠳᠠᠨ᠂ ᠣᠶ᠋‍ᠢᠷ᠎ᠠ ᠡᠴᠠ ᠮᠠᠠᠵᠣ ᠨᠡᠷ ᠲᠤ ᠬᠡᠷᠪᠡ ᠦᠪᠡᠷ ᠤᠨ ᠢᠶᠡᠨ ᠬᠡᠯᠡ ᠪᠠ ᠦᠰᠥᠭ ᠢᠶᠡᠷ ᠪᠢᠴᠢᠵᠣ ᠬᠡᠪᠯᠠᠬᠥᠯᠥᠭᠰᠡᠨ ᠭᠠᠭᠴᠠ ᠰᠢᠯᠥᠭ ᠤᠨ ᠲᠡᠬᠥᠪᠥᠷᠢ ᠲ᠋ᠠᠢ ᠪᠠᠶ᠋‍ᠢᠭᠰᠠᠨ ᠰᠠᠨ ᠪᠣᠯ ᠲᠠᠷᠠ ᠦᠨᠳᠥᠰᠣᠳᠡᠨ ᠯᠠᠪ ᠲᠠᠶ᠋‍ᠢᠮᠣ ᠬᠣᠷᠳᠣᠨ ᠣᠰᠠᠳᠬᠣ ᠪᠠᠷ ᠦᠭᠡᠶ᠃ ᠡᠶ᠋‍ᠢᠮᠣ ᠣᠴᠢᠷ ᠡᠴᠡ ᠮᠠᠨ ᠤ ᠬᠢᠨ ᠡᠴᠡ ᠬᠡᠨ ᠨᠢᠬᠡ ᠬᠦᠮᠥᠨ ᠤ ᠨᠣᠮ ᠵᠤᠬᠢᠶᠠᠯ ᠬᠡᠪᠯᠡᠭ᠍ᠳᠡᠬᠥ ᠪᠣᠯᠭᠠᠨ ᠳᠤ ᠪᠢ ᠶᠡᠬᠡ ᠪᠠᠶᠠᠷᠯᠠᠳᠠᠭ᠃ ᠣᠴᠢᠷ ᠨᠢ ᠨᠢᠬᠡ ᠨᠣᠮ ᠵᠤᠬᠢᠶᠠᠯ ᠨᠢ ᠵᠦᠪᠬᠡᠨ ᠨᠢᠬᠡ ᠵᠤᠬᠢᠶᠠᠭᠴᠢ ᠶᠢᠨ ᠬᠣᠪᠢ ᠬᠦᠮᠥᠨ ᠤ ᠰᠠᠳᠬᠢᠯ ᠤᠨ ᠲᠣᠷᠠᠰᠣᠮᠵᠢ ᠲᠠᠳᠣᠢ ᠪᠢᠰᠢ᠂ ᠬᠠᠷᠢᠨ ᠨᠢᠬᠡ ᠦᠨᠳᠥᠰᠣᠳᠡᠨ ᠤ ᠲᠡᠣᠬᠡᠨ ᠪᠠᠷᠢᠯᠭ᠎ᠠ ᠳᠤ ᠨᠡᠮᠡᠷᠢᠯᠡᠭ᠍ᠰᠡᠨ ᠡᠢᠨᠳᠠᠷ᠂ ᠠᠯᠣᠰ ᠡᠢᠷᠡᠬᠡᠳᠥᠢ ᠳᠤ ᠠᠮᠠᠯᠠᠭᠰᠠᠨ ᠲᠠᠩᠭ᠋ᠠᠷᠢᠭ ᠪᠠᠶ᠋‍ᠢᠭ᠎ᠠ ᠶᠣᠮ᠃

ᠰᠡᠳᠬᠥᠯᠴᠢ ᠪᠣᠯᠣᠭᠰᠠᠨ ᠤ ᠬᠣᠪᠢ ᠳᠤ ᠵ᠂ ᠭᠣᠷᠪᠠ ᠶᠢᠨ ᠲᠣᠬᠠᠢ ᠳᠤ ᠨᠠᠯᠢᠶᠠᠳ ᠣᠶ᠋‍ᠢᠯᠠᠭᠠᠮᠵᠢᠳᠠᠢ ᠰᠠᠨᠠᠭᠳᠠᠵᠣ ᠪᠠᠶ᠋‍ᠢᠨ᠎ᠠ᠃ ᠲᠠᠷᠠ ᠪᠠᠷ ᠲᠥᠷᠣᠬᠥᠴᠢ ᠵᠠᠭᠣᠨ ᠤ ᠨᠠᠶᠠᠭᠠᠳ ᠣᠨ ᠤ ᠰᠡᠬᠥᠯᠴᠢ ᠡᠴᠡ ᠣᠷᠠᠨ ᠵᠤᠬᠢᠶᠠᠯ ᠤᠨ ᠦᠨᠥᠷ ᠠᠪᠴᠣ᠂ ᠣᠶᠣᠳᠠᠨ ᠪᠠᠶ᠋‍ᠢᠬᠣ ᠳ᠋ᠠᠭᠠᠨ ᠪᠠᠶ᠋‍ᠢᠨ ᠪᠠᠶ᠋‍ᠢᠨ ᠨᠠᠳᠠ ᠳᠤ ᠵᠠᠬᠢᠶ᠎ᠠ ᠡᠢᠷᠡᠬᠥᠯᠳᠡᠭ ᠪᠠᠶ᠋‍ᠢᠭᠰᠠᠨ᠃ ᠰᠡᠬᠥᠯ ᠳ᠋ᠣᠨᠢ ᠰᠢᠯᠥᠭ ᠵᠤᠬᠢᠶᠠᠯ ᠬᠡᠵᠦ ᠰᠢᠯᠣᠰᠣ ᠰᠠᠪᠢᠷᠠᠭᠣᠯᠵᠣ ᠶᠠᠪᠣᠭᠰᠠᠭᠠᠷ ᠦᠬᠥᠯᠡᠯᠬᠡ ᠨᠠᠶ᠋‍ᠢᠷᠠᠭᠣᠯᠣᠯ ᠴᠤ ᠪᠢᠴᠢᠳᠡᠭ ᠪᠣᠯᠵᠣ᠂ 《 ᠡᠬᠡ ᠨᠣᠳᠣᠭ᠂ ᠡᠵᠢ ᠮᠢᠨᠢ 》᠂ 《 ᠰᠣᠢᠮ᠎ᠡ ᠶᠢᠨ ᠲᠠᠠᠵᠢ 》 ᠵᠠᠷᠬᠡ ᠵᠣᠬᠢᠶᠠᠯ ᠤᠳ ᠢᠶᠡᠨ ᠰᠡᠳᠬᠥᠯ ᠳᠤ ᠨᠡᠢᠢᠳᠡᠯᠡᠭ᠍ᠰᠡᠨ ᠶᠣᠮ᠃ ᠵ᠂ ᠭᠣᠷᠪᠠ ᠶᠢᠨ ᠨᠢᠬᠡᠨ ᠣᠠᠴᠠᠯᠢᠭ ᠪᠣᠯ ᠪᠣᠳᠣᠵᠣ ᠰᠡᠳᠬᠢᠬᠥ ᠨᠢ ᠪᠣᠰᠣᠳ ᠡᠴᠠ ᠣᠠᠳᠣᠤ᠂ ᠦᠬᠥᠯᠡᠵᠦ ᠡᠢᠯᠡᠳᠬᠡᠬᠥ ᠨᠢ ᠦᠳᠡᠯ᠎ᠡ ᠡᠴᠡ ᠦᠬᠡᠷ᠎ᠡ᠃ ᠨᠢᠬᠡ ᠵᠤᠬᠢᠶᠠᠯᠴᠢ ᠳᠤ ᠠᠪᠴᠣ ᠬᠡᠯᠪᠡᠯ ᠪᠣᠳᠠᠭᠠᠯᠢ ᠰᠢᠨᠵᠢ ᠬᠡᠰᠡᠨ ᠶᠠᠭᠣᠮ᠎ᠠ ᠶᠠᠭᠣ ᠶᠠᠭᠣᠨ ᠡᠴᠡ ᠴᠤ ᠴᠢᠬᠤᠯᠠ ᠪᠣᠯᠳᠠᠭ᠃ ᠰᠣᠨᠢᠨ ᠢᠶᠡᠷ ᠰᠡᠳᠬᠢᠳᠡᠭ ᠬᠦᠮᠥᠨ ᠰᠠᠶ‍ᠢ ᠰᠣᠨᠢᠬᠠᠨ ᠵᠤᠬᠢᠶᠠᠯ ᠪᠢᠴᠢᠵᠣ ᠴᠢᠳᠠᠨ᠎ᠠ᠂ ᠦᠪᠡᠷᠮᠢᠴᠡ ᠡᠢᠯᠡᠳᠬᠡᠮᠵᠢ ᠲᠡᠶ ᠬᠦᠮᠥᠨ ᠰᠠᠶ‍ᠢ ᠦᠷᠣᠬᠡᠯ ᠡᠴᠡ ᠡᠢᠯᠭᠠᠷᠠᠵᠣ ᠲᠠᠭᠠᠰᠢᠶᠠᠭᠳᠠᠨ᠎ᠠ᠃ ᠵᠢᠱᠢᠶᠠᠯᠠᠪᠠᠯ᠂《 ᠪᠠᠷᠠᠭᠣᠠᠰᠢ ᠵᠤᠷᠴᠢᠭᠰᠠᠨ ᠲᠡᠮᠳᠡᠭᠯᠡᠯ 》 ᠤᠨ ᠵᠤᠬᠢᠶᠠᠭᠴᠢ ᠡᠤ ᠴᠧᠨᠭ᠌ ᠡᠧᠨ ᠠᠪᠣᠭᠠᠢ ᠴᠢᠳᠬᠥᠷ ᠱᠣᠯᠣᠮ ᠬᠡᠵᠦ ᠪᠣᠳᠣᠭᠰᠠᠭᠠᠷ ᠪᠠᠶ᠋‍ᠢᠭᠠᠳ ᠰᠣᠯᠢᠶᠠᠳᠠᠢ ᠰᠢᠭ ᠪᠣᠯᠴᠢᠬᠠᠭᠰᠠᠨ᠃ ᠦᠳᠡᠯᠣᠬᠡ ᠨᠠᠰᠣᠨ ᠳᠠᠭᠠᠨ ᠠᠭᠣᠯᠠᠨ ᠭᠣᠤ ᠳᠤ ᠭᠠᠭᠴᠠᠭᠠᠷ ᠰᠠᠭᠣᠴᠢᠬᠠᠭᠠᠳ ᠰᠢᠷᠭᠣᠯᠵᠢ ᠪᠠᠷ ᠦᠰᠤ ᠲᠡᠶ ᠬᠣᠷᠣᠬᠠᠢ ᠶᠢ ᠪᠠᠷᠢᠭᠣᠯᠵᠣ᠂ ᠴᠢᠳᠬᠥᠷ ᠱᠣᠯᠣᠮ ᠢ ᠲᠠᠷᠣᠵᠣ ᠪᠠᠶ᠋‍ᠢᠨ᠎ᠠ ᠬᠡᠵᠦ ᠨᠠᠭᠠᠳᠳᠠᠭ ᠪᠣᠯᠣᠭᠰᠠᠨ᠃ ᠪᠣᠳᠣᠭᠰᠠᠨ ᠰᠠᠨᠠᠭᠰᠠᠨ ᠵᠦᠢᠯ ᠢᠶᠡᠨ ᠦᠨᠡᠨ ᠬᠡᠵᠦ ᠡᠢᠳᠡᠬᠡᠬᠡᠥᠨ ᠨᠢᠬᠡ ᠯᠠ ᠰᠠᠳᠬᠢᠯ ᠢᠶᠡᠷ ᠨᠥᠷᠢᠭ᠍ᠰᠡᠨ ᠡᠶ᠋‍ᠢᠮᠣ ᠬᠦᠮᠥᠨ ᠰᠠᠶ‍ᠢ ᠲᠡᠯᠠᠬᠡᠢ ᠳᠤ ᠠᠯᠳᠠᠷᠰᠢᠭᠰᠠᠨ ᠲᠠᠶ᠋‍ᠢᠮᠣ ᠵᠤᠬᠢᠶᠠᠯ ᠢ ᠪᠢᠴᠢᠳᠡᠭ ᠶᠣᠮ ᠪᠠᠶ᠋‍ᠢᠨ᠎ᠠ᠃ ᠵ᠂ ᠭᠣᠷᠪᠠ ᠬᠡᠳᠥᠢ ᠡᠤ ᠴᠧᠨᠭ᠌ ᠡᠧᠨ ᠰᠢᠭ᠌ ᠬᠡᠢ ᠬᠣᠤ ᠲᠡᠶ ᠪᠢᠰᠢ ᠴᠣ ᠬᠡᠰᠡᠨ ᠵᠤᠬᠢᠶᠠᠯ ᠡᠴᠡ ᠨᠢ ᠵᠤᠬᠢᠶᠠᠭᠴᠢ ᠶᠢᠨ ᠦᠷᠣᠬᠡᠯ ᠡᠴᠡ ᠡᠢᠯᠭᠠᠭᠳᠠᠬᠣ ᠪᠣᠳᠠᠭᠠᠯᠢ ᠰᠢᠨᠵᠢ ᠶᠢ ᠣᠯᠵᠣ ᠬᠠᠷᠠᠨ᠎ᠠ᠃ ᠡᠬᠥᠨ ᠡᠴᠠ ᠡᠮᠣᠨ᠎ᠠ 2004 ᠣᠨ ᠳᠤ 《 ᠬᠦᠬᠡ ᠲᠣᠷᠠᠨ 》 ᠬᠡᠳᠡᠭ ᠰᠣᠨᠢᠬᠠᠨ ᠨᠣᠮ ᠢᠶᠡᠨ ᠬᠡᠪᠯᠠᠬᠥᠯᠵᠦ᠂ ᠦᠪᠥᠷ ᠮᠣᠩᠭ᠋ᠣᠯ ᠳᠤ ᠶᠡᠬᠡᠬᠡᠨ ᠲᠠᠷᠬᠠᠭᠠᠯᠳᠠ ᠲ᠋ᠠᠢ ᠪᠣᠯᠣᠭᠰᠠᠨ ᠢᠶᠡᠷ ᠦᠯᠤ ᠪᠠᠷᠠᠨ ᠰᠢᠨ᠎ᠠ ᠦᠰᠥᠭ ᠢᠶᠡᠷ ᠮᠣᠩᠭ᠋ᠣᠯ ᠣᠯᠣᠰ ᠲᠤ ᠬᠡᠪᠯᠠᠬᠥᠯᠵᠦ᠂ ᠲᠠᠠᠳᠠᠬᠢ ᠣᠩᠰᠢᠭᠴᠢᠳ ᠤᠨ ᠰᠣᠨᠢᠷᠬᠠᠯ ᠢ ᠶᠡᠬᠡᠳᠡ ᠲᠠᠳᠠᠵᠠᠢ᠃

《 ᠰᠣᠣᠳᠣ ᠶᠡᠬᠡ ᠬᠠᠨ ᠲᠥᠰᠢᠭ᠌》 ᠬᠡᠬᠥ ᠡᠨᠠ ᠨᠣᠮ ᠳᠠᠭᠠᠨ ᠲᠡᠯᠠᠬᠡᠢ ᠶᠢᠨ ᠰᠣᠶᠣᠯ ᠢ ᠶᠡᠬᠡᠳᠡ ᠨᠥᠯᠣᠬᠡᠯᠡᠭ᠍ᠰᠡᠨ ᠪᠦᠬᠡ ᠮᠥᠷᠬᠥᠯ ᠤᠨ ᠱᠠᠰᠢᠨ ᠤ ᠲᠣᠬᠠᠢ ᠦᠬᠥᠯᠡᠵᠦ᠂ ᠮᠣᠩᠭ᠋ᠣᠯᠴᠣᠳ ᠡᠢᠵᠠᠭᠣᠷ ᠰᠢᠲᠦᠬᠡᠨ ᠢᠶᠡᠨ ᠰᠡᠷᠬᠥᠬᠡᠨ ᠠᠪᠴᠢᠷᠠᠪᠠᠯ ᠰᠠᠶ‍ᠢ ᠬᠦᠮᠥᠨ᠂ ᠪᠠᠶ᠋‍ᠢᠭᠠᠯᠢ᠂ ᠦᠨᠳᠥᠰᠣᠳᠡᠨ ᠤ ᠬᠢᠮᠣᠷᠠᠯ ᠢ ᠰᠢᠢᠳᠪᠣᠷᠢᠯᠠᠨ ᠡᠢᠷᠡᠬᠡᠳᠥᠢ ᠶᠢᠨ ᠬᠡᠷᠡᠯ ᠬᠡᠬᠡ ᠶᠢ ᠣᠯᠵᠣ ᠬᠠᠷᠠᠨ᠎ᠠ ᠬᠡᠰᠡᠨ ᠲᠣᠮᠣᠬᠠᠨ ᠠᠰᠠᠭᠣᠳᠠᠯ ᠢ ᠣᠷᠠᠯᠢᠭ ᠤᠨ ᠬᠡᠯᠪᠡᠷᠢ ᠪᠠᠷ ᠬᠦᠠᠳᠡᠭ᠍ᠰᠡᠨ ᠪᠠᠶ᠋‍ᠢᠨ᠎ᠠ᠃ ᠣᠮᠠᠷᠠᠳᠣ ᠶᠢᠨ ᠨᠡᠬᠥᠳᠡᠯᠴᠢᠥᠨ ᠪᠠ ᠣᠢ ᠶᠢᠨ ᠡᠢᠷᠬᠡᠥᠨ ᠤᠨ ᠡᠢᠵᠠᠭᠣᠷ ᠰᠣᠶᠣᠯ ᠪᠣᠯᠬᠣ ᠪᠦᠬᠡ ᠮᠥᠷᠬᠥᠯ ᠤᠨ ᠱᠠᠰᠢᠨ ᠪᠣᠯ ᠬᠦᠮᠥᠨ ᠲᠥᠷᠥᠯᠬᠢᠳᠡᠨ ᠤ ᠪᠠᠯᠠᠷᠯᠢᠭ ᠱᠠᠰᠢᠨ ᠤ ᠨᠢᠬᠡ ᠮᠥᠷᠳᠡᠬᠡᠨ ᠲᠡᠯᠠᠬᠡᠢ ᠶᠢᠨ ᠭᠣᠷᠪᠠᠨ ᠲᠣᠮᠣ ᠱᠠᠰᠢᠨ ᠡᠴᠡ ᠬᠣᠯᠠ ᠡᠮᠣᠨ᠎ᠠ ᠪᠣᠢ ᠪᠣᠯᠵᠣ ᠬᠠᠭᠠᠰ ᠪᠦᠮᠪᠥᠷᠴᠡᠭ ᠢ ᠨᠣᠶᠠᠷᠬᠠᠵᠣ ᠪᠠᠶ᠋‍ᠢᠭᠰᠠᠨ ᠪᠣᠯᠪᠠᠴᠣ ᠬᠥᠭ᠍ᠵᠢᠯᠳᠡ ᠪᠠᠨ ᠣᠯᠣᠭ᠎ᠠ ᠦᠬᠡᠢ ᠪᠠᠷ ᠪᠣᠰᠣᠳ ᠱᠠᠰᠢᠨ ᠳᠤ ᠲᠠᠷᠣᠭᠳᠠᠭᠰᠠᠨ ᠢ ᠪᠢᠳᠠ ᠪᠦᠷ ᠮᠠᠳᠠᠵᠣ ᠪᠠᠶ᠋‍ᠢᠨ᠎ᠠ᠃ ᠲᠠᠷᠠ ᠮᠥᠷᠳᠡᠬᠡᠨ ᠡᠥᠷᠴᠢᠯᠡᠨᠭ᠌ ᠳᠤ ᠬᠠᠷ᠎ᠠ᠂ ᠴᠠᠭᠠᠨ᠂ ᠣᠯᠠᠭᠠᠨ ᠵᠦᠭ᠌ ᠤᠨ ᠮᠠᠰᠢ ᠣᠯᠠᠨ ᠲᠡᠭ᠍ᠷᠢ ᠲᠡᠶ᠂ ᠪᠦᠮᠪᠥᠷᠴᠡᠭ ᠤᠨ ᠠᠮᠢᠳᠠᠨ ᠣᠷᠭᠣᠮᠠᠯ ᠪᠦᠬᠥᠨ ᠳᠤ ᠲᠣᠰ ᠲᠣᠰ ᠲᠠᠭᠠᠨ ᠡᠵᠡᠯᠡᠭ᠍ᠴᠢ ᠲᠡᠶ᠂ ᠪᠠᠶ᠋‍ᠢᠭᠠᠯᠢ ᠶᠢ ᠰᠢᠲᠦᠬᠥ ᠦᠭᠡᠶ ᠪᠣᠯ ᠬᠦᠮᠥᠨ ᠴᠤ ᠮᠦᠬᠥᠨ᠎ᠡ ᠬᠡᠵᠦ ᠦᠵᠡᠳᠡᠭ ᠢᠶᠡᠷ ᠢᠶᠡᠨ ᠮᠣᠩᠭ᠋ᠣᠯ ᠤᠨ ᠦᠨᠳᠥᠷᠯᠢᠭ᠌ ᠤᠨ ᠠᠮᠢ ᠠᠬᠣᠢ ᠶᠢ ᠡᠷᠠᠬᠥᠯ ᠪᠦᠳᠥᠨ ᠬᠠᠮᠠᠭᠠᠯᠠᠵᠣ ᠴᠢᠳᠠᠭᠰᠠᠨ ᠬᠡᠳᠡᠭ ᠢ ᠪᠢᠳᠠ ᠪᠠᠰᠠ ᠮᠠᠳᠠᠵᠣ ᠪᠠᠶ᠋‍ᠢᠨ᠎ᠠ᠃ ᠮᠣᠩᠭ᠋ᠣᠯᠴᠣᠳ ᠤᠨ ᠪᠠᠶ᠋‍ᠢᠭᠠᠯᠢ ᠲ᠋ᠡᠯᠠᠬᠡᠢ ᠪᠠᠨ ᠲᠡᠬᠡᠳᠥᠯᠡᠨ ᠰᠢᠲᠦᠳᠡᠭ ᠰᠣᠶᠣᠯ ᠣᠬᠠᠮᠰᠠᠷ ᠶᠠᠭ ᠪᠦᠬᠡ ᠶᠢᠨ ᠱᠠᠰᠢᠨ ᠳᠤ ᠰᠠᠭᠣᠷᠢᠯᠠᠭᠰᠠᠨ ᠶᠣᠮ᠃ ᠡᠶ᠋‍ᠢᠮᠣ ᠣᠴᠢᠷ ᠡᠴᠠ ᠪᠦᠬᠡ ᠮᠥᠷᠬᠥᠯ ᠤᠨ ᠱᠠᠰᠢᠨ ᠪᠣᠯ ᠨᠢᠬᠡ ᠶᠣᠰᠣᠨ ᠳᠠᠭᠠᠨ ᠬᠦᠮᠥᠨ ᠠᠮᠢᠳᠠᠨ ᠳᠤ ᠪᠦᠷ ᠲᠣᠰᠠᠳᠠᠢ᠂ ᠰᠠᠪᠠ ᠶᠢᠷᠳᠢᠨᠴᠣ ᠶᠢᠨ ᠲ᠋ᠠᠩᠴᠡᠬᠥᠷᠢ ᠶᠢ ᠪᠠᠳᠣᠯᠠᠵᠣ ᠪᠠᠶ᠋‍ᠢᠭᠠᠯᠢ ᠠᠮᠢ ᠠᠬᠣᠢ ᠶᠢ ᠬᠠᠮᠠᠭᠠᠯᠠᠳᠠᠭ ᠰᠠᠶ᠋‍ᠢᠨ ᠱᠠᠰᠢᠨ ᠬᠡᠵᠦ ᠦᠵᠡᠵᠦ ᠪᠣᠯᠣᠨ᠎ᠠ᠃ ᠬᠠᠷᠢ ᠰᠣᠶᠣᠯ ᠤᠨ ᠨᠥᠯᠣᠬᠡ ᠪᠠᠷ ᠮᠣᠩᠭ᠋ᠣᠯᠴᠣᠳ ᠲᠤ ᠰᠠᠳᠬᠢᠯ ᠤᠨ ᠪᠠᠶ᠋‍ᠢᠭᠠᠯᠢ ᠠᠯᠳᠠᠭᠳᠠᠵᠣ᠂ ᠮᠣᠩᠭ᠋ᠣᠯ ᠤᠨ ᠦᠨᠳᠥᠷᠯᠢᠭ᠌᠌ ᠤᠨ ᠠᠮᠢ ᠠᠬᠣᠢ ᠡᠳᠣᠷ ᠡᠴᠡ ᠡᠳᠣᠷ ᠲᠤ ᠡᠪᠳᠡᠭ᠍ᠳᠡᠨ ᠲᠣᠷᠣᠶ᠋‍ᠢᠳᠠᠵᠣ ᠪᠠᠶ᠋‍ᠢᠭ᠎ᠠ ᠦᠨᠦᠳᠥᠷ᠂ ᠡᠢᠵᠠᠭᠣᠷ ᠱᠠᠰᠢᠨ ᠢᠶᠡᠨ ᠡᠷᠢᠵᠣ ᠰᠣᠳᠣᠯᠬᠣ᠂ ᠲᠡᠬᠡᠳᠥᠯᠡᠨ ᠰᠢᠲᠦᠬᠥ ᠶᠠᠪᠣᠳᠠᠯ ᠪᠣᠯ ᠠᠬᠤᠢᠢᠴᠢ ᠮᠥᠷᠳᠡᠬᠡᠨ ᠡᠢᠷᠡᠬᠡᠳᠦᠢᠢᠴᠢ ᠠᠴᠢ ᠬᠣᠯᠪᠣᠭᠳᠠᠯ ᠲᠡᠶ ᠲᠣᠮᠣᠬᠠᠨ ᠠᠰᠠᠭᠣᠳᠠᠯ᠃ ᠲᠠᠶ᠋‍ᠢᠨ ᠬᠥ ᠵ᠂ ᠭᠣᠷᠪᠠ ᠶᠢᠨ ᠡᠨᠠ ᠨᠣᠮ ᠣᠣᠠᠬ᠎ᠠ ᠰᠠᠨᠠᠭᠠᠨ ᠤ ᠬᠣᠪᠢ ᠳᠤ ᠮᠠᠰᠢ ᠶᠡᠬᠡ ᠣᠢᠨ᠎ᠡ ᠦᠷᠳᠡᠭ ᠲᠡᠶ ᠪᠣᠯᠵᠠᠢ ᠬᠡᠵᠦ ᠪᠢ ᠪᠣᠳᠣᠨ᠎ᠠ᠃

ᠲᠡᠬᠡᠪᠡᠯ ᠪᠦᠬᠡ ᠮᠥᠷᠬᠥᠯ ᠤᠨ ᠱᠠᠰᠢᠨ ᠬᠡᠵᠢᠶ᠎ᠡ ᠪᠣᠢ ᠪᠣᠯᠪᠠ︖ ᠬᠡᠨ ᠡᠬᠥᠳᠥᠭᠰᠡᠨ︖ ᠶᠠᠭᠣᠨ ᠳᠤ ᠲᠡᠯᠠᠬᠡᠢ ᠶᠢᠨ ᠭᠣᠷᠪᠠᠨ ᠲᠣᠮᠣ ᠱᠠᠰᠢᠨ ᠰᠢᠭ ᠣᠯᠠᠮᠵᠢᠯᠠᠭᠳᠠᠨ ᠲᠡᠯᠬᠡᠷᠡᠵᠦ ᠴᠢᠳᠠᠭᠰᠠᠨ ᠦᠭᠡᠶ ᠶᠣᠮ︖ ᠶᠠᠭᠠᠬᠢᠭᠠᠳ ᠲᠣᠷᠣᠶ᠋‍ᠢᠳᠠᠪᠠ︖ ᠮᠣᠩᠭ᠋ᠣᠯᠴᠣᠳ ᠤᠨ ᠳᠤᠷᠤᠢᠢᠳᠠᠯ ᠨᠢ ᠪᠠᠰᠠ ᠪᠦᠬᠡ ᠶᠢᠨ ᠱᠠᠰᠢᠨ ᠤ ᠲᠣᠷᠣᠶ᠋‍ᠢᠳᠠᠯ ᠲᠡᠶ ᠶᠠᠮᠠᠷᠬᠠᠨ ᠬᠠᠷᠢᠴᠠᠭ᠎ᠠ ᠲᠡᠶ ᠪᠠᠶ᠋‍ᠢᠭᠰᠠᠨ ᠪᠣᠯ︖ ᠪᠢᠳᠠ ᠡᠢᠵᠠᠭᠣᠷ ᠰᠢᠲᠦᠬᠡᠨ ᠢᠶᠡᠨ ᠰᠡᠷᠬᠥᠬᠡᠬᠥ ᠪᠣᠯᠣᠯᠴᠠᠭ᠎ᠠ ᠪᠠᠶ᠋‍ᠢᠨ᠎ᠠ ᠦᠦ︖ ᠬᠡᠬᠥ ᠵᠠᠷᠬᠡ ᠠᠰᠠᠭᠣᠯᠳᠠ ᠪᠣᠯ ᠣᠭᠰᠠᠭ᠎ᠠ ᠵᠦᠢ᠂ ᠬᠡᠯᠡ ᠵᠦᠢ᠂ ᠰᠣᠶᠣᠯ ᠵᠦᠢ᠂ ᠭᠠᠵᠠᠷ ᠵᠦᠢ᠂ ᠲᠡᠣᠬᠡ᠂ ᠡᠡᠷᠾᠧᠥᠯᠣᠬᠢ᠂ ᠱᠠᠰᠢᠨ ᠤ ᠰᠣᠳᠣᠯᠣᠯ᠂ ᠨᠡᠢᠢᠬᠡᠮ ᠰᠣᠳᠣᠯᠣᠯ ᠵᠠᠷᠬᠡ ᠬᠠᠮ ᠰᠣᠳᠣᠯᠣᠯᠭᠠᠨ ᠢᠶᠡᠷ ᠡᠢᠷᠠᠵᠣ ᠲᠠᠶ᠋‍ᠢᠯᠪᠣᠷᠢᠯᠠᠭᠳᠠᠬᠣ ᠡᠷᠳᠠᠮ ᠰᠢᠨᠵᠢᠯᠡᠬᠡᠨ ᠤ ᠲᠣᠮᠣᠬᠠᠨ ᠰᠠᠳᠣᠪ ᠪᠠᠶ᠋‍ᠢᠭ᠎ᠠ ᠶᠣᠮ᠃

ᠪᠦᠬᠡ ᠮᠥᠷᠬᠥᠯ ᠤᠨ ᠱᠠᠰᠢᠨ ᠤ ᠪᠣᠢ ᠪᠣᠯᠣᠭᠰᠠᠨ ᠴᠠᠭ ᠢ ᠬᠡᠯᠡᠪᠡᠯ ᠲᠡᠬᠡᠷ᠎ᠡ ᠭᠠᠯᠪᠠ ᠡᠴᠡ ᠦᠯᠠᠳᠡᠭ᠍ᠳᠡᠵᠦ ᠡᠢᠷᠡᠭ᠍ᠰᠡᠨ ᠶᠠᠭᠣᠮ᠎ᠠ ᠬᠡᠵᠦ ᠲᠥᠰᠣᠬᠡᠯᠡᠵᠦ ᠪᠣᠯᠣᠨ᠎ᠠ᠃ ᠡᠰᠠᠬᠥᠯ᠎ᠡ 2︱ 4 ᠲᠥᠮᠡᠨ ᠵᠢᠯ᠂ ᠨᠠᠭᠠᠳᠣ ᠵᠠᠬ᠎ᠠ ᠳᠠᠭᠠᠨ 6000 ᠵᠢᠯ ᠤᠨ ᠲᠡᠣᠬᠡ ᠲᠡᠶ ᠬᠡᠵᠦ ᠬᠡᠯᠡᠵᠦ ᠪᠣᠯᠣᠨ᠎ᠠ᠃ ᠣᠴᠢᠷ ᠨᠢ ᠡᠡᠮᠧᠷᠢᠺᠠ᠎ ᠲᠢᠪ ᠤᠨ ᠡᠢᠨᠳᠢᠶᠠᠠᠴᠣᠳ ᠤᠨ ᠲᠣᠮᠳᠠ ᠣᠳᠣ ᠪᠣᠯᠳᠠᠯ᠎ᠠ ᠪᠦᠬᠡ ᠮᠥᠷᠬᠥᠯ ᠤᠨ ᠱᠠᠰᠢᠨ ᠬᠠᠳᠠᠭᠠᠯᠠᠭᠳᠠᠭᠰᠠᠭᠠᠷ ᠪᠠᠶ᠋‍ᠢᠨ᠎ᠠ᠃ ᠡᠢᠨᠳᠢᠶᠠᠠᠴᠣᠳ ᠪᠣᠯ ᠡᠡᠮᠧᠷᠢᠺᠠ᠎ ᠲᠢᠪ ᠤᠨ ᠣᠣᠭᠠᠯ ᠡᠢᠷᠬᠡᠥᠨ ᠪᠢᠰᠢ᠂ ᠬᠠᠷᠢᠨ 2︱ 4 ᠲᠥᠮᠡᠨ ᠵᠢᠯ ᠤᠨ ᠲᠡᠷᠳᠡᠬᠡ ᠠᠽᠢᠶ᠎ᠠ ᠡᠡᠮᠧᠷᠢᠺᠠ᠎ ᠬᠣᠶᠠᠷ ᠡᠬᠡ ᠬᠠᠭᠣᠷᠠᠢ ᠨᠠᠶ᠋‍ᠢᠯᠠᠵᠣ ᠪᠠᠶ᠋‍ᠢᠬᠣ ᠣᠢᠶ᠎ᠡ ᠳᠤ ᠣᠷᠢᠳᠠᠭᠰᠠᠳ ᠨᠢ ᠰᠢᠪᠧᠷᠢᠶ᠎ᠡ ᠡᠴᠡ ᠲᠠᠷᠠ ᠣᠷᠣᠭᠣ ᠨᠡᠬᠥᠳᠡᠯᠯᠡᠵᠦ ᠣᠷᠣᠭᠰᠠᠨ ᠪᠦᠬᠡᠥᠨ ᠬᠣᠵᠢᠭᠳᠠᠭᠰᠠᠳ ᠨᠢ 6000 ᠵᠢᠯ ᠤᠨ ᠲᠡᠷᠳᠡᠬᠡᠬᠢ ᠮᠥᠰᠣᠳᠥᠯᠬᠡ ᠶᠢᠨ ᠣᠢᠶ᠎ᠡ ᠳᠤ ᠪᠧᠷᠢᠡᠭ ᠤᠨ ᠬᠣᠭᠣᠯᠠᠢ ᠶ᠋‍ᠢᠨ ᠮᠥᠰᠥᠨ ᠲᠡᠬᠡᠬᠥᠷ ᠠᠯᠠᠰᠺᠠ ᠪᠠᠷ ᠲᠠᠮᠵᠢᠨ ᠡᠡᠮᠧᠷᠢᠺᠠ᠎ ᠲᠢᠪ ᠲᠤ ᠭᠣᠯᠭᠣᠵᠣ ᠣᠷᠣᠭᠰᠠᠨ ᠠᠵᠢ᠃ ᠡᠬᠥᠨ ᠢ ᠡᠡᠷᠾᠧᠥᠯᠣᠬᠢ ᠪᠠᠷ ᠪᠦᠷᠢᠨ ᠬᠡᠷᠡᠴᠢᠯᠡᠭ᠍ᠰᠡᠨ ᠪᠠᠶ᠋‍ᠢᠭ᠎ᠠ᠃ ᠡᠢᠨᠳᠢᠶᠠᠠᠴᠣᠳ ᠡᠡᠮᠧᠷᠢᠺᠠ᠎ ᠲᠢᠪ ᠲᠤ ᠣᠴᠢᠬᠤ ᠳᠠᠭᠠᠨ ᠪᠦᠬᠡ ᠮᠥᠷᠬᠥᠯ ᠤᠨ ᠱᠠᠰᠢᠨ ᠢᠶᠡᠨ ᠴᠣ ᠠᠪᠴᠣ ᠬᠦᠷᠥᠭᠰᠡᠨ ᠪᠠᠶ᠋‍ᠢᠨ᠎ᠠ᠃ ᠡᠶ᠋‍ᠢᠮᠣ ᠡᠴᠡ ᠪᠦᠬᠡ ᠶᠢᠨ ᠰᠢᠲᠦᠬᠡᠨ ᠤ ᠲᠡᠣᠬᠡ ᠮᠠᠰᠢ ᠣᠷᠳᠣ᠃ ᠡᠢᠨᠳᠢᠶᠠᠠᠴᠣᠳ ᠮᠣᠩᠭ᠋ᠣᠯ ᠳᠤ ᠡᠢᠷᠠᠪᠠᠯ ᠮᠣᠩᠭ᠋ᠣᠯ ᠬᠦᠮᠥᠨ᠂ ᠮᠣᠩᠭ᠋ᠣᠯ ᠬᠡᠷ ᠪᠠ ᠪᠦᠬᠡ ᠶᠢᠨ ᠦᠵᠡᠬᠥᠯᠥᠯᠬᠡ ᠶᠢ ᠬᠠᠮᠣᠭ ᠡᠴᠡ ᠪᠠᠬᠠᠷᠬᠠᠳᠠᠭ ᠨᠢ ᠡᠶ᠋‍ᠢᠮᠣ ᠣᠴᠢᠷ ᠲ᠋ᠠᠢ᠃ ᠪᠠᠰᠠ ᠨᠢᠬᠡ ᠵᠢᠱᠢᠶ᠎ᠠ ᠲᠣᠷᠠᠳᠪᠠᠯ 4000 ᠵᠢᠯ ᠤᠨ ᠲᠡᠷᠳᠡᠬᠡ ᠣᠳᠣ ᠶᠢᠨ ᠲᠦᠷᠺ᠂ ᠰᠢᠷᠢᠶ᠎ᠠ᠂ ᠢᠷᠡᠺ ᠤᠨ ᠬᠢᠯᠢ ᠳᠤ ᠪᠠᠶ᠋‍ᠢᠭ᠎ᠠ ᠠᠯᠫᠣᠷᠠᠳ᠂ ᠲᠢᠭ᠍ᠷᠢᠰ ᠬᠣᠶᠠᠷ ᠭᠣᠣᠯ ᠤᠨ ᠰᠠᠪᠠ ᠭᠠᠵᠠᠷ ᠲᠤ ᠪᠠᠪᠢᠯᠣᠨ ᠤ ᠰᠣᠶᠣᠯ ᠡᠢᠷᠬᠡᠡᠰᠢᠯ ᠢ ᠪᠣᠢ ᠪᠣᠯᠭᠠᠭᠰᠠᠨ ᠰᠥᠮᠢᠷᠴᠥᠥᠨ ᠪᠣᠯ ᠲᠠᠷᠠ ᠨᠣᠳᠣᠭ ᠤᠨ ᠣᠣᠭᠠᠯ ᠡᠢᠷᠬᠡᠥᠨ ᠪᠢᠰᠢ᠂ ᠲᠠᠳᠠᠨ ᠤ ᠲᠣᠮᠣᠭ ᠶᠠᠷᠢᠶᠠᠨ ᠳᠤ ᠲᠡᠬᠡᠳᠥᠰ ᠨᠢ ᠣᠳᠣ ᠡᠴᠡ 6000 ᠵᠢᠯ ᠤᠨ ᠲᠡᠷᠳᠡᠬᠡ ᠠᠯᠣᠰ ᠲᠣᠷᠣᠨᠠᠳᠣ ᠡᠴᠡ ᠨᠡᠬᠥᠳᠡᠯᠯᠡᠵᠦ ᠲᠠᠠᠳᠠ ᠣᠴᠢᠭᠰᠠᠨ ᠬᠡᠬᠥ ᠣᠯᠠᠮᠵᠢᠯᠠᠯ ᠲᠡᠶ᠃ ᠰᠥᠮᠢᠷᠴᠥᠥᠨ ᠤᠨ ᠱᠠᠭᠠᠠᠴᠠᠭ ᠦᠰᠥᠭ  ᠢ ᠭᠠᠷᠭᠠᠪᠠᠯ᠂ ᠱᠠᠰᠢᠨ ᠰᠢᠳᠥᠯᠬᠡ᠂ ᠲᠣᠮᠣᠭ᠂ ᠲᠣᠣᠯᠢ᠂ ᠡᠢᠷᠥᠬᠡᠯ ᠮᠠᠭᠳᠠᠭᠠᠯ ᠵᠠᠷᠬᠡ ᠳ᠋ᠣᠨᠢ ᠠᠽᠢᠶ᠎ᠠ ᠶᠢᠨ ᠨᠡᠬᠥᠳᠡᠯᠴᠢᠥᠨ ᠤᠨ ᠬᠢ ᠲ᠋ᠠᠢ ᠲᠥᠰᠣᠬᠡᠷᠬᠡᠤ ᠣᠯᠠ ᠮᠦᠷ ᠣᠯᠠᠨ ᠪᠣᠢ᠃ ᠰᠥᠮᠢᠷ ᠬᠡᠳᠡᠭ ᠦᠬᠡ ᠨᠢ ᠮᠠᠨ ᠤ ᠵ᠂ ᠭᠣᠷᠪᠠ ᠶᠢᠨ ᠲᠥᠰᠣᠬᠡᠯᠡᠯ ᠢᠶᠡᠷ ᠲᠠᠶ᠋‍ᠢᠯᠪᠣᠷᠢᠯᠠᠪᠠᠯ ᠰᠥᠮᠪᠥᠷ ᠬᠡᠰᠡᠨ ᠦᠬᠡ ᠪᠣᠯᠣᠨ᠎ᠠ᠃ ᠮᠣᠩᠭ᠋ᠣᠯ ᠬᠡᠯᠡᠨ ᠳᠤ ᠰᠥᠮᠪᠥᠷ ᠠᠭᠣᠯᠠ ᠬᠡᠰᠡᠨ ᠦᠬᠡ ᠪᠠᠶ᠋‍ᠢᠳᠠᠭ᠃ ᠨᠣᠳᠠᠯᠠᠭᠰᠠᠨ ᠢᠶᠡᠷ ᠰᠥᠮᠪᠥᠷ ᠠᠭᠣᠯᠠ ᠨᠢᠩᠰᠢᠶᠠ ᠶᠢᠨ ᠬᠦ᠋ ᠶᠤᠧᠨᠨ ᠰᠢᠶᠠᠨ ᠡᠴᠡ ᠡᠠᠰ ᠬᠣᠶ᠋‍ᠢᠨ᠎ᠠ ᠵᠠᠭᠣᠭᠠᠳ ᠭᠠᠵᠠᠷ ᠤᠨ ᠦᠵᠦᠬᠥᠷ ᠲᠤ ᠣᠷᠣᠰᠢᠨ᠎ᠠ᠃ ᠡᠨᠠ ᠰᠥᠮᠪᠥᠷ ᠠᠭᠣᠯᠠ ᠪᠣᠯ ᠰᠢᠷ᠎ᠠ ᠶᠢᠨ ᠱᠠᠰᠢᠨ ᠤ ᠰᠣᠳᠣᠷ ᠲᠤ ᠬᠢᠳᠠᠳ ᠢᠶᠡᠷ 《 须弥山》 ᠬᠡᠵᠦ ᠪᠢᠴᠢᠭ᠍ᠳᠡᠳᠡᠭ᠃ ᠰᠠᠠᠰᠺᠷᠢᠲ᠋ ᠬᠡᠯᠡᠨ ᠳᠤ Sumeru ᠬᠡᠵᠦ ᠬᠡᠯᠡᠳᠡᠭ ᠢ ᠨᠢ ᠮᠠᠨ ᠤ ᠮᠠᠮᠠ ᠨᠡᠷ ᠰᠥᠮᠪᠥᠷ ᠬᠡᠵᠦ ᠮᠣᠩᠭ᠋ᠣᠯ ᠬᠡᠯᠡᠨ ᠳᠤ ᠪᠠᠭᠣᠯᠭᠠᠭᠰᠠᠨ ᠠᠵᠢ᠃ ᠬᠡᠳᠡᠯ᠎ᠡ ᠰᠥᠮᠢᠷᠴᠥᠥᠨ 6000 ᠵᠢᠯ ᠤᠨ ᠲᠡᠷᠳᠡᠬᠡ ᠡᠠᠳᠠ ᠡᠴᠡ ᠨᠡᠬᠥᠯ᠎ᠡ ᠬᠡᠵᠦ ᠪᠣᠳᠣᠬᠣ ᠳᠤ ᠪᠣᠷᠬᠠᠨ ᠱᠠᠰᠢᠨ ᠮᠡᠨᠳᠥᠯᠠᠬᠡ ᠴᠤ ᠦᠭᠡᠶ ᠪᠠᠶ᠋‍ᠢᠭᠰᠠᠨ ᠴᠠᠭ᠃ ᠡᠢᠩᠬᠢᠵᠣ ᠪᠣᠳᠣᠪᠠᠯ ᠰᠥᠮᠢᠷ ᠪᠣᠶᠣ ᠰᠥᠮᠪᠥᠷ ᠬᠡᠳᠡᠭ ᠨᠢ ᠮᠠᠰᠢ ᠡᠷᠳᠠᠨ ᠤ ᠠᠯᠳᠠᠢ ᠡᠢᠵᠠᠭᠣᠷᠳᠣ ᠮᠣᠩᠭ᠋ᠣᠯ ᠦᠬᠡ ᠪᠣᠯᠬᠣ ᠨᠢ ᠭᠠᠷᠴᠠᠭ᠎ᠠ ᠦᠭᠡᠶ᠃ ᠲᠠᠷᠠ ᠮᠥᠷᠳᠡᠬᠡᠨ ᠰᠥᠮᠢᠷᠴᠥᠥᠨ ᠲᠠᠷᠠ ᠣᠢᠶ᠎ᠡ ᠳᠡᠭᠡᠨ ᠯᠠᠪ ᠪᠦᠬᠡ ᠶᠢᠨ ᠱᠠᠰᠢᠨ ᠲᠡᠶ ᠪᠠᠶ᠋‍ᠢᠭᠰᠠᠨ ᠬᠡᠵᠦ ᠨᠣᠳᠠᠯᠠᠵᠣ ᠪᠣᠯᠣᠨ᠎ᠠ᠃ ᠯᠠᠪᠰᠢᠷᠠᠭᠣᠯᠣᠨ ᠬᠡᠯᠡᠪᠡᠯ 《 ᠣᠯᠠᠭᠠᠨ ᠬᠠᠳᠠ ᠶᠢᠨ ᠰᠣᠶᠣᠯ 》 ᠤᠨ ᠨᠠᠪᠳᠠᠷᠬᠠᠢ ᠳ᠋ᠠᠬᠢ ᠬᠠᠳᠠᠨ ᠵᠢᠷᠣᠭ᠂ ᠸᠠᠭᠠᠷ ᠰᠠᠪᠠ ᠲᠡᠬᠡᠷᠡᠬᠢ ᠦᠰᠥᠭ ᠪᠢᠴᠢᠭ᠌ ᠤᠨ ᠠᠴᠢ ᠬᠣᠯᠪᠣᠭᠳᠠᠯ ᠪᠦᠬᠥᠢ ᠲᠡᠮᠳᠡᠭ ᠱᠣᠰᠢᠭ᠎ᠠ ᠨᠢ ᠰᠥᠮᠢᠷᠴᠥᠥᠨ ᠤᠨ ᠱᠠᠭᠠᠠᠴᠠᠭ ᠦᠰᠥᠭ ᠲᠡᠶ ᠬᠣᠯᠪᠣᠭᠳᠠᠬᠣ ᠡᠴᠡ ᠪᠢᠰᠢ ᠬᠢᠳᠠᠳ ᠪᠢᠴᠢᠭ᠌ ᠲᠡᠶ ᠬᠠᠷᠢᠴᠠᠭ᠎ᠠ ᠦᠭᠡᠶ ᠶᠣᠮ᠃ ᠶᠠᠭᠣ ᠴᠤ ᠬᠡᠰᠡᠨ ᠮᠣᠩᠭ᠋ᠣᠯ ᠤᠨ ᠦᠨᠳᠥᠷᠯᠢᠭ᠌᠌ ᠤᠨ ᠲᠠᠯ᠎ᠠ ᠨᠣᠳᠣᠭ ᠲᠤ 6000 ᠵᠢᠯ ᠤᠨ ᠲᠡᠷᠳᠡᠬᠡ ᠶᠠᠮᠠᠷ ᠨᠢᠬᠡ ᠭᠠᠵᠠᠷ ᠵᠦᠢ ᠶᠢᠨ ᠪᠣᠶᠣ ᠨᠡᠢᠢᠬᠡᠮ ᠤᠨ ᠰᠢᠯᠳᠠᠭᠠᠨ ᠡᠴᠡ ᠪᠣᠯᠵᠣ ᠨᠢᠬᠡ ᠣᠳᠠᠭᠠᠨ ᠤ ᠶᠡᠬᠡ ᠨᠡᠬᠥᠳᠡᠯ ᠪᠣᠢ ᠪᠣᠯᠣᠭᠰᠠᠨ ᠠᠵᠢ᠃ ᠲᠡᠬᠥᠪᠡᠷ ᠲᠠᠮᠵᠢᠨ ᠪᠦᠬᠡ ᠶᠢᠨ ᠱᠠᠰᠢᠨ ᠬᠠᠮᠢᠭ᠎ᠠ ᠴᠤ ᠬᠦᠷᠥᠭᠰᠡᠨ ᠪᠠᠶ᠋‍ᠢᠵᠣ ᠮᠠᠳᠠᠨ᠎ᠠ᠂ ᠲᠡᠯᠠᠬᠡᠢ ᠶ᠋‍ᠢᠨ ᠭᠣᠷᠪᠠᠨ ᠲᠣᠮᠣ ᠱᠠᠰᠢᠨ ᠪᠦᠷ ᠲᠡᠬᠡᠬᠡᠥᠨ ᠲᠡᠬᠥᠨ ᠡᠴᠡ ᠰᠠᠯᠪᠣᠷᠢᠯᠠᠨ ᠡᠬᠥᠰᠥᠭᠰᠡᠨ ᠪᠠᠶ᠋‍ᠢᠵᠣ ᠪᠣᠯᠣᠨ᠎ᠠ᠃ ᠲᠠᠶ᠋‍ᠢᠨ ᠬᠥ ᠵ᠂ ᠭᠣᠷᠪᠠ ᠶᠢᠨ ᠨᠣᠮ ᠳᠠᠭᠠᠨ ᠦᠬᠥᠯᠡᠭ᠍ᠰᠡᠨ ᠮᠣᠩᠭ᠋ᠣᠯ ᠤᠨ ᠡᠢᠵᠠᠭᠣᠷ ᠱᠠᠰᠢᠨ ᠳᠤ ᠬᠣᠯᠪᠣᠭᠳᠠᠬᠣ ᠠᠳᠠᠮ᠂ ᠨᠣ ︱ ᠣᠶᠠ᠂ ᠬᠠᠮ᠂ ᠰᠠᠮ᠂ ᠷᠣᠮ ᠵᠠᠷᠬᠡ ᠨᠢ ᠣᠷᠣ ᠲᠡᠶ ᠲᠥᠰᠣᠬᠡᠯᠡᠯ ᠪᠠᠶ᠋‍ᠢᠵᠣ ᠪᠣᠯᠬᠣ ᠶᠣᠮ᠃

ᠲᠡᠬᠡᠪᠡᠯ ᠪᠦᠬᠡ ᠮᠥᠷᠬᠥᠯ ᠤᠨ ᠱᠠᠰᠢᠨ ᠳᠤ ᠴᠤᠬᠤᠮ ᠶᠠᠮᠠᠷᠬᠠᠨ ᠣᠨᠣᠯ᠂ ᠣᠪᠠᠳᠢᠰ ᠪᠠᠶ᠋‍ᠢᠭᠰᠠᠨ ᠪᠣᠯ︖ ᠬᠡᠳᠡᠭ ᠠᠰᠠᠭᠣᠳᠠᠯ ᠢ ᠰᠣᠳᠣᠯᠵᠣ ᠪᠣᠯᠣᠨ᠎ᠠ᠃ ᠵᠠᠰᠠᠭ ᠲᠥᠷᠤ ᠶᠢᠨ ᠬᠡᠷᠡᠭ᠍ᠴᠡᠬᠡ ᠪᠠᠷ ᠪᠦᠬᠡ ᠶᠢᠨ ᠱᠠᠰᠢᠨ ᠲᠥᠷᠤ ᠶᠢᠨ ᠲᠡᠪᠴᠡᠨᠭ᠌ ᠡᠴᠡ ᠪᠠᠭᠣᠭᠰᠠᠨ ᠡᠴᠡ ᠬᠣᠶ᠋‍ᠢᠰᠢ ᠲᠡᠬᠥᠨ ᠤ ᠣᠨᠣᠯ᠂ ᠣᠪᠠᠳᠢᠰ ᠮᠠᠨ ᠳᠤ ᠬᠡᠳᠦᠢᠢᠨ ᠲᠠᠨᠢᠯ ᠪᠣᠰᠣ ᠪᠣᠯᠵᠠᠢ᠃ ᠣᠯᠣᠰ ᠲᠥᠷᠤ ᠬᠡᠳᠡᠭ ᠶᠠᠭᠣᠮ᠎ᠠ ᠣᠭᠰᠠᠭᠠᠳᠠᠨ ᠶ᠋‍ᠢᠠᠨ ᠬᠦᠷᠳᠡᠯ᠎ᠡ ᠭᠠᠵᠠᠷ ᠤᠨ ᠬᠦᠷᠥᠰᠥᠨ ᠡᠴᠡ ᠠᠷᠴᠢᠨ ᠬᠠᠶᠠᠵᠣ ᠪᠣᠯᠳᠠᠭ ᠬᠣᠶ᠋‍ᠢᠨ᠎ᠠ ᠨᠢᠬᠡ ᠱᠠᠰᠢᠨ ᠢ ᠠᠷᠢᠯᠭᠠᠬᠣ ᠳᠤ ᠵᠤᠪᠠᠬᠣ ᠵᠦᠢᠯ ᠪᠠᠶ᠋‍ᠢᠬᠣ ᠦᠭᠡᠶ᠃ ᠨᠣᠶᠠᠷᠬᠠᠯ ᠳ᠋ᠣᠨᠢ ᠬᠣᠣᠷ ᠲᠡᠶ ᠦᠦ ᠦᠭᠡᠶ ᠦᠦ ᠬᠡᠵᠦ ᠶᠠᠷᠢᠳᠠᠭ ᠡᠴᠡ ᠪᠢᠰᠢ ᠣᠭᠰᠠᠭᠠᠳᠠᠨ ᠳᠤ ᠠᠰᠢᠭ ᠲ᠋ᠠᠢ ᠦᠦ ᠦᠭᠡᠶ ᠦᠦ ᠬᠡᠵᠦ ᠪᠣᠳᠣᠳᠠᠭ ᠦᠭᠡᠶ᠃ ᠵᠠᠷᠢᠮ ᠣᠣᠠᠬ᠎ᠠ ᠡᠴᠡ ᠬᠡᠯᠡᠪᠡᠯ ᠱᠠᠰᠢᠨ ᠤ ᠡᠢᠯᠠᠭᠳᠠᠯ ᠨᠢ ᠣᠭᠰᠠᠭᠠᠳᠠᠨ ᠤ ᠡᠢᠯᠠᠭᠳᠠᠯ ᠪᠠᠶ᠋‍ᠢᠵᠣ ᠴᠤ ᠮᠠᠳᠠᠨ᠎ᠠ᠃ ᠠᠳᠠᠭᠠᠳᠠᠨ ᠢᠶᠡᠨ ᠬᠠᠶ᠋‍ᠢᠷ᠎ᠠ ᠨᠠᠶ᠋‍ᠢᠷ ᠦᠭᠡᠶ ᠲᠠᠷᠣᠩᠭ᠋ᠣᠶ᠋‍ᠢᠯᠠᠳᠠᠭ ᠪᠦᠬᠡ ᠶᠢᠨ ᠱᠠᠰᠢᠨ ᠤ ᠲᠠᠶ᠋‍ᠢᠠᠴᠢ ᠵᠤᠷᠢᠭ ᠰᠠᠨᠠᠭ᠎ᠠ ᠮᠠᠨ ᠡᠴᠡ ᠨᠢᠬᠡᠠᠳᠡ ᠠᠯᠣᠰᠷᠠᠨ ᠬᠣᠯᠠᠳᠴᠠᠢ᠃ ᠬᠣᠳᠠᠯ ᠬᠡᠯᠡᠬᠥ ᠶᠢ ᠮᠡᠳᠡᠳᠡᠭ ᠦᠭᠡᠶ ᠨᠣᠳᠣᠭ ᠤᠨ ᠪᠣᠭᠣᠷᠣᠯᠴᠣᠳ ᠤᠨ ᠨᠢᠳᠣ ᠪᠠᠷ ᠬᠠᠷᠠᠭᠰᠠᠨ ᠢᠶᠡᠨ ᠦᠬᠥᠯᠡᠭ᠍ᠰᠡᠨ ᠵᠢᠱᠢᠶ᠎ᠠ ᠨᠣᠭᠦᠳ ᠡᠴᠡ ᠦᠵᠡᠪᠡᠯ ᠬᠦᠷᠳᠡᠮ ᠪᠠᠭᠣᠭᠰᠠᠨ ᠪᠦᠬᠡ ᠡᠢᠳᠣᠭᠠᠨ ( ᠪᠠᠰᠠ ᠯᠡᠢᠢᠴᠢᠡᠭ ᠬᠡᠳᠡᠭ ) ᠨᠡᠷ ᠣᠩᠭ᠋ᠣᠳ ᠣᠷᠣᠰᠢᠬᠤ ᠪᠠᠷ ᠢᠶᠡᠨ ᠲᠥᠷᠪᠡᠨ ᠬᠦᠮᠥᠨ ᠡᠷᠬᠥᠬᠡᠥᠨ ᠲᠠᠭᠠᠭᠠᠬᠣ ᠦᠭᠡᠶ ᠬᠣᠶᠠᠭ ᠲᠣᠭᠣᠯᠠᠭ᠎ᠠ ᠪᠠᠨ ᠬᠡᠳᠡᠷᠴᠦ ᠬᠦᠮᠥᠨ ᠦᠭᠡᠶ ᠭᠠᠵᠠᠷ ᠲᠣᠪᠳᠣᠯᠬᠣ ᠮᠠᠳᠣ ᠪᠦᠵᠢᠨ ᠡᠷᠬᠢᠯᠲᠦᠬᠥ᠂ ᠭᠠᠷ ᠢᠶᠡᠷ ᠢᠶᠡᠨ ᠬᠣᠷᠴᠠ ᠡᠢᠯᠳᠣ ᠶᠢ ᠭᠠᠯ ᠪᠣᠳᠠᠷᠠᠳᠠᠯ᠎ᠠ ᠰᠢᠪᠳᠣᠷᠬᠣ᠂ ᠬᠢᠳᠣᠭ᠎ᠠ ᠪᠠᠷ ᠬᠡᠯᠡ ᠪᠠᠨ ᠪᠣᠷᠴᠠᠯᠠᠨ ᠴᠢᠰᠤ ᠪᠠᠨ ᠲᠠᠷᠨᠢᠳᠠᠨ ᠦᠯᠢᠶᠡᠬᠥ᠂ ᠰᠠᠯᠠᠮ᠎ᠠ ᠪᠠᠷ ᠡᠪᠠᠳᠴᠢᠨ ᠲᠡᠶ ᠬᠦᠮᠥᠨ ᠤ ᠬᠡᠪᠡᠯᠢ ᠵᠢ ᠰᠢᠪᠳᠣ ᠪᠦᠯᠢᠬᠥ᠂ ᠬᠣᠵᠣᠣᠯ᠎ᠠ ᠶᠢᠨ ᠭᠠᠯ ᠢᠶᠡᠷ ᠵᠢᠩᠰᠡᠷᠬᠡᠳᠡᠬᠥ ᠳᠤ ᠰᠠᠬᠠᠯ ᠳᠠᠭᠠᠨ ᠮᠥᠰᠤ ᠬᠦᠯᠳᠡᠬᠡᠨ ᠬᠡᠩᠬᠡᠷᠬᠡ ᠪᠠᠨ ᠲᠡᠯᠠᠳᠥᠭᠰᠠᠬᠡᠷ ᠣᠭᠳᠠᠷᠭᠣᠢ ᠳᠤ ᠲᠡᠭ᠍ᠳᠡᠨ ᠭᠠᠷᠬᠣ᠂ ᠠᠶᠣᠩ‍ᠭ᠌‍᠎ᠠ ᠳᠤ ᠲᠠᠭᠠᠷᠢᠭᠳᠠᠨ ᠦᠬᠥᠭ᠍ᠰᠡᠨ ᠬᠦᠮᠥᠨ ᠢ ᠲᠡᠭ᠍ᠷᠢ ᠨᠠᠷᠠᠨ ᠢ ᠵᠢᠭᠠᠨ ᠬᠠᠷᠢᠶᠠᠭᠰᠠᠭᠠᠷ ᠠᠮᠢ ᠣᠷᠣᠭᠣᠯᠵᠣ ᠠᠪᠬᠣ ᠵᠠᠷᠬᠡ ᠣᠯᠠᠨ ᠣᠪᠠᠳᠢᠰ ᠲᠡᠶ ᠪᠠᠶ᠋‍ᠢᠵᠠᠢ᠃ ᠡᠡᠮᠧᠷᠢᠺᠠ᠎ ᠲᠢᠪ ᠤᠨ ᠡᠢᠨᠳᠢᠶᠠᠨ ᠤ ᠪᠦᠬᠡ ᠨᠡᠷ ᠦᠬᠥᠭ᠍ᠰᠡᠨ ᠬᠦᠮᠥᠨ ᠢᠶᠡᠷ ᠲᠠᠷᠢᠶ᠎ᠠ ᠬᠠᠳᠣᠭᠣᠯᠵᠣ ᠪᠠᠶ᠋‍ᠢᠭᠰᠠᠨ ᠢ ᠬᠦᠮᠥᠨ ᠰᠣᠶᠣᠯ ᠵᠦᠢᠴᠢ ᠨᠢᠳᠣ ᠪᠠᠷ ᠢᠶᠡᠨ ᠣᠯᠵᠣ ᠦᠵᠡᠵᠡᠢ᠃ ᠡᠮᠣᠨᠠᠳᠣ ᠡᠡᠮᠧᠷᠢᠺᠠ᠎ ᠲᠢᠪ ᠲᠠᠬᠢ ᠨᠠᠷᠠᠨ᠂ ᠰᠠᠷᠠᠨ ᠫᠢᠷᠠᠮᠢᠳ᠋ ᠢ ᠪᠣᠰᠬᠠᠭᠰᠠᠨ ᠠᠪᠣᠷᠭᠣ ᠴᠢᠯᠠᠭᠣ ᠨᠣᠭᠣᠳ ᠢ ᠮᠠᠶᠠ ᠪᠦᠬᠡ ᠨᠡᠷ ᠬᠡᠳᠥᠨ ᠵᠠᠭᠣᠨ ᠭᠠᠵᠠᠷ ᠤᠨ ᠠᠯᠣᠰ ᠡᠴᠡ ᠬᠡᠢ ᠲᠡᠬᠡᠬᠥᠷ ᠲᠡᠭ᠍ᠳᠡᠬᠡᠵᠦ ᠠᠪᠴᠢᠷᠠᠭᠰᠠᠨ ᠬᠡᠬᠥ ᠣᠯᠠᠮᠵᠢᠯᠠᠯ ᠪᠠ ᠨᠣᠳᠠᠯᠠᠯ ᠪᠣᠢ᠃ ᠦᠨᠦᠳᠥᠷ ᠪᠢᠳᠠ ᠮᠠᠷᠺᠰ ᠤᠨ ᠣᠨᠣᠯ ᠢᠶᠡᠷ ᠪᠣᠰᠣᠳᠴᠢ ᠣᠷᠣᠰᠢᠬᠤᠢ ᠶᠢ ᠡᠢᠳᠡᠬᠡᠳᠡᠭ ᠪᠣᠯᠪᠠᠴᠣ ᠰᠣᠶᠣᠯ ᠤᠨ ᠦᠵᠡᠭ᠍ᠳᠡᠯ ᠪᠣᠯᠣᠭᠰᠠᠨ ᠤ ᠬᠣᠪᠢ ᠳᠤ ᠡᠳᠡᠬᠡᠷ  ᠢ ᠪᠦᠷ ᠰᠣᠳᠣᠯᠵᠣ ᠪᠣᠯᠣᠨ᠎ᠠ᠃ ᠲᠡᠯᠠᠬᠡᠢ ᠲᠡᠬᠡᠷ᠎ᠡ ᠰᠢᠨᠵᠢᠯᠡᠬᠥ ᠣᠬᠠᠭᠠᠨ ᠢᠶᠡᠷ ᠲᠠᠶ᠋‍ᠢᠯᠪᠣᠷᠢᠯᠠᠭᠳᠠᠭ᠎ᠠ ᠦᠭᠡᠶ ᠠᠰᠠᠭᠣᠳᠠᠯ ᠣᠯᠠᠨ ᠪᠣᠢ᠃ ᠲᠠᠶ᠋‍ᠢᠯᠪᠣᠷᠢᠯᠠᠭᠳᠠᠭᠰᠠᠨ ᠣᠢᠶ᠎ᠡ ᠳᠤ ᠲᠠᠷᠠ ᠨᠢ ᠴᠤᠬᠤᠮ ᠬᠥ ᠬᠥᠭ᠍ᠵᠢᠭ᠍ᠰᠡᠨ ᠰᠢᠨᠵᠢᠯᠡᠬᠥ ᠣᠬᠠᠭᠠᠨ ᠪᠠᠶ᠋‍ᠢᠵᠣ ᠴᠤ ᠮᠡᠳᠡᠬᠥ ᠶᠣᠮ᠃ ᠮᠣᠩᠭ᠋ᠣᠯᠴᠣᠳ ᠦᠪᠡᠷ ᠢᠶᠡᠨ ᠱᠠᠰᠢᠨ ᠲᠡᠶ ᠪᠠᠶ᠋‍ᠢᠭᠰᠠᠨ᠂ ᠦᠷᠣᠬᠡᠯ ᠤᠨ ᠱᠠᠰᠢᠨ ᠢ ᠴᠤ ᠰᠢᠳᠣᠵᠣ ᠶᠠᠪᠣᠭᠰᠠᠨ᠃ ᠱᠠᠰᠢᠨ ᠡᠴᠡ ᠪᠣᠯᠵᠣ ᠰᠢᠷᠪᠣᠰᠣ ᠪᠠᠨ ᠬᠦᠷᠳᠡᠯ᠎ᠡ ᠰᠣᠭᠣᠯᠣᠭᠣᠯᠵᠣ ᠴᠤ ᠥᠩᠬᠡᠷᠡᠭ᠍ᠰᠡᠨ᠃ ᠦᠨᠦᠳᠥᠷ ᠪᠣᠯᠬᠣ ᠳᠤ ᠮᠣᠩᠭ᠋ᠣᠯᠴᠣᠳ ᠲᠤ ᠱᠠᠰᠢᠨ ᠬᠡᠷᠡᠭ ᠲᠡᠶ ᠦᠦ︖ ᠬᠡᠷᠡᠭ ᠲᠡᠶ ᠪᠣᠯ ᠴᠤᠬᠤᠮ ᠶᠠᠭᠣ ᠶᠢ ᠰᠢᠳᠣᠪᠠᠯ ᠵᠤᠬᠢᠬᠣ ᠪᠣᠢ︖ ᠮᠣᠩᠭ᠋ᠣᠯᠴᠣᠳ ᠤᠨ ᠨᠢᠬᠡ ᠨᠢᠬᠡᠨ ᠢᠶᠡᠨ ᠦᠯᠤ ᠲᠣᠭᠣᠮᠰᠠᠷᠯᠠᠨ ᠲᠣᠰ ᠲ᠋ᠣᠰ ᠲᠠᠭᠠᠨ ᠲᠣᠭ ᠪᠣᠰᠬᠠᠳᠠᠭ ᠨᠢᠠᠠᠳᠠᠷᠠᠯ ᠪᠦᠯᠬᠥᠮᠳᠡᠯ ᠦᠭᠡᠶ ᠰᠣᠶᠣᠯ ᠰᠡᠳᠬᠢᠬᠥᠢ ᠨᠢ ᠬᠠᠷ᠎ᠠ᠂ ᠴᠠᠭᠠᠨ᠂ ᠣᠯᠠᠭᠠᠨ ᠵᠦᠭ᠌ ᠵᠦᠭ᠌ ᠤᠨ ᠲᠡᠭ᠍ᠷᠢ ᠲᠡᠶ ᠪᠦᠬᠡ ᠶᠢᠨ ᠱᠠᠰᠢᠨ ᠯᠤᠭ᠎ᠠ ᠶᠠᠮᠠᠷ ᠬᠣᠯᠪᠣᠭᠳᠠᠯ ᠲᠡᠶ ᠪᠣᠯ︖ ᠮᠣᠩᠭ᠋ᠣᠯᠴᠣᠳ ᠢ ᠠᠪᠣᠷᠠᠨ ᠲᠠᠩᠬᠡᠷᠡᠬᠥᠯᠵᠦ᠂ ᠨᠢᠬᠡ ᠰᠢᠵᠢᠮ ᠳᠤ ᠨᠡᠢᠢᠳᠬᠡᠨ ᠴᠢᠩᠭ᠋ᠠᠷᠠᠭᠣᠯᠵᠣ᠂ ᠬᠡᠢ ᠮᠣᠷᠢ ᠰᠥᠯᠳᠡ ᠶᠢ ᠨᠢ ᠲᠠᠭᠣᠳᠠᠨ ᠪᠣᠰᠬᠠᠵᠣ᠂ ᠬᠡᠢ ᠬᠦᠰᠡᠯ ᠢ ᠨᠢ ᠦᠨᠡᠨ ᠪᠣᠯᠭᠠᠵᠣ ᠴᠢᠳᠠᠬᠣ ᠲᠠᠶ᠋‍ᠢᠮᠣ ᠱᠠᠰᠢᠨ ᠬᠠᠮᠢᠭ᠎ᠠ ᠪᠠᠶ᠋‍ᠢᠨ᠎ᠠ︖

ᠵ᠂ ᠭᠣᠷᠪᠠ ᠶᠢᠨ 《 ᠰᠣᠣᠳᠣ ᠶᠡᠬᠡ ᠬᠠᠨ ᠲᠥᠰᠢᠭ᠌ 》 ᠰᠣᠨᠢᠷᠬᠠᠯᠳᠠᠢ ᠰᠠᠶ᠋‍ᠢᠬᠠᠨ ᠨᠣᠮ ᠪᠣᠯᠵᠠᠢ ᠬᠡᠳᠡᠭ ᠨᠢ ᠶᠠᠭ ᠡᠬᠥᠨ ᠳᠡᠭᠡᠨ ᠪᠠᠶ᠋‍ᠢᠭ᠎ᠠ ᠶᠣᠮ᠃ ᠷᠣᠮ ᠢ 《 ᠨᠣᠮ 》 ᠬᠡᠬᠥ᠂ ᠪᠣᠷᠬᠠᠨ ᠢ 《 ᠪᠣᠷᠣ ᠬᠠᠨ 》 ᠬᠡᠬᠥ᠂ ᠴᠠᠨ ᠡᠢᠣᠢ ᠶᠢ 《 ᠴᠢᠩᠬᠢᠰ 》 ᠬᠡᠬᠥ᠂ ᠠᠳᠠᠮ᠂ ᠨᠣ ︱ ᠣᠶᠠ ᠶᠢ ᠬᠢᠶᠠᠳ ᠶᠠᠰᠣᠳᠠᠨ ᠬᠡᠬᠥ᠂ ᠲᠡᠯᠠᠬᠡᠢ ᠶᠢᠨ ᠭᠣᠷᠪᠠᠨ ᠲᠣᠮᠣ ᠱᠠᠰᠢᠨ ᠪᠦᠷ ᠪᠦᠬᠡ ᠮᠥᠷᠬᠥᠯ ᠤᠨ ᠱᠠᠰᠢᠨ ᠡᠴᠡ ᠡᠬᠥᠰᠥᠯ ᠲᠡᠶ ᠬᠡᠬᠥ ᠁ ᠵᠠᠷᠬᠡ ᠣᠯᠠᠨ ᠵᠦᠢᠯ  ᠤᠨ ᠲᠥᠰᠣᠬᠡᠯᠡᠯ ᠭᠠᠷᠭᠠᠵᠠᠢ᠃ ᠡᠨᠠ ᠨᠣᠮ ᠡᠷᠳᠠᠮ ᠰᠢᠨᠵᠢᠯᠡᠬᠡᠨ ᠤ ᠦᠬᠥᠯᠡᠯ ᠪᠢᠰᠢ᠂ ᠬᠠᠷᠢᠨ ᠣᠷᠠᠨ ᠵᠤᠬᠢᠶᠠᠯ ᠪᠣᠯᠬᠣ ᠪᠠᠷ ᠶ᠋‍ᠢᠠᠨ ᠡᠶ᠋‍ᠢᠮᠥᠷᠬᠥᠤ ᠲᠥᠰᠣᠬᠡᠯᠡᠯ ᠭᠠᠷᠭᠠᠵᠣ ᠪᠦᠷ ᠪᠣᠯᠣᠨ᠎ᠠ᠃ ᠣᠷᠠᠨ ᠵᠤᠬᠢᠶᠠᠯ ᠳᠤ ᠣᠷᠠᠨ ᠲᠠᠭᠠᠮᠠᠭᠯᠠᠯ᠂ ᠬᠣᠯᠪᠣᠨ ᠪᠣᠳᠣᠯᠳᠠ ᠬᠡᠳᠡᠭ ᠶᠠᠭᠣᠮ᠎ᠠ ᠪᠠᠶ᠋‍ᠢᠳᠠᠭ ᠢᠶᠡᠷ ᠢᠶᠡᠨ ᠡᠶ᠋‍ᠢᠮᠥᠷᠬᠥᠤ ᠲᠥᠰᠣᠬᠡᠯᠡᠯ ᠢ ᠵᠦᠪᠰᠢᠶᠡᠷᠠᠳᠡᠭ᠃ ᠲᠡᠯᠠᠬᠡᠢ ᠶᠢᠨ ᠮᠠᠰᠢ ᠠᠷᠪᠢᠨ ᠰᠢᠨᠵᠢᠯᠡᠬᠥ ᠣᠬᠠᠭᠠᠨ ᠤ ᠡᠬᠥᠳᠥᠯᠳᠡ ᠪᠦᠷ ᠣᠷᠠᠨ ᠵᠤᠬᠢᠶᠠᠯᠴᠢᠳ ᠤᠨ ᠬᠣᠯᠪᠣᠨ ᠪᠣᠳᠣᠯᠳᠠ ᠪᠠᠷ ᠡᠢᠷᠠᠵᠣ ᠪᠡᠶᠡᠯᠡᠭ᠍ᠳᠡᠭ᠍ᠰᠡᠨ ᠵᠢᠱᠢᠶ᠎ᠠ ᠣᠯᠠᠨ ᠪᠠᠶ᠋‍ᠢᠳᠠᠭ᠃ ᠵᠢᠱᠢᠶᠠᠯᠠᠪᠠᠯ᠂ ᠲᠣᠮᠳᠠᠳᠣ ᠵᠠᠭᠣᠨ ᠤ ᠣᠢᠶ᠎ᠡ ᠶᠢᠨ ᠹᠷᠠᠠᠼᠢ ᠶᠢᠨ ᠡᠮᠴᠢ ᠨᠣᠴᠠᠳᠠᠮᠠᠰ ᠬᠡᠳᠡᠭ ᠬᠦᠮᠥᠨ 《 ᠡᠷᠢᠨ ᠵᠠᠭᠣᠨ ᠨᠣᠭᠣᠳ 》 ᠬᠡᠰᠡᠨ ᠮᠢᠩᠭ᠋ᠠᠨ ᠪᠠᠳᠠᠭ ᠵᠢᠷᠣᠬᠠᠢ ᠶᠢᠨ ᠣᠬᠠᠭᠠᠨ ᠤ ᠣᠷᠠᠨ ᠵᠦᠩᠨᠡᠯᠲᠦ ᠰᠢᠯᠥᠭ ᠪᠢᠴᠢᠭ᠍ᠰᠡᠨ ᠡᠴᠡ 99% ᠨᠢ ᠡᠢᠷᠡᠬᠡᠳᠥᠢ ᠶᠢᠨ ᠣᠶ᠋‍ᠢᠯᠠ ᠶᠠᠪᠣᠳᠠᠯ ᠲ᠋ᠠᠢ ᠪᠦᠷ ᠲᠣᠶ᠋‍ᠢᠴᠠᠵᠣ ᠲᠠᠭᠠᠷᠠᠵᠠᠢ᠃ ᠲᠠᠷᠠ ᠪᠠᠷ 1945 ᠣᠨ ᠳᠤ ᠡᠡᠮᠧᠷᠢᠺᠠ᠎ ᠡᡁᠢᠷᠣᠰᠢᠮᠨ ᠳᠤ ᠴᠥᠮ᠎ᠡ ᠶᠢᠨ ᠪᠦᠮᠪᠥᠬᠡ ᠬᠠᠶᠠᠬᠣ ᠵᠢ ᠬᠦᠷᠳᠡᠯ᠎ᠡ ᠮᠡᠳᠡᠬᠡᠥᠨ ᠲᠡᠭ᠍ᠷᠢ ᠶᠢᠨ ᠭᠠᠯ ᠠᠶᠣᠩ‍ᠭ᠌‍᠎ᠠ ᠲᠠᠠᠳᠠ ᠪᠠᠭᠣᠨ᠎ᠠ ᠬᠡᠵᠦ ᠵᠦᠩᠨᠠᠵᠡᠢ᠃ ᠪᠠᠭᠠᠷᠢᠨ ᠤ ᠠᠷᠠᠳ ᠤᠨ ᠠᠮᠠᠨ ᠨᠠᠶ᠋‍ᠢᠷᠠᠭᠴᠢ ᠱᠠᠭᠳᠠᠷ 《 ᠰᠣᠯᠢᠶᠠᠳᠣ 》 ᠶᠢᠨ 《 ᠲ᠋ᠠᠶ᠋‍ᠢᠵᠢ ᠴᠢᠨᠢ ᠲᠠᠬᠢᠶ᠎ᠠ ᠶᠢ ᠬᠦᠢᠴᠡᠬᠥ ᠦᠭᠡᠶ᠂ ᠨᠣᠶᠠᠨ ᠴᠢᠨᠢ ᠨᠣᠬᠠᠢ ᠶᠢ ᠬᠦᠢᠴᠡᠬᠥ ᠦᠬᠡᠢ ᠴᠠᠭ ᠡᠢᠷᠡᠬᠥ ᠪᠣᠢ 》 ᠬᠡᠵᠦ ᠬᠡᠯᠡᠭ᠍ᠰᠡᠨ ᠦᠬᠡ ᠲᠡᠬᠥᠨ ᠢ ᠨᠠᠰᠣ ᠪᠠᠷᠠᠭᠰᠠᠨ ᠤ ᠲᠠᠷᠠᠭᠠᠬᠢ ᠬᠣᠷᠢᠬᠠᠨ ᠵᠢᠯ ᠳᠤ ᠦᠨᠡᠬᠡᠷ ᠪᠡᠶᠡᠯᠡᠭ᠍ᠰᠡᠨ ᠶᠣᠮ᠃ ᠵᠦᠡᠭ ᠰᠣᠪᠢᠡᠭ ᠪᠠ ᠣᠷᠠᠨ ᠲᠠᠭᠠᠮᠠᠭᠯᠠᠯ ᠬᠣᠭᠣᠷᠣᠠᠳᠣ ᠪᠠᠨ ᠶᠠᠮᠠᠷ ᠬᠣᠯᠪᠣᠭ᠎ᠠ ᠲᠡᠶ ᠪᠠᠶ᠋‍ᠢᠳᠠᠭ ᠢ ᠮᠡᠳᠡᠬᠥ ᠦᠭᠡᠶ᠃ ᠬᠡᠪᠡᠴᠦ ᠣᠷᠠᠨ ᠲᠠᠭᠠᠮᠠᠭᠯᠠᠯ ᠣᠷᠠᠨ ᠵᠤᠬᠢᠶᠠᠯ ᠳᠤ ᠯᠠᠪ ᠴᠢᠬᠤᠯᠠ ᠪᠠᠶ᠋‍ᠢᠷᠢ ᠡᠵᠠᠯᠠᠨ᠎ᠠ᠃ ᠵ᠂ ᠭᠣᠷᠪᠠ ᠶᠢᠨ 《 ᠰᠣᠣᠳᠣ ᠶᠡᠬᠡ ᠬᠠᠨ ᠲᠥᠰᠢᠭ᠌ 》 ᠨᠣᠮ ᠤᠨ ᠡᠢᠳᠠᠪᠬᠢ ᠰᠡᠳᠥᠯᠬᠡ ᠨᠢ ᠵᠤᠬᠢᠶᠠᠭᠴᠢ ᠣᠩᠰᠢᠭᠴᠢᠳ ᠤᠨ ᠬᠣᠯᠪᠣᠨ ᠪᠣᠳᠣᠬᠣ ᠣᠷᠣᠨ ᠵᠠᠢ ᠶᠢ ᠶᠡᠬᠡᠰᠬᠡᠵᠦ ᠦᠭ᠍ᠬᠥᠭ᠍ᠰᠡᠨ ᠳᠤ ᠠᠮᠣᠢ᠃

ᠨᠢᠬᠡ ᠰᠠᠨᠠᠭᠣᠯᠬᠣ ᠵᠦᠢᠯ ᠬᠡᠪᠡᠯ᠂ ᠵᠤᠬᠢᠶᠠᠯᠴᠢᠳ ᠦᠪᠡᠷ ᠢ ᠪᠠᠨ ᠡᠷᠳᠡᠮᠳᠡᠨᠴᠢᠯᠡᠬᠥ ᠠᠰᠠᠭᠣᠳᠠᠯ ᠡᠲᠦᠬᠡ ᠲᠡᠯᠠᠬᠡᠢ ᠶᠢᠨ ᠬᠠᠠᠳᠣᠰᠢ ᠪᠣᠯᠣᠭᠠᠳ ᠪᠠᠶ᠋‍ᠢᠨ᠎ᠠ᠃ ᠵᠦᠪᠬᠡᠨ ᠪᠦᠬᠡ ᠶᠢᠨ ᠱᠠᠰᠢᠨ ᠢ ᠪᠢᠴᠢᠬᠥ ᠪᠠᠷ ᠵᠢᠱᠢᠶ᠎ᠠ ᠲᠠᠳᠠᠪᠠᠯ ᠦᠬᠡᠷ᠎ᠡ ᠶᠢ ᠨᠢ ᠬᠡᠯᠡᠬᠥ ᠦᠭᠡᠶ᠂ ᠨᠠᠭᠠᠳᠣ ᠵᠠᠬ᠎ᠠ ᠳᠠᠭᠠᠨ ᠪᠦᠬᠡ ᠶᠢᠨ ᠱᠠᠰᠢᠨ ᠤ ᠲᠠᠷᠬᠠᠯᠳᠠ ᠶᠢᠨ ᠣᠷᠣᠨ ᠳ᠋ᠠᠬᠢ ᠪᠣᠰᠣᠳ ᠣᠭᠰᠠᠭᠠᠳᠠᠨ ᠤ ᠬᠡᠯᠡ ᠨᠣᠭᠦᠳ ᠢ ᠰᠣᠷᠴᠣ ᠰᠣᠳᠣᠯᠪᠠᠯ ᠨᠡᠨᠭ᠌ ᠬᠡᠯᠡᠬᠥ ᠭᠠᠵᠠᠷ ᠪᠠᠶ᠋‍ᠢᠬᠣ ᠦᠭᠡᠶ᠃ ᠡᠢᠩᠬᠢᠪᠠᠯ ᠰᠠᠶ‍ᠢ ᠪᠢᠴᠢᠭ᠍ᠰᠡᠨ ᠶᠠᠭᠣᠮ᠎ᠠ ᠴᠢᠨᠢ ᠡᠷᠳᠠᠮ ᠰᠢᠨᠵᠢᠯᠡᠬᠡᠨ ᠤ ᠣᠢᠨ᠎ᠡ ᠴᠠᠨ᠎ᠠ ᠲᠡᠶ ᠪᠣᠯᠵᠣ᠂ ᠬᠦᠮᠥᠨ ᠢ ᠣᠯᠠᠮ ᠪᠢᠰᠢᠷᠡᠬᠥᠯᠵᠦ ᠴᠢᠳᠠᠨ᠎ᠠ᠃

ᠵᠠ᠂ ᠦᠬᠡ ᠣᠯᠠᠳᠠᠵᠣ ᠦᠬᠡᠷ ᠬᠣᠯᠠᠳᠠᠯ᠎ᠠ᠃

ᠵᠠᠯᠠᠭᠣ ᠬᠦᠮᠥᠨ ᠤ ᠵᠠᠮ ᠤᠨ ᠬᠦᠵᠦᠬᠥᠤ ᠣᠷᠳᠣ

ᠵᠠᠯᠭᠠᠵᠣ ᠪᠢᠴᠢᠬᠥ ᠨᠣᠮ ᠵᠤᠬᠢᠶᠠᠯ ᠣᠯᠠᠨ

ᠵᠠᠭᠠᠷᠢᠨ ᠪᠦᠬᠡ ᠶᠢᠨ ᠣᠩᠭ᠋ᠣᠳ ᠣᠷᠣᠰᠢᠬᠤ ᠪᠣᠯᠳᠣᠭᠠᠢ︕

ᠵᠠᠪᠠᠯ ᠰᠠᠨᠠᠭᠰᠠᠨ ᠳᠠᠭᠠᠨ ᠰᠠᠭᠠᠳ ᠦᠭᠡᠶ ᠬᠦᠷᠲᠦᠬᠡᠢ︕ ᠬᠡᠰᠡᠨ ᠰᠠᠶ᠋‍ᠢᠬᠠᠨ ᠡᠢᠷᠥᠬᠡᠯ ᠢᠶᠡᠷ

《 ᠰᠣᠣᠳᠣ ᠶᠡᠬᠡ ᠬᠠᠨ ᠲᠥᠰᠢᠭ᠌ 》 ᠨᠣᠮ ᠢ ᠴᠢᠨᠢ ᠮᠢᠯᠢᠶᠠᠶ᠎ᠠ︕

ᠰᠣᠳᠣᠨ ᠵᠤᠬᠢᠶᠠᠯᠴᠢ ᠵ᠂ ᠭᠣᠷᠪᠠ ᠶᠢᠨ ᠢᠶᠡᠨ ᠮᠠᠩᠨᠠᠢ ᠶᠢ ᠮᠢᠯᠢᠶᠠᠶ᠎ᠠ︕

ᠲᠠ ᠪᠦᠬᠥᠨ ᠳᠡᠭᠡᠨ ᠪᠠᠶᠠᠷᠯᠠᠯ᠎ᠠ᠃


(ᠲᠠᠩᠬᠢᠰ ᠨᠠᠢᠢᠷᠠᠭᠤᠯᠪᠠ )

ᠵᠤᠬᠢᠶᠠᠭᠴᠢ ᠶᠢᠨ ᠬᠠᠶ‍ᠢᠭ᠄ ᠣᠯᠠᠭᠠᠠᠬᠠᠳᠠ ᠬᠣᠳᠠ ᠶᠢᠨ ᠣᠣᠠᠬ᠎ᠠ ᠣᠷᠠᠯᠢᠭ ᠤᠨ ᠬᠢᠨ ᠤ ᠬᠣᠯᠪᠣᠭ᠎ᠠ

ᠵᠤᠬᠢᠶᠠᠭᠴᠢ᠄ ᠭᠠ᠊᠂ᠰᠢᠷᠠᠪᠵᠠᠮᠰᠤ
ᠢᠷᠡᠯᠲᠡ᠄ ᠬ᠂ᠪᠦᠬᠡᠮᠠᠨᠳᠤᠯ᠎ᠠ
ᠬᠠᠷᠢᠶ᠎ᠠ᠄
ᠳᠠᠷᠤᠮ᠄ 326
ᠴᠠᠭ᠄ 2015 ᠤᠨ ᠤ 05 ᠰᠠᠷ᠎ᠠ ᠶᠢᠨ 14
ᠨᠠᠢ᠌ᠷᠠᠭᠤᠯᠤᠭᠴᠢ᠄ ᠬᠦᠷᠡᠯᠳᠤᠭᠳᠠᠬᠤ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁