ᠠᠮᠢ ᠠᠬᠤᠢ ᠵᠢᠨ ᠨᠤᠭᠤᠭᠠᠨ ᠦᠯᠦᠬᠡᠢ ᠡᠸᠩᠬᠢ ᠬᠤᠰᠢᠭᠤ

ᠡᠸᠩᠬᠢ ᠬᠤᠰᠢᠭᠤᠨ ᠦ ᠡᠯ᠎ᠠ ᠦᠨᠳᠦᠰᠦᠲᠡᠨ  ᠦᠨᠢ ᠤᠳᠠᠭᠠᠨ ᠬᠤᠭᠤᠴᠠᠭᠠᠨ ᠦ ᠦᠢᠯᠡᠳᠪᠦᠷᠢᠯᠡᠯ ᠠᠮᠢᠳᠤᠷᠠᠯ ᠲᠤᠮᠳᠠ ᠪᠠᠨ ᠦᠪᠡᠷᠮᠢᠴᠠ᠂ᠡᠷᠬᠢᠮ ᠨᠠᠨᠳᠢᠨ᠂ᠲᠠᠩᠰᠤᠭ ᠪᠠᠶᠠᠯᠢᠭ ᠠᠷᠠᠳ ᠦᠨ ᠰᠤᠶᠤᠯ ᠤᠷᠠᠯᠢᠭ᠂ᠪᠠᠶᠠᠯᠢᠭ ᠰᠠᠢᠬᠠᠨ ᠵᠠᠩ ᠦᠢᠯᠡ ᠵᠢ ᠡᠭᠦᠳᠦᠨ ᠪᠦᠳᠦᠭᠡᠭᠡᠳ ᠡᠸᠩᠬᠢ ᠨᠤᠲᠤᠭ ᠢ ᠦᠨᠢᠷ ᠦᠳᠬᠡᠨ ᠦᠨᠳᠦᠰᠦᠲᠡᠨ ᠦ ᠤᠨᠴᠠᠯᠢᠭᠲᠦ ᠰᠤᠶᠤᠯ ᠲᠠᠢ ᠪᠤᠯᠭᠠᠵᠠᠢ᠃ᠡᠨᠡ ᠬᠤᠰᠢᠭᠤ ᠨᠢ ᠦᠨᠳᠦᠰᠦᠲᠡᠨ ᠦ ᠰᠤᠶᠤᠯ ᠢ ᠬᠠᠷᠠᠭᠤᠯᠬᠤ ᠪᠠᠷᠠᠨᠳ᠋ ᠤᠳ ᠢ ᠪᠦᠳᠦᠭᠡᠵᠦ᠂ᠡᠯ᠎ᠠ ᠦᠨᠳᠦᠰᠦᠲᠡᠨ ᠦ ᠬᠦᠮᠦᠰ ᠦᠨ ᠦᠨᠳᠦᠰᠦᠲᠡᠨ ᠦ ᠰᠤᠶᠤᠯ ᠵᠢᠡᠨ ᠤᠯᠠᠮᠵᠢᠯᠠᠨ ᠪᠠᠳᠠᠷᠠᠭᠤᠯᠬᠤ ᠤᠷᠮ᠎ᠠ ᠰᠡᠳᠭᠢᠯ ᠢ ᠬᠦᠭᠵᠢᠬᠡᠭᠰᠡᠨ ᠦᠪᠡᠷᠲᠡᠭᠡᠨ ᠵᠠᠰᠠᠬᠤ ᠬᠤᠰᠢᠭᠤᠨ ᠦ ᠵᠠᠩ ᠦᠢᠯᠡ ᠂ᠠᠷᠠᠳ ᠦᠨ ᠰᠤᠶᠤᠯ ᠢ ᠬᠠᠷᠠᠭᠤᠯᠬᠤ ᠡᠸᠩᠬᠢ ᠬᠤᠪᠴᠠᠰᠦ ᠵᠠᠰᠠᠯ ᠦᠨ ᠲᠤᠭᠯᠠᠯᠲᠠ ᠵᠢᠨ ᠪᠠᠭ᠂ᠪᠤᠷᠢᠶᠠᠳ ᠮᠤᠩᠭᠤᠯᠴᠤᠳ ᠦᠨ ᠬᠤᠪᠴᠠᠰᠦ ᠵᠠᠰᠠᠯ ᠦᠨ ᠲᠤᠭᠯᠠᠯᠲᠠ ᠵᠢᠨ ᠪᠠᠭ ᠪᠠ ᠪᠤᠷᠢᠶᠠᠳ ᠮᠠᠯᠴᠢᠳ ᠦᠨ ᠨᠠᠢᠷᠠᠯ ᠲᠠᠭᠤᠨ ᠦ ᠪᠦᠯᠬᠦᠮ ᠴᠤᠯᠭᠤᠷᠠᠭᠰᠠᠨ᠃5 ᠰᠤᠮᠤ ᠪᠠᠯᠭᠠᠰᠦ ᠨᠢ ᠤᠷᠢᠳ ᠬᠤᠵᠢᠳ ᠨᠡᠷᠡᠲᠦ ᠬᠦᠮᠦᠰ ᠦᠨ ᠦᠵᠡᠬᠦᠯᠬᠡ ᠵᠢᠨ ᠤᠷᠳᠤᠨ᠂ᠪᠤᠷᠢᠶᠠᠳ ᠵᠠᠩ ᠦᠢᠯᠡ ᠵᠢᠨ ᠮᠦᠽᠧᠢ᠂ᠲᠠᠭᠤᠷ ᠵᠠᠩ ᠦᠢᠯᠡ ᠵᠢᠨ ᠮᠦᠽᠧᠢ᠂ᠤᠢ ᠰᠢᠭᠤᠢ ᠵᠢᠨ ᠮᠦᠽᠧᠢ ᠵᠡᠷᠬᠡ ᠵᠢ ᠪᠠᠢᠭᠤᠯᠪᠠ᠃ᠡᠭᠦᠨ ᠦ ᠬᠠᠮᠳᠦ ᠵᠢᠯ ᠪᠤᠯᠭᠠᠨ《ᠡᠸᠩᠬᠢ ᠵᠢᠨ ᠰᠸᠪᠢᠨ ᠪᠠᠶᠠᠷ ᠪᠠ ᠦᠬᠡᠷ ᠦᠨ ᠤᠷᠤᠯᠳᠤᠭᠠᠨ》《ᠦᠪᠦᠷ ᠮᠤᠩᠭᠤᠯ ᠦᠨ ᠡᠪᠦᠯ ᠦᠨ ᠨᠠᠭᠠᠳᠤᠮ ᠪᠠ ᠡᠸᠩᠬᠢ ᠵᠢᠨ ᠮᠦᠰᠦ ᠴᠠᠰᠤᠨ ᠦ ᠵᠤᠭᠠᠴᠠᠯ ᠦᠨ ᠪᠠᠶᠠᠷ》《ᠤᠪᠤᠭᠠᠨ ᠲᠡᠭᠡᠷᠡᠬᠢ ᠠᠭᠤᠯᠵᠠᠯᠲᠠ ᠤᠯᠠᠨ ᠤᠯᠤᠰ ᠦᠨ ᠬᠠᠢᠷ᠎ᠠ ᠵᠢᠨ ᠲᠠᠭᠤᠤ ᠵᠢᠨ ᠪᠠᠶᠠᠷ》《ᠠᠳᠤᠭᠤᠨ ᠰᠤᠶᠤᠯ ᠦᠨ ᠨᠠᠢᠷ》《ᠢᠮᠢᠨ ᠭᠤᠤᠯ ᠦᠨ ᠵᠤᠨ ᠤᠷᠠᠨ ᠰᠠᠢᠬᠠᠨ ᠦ ᠲᠤᠭᠯᠠᠯᠲᠠ》ᠵᠡᠷᠬᠡ ᠠᠵᠢᠯᠯᠠᠭ᠎ᠠ ᠶᠠᠪᠤᠭᠳᠠᠭᠤᠯᠳᠠᠭ᠃ᠪᠦᠬᠦ ᠬᠤᠰᠢᠭᠤᠨ ᠦ ᠰᠤᠶᠤᠯ ᠦᠨ ᠦᠢᠯᠡᠰ ᠪᠠᠳᠠᠷᠠᠨ ᠬᠦᠭᠵᠢᠬᠦ ᠵᠢ ᠲᠠᠭᠠᠯᠳᠤᠨ᠂ᠡᠸᠩᠬᠢ ᠬᠤᠰᠢᠭᠤ ᠨᠢ ᠤᠷᠢᠳ ᠬᠤᠵᠢᠳ《ᠪᠦᠬᠦ ᠤᠯᠤᠰ ᠦᠨ ᠰᠤᠶᠤᠯ ᠦᠨ ᠲᠡᠷᠢᠬᠦᠨ ᠦ ᠰᠢᠶᠠᠨ》《ᠪᠦᠬᠦ ᠤᠯᠤᠰ ᠦᠨ ᠪᠡᠶ᠎ᠠ ᠵᠢᠨ ᠲᠠᠮᠢᠷ ᠦᠨ ᠲᠡᠷᠢᠬᠦᠨ ᠦ ᠰᠢᠶᠠᠨ》ᠵᠡᠷᠬᠡ ᠢᠷᠠᠭᠤ ᠠᠯᠳᠠᠷ ᠬᠦᠷᠳᠡᠭᠰᠡᠨ ᠦ ᠬᠠᠮᠳᠦ ᠦᠪᠡᠷᠲᠡᠭᠡᠨ ᠵᠠᠰᠠᠬᠤ ᠤᠷᠤᠨ ᠦ ᠰᠤᠶᠤᠯ ᠦᠨ ᠲᠢᠩᠬᠢᠮ ᠳᠦ《ᠪᠦᠬᠦ ᠤᠷᠤᠨ ᠦ ᠲᠠᠭᠤᠤ ᠪᠦᠵᠢᠭ ᠦᠨ ᠤᠷᠠᠯᠢᠭ ᠦᠨ ᠨᠤᠲᠤᠭ》ᠭᠡᠵᠦ ᠨᠡᠷᠡᠯᠡᠭᠳᠡᠵᠡᠢ᠃

ᠠᠭᠤᠳᠠᠨ ᠰᠠᠷᠠᠭᠤᠯ ᠡᠸᠩᠬᠢ ᠨᠤᠲᠤᠭ ᠨᠢᠬᠡᠨᠳᠡ ᠴᠤ᠋ ᠰᠢᠨ᠎ᠠ ᠬᠦᠭᠵᠢᠯᠲᠡ ᠵᠢᠨ ᠱᠠᠳᠦᠨ ᠳᠦ ᠤᠷᠤᠵᠦ᠂ᠠᠵᠦ ᠠᠬᠤᠢ ᠪᠠᠳᠠᠷᠠᠩᠭᠤᠢ᠂ᠤᠯᠤᠰ ᠲᠦᠷᠦ ᠲᠤᠭᠳᠠᠭᠤᠨ᠂ᠨᠡᠢᠬᠡᠮ ᠬᠦᠭᠵᠢᠩᠬᠦᠢ᠂ᠦᠨᠳᠦᠰᠦᠲᠡᠨ ᠨᠤᠭᠦᠳ ᠪᠦᠯᠬᠦᠮᠳᠡᠯ ᠲᠠᠢ᠂ᠠᠮᠢ ᠠᠬᠤᠢ ᠵᠢᠨ ᠪᠤᠯᠪᠠᠰᠤᠨ ᠲᠠᠢ᠂ᠠᠷᠠᠳ ᠲᠦᠮᠡᠨ ᠠᠵᠠ ᠵᠢᠷᠭᠠᠯ ᠲᠠᠢ ᠡᠸᠩᠬᠢ ᠬᠤᠰᠢᠭᠤ ᠪᠠᠨ ᠤᠯᠠᠮ ᠰᠠᠢᠬᠠᠨ ᠪᠠᠢᠭᠤᠯᠬᠤ ᠪᠡᠷ ᠴᠢᠷᠮᠠᠢᠵᠦ ᠪᠤᠢ᠃


ᠢᠮᠢᠨ ᠭᠤᠤᠯ ᠦᠨ ᠲᠡᠨᠵᠢ

ᠠᠷᠠᠳ ᠦᠨ ᠲᠦᠯᠦᠭᠡᠯᠡᠭᠴᠢ ᠲᠦᠷᠦ ᠵᠢᠨ ᠶᠠᠪᠤᠳᠠᠯ ᠢ ᠵᠦᠪᠯᠡᠨ᠎ᠠ

ᠮᠠᠯᠴᠢᠳ ᠦᠨ ᠰᠤᠷᠭᠠᠭᠤᠯᠢ

ᠪᠠᠶᠠᠨᠳᠤᠬᠠᠢ ᠪᠠᠯᠭᠠᠰᠦ ᠵᠢᠨ ᠡᠷᠡᠭᠦᠯ ᠬᠠᠮᠠᠭᠠᠯᠠᠯ ᠦᠨ ᠬᠤᠷᠢᠶ᠎ᠠ ᠮᠠᠯᠴᠢᠳ ᠲᠦ ᠤᠨᠤᠰᠢᠯᠠᠯᠲᠠ ᠬᠢᠵᠦ ᠪᠤᠢ

ᠬᠦᠳᠡᠬᠡ ᠵᠢ ᠰᠤᠶᠤᠯᠵᠢᠭᠤᠯᠬᠤ ᠠᠵᠢᠯᠯᠠᠭ᠎ᠠ

ᠡᠯᠡᠰᠦᠷᠭᠡᠭᠵᠢᠯ ᠢ ᠰᠡᠷᠭᠡᠢᠢᠯᠡᠬᠦ ᠢᠨᠵᠸᠨᠸᠷᠢᠩ

《ᠴᠠᠭ ᠦᠶ᠎ᠠ ᠲᠠᠢ ᠵᠡᠷᠭᠡ ᠪᠡᠷ ᠤᠷᠤᠭᠰᠢᠯᠠᠨ᠎ᠠ》

ᠬᠤᠩᠬᠤᠯᠵᠢ ᠵᠢᠨ ᠤᠰᠤᠨ ᠠᠰᠢᠭᠯᠠᠯᠲᠠ ᠵᠢᠨ ᠵᠠᠩᠬᠢᠯᠠᠭ᠎ᠠ


ᠵᠤᠬᠢᠶᠠᠭᠴᠢ᠄ ᠨᠠᠷᠠ
ᠢᠷᠡᠯᠲᠡ᠄ ᠦᠨᠳᠦᠰᠦᠲᠡᠨ ᠦ ᠵᠢᠷᠤᠭᠲᠦ ᠰᠡᠳᠭᠦᠯ ᠦᠨ ᠬᠤᠷᠢᠶ᠎ᠠ
ᠬᠠᠷᠢᠶ᠎ᠠ᠄
ᠳᠠᠷᠤᠮ᠄ 403
ᠴᠠᠭ᠄ 2015 ᠤᠨ ᠤ 07 ᠰᠠᠷ᠎ᠠ ᠶᠢᠨ 30
ᠨᠠᠢ᠌ᠷᠠᠭᠤᠯᠤᠭᠴᠢ᠄ ᠰᠠᠴᠤᠷᠠᠯ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁