ᠬᠤᠢᠢᠲᠦ ᠬᠦᠷᠰᠢ ᠮᠤᠩᠭ᠋ᠤᠯ ᠤᠯᠤᠰ


ᠰᠡᠳᠦᠪ ᠲᠡᠮᠳᠡᠭᠯᠡᠯ᠄

2013 ᠤᠨ ᠦ 10ᠰᠠᠷ᠎ᠠ ᠵᠢᠨ 24 ᠦ ᠡᠳᠦᠷ ᠡᠴᠡ 25 ᠦ ᠡᠳᠦᠷ ᠪᠤᠯᠳᠠᠯ᠎ᠠ ᠪᠡᠭᠡᠵᠢᠩ ᠳᠦ ᠡᠷᠬᠢᠨ ᠲᠤᠭᠤᠷᠢᠨ ᠦ ᠭᠠᠳᠠᠭᠠᠳᠦ ᠬᠠᠷᠢᠯᠴᠠᠭᠠᠨ ᠦ ᠠᠵᠢᠯ ᠦᠨ ᠲᠤᠬᠠᠢ ᠶᠠᠷᠢᠯᠴᠠᠬᠤ ᠬᠤᠷᠠᠯ ᠪᠤᠯᠪᠠ᠂ᠡᠨᠡ ᠪᠤᠯ ᠨᠠᠮ ᠦᠨ ᠲᠦᠪ ᠬᠤᠷᠢᠶ᠎ᠠ ᠡᠴᠡ ᠰᠢᠨ᠎ᠠ  ᠪᠠᠢᠢᠳᠠᠯ ᠳᠦ ᠵᠤᠬᠢᠴᠠᠭᠤᠯᠤᠨ ᠡᠷᠬᠢᠨ ᠲᠤᠭᠤᠷᠢᠨ ᠦ ᠭᠠᠳᠠᠭᠠᠳᠦ ᠬᠠᠷᠢᠯᠴᠠᠭ᠎ᠠ ᠵᠢ ᠰᠠᠢᠢᠳᠤᠷ ᠬᠢᠬᠦ ᠵᠢᠨ ᠲᠦᠯᠦᠬᠡ ᠬᠤᠷᠠᠯᠳᠤᠭᠤᠯᠤᠭᠰᠠᠨ ᠴᠢᠬᠤᠯᠠ ᠬᠤᠷᠠᠯᠳᠤᠭᠠᠨ ᠶᠤᠮ᠃ᠲᠤᠮᠳᠠᠳᠦ ᠤᠯᠤᠰ ᠦᠨ ᠡᠪ ᠬᠠᠮᠳᠦ ᠨᠠᠮ ᠦᠨ ᠲᠦᠪ ᠬᠤᠷᠢᠶᠠᠨ ᠦ ᠶᠡᠷᠦᠩᠬᠡᠢ ᠱᠦᠵᠢ᠂ᠤᠯᠤᠰ ᠦᠨ ᠲᠡᠷᠢᠭᠦᠯᠦᠭᠴᠢ᠂ᠲᠦᠪ ᠦᠨ ᠴᠡᠷᠢᠭ ᠦᠨ ᠶᠠᠪᠤᠳᠠᠯ ᠦᠨ ᠬᠤᠷᠢᠶᠠᠨ ᠦ ᠲᠡᠷᠢᠭᠦᠯᠦᠭᠴᠢ ᠰᠢ ᠵᠢᠨ ᠫᠢᠩ ᠬᠤᠷᠠᠯ ᠲᠡᠭᠡᠷ᠎ᠠ ᠴᠢᠬᠤᠯᠠ ᠶᠠᠷᠢᠶ᠎ᠠ ᠲᠠᠯᠪᠢᠪᠠ᠃ᠲᠡᠷᠡ ᠴᠢᠬᠤᠯᠠᠴᠢᠯᠠᠬᠤ ᠳᠦ ᠪᠠᠨ᠄ᠡᠷᠬᠢᠨ ᠲᠤᠭᠤᠷᠢᠨ ᠦ ᠭᠠᠳᠠᠭᠠᠳᠦ ᠬᠠᠷᠢᠯᠴᠠᠭ᠎ᠠ ᠵᠢ ᠰᠠᠢᠢᠳᠤᠷ ᠬᠢᠬᠦ ᠶᠠᠪᠤᠳᠠᠯ ᠪᠤᠯ ᠬᠤᠶᠠᠷ《ᠵᠠᠭᠤᠨ ᠵᠢᠯ》 ᠦᠨ ᠲᠡᠮᠡᠴᠡᠯ ᠦᠨ ᠬᠠᠷᠠᠯᠲᠠ ᠵᠢ ᠪᠡᠶᠡᠯᠡᠬᠦᠯᠵᠦ᠂ᠲᠤᠮᠳᠠᠳᠦ ᠵᠢᠨ ᠦᠨᠳᠦᠰᠦᠲᠡᠨ ᠦ ᠠᠭᠤᠤ ᠶᠡᠬᠡ ᠰᠡᠷᠭᠦᠨ ᠮᠠᠨᠳᠤᠯᠲᠠ ᠵᠢ ᠪᠡᠶᠡᠯᠡᠬᠦᠯᠬᠦ ᠵᠢᠨ ᠱᠠᠭᠠᠷᠳᠠᠯᠭ᠎ᠠ ᠪᠤᠯᠬᠤᠷ ᠨᠡᠩ ᠪᠦᠳᠦᠮᠵᠢᠲᠡᠢ ᠰᠠᠢᠢᠳᠤᠷ ᠬᠢᠵᠦ᠂ᠮᠠᠨ ᠦ ᠤᠯᠤᠰ ᠦᠨ ᠡᠷᠬᠢᠨ ᠲᠤᠭᠤᠷᠢᠨ ᠦ ᠭᠠᠳᠠᠭᠠᠳᠦ ᠬᠠᠷᠢᠯᠴᠠᠭ᠎ᠠ ᠵᠢᠨ ᠰᠠᠢᠢᠨ ᠤᠷᠴᠢᠨ ᠲᠤᠭᠤᠷᠢᠨ ᠢ ᠴᠢᠷᠮᠠᠢᠢᠨ ᠪᠤᠢ ᠪᠤᠯᠭᠠᠵᠦ ᠬᠦᠭᠵᠢᠬᠦᠯᠦᠨ᠂ᠮᠠᠨ ᠦ ᠤᠯᠤᠰ ᠦᠨ ᠬᠦᠭᠵᠢᠯᠲᠠ ᠵᠢ ᠡᠷᠬᠢᠨ ᠲᠤᠭᠤᠷᠢᠨ ᠦ ᠤᠯᠤᠰ ᠦᠳ ᠲᠦ ᠠᠰᠢᠭ ᠲᠤᠰᠠ ᠬᠦᠷᠳᠡᠭᠡᠬᠦ ᠪᠤᠯᠭᠠᠵᠦ᠂ᠬᠠᠮᠳᠦ ᠵᠢᠨ ᠬᠦᠭᠵᠢᠯᠲᠡ ᠵᠢ ᠪᠡᠶᠡᠯᠡᠬᠦᠯᠬᠦ ᠬᠡᠷᠡᠭᠲᠡᠢ ᠭᠡᠰᠡᠨ ᠪᠠᠢᠢᠨ᠎ᠠ᠃

ᠰᠢ ᠵᠢᠨ ᠫᠢᠩ ᠴᠢᠬᠤᠯᠠᠴᠢᠯᠠᠬᠤ ᠳᠦ ᠪᠠᠨ᠄ᠭᠠᠵᠠᠷ ᠵᠦᠢ ᠵᠢᠨ ᠪᠠᠢᠢᠷᠢᠰᠢᠯ᠂ ᠪᠠᠢᠢᠭᠠᠯᠢ ᠤᠷᠴᠢᠨ᠂ᠬᠤᠭᠤᠷᠤᠨᠳᠠᠬᠢ ᠬᠠᠷᠢᠴᠠᠭ᠎ᠠ ᠵᠢᠨ ᠠᠯᠢ ᠲᠠᠯ᠎ᠠ ᠡᠴᠡ ᠶᠠᠷᠢᠭᠰᠠᠨ ᠴᠦ ᠡᠷᠬᠢᠨ ᠲᠤᠭᠤᠷᠢᠨ ᠦ ᠤᠯᠤᠰ ᠦᠳ ᠮᠠᠨ ᠦ ᠤᠯᠤᠰ ᠲᠦ ᠪᠦᠷ ᠲᠦᠢᠯ ᠦᠨ ᠴᠢᠬᠤᠯᠠ ᠪᠠᠢᠢᠯᠳᠤᠬᠤ ᠪᠤᠳᠤᠯᠭ᠎ᠠ ᠵᠢᠨ ᠠᠴᠢ ᠬᠤᠯᠪᠤᠭᠳᠠᠯ ᠲᠠᠢ ᠶᠤᠮ᠃ᠡᠷᠬᠢᠨ ᠲᠤᠭᠤᠷᠢᠨ ᠦ ᠠᠰᠠᠭᠤᠳᠠᠯ ᠢ ᠪᠤᠳᠤᠯᠬᠢᠯᠠᠵᠦ᠂ᠡᠷᠬᠢᠨ ᠲᠤᠭᠤᠷᠢᠨ ᠦ ᠭᠠᠳᠠᠭᠠᠳᠦ ᠬᠠᠷᠢᠯᠴᠠᠭ᠎ᠠ ᠵᠢ ᠦᠷᠨᠢᠬᠦᠯᠬᠦ ᠳᠦ ᠪᠡᠶᠡᠲᠦ᠂ᠤᠯᠠᠨ ᠡᠰᠢᠲᠦ᠂ᠴᠠᠭ ᠵᠠᠢ ᠵᠢ ᠲᠠᠪᠠᠭᠰᠠᠨ ᠬᠠᠷᠭᠠᠰᠦ ᠲᠠᠢ ᠪᠠᠢᠢᠬᠤ ᠬᠡᠷᠡᠭᠲᠡᠢ᠃ᠮᠠᠨ ᠦ ᠤᠯᠤᠰ ᠦᠨ ᠡᠷᠬᠢᠨ ᠲᠤᠭᠤᠷᠢᠨ ᠦ ᠪᠠᠢᠢᠳᠠᠯ ᠢ ᠠᠵᠢᠭᠯᠠᠬᠤ ᠳᠦ᠂ᠤᠷᠴᠢᠨ ᠲᠤᠭᠤᠷᠢᠨ ᠨᠢ ᠮᠠᠰᠢ ᠶᠡᠬᠡ ᠬᠤᠪᠢᠷᠠᠯᠲᠠ ᠭᠠᠷᠤᠭᠰᠠᠨ ᠮᠦᠷᠲᠡᠭᠡᠨ ᠮᠠᠨ ᠦ ᠤᠯᠤᠰ ᠦᠨ ᠡᠷᠬᠢᠨ ᠲᠤᠭᠤᠷᠢᠨ ᠦ ᠨᠤᠲᠤᠭ ᠦᠳ ᠯᠤᠭ᠎ᠠ ᠵᠢᠨ ᠠᠵᠦ ᠠᠬᠤᠢ ᠠᠷᠠᠯᠵᠢᠶ᠎ᠠ ᠬᠠᠷᠢᠴᠠᠭ᠎ᠠ ᠬᠤᠯᠪᠤᠭ᠎ᠠ ᠤᠯᠠᠮ ᠨᠢᠭᠲᠠ ᠪᠤᠯᠵᠦ᠂ᠬᠠᠷᠢᠯᠴᠠᠨ ᠨᠦᠯᠦᠬᠡᠯᠡᠨ᠂ᠤᠷᠢᠳ ᠡᠮᠦᠨ᠎ᠠ ᠪᠠᠢᠢᠢᠭ᠎ᠠ ᠦᠭᠡᠢ ᠨᠢᠭᠲᠠ ᠪᠤᠯᠵᠠᠢ᠃ᠡᠨᠡ ᠨᠢ ᠮᠠᠨ ᠦ ᠡᠷᠬᠢᠨ ᠲᠤᠭᠤᠷᠢᠨ ᠦ ᠭᠠᠳᠠᠭᠠᠳᠦ ᠬᠠᠷᠠᠯᠴᠠᠭ᠎ᠠ ᠵᠢᠨ ᠪᠠᠢᠢᠯᠳᠤᠬᠤ ᠪᠤᠳᠤᠯᠭ᠎ᠠ ᠪᠠ ᠠᠵᠢᠯ ᠡᠷᠬᠡᠪᠰᠢ ᠴᠠᠭ ᠦᠶ᠎ᠠ  ᠲᠠᠢ ᠵᠡᠷᠬᠡ ᠪᠡᠷ ᠤᠷᠤᠭᠰᠢᠯᠠᠵᠦ᠂ᠨᠡᠩ ᠰᠠᠨᠠᠭᠠᠴᠢᠯᠠᠭ᠎ᠠ ᠲᠠᠢ ᠪᠠᠢᠢᠬᠤ ᠬᠡᠷᠡᠭᠲᠡᠢ ᠬᠡᠳᠡᠭ ᠢ ᠪᠤᠰᠤᠳᠴᠢ ᠲᠠᠯ᠎ᠠ ᠡᠴᠡ ᠱᠠᠭᠠᠷᠳᠠᠵᠦ ᠪᠠᠢᠢᠭ᠎ᠠ ᠶᠤᠮ ᠬᠡᠪᠡ᠃

ᠨᠠᠮ ᠦᠨ ᠲᠦᠪ ᠬᠤᠷᠢᠶ᠎ᠠ ᠵᠢᠨ ᠵᠤᠷᠢᠭ ᠰᠠᠨᠠᠭ᠎ᠠᠠ ᠵᠢ ᠲᠤᠭᠤᠰᠢᠯᠠᠭᠤᠯᠬᠤ ᠳᠦ᠂ᠨᠡᠩ ᠲᠡᠷᠢᠭᠦᠨ ᠳᠦ ᠡᠷᠬᠢᠨ ᠲᠤᠭᠤᠷᠢᠨ ᠦ ᠤᠯᠤᠰ ᠦᠨᠳᠦᠰᠦᠲᠡᠨ ᠢ ᠤᠢᠢᠯᠠᠭᠠᠭᠰᠠᠨ ᠪᠠᠢᠢᠬᠤ ᠬᠡᠷᠡᠭᠲᠡᠢ᠃ᠲᠤᠮᠳᠠᠳᠦ ᠤᠯᠤᠰ ᠪᠤᠯ ᠤᠯᠠᠨ ᠦᠨᠳᠦᠰᠦᠲᠡᠨ ᠲᠠᠢ ᠤᠯᠤᠰ ᠪᠠᠢᠢᠵᠦ᠂14 ᠤᠯᠤᠰ ᠯᠤᠭ᠎ᠠ ᠬᠦᠷᠰᠢᠯᠡᠵᠦ᠂ᠬᠢᠯᠢ ᠰᠤᠨᠳᠠᠯᠠᠭᠰᠠᠨ31 ᠦᠨᠳᠦᠰᠦᠲᠡᠨ ᠲᠠᠢ᠃ᠡᠳᠡᠬᠡᠷ ᠦᠨᠳᠦᠰᠦᠲᠡᠨ ᠨᠢ ᠲᠡᠥᠬᠡ ᠵᠢᠨ ᠬᠦᠭᠵᠢᠯᠲᠡ ᠡᠴᠡ ᠰᠢᠯᠲᠠᠭᠠᠯᠠᠵᠦ᠃ᠭᠠᠵᠠᠷ ᠨᠤᠲᠤᠭ ᠦᠷᠭᠡᠨ ᠠᠭᠤᠳᠠᠮ᠂ᠬᠦᠮᠦᠨ ᠠᠮᠠ ᠤᠯᠠᠨ᠂ᠰᠤᠶᠤᠯ ᠪᠠᠶᠠᠯᠢᠭ᠂ᠪᠠᠢᠢᠷᠢ ᠰᠠᠭᠤᠷᠢ ᠴᠢᠬᠤᠯᠠ ᠮᠤᠨᠳᠠᠭ ᠲᠤᠮᠤ ᠴᠤᠭᠴᠠ ᠪᠤᠯᠤᠭᠰᠠᠨ ᠶᠤᠮ᠃ᠬᠢᠯᠢ ᠰᠤᠨᠳᠠᠯᠠᠭᠰᠠᠨ ᠦᠨᠳᠦᠰᠦᠲᠡᠨ ᠨᠤᠬᠦᠳ ᠢ ᠤᠢᠢᠯᠠᠭᠠᠬᠤ ᠶᠠᠪᠤᠳᠠᠯ  ᠪᠤᠯ ᠬᠢᠯᠢ ᠬᠢᠵᠠᠭᠠᠷ ᠦᠨ ᠡᠯ᠎ᠠ  ᠦᠨᠳᠦᠰᠦᠲᠡᠨ ᠦ ᠠᠵᠦ ᠠᠬᠤᠢ ᠵᠢᠨ ᠬᠦᠭᠵᠢᠯᠲᠠ ᠵᠢ ᠠᠬᠢᠭᠤᠯᠬᠤ ᠵᠢᠨ ᠱᠠᠭᠠᠷᠳᠠᠯᠭ᠎ᠠ᠂ᠭᠠᠳᠠᠭᠠᠳᠦ ᠲᠠᠢ ᠬᠠᠷᠢᠯᠴᠠᠬᠤ ᠪᠠ ᠰᠤᠶᠤᠯ ᠡᠷᠳᠡᠮ ᠰᠢᠨᠵᠢᠯᠡᠬᠡᠨ ᠦ ᠰᠤᠯᠢᠯᠴᠠᠭ᠎ᠠ ᠶᠠᠪᠤᠭᠤᠯᠬᠤ ᠵᠢᠨ ᠱᠠᠭᠠᠷᠳᠠᠯᠭ᠎ᠠ᠂ᠦᠨᠳᠦᠰᠦᠲᠡᠨ ᠦ ᠲᠡᠥᠬᠡ ᠪᠠ ᠬᠦᠭᠵᠢᠯᠲᠠ ᠵᠢᠨ ᠵᠢᠮ᠎ᠠ ᠶᠤᠰᠤ ᠵᠢ ᠤᠢᠢᠯᠠᠭᠠᠬᠤ ᠵᠢᠨ ᠱᠠᠭᠠᠷᠳᠠᠯᠭ᠎ᠠ᠂ᠤᠯᠤᠰ ᠦᠨ ᠨᠢᠭᠡᠳᠦᠯ ᠢ ᠬᠠᠮᠠᠭᠠᠯᠠᠬᠤ ᠪᠠ ᠨᠡᠢᠢᠬᠡᠮ ᠦᠨ ᠠᠮᠤᠷ ᠲᠤᠭᠳᠠᠭᠤᠨ ᠢ ᠪᠡᠬᠡᠵᠢᠬᠦᠯᠬᠦ ᠵᠢᠨ ᠱᠠᠭᠠᠷᠳᠠᠯᠭ᠎ᠠ ᠶᠤᠮ᠃ᠲᠡᠯᠡᠬᠡᠢ ᠲᠡᠬᠡᠷᠡᠬᠢ ᠴᠤᠷᠢ ᠵᠢᠨ ᠭᠠᠭᠴᠠ ᠦᠨᠳᠦᠰᠦᠲᠡᠨ ᠦ ᠲᠦᠷᠦᠯ ᠦᠨ ᠲᠤᠮᠤ ᠬᠡᠯᠪᠡᠷᠢ ᠵᠢᠨ ᠬᠡᠷᠡᠯ ᠵᠢᠷᠤᠭ ᠦᠨ ᠭᠤᠤᠯ ᠵᠠᠭᠤᠴᠢᠯᠠᠭᠤᠷ ᠪᠤᠯᠤᠭᠰᠠᠨ ᠦ ᠬᠤᠪᠢ ᠳᠦ᠂ᠬᠢᠯᠢ ᠰᠤᠨᠳᠠᠯᠠᠭᠰᠠᠨ ᠦᠨᠳᠦᠰᠦᠲᠡᠨ ᠨᠤᠭᠦᠳ ᠲᠦ ᠠᠩᠬᠠᠷᠤᠯ ᠵᠢᠡᠨ ᠬᠠᠨᠳᠤᠭᠤᠯᠬᠤ ᠪᠤᠯ ᠮᠠᠨ ᠦᠨ ᠰᠡᠳᠭᠦᠯ ᠦᠨ ᠭᠤᠤᠯ ᠮᠡᠳᠡᠭᠡᠯᠡᠯ ᠦᠨ ᠴᠢᠭᠯᠡᠯ ᠦᠨ ᠨᠢᠬᠡ ᠶᠤᠮ᠃

ᠮᠤᠩᠭ᠋ᠤᠯ ᠤᠯᠤᠰ ᠦᠨ ᠨᠤᠲᠤᠭ ᠲᠡᠪᠢᠰᠬᠡᠷ156.65 ᠲᠦᠮᠡᠨ ᠬᠠᠪᠲᠠᠭᠠᠢ ᠲᠦᠷᠪᠡᠯᠵᠢᠨ ᠺᠢᠯᠤᠮᠸᠲ᠋ᠷ ᠲᠠᠯᠠᠪᠠᠢ ᠪᠡᠷ ᠵᠢᠡᠨ ᠲᠡᠯᠡᠬᠡᠢ ᠳᠦ18 ᠳᠦ ᠤᠷᠤᠳᠠᠭ᠃ᠪᠠᠷᠤᠭ290 ᠲᠦᠮᠡᠨ ᠬᠦᠮᠦᠨ ᠠᠮᠠ ᠵᠢᠨ ᠬᠢᠨᠢ ᠲᠤᠳᠤᠷ᠎ᠠ ᠬᠠᠯᠬ᠎ᠠ ᠶᠠᠰᠤᠲᠠᠨ ᠪᠠᠷᠤᠭ80% ᠵᠢ ᠡᠵᠡᠯᠡᠳᠡᠭ ᠡᠴᠡ ᠭᠠᠳᠠᠨ᠎ᠠ᠂ᠲᠦᠷᠪᠡᠳ᠂ᠲᠤᠷᠭᠤᠳ᠂ᠦᠬᠡᠯᠤᠳ᠂ᠵᠠᠭᠴᠢᠳ᠂ᠮᠢᠩᠭ᠋ᠠᠳ᠂ᠦᠵᠦᠮᠦᠴᠢᠨ᠂ᠪᠠᠷᠭᠤ᠂ᠪᠦᠷᠢᠶᠠᠳ ᠶᠠᠰᠤᠲᠠᠨ ᠪᠠᠢᠢᠬᠤ ᠪᠦᠬᠡᠳ ᠬᠠᠰᠠᠭ᠂ᠦᠽᠪᠸᠺ ᠵᠡᠷᠬᠡ ᠦᠨᠳᠦᠰᠦᠲᠡᠨ ᠴᠦ ᠪᠠᠭᠳᠠᠯᠴᠠᠨ᠎ᠠ᠃ᠠᠷᠠᠳ ᠢᠷᠭᠡᠳ ᠨᠢ ᠭᠤᠤᠯᠳᠠᠭᠤ ᠪᠤᠷᠬᠠᠨ ᠱᠠᠰᠢᠨ ᠰᠢᠳᠦᠳᠡᠭ᠃ᠮᠤᠩᠭ᠋ᠤᠯ ᠤᠯᠤᠰ ᠨᠢ ᠮᠤᠩᠭ᠋ᠤᠯ ᠦᠨ ᠦᠨᠳᠦᠷᠯᠢᠭ ᠦᠨ ᠬᠤᠢᠢᠳᠦ ᠬᠡᠰᠡᠭ ᠲᠦ ᠤᠷᠤᠰᠢᠵᠦ᠂ᠲᠠᠯᠠᠢ ᠳᠦ ᠭᠠᠷᠬᠤ ᠭᠠᠷᠤᠴᠠ ᠦᠭᠡᠢ᠂ᠶᠡᠬᠡ ᠪᠠᠭ᠎ᠠ1200 ᠭᠠᠷᠤᠢ ᠭᠤᠤᠯ ᠲᠠᠢ᠃ᠬᠠᠮᠤᠭ ᠲᠤᠮᠤ ᠱᠤᠷᠪᠤᠭ ᠨᠠᠭᠤᠷ ᠨᠢ ᠤᠪᠰᠦ᠂ᠬᠠᠮᠤᠭ  ᠲᠤᠮᠦ ᠴᠡᠩᠬᠡᠭ᠌ ᠨᠠᠭᠤᠷ ᠨᠢ ᠬᠦᠪᠰᠡᠭᠦᠯ᠃ᠲᠤᠮᠳᠠᠳᠦ ᠤᠯᠤᠰ ᠲᠠᠢ467.8ᠺᠢᠯᠤᠮᠸᠲ᠋ᠷ ᠬᠢᠯᠢ ᠵᠢᠨ ᠱᠤᠭᠤᠮ ᠵᠢᠡᠷ ᠬᠦᠷᠰᠢᠯᠡᠵᠦ᠂ᠤᠯᠤᠰ ᠯᠤᠭ᠎ᠠ3485 ᠺᠢᠯᠤᠮᠸᠲ᠋ᠷ ᠬᠢᠯᠢ ᠵᠢᠨ ᠱᠤᠭᠤᠮ ᠵᠢᠡᠷ ᠵᠠᠯᠭᠠᠯᠳᠤᠳᠠᠭ᠃21 ᠠᠢᠢᠮᠠᠭ ᠲᠠᠢ᠂ᠤᠯᠤᠰ ᠦᠨ ᠨᠡᠢᠢᠰᠯᠡᠯ ᠨᠢ ᠤᠯᠠᠭᠠᠨᠪᠠᠭᠠᠳᠤᠷ᠃ᠵᠢᠯ  ᠪᠦᠷᠢ ᠵᠢᠨ 7ᠰᠠᠷ᠎ᠠ ᠵᠢᠨ 11 ᠦ ᠡᠳᠦᠷ ᠤᠯᠤᠰ ᠦᠨ ᠪᠠᠶᠠᠷ ᠵᠢᠡᠨ ᠲᠡᠮᠳᠡᠭᠯᠡᠳᠡᠭ᠃

ᠮᠤᠩᠭ᠋ᠤᠯ ᠦᠨᠳᠦᠰᠦᠲᠡᠨ ᠲᠡᠯᠡᠬᠡᠢ ᠲᠡᠭᠡᠷ᠎ᠠ ᠪᠠᠷᠤᠭ ᠮᠢᠩᠭ᠋ᠠᠨ ᠲᠦᠮᠡᠨ ᠬᠦᠮᠦᠨ ᠠᠮᠠ ᠲᠠᠢ ᠪᠦᠬᠡᠳ ᠭᠤᠤᠯᠳᠠᠭᠤ ᠲᠤᠮᠳᠠᠳᠦ᠂ᠮᠤᠩᠭ᠋ᠤᠯ᠂ᠤᠷᠤᠰ ᠭᠤᠷᠪᠠᠨ ᠤᠯᠤᠰ ᠲᠦ ᠪᠠᠢᠢᠳᠠᠭ᠃ᠬᠦᠮᠦᠨ ᠰᠤᠳᠤᠯᠤᠯ ᠳᠦ ᠰᠠᠭᠤᠷᠢᠯᠠᠪᠠᠯ᠂《ᠮᠤᠩᠭ᠋ᠤᠯ ᠤᠳᠤᠮ》ᠲᠠᠢ ᠬᠦᠮᠦᠨ ᠨᠡᠩ ᠤᠯᠠᠨ ᠪᠤᠯᠬᠤ ᠨᠢ ᠭᠠᠷᠴᠠᠭ᠎ᠠ ᠦᠭᠡᠢ᠃ᠤᠢᠢᠷ᠎ᠠ ᠳᠦ᠂ᠮᠠᠨ ᠦ ᠰᠤᠷᠪᠤᠯᠵᠢᠯᠠᠭᠴᠢ ᠮᠤᠩᠭ᠋ᠤᠯ ᠳᠦ ᠬᠦᠷᠴᠦ ᠰᠤᠷᠪᠤᠯᠵᠢᠯᠠᠭᠰᠠᠨ ᠠᠭᠤᠯᠭ᠎ᠠ ᠵᠢ ᠪᠢᠳᠡ《ᠡᠵᠡᠨ ᠴᠢᠩᠬᠢᠰ ᠦᠨ ᠰᠢᠳᠦᠯᠬᠡ》᠂《ᠦᠪᠡᠷᠮᠢᠴᠠ ᠲᠠᠯ᠎ᠠ ᠨᠤᠲᠤᠭ》᠂《ᠬᠦᠪᠰᠡᠭᠦᠯ ᠨᠠᠭᠤᠷ》᠂《ᠮᠤᠷᠢᠲᠠᠨ ᠦᠨᠳᠦᠰᠦᠲᠡᠨ》᠂《ᠶᠠᠷᠡᠨ ᠲᠦᠷᠪᠡᠲᠡᠢ ᠠᠩᠴᠢᠨ》ᠵᠡᠷᠭᠡ ᠲᠤᠰᠬᠠᠢ ᠰᠡᠳᠦᠪ ᠵᠢᠡᠷ12 ᠬᠤᠭᠤᠴᠠᠭ᠎ᠠ ᠦᠷᠭᠦᠯᠵᠢᠯᠡᠭᠦᠯᠦᠨ ᠨᠡᠢᠢᠳᠡᠯᠡᠬᠦ ᠪᠡᠷ ᠪᠠᠢᠢᠨ᠎ᠠ᠃


ᠬᠤᠷᠢᠮ ᠦᠨ ᠶᠤᠰᠤᠯᠠᠯ ᠦᠨ ᠦᠶ᠎ᠠ ᠪᠡᠷ ᠤᠯᠠᠭᠠᠨᠪᠠᠭᠠᠳᠤᠷ ᠦᠨ ᠰᠦᠬᠡᠪᠠᠭᠠᠳᠤᠷ ᠲᠠᠯᠠᠪᠠᠢ ᠳᠦ ᠰᠤᠷᠭᠤᠭ ᠴᠡᠴᠡᠭ ᠬᠦᠷᠭᠡᠨ ᠵᠢᠷᠤᠭ ᠠᠪᠬᠤᠭᠤᠯᠬᠤ ᠬᠦᠮᠦᠰ

ᠰᠢ ᠵᠢᠨ ᠫᠢᠩ2013ᠤᠨ ᠦ9ᠰᠠᠷ᠎ᠠ ᠵᠢᠨ12 ᠦᠨ ᠡᠳᠦᠷ ᠪᠤᠯᠤᠨ10ᠰᠠᠷ᠎ᠠ ᠵᠢᠨ25 ᠵᠢᠨ ᠡᠳᠦᠷ ᠮᠤᠩᠭ᠋ᠤᠯ ᠤᠯᠤᠰ ᠦᠨ ᠶᠡᠷᠦᠩᠬᠡᠢᠢᠯᠡᠭᠴᠢ ᠡᠯᠪᠡᠭᠳᠤᠷᠵᠢ ᠪᠠ ᠶᠡᠷᠦᠩᠬᠡᠢ ᠰᠠᠢᠢᠳ ᠠᠯᠲᠠᠨᠬᠤᠶᠠᠭ ᠢ ᠲᠤᠰ ᠲᠤᠰ ᠬᠦᠯᠢᠶᠡᠨ ᠠᠪᠴᠦ ᠠᠭᠤᠯᠵᠠᠪᠠ

ᠤᠯᠤᠰ ᠦᠨ ᠤᠷᠠᠯᠢᠭ ᠦᠨ ᠤᠷᠳᠤᠨ ᠳᠦ ᠡᠳᠦᠷ ᠪᠤᠯᠭᠠᠨ ᠲᠤᠭᠯᠠᠯᠲᠠ ᠲᠠᠢ

ᠲᠦᠷᠦᠭᠰᠡᠨ ᠨᠤᠲᠤᠭ ᠲᠦ ᠨᠢ ᠪᠤᠰᠬᠠᠭᠰᠠᠨ ᠳ᠋ ᠨᠠᠴᠤᠭᠳᠤᠷᠵᠢ ᠵᠢᠨ ᠬᠦᠰᠢᠶ᠎ᠠ ᠪᠠ ᠰᠢᠯᠦᠭ ᠦᠨ ᠬᠢᠨᠢ ᠴᠢᠯᠠᠭᠤᠨ ᠰᠡᠢᠢᠯᠦᠮᠡᠯ

ᠴᠢᠩᠬᠢᠰ ᠬᠠᠭᠠᠨ ᠦ ᠲᠦᠷᠦᠭᠰᠡᠨ ᠨᠤᠲᠤᠭ

ᠠᠪᠤᠷᠭᠤ ᠮᠤᠷᠢᠨ ᠬᠤᠭᠤᠷ ᠦᠨ ᠲᠡᠷᠭᠡᠲᠡ



ᠵᠤᠬᠢᠶᠠᠭᠴᠢ᠄ ᠪᠠᠶᠠᠷ
ᠢᠷᠡᠯᠲᠡ᠄ ᠦᠨᠳᠦᠰᠦᠲᠡᠨ ᠦ ᠵᠢᠷᠤᠭᠲᠦ ᠰᠡᠳᠭᠦᠯ ᠦᠨ ᠬᠤᠷᠢᠶ᠎ᠠ
ᠬᠠᠷᠢᠶ᠎ᠠ᠄
ᠳᠠᠷᠤᠮ᠄ 463
ᠴᠠᠭ᠄ 2015 ᠤᠨ ᠤ 06 ᠰᠠᠷ᠎ᠠ ᠶᠢᠨ 15
ᠨᠠᠢ᠌ᠷᠠᠭᠤᠯᠤᠭᠴᠢ᠄ ᠰᠠᠴᠤᠷᠠᠯ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁