ᠾᠸᠨᠠᠨ ᠤ ᠨᠠᠠᠶ‍ᠠᠩ ᠤᠨ ᠮᠤᠩᠭ᠋ᠤᠯᠴᠤᠳ

ᠨᠠᠠᠶ‍ᠠᠩ ᠪᠣᠯ ᠾᠸᠨᠠᠨ ᠮᠤᠵᠢ ᠶᠢᠨ ᠮᠤᠩᠭ᠋ᠤᠯᠴᠤᠳ ᠤᠨ ᠬᠠᠮᠤᠭ ᠳᠤᠢᠪᠯᠠᠷᠠᠨ ᠰᠠᠭᠤᠷᠢᠰᠢᠵᠤ ᠪᠠᠢ᠌ᠭ᠎ᠠ ᠣᠷᠤᠨ ᠃ 13 ᠰᠢᠶ‍ᠠᠨ ᠶᠢᠡᠷ ᠨᠢ ᠰᠠᠭᠤᠷᠢᠰᠢᠵᠤ ᠪᠠᠢ᠌ᠭ᠎ᠠ 6 ᠳᠤᠢᠮᠠᠨ ᠮᠤᠩᠭ᠋ᠤᠯᠴᠤᠳ ᠨᠢ ᠪᠦᠭᠦ ᠮᠤᠵᠢ ᠶᠢᠨ ᠮᠤᠩᠭ᠋ᠤᠯᠴᠤᠳ ᠤᠨ 90% ᠡᠴᠡ ᠳᠡᠭᠡᠭ᠍ᠰᠢᠭᠢ ᠶᠢ ᠡᠵᠡᠯᠡᠵᠤ ᠪᠠᠢ᠌ᠳᠠᠭ ᠃

ᠴᠤᠤ ᠫᠢ ᠪᠠᠯᠭᠠᠰᠤᠨ ᠤ ᠣᠢᠠᠳᠤᠰᠤᠳᠠᠨ ᠳᠡᠦᠭᠡ ᠰᠤᠳᠤᠯᠤᠭᠴᠢ ᠸᠠᠩ ᠢᠤᠢ ᠵᠢᠩ ᠪᠠᠭᠰᠢ ᠡᠳᠡᠭᠡᠷ ᠮᠤᠩᠭ᠋ᠤᠯᠴᠤᠳ ᠤᠨ ᠳᠤᠬᠠᠢ ᠶ‍ᠠᠷᠢᠬᠤ ᠳᠠᠭᠠᠨ ᠄ ︽ ᠨᠠᠠᠶ‍ᠠᠩ ᠤᠨ ᠮᠤᠩᠭ᠋ᠤᠯᠴᠤᠳ ᠤᠨ ᠳᠤᠳᠤᠷ᠎ᠠ ᠸᠠᠩ ᠣᠪᠣᠭᠳᠠᠨ ᠪᠠ ᠯᠢ ᠣᠪᠣᠭᠳᠠᠨ ᠬᠠᠮᠤᠭ ᠣᠯᠠᠨ ᠪᠠᠢ᠌ᠳᠠᠭ ᠃ ᠳᠠᠳᠠᠨᠤᠰ ᠣᠢᠰᠤᠳ ᠥᠭᠡᠷ᠎ᠡ ᠣᠳᠤᠮ ᠣᠭᠰᠠᠭᠠᠨ ᠡᠴᠡ ᠢᠷᠠᠯᠳᠠᠢ ᠄ ᠨᠢᠭᠡ ᠨᠢ ᠣᠢᠪᠠᠷ ᠢ ᠪᠠᠨ ᠶ‍ᠤᠸᠠᠨ ᠣᠯᠤᠰ ᠤᠨ ᠬᠠᠭᠠᠨ ᠤ ᠣᠭᠰᠠᠭᠠᠨ ᠤ ᠭᠡᠮᠡᠭᠦ ᠸᠠᠩ ᠣᠪᠣᠭᠳᠠᠨ ᠂ ᠳᠠᠳᠠ ᠵᠸᠠᠫᠢᠩ ᠂ ᠨᠸᠢ᠌ᠰᠢᠶ‍ᠠᠩ ᠂ ᠵᠸᠴᠤᠸᠠᠨ ᠂ ᠨᠠᠠᠵᠤᠤ ᠵᠡᠷᠭᠡ ᠰᠢᠶ‍ᠠᠨ ᠶᠢᠡᠷ ᠳᠠᠷᠬᠠᠵᠤ ᠪᠠᠢ᠌ᠳᠠᠭ ︔ ᠨᠥᠭᠦᠭᠡ ᠨᠢ ᠶ‍ᠤᠸᠠᠨ ᠣᠯᠤᠰ ᠤᠨ ᠭᠠᠪᠢᠶ‍ᠠᠳᠤ ᠰᠠᠢ᠌ᠳ ᠮᠤᠬᠤᠯᠠᠢ ᠶᠢᠨ ᠬᠣᠢ᠌ᠴᠢᠰ ᠂ ᠳᠠᠳᠠ ᠪᠣᠯ ᠬᠠᠮᠤᠭ ᠠᠩᠬᠠᠨ ᠳᠠᠭᠠᠨ ᠯᠤᠢᠸᠸᠶ‍ᠠᠩ ᠤᠨ ᠰᠢ ᠳ᠋ᠸᠤ ᠊ᠭ᠍ᠸᠤ ᠣᠷᠴᠢᠮ ᠶᠢᠡᠷ ᠰᠠᠭᠤᠷᠢᠰᠢᠵᠤ ᠂ ᠰᠡᠭᠦᠯ ᠤᠨ ᠣᠢᠶ᠎ᠠ ᠳᠤ ᠨᠢᠭᠡ ᠰᠠᠯᠪᠣᠷᠢ ᠨᠢ ᠳᠡᠩᡁᠧ ᠂ ᠱᠸᠴᠢ ᠳᠤ ᠨᠡᠭᠦᠭ᠍ᠰᠡᠨ ᠯᠢ ᠣᠪᠣᠭᠳᠠᠨ ᠃ ᠡᠨᠡ ᠬᠤᠶ‍ᠠᠷ ᠶ‍ᠤᠸᠠᠨ ᠣᠯᠤᠰ ᠤᠨ ᠢᠵᠠᠭᠤᠷᠳᠠᠨ ᠤ ᠬᠣᠢ᠌ᠴᠢᠰ ᠮᠢᠩ ᠣᠯᠤᠰ ᠤᠨ ᠡᠭᠢᠨ ᠳᠤ ᠶ‍ᠠᠮᠠᠷ ᠨᠢᠭᠡᠨ ᠰᠢᠯᠳᠠᠭᠠᠨ ᠶᠢᠡᠷ ᠳᠤᠳᠤᠷ ᠭᠠᠵᠠᠷ ᠲᠤ ᠬᠤᠴᠤᠷᠴᠤ ᠂ ᠣᠪᠣᠭ ᠨᠠᠷ᠎ᠠ ᠪᠠᠨ ᠬᠤᠪᠢᠷᠠᠭᠤᠯᠵᠤ ᠂ ᠭᠢᠳᠠᠤᠠᠴᠤᠳ ᠲᠡᠶ ᠣᠷᠤᠭ ᠪᠠᠷᠢᠯᠳᠤᠵᠤ ᠣᠳᠤ ᠪᠣᠯᠳᠠᠯ᠎ᠠ ᠣᠢᠷᠠᠵᠢᠨ ᠳᠡᠯᠭᠡᠷᠡᠭ᠍ᠰᠡᠭᠡᠷ ᠢᠷᠠᠪᠠ ᠃ ︾ ᠭᠡᠵᠤ ᠪᠠᠢ᠌ᠪᠠ ᠃

ᠸᠠᠩ ᠢᠤᠢ ᠵᠢᠩ ᠪᠠᠭᠰᠢ ᠶᠢᠨ ᠸᠠᠩ ᠣᠪᠣᠭᠳᠠᠨ ᠳᠤ ᠠᠩᠬᠠᠨ ᠤ ᠳᠡᠭᠡᠳᠦᠰ ᠤᠨ ᠣᠢᠨᠠᠨ ᠨᠠᠷ᠎ᠠ ᠶᠢᠨ ᠳᠡᠮᠳᠡᠭᠯᠡᠯ ᠦᠭᠡᠶ ᠂ ︽ ᠡᠯ ᠯᠤᠤ ︾ ᠴᠤᠯᠠ ᠲᠡᠶ ᠂ ᠬᠤᠶ‍ᠠᠳᠤᠭᠠᠷ ᠳᠡᠭᠡᠳᠦᠰ ᠤᠨ ᠴᠤᠯᠠ ᠨᠢ ︽ ᠳ᠋ᠠ ᠯᠤᠤ ︾ ᠭᠡᠮᠡᠵᠤ ᠂ ᠭᠤᠷᠪᠠᠳᠤᠭᠠᠷ ᠳᠡᠭᠡᠳᠦᠰ ᠤᠨ ᠨᠠᠷ᠎ᠠ ᠢᠨᠤ ᠭᠦᠢ ᠂ ᠳᠦᠷᠪᠠᠳᠦᠭᠡᠷ ᠳᠡᠭᠡᠳᠦᠰ ᠤᠨ ᠨᠠᠷ᠎ᠠ ᠢᠨᠤ ᠽᠤᠢᠩ ᠰᠢᠶ‍ᠠᠩ ᠭᠡᠮᠡᠳᠡᠭ᠌ ᠂ ᠣᠩᠭ᠋ᠤᠨ ᠤ ᠭᠦᠰᠢᠶ‍ᠡᠨ ᠳᠡᠭᠡᠷ᠎ᠡ ᠨᠢ ᠵᠥᠪᠭᠡᠨ ︽ ᠸᠠᠩ ᠭᠦᠩ ᠤᠨ ᠣᠩᠭ᠋ᠤᠨ ︾ ᠭᠡᠤᠨ ᠴᠤᠢᠮ ᠨᠠᠷ᠎ᠠ ᠶᠢ ᠨᠢ ᠪᠢᠴᠢᠭᠡ ᠦᠭᠡᠶ ( ᠨᠠᠷ᠎ᠠ ᠨᠢ ᠳᠠᠪᠣᠳᠤᠭᠠᠷ ᠳᠡᠭᠡᠳᠦᠰ ᠤᠨ ᠣᠩᠭ᠋ᠤᠨ ᠤ ᠭᠦᠰᠢᠶ‍ᠡᠨ ᠡᠴᠡ ᠡᠭᠢᠯᠡᠨ ᠢᠯᠠᠷᠠᠨ᠎ᠠ ) ᠨᠢ ᠨᠢᠭᠤᠵᠤ ᠪᠠᠢ᠌ᠭ᠎ᠠ ᠶᠢᠨ ᠰᠠᠨᠠᠭ᠎ᠠ ᠮᠠᠰᠢ ᠢᠯᠡᠷᠭᠡᠢ ᠃ ᠬᠤᠶ‍ᠠᠳᠤᠭᠠᠷ ᠳᠡᠭᠡᠳᠦᠰ ᠤᠨ ᠣᠩᠭ᠋ᠤᠨ ᠤ ᠭᠦᠰᠢᠶ‍ᠡᠨ ᠳᠡᠭᠡᠷ᠎ᠡ ᠯᠠ ᠨᠠᠯᠢᠶ‍ᠠᠤᠨ ᠣᠯᠠᠨ ᠥᠰᠦᠭ᠌ ᠲᠡᠶ ᠪᠠᠢ᠌ᠳᠠᠭ ᠃ ᠳᠤᠰ ᠭᠦᠰᠢᠶ᠎ᠡ ᠶᠢ ᠮᠢᠩ ᠣᠯᠤᠰ ᠤᠨ ᠵᠢᠶᠠ ᠵᠢᠩ ᠤᠨ ᠠᠷᠪᠠᠨ ᠨᠢᠭᠡᠳᠦᠭᠡᠷ ᠣᠨ ᠳᠤ ᠪᠣᠰᠬᠠᠵᠤ ᠂ ᠴᠢᠩ ᠣᠯᠤᠰ ᠤᠨ ᠳᠦᠭᠡᠮᠡᠯ ᠡᠯᠪᠠᠭ᠍ᠳᠤ ᠶᠢᠨ ᠵᠢᠷᠭᠤᠳᠤᠭᠠᠷ ᠣᠨ ᠳᠤ ᠳᠠᠭᠢᠨ ᠥᠰᠦᠭ᠌ ᠰᠠᠢ᠌ᠯᠵᠠᠢ ᠂ ᠥᠭᠡ ᠣᠤᠠᠬ᠎ᠠ ᠨᠢ ᠭᠡᠳᠥᠢᠪᠠᠷ ᠳᠠᠯᠳᠠ ᠨᠢᠭᠤᠴᠠᠭᠠᠢ ᠪᠣᠯᠪᠠᠴᠤ ᠂ ᠶ‍ᠤᠸᠠᠨ ᠤ ᠬᠣᠢ᠌ᠴᠢᠰ ᠪᠣᠯᠬᠤ ᠶᠢ ᠨᠢ ᠳᠤᠳᠤᠷᠬᠠᠢ ᠳᠡᠮᠳᠡᠭᠯᠡᠵᠤ ᠪᠠᠢ᠌ᠪᠠ ᠃

ᠴᠤᠤ ᠫᠢ ᠭᠠᠵᠠᠷ ᠤᠨ ᠸᠠᠩ ᠣᠪᠣᠭᠳᠤ ᠭᠡᠷ ᠪᠦᠯᠢ ᠶᠢᠨ ᠳᠤᠮᠳᠠ ᠥᠷᠭᠡᠨ ᠶᠢᠡᠷ ᠳᠡᠯᠭᠡᠷᠡᠭ᠍ᠰᠡᠨ ᠮᠤᠩᠭ᠋ᠤᠯ ᠳᠡᠭᠡᠳᠦᠰ ᠤᠨ ᠶᠢᠡᠨ ᠳᠤᠬᠠᠢ ᠬᠤᠤᠰ ᠣᠶ‍ᠠᠩᠭ᠋᠎ᠠ ᠶᠢᠨ ᠭᠢᠨᠢ ᠰᠡᠭᠦᠯ ᠤᠨ ᠭᠡᠰᠡᠭ᠌ ᠲᠤ ᠳᠡᠮᠳᠡᠭᠯᠡᠳᠡᠭ᠌ ᠭᠠᠵᠠᠷ ᠤᠨ ᠨᠠᠷ᠎ᠠ ᠨᠢ ᠳᠤᠰ ᠳᠤᠰ ᠰᠠᠭᠤᠷᠢᠰᠢᠵᠤ ᠪᠠᠢ᠌ᠭ᠎ᠠ ᠳᠤᠰᠬᠤᠨ ᠤ ᠨᠠᠷ᠎ᠠ ᠶᠢ ᠳᠠᠭᠠᠵᠤ ᠠᠶ‍ᠠᠠᠳᠠᠭᠠᠨ ᠬᠤᠪᠢᠷᠠᠵᠤ ᠪᠠᠢ᠌ᠳᠠᠭ ᠃ ᠣᠢ᠌ᠷ᠎ᠠ ᠳᠤ ᠬᠤᠶ‍ᠠᠷ ᠸᠠᠩ ᠣᠪᠣᠭᠳᠤ ᠭᠡᠷ ᠪᠦᠯᠢ ᠶᠢᠨ ᠭᠢᠨ ᠴᠢᠩᠭᠢᠰ ᠬᠠᠭᠠᠨ ᠤ ᠭᠦᠷᠦᠭ᠌ ᠢ ᠳᠠᠷᠤᠮᠠᠯᠯᠠᠭᠤᠯᠵᠤ ᠂ ᠳᠣᠢ᠌ᠯ ᠶᠢᠡᠷ ᠨᠠᠠᠳᠢᠩᠨᠠᠨ ᠡᠷᠭᠢᠮᠨᠡᠵᠤ ᠂ ᠳᠡᠭᠡᠳᠦᠰ ᠶᠢᠡᠨ ᠮᠥᠷᠦᠭᠡᠦᠡᠭᠦ ᠴᠢᠩ ᠣᠢᠨᠠᠠᠴᠢ ᠰᠡᠦᠡᠭᠢᠯᠭᠡ ᠪᠠᠨ ᠢᠯᠡᠦᠡᠭᠡᠭᠦ ᠪᠣᠯᠵᠠᠢ ᠃

ᠣᠳᠤ ᠮᠤᠩᠭ᠋ᠤᠯᠴᠤᠳ ᠬᠠᠮᠤᠭ ᠣᠯᠠᠨ ᠪᠠᠢ᠌ᠭ᠎ᠠ ᠴᠤᠤ ᠫᠢ ᠪᠠᠯᠭᠠᠰᠤ ᠨᠢ ᠵᠧᠨ ᠫᠢᠩ ᠰᠢᠶ‍ᠠᠨ ᠤ ᠬᠤᠳᠠ ᠶᠢᠨ ᠪᠠᠷᠠᠭᠤᠨ ᠳᠤ ᠪᠣᠢ ᠂ 312 ᠳ᠋ᠤᠭᠠᠷ ᠣᠯᠤᠰ ᠤᠨ ᠵᠠᠮ ᠭᠢᠭᠡᠤᠨ ᠨᠠᠠᠵᠢᠩ ︱ ᠰᠢ ᠠᠨ ᠳᠠᠮᠤᠷ ᠵᠠᠮ ᠡᠨᠡᠭᠦᠷ ᠥᠩᠭᠡᠷᠡᠵᠤ ᠂ ᠡᠮᠦᠨ᠎ᠡ ᠣᠮᠠᠷ᠎ᠠ ᠶᠢ ᠨᠡᠪᠳᠡᠷᠡᠭᠦᠯᠦᠭ᠍ᠰᠡᠨ ᠭᠠᠵᠠᠷ ᠵᠤᠢᠢ ᠶᠢᠨ ᠪᠠᠢ᠌ᠷᠢ ᠪᠠ ᠵᠡᠭᠦᠨ ᠪᠠᠷᠠᠭᠤᠨ ᠢ ᠬᠤᠯᠪᠣᠭᠰᠠᠨ ᠵᠠᠮ ᠬᠠᠷᠢᠯᠴᠠᠭ᠎ᠠ ᠶᠢᠨ ᠨᠥᠭᠦᠴᠡᠯ ᠨᠢ ᠡᠡᠳᠡ ᠭᠦᠭ᠍ᠵᠢᠯ ᠪᠠᠳᠠᠷᠠᠯ ᠤᠨ ᠠᠭᠤᠳᠠᠮ ᠣᠷᠤᠨ ᠵᠠᠢ ᠣᠯᠭᠤᠭᠰᠠᠨ ᠪᠠᠢ᠌ᠨ᠎ᠠ ᠃ ᠴᠤᠤ ᠫᠢ ᠪᠠᠯᠭᠠᠰᠤᠨ ᠤ ᠣᠯᠠᠨ ᠳᠤᠢᠮᠠᠨ ᠭᠠᠷ ᠣᠢ᠌ᠯᠠᠤᠠᠪᠣᠷᠢ ᠵᠢᠴᠢ ᠠᠷᠠᠯᠵᠢᠶ᠎ᠠ ᠮᠠᠢ᠌ᠮᠠᠢ ᠪᠠᠷ ᠠᠯᠳᠠᠷᠰᠢᠵᠤ ᠂ ᠬᠠᠰ ᠰᠠᠢ᠌ᠯᠤᠮᠠᠯ ᠂ ᠭᠡᠪᠢᠰ ᠵᠡᠷᠭᠡ ᠠᠵᠤ ᠣᠢ᠌ᠯᠠᠰ ᠨᠢ ᠣᠢᠨᠢ ᠣᠳᠠᠭᠠᠨ ᠳᠡᠦᠭᠡ ᠲᠡᠶ ᠃ ᠰᠢᠶ‍ᠠᠩ ᠪᠠᠯᠭᠠᠰᠤᠨ ᠤ ᠠᠵᠤ ᠠᠭᠣᠢ᠌ᠯᠠᠯ ᠢ ᠨᠠᠯᠢᠶ‍ᠠᠤᠨ ᠡᠷᠳᠡᠨ ᠡᠴᠡ ᠡᠷᠭᠢᠯᠡᠵᠤ ᠂ ᠬᠤᠪᠢ ᠶᠢᠨ ᠡᠵᠡᠩᠨᠡᠯᠳᠡ ᠶᠢᠨ ᠠᠵᠤ ᠠᠬᠤᠢ ᠣᠢᠤᠠᠳᠤᠷ ᠳᠦᠷᠭᠡᠨ ᠭᠦᠭ᠍ᠵᠢᠵᠤ ᠂ ᠣᠳᠠᠭᠠᠨ ᠬᠤᠭᠤᠴᠠᠭ᠎ᠠ ᠪᠠᠷ ᠭᠠᠳᠠᠷ ᠣᠷᠤᠨ ᠶᠢᠡᠷ ᠠᠷᠠᠯᠵᠢᠶ᠎ᠠ ᠭᠢᠵᠤ ᠪᠠᠢ᠌ᠭ᠎ᠠ ᠭᠦᠮᠦᠰ 8000 ᠭᠠᠷᠤᠢ ᠪᠣᠯᠵᠠᠢ ᠃ ᠣᠢ᠌ᠷ᠎ᠠ ᠶᠢᠨ ᠵᠢᠯ ᠳᠤ ᠂ ᠴᠤᠤ ᠫᠢ ᠪᠠᠯᠭᠠᠰᠤ ᠾᠸᠨᠠᠨ ᠮᠤᠵᠢ ᠶᠢᠨ ᠪᠦᠳᠦᠭᠡᠨ ᠪᠠᠢ᠌ᠭᠤᠯᠤᠯᠳᠠ ᠶᠢᠨ ᠳᠢᠩᠭᠢᠮ ᠳᠤ ︽ ᠳᠤᠮᠳᠠᠳᠤ ᠣᠷᠤᠨ ᠤ ᠨᠠᠷᠠᠳᠤ ᠪᠠᠯᠭᠠᠰᠤ ︾ ᠭᠡᠮᠡᠭ᠍ᠳᠡᠵᠤ ᠂ ᠨᠠᠠᠶ‍ᠠᠩ ᠬᠤᠳᠠ ᠶᠢᠨ ᠨᠠᠮ ᠤᠨ ᠬᠤᠷᠢᠶ᠎ᠠ ᠂ ᠵᠠᠰᠠᠭ ᠤᠨ ᠣᠷᠳᠤᠨ ᠳᠤ ︽ ᠬᠤᠳᠠ ᠶᠢᠨ ᠪᠦᠳᠦᠭᠡᠨ ᠪᠠᠢ᠌ᠭᠤᠯᠤᠯᠳᠠ ᠶᠢᠨ ᠨᠠᠷᠠᠳᠤ ᠪᠠᠯᠭᠠᠰᠤ ︾ ᠂ ︽ ᠰᠢᠡᠵᠢᠯᠡᠭᠦ ᠣᠬᠠᠭᠠᠨ ᠳᠸᠭ᠍ᠨᠢᠭ᠌ ᠮᠡᠷᠭᠡᠵᠢᠯ ᠤᠨ ᠭᠡᠪ ᠳᠠᠭᠤᠷᠢᠶ‍ᠠᠯ ᠪᠠᠯᠭᠠᠰᠤ ︾ ᠪᠠ ︽ ᠶ‍ᠡᠷᠦᠩᠭᠡᠢ ᠥᠭᠡᠷᠡᠴᠢᠯᠡᠯᠳᠡ ᠭᠦᠭ᠍ᠵᠢᠯᠳᠡ ᠶᠢᠨ ᠪᠦᠳᠦᠭᠡᠨ ᠪᠠᠢ᠌ᠭᠤᠯᠤᠯᠳᠠ ᠶᠢᠨ ᠳᠤᠷᠰᠢᠯᠳᠠ ᠶᠢᠨ ᠪᠠᠯᠭᠠᠰᠤ ︾ ᠭᠡᠵᠤ ᠨᠡᠷᠡᠢ᠌ᠳᠦᠭ᠍ᠳᠡᠭ᠍ᠰᠡᠨ ᠪᠠᠢ᠌ᠨ᠎ᠠ ᠃ ( ᠵᠤᠨ᠎ᠠ ᠨᠠᠢ᠌ᠷᠠᠭᠤᠯᠤᠨ ᠣᠷᠴᠢᠭᠤᠯᠪᠠ )


ᠴᠤᠤ ᠫᠢ ᠪᠠᠯᠭᠠᠰᠤᠨ ᠤ ᠸᠠᠩ ᠣᠪᠣᠭᠳᠤ ᠮᠤᠩᠭ᠋ᠤᠯᠴᠤᠳ ᠤᠨ ᠣᠭᠰᠠᠭᠠᠨ ᠤ ᠴᠠᠳᠢᠭ

ᠴᠤᠤ ᠫᠢ ᠪᠠᠯᠭᠠᠰᠤᠨ ᠤ ᠠᠷᠠᠤᠨ ᠤᠨ ᠭᠠᠷ ᠣᠷᠠᠯᠠᠯ ᠤᠨ ᠶ‍ᠡᠭᠡ ᠳᠠᠷᠬᠠᠨ ᠸᠠᠩ ᠢᠤᠢᠢ ᠵᠢᠩ ( ᠮᠤᠩᠭ᠋ᠤᠯ ᠣᠢᠠᠳᠤᠰᠤᠳᠠᠨ )

ᠣᠩᠭ᠋ᠤᠨ ᠤ ᠭᠦᠰᠢᠶ‍ᠡᠨ ᠳᠡᠭᠡᠷ᠎ᠡ ︽ ᠸᠠᠩ ᠭᠦᠩ ᠤᠨ ᠣᠩᠭ᠋ᠤᠨ ︾ ᠭᠡᠵᠤ ᠯᠠ ᠰᠡᠢ᠌ᠯᠦᠭᠡᠰᠦᠳᠡᠢ

ᠮᠤᠩᠭ᠋ᠤᠯ ᠣᠢᠠᠳᠤᠰᠤᠳᠠᠨ ᠤ ᠣᠯᠠ ᠮᠤᠢᠷ ᠢ ᠡᠷᠢᠨ ᠰᠤᠷᠪᠣᠯᠵᠢᠯᠠᠵᠤ ᠪᠠᠢ᠌ᠭ᠎ᠠ ᠨᠢ

ᠸᠠᠩ ᠣᠪᠣᠭᠳᠤ ᠶᠢᠨ ᠳᠡᠭᠡᠳᠦᠰ ᠤᠨ ᠣᠩᠭ᠋ᠤᠨ

ᠳᠤᠮᠤ ᠭᠡᠯᠪᠠᠷᠢ ᠶᠢᠨ ᠨᠠᠷᠢᠯᠢᠭ ᠭᠢᠴᠠᠳᠠᠢ ᠭᠡᠪᠢᠰ ᠢ ᠴᠤᠢᠮ ᠭᠠᠷ ᠶᠢᠡᠷ ᠣᠷᠠᠯᠠᠨ ᠰᠥᠯᠵᠢᠭ᠍ᠰᠡᠨ ᠪᠠᠢ᠌ᠳᠠᠭ

ᠭᠡᠪᠢᠰᠤᠨ ᠳᠤ ᠭᠡ ᠣᠭᠠᠯᠵᠠ ᠨᠡᠭᠡᠨ᠎ᠡ

ᠬᠠᠰ ᠡᠳ᠋ᠯᠡᠯ ᠤᠨ ᠪᠣᠯᠪᠠᠰᠤᠷᠠᠭᠤᠯᠤᠯᠳᠠ ᠨᠢ ᠴᠤ ᠴᠤᠤ ᠫᠢ ᠪᠠᠯᠭᠠᠰᠤᠨ ᠤ ᠪᠠᠰᠠ ᠨᠢᠭᠡ ᠳᠤᠯᠭᠠᠭᠤᠷᠢ ᠠᠵᠤ ᠣᠢ᠌ᠯᠠᠰ

ᠬᠠᠰ ᠣᠷᠠᠯᠠᠯ ᠤᠨ ᠵᠣᠢ᠌ᠯᠠᠰ


ᠵᠤᠬᠢᠶᠠᠭᠴᠢ᠄ ᠳᠸᠩ ᠵᠢᠶ‍ᠤᠢᠨ
ᠢᠷᠡᠯᠲᠡ᠄ ᠣᠢᠠᠳᠤᠰᠤᠳᠠᠨ ᠤ ᠵᠢᠷᠤᠭᠳᠤ ᠰᠡᠦᠡᠭᠦᠯ ᠤᠨ ᠬᠤᠷᠢᠶ᠎ᠠ
ᠬᠠᠷᠢᠶ᠎ᠠ᠄ ᠦᠨᠳᠦᠰᠦᠲᠡᠨ ᠤ ᠵᠢᠷᠤᠭᠲᠤ ᠰᠡᠳᠬᠦᠯ
ᠳᠠᠷᠤᠮ᠄ 480
ᠴᠠᠭ᠄ 2015 ᠤᠨ ᠤ 05 ᠰᠠᠷ᠎ᠠ ᠶᠢᠨ 11
ᠨᠠᠢ᠌ᠷᠠᠭᠤᠯᠤᠭᠴᠢ᠄ ᠰᠠᠴᠤᠷᠠᠯ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁