ᠰᠤᠶᠤᠯ ᠦᠨ ᠵᠤᠭᠠᠴᠠᠯ ᠵᠢᠡᠷ ᠬᠦᠭᠵᠢᠯᠲᠡ ᠪᠠᠨ ᠠᠬᠢᠭᠤᠯᠤᠨ᠎ᠠ

2013ᠤᠨ ᠦ7ᠰᠠᠷ᠎ᠠ ᠵᠢᠨ20 ᠦ ᠡᠳᠦᠷ ᠡᠴᠡ 10ᠰᠠᠷ᠎ᠠ ᠵᠢᠨ7 ᠦ ᠡᠳᠦᠷ ᠪᠤᠯᠳᠠᠯ᠎ᠠ᠂8  ᠬᠤᠨᠤᠭ ᠶᠠᠪᠤᠭᠳᠠᠭᠰᠠᠨ ᠠᠩᠬᠠᠳᠠᠭᠴᠢ ᠲᠤᠮᠳᠠᠳᠦ ᠤᠯᠤᠰ ᠦᠨ ᠨᠡᠭᠦᠳᠡᠯ ᠰᠤᠶᠤᠯ ᠦᠨ ᠵᠤᠭᠠᠴᠠᠯ ᠦᠨ ᠪᠠᠶᠠᠷ ᠨᠢ ᠲᠡᠭᠦᠰ ᠠᠮᠵᠢᠯᠲᠠ ᠤᠯᠵᠦ᠂ᠤᠯᠤᠰ ᠦᠨ ᠲᠤᠳᠤᠭᠠᠳᠦ ᠳᠦ ᠶᠡᠬᠡ ᠴᠤᠤᠷᠢᠶ᠎ᠠ ᠡᠭᠦᠰᠭᠡᠵᠦ᠂ᠲᠠᠷᠬᠠᠨ ᠮᠤᠤᠮᠢᠩᠭ᠋ᠠᠨ ᠬᠤᠯᠪᠤᠭᠠᠳᠦ ᠬᠤᠰᠢᠭᠤᠨ ᠦ ᠨᠡᠭᠦᠳᠡᠯ ᠮᠠᠯᠵᠢᠯ ᠦᠨ ᠤᠷᠤᠯᠭ᠎ᠠ ᠵᠢ5.3 ᠳ᠋ᠦᠩᠰᠢᠭᠤᠷ ᠲᠦᠬᠦᠷᠢᠭ᠌ ᠲᠦ ᠬᠦᠷᠳᠡᠯ᠎ᠠ ᠲᠡᠥᠬᠡ ᠵᠢᠨ ᠰᠢᠨ᠎᠎ᠠ ᠲᠦᠪᠰᠢᠨ ᠳᠦ ᠬᠦᠷᠭᠡᠵᠡᠢ᠃ᠠᠩᠬᠠᠳᠠᠭᠴᠢ ᠲᠤᠮᠳᠠᠳᠤ ᠤᠯᠤᠰ ᠦᠨ ᠨᠡᠭᠦᠳᠡᠯ ᠰᠤᠶᠤᠯ ᠦᠨ ᠵᠤᠭᠠᠴᠠᠯ ᠦᠨ ᠪᠠᠶᠠᠷ ᠨᠢ ᠲᠠᠷᠬᠠᠨ ᠮᠤᠤᠮᠢᠩᠭ᠋ᠠᠨ ᠬᠤᠯᠪᠤᠭᠠᠳᠦ ᠬᠤᠰᠢᠭᠤᠨ ᠦ ᠰᠤᠶᠤᠯ ᠦᠨ ᠪᠠᠶᠠᠯᠢᠭ ᠠᠭᠤᠯᠬᠤᠨ ᠢ ᠲᠡᠭᠦᠯᠳᠡᠷ ᠠᠭᠤᠳᠠᠯᠤᠭᠰᠠᠨ ᠵᠢᠡᠷ ᠤᠷᠤᠨ ᠨᠤᠲᠤᠭ ᠦᠨ ᠦᠨᠳᠦᠰᠦᠲᠡᠨ ᠦ ᠰᠤᠶᠤᠯ ᠢ ᠤᠯᠠᠮᠵᠢᠯᠠᠨ ᠪᠠᠳᠠᠷᠠᠭᠤᠯᠵᠦ᠂ᠵᠠᠩ ᠦᠢᠯᠡ ᠵᠢᠨ ᠠᠵᠢᠯᠯᠠᠭ᠎ᠠ ᠵᠢ ᠤᠯᠠᠨ ᠠᠷᠭ᠎ᠠ ᠵᠠᠮ ᠵᠢᠡᠷ ᠬᠠᠷᠠᠭᠤᠯᠤᠨ᠂ᠲᠠᠷᠬᠠᠨ ᠮᠤᠤᠮᠢᠩᠭ᠋ᠠᠨ ᠬᠤᠯᠪᠤᠭᠠᠳᠦ ᠬᠤᠰᠢᠭᠤᠨ ᠦ ᠰᠤᠶᠤᠯ ᠦᠨ ᠪᠷᠠᠨᠳ᠋ ᠵᠢ ᠪᠦᠳᠦᠭᠡᠵᠦ᠂ᠰᠤᠶᠤᠯ ᠪᠠ ᠵᠤᠭᠠᠴᠠᠯ ᠦᠨ ᠬᠦᠨ ᠤᠶᠠᠯᠳᠤᠯ ᠢ ᠠᠬᠢᠭᠤᠯᠵᠦ᠂ᠦᠨᠳᠦᠰᠦᠲᠡᠨ ᠦ ᠤᠷᠤᠨ ᠦ ᠰᠤᠶᠤᠯ ᠦᠨ ᠠᠵᠦ ᠦᠢᠯᠡᠰ ᠢ ᠬᠦᠭᠵᠢᠬᠦᠯᠤᠨ᠂ᠰᠤᠶᠤᠯ ᠦᠨ ᠵᠤᠭᠠᠴᠠᠯ ᠦᠨ ᠦᠢᠯᠡᠰ ᠢ ᠤᠯᠠᠮ ᠬᠦᠭᠵᠢᠬᠦᠯᠵᠦ᠂ᠬᠤᠳᠠ ᠬᠦᠳᠡᠬᠡ ᠵᠢᠨ ᠰᠠᠭᠤᠭᠠᠯᠢ ᠠᠷᠠᠳ ᠦᠨ ᠤᠷᠤᠯᠭ᠎ᠠ ᠵᠢ ᠨᠡᠩ ᠨᠡᠮᠡᠭᠳᠡᠭᠦᠯᠦᠨ᠂ᠰᠤᠶᠤᠯ ᠠᠮᠢ ᠠᠬᠤᠢ ᠵᠢᠨ ᠵᠤᠭᠠᠴᠠᠯ ᠦᠨ ᠰᠠᠭᠤᠷᠢᠨ ᠭᠠᠵᠠᠷ ᠪᠠᠢᠢᠭᠤᠯᠬᠤ ᠵᠡᠷᠭᠡ ᠲᠠᠯ᠎ᠠ ᠪᠡᠷ ᠮᠠᠰᠢ ᠰᠠᠢᠢᠨ ᠲᠦᠯᠬᠢᠴᠡ ᠦᠢᠯᠡᠳᠦᠯ ᠦᠵᠡᠬᠦᠯᠪᠡ᠃

ᠡᠨᠡ ᠤᠳᠠᠭᠠᠨ ᠦ ᠨᠡᠭᠦᠳᠡᠯ ᠰᠤᠶᠤᠯ ᠦᠨ ᠵᠤᠭᠠᠴᠠᠯ ᠦᠨ ᠪᠠᠶᠠᠷ ᠤᠯᠠᠨ  ᠲᠦᠮᠡᠨ ᠦ ᠲᠤᠷ᠎ᠠ ᠰᠤᠨᠢᠷᠬᠠᠯᠲᠠᠢ ᠪᠦᠬᠡᠳ ᠵᠠᠬ᠎ᠠ  ᠲᠡᠯᠭᠡᠭᠦᠷ ᠵᠢᠨ ᠲᠠᠯᠳᠠ ᠬᠦᠮᠦᠨ ᠪᠠ ᠰᠤᠶᠤᠯ ᠦᠨ ᠦᠨ᠎ᠠ ᠦᠷᠳᠡᠭ ᠲᠠᠢ ᠠᠵᠢᠯᠯᠠᠭ᠎ᠠ ᠵᠢᠨ ᠵᠦᠢᠯ ᠢ ᠦᠯᠡᠳᠡᠭᠡᠬᠦ;ᠠᠵᠢᠯᠯᠠᠭᠠᠨ ᠦ ᠠᠭᠤᠯᠭ᠎ᠠ ᠵᠢ ᠦᠷᠭᠡᠳᠭᠡᠵᠦ᠂ᠲᠡᠭᠡᠳᠦ ᠵᠡᠷᠭᠡᠯᠡᠯ ᠦᠨ ᠠᠭᠤᠯᠭ᠎ᠠ ᠵᠢ ᠨᠡᠮᠡᠭᠳᠡᠭᠦᠯᠵᠦ᠂ᠨᠡᠭᠦᠳᠡᠯ ᠰᠤᠶᠤᠯ ᠢ ᠤᠳᠤ ᠦᠶ᠎ᠠ ᠵᠢᠨ ᠰᠤᠶᠤᠯ ᠦᠨ ᠰᠤᠯᠢᠯᠴᠠᠭ᠎ᠠ ᠲᠠᠢ ᠤᠶᠠᠯᠳᠠᠭᠤᠯᠤᠨ᠂ᠲᠠᠯ᠎ᠠ ᠨᠤᠲᠤᠭ ᠦᠨ ᠤᠯᠠᠨ ᠤᠯᠤᠰ ᠦᠨ ᠶᠠᠷᠢᠯᠴᠠᠭᠠᠨ ᠦ ᠲᠠᠪᠴᠠᠩ᠂ᠤᠯᠠᠨ ᠤᠯᠤᠰ ᠦᠨ ᠲᠡᠷᠢᠬᠦᠨ ᠵᠡᠷᠭᠡᠯᠡᠯ ᠦᠨ ᠮᠤᠲ᠋ᠤᠷ ᠦᠨ ᠰᠤᠷᠢᠯᠲᠠ ᠤᠷᠤᠯᠳᠤᠭᠠᠨ᠂ᠮᠤᠩᠭ᠋ᠤᠯ ᠦᠨᠳᠦᠰᠦᠲᠡᠨ ᠦ ᠤᠷᠠᠨ ᠰᠠᠢᠢᠬᠠᠨ ᠦ ᠲᠤᠭᠯᠠᠯᠲᠠ᠂ᠮᠤᠩᠭ᠋ᠤᠯ ᠦᠨᠳᠦᠰᠦᠲᠡᠨ ᠦ ᠭᠠᠷ ᠤᠷᠯᠠᠯ ᠦᠨ ᠤᠷ᠎ᠠ ᠦᠵᠡᠬᠦᠯᠦᠯᠬᠡ᠂ᠮᠤᠩᠭ᠋ᠤᠯ ᠦᠨᠳᠦᠰᠦᠲᠡᠨ ᠦ ᠵᠠᠩ ᠦᠢᠯᠡ ᠵᠤᠭ᠎ᠠ ᠨᠠᠭᠠᠳᠤᠮ᠂ᠲᠠᠬᠢᠯᠭ᠎ᠠ ᠵᠢᠨ ᠶᠤᠰᠤᠯᠠᠯ᠂ᠤᠷᠤᠨ ᠪᠦᠰᠡ ᠵᠢᠨ ᠠᠵᠦ ᠠᠬᠤᠢ ᠵᠢᠨ ᠰᠤᠶᠤᠯ ᠦᠨ ᠠᠵᠢᠯᠯᠠᠭ᠎ᠠ ᠵᠡᠷᠭᠡ ᠵᠢ ᠡᠷᠬᠢᠯᠡᠬᠦ ᠪᠤᠯᠤᠨ᠎ᠠ᠃

ᠨᠡᠭᠦᠳᠡᠯ ᠰᠤᠶᠤᠯ ᠦᠨ ᠠᠴᠢᠶᠠᠯᠠᠵᠦ ᠪᠠᠢᠢᠭ᠎ᠠ ᠨᠢ ᠵᠦᠪᠬᠡᠨ ᠲᠡᠥᠬᠡ ᠰᠤᠶᠤᠯ ᠪᠠ ᠦᠨᠳᠦᠰᠦᠲᠡᠨ ᠦ ᠰᠤᠶᠤᠯ ᠦᠨ ᠤᠯᠠᠨ ᠡᠰᠢᠵᠦ ᠰᠤᠷᠠᠭ ᠵᠠᠩᠬᠢ ᠲᠡᠳᠦᠢ ᠪᠤᠰᠤ᠂ᠬᠠᠷᠢᠨ ᠬᠦᠮᠦᠨ ᠪᠠ ᠪᠠᠢᠢᠭᠠᠯᠢ᠂ᠬᠦᠮᠦᠨ ᠪᠠ ᠨᠡᠢᠢᠭᠡᠮ ᠦᠨ ᠡᠶ᠎ᠠ ᠵᠤᠬᠢᠴᠠᠯ ᠲᠠᠢ ᠪᠡᠷ ᠬᠠᠮᠳᠦ ᠤᠷᠤᠰᠢᠵᠦ᠂ᠬᠠᠮᠳᠦ ᠬᠦᠭᠵᠢᠬᠦ ᠰᠤᠶᠤᠯ ᠦᠨ ᠡᠭᠦᠷᠭᠡ ᠵᠢ ᠨᠡᠩ ᠢᠯᠡᠬᠦᠦ ᠠᠴᠢᠶᠠᠯᠠᠵᠦ ᠪᠠᠢᠢᠭ᠎ᠠ ᠶᠤᠮ᠃ᠨᠡᠭᠦᠳᠡᠯ ᠰᠤᠶᠤᠯ ᠦᠨ ᠪᠠᠷᠠᠨᠳ᠋ ᠵᠢ ᠪᠦᠳᠦᠭᠡᠬᠦ ᠪᠤᠯ ᠤᠯᠤᠰ ᠦᠨ ᠰᠤᠶᠤᠯ ᠦᠨ ᠪᠠᠢᠢᠯᠳᠤᠬᠤ ᠪᠤᠳᠤᠯᠭ᠎ᠠ ᠵᠢᠨ ᠬᠡᠷᠡᠭᠴᠡᠬᠡ᠂ᠲᠡᠭᠡᠳᠦ ᠵᠡᠷᠭᠡᠯᠡᠯ ᠦᠨ ᠰᠢᠨ᠎ᠠ ᠬᠡᠯᠪᠡᠷᠢ ᠵᠢᠨ ᠰᠤᠶᠤᠯ ᠦᠨ ᠵᠤᠭᠠᠴᠠᠯ ᠦᠨ ᠦᠢᠯᠡᠰ ᠢ ᠡᠭᠦᠳᠬᠦ ᠵᠢᠨ ᠬᠡᠷᠡᠭᠴᠡᠬᠡ ᠪᠦᠬᠡᠳ ᠨᠡᠩ ᠴᠦ ᠨᠡᠭᠦᠳᠡᠯ ᠰᠤᠶᠤᠯ ᠦᠨ ᠦᠨ᠎ᠠ ᠦᠷᠳᠡᠭ ᠢ ᠲᠠᠬᠢᠨ ᠪᠦᠳᠦᠭᠡᠬᠦ ᠪᠠ ᠲᠡᠭᠡᠭ᠍ᠰᠢᠯᠡᠬᠦᠯᠬᠦ ᠵᠢᠨ ᠬᠡᠷᠡᠭᠴᠡᠭᠡ ᠶᠤᠮ᠃

ᠨᠠᠭᠠᠳᠤᠮ ᠦᠨ ᠲᠠᠯᠠᠪᠠᠢ

ᠬᠤᠰᠢᠭᠤᠨ ᠦ ᠨᠠᠮ ᠦᠨ ᠬᠤᠷᠢᠶᠠᠨ ᠦ ᠱᠦᠵᠢ ᠮᠤᠷᠢᠨ ᠤᠷᠤᠯᠳᠤᠭᠠᠨ ᠦ ᠲᠡᠷᠢᠬᠦᠨ ᠳᠦ ᠱᠠᠩᠨᠠᠯ ᠤᠯᠭᠤᠪᠠ
ᠬᠤᠰᠢᠭᠤᠨ ᠲᠠᠷᠤᠭ᠎ᠠ ᠡᠩᠬᠡᠳᠦᠪᠰᠢᠨ ᠮᠤᠷᠢᠨ ᠤᠷᠤᠯᠳᠤᠭᠠᠨ ᠦ ᠲᠡᠷᠢᠬᠦᠨ ᠳᠦ ᠱᠠᠩᠨᠠᠯ ᠤᠯᠭᠤᠪᠠ

ᠮᠤᠷᠢᠳᠦ ᠪᠠᠭ ᠦᠨ ᠬᠢᠨ

ᠲᠡᠮᠡᠭᠡᠳᠦ ᠪᠠᠭ ᠦᠨ ᠬᠢᠨ

ᠪᠦᠬᠡᠴᠢᠳ

ᠬᠤᠯᠪᠤᠭ᠎ᠠ ᠵᠢᠨ ᠲᠤᠰᠬᠠᠢ ᠦᠳᠡᠰᠢᠯᠡᠬᠡ

ᠲᠤᠭᠤᠢ ᠲᠡᠷᠬᠡ ᠵᠢᠨ ᠬᠡᠬᠡᠷ᠎ᠠ ᠵᠢᠨ ᠤᠷᠤᠯᠳᠤᠭᠠᠨ

ᠨᠠᠢᠢᠷᠠᠯ ᠲᠠᠭᠤᠨ ᠦ ᠤᠷᠤᠯᠳᠤᠭᠠᠨ

ᠢᠰᠡᠭᠡᠢ ᠲᠠᠷᠤᠬᠤ ᠤᠷᠤᠯᠳᠤᠭᠠᠨ

ᠮᠤᠩᠭ᠋ᠤᠯ ᠬᠤᠭᠤᠯᠠ ᠬᠢᠬᠦ ᠤᠷᠤᠯᠳᠤᠭᠠᠨ



ᠵᠤᠬᠢᠶᠠᠭᠴᠢ᠄ ᠵᠢᠮᠢᠰ
ᠢᠷᠡᠯᠲᠡ᠄ ᠦᠨᠳᠦᠰᠦᠲᠡᠨ ᠦ ᠵᠢᠷᠤᠭᠲᠦ ᠰᠡᠳᠭᠦᠯ ᠦᠨ ᠬᠤᠷᠢᠶ᠎ᠠ
ᠬᠠᠷᠢᠶ᠎ᠠ᠄
ᠳᠠᠷᠤᠮ᠄ 258
ᠴᠠᠭ᠄ 2015 ᠤᠨ ᠤ 07 ᠰᠠᠷ᠎ᠠ ᠶᠢᠨ 04
ᠨᠠᠢ᠌ᠷᠠᠭᠤᠯᠤᠭᠴᠢ᠄ ᠰᠠᠴᠤᠷᠠᠯ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁