ᠾᠸᠵᠸ ᠦᠨᠳᠦᠰᠦᠲᠡᠨ ᠦ《ᠦᠷᠡᠭᠦᠨ》

2013ᠤᠨ ᠦ6ᠰᠠᠷ᠎ᠠ ᠵᠢᠨ22 ᠦᠨ ᠡᠳᠦᠷ ᠡᠴᠡ23 ᠦ ᠡᠳᠦᠷ ᠪᠤᠯᠳᠠᠯ᠎ᠠ᠂ᠶᠢᠰᠦᠳᠦᠭᠡᠷ ᠬᠤᠭᠤᠴᠠᠭᠠᠨ ᠦ ᠾᠸᠵᠸ ᠦᠨᠳᠦᠰᠦᠲᠡᠨ ᠦ《ᠦᠷᠡᠭᠦᠨ》ᠶᠡᠬᠡ ᠬᠤᠷᠠᠯ《ᠾᠸᠵᠸ ᠵᠢᠨ ᠨᠤᠲᠤᠭ》ᠬᠠᠷᠠᠮᠤᠢᠷᠡᠨ ᠮᠤᠵᠢ ᠵᠢᠨ ᠲᠦᠩᠵᠢᠶᠠᠩ ᠬᠤᠳᠠ ᠳᠦ ᠦᠪᠡᠳᠡᠰᠢ ᠶᠡᠬᠡ ᠪᠡᠷ ᠶᠠᠪᠤᠭᠳᠠᠪᠠ᠃《ᠦᠷᠡᠭᠦᠨ》ᠬᠡᠳᠡᠭ ᠪᠤᠯ《ᠪᠠᠶᠠᠷ ᠦᠯᠵᠡᠢᠢᠲᠦ ᠡᠳᠦᠷ》ᠬᠡᠰᠡᠨ ᠤᠳᠬ᠎ᠠ ᠲᠠᠢ ᠾᠸᠵᠸ ᠦᠬᠡ ᠪᠤᠯᠤᠨ᠎ᠠ᠃《ᠦᠷᠡᠭᠦᠨ》ᠶᠡᠬᠡ ᠬᠤᠷᠠᠯ ᠪᠤᠯ ᠾᠸᠵᠸ ᠦᠨᠳᠦᠰᠦᠲᠡᠨ ᠦ ᠤᠯᠠᠮᠵᠢᠯᠠᠯᠲᠦ ᠪᠠᠶᠠᠷ ᠦᠨ ᠡᠳᠦᠷ ᠪᠤᠯᠬᠤ ᠪᠦᠬᠡᠳ ᠦᠨᠳᠦᠰᠦᠲᠡᠨ ᠦ ᠤᠳᠬ᠎ᠠ ᠤᠷᠠᠯᠢᠭ᠂ᠠᠷᠠᠳ ᠦᠨ ᠪᠡᠶ᠎ᠠ ᠵᠢᠨ ᠲᠠᠮᠢᠷ ᠢ ᠨᠢᠭᠡ ᠴᠤᠭᠴᠠᠵᠢᠭᠤᠯᠤᠭᠰᠠᠨ ᠪᠠᠶᠠᠷ ᠲᠤᠷᠠᠰᠬᠠᠯ ᠦᠨ ᠠᠵᠢᠯᠯᠠᠭ᠎ᠠ ᠪᠤᠯᠤᠨ᠎ᠠ᠃ᠦᠩᠬᠡᠷᠡᠭᠰᠡᠨ ᠳᠦ ᠰᠢᠶᠠᠩ ᠪᠠᠯᠭᠠᠰᠦ ᠦᠪᠡᠷ ᠦᠪᠡᠷ ᠵᠢᠡᠨ ᠡᠷᠬᠢᠯᠡᠨ ᠬᠢᠵᠦ ᠪᠠᠢᠢᠵᠠᠢ᠂1985 ᠤᠨ ᠡᠴᠡ ᠡᠬᠢᠯᠡᠨ ᠲᠦᠩᠵᠢᠶᠠᠩ ᠬᠤᠳᠠ ᠨᠢᠬᠡᠳᠦᠯᠲᠡᠢ ᠡᠷᠬᠢᠯᠡᠨ ᠬᠢᠬᠦ ᠪᠤᠯᠤᠭᠰᠠᠨ ᠡᠴᠡ ᠨᠠᠰᠢ᠂ᠡᠨᠡ ᠵᠢᠯ ᠪᠤᠯ ᠶᠢᠰᠦᠳᠦᠭᠡᠷ ᠬᠤᠭᠤᠴᠠᠭ᠎ᠠ ᠪᠤᠯᠵᠦ ᠪᠠᠢᠢᠨ᠎ᠠ᠃

ᠲᠤᠬᠠᠢ ᠵᠢᠨ ᠭᠠᠵᠠᠷ ᠦᠨ ᠰᠢᠶᠠᠩ ᠪᠠᠯᠭᠠᠰᠦ᠂ᠲᠠᠷᠢᠶᠠᠯᠠᠩ ᠦᠨ ᠲᠠᠯᠠᠪᠠᠢ ᠵᠢᠴᠢ ᠤᠷᠤᠰ(ᠨᠠᠨᠠᠢ ᠦᠨᠳᠦᠰᠦᠲᠡᠨ)᠂ᠪᠡᠭᠡᠵᠢᠩ᠂ᠬᠠᠷᠪᠢᠨ ᠡᠴᠡ ᠢᠷᠡᠭᠰᠡᠨ12 ᠲᠦᠯᠦᠭᠡᠯᠡᠭᠴᠢᠳ ᠦᠨ ᠠᠩᠬᠢ ᠵᠢᠨ 500 ᠭᠠᠷᠤᠢ ᠾᠸᠵᠸ ᠦᠨᠳᠦᠰᠦᠲᠡᠨ ᠦ ᠠᠬ᠎ᠠ ᠲᠡᠭᠦᠦ ᠨᠠᠷ ᠾᠸᠵᠸ ᠦᠨᠳᠦᠰᠦᠲᠡᠨ ᠦ ᠤᠯᠠᠮᠵᠢᠯᠠᠯᠲᠦ ᠲᠠᠭᠤᠤ ᠪᠦᠵᠢᠭ᠌ ᠦᠨ ᠲᠤᠭᠯᠠᠯᠲᠠ ᠭᠠᠷᠭᠠᠭᠰᠠᠨ ᠦ ᠬᠠᠮᠳᠦ ᠦᠨᠳᠦᠰᠦᠲᠡᠨ ᠦ ᠪᠡᠶ᠎ᠠ ᠲᠠᠮᠢᠷ ᠦᠨ ᠤᠷᠤᠯᠳᠤᠭᠠᠨ ᠶᠠᠪᠤᠭᠤᠯᠵᠦ ᠾᠸᠵᠸ ᠦᠨᠳᠦᠰᠦᠲᠡᠨ ᠦ ᠠᠷᠠᠳ ᠲᠦᠮᠡᠨ ᠦ ᠠᠵᠢᠯᠴᠢ ᠬᠦᠳᠡᠯᠮᠦᠷᠢᠴᠢ᠂ᠡᠷᠡᠯᠭᠡᠭ᠍ᠯᠡᠨ ᠲᠡᠮᠡᠴᠡᠬᠦ ᠤᠶᠤᠨ ᠰᠠᠨᠠᠭᠠᠨ ᠦ ᠲᠦᠷᠰᠦ ᠪᠠᠢᠢᠳᠠᠯ ᠵᠢᠴᠢ ᠦᠨᠳᠦᠰᠦᠲᠡᠨ ᠦ ᠪᠦᠯᠬᠦᠮᠳᠡᠯ ᠲᠠᠢ᠂ᠨᠡᠢᠢᠭᠡᠮ ᠡᠶ᠎ᠠ ᠵᠤᠬᠢᠴᠠᠯ ᠲᠠᠢ ᠪᠠᠢᠢᠬᠤ ᠴᠠᠭ ᠦᠶ᠎᠎ᠠ ᠵᠢᠨ ᠬᠡᠪ ᠰᠤᠷᠳᠠᠯ ᠢ ᠲᠦᠪᠯᠡᠷᠡᠭᠦᠯᠦᠨ ᠢᠯᠡᠷᠡᠭᠦᠯᠦᠭᠰᠡᠨ ᠪᠠᠢᠢᠨ᠎ᠠ᠃


ᠤᠯᠤᠰ ᠦᠨ ᠦᠨᠳᠦᠰᠦᠲᠡᠨ ᠦ ᠬᠡᠷᠡᠭ ᠡᠷᠬᠢᠯᠡᠬᠦ ᠬᠤᠷᠢᠶ᠎ᠠ ᠵᠢᠨ ᠲᠤᠰᠬᠠᠢ ᠲᠤᠰᠢᠶᠠᠯᠲᠦ ᠭᠡᠰᠢᠬᠦᠨ᠂ᠡᠳ᠋ ᠦᠨ ᠶᠠᠪᠤᠳᠠᠯ ᠦᠨ ᠲᠠᠷᠤᠭ᠎ᠠ  ᠭᠧ ᠵᠦᠩ ᠰᠢᠩ ᠭᠠᠯ ᠪᠠᠮᠪᠠᠷ ᠢ ᠪᠡᠯᠭᠡᠳᠡᠭᠰᠡᠨ ᠠᠷᠢᠭᠤᠨ ᠬᠦᠵᠢ ᠵᠢ ᠠᠰᠠᠭᠠᠵᠦ᠂ᠵᠢᠶᠸ ᠵᠢᠨ ᠺᠸᠥ ᠰᠢᠶᠠᠩ ᠦᠨ ᠲᠠᠷᠤᠭ᠎ᠠ ᠠᠷᠢᠭᠤᠨ ᠬᠦᠵᠢ ᠵᠢ ᠲᠤᠲ᠋ᠸᠮ ᠪᠠᠭᠠᠨ᠎ᠠ ᠳᠦ ᠬᠠᠳᠬᠤᠪᠠ

ᠡᠬᠢᠯᠡᠬᠦ ᠶᠤᠰᠤᠯᠠᠯ ᠲᠡᠭᠡᠷᠡᠬᠢ ᠤᠷᠠᠨ ᠰᠠᠢᠢᠬᠠᠨ ᠦ ᠲᠤᠭᠯᠠᠯᠲᠠ

ᠪᠠᠴᠢᠨ ᠰᠢᠶᠠᠩ ᠦᠨ ᠲᠠᠮᠢᠷᠴᠢᠨ ᠢᠥ ᠯᠸᠢ ᠭᠤᠷᠪᠠᠨ ᠤᠷᠤᠯᠳᠤᠭᠠᠨ ᠪᠦᠷᠢ ᠳᠦ ᠪᠦᠷ ᠲᠡᠷᠢᠭᠦᠯᠡᠭᠰᠡᠨ ᠵᠢᠡᠷ ᠮᠡᠷᠭᠡᠨ ᠱᠠᠩ ᠲᠤᠰᠪᠠ

ᠮᠤᠳᠤᠨ ᠬᠦᠷᠳᠦ ᠰᠢᠳᠡᠨ᠎ᠠ

ᠲᠤᠮᠳᠠᠳᠦ ᠤᠷᠤᠰ ᠬᠤᠶᠠᠷ ᠤᠯᠤᠰ ᠦᠨ ᠲᠠᠮᠢᠷᠴᠢᠨ ᠵᠢᠭᠠᠰᠦ ᠠᠷᠢᠯᠭᠠᠬᠤ ᠤᠷᠤᠯᠳᠤᠭᠠᠨ ᠳᠦ

ᠮᠦᠷᠭᠦᠯᠳᠦᠬᠦ ᠤᠷᠤᠯᠳᠤᠭᠠᠨ

ᠾᠸᠵᠸ  ᠦᠨᠳᠦᠰᠦᠲᠡᠨ ᠦ ᠪᠦᠵᠢᠭ᠌

 ᠵᠤᠬᠢᠶᠠᠭᠴᠢ᠄ ᠶᠤᠸᠠᠨ ᠳᠦᠩ ᠫᠢᠩ
ᠢᠷᠡᠯᠲᠡ᠄ ᠦᠨᠳᠦᠰᠦᠲᠡᠨ ᠦ ᠵᠢᠷᠤᠭᠲᠦ ᠰᠡᠳᠭᠦᠯ ᠦᠨ ᠬᠤᠷᠢᠶ᠎ᠠ
ᠬᠠᠷᠢᠶ᠎ᠠ᠄ ᠦᠨᠳᠦᠰᠦᠲᠡᠨ ᠤ ᠵᠢᠷᠤᠭᠲᠤ ᠰᠡᠳᠬᠦᠯ
ᠳᠠᠷᠤᠮ᠄ 562
ᠴᠠᠭ᠄ 2015 ᠤᠨ ᠤ 05 ᠰᠠᠷ᠎ᠠ ᠶᠢᠨ 25
ᠨᠠᠢ᠌ᠷᠠᠭᠤᠯᠤᠭᠴᠢ᠄ ᠰᠠᠴᠤᠷᠠᠯ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁