ᠬᠤᠪᠴᠠᠰᠤᠨ ᠦ ᠦᠩᠬᠡ᠎—ᠬᠦᠬᠡ

ᠲᠤᠮᠳᠠᠳᠦ  ᠤᠯᠤᠰ ᠦᠨ ᠴᠦᠬᠡᠨ ᠲᠤᠭᠠᠳᠦ ᠦᠨᠳᠦᠰᠦᠲᠡᠨ ᠨᠤᠭᠦᠳ ᠦᠨ ᠬᠤᠪᠴᠠᠰᠦ ᠵᠠᠰᠠᠯ ᠳᠦ ᠬᠦᠬᠡ ᠦᠩᠬᠡ ᠵᠢ ᠬᠦᠨ ᠬᠦᠢᠬᠡᠨ ᠵᠢᠡᠷ ᠨᠢ ᠴᠡᠩᠬᠡᠷ᠂ᠴᠡᠩᠬᠡᠷ ᠬᠦᠬᠡ᠂ᠪᠤᠷᠤᠪᠳᠤᠷ ᠬᠦᠬᠡ ᠭᠡᠵᠦ ᠠᠩᠬᠢᠯᠠᠳᠠᠭ᠃ᠮᠤᠩᠭ᠋ᠤᠯ᠂ᠯᠢ᠂ᠮᠢᠶᠤᠤ᠂ᠳ᠋ᠦᠩ᠂ᠶᠤᠤ᠂ᠪᠦᠶᠢ᠂ᠪᠠᠢ᠂ᠨᠠᠰᠢ ᠵᠡᠷᠬᠡ ᠦᠨᠳᠦᠰᠦᠲᠡᠨ ᠬᠤᠪᠴᠠᠰᠦ ᠵᠠᠰᠠᠯ ᠳᠦ ᠪᠠᠨ ᠬᠦᠬᠡ ᠦᠩᠬᠡ ᠵᠢ ᠡᠷᠬᠢᠮᠨᠡᠨ ᠬᠡᠷᠡᠭᠯᠡᠳᠡᠭ᠃ᠬᠦᠬᠡ ᠵᠢ ᠶᠡᠬᠡ ᠪᠡᠷ ᠬᠡᠷᠡᠭᠯᠡᠳᠡᠭ ᠨᠢ  ᠪᠤᠳᠤᠭ ᠨᠢ ᠬᠢᠯᠪᠠᠷᠬᠠᠨ ᠤᠯᠳᠠᠬᠤ ᠪᠠ ᠪᠤᠳᠤᠬᠤ ᠮᠡᠷᠭᠡᠵᠢᠯ ᠢ ᠠᠮᠠᠷᠬᠠᠨ ᠡᠵᠡᠮᠰᠢᠬᠦ ᠬᠤᠯᠪᠤᠭ᠎ᠠ ᠪᠦᠬᠡᠳ ᠴᠦᠬᠡᠨ ᠲᠤᠭᠠᠳᠦ ᠦᠨᠳᠦᠰᠦᠲᠡᠨ ᠨᠤᠭᠦᠳ ᠦᠨ ᠲᠤᠲ᠋ᠧᠮ ᠰᠢᠳᠦᠯᠬᠡ ᠪᠠ ᠭᠤᠣ᠎ᠠ ᠲᠠᠭᠠᠰᠢᠶᠠᠯ ᠦᠨ ᠬᠠᠨᠳᠦᠰᠢ ᠴᠢᠭᠯᠡᠯ ᠲᠠᠢ ᠴᠦ ᠰᠠᠯᠤᠰᠢ ᠦᠭᠡᠢ ᠬᠤᠯᠪᠤᠭ᠎ᠠ ᠲᠠᠢ᠃

ᠯᠠᠨ ᠡᠪᠡᠰᠦ ᠪᠤᠯ ᠬᠦᠬᠡ ᠪᠤᠳᠤᠭ ᠭᠢᠬᠦ ᠮᠠᠲ᠋ᠧᠷᠢᠶᠠᠯ᠃ᠡᠮᠦᠨᠡᠳᠦ ᠤᠷᠤᠨ ᠦ ᠠᠭᠤᠷ ᠠᠮᠢᠰᠬᠤᠯ ᠨᠢ ᠡᠨᠡ ᠬᠦ ᠤᠷᠭᠤᠮᠠᠯ ᠢ ᠲᠠᠷᠢᠬᠤ ᠳᠦ ᠲᠤᠬᠢᠷᠠᠮᠵᠢᠲᠠᠢ ᠪᠠᠢᠢᠳᠠᠭ᠃ᠡᠨᠳᠡᠬᠢ ᠴᠦᠬᠡᠨ ᠲᠤᠭᠠᠳᠦ ᠦᠨᠳᠦᠰᠦᠲᠡᠨ ᠨᠤᠭᠦᠳ ᠯᠠᠨ ᠡᠪᠡᠰᠦ ᠬᠦ ᠲᠠᠷᠢᠬᠤ ᠪᠡᠷ ᠦᠯᠦ ᠪᠠᠷᠠᠮ᠂ᠬᠦᠬᠡ ᠪᠡᠷ ᠪᠤᠳᠤᠬᠤ ᠤᠷ᠎ᠠ ᠮᠡᠷᠭᠡᠵᠢᠯ ᠢ ᠴᠦ ᠮᠠᠰᠢ ᠰᠠᠢᠢᠨ ᠡᠵᠡᠮᠰᠢᠵᠠᠢ᠃ᠮᠢᠶᠤᠤᠴᠤᠳ ᠦᠨ ᠯᠠᠳᠠᠨ ᠪᠤᠳᠤᠬᠤ᠂ᠪᠠᠢᠢᠴᠤᠳ ᠦᠨ ᠤᠶᠠᠵᠦ ᠪᠤᠳᠤᠬᠤ᠂ᠳ᠋ᠦᠩᠴᠤᠳ ᠦᠨ ᠬᠢᠯᠠᠭᠠᠷ ᠪᠦᠰ ᠦᠢᠯᠡᠳᠬᠦ ᠵᠢ ᠰᠤᠩᠭ᠋ᠤᠳᠠᠭ ᠵᠢᠱᠢᠶ᠎ᠠ ᠭᠡᠵᠦ ᠪᠤᠯᠤᠨ᠎ᠠ᠃

ᠲᠤᠮᠳᠠᠳᠦ ᠤᠯᠤᠰ ᠦᠨ ᠤᠮᠠᠷᠠᠲᠦ ᠤᠷᠤᠨ ᠦ ᠦᠪᠦᠷ ᠮᠤᠩᠭ᠋ᠤᠯ ᠦᠨ ᠲᠠᠯ᠎ᠠ ᠨᠤᠲᠤᠭ ᠬᠦᠬᠡ ᠮᠤᠩᠭ᠋ᠤᠯ ᠦᠨ ᠦᠨᠳᠦᠷᠯᠢᠭ ᠬᠡᠮᠡᠭᠳᠡᠳᠡᠭ᠃《ᠬᠦᠬᠡ》ᠪᠡᠷ ᠲᠦᠷᠰᠦᠯᠡᠵᠦ  ᠪᠠᠢᠢᠭ᠎ᠠ ᠨᠢ《ᠬᠦᠬᠡ ᠲᠡᠭᠷᠢ ᠨᠡᠯᠦᠢᠵᠦ᠂ᠬᠦᠳᠡᠬᠡ ᠲᠠᠯ᠎ᠠ ᠴᠡᠯᠡᠭᠡᠷᠡᠭᠡᠳ᠂ᠡᠪᠡᠰᠦ ᠪᠡᠯᠴᠢᠬᠡᠷ ᠰᠠᠯᠬᠢᠨ᠎ᠠ ᠬᠠᠯᠢᠭᠤᠷᠠᠬᠤᠶ᠎ᠠ ᠦᠭᠡᠢ ᠬᠤᠨᠢᠳ ᠢᠷᠠᠢᠢᠨ ᠬᠠᠷᠠᠭᠳᠠᠮᠤᠢ》ᠭᠡᠳᠡᠭ ᠬᠦᠳᠡᠬᠡ ᠪᠠᠢᠢᠭᠠᠯᠢ ᠵᠢᠨ ᠦᠩᠬᠡ ᠦᠵᠡᠮᠵᠢ ᠡᠴᠡ ᠯᠡ ᠰᠢᠯᠲᠠᠭᠠᠯᠠᠭᠳᠠᠭᠰᠠᠨ ᠲᠡᠳᠦᠢ ᠪᠤᠰᠤ᠂ᠪᠠᠰᠠ ᠮᠤᠩᠭ᠋ᠤᠯᠴᠤᠳ ᠦᠨ ᠬᠦᠬᠡ ᠵᠢ ᠡᠷᠬᠢᠮᠨᠡᠨ ᠲᠡᠭᠡᠳᠦᠯᠡᠳᠡᠭ ᠵᠠᠩᠰᠢᠯ ᠯᠤᠭ᠎ᠠ ᠨᠢᠭ᠌ᠳᠠ ᠤᠶᠤᠯᠳᠤᠭ᠎ᠠ ᠲᠠᠢ᠃ᠮᠤᠩᠭ᠋ᠤᠯᠴᠤᠳ ᠦᠨ ᠬᠦᠬᠡ ᠵᠢ ᠡᠷᠬᠢᠮᠨᠡᠨ ᠰᠢᠳᠦᠳᠡᠭ ᠦᠨ ᠲᠤᠬᠠᠢ ᠡᠷᠳᠡᠮ ᠰᠢᠨᠵᠢᠯᠡᠭᠡᠨ ᠦ ᠬᠢᠨ ᠳᠦ ᠶᠠᠩᠵᠦ ᠪᠦᠷᠢ ᠵᠢᠨ ᠦᠵᠡᠯᠲᠡ ᠲᠠᠢ᠃ᠵᠠᠷᠢᠮ ᠨᠢ ᠮᠤᠩᠭ᠋ᠤᠯᠴᠤᠳ ᠮᠦᠩᠬᠡ ᠬᠦᠬᠡ ᠲᠡᠭᠷᠢ ᠵᠢ ᠲᠦᠮᠡᠨ ᠪᠤᠳᠠᠰ ᠦᠨ ᠪᠦᠳᠦᠭᠡᠭᠴᠢ ᠬᠡᠮᠡᠨ ᠰᠢᠳᠦᠳᠡᠭ ᠲᠠᠢ ᠬᠤᠯᠪᠤᠭ᠎ᠠ  ᠲᠠᠢ ᠬᠡᠮᠡᠨ ᠦᠵᠡᠳᠡᠭ᠃ᠮᠤᠩ᠋ᠭᠤᠯᠴᠤᠳ ᠦᠨ ᠬᠦᠬᠡ ᠵᠢ ᠡᠷᠬᠢᠮᠨᠡᠨ ᠲᠡᠭᠡᠳᠦᠯᠡᠳᠡᠭ ᠤᠯᠠᠮᠵᠢᠯᠠᠯ ᠨᠢ ᠡᠩ ᠲᠡᠷᠢᠬᠦᠨ ᠳᠦ ᠬᠤᠪᠴᠠᠰᠦ ᠵᠠᠰᠠᠯ ᠲᠡᠭᠡᠷ᠎ᠠ ᠢᠯᠡᠷᠡᠳᠡᠭ ᠪᠦᠬᠡᠳ ᠤᠯᠠᠩᠬᠢ ᠮᠤᠩᠭ᠋ᠤᠯᠴᠤᠳ ᠬᠦᠬᠡ ᠲᠤᠷᠭᠠᠨ ᠲᠡᠷᠯᠢᠭ ᠡᠮᠦᠰᠬᠦ ᠲᠤᠷᠠᠲᠠᠢ᠃

ᠡᠮᠦᠨᠡᠳᠦ ᠵᠢᠨ ᠤᠯᠠᠨ ᠦᠨᠳᠦᠰᠦᠲᠡᠨ ᠦ ᠲᠤᠳᠤᠷ᠎ᠠ ᠡᠷᠲᠡᠨ ᠦ ᠶᠤᠸᠠᠢᠢᠴᠤᠳ ᠵᠢᠨ ᠦᠷ᠎ᠠ ᠰᠡᠳᠦ ᠪᠤᠯᠤᠭᠰᠠᠨ ᠨᠢᠭᠡ ᠪᠦᠯᠦᠭ ᠦᠨᠳᠦᠰᠦᠲᠡᠨ ᠬᠦᠬᠡ ᠵᠢ ᠰᠢᠳᠦᠳᠡᠭ ᠨᠢ ᠡᠷᠲᠡᠨ ᠦ ᠲᠤᠲ᠋ᠧᠮ ᠰᠢᠳᠦᠯᠬᠡ ᠡᠴᠡ ᠨᠢ ᠡᠭᠦᠰᠦᠯ ᠲᠠᠢ᠂ᠮᠡᠯᠡᠬᠡᠢ᠂ᠮᠤᠭᠠᠢ᠂ᠰᠢᠪᠭᠤ᠂ᠬᠤᠯᠤᠰᠤᠨ ᠬᠤᠯᠤᠭᠠᠨ᠎ᠠ ᠵᠡᠷᠭᠡ ᠠᠮᠢᠳᠠᠨ ᠢ ᠲᠤᠲ᠋ᠧᠮ ᠪᠤᠯᠭᠠᠭᠰᠠᠨ ᠳ᠋ᠠᠢ᠂ᠵᠤᠸᠠᠩ᠂ᠳ᠋ᠧ ᠠᠩ᠂ᠪᠦᠯᠠᠩ ᠵᠡᠷᠭᠡ ᠦᠨᠳᠦᠰᠦᠲᠡᠨ ᠬᠦᠬᠡ ᠪᠤᠶᠤ ᠬᠠᠷ᠎ᠠ ᠳᠦ ᠤᠨᠴᠠ ᠵᠢᠨ ᠲᠤᠷᠠᠲᠠᠢ᠃ᠴᠠᠭ ᠦᠶ᠎ᠠ ᠵᠢᠨ ᠤᠯᠠᠷᠢᠯ ᠬᠤᠪᠢᠷᠠᠯ᠂ᠪᠤᠳᠤᠬᠤ ᠤᠷ᠎ᠠ ᠮᠡᠷᠭᠡᠵᠢᠯ ᠦᠨ ᠬᠦᠭᠵᠢᠯᠲᠡ᠂ᠦᠨᠳᠦᠰᠦᠲᠡᠨ ᠬᠤᠭᠤᠷᠤᠨᠳᠦ ᠵᠢᠨ ᠰᠤᠯᠢᠯᠴᠠᠭ᠎ᠠ ᠵᠢ ᠲᠠᠭᠠᠯᠳᠤᠨ᠂ᠮᠢᠶᠤᠤ᠂ᠶᠤᠤ᠂ᠳ᠋ᠦᠩ᠂ᠨᠠᠰᠢ ᠵᠡᠷᠭᠡ ᠬᠠᠷ᠎ᠠ ᠵᠢ ᠰᠢᠳᠦᠳᠡᠭ ᠦᠨᠳᠦᠰᠦᠲᠡᠨ ᠨᠤᠭᠦᠳ ᠦᠨ ᠲᠤᠷᠠᠲᠠᠢ ᠦᠩᠬᠡ ᠨᠢ ᠴᠦ ᠠᠯᠭᠤᠷ ᠠᠭᠠᠵᠢᠮ ᠵᠢᠡᠷ ᠬᠠᠷ᠎ᠠ ᠡᠴᠡ ᠪᠠᠨ ᠬᠠᠷ᠎ᠠ ᠳᠦ ᠤᠢᠢᠷᠠᠯᠴᠠᠭ᠎ᠠ ᠪᠤᠷᠤᠪᠳᠤᠷ ᠬᠦᠬᠡ ᠪᠠ ᠴᠡᠩᠬᠡᠷ ᠪᠤᠯᠵᠦ ᠬᠤᠪᠢᠷᠠᠭᠰᠠᠨ ᠪᠢᠯᠡ᠃


ᠪᠦᠶᠢ ᠬᠡᠥᠬᠡᠨ ᠯᠠ ᠦᠷᠦᠵᠦ ᠪᠤᠢ

ᠲᠡᠮᠦᠷᠯᠢᠭ᠌ ᠦᠨ ᠬᠡᠷᠡᠯ ᠰᠠᠴᠤᠷᠠᠭᠤᠯᠤᠭᠰᠠᠨ ᠬᠢᠯᠠᠭᠠᠷ ᠪᠦᠰ ᠵᠢᠡᠷ ᠬᠢᠭᠰᠡᠨ ᠳ᠋ᠦᠩ ᠬᠤᠪᠴᠠᠰᠤ

ᠭᠦᠢᠢᠵᠧᠥ ᠵᠢᠨ ᠯᠸᠢᠢᠱᠠᠨ ᠰᠢᠶᠠᠨ ᠦ ᠯᠠᠩᠳᠧ ᠪᠠᠯᠭᠠᠰᠦ ᠵᠢᠨ ᠮᠢᠶᠤᠤ ᠬᠦᠮᠦᠨ

ᠳ᠋ᠦᠩ ᠪᠦᠰᠡᠭᠦᠢ ᠵᠢᠨ ᠬᠤᠪᠴᠠᠰᠦ ᠬᠠᠷ᠎ᠠ ᠬᠦᠬᠡ ᠦᠩᠬᠡᠲᠡᠢ ᠪᠠᠢᠢᠳᠠᠭ

ᠬᠠᠢᠢᠨᠠᠨ ᠦ ᠯᠢᠩᠱᠦᠢᠢ ᠵᠢᠨ ᠮᠢᠶᠤᠤ ᠡᠮᠡᠭᠲᠡᠢᠴᠤᠳ ᠦᠪᠡᠷᠰᠡᠳ ᠦᠨ ᠬᠠᠳᠬᠤᠭᠰᠠᠨ ᠭᠠᠷ ᠠᠯᠴᠢᠭᠤᠷ ᠨᠢ ᠭᠤᠤᠯᠳᠠᠭᠤ ᠴᠡᠩᠬᠡᠷ ᠪᠠᠢᠢᠳᠠᠭ

ᠶᠦᠨᠨᠠᠨ ᠦ ᠯᠢᠥᠴᠦᠢᠨ ᠦ ᠬᠠᠷ᠎ᠠ ᠬᠦᠬᠡ ᠶᠤᠤᠴᠤᠳ ᠦᠨ ᠨᠡᠷ᠎ᠠ ᠨᠢ ᠬᠤᠪᠴᠠᠰᠦ ᠵᠢᠨ ᠬᠢᠨᠢ ᠦᠩᠭᠡ ᠡᠴᠡ ᠢᠷᠡᠯᠲᠡ ᠲᠡᠢ

ᠯᠢᠴᠤᠳ ᠭᠤᠤᠯᠳᠠᠭᠤ ᠬᠠᠷ᠎᠎ᠠ ᠬᠦᠬᠡ ᠬᠤᠪᠴᠠᠰᠦ ᠡᠮᠦᠰᠳᠡᠭ

ᠭᠤᠸᠠᠩᠰᠢ ᠵᠢᠨ ᠶᠤᠤ ᠡᠷᠡᠭᠲᠡᠢᠢᠴᠤᠳ ᠦᠪᠴᠢ ᠴᠡᠩᠬᠡᠷ ᠬᠤᠪᠴᠠᠰᠦ ᠡᠮᠦᠰᠳᠡᠭ

ᠭᠦᠢᠵᠧᠥ ᠵᠢᠨ ᠸᠸᠢᠨᠢᠩ ᠦᠨ ᠢ ᠪᠦᠰᠡᠭᠦᠢᠢᠴᠤᠳ ᠭᠤᠤᠯᠳᠠᠭᠤ ᠬᠦᠬᠡ ᠪᠡᠷ ᠭᠤᠶᠤᠵᠦ᠂ᠲᠡᠭᠦᠨ ᠵᠢᠡᠨ ᠶᠠᠩᠵᠦ ᠪᠦᠷᠢ ᠵᠢᠨ ᠬᠠᠳᠬᠤᠮᠠᠯ ᠲᠠᠢ ᠬᠤᠪᠴᠠᠰᠦ ᠪᠡᠷ ᠴᠢᠮᠡᠳᠡᠭ

ᠮᠢᠶᠤᠤ ᠬᠡᠥᠬᠡᠨᠴᠤᠳ ᠬᠦᠬᠡ ᠴᠠᠮᠴᠠ ᠪᠠᠨ ᠮᠦᠩᠭᠦᠨ ᠵᠠᠰᠠᠯ ᠵᠢᠡᠷ ᠭᠤᠶᠤᠯᠠᠳᠠᠭ

ᠯᠢᠵᠢᠶᠠᠩ ᠵᠢᠨ ᠨᠠᠰᠢ ᠦᠨᠳᠦᠰᠦᠲᠡᠨ ᠦ ᠠᠬᠢᠮᠠᠭ ᠨᠠᠰᠤᠨ ᠦ ᠪᠦᠰᠡᠭᠦᠢᠢᠴᠤᠳ ᠬᠠᠷ᠎ᠠ ᠦᠩᠬᠡ ᠵᠢᠨ ᠨᠦᠮᠦᠷᠭᠡ ᠵᠠᠰᠠᠯ ᠡᠴᠡ ᠪᠠᠨ ᠭᠠᠳᠠᠨ᠎ᠠ ᠬᠠᠮᠤᠭ ᠲᠤᠭᠤᠳᠠᠭ ᠨᠢ ᠬᠦᠬᠡ ᠬᠤᠪᠴᠠᠰᠦ

ᠬᠦᠬᠡ ᠲᠤᠷᠭᠠᠨ ᠲᠡᠷᠯᠢᠭ᠌

ᠶᠦᠨᠨᠠᠨ ᠦ ᠸᠸᠨᠱᠠᠨ ᠵᠧᠥ ᠵᠢᠨ ᠭᠤᠸᠠᠩᠨᠠᠨ ᠰᠢᠶᠠᠨ ᠦ ᠴᠡᠩᠭᠡᠷ ᠬᠤᠪᠴᠠᠰᠦ ᠪᠡᠷ ᠭᠤᠶᠤᠯᠠᠭᠰᠠᠨ ᠵᠤᠸᠠᠩ ᠪᠦᠰᠡᠭᠦᠢ

ᠯᠢᠵᠢᠶᠠᠩ ᠦᠨ ᠡᠷᠲᠡᠨ ᠦ ᠬᠤᠳᠠ ᠵᠢᠨ ᠵᠢᠨᠱᠠᠨ ᠦ ᠪᠠᠢ ᠪᠦᠰᠡᠭᠦᠢᠢᠴᠤᠳ ᠦᠨ ᠲᠤᠯᠤᠭᠠᠢ ᠵᠢᠨ ᠵᠠᠰᠠᠯ ᠪᠠ ᠬᠤᠪᠴᠠᠰᠦ ᠬᠤᠨᠠᠷ ᠨᠢ ᠭᠤᠤᠯᠳᠠᠭᠤ ᠬᠦᠬᠡ ᠦᠩᠬᠡ ᠲᠠᠢ

ᠨᠤᠭᠤᠭᠠᠨ ᠴᠠᠮᠴᠠ ᠲᠠᠢ ᠱᠦᠢ ᠡᠮᠡᠭᠲᠡᠢᠢᠴᠤᠳ



ᠵᠤᠬᠢᠶᠠᠭᠴᠢ᠄ ᠯᠢ ᠯᠢᠨ
ᠢᠷᠡᠯᠲᠡ᠄ ᠦᠨᠳᠦᠰᠦᠲᠡᠨ ᠦ ᠵᠢᠷᠤᠭᠲᠦ ᠰᠡᠳᠭᠦᠯ ᠦᠨ ᠬᠤᠷᠢᠶ᠎ᠠ
ᠬᠠᠷᠢᠶ᠎ᠠ᠄
ᠳᠠᠷᠤᠮ᠄ 385
ᠴᠠᠭ᠄ 2015 ᠤᠨ ᠤ 07 ᠰᠠᠷ᠎ᠠ ᠶᠢᠨ 01
ᠨᠠᠢ᠌ᠷᠠᠭᠤᠯᠤᠭᠴᠢ᠄ ᠰᠠᠴᠤᠷᠠᠯ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁