ᠶᠠᠫᠤᠨ ᠤ 《 ᠶᠤᠸᠠᠨ ᠤ ᠳᠡᠭᠡᠷᠡᠮ ᠢ ᠰᠡᠷᠭᠡᠢ᠌ᠯᠡᠬᠦ ᠪᠡᠬᠢᠯᠡᠯᠲᠡ》 ᠪᠠ ᠮᠤᠩᠭᠤᠯ ᠤᠨ ᠪᠤᠩᠬᠤᠨ


ᠶ‍ᠠᠫᠣᠨ ᠤ ᠺᠢᠶ‍ᠤᠢᠰᠢᠣ᠊ ᠠᠷᠠᠯ ᠳᠤ ᠢᠮᠠᠼᠣ᠊ ᠶᠢᠨ ᠪᠠᠭᠢᠯᠠᠯᠳᠠ ᠂ ᠢᠮᠠᠶ‍ᠠᠳᠣ᠊ ᠶᠢᠨ ᠪᠠᠭᠢᠯᠠᠯᠳᠠ ᠂ ᠢᠭᠢᠨᠤᠮᠠᠼᠤᠢᠪᠠᠷᠠ ᠶᠢᠨ ᠪᠠᠭᠢᠯᠠᠯᠳᠠ ᠂ ᠨᠢᠰᠢᠰᠢᠨ ᠤ ᠪᠠᠭᠢᠯᠠᠯᠳᠠ ᠭᠡᠭᠦ ᠵᠡᠷᠭᠡ ᠶᠢᠨ ᠭᠡᠳᠤ ᠭᠡᠳᠤᠨ ᠪᠠᠭᠢᠯᠠᠯᠳᠠ ᠶᠢᠨ ᠪᠠᠭᠤᠷᠢ ᠪᠠᠢ᠌ᠳᠠᠭ ᠪᠦᠭᠡᠤᠨ ᠳᠦᠭᠦᠮ ᠵᠢᠷᠤᠭ ᠥᠰᠦᠭ᠌ ᠶᠢᠡᠷ ᠳᠡᠳᠡᠭᠡᠷ ᠪᠠᠭᠢᠯᠠᠯᠳᠠ ᠪᠠᠨ ᠳᠠᠢ᠌ᠯᠪᠣᠷᠢᠯᠠᠵᠤ ᠪᠠᠢ᠌ᠳᠠᠭ ᠠᠵᠢ ᠃ ᠪᠢᠳᠠᠨ ᠤ ᠥᠵᠡᠭ᠍ᠰᠡᠨ ᠨᠢᠰᠢᠰᠢᠨ ᠤ ᠪᠠᠭᠢᠯᠠᠯᠳᠠ ᠨᠢ 700 ᠭᠠᠷᠤᠢ ᠵᠢᠯ ᠤᠨ ᠡᠮᠦᠨ᠎ᠡ ᠶ‍ᠤᠸᠠᠨ ᠣᠯᠤᠰ ᠤᠨ ᠴᠡᠷᠢᠭ᠌ ᠢ ᠰᠡᠷᠭᠡᠢ᠌ᠯᠡᠨ ᠬᠠᠰᠢᠵᠤ ᠪᠠᠷᠢᠭᠰᠠᠨ ᠴᠢᠯᠠᠭᠤᠨ ᠭᠡᠷᠡᠮ ᠪᠠᠢ᠌ᠪᠠ ᠃

ᠬᠠᠺᠠᠲ᠋ᠠ ᠪᠦᠯᠦᠡᠭ᠌ ᠤᠨ ᠰᠢᠺᠠᠨᠤᠰᠢᠮᠠ ᠶᠢᠨ ᠡᠰᠡᠷᠭᠦ ᠳᠠᠯ᠎ᠠ ᠳᠤ ᠮᠤᠩᠭ᠋ᠤᠯ ᠤᠨ ᠪᠣᠩᠬᠤᠨ ᠪᠠᠢ᠌ᠳᠠᠭ ᠪᠦᠭᠡᠤᠨ ᠶ‍ᠠᠩᠵᠤ ᠶ‍ᠠᠩᠵᠤ ᠶᠢᠨ ᠴᠢᠯᠠᠭᠤ ᠪᠠᠷ ᠵᠡᠷᠭᠡᠯᠡᠭ᠍ᠰᠡᠨ 2 ᠮᠸᠲ᠋ᠷ ᠢᠯᠡᠭᠦᠤ ᠣᠢᠠᠳᠤᠷ ᠰᠤᠪᠣᠷᠭ᠎ᠠ ᠨᠢ ᠮᠤᠩᠭ᠋ᠤᠯ ᠴᠡᠷᠢᠭ᠌ ᠤᠨ ᠳᠤᠷᠠᠰᠬᠠᠯ ᠤᠨ ᠭᠦᠰᠢᠶ᠎ᠡ ᠠᠵᠢ ᠃ ᠡᠡᠳᠡ ᠪᠠᠰᠠ ᠵᠠᠩ ᠽᠥᠸᠧ ᠯᠢᠨ ᠤ ᠪᠢᠴᠢᠭᠡᠰᠤ ᠲᠡᠶ ᠳᠤᠷᠠᠰᠬᠠᠯ ᠤᠨ ᠭᠦᠰᠢᠶ᠎ᠡ ᠪᠣᠢ ᠂ ᠭᠦᠰᠢᠶ‍ᠡᠨ ᠳᠡᠭᠡᠷ᠎ᠡ 《 ᠮᠤᠩᠭ᠋ᠤᠯ ᠴᠡᠷᠢᠭ᠌ ᠤᠨ ᠳᠤᠷᠠᠰᠬᠠᠯ ᠤᠨ ᠭᠦᠰᠢᠶ‍ᠡᠨ ᠤ ᠮᠠᠭᠳᠠᠭᠤ 》 ᠭᠡᠮᠡᠭᠦ ᠭᠠᠷᠴᠠᠭ ᠲᠡᠶ᠂ ᠪᠣᠷᠬᠠᠨ ᠤ ᠱᠠᠰᠢᠨ ᠤ ᠥᠭᠡᠰ ᠢ ᠭᠡᠷᠡᠭᠯᠡᠭ᠍ᠰᠡᠨ ᠪᠦᠭᠡᠤᠨ ᠭᠤᠤᠯᠳᠠᠭᠤ ᠡᠩᠭᠡ ᠳᠠᠢ᠌ᠪᠣᠩ ᠢ ᠣᠬᠠᠭᠤᠯᠤᠨ ᠰᠤᠷᠳᠠᠯᠴᠢᠯᠠᠭᠰᠠᠨ ᠳᠠᠪᠤᠨ ᠥᠭᠡ ᠶᠢᠨ ᠣᠷᠳᠤ ᠰᠢᠯᠦᠭ᠌ ᠰᠡᠢ᠌ᠯᠦᠭᠡᠰᠦᠳᠡᠢ ᠃ ᠶ‍ᠠᠭ ᠭᠦᠰᠢᠶ᠎ᠡ  ᠶᠢ ᠪᠣᠰᠬᠠᠭᠰᠠᠨ ᠳᠠᠷᠠ ᠵᠢᠯ ᠂ ᠵᠠᠩ ᠽᠥᠸᠧ ᠯᠢᠨ ᠢ ᠬᠤᠸᠠᠩ ᠭᠦ ᠳᠤᠢᠨ ᠭᠡᠮᠡᠭᠦ ᠭᠠᠵᠠᠷ ᠲᠤ ᠶ‍ᠠᠫᠣᠨ ᠴᠡᠷᠢᠭ᠌ ᠳᠠᠯᠪᠠᠴᠢᠵᠤ ᠠᠯᠠᠭᠰᠠᠨ ᠠᠵᠤᠭᠤ ᠃
1969 ᠣᠨ ᠤ ᠣᠢᠶ᠎ᠠ ᠪᠠᠷ ᠨᠠᠮᠠᠢᠢ ᠴᠡᠷᠢᠭ᠌ ᠲᠤ ᠪᠠᠢ᠌ᠬᠤ ᠳᠤ 《 ᠶ‍ᠠᠮᠠᠮᠤᠲ᠋ᠣ᠊ ᠢᠰᠤᠷᠤᠺᠦ 》 ᠂ 《 ᠶ‍ᠠᠫᠣᠨ ᠳᠠᠩᠭᠢᠰ ᠤᠨ ᠶ‍ᠡᠭᠡ ᠪᠠᠢ᠌ᠯᠳᠤᠭᠠᠨ 》 ᠪᠠ 《 ᠳᠠᠯᠠᠢ ᠶᠢᠨ ᠴᠡᠷᠢᠭ᠌ 》 ᠭᠡᠭᠦ ᠭᠤᠷᠪᠠᠨ ᠺᠢᠨᠣ᠊ ᠶᠢ ᠵᠤᠭᠢᠶ‍ᠠᠨ ᠪᠠᠢ᠌ᠭᠤᠯᠤᠨ ᠥᠵᠡᠭᠦᠯᠵᠤ ᠪᠠᠢ᠌ᠭᠰᠠᠨ᠃ 《 ᠳᠠᠯᠠᠢ ᠶᠢᠨ ᠴᠡᠷᠢᠭ᠌ 》 ᠭᠡᠮᠡᠭᠦ ᠺᠢᠨᠣ᠊ ᠳᠤ ᠡᠸᠳᠡ ᠠᠷᠠᠯ ᠳᠡᠭᠡᠷᠡᠭᠢ ᠳᠠᠯᠠᠢ ᠶᠢᠨ ᠴᠡᠷᠢᠭ᠌ ᠤᠨ ᠰᠤᠷᠭᠠᠭᠤᠯᠢᠯᠠᠯ ᠤᠨ ᠳᠠᠯᠠᠪᠣᠷ ᠲᠤ ᠪᠣᠯᠪᠠᠰᠤᠷᠠᠵᠤ ᠪᠠᠢ᠌ᠭ᠎ᠠ ᠴᠡᠷᠢᠭ᠌ ᠤᠳ ᠮᠥᠷᠯᠡᠭᠦ ᠶᠢᠨ ᠳᠠᠭᠠᠤ ᠳᠤ 《 ᠶ‍ᠤᠸᠠᠨ ᠤ ᠳᠡᠭᠡᠷᠡᠮ ᠬᠤᠪᠢᠯᠠᠢ ᠨᠤᠳᠤᠭ ᠲᠤ ᠮᠢᠨᠢ ᠳᠦᠷᠢᠭᠦ ᠳᠤ᠂ ᠰᠢᠳᠢᠳᠤ ᠰᠠᠯᠭᠢ ᠮᠠᠨ ᠢ ᠠᠶ‍ᠤᠯ ᠡᠴᠡ ᠠᠪᠣᠷᠠᠪᠠ 》 ᠭᠡᠵᠤ ᠳᠠᠭᠤᠯᠠᠵᠤ ᠪᠠᠢ᠌ᠭᠰᠠᠨ ᠨᠢ ᠨᠠᠳᠠ ᠳᠤ ᠭᠦᠨ ᠰᠠᠭᠤᠭᠳᠠᠯ ᠥᠯᠡᠳᠡᠭᠡᠭ᠍ᠰᠡᠨ ᠪᠢᠯᠠ ᠃ ᠳᠤᠮᠳᠠᠳᠤ ᠣᠯᠤᠰ ᠶ‍ᠤᠸᠠᠨ ᠤ ᠣᠢᠶ᠎ᠠ ᠳᠤ ᠶ‍ᠠᠫᠣᠨ ᠢ ᠳᠦᠷᠢᠮᠡᠭᠡᠢ᠌ᠯᠡᠭ᠍ᠰᠡᠨ ᠶ‍ᠤᠮ ᠦᠦ︖ ᠭᠡᠵᠤ ᠪᠢ ᠳᠤᠬᠠᠢ ᠶᠢᠨ ᠣᠢᠶ᠎ᠠ ᠳᠤ ᠮᠠᠰᠢ ᠬᠠᠴᠢᠷᠬᠠᠵᠤ ᠠᠪᠣᠭᠰᠠᠨ ᠶ‍ᠤᠮ ᠃

ᠶ‍ᠤᠸᠠᠨ ᠤ ᠣᠢᠶ᠎ᠠ ᠳᠤ ᠬᠤᠪᠢᠯᠠᠢ ᠶ‍ᠠᠫᠣᠨ ᠢ ᠳᠤᠪᠳᠤᠯᠤᠭᠰᠠᠨ ᠨᠢ ᠮᠠᠰᠢ ᠴᠢᠬᠤᠯᠠ ᠳᠡᠦᠭᠡ ᠶᠢᠨ ᠭᠡᠷᠡᠭ᠌ ᠶ‍ᠠᠪᠣᠳᠠᠯ ᠪᠦᠭᠡᠤᠨ ᠡᠨᠡ ᠣᠳᠠᠭᠠᠨ ᠤ ᠢᠯᠠᠭᠳᠠᠯ ᠨᠢ ᠳᠡᠭᠦᠨ ᠤ ᠣᠢᠳᠠᠯ᠎ᠠ ᠨᠠᠰᠤᠨ ᠳᠠᠭᠠᠨ ᠣᠯᠤᠭᠰᠠᠨ ᠬᠠᠮᠤᠭ ᠭᠦᠡᠳᠤ ᠴᠤᠭᠢᠯᠳᠠ ᠪᠠᠢ᠌ᠭᠰᠠᠨ ᠶ‍ᠤᠮ ᠃ ᠭᠡᠳᠡᠯ᠎ᠡ ᠳᠡᠦᠭᠡ ᠰᠤᠳᠤᠷ ᠲᠤ ᠡᠨᠡ ᠳᠤᠬᠠᠢ ᠨᠠᠷᠢᠨ ᠳᠡᠮᠳᠡᠭᠯᠡᠯ ᠪᠠᠢ᠌ᠬᠤ ᠦᠭᠡᠶ ᠮᠥᠷᠳᠡᠭᠡᠨ ᠡᠨᠡ ᠣᠳᠠᠭᠠᠨ ᠤ ᠳᠠᠢ᠌ᠨ ᠤ ᠳᠤᠬᠠᠢ ᠰᠤᠳᠤᠯᠭᠠᠨ ᠤ ᠨᠤᠮ ᠨᠢᠭᠡ ᠴᠤ ᠪᠢᠴᠢᠭ᠍ᠳᠡᠭᠡ ᠦᠭᠡᠶ ᠪᠠᠢ᠌ᠭᠰᠠᠭᠠᠷ ᠃ ᠡᠡᠳᠡ ᠪᠢ ᠡᠨᠡ ᠳᠠᠢ᠌ᠨ ᠤ ᠳᠤᠬᠠᠢ ᠨᠢᠭᠡ ᠪᠦᠯᠦᠭ᠌ ᠳᠡᠦᠭᠡ ᠰᠤᠳᠤᠷ ᠳᠠᠭᠢ ᠳᠦᠭᠦᠮ ᠳᠡᠮᠳᠡᠭᠯᠡᠯ ᠢ ᠶ‍ᠡᠷᠦᠩᠭᠡᠢ᠌ᠯᠡᠨ ᠳᠢᠭᠯᠡᠪᠠᠯ ᠳᠠᠷᠠᠭᠠᠭᠢ ᠮᠠᠳᠤ ᠄

ᠬᠤᠪᠢᠯᠠᠢ ᠬᠠᠭᠠᠨ ᠪᠠᠷ ᠣᠯᠠᠨ ᠣᠳᠠᠭ᠎ᠠ ᠶ‍ᠠᠫᠣᠨ ᠳᠤ ᠡᠯᠴᠢ ᠳᠤᠮᠢᠯᠠᠨ ᠂ ᠶ‍ᠤᠸᠠᠨ ᠣᠯᠤᠰ ᠲᠤ ᠠᠯᠪᠠ ᠪᠠᠷᠢᠵᠤ ᠳᠠᠭᠠᠬᠤ ᠶᠢ ᠱᠠᠭᠠᠷᠳᠠᠭᠰᠠᠨ ᠠᠪᠠᠴᠤ ᠣᠳᠠᠭ᠎ᠠ ᠪᠣᠯᠭᠠᠨ ᠳᠡᠪᠴᠢᠭ᠍ᠳᠡᠭ᠍ᠰᠡᠨ ᠪᠠᠢ᠌ᠪᠠ ᠃

1274 ᠣᠨ ᠳᠤ᠂ 15000 ᠮᠤᠩᠭ᠋ᠤᠯ ᠭᠢᠳᠠᠤᠨ ᠴᠡᠷᠢᠭ᠌ ᠪᠠ 8000 ᠭᠠᠤᠯᠢ ᠴᠡᠷᠢᠭ᠌ ᠪᠦᠭᠦᠢ ᠶ‍ᠤᠸᠠᠨ ᠣᠯᠤᠰ ᠤᠨ ᠣᠩᠭ᠋ᠤᠴᠠᠳᠤ ᠠᠩᠭᠢ 300 ᠳᠤᠮᠤ ᠭᠡᠯᠪᠠᠷᠢ ᠶᠢᠨ ᠪᠠᠢ᠌ᠯᠳᠤᠭᠠᠨ ᠤ ᠣᠩᠭ᠋ᠤᠴᠠ ᠪᠠ 400 ~ 500 ᠵᠢᠵᠢᠭ᠌ ᠭᠡᠯᠪᠠᠷᠢ ᠶᠢᠨ ᠪᠠᠢ᠌ᠯᠳᠤᠭᠠᠨ ᠤ ᠣᠩᠭ᠋ᠤᠴᠠ  ᠪᠠᠷ ᠶ‍ᠠᠫᠣᠨ ᠢ ᠳᠠᠭᠠᠷᠢᠪᠠ ᠃ ᠡᠨᠡ ᠭᠦ ᠴᠡᠷᠢᠭ᠌ ᠠᠩᠭᠢ ᠮᠠᠰᠢ ᠭᠢᠯᠪᠠᠷᠬᠠᠨ ᠶᠢᠡᠷ ᠼᠤᠢᠰᠢᠮᠠ ᠪᠣᠯᠤᠨ ᠢᠺᠢᠨᠤᠰᠢᠮᠠ ᠶᠢ ᠡᠵᠡᠯᠡᠭ᠍ᠰᠡᠨ ᠪᠦᠭᠡᠤᠨ 11 ᠰᠠᠷ᠎ᠠ ᠶᠢᠨ 9 ᠤ ᠡᠳᠦᠷ ᠬᠠᠺᠠᠲ᠋ᠠ ᠪᠦᠯᠦᠡᠭ᠌ ᠶᠢᠡᠷ ᠡᠭᠡ ᠬᠠᠭᠤᠷᠠᠢ ᠳᠤ ᠭᠠᠷᠤᠭᠰᠠᠨ ᠪᠠᠢ᠌ᠵᠠᠢ ᠃ ᠶ‍ᠠᠫᠣᠠᠴᠤᠳ ᠡᠭᠦᠨ ᠢ ᠪᠦᠡᠶ‍ᠸᠢ ᠶᠢᠨ ᠪᠠᠢ᠌ᠯᠳᠤᠭᠠᠨ ᠭᠡᠳᠡᠭ᠌ ᠃ ᠶ‍ᠤᠸᠠᠨ ᠤ ᠴᠡᠷᠢᠭ᠌ ᠪᠦᠳᠤᠨ ᠨᠢᠭᠡ ᠡᠳᠦᠷ ᠳᠡᠰᠦᠭ᠍ᠰᠡᠨ ᠪᠣᠯᠪᠠᠴᠤ ᠰᠤᠢᠨᠢ ᠪᠣᠯᠵᠤ ᠶ‍ᠡᠭᠡ ᠰᠠᠯᠭᠢ ᠭᠦᠳᠡᠯᠭᠦᠶ᠎ᠡ ᠂ ᠶ‍ᠡᠭᠡᠳᠡ ᠬᠤᠭᠢᠷᠠᠭᠠᠤᠨ ᠂ ᠣᠬᠤᠷᠢᠬᠤ ᠡᠴᠡ ᠥᠭᠡᠷ᠎ᠡ ᠠᠷᠭ᠎ᠠ ᠦᠭᠡᠶ ᠪᠣᠯᠵᠠᠢ ᠃ ᠡᠭᠦᠨ ᠡᠴᠡ ᠬᠣᠢ᠌ᠰᠢ ᠶ‍ᠠᠫᠣᠠᠴᠤᠳ ᠰᠡᠷᠭᠡᠢ᠌ᠯᠡᠯᠳᠡ ᠪᠠᠨ ᠴᠢᠩᠭ᠋ᠠᠤᠠᠬᠠᠵᠤ ᠂ ᠮᠤᠩᠭ᠋ᠤᠯ ᠤᠨ ᠴᠡᠷᠢᠭ᠌ ᠳᠠᠭᠢᠨ ᠳᠤᠪᠳᠤᠯᠬᠤ ᠶᠢ ᠬᠤᠷᠢᠭᠯᠠᠨ ᠳᠤᠯᠬᠤ ᠪᠠᠷ ᠪᠠᠯᠡᠦᠡᠭᠡᠭ᠍ᠰᠡᠨ ᠤ ᠬᠠᠮᠳᠤ ᠬᠤᠪᠢᠯᠠᠢ ᠶᠢᠨ ᠡᠯᠴᠢ ᠶᠢ ᠠᠯᠠᠭᠰᠠᠨ ᠪᠠᠢ᠌ᠵᠠᠢ ᠃

1281 ᠣᠨ ᠳᠤ᠂ ᠬᠤᠪᠢᠯᠠᠢ ᠬᠠᠭᠠᠨ ᠪᠠᠷ 14 ᠳᠤᠢᠮᠠᠨ ᠴᠡᠷᠢᠭ᠌ ᠂ 3000 ᠪᠠᠢ᠌ᠯᠳᠤᠭᠠᠨ ᠤ ᠣᠩᠭ᠋ᠤᠴᠠ ᠪᠠᠷ ᠶ‍ᠠᠫᠣᠨ ᠳᠤ ᠨᠠᠩ ᠶ‍ᠡᠭᠡ ᠳᠠᠭᠠᠷᠢᠯᠳᠠ ᠭᠢᠪᠠ ᠃ ᠡᠨᠡ ᠣᠳᠠᠭᠠᠨ ᠤ ᠳᠤᠪᠳᠤᠯᠤᠯᠳᠠ ᠨᠢ ᠴᠤ ᠠᠳᠠᠯᠢᠬᠠᠨ ᠭᠠᠢ ᠭᠠᠮᠰᠢᠭ ᠲᠤ ᠣᠴᠠᠷᠠᠭᠰᠠᠨ ᠪᠦᠭᠡᠤᠨ ᠪᠠᠷᠤᠭ 7 ᠳᠤᠢᠮᠠᠨ ᠶ‍ᠤᠸᠠᠨ ᠤ ᠴᠡᠷᠢᠭ᠌ ᠠᠮᠢ ᠪᠠᠨ ᠠᠯᠳᠠᠭᠰᠠᠨ ᠭᠡᠳᠡᠭ᠌ ᠃ ᠡᠨᠡ ᠪᠣᠯ ᠶ‍ᠠᠫᠣᠠᠴᠤᠳ ᠤᠨ ᠭᠡᠯᠡᠳᠡᠭ᠌ ᠡᡁᠢᠷᠦᠶ‍ᠡᠰᠤ ᠶᠢᠨ ᠪᠠᠢ᠌ᠯᠳᠤᠭᠠᠨ ᠃ ᠬᠤᠶ‍ᠠᠷ ᠬᠤᠨᠤᠭ ᠥᠷᠭᠦᠯᠵᠢᠯᠡᠭ᠍ᠰᠡᠨ ᠡᠨᠡ ᠣᠳᠠᠭᠠᠨ ᠤ ᠳᠠᠢ᠌ᠹᠧᠩ ᠰᠠᠯᠭᠢ ᠶᠢ ᠶ‍ᠠᠫᠣᠠᠴᠤᠳ 《 ᠺᠠᠮᠢᠺᠠᠽᠧ 》( ᠰᠢᠳᠢᠳᠤ ᠰᠠᠯᠭᠢ ) ᠭᠡᠮᠡᠳᠡᠭ᠌ ᠃ ᠡᠨᠡ ᠰᠠᠯᠭᠢᠨ ᠳᠤ ᠶ‍ᠤᠸᠠᠨ ᠤ ᠴᠡᠷᠢᠭ᠌ ᠭᠦᠴᠦᠳᠡᠢ ᠳᠠᠭᠠᠷᠢᠭᠳᠠᠭᠰᠠᠨ ᠪᠦᠭᠡᠤᠨ ᠪᠠᠢ᠌ᠯᠳᠤᠭᠠᠨ ᠤ ᠣᠩᠭ᠋ᠤᠴᠠ  ᠶᠢᠨ ᠭᠢᠨᠢ ᠶ‍ᠡᠭᠡᠩᠭᠢ ᠨᠢ ᠡᠪᠳᠡᠷᠡᠵᠤ ᠰᠣᠢ᠌ᠷᠠᠵᠠᠢ ᠃
《 ᠰᠢᠳᠢᠳᠤ ᠰᠠᠯᠭᠢ 》 ᠮᠤᠩᠭ᠋ᠤᠯ ᠤᠨ ᠳᠦᠷᠢᠮᠡᠭᠡᠢ᠌ᠯᠡᠭ᠍ᠴᠢ ᠶᠢᠨ ᠣᠩᠭ᠋ᠤᠴᠠ ᠶᠢ ᠬᠤᠶ‍ᠠᠷ ᠣᠳᠠᠭ᠎ᠠ ᠰᠥᠢᠷᠡᠭᠦᠯᠵᠤ ᠂ ᠶ‍ᠠᠫᠣᠨ ᠢ ᠠᠶ‍ᠤᠯ ᠡᠴᠡ ᠴᠢᠯᠦᠭᠡᠯᠡᠭ᠍ᠰᠡᠨ ᠨᠢ ᠳᠠᠷᠠ ᠪᠠᠢ᠌ᠵᠠᠢ ᠂ ᠡᠭᠦᠨ ᠡᠴᠡ ᠬᠣᠢ᠌ᠰᠢ ᠭᠡᠳᠤᠨ ᠵᠠᠭᠤᠨ ᠵᠢᠯ ᠤᠨ ᠳᠤᠷᠰᠢ ᠶ‍ᠠᠫᠣᠠᠴᠤᠳ 《 ᠰᠢᠳᠢᠳᠤ ᠰᠠᠯᠭᠢ 》 ᠵᠢ ᠰᠢᠳᠦᠭᠦ ᠶᠢᠨ ᠶ‍ᠡᠭᠡ ᠪᠠᠷ ᠰᠢᠳᠤᠵᠤ ᠂ ᠬᠤᠪᠢᠯᠭᠠᠨ ᠰᠢᠳᠢᠳᠠᠨ ᠢ ᠰᠢᠳᠦᠭᠦ ᠠᠵᠢᠯᠯᠠᠭ᠎ᠠ ᠶ‍ᠡᠭᠡ ᠪᠠᠷ ᠥᠷᠨᠢᠭ᠍ᠰᠡᠨ ᠪᠠᠢ᠌ᠵᠠᠢ ᠃ ᠶ‍ᠤᠸᠠᠨ ᠣᠯᠤᠰ ᠤᠨ ᠣᠩᠭ᠋ᠤᠴᠠᠳᠤ ᠴᠡᠷᠢᠭ᠌ ᠶ‍ᠠᠭᠠᠭᠢᠭᠠᠤᠨ ᠳᠠᠯᠠᠢ ᠶᠢᠨ ᠰᠠᠯᠭᠢ ᠳᠠᠪᠠᠯᠭᠠᠨ ᠢ ᠳᠠᠰᠴᠤ ᠴᠢᠳᠠᠭᠰᠠᠨ ᠦᠭᠡᠶ ᠪᠣᠢ ︖ ᠭᠡᠭᠦ ᠳᠤ ᠬᠠᠮᠤᠭ ᠤᠨ ᠰᠢᠨ᠎ᠠ ᠰᠢᠡᠵᠢᠯᠡᠭᠦ ᠣᠬᠠᠭᠠᠨ ᠤ ᠢᠯᠡᠷᠡᠭᠦᠯᠦᠯᠳᠡ ᠡᠨᠡ ᠭᠦ 《 ᠰᠢᠳᠢᠳᠤ ᠰᠠᠯᠭᠢᠨ 》 ᠊ᠤ ᠥᠯᠢᠭᠡᠷ ᠢ ᠥᠭᠡᠢ᠌ᠰᠭᠡᠭ᠍ᠰᠡᠨ ᠪᠠᠢ᠌ᠨ᠎ᠠ ᠃ ᠠᠮᠸᠷᠢᠺᠠ ᠶᠢᠨ ᠬᠠᠭᠤᠴᠢᠨ ᠢ ᠰᠤᠳᠤᠯᠤᠭᠴᠢ ᠳᠠᠯᠠᠢ ᠡᠴᠡ ᠰᠢᠭᠦᠵᠤ ᠭᠠᠷᠭᠠᠭᠰᠠᠨ ᠮᠤᠩᠭ᠋ᠤᠯ ᠤᠨ ᠪᠠᠢ᠌ᠯᠳᠤᠭᠠᠨ ᠤ ᠣᠩᠭ᠋ᠤᠴᠠᠨ ᠤ ᠭᠡᠮᠭᠡᠷᠭᠡᠢ ᠶᠢ ᠨᠠᠷᠢᠨ ᠨᠢᠮᠪᠠᠢ ᠰᠤᠳᠤᠯᠤᠭᠠᠤᠨ ᠂ ᠣᠩᠭ᠋ᠤᠴᠠ ᠪᠠᠨ ᠮᠠᠰᠢ ᠴᠢᠨᠠᠷ ᠮᠠᠭᠤᠳᠠᠢ ᠥᠢᠯᠡᠳᠦᠭ᠍ᠰᠡᠨ ᠨᠢ ᠢᠯᠠᠭᠳᠠᠭᠰᠠᠨ ᠤ ᠭᠢᠨᠢ ᠭᠤᠤᠯ ᠰᠢᠯᠳᠠᠭᠠᠨ ᠪᠣᠯᠬᠤ ᠶᠢ ᠮᠡᠳᠡᠭ᠍ᠰᠡᠨ ᠪᠠᠢ᠌ᠵᠠᠢ ᠃ ᠥᠭᠡᠷ᠎ᠡ ᠪᠠᠰᠠ ᠨᠢᠭᠡ ᠭᠡᠯᠡᠯᠭᠡ ᠳᠤ ᠣᠮᠠᠷᠠᠳᠤ ᠥᠷᠭᠡᠷᠢᠭ᠌ ᠤᠨ 25 ᠊ᠭ᠍ᠷᠡᠳᠥᠰ ᠂ ᠵᠡᠭᠦᠨ ᠣᠷᠳᠤᠷᠢᠭ ᠤᠨ 142 ᠊ᠭ᠍ᠷᠡᠳᠥᠰ ᠪᠣᠯ ᠳᠡᠯᠡᠭᠡᠢ ᠶᠢᠨ ᠪᠦᠮᠪᠦᠷᠴᠡᠭ᠌ ᠳᠡᠭᠡᠷᠡᠭᠢ ᠬᠠᠮᠤᠭ ᠤᠨ ᠬᠠᠴᠢᠨ ᠨᠢᠭᠤᠴᠠᠯᠢᠭ ᠭᠤᠷᠪᠠᠯᠵᠢᠨ ᠪᠦᠰᠡ ᠶᠢᠨ ᠨᠢᠭᠡ ᠶᠢᠨ ᠳᠤᠢᠪ ᠪᠠᠢ᠌ᠷᠢᠰᠢᠯ ᠭᠡᠳᠡᠭ᠌ ᠃ ᠭᠡᠳᠤᠨ ᠵᠠᠭᠤᠨ ᠤ ᠳᠤᠷᠰᠢ ᠂ ᠡᠡᠳᠡ ᠣᠩᠭ᠋ᠤᠴᠠ ᠵᠢᠪᠴᠤ ᠂ ᠨᠢᠰᠭᠡᠯ ᠰᠤᠷᠠᠭ ᠦᠭᠡᠶ ᠪᠣᠯᠬᠤ ᠬᠠᠴᠢᠨ ᠰᠤᠨᠢᠨ ᠭᠡᠷᠡᠭ᠌ ᠵᠠᠯᠭᠠᠭ᠎ᠠ ᠪᠠᠷ ᠡᠭᠦᠰᠦᠭ᠍ᠰᠡᠭᠡᠷ ᠢᠷᠠᠵᠠᠢ ᠃ ᠭᠡᠳᠡᠯ᠎ᠡ ᠡᠨᠡ ᠪᠣᠯ ᠪᠧᠷᠮᠤᠢᠳᠠ ᠶᠢᠨ ᠴᠢᠦᠡᠭᠦᠷ ᠤᠨ ᠭᠤᠷᠪᠠᠯᠵᠢᠨ ᠪᠦᠰᠡ ᠪᠢᠰᠢ ᠂ ᠬᠠᠷᠢᠨ ᠳᠡᠯᠡᠭᠡᠢ ᠶᠢᠨ ᠪᠦᠮᠪᠦᠷᠴᠡᠭ᠌ ᠤᠨ ᠨᠥᠭᠦᠭᠡ ᠳᠠᠯ᠎ᠠ ᠂ ᠨᠤᠮᠤᠬᠠᠨ ᠳᠠᠯᠠᠢ ᠶᠢᠨ ᠨᠥᠭᠦᠭᠡ ᠨᠢᠭᠡ ᠳᠤᠭᠤᠷᠢᠭ ᠲᠤ ᠪᠠᠢ᠌ᠭ᠎ᠠ ᠶ‍ᠠᠫᠣᠨ ᠤ ᠴᠢᠦᠡᠭᠦᠷ ᠤᠨ ᠭᠤᠷᠪᠠᠯᠵᠢᠨ ᠪᠦᠰᠡ ᠶ‍ᠤᠮ ᠂ ᠡᠡᠳᠡᠭᠢ ᠶᠢ ᠳᠤᠬᠠᠢ ᠶᠢᠨ ᠭᠠᠵᠠᠷ ᠤᠨ ᠵᠢᠭᠠᠰᠤᠴᠢᠤᠨ ᠯᠤᠤ ᠶᠢᠨ ᠭᠤᠷᠪᠠᠯᠵᠢᠨ ᠪᠦᠰᠡ ᠭᠡᠮᠡᠳᠡᠭ᠌ ᠃ ᠶ‍ᠤᠸᠠᠨ ᠤ ᠴᠡᠷᠢᠭ᠌ ᠤᠨ ᠣᠩᠭ᠋ᠤᠴᠠᠳᠤ ᠠᠩᠭᠢ ᠶ‍ᠠᠭ ᠡᠨᠡ ᠪᠦᠰᠡ ᠳᠤ ᠰᠥᠢᠷᠡᠭ᠍ᠰᠡᠨ ᠪᠠᠢ᠌ᠪᠠ ᠃ ᠰᠢᠺᠠᠨᠤᠰᠢᠮᠠ ᠠᠷᠠᠯ ᠡᠴᠡ ᠠᠯᠤᠰ ᠤᠨ ᠶ‍ᠡᠭᠡ ᠳᠠᠯᠠᠢ ᠶᠢ ᠪᠠᠷᠠᠯᠠᠪᠠᠯ ᠂ ᠳᠠᠯᠠᠢ ᠶᠢᠨ ᠳᠡᠷᠳᠡᠭᠡ ᠳᠠᠯ᠎ᠠ ᠨᠢ ᠳᠤᠮᠳᠠᠳᠤ ᠣᠯᠤᠰ ᠪᠣᠯᠬᠤᠷ ᠣᠯᠠᠨ ᠵᠣᠢ᠌ᠯ ᠢ ᠪᠣᠳᠤᠭᠳᠠᠭᠤᠯᠤᠨ᠎ᠠ ᠃ ᠭᠡᠷᠪᠡ ᠳᠠᠯᠠᠢ ᠶᠢᠨ ᠶ‍ᠡᠭᠡ ᠳᠠᠪᠠᠯᠭᠠᠨ ᠳᠤ ᠣᠴᠠᠷᠠᠭ᠎ᠠ ᠦᠭᠡᠶ ᠮᠥᠷᠳᠡᠭᠡᠨ ᠪᠠᠢ᠌ᠯᠳᠤᠭᠠᠨ ᠤ ᠣᠩᠭ᠋ᠤᠴᠠ ᠪᠠᠨ ᠪᠠᠳᠤ ᠪᠠᠭᠢ ᠥᠢᠯᠡᠳᠦᠭ᠍ᠰᠡᠨ ᠪᠣᠯ ᠂ ᠭᠡᠷᠪᠡ ᠳᠠᠯᠠᠢ ᠶᠢᠨ ᠪᠠᠢ᠌ᠯᠳᠤᠭᠠᠨ ᠳᠤ ᠳᠠᠤᠠᠮᠠᠭᠠᠢ ᠪᠣᠰᠤ ᠮᠤᠩᠭ᠋ᠤᠯ ᠴᠡᠷᠢᠭ᠌ ᠪᠣᠯᠪᠠᠰᠤᠷᠠᠯ ᠰᠠᠢ᠌ᠳᠠᠢ ᠪᠠᠢ᠌ᠭᠰᠠᠨ ᠪᠣᠯ ᠂ ᠪᠢᠳᠠ ᠣᠳᠤ ᠶ‍ᠠᠮᠠᠷᠬᠠᠨ ᠳᠡᠦᠭᠡ ᠶᠢ ᠣᠩᠰᠢᠵᠤ ᠪᠠᠢ᠌ᠭ᠎ᠠ ᠪᠣᠯ ︖ ( ᠮᠠᠷᠭᠠᠰᠢ ᠨᠠᠢ᠌ᠷᠠᠭᠤᠯᠤᠨ ᠣᠷᠴᠢᠭᠤᠯᠪᠠ )


ᠵᠤᠬᠢᠶᠠᠭᠴᠢ᠄ ᠳᠠᠮᠤᠷ
ᠢᠷᠡᠯᠲᠡ᠄ ᠦᠨᠳᠦᠰᠦᠲᠡᠨ ᠤ ᠵᠢᠷᠤᠭᠲᠤ ᠰᠡᠳᠬᠦᠯ ᠤᠨ ᠬᠤᠷᠢᠶ᠎ᠠ ᠠᠩᠭᠢᠷ ᠬᠠᠩᠭᠠᠪᠠ
ᠬᠠᠷᠢᠶ᠎ᠠ᠄ ᠦᠨᠳᠦᠰᠦᠲᠡᠨ ᠤ ᠵᠢᠷᠤᠭᠲᠤ ᠰᠡᠳᠬᠦᠯ
ᠳᠠᠷᠤᠮ᠄ 464
ᠴᠠᠭ᠄ 2015 ᠤᠨ ᠤ 04 ᠰᠠᠷ᠎ᠠ ᠶᠢᠨ 27
ᠨᠠᠢ᠌ᠷᠠᠭᠤᠯᠤᠭᠴᠢ᠄ ᠰᠠᠴᠤᠷᠠᠯ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁