ᠳᠤᠰᠤᠨ ᠪᠤᠳᠤᠭ ᠤᠨ ᠨᠢᠭᠡᠨ ᠡᠳᠦᠷ

ᠨᠠᠮᠣᠷ ᠤᠨ ᠵᠢᠷᠣᠭ


ᠵᠠᠬᠡᠰᠥᠨ ᠲᠣᠯᠣᠭᠠᠢ ᠳᠤ ᠦᠷᠯᠦᠬᠡᠨ ᠤ ᠨᠠᠷᠠ ᠠᠯᠳᠠ ᠲᠥᠷᠬᠢᠨ᠎ᠡ

ᠵᠠᠯᠠᠨ ᠳᠤ ᠬᠣᠨᠣᠭᠰᠠᠨ ᠮᠠᠨᠠᠨ ᠰᠠᠭᠠᠷᠠᠯ ᠵᠤᠭᠳᠣᠷ ᠶᠢᠠᠨ ᠲᠠᠪᠢᠰᠣᠨ᠎ᠠ

ᠵᠠᠷᠮᠡᠬᠡᠬᠡᠨ ᠡᠬᠥᠯᠡ ᠡᠴᠡ ᠲᠣᠭᠣᠷᠣᠤ ᠶᠢᠨ ᠲᠠᠭᠣ ᠲᠣᠭᠣᠨᠣ ᠪᠠᠷ ᠣᠨᠠᠨ᠎ᠠ

ᠵᠠᠰ ᠲᠠᠪᠣᠷ᠎ᠠ ᠡᠴᠡ ᠡᠵᠢ ᠪᠣᠳᠠᠭ᠎ᠠ ᠲᠡᠶ ᠴᠠᠢ ᠲᠣᠩᠭ᠋ᠣᠷᠠᠭᠠᠨ᠎ᠠ᠃


ᠰᠣᠢᠮ᠎ᠡ ᠶᠢᠨ ᠵᠢᠷᠣᠭ


ᠠᠷᠭ᠎ᠠ ᠪᠠᠨ ᠪᠠᠷᠠᠭᠰᠠᠨ ᠪᠣᠷᠬᠠᠨ ᠳᠤ

ᠠᠪᠣᠷᠠᠯ ᠭᠣᠶᠣᠭᠰᠠᠨ ᠡᠬᠡ ᠣᠴᠢᠭᠠᠳ

ᠠᠯᠠᠭ ᠦᠨᠢᠶᠡᠨ ᠤ ᠰᠥ᠋

ᠠᠷᠪᠠᠨ ᠶᠤᠧᠨᠨ ᠲᠡᠶ ᠮᠥᠷᠬᠥᠪᠡ ᠬᠡᠨ᠎ᠡ


ᠠᠷᠭ᠎ᠠ ᠪᠠᠨ ᠪᠠᠷᠠᠭᠰᠠᠨ ᠡᠬᠡ ᠳᠤ

ᠠᠪᠣᠷᠠᠯ ᠭᠣᠶᠣᠭᠰᠠᠨ ᠪᠣᠷᠬᠠᠨ ᠪᠣᠴᠠᠭᠠᠳ

ᠵᠠᠭᠣᠨ ᠶᠤᠧᠨᠨ

ᠵᠤᠯᠠ ᠶᠢᠨ ᠲᠣᠰᠣ ᠵᠠᠬᠢᠪᠠ ᠬᠡᠨ᠎ᠡ᠃


ᠪᠣᠷᠬᠠᠨ ᠤ ᠵᠢᠷᠣᠭ


ᠵᠠᠪᠢᠯᠠᠭᠰᠠᠨ ᠪᠣᠷᠬᠠᠨ ᠵᠠᠪᠢᠯᠠᠭ᠎ᠠ ᠪᠠᠷ ᠶᠢᠠᠨ ᠮᠣᠢᠩᠬᠡᠷᠡᠵᠡᠢ

ᠵᠠᠯᠪᠠᠷᠢᠭᠰᠠᠨ ᠡᠬᠡ ᠵᠠᠯᠪᠠᠷᠢᠭ᠎ᠠ ᠪᠠᠷ ᠶᠢᠠᠨ ᠡᠳᠡᠬᠡᠵᠡᠢ᠃


ᠲᠣᠰᠣᠨ ᠪᠣᠳᠣᠭ ᠤᠨ ᠨᠢᠬᠡᠨ ᠡᠳᠣᠷ


ᠲᠣᠰᠣᠨ ᠪᠣᠳᠣᠭ ᠤᠨ ᠵᠢᠷᠣᠭ ᠡᠴᠡ ᠣᠰᠣ ᠦᠨᠥᠷᠳᠦᠨ᠎ᠠ

ᠲᠣᠳᠣᠷ᠎ᠠ ᠨᠢ ᠵᠤᠭᠰᠣᠭ᠎ᠠ ᠠᠳᠣᠭᠣᠨ ᠡᠴᠡ ᠰᠢᠪᠠᠷ ᠦᠨᠥᠷᠳᠥᠨ᠎ᠠ᠃


ᠭᠠᠯ ᠦᠳᠡ ᠶᠢᠨ ᠭᠣᠪᠢ

ᠬᠦᠷᠪᠡᠯ ᠤᠨ ᠬᠦᠯ ᠡᠴᠡ ᠰᠡᠬᠥᠳᠡᠷ ᠲᠠᠮᠳᠠᠷᠢᠨ᠎ᠠ

ᠬᠡᠷ ᠤᠨ ᠵᠠᠬᠥᠠᠳᠡᠢ ᠬᠣᠳᠠᠴᠢ

ᠬᠦᠨ ᠣᠯᠠᠭᠠᠨ ᠬᠡᠯᠡ ᠡᠴᠡ ᠪᠠᠨ ᠡᠯᠡᠭ᠍ᠳᠡᠨ᠎ᠡ


ᠣᠳᠣᠭ᠎ᠠ ᠣᠭᠣᠬᠢᠭᠰᠠᠨ ᠲᠡᠬᠡᠪᠥᠷ ᠲᠡᠬᠡᠷ᠎ᠡ

ᠠᠭᠠᠭ ᠲᠡᠶ ᠠᠭᠠᠷᠣᠣᠯ ᠡᠪᠬᠡᠷᠡᠨ᠎ᠡ

ᠣᠰᠣᠨ ᠵᠠᠷᠬᠡᠯᠬᠡᠨ ᠲᠠᠰᠣᠳᠠᠵᠣ

ᠨᠢᠴᠥᠬᠥᠨ ᠡᠢᠩᠬᠡ ᠨᠡᠬᠥᠨ᠎ᠡ


ᠬᠦᠷᠡᠨᠭ᠌ ᠪᠣᠷᠣ ᠣᠨᠢᠶᠠᠷ ᠤᠨ ᠲᠣᠮᠳᠠᠭᠣᠷ

ᠪᠣᠴᠠᠬᠣ ᠨᠠᠷᠠᠨ ᠬᠠᠯᠬᠢᠨ᠎ᠠ

ᠬᠦᠬᠡᠪᠳᠥᠷ ᠬᠠᠷᠭᠠᠨ᠎ᠠ ᠶᠢᠨ ᠲᠣᠯᠣᠭᠠᠢ ᠳᠤ

ᠪᠣᠳᠣᠭᠣᠨ ᠤ ᠪᠣᠢ᠌ᠯᠠᠭ᠎ᠠ ᠰᠠᠮᠠᠷᠠᠨ᠎ᠠ᠃


ᠲᠣᠰᠣᠨ ᠪᠣᠳᠣᠭ ᠤᠨ ᠵᠢᠷᠣᠭ ᠡᠴᠡ ᠲᠣᠰᠣ ᠦᠨᠥᠷᠳᠦᠨ᠎ᠠ

ᠲᠣᠳᠣᠷ᠎ᠠ ᠨᠢ ᠵᠢᠷᠭᠠᠭ᠎ᠠ ᠨᠠᠷᠠᠨ ᠡᠴᠡ ᠬᠣᠰᠣᠮ ᠦᠨᠥᠷᠳᠥᠨ᠎ᠠ᠃


ᠰᠢᠷ᠎ᠠ ᠲᠠᠯ᠎ᠠ ᠶᠢᠨ ᠣᠰᠣᠨ ᠵᠢᠷᠣᠭ


ᠬᠦᠭ᠍ᠯᠠᠬᠡᠷ ᠮᠠᠨᠠᠨ ᠰᠡᠬᠥᠵᠦ

ᠱᠠᠩᠳᠣ ᠶᠢᠨ ᠨᠠᠷᠠ ᠦᠨᠳᠡᠢᠢᠨ᠎ᠡ

ᠮᠠᠷᠺᠣ· ᠫᠣᠯᠣ᠋ ᠶᠢᠨ ᠡᠪᠠᠰᠣᠨ ᠨᠠᠯᠠᠷᠬᠠᠢ ᠪᠠᠷ

ᠬᠥᠭ᠍ᠰᠢᠨ ᠧᠥᠢᠷᠣᠫᠡ᠎ ᠨᠠᠭᠠᠰᠢ ᠪᠠᠨ ᠰᠡᠬᠡᠨ᠎ᠡ᠃


ᠬᠠᠢ᠌ᠷᠠᠳᠠᠢ ᠪᠢ


ᠨᠠᠷᠠ ᠠᠷᠭᠠᠮᠵᠢᠭᠰᠠᠨ

ᠬᠦᠷᠡᠨᠭ᠌ ᠭᠣᠪᠢ ᠶᠢᠨ

ᠪᠣᠭᠣ ᠶᠢᠨ ᠴᠢᠯᠠᠭᠣᠨ ᠳᠤ ᠬᠠᠢ᠌ᠷᠠᠳᠠᠢ ᠪᠢ


ᠨᠠᠳᠠ ᠡᠴᠡ ᠲᠥᠷᠣᠬᠥᠬᠡᠨ

ᠬᠦᠯ ᠳᠤ ᠣᠷᠣᠭᠰᠠᠨ

ᠪᠣᠭᠣᠷᠣᠯ ᠲᠡᠯᠠᠬᠡᠢ ᠳᠡᠭᠡᠨ ᠬᠠᠢ᠌ᠷᠠᠳᠠᠢ ᠪᠢ


ᠨᠠᠭᠠᠳᠣᠮ ᠤᠨ ᠲᠠᠷᠠᠭ᠎ᠠ

ᠭᠠᠭᠴᠠᠭᠠᠷ ᠶᠢᠠᠨ ᠬᠡᠢ᠌ᠰᠴᠦ ᠶᠠᠪᠣᠭ᠎ᠠ

ᠰᠢᠬᠢᠷ ᠤᠨ ᠴᠠᠭᠠᠰᠣᠨ ᠳᠤ ᠬᠠᠢ᠌ᠷᠠᠳᠠᠢ ᠪᠢ


ᠨᠠᠮᠣᠷ ᠣᠷᠣᠢ

ᠲᠠᠭᠠᠷᠠᠬᠣ ᠪᠠᠨ ᠮᠡᠳᠡᠬᠡ ᠦᠭᠡᠶ

ᠲᠣᠭᠣᠷᠣᠤ ᠶᠢᠨ ᠲᠡᠭ᠍ᠳᠡᠬᠡᠬᠡᠢ ᠳᠤ ᠬᠠᠢ᠌ᠷᠠᠳᠠᠢ ᠪᠢ


ᠣᠳᠣᠳᠠᠢ ᠰᠦᠨᠢ ᠪᠠᠷ

ᠡᠩᠬᠡᠷ ᠲᠤ ᠣᠨᠠᠭᠰᠠᠨ

ᠨᠠᠷᠠᠨ ᠤ ᠨᠢᠯᠪᠣᠰᠣᠨ ᠳᠤ ᠬᠠᠢ᠌ᠷᠠᠳᠠᠢ ᠪᠢ


ᠣᠳᠣ ᠪᠣᠯᠳᠠᠯ᠎ᠠ

ᠣᠬᠢᠯᠠᠵᠣ ᠯᠠ ᠶᠠᠪᠣᠭ᠎ᠠ

ᠨᠠᠴᠣᠭᠳᠣᠷᠵᠢ ᠶᠢᠨ ᠣᠳᠣᠨ ᠳᠤ ᠬᠠᠢ᠌ᠷᠠᠳᠠᠢ ᠪᠢ


ᠪᠣᠷᠣᠭᠠᠨ ᠤ ᠲᠠᠷᠠᠭ᠎ᠠ

ᠨᠣᠢ᠌ᠳᠠᠨ ᠠᠷᠭᠠᠯ ᠵᠤᠷᠣᠭᠰᠠᠨ

ᠨᠠᠷᠠᠨ ᠤ ᠬᠡᠷᠡᠯ ᠳᠤ ᠬᠠᠢ᠌ᠷᠠᠳᠠᠢ ᠪᠢ


ᠪᠣᠷᠣᠭ᠎ᠠ ᠲᠣᠰᠣᠨ

ᠦᠷᠴᠢ᠌ᠵᠦ ᠬᠦᠶᠥᠭᠰᠡᠨ

ᠨᠢᠯᠬ᠎ᠠ ᠵᠠᠷᠠᠭ᠎ᠠ ᠳᠤ ᠬᠠᠢ᠌ᠷᠠᠳᠠᠢ ᠪᠢ


ᠨᠡᠬᠥᠳᠡᠯ ᠵᠠᠮ ᠶᠢᠠᠷ

ᠬᠡᠷ ᠶᠢᠡᠨ ᠡᠬᠥᠷᠥᠨ ᠵᠢᠷᠢᠯᠵᠡᠭ᠍ᠰᠡᠨ

ᠪᠥᠭ᠍ᠳᠥᠷ ᠰᠢᠷ᠎ᠠ ᠰᠢᠷᠭᠣᠯᠵᠢ ᠳᠤ ᠬᠠᠢ᠌ᠷᠠᠳᠠᠢ ᠪᠢ


ᠨᠢᠳᠣ ᠮᠢᠨᠢ ᠶᠣᠮ ᠪᠤᠯᠬᠤᠷ

ᠬᠦᠮᠥᠨ ᠳᠤ ᠬᠡᠵᠢᠶᠡᠳᠡ ᠦᠭ᠍ᠬᠥ ᠦᠭᠡᠶ

ᠬᠦᠬᠡᠷᠥᠬᠥᠢ ᠡᠨᠠ ᠨᠣᠳᠣᠭ ᠲᠠᠭᠠᠨ ᠬᠠᠢ᠌ᠷᠠᠳᠠᠢ ᠪᠢ᠃


〔ᠨᠠᠢ᠌ᠷᠠᠭᠣᠯᠣᠭᠴᠢ ᠶᠢᠨ ᠴᠣᠬᠣᠯᠳᠠ〕  ᠵᠢᠷᠣᠭ ᠢ ᠰᠢᠯᠥᠭ ᠪᠣᠯᠭᠠᠬᠣᠢ ᠳᠤᠷ ᠰᠢᠯᠥᠭ ᠪᠣᠳᠣᠭ ᠲᠡᠶ ᠪᠣᠯᠣᠭᠠᠳ᠂ ᠰᠢᠯᠥᠭ ᠢ ᠵᠢᠷᠣᠭ ᠪᠣᠯᠭᠠᠬᠣᠢ ᠳᠤᠷ ᠵᠢᠷᠣᠭ ᠣᠶᠠᠩᠭ᠎ᠠ ᠲᠡᠶ ᠪᠣᠯᠣᠮᠣᠢ᠃ 《 ᠲᠣᠰᠣᠨ ᠪᠣᠳᠣᠭ ᠤᠨ ᠨᠢᠬᠡᠨ ᠡᠳᠣᠷ 》 ᠤᠨ ᠲᠣᠰᠣᠨ ᠪᠣᠳᠣᠭ ᠡᠴᠡ ᠨᠢ ᠰᠢᠷ᠎ᠠ ᠲᠣᠰᠣ ᠦᠨᠥᠷᠲᠦᠵᠦ᠂ ᠣᠰᠣᠨ ᠪᠣᠳᠣᠭ ᠡᠴᠡ ᠨᠢ ᠰᠥ᠋ ᠦᠨᠥᠷᠳᠥᠨ᠎ᠠ᠃ ᠡᠨᠠ ᠡᠢᠨᠣ ᠰᠢᠯᠥᠭᠴᠢ ᠶᠢᠨ ᠮᠣᠩᠭ᠋ᠣᠯ ᠦᠨᠥᠷ ᠪᠣᠶᠣ︕


ᠵᠤᠬᠢᠶᠠᠭᠴᠢ ᠶᠢᠨ ᠬᠠᠶ‍ᠢᠭ᠄ ᠰᠢᠯᠣᠭᠣᠨ ᠬᠦᠬᠡ ᠬᠣᠰᠢᠭᠣᠨ ᠤ ᠣᠣᠠᠬ᠎ᠠ ᠣᠷᠠᠯᠢᠭ ᠤᠨ ᠬᠢᠨ ᠤ ᠬᠣᠯᠪᠣᠭ᠎ᠠ

ᠵᠤᠬᠢᠶᠠᠭᠴᠢ᠄ ᠷᠢ᠊᠂ᠰᠡᠴᠡᠨᠴᠤᠭᠳᠤ
ᠢᠷᠡᠯᠲᠡ᠄ ᠬ᠂ᠪᠦᠬᠡᠮᠠᠨᠳᠤᠯ᠎ᠠ
ᠬᠠᠷᠢᠶ᠎ᠠ᠄
ᠳᠠᠷᠤᠮ᠄ 255
ᠴᠠᠭ᠄ 2015 ᠤᠨ ᠤ 05 ᠰᠠᠷ᠎ᠠ ᠶᠢᠨ 16
ᠨᠠᠢ᠌ᠷᠠᠭᠤᠯᠤᠭᠴᠢ᠄ ᠬᠦᠷᠡᠯᠳᠤᠭᠳᠠᠬᠤ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁