ᠭᠠᠵᠠᠷ ᠰᠢᠨᠵᠢᠯᠡᠭᠡᠨ ᠦ ᠴᠡᠴᠡᠷᠯᠢᠭ᠌᠎ — ᠠᠯᠠᠱᠠ

ᠠᠯᠠᠱᠠ ᠨᠤᠲᠤᠭ ᠲᠦ ᠤᠷᠤᠬᠤ ᠪᠡᠷ《ᠭᠠᠵᠠᠷ ᠰᠢᠨᠵᠢᠯᠡᠭᠡᠨ ᠦ ᠴᠡᠴᠡᠷᠯᠢᠭ》ᠭᠡᠰᠡᠨ ᠢᠯᠡᠷᠬᠡᠢᠢᠯᠡᠯ ᠪᠠᠢᠢᠩᠭ᠋ᠤ ᠬᠠᠷᠠᠭᠳᠠᠬᠤ ᠪᠦᠬᠡᠳ ᠬᠠᠮᠢᠭ᠎ᠠ ᠪᠤᠢ ᠭᠡᠵᠦ ᠬᠠᠵᠠᠭᠤ ᠳᠡᠬᠢ ᠬᠦᠮᠦᠨ ᠡᠴᠡ ᠪᠠᠨ ᠠᠰᠠᠭᠤᠬᠤ ᠪᠡᠷ ᠨᠢ ᠶᠠᠮᠠᠷ ᠶᠠᠮᠠᠷ ᠭᠠᠵᠠᠷ ᠯᠡ ᠶᠤᠮ ᠭᠡᠨ᠎ᠠ᠃ᠰᠤᠨᠢᠨ ᠴᠢᠯᠠᠭᠤᠳ ᠠᠰᠬ᠎ᠠ ᠤᠷᠬᠢᠯ ᠦᠳ᠂ᠶᠡᠬᠡ ᠭᠤᠪᠢ ᠦᠷᠭᠡᠨ ᠴᠦᠯ ᠢ ᠨᠢ ᠬᠠᠷᠠᠬᠤ ᠪᠡᠷ ᠯᠡ ᠭᠠᠵᠠᠷ ᠰᠢᠨᠵᠢᠯᠡᠭᠡᠨ ᠦ ᠴᠡᠴᠡᠷᠯᠢᠭ ᠬᠡᠮᠡᠭᠳᠡᠳᠡᠭ ᠦᠨ ᠤᠴᠢᠷ ᠤᠬᠠᠭᠠᠨ ᠨᠢ ᠶᠠᠭ ᠯᠡ ᠬᠡᠷᠡᠯ ᠵᠢᠷᠤᠭ ᠲᠦᠷᠰᠦ ᠲᠤᠳᠤᠷᠠᠭᠤᠯᠬᠤ ᠮᠡᠳᠦ ᠢᠯᠡ ᠲᠤᠳᠤ ᠪᠤᠯᠤᠨ᠎ᠠ ᠃ᠦᠭᠡᠷ᠎ᠠ ᠪᠡᠷ ᠬᠡᠯᠡᠪᠡᠯ᠂ᠠᠯᠠᠱᠠ ᠲᠡᠷᠡ ᠴᠢᠭ᠌ ᠵᠢᠡᠷ ᠵᠢᠡᠨ ᠭᠠᠵᠠᠷ ᠰᠢᠨᠵᠢᠯᠡᠭᠡᠨ ᠦ ᠴᠡᠴᠡᠷᠯᠢᠭ ᠪᠠᠢᠢᠵᠠᠢ ᠭᠡᠰᠡᠨ ᠯᠡ ᠦᠭᠡ᠃

ᠦᠪᠦᠷ ᠮᠤᠩᠭ᠋ᠤᠯ ᠦᠨ ᠪᠠᠷᠠᠭᠤᠨ ᠵᠠᠬ᠎ᠠ᠂ ᠦᠪᠦᠷ ᠮᠤᠩᠭ᠋ᠤᠯ ᠦᠨ ᠦᠨᠳᠦᠷᠯᠢᠭ ᠦᠨ ᠬᠤᠢᠢᠳᠦ ᠬᠡᠰᠡᠭ ᠲᠦ ᠪᠠᠢᠢᠷᠢᠯᠠᠳᠠᠭ ᠠᠯᠠᠱᠠ ᠠᠢᠢᠮᠠᠭ ᠪᠠᠷᠤᠭ 9 ᠲᠠᠢᠢᠸᠠᠨ ᠲᠠᠢ ᠲᠡᠩᠴᠡᠬᠦ26.8461ᠲᠦᠮᠡᠨ ᠬᠠᠪᠲᠠᠭᠠᠢ ᠲᠦᠷᠪᠡᠯᠵᠢᠨ ᠺᠢᠯᠤᠮᠸᠲ᠋ᠷ ᠲᠠᠯᠠᠪᠠᠢ ᠲᠠᠢ ᠪᠦᠬᠡᠳ ᠪᠠᠷᠤᠭᠴᠠᠯᠠᠭᠠᠳ16 ᠲᠦᠮᠡᠨ ᠬᠦᠮᠦᠨ ᠠᠮᠠ ᠲᠠᠢ ᠪᠠᠢᠢᠳᠠᠭ ᠦᠨ ᠬᠢᠨᠢ ᠲᠤᠳᠤᠷ᠎ᠠ ᠮᠤᠩᠭ᠋ᠤᠯᠴᠤᠳ ᠪᠠᠷᠤᠭ ᠲᠦᠷᠪᠡᠨ ᠦ ᠨᠢᠭᠡ ᠵᠢ ᠨᠢ ᠡᠵᠡᠯᠡᠵᠦ ᠪᠤᠢ᠃ᠪᠠᠳᠠᠢ ᠵᠢᠨ ᠵᠢᠷᠠᠨ᠂ᠲᠡᠭᠷᠢ᠂ᠤᠯᠠᠭᠠᠨᠪᠤᠬ᠎ᠠ ᠬᠡᠬᠦ ᠭᠤᠷᠪᠠᠨ ᠶᠡᠬᠡ ᠴᠦᠯ ᠲᠠᠢ᠂ᠡᠷᠬᠢᠨ ᠲᠤᠭᠤᠷᠢᠨ ᠵᠢᠡᠷ ᠵᠢᠡᠨ ᠾᠸ ᠯᠠᠨ ᠱᠠᠨ ᠠᠭᠤᠯᠠ᠂ᠯᠦᠩ ᠱᠸᠥ ᠱᠠᠨ ᠠᠭᠤᠯᠠ᠂ᠮᠠ ᠽᠦᠩ ᠱᠠᠨ ᠠᠭᠤᠯᠠ ᠵᠡᠷᠬᠡ ᠠᠭᠤᠯᠠᠰ ᠵᠢᠡᠷ ᠬᠦᠷᠢᠶᠡᠯᠡᠬᠦᠯᠵᠦ᠂ᠦᠨᠦ ᠤᠳᠠᠭᠠᠨ ᠬᠤᠭᠤᠴᠠᠭᠠᠨ᠎ᠠ ᠶᠠᠪᠤᠭᠳᠠᠭᠰᠠᠨ ᠴᠢᠩᠭ᠋᠎ᠠ ᠰᠢᠷᠦᠬᠦᠨ ᠹᠢᠽᠢᠺ ᠦᠨ ᠪᠠ ᠪᠢᠮᠢ ᠵᠢᠨ ᠦᠢᠢᠯᠡᠳᠦᠯᠴᠢᠯᠡᠯ ᠡᠴᠡ ᠪᠤᠯᠵᠦ ᠴᠦᠯ᠂ᠭᠤᠪᠢ᠂ᠭᠠᠩ ᠬᠠᠭᠤᠷᠠᠢ ᠡᠯᠡᠭᠳᠡᠮᠡᠯ ᠲᠠᠯ᠎ᠠ᠂ᠨᠠᠮᠠᠬᠠᠨ ᠠᠭᠤᠯᠠ ᠲᠤᠯᠤᠭᠠᠳ᠂ᠦᠨᠳᠦᠷᠭᠡᠭ᠌ ᠲᠠᠯ᠎ᠠ ᠭᠠᠵᠠᠷ ᠦᠨ ᠬᠤᠳᠤᠭᠤᠷ ᠵᠡᠷᠭᠡ ᠨᠢ ᠠᠯᠠᠱᠠ ᠵᠢᠨ ᠭᠠᠵᠠᠷ ᠵᠢᠨ ᠪᠠᠢᠢᠴᠠ ᠵᠢᠨ ᠤᠨᠴᠠᠯᠢᠭ ᠢ ᠪᠦᠷᠢᠳᠦᠭᠦᠯᠦᠭᠰᠡᠨ ᠪᠦᠬᠡᠳ ᠭᠠᠵᠠᠷ ᠰᠢᠨᠵᠢᠯᠡᠭᠡᠨ ᠦ ᠴᠡᠴᠡᠷᠯᠢᠭ ᠦᠨ ᠬᠢᠨᠢ ᠦᠨᠳᠦᠰᠦ ᠰᠠᠭᠤᠷᠢ ᠪᠤᠯᠵᠠᠢ᠃

ᠴᠦᠯ᠂ᠭᠤᠪᠢ᠂ᠡᠯᠡᠭᠳᠡᠮᠡᠯ ᠲᠠᠯ᠎ᠠ ᠪᠡᠷ ᠶᠠᠪᠤᠬᠤ ᠳᠦ ᠶᠠᠭᠤ ᠴᠦ ᠭᠡᠰᠡᠨ ᠪᠦᠷ ᠭᠠᠩ ᠬᠠᠭᠤᠷᠠᠢ ᠰᠠᠨᠠᠭᠳᠠᠨ᠎ᠠ᠃ᠠᠵᠠ ᠪᠡᠷ ᠪᠢᠳᠡ ᠬᠠᠷᠢᠨ ᠭᠤᠪᠢ ᠵᠢᠨ ᠪᠤᠷᠤᠭᠠᠨ ᠳᠦ ᠴᠦ ᠬᠡᠳᠦ ᠤᠳᠠᠭ᠎ᠠ ᠲᠠᠭᠠᠷᠠᠯᠳᠤᠭᠰᠠᠨ ᠪᠠᠢᠢᠵᠠᠢ ᠪᠢᠯᠡ᠃ᠪᠠᠳᠠᠢ ᠵᠢᠨ ᠵᠢᠷᠠᠨ ᠦ ᠬᠦᠨ ᠳᠦ ᠨᠢᠬᠡ ᠡᠳᠦᠷ ᠲᠦ ᠠᠷᠪᠠᠭᠠᠳ ᠡᠯᠡᠰᠦᠨ ᠨᠠᠭᠤᠷ ᠲᠠᠢ ᠲᠤᠬᠢᠶᠠᠯᠳᠤᠭᠰᠠᠨ ᠤᠳᠠᠭ᠎ᠠ ᠲᠠᠢ᠃ᠪᠢᠳᠡ ᠶᠠᠭ ᠡᠯᠡᠰᠦᠨ ᠨᠤᠲᠤᠭ ᠦᠨ ᠭᠠᠢᠢᠬᠠᠮᠰᠢᠭ ᠢ ᠪᠠᠬᠠᠷᠬᠠᠬᠤ ᠳᠦ ᠰᠤᠨᠢᠨ ᠦᠵᠡᠮᠵᠢ ᠳᠦ ᠰᠡᠳᠭᠢᠯ ᠲᠠᠲᠠᠭᠳᠠᠭᠠᠳ ᠡᠨᠡ ᠨᠦᠬᠦᠴᠡᠯ ᠳᠦ ᠠᠮᠢᠳᠤᠷᠠᠵᠦ ᠤᠷᠤᠰᠢᠬᠤ ᠵᠢᠨ ᠬᠠᠳᠠᠭᠤ ᠬᠡᠴᠡᠬᠦᠦ ᠵᠢ ᠬᠠᠷᠢᠨ ᠮᠠᠷᠲᠠᠭᠰᠠᠨ ᠪᠦᠬᠡᠳ ᠠᠯᠠᠱᠠᠴᠤᠳ ᠦᠨ ᠬᠠᠳᠠᠨ ᠪᠠᠳᠦ ᠵᠠᠩ ᠮᠤᠷᠠᠯ ᠪᠠ ᠪᠠᠶᠠᠰᠤᠩᠭ᠋ᠤᠢ ᠤᠮᠤᠭᠰᠢᠩᠭ᠋ᠤᠢ ᠤᠷᠮ᠎ᠠ ᠰᠡᠳᠭᠢᠯᠭᠡ ᠳᠦ ᠨᠦᠯᠦᠭᠡᠯᠡᠭᠳᠡᠭᠡᠳ ᠭᠠᠩ ᠬᠠᠭᠤᠷᠠᠢ ᠡᠯᠡᠰᠦ ᠰᠢᠷᠦᠢ ᠵᠢ ᠰᠠᠢᠢᠬᠠᠨ ᠦᠵᠡᠮᠵᠢ ᠪᠤᠯᠭᠠᠨ ᠰᠤᠨᠢᠷᠬᠠᠭᠰᠠᠨ ᠪᠠᠢᠢᠵᠠᠢ᠃

ᠠᠯᠠᠱᠠᠴᠤᠳ ᠶᠡᠷᠦ ᠨᠢ ᠴᠦᠯ ᠭᠤᠪᠢ ᠠᠭᠤᠯᠠ ᠲᠤᠯᠤᠭᠠᠳ ᠵᠢᠡᠨ ᠲᠡᠭᠡᠳᠦ ᠲᠡᠭᠷᠢ ᠵᠢᠨ ᠬᠡᠰᠢᠭ᠌ ᠰᠤᠶᠤᠷᠬᠠᠯ ᠭᠡᠵᠦ ᠦᠵᠡᠭᠰᠡᠭᠡᠷ ᠢᠷᠡᠵᠡᠢ᠃ᠮᠠᠨᠳᠠᠯ ᠠᠭᠤᠯᠠ ᠵᠢᠨ ᠬᠠᠳᠠᠨ ᠦ ᠵᠢᠷᠤᠭ ᠨᠢ ᠪᠤᠭᠤᠷᠤᠯ ᠲᠡᠭᠡᠳᠦᠰ ᠦᠨ ᠬᠢᠨᠢ ᠰᠢᠪᠡᠨᠡᠬᠡ ᠵᠢ ᠨᠢ ᠲᠡᠮᠳᠡᠭᠯᠡᠨ ᠲᠤᠭᠤᠯᠭᠠᠵᠦ᠂ᠬᠠᠷ᠎ᠠ ᠬᠤᠳᠠ ᠵᠢᠨ ᠪᠠᠭᠤᠷᠢ ᠨᠢ ᠦᠩᠭᠡᠷᠡᠭᠰᠡᠨ ᠲᠡᠥᠬᠡ ᠵᠢᠨ ᠦᠩᠭᠡ ᠬᠢᠯᠪᠠᠭ᠎ᠠ ᠵᠢ ᠨᠢ ᠬᠦᠥᠷᠨᠢᠵᠦ ᠪᠠᠢᠢᠳᠠᠭ ᠪᠦᠬᠡᠳ ᠰᠤᠪ ᠨᠠᠭᠤᠷ ᠨᠢ ᠡᠯᠡᠰᠦᠨ ᠴᠦᠯ ᠳᠦ ᠰᠤᠪᠤᠳ ᠮᠡᠳᠦ ᠬᠢᠯᠠᠯᠵᠠᠨ᠂ᠤᠯᠠᠨ ᠠᠷᠪᠢᠨ ᠰᠦᠮ᠎ᠠ ᠬᠡᠢᠢᠳ ᠪᠠ ᠤᠷᠳᠤᠨ ᠬᠠᠷᠰᠢ ᠨᠢ ᠤᠢᠢᠷ᠎ᠠ ᠦᠶ᠎ᠠ ᠵᠢᠨ ᠦᠥᠬᠡ ᠲᠡᠥᠬᠡ ᠵᠢ ᠨᠢ ᠬᠡᠷᠡᠴᠢᠯᠡᠨ ᠦᠯᠡᠳᠡᠵᠡᠢ᠃ᠴᠦᠯ ᠦᠨ ᠭᠠᠢᠢᠬᠠᠮᠰᠢᠭᠲᠦ ᠦᠵᠡᠮᠵᠢ ᠭᠡᠪᠡᠯ ᠲᠤᠭᠠᠯᠠᠰᠢ ᠦᠭᠡᠢ ᠤᠯᠠᠨ᠃ᠪᠠᠷᠤᠭ 9ᠲᠦᠮᠡᠨ ᠬᠠᠪᠲᠠᠭᠠᠢ ᠲᠦᠷᠪᠡᠯᠵᠢᠨ ᠺᠢᠯᠤᠮᠸᠲ᠋ᠷ ᠲᠠᠯᠠᠪᠠᠢ ᠪᠦᠬᠦᠢ ᠭᠤᠷᠪᠠᠨ ᠴᠦᠯ ᠳᠦ ᠨᠢ ᠡᠭᠴᠡ ᠬᠦᠳᠦᠯ ᠦᠳ ᠲᠠᠭᠤᠰᠤᠰᠢ ᠦᠭᠡᠢ ᠲᠠᠪᠠᠯᠭᠠᠯᠠᠨ ᠦᠷᠭᠦᠯᠵᠢᠯᠡᠭᠡᠳ᠂ᠮᠠᠰᠢᠨ ᠵᠢᠡᠷ ᠠᠶᠠᠯᠠᠬᠤ ᠳᠦ ᠶᠠᠭ ᠯᠡ ᠵᠠᠪᠢ ᠪᠡᠷ ᠶᠡᠬᠡ ᠲᠠᠯᠠᠢ ᠳᠦ ᠬᠦᠪᠴᠦ ᠶᠠᠪᠤᠭ᠎ᠠ ᠰᠢᠭ ᠰᠠᠨᠠᠭᠳᠠᠵᠦ᠂ᠰᠡᠳᠭᠢᠯ ᠵᠢᠷᠦᠬᠡ ᠵᠢ ᠬᠦᠴᠦᠲᠠᠢ ᠲᠤᠭᠳᠤᠯᠤᠭᠤᠯᠤᠨ᠎ᠠ᠃ᠶᠡᠬᠡ ᠬᠦᠨᠲᠡᠢ ᠨᠢ ᠡᠷᠲᠡᠨ ᠦ ᠭᠤᠤᠯ ᠮᠦᠷᠡᠨ ᠦ ᠲᠤᠭᠰᠢᠨ ᠤᠷᠤᠰᠭᠠᠯ ᠦᠨ ᠤᠷᠤ ᠮᠦᠷ ᠪᠠᠢᠢᠵᠦ᠂ᠬᠠᠴᠢᠨ ᠰᠦᠷᠯᠢᠭ ᠱᠤᠭᠤᠮᠠᠯ ᠪᠤᠯᠵᠦ ᠠᠶᠠᠨᠳᠠᠭᠠᠨ ᠪᠦᠳᠦᠵᠠᠢ᠃《ᠤᠯᠠᠭᠠᠨ ᠰᠤᠪᠤᠷᠭ᠎ᠠ》᠂《ᠳ᠋ᠠᠷ᠎ᠠ ᠡᠬᠡ》 ᠵᠢᠨ ᠴᠢᠯᠠᠭᠤ ᠨᠢ ᠡᠬᠡ ᠪᠠᠢᠢᠭᠠᠯᠢ ᠵᠢᠨ ᠲᠦᠢᠯ ᠦᠨ ᠭᠤᠣ᠎ᠠ ᠤᠷᠠᠨ ᠪᠦᠳᠦᠭᠡᠯ ᠦᠨ ᠬᠢᠨᠢ ᠪᠡᠯᠬᠡ ᠲᠡᠮᠳᠡᠭ ᠮᠦᠨ᠃ᠦᠵᠡᠭᠰᠡᠨ ᠬᠦᠮᠦᠨ ᠢ ᠱᠠᠭᠰᠢᠭᠤᠯᠤᠭᠰᠠᠨ ᠵᠢᠵᠢᠭ ᠴᠢᠯᠠᠭᠤᠳ᠂ᠡᠪᠡᠰᠦ ᠮᠤᠳᠤᠳ ᠭᠠᠵᠠᠷ ᠰᠠᠢ ᠦᠭᠡᠢ ᠬᠠᠷᠠᠭᠳᠠᠨ᠎ᠠ᠃《ᠲᠡᠮᠡᠭᠡᠨ ᠵᠢᠩ ᠨᠡᠭᠦᠵᠦ ᠪᠠᠢᠢᠭ᠎ᠠ ᠠᠭᠤᠯᠠ ᠰᠢᠭ…》ᠭᠡᠳᠡᠭ ᠨᠢ ᠶᠤᠰᠤᠲᠠᠢ ᠤᠨᠤᠭᠠᠭᠰᠠᠨ ᠵᠦᠢᠷᠯᠠᠯ ᠪᠠᠢᠢᠵᠠᠢ᠃

ᠡᠭᠦᠨ ᠵᠢᠡᠷ ᠴᠦ ᠲᠠᠭᠤᠰᠬᠤ ᠦᠭᠡᠢ᠂ᠠᠯᠠᠱᠠ ᠵᠢᠨ ᠬᠢᠨ ᠲᠡᠯᠡᠬᠡᠢ ᠳᠦ ᠭᠠᠭᠴᠠᠭᠠᠨ ᠡᠨᠡ ᠶᠡᠬᠡ 《ᠴᠡᠴᠡᠷᠯᠢᠭ》ᠲᠦ ᠪᠠᠨ ᠪᠢᠳᠡᠭᠦᠮᠵᠢᠯᠡᠨ ᠦᠢᠵᠢᠭᠤᠯᠬᠤ ᠲᠤᠮᠤ ᠢᠨᠵᠸᠨ᠋ᠸᠷᠢᠩ ᠬᠡᠷᠡᠭᠵᠢᠬᠦᠯᠵᠦ᠂ᠡᠯᠡᠰᠦᠨ ᠦ ᠠᠵᠦ ᠦᠢᠯᠡᠰ ᠡᠬᠢᠯᠡᠬᠦᠯᠬᠦ᠂ᠵᠤᠭᠠᠴᠠᠯ ᠦᠨ ᠦᠢᠯᠡᠰ ᠦᠨ ᠬᠦᠭᠵᠢᠯᠲᠠ ᠪᠠᠨ ᠠᠬᠢᠭᠤᠯᠬᠤ᠂ᠦᠨᠳᠦᠰᠦᠲᠡᠨ ᠦ ᠰᠤᠶᠤᠯ ᠵᠢᠡᠨ ᠶᠡᠬᠡ ᠪᠡᠷ ᠤᠯᠠᠮᠵᠢᠯᠡᠬᠤ ᠵᠡᠷᠬᠡ ᠪᠡᠷ ᠢᠳᠡᠪᠬᠢᠲᠡᠢ ᠠᠵᠢᠯᠯᠠᠭᠰᠠᠨ ᠪᠠᠢᠢᠨ᠎ᠠ᠃ᠭᠠᠵᠠᠷ ᠰᠢᠨᠵᠢᠯᠡᠭᠡᠨ ᠦ ᠴᠡᠴᠡᠷᠯᠢᠭ ᠬᠠᠮᠢᠭ᠎ᠠ ᠪᠤᠢ ᠭᠡᠵᠦ ᠠᠯᠠᠱᠠ ᠵᠢᠨ ᠬᠢᠨ ᠡᠴᠡ ᠨᠢ ᠠᠰᠠᠭᠤᠭᠰᠠᠨ ᠴᠦ᠂ᠮᠠᠨ ᠦ ᠠᠯᠠᠱᠠ ᠲᠡᠷᠡ ᠴᠢᠭ᠌ ᠵᠢᠡᠷ ᠵᠢᠡᠨ ᠭᠡᠵᠦ ᠪᠠᠷᠳᠠᠮ ᠬᠠᠷᠢᠭᠤᠯᠬᠤ ᠨᠢ ᠭᠠᠷᠴᠠᠭ᠎ᠠ ᠦᠭᠡᠢ᠃
《ᠳ᠋ᠠᠷ᠎ᠠ ᠡᠬᠡ》

ᠨᠤᠲᠤᠭ ᠦᠨ ᠮᠤᠩᠭ᠋ᠤᠯᠴᠤᠳ《ᠤᠯᠠᠭᠠᠨ ᠰᠤᠪᠤᠷᠭ᠎ᠠ 》ᠭᠡᠳᠡᠭ









ᠮᠠᠨᠳᠠᠯ ᠠᠭᠤᠯᠠ ᠵᠢᠨ ᠬᠠᠴᠢᠨ ᠴᠢᠯᠠᠭᠤᠳ

ᠦᠭᠡᠳᠡ ᠡᠴᠡ ᠰᠢᠷᠲᠡᠨᠡᠮ

《ᠰᠠᠯᠬᠢᠨ ᠱᠤᠭᠤᠮᠠᠯ》

《ᠤᠯᠠᠭᠠᠨ ᠰᠢᠷᠤᠢ ᠵᠢᠨ ᠮᠦᠬᠦ》

《ᠵᠤᠭᠤᠭ ᠲᠡᠯᠭᠡᠶ᠎ᠠ》

ᠬᠡᠬᠡᠷ᠎ᠠ ᠵᠢᠨ ᠲᠠᠭᠲᠠᠭ᠎ᠠ ᠡᠷᠬᠢᠯᠳᠦᠨ ᠨᠢᠰᠬᠦ ᠶᠡᠬᠡ ᠬᠠᠪᠴᠢᠯ

ᠠᠯᠠᠱᠠ ᠪᠠᠷᠠᠭᠤᠨ ᠬᠤᠰᠢᠭᠤᠨ ᠦ  ᠶᠡᠬᠡ ᠬᠠᠪᠴᠢᠯ

ᠪᠠᠳᠠᠢ ᠵᠢᠨ ᠵᠢᠷᠠᠨ ᠳᠦ100ᠭᠠᠷᠤᠢ ᠡᠯᠡᠰᠦᠨ ᠨᠠᠭᠤᠷ ᠪᠤᠢ

ᠠᠯᠠᠱᠠ ᠪᠠᠷᠠᠭᠤᠨ ᠬᠤᠰᠢᠭᠤᠨ ᠦ ᠬᠦᠷᠮᠡᠳᠦ ᠵᠢᠨ ᠰᠦᠮ᠎ᠠ ᠵᠢᠨ ᠲᠡᠷᠬᠡᠳᠡᠬᠢ《ᠳ᠋ᠠᠷ᠎ᠠ ᠡᠬᠡ ᠵᠢᠨ ᠬᠡᠪᠳᠡᠭᠡ ᠬᠦᠷᠦᠭ》

ᠤᠪᠤᠭ᠎ᠠ ᠠᠭᠤᠯᠠ

ᠠᠯᠠᠱᠠ ᠪᠠᠷᠠᠭᠤᠨ ᠬᠤᠰᠢᠭᠤᠨ ᠳᠦ ᠬᠡᠷᠡᠭᠴᠡᠬᠡ ᠨᠢ ᠲᠤᠳᠤ ᠦᠭᠡᠢ ᠲᠤᠮᠤ ᠴᠢᠯᠠᠭᠤᠨ ᠲᠠᠪᠠᠭ ᠪᠤᠢ

ᠮᠠᠨᠳᠠᠯ ᠠᠭᠤᠯᠠ ᠵᠢᠨ ᠬᠠᠳᠠᠨ ᠵᠢᠷᠤᠭ ᠦᠨ ᠲᠤᠭᠤᠷᠢᠭ

ᠬᠠᠨ ᠲᠡᠭᠷᠢ ᠵᠢᠨ ᠢᠪᠡᠬᠡᠯ ᠰᠤᠶᠤᠷᠬᠠᠯ ᠲᠠᠢ ᠦᠩ ᠦᠷᠭᠡᠨ ᠠᠯᠠᠱᠠ ᠨᠤᠲᠤᠭ

ᠪᠠᠳᠠᠢ ᠵᠢᠨ ᠵᠢᠷᠠᠨ ᠳᠦ ᠵᠢᠯ ᠪᠤᠯᠭᠠᠨ ᠦᠢ ᠲᠦᠮᠡᠨ ᠵᠢᠭᠤᠯᠴᠢᠳ ᠢᠷᠡᠳᠡᠭ



ᠵᠤᠬᠢᠶᠠᠭᠴᠢ᠄ ᠪᠠᠶᠠᠷ᠂ᠢᠩᠬᠡᠷ᠂ᠦᠨᠠᠨᠴᠢ᠂ᠬᠠᠰᠠᠷ
ᠢᠷᠡᠯᠲᠡ᠄ ᠦᠨᠳᠦᠰᠦᠲᠡᠨ ᠦ ᠵᠢᠷᠤᠭᠲᠦ ᠰᠡᠳᠭᠦᠯ ᠦᠨ ᠬᠤᠷᠢᠶ᠎ᠠ
ᠬᠠᠷᠢᠶ᠎ᠠ᠄
ᠳᠠᠷᠤᠮ᠄ 339
ᠴᠠᠭ᠄ 2015 ᠤᠨ ᠤ 06 ᠰᠠᠷ᠎ᠠ ᠶᠢᠨ 14
ᠨᠠᠢ᠌ᠷᠠᠭᠤᠯᠤᠭᠴᠢ᠄ ᠰᠠᠴᠤᠷᠠᠯ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁