ᠲᠦᠪᠡᠳ ᠨᠤᠲᠤᠭ ᠦᠨ ᠦᠩᠭᠡ

ᠨᠤᠮ ᠪᠢᠰᠢᠯᠭᠠᠶ᠎ᠠ ᠭᠡᠰᠡᠨ ᠳᠡᠭᠡᠨ ᠪᠢᠰᠢ

ᠨᠤᠮᠤᠬᠠᠨ ᠠᠯᠠᠭ ᠨᠢᠳᠤ ᠶᠢ ᠴᠢᠨᠢ ᠠᠯᠮᠠᠢ᠌ᠷᠠᠨ ᠪᠣᠳᠤᠬᠤ ᠰᠠᠨ ᠯᠠ ᠭᠡᠵᠤ

ᠳᠠᠷᠠ ᠮᠤᠢᠴᠠ ᠳᠤ ᠪᠢ

ᠪᠢᠯᠢᠭ᠌ ᠨᠤᠮᠯᠠᠯ ᠣᠩᠰᠢᠭᠰᠠᠨ ᠰᠠᠨ


ᠵᠠᠯᠪᠠᠷᠢᠨ ᠳᠠᠭᠠᠤᠠᠬᠠᠶ᠎ᠠ ᠭᠡᠰᠡᠨ ᠳᠡᠭᠡᠨ ᠪᠢᠰᠢ

ᠣᠷᠠᠨ ᠬᠤᠷᠤᠭᠤᠨ ᠤ ᠴᠢᠨᠢ ᠥᠵᠦᠭᠦᠷ ᠲᠤ ᠭᠦᠷᠦᠯᠴᠡᠭᠦ ᠰᠠᠨ ᠯᠠ ᠭᠡᠵᠤ

ᠳᠠᠷᠠ ᠡᠳᠦᠷ ᠪᠢ

ᠨᠤᠮ ᠤᠨ ᠬᠤᠷᠯᠤ ᠡᠷᠭᠢᠭᠦᠯᠦᠭ᠍ᠰᠡᠨ ᠰᠠᠨ


ᠭᠡᠳᠦᠯᠦᠶ᠎ᠡ ᠭᠡᠰᠡᠨ ᠳᠡᠭᠡᠨ ᠪᠢᠰᠢ

ᠭᠡᠷᠡᠯᠳᠤ ᠴᠢᠨᠤᠭᠢ ᠪᠠᠨ ᠡᠭᠡᠯᠢ ᠶᠢ ᠮᠡᠳᠡᠷᠡᠭᠦ ᠰᠠᠨ ᠯᠠ ᠭᠡᠵᠤ

ᠳᠠᠷᠠ ᠵᠢᠯ ᠪᠢ

ᠠᠷᠢᠭᠤᠨ ᠳᠤᠭᠠᠩ ᠳᠤ ᠰᠥᠭᠦᠷᠡᠭ᠍ᠰᠡᠨ ᠰᠠᠨ


ᠳᠤᠢᠷᠤᠯ ᠠᠷᠠᠯᠵᠢᠶ᠎ᠠ ᠭᠡᠰᠡᠨ ᠳᠡᠭᠡᠨ ᠪᠢᠰᠢ

ᠵᠠᠮ ᠳᠠᠭᠠᠨ ᠴᠢᠮ᠎ᠠ ᠲᠡᠶ ᠣᠴᠠᠷᠠᠬᠤ ᠰᠠᠨ ᠯᠠ ᠭᠡᠵᠤ

ᠳᠠᠷᠠ ᠳᠤᠢᠷᠤᠯ ᠳᠡᠭᠡᠨ ᠪᠢ

ᠪᠣᠭᠳᠠ ᠠᠭᠤᠯᠠ ᠶᠢ ᠮᠤᠬᠤᠳᠠᠯ᠎ᠠ ᠳᠤᠭᠤᠷᠢᠭᠰᠠᠨ ᠰᠠᠨ


︱ ᠵᠢᠷᠭᠤᠳᠤᠭᠠᠷ ᠳᠤᠢᠷᠢ ᠶᠢᠨ ᠳᠠᠯᠠᠢ ᠯᠠᠮᠠ

ᠼᠠᠩᠶ‍ᠠᠩᠵᠠᠮᠰᠤ ᠄ ︽ ᠳᠠᠷᠠ ᠵᠢᠯ ︾



ᠳᠤᠢᠪᠠᠤᠨ ᠨᠤᠳᠤᠭ ᠤᠨ ᠥᠩᠭᠡ ᠠᠷᠢᠭᠤᠨ ᠳᠠᠷᠬᠠᠨ ᠪᠦᠭᠡᠤᠨ ᠣᠴᠢᠷ ᠪᠢᠳᠡᠭᠦᠯᠢᠭ᠌ ᠃

ᠳᠠᠩᠭ᠋ᠤᠯᠠ ᠠᠭᠤᠯᠠ ᠶᠢᠨ ᠬᠠᠪᠴᠢᠯ ᠤᠨ ᠠᠮᠠ ᠡᠴᠡ ᠳᠤᠢᠷᠪᠠᠨ ᠳᠠᠢ᠌ᠰᠢ ᠪᠠᠷᠠᠯᠠᠬᠤ ᠳᠤ ᠂ ᠭᠦᠭᠡ ᠳᠡᠭ᠍ᠷᠢ ᠳᠤ ᠳᠤᠮᠤᠭ ᠤᠨ ᠰᠢᠭ ᠴᠠᠭᠠᠨ ᠡᠭᠦᠯᠡ ᠭᠦᠪᠦ ᠨᠡᠭᠦᠨ᠎ᠡ ᠃ ᠵᠤᠨ ᠶᠢᠡᠷ ᠶᠢᠡᠨ ᠪᠠᠢ᠌ᠭᠰᠠᠭᠠᠷ ᠠᠪᠠᠴᠤ ᠵᠢᠭᠠᠬᠠᠨ ᠪᠠᠶ᠎ᠠ ᠵᠢᠭᠡᠭᠦᠰᠦᠭᠦᠯᠭᠦ ᠠᠵᠢ ᠃ ᠴᠠᠰᠤᠳᠤ ᠠᠭᠤᠯᠠ ᠶᠢᠨ ᠳᠡᠭᠡᠭᠦᠷ ᠵᠥᠭᠡᠯᠡᠭᠡᠨ ᠭᠢᠯᠳᠦᠭᠡᠨᠡᠭᠦ ᠴᠠᠰᠤᠨ ᠤ ᠭᠡᠷᠡᠯ ᠳᠤ ᠨᠢᠳᠤ ᠪᠠᠨ ᠠᠷᠭ᠎ᠠ ᠦᠭᠡᠶ ᠵᠢᠷᠮᠡᠢ᠌ᠯᠭᠡᠨ ᠴᠢᠶ‍ᠠᠩᠲ᠋ᠠᠩ ᠤᠨ ᠳᠠᠯ᠎ᠠ ᠶᠢᠨ ᠳᠡᠭᠡᠭᠦᠷ ᠭᠦᠮᠥᠢᠭ᠍ᠰᠡᠨ ᠭᠦᠭᠡ ᠳᠡᠭ᠍ᠷᠢ ᠶᠢ ᠰᠢᠷᠳᠠᠨ ᠵᠢᠷᠭᠠᠬᠤ ᠭᠡᠵᠤ ᠶ‍ᠠᠭᠤᠳᠠᠢ ᠰᠠᠢ᠌ᠬᠠᠨ ᠠᠵᠠ ᠪᠢᠯᠠ ᠃

︽ ᠡᠡᠳᠡ ᠡᠴᠡ ᠰᠠᠢ᠌ᠬᠠᠨ ᠭᠠᠵᠠᠷ ᠠᠯᠠᠭ᠎ᠠ ︾ ᠭᠡᠵᠤ ᠭᠦᠮᠦᠰ ᠭᠡᠯᠡᠳᠡᠭ᠌ ᠨᠢ ᠣᠴᠢᠷᠳᠠᠢ ᠃

ᠨᠢᠳᠤ ᠭᠢᠯᠠᠰᠬᠠᠬᠤ ᠭᠡᠷᠡᠯ ᠭᠢᠯᠪᠠᠭ᠎ᠠ ᠥᠡᠳᠦᠷᠯᠢᠭ᠌ ᠤᠨ ᠨᠠᠭᠤᠷ ᠳᠡᠭᠡᠭᠦᠷ ᠠᠯᠢᠶ‍ᠠᠷᠬᠠᠨ ᠭᠦᠶ‍ᠦᠯᠳᠦᠵᠤ ᠂ ᠡᠪᠠᠰᠤ ᠪᠠᠯᠴᠢᠭᠡᠷ ᠨᠠᠯᠣᠢ᠌ᠨ ᠨᠤᠭᠤᠭᠠᠷᠠᠨ᠎ᠠ ᠃ ᠡᠡᠭ᠌ ᠦᠭᠡᠶ ᠠᠯᠳᠠᠷᠠᠨ ᠰᠢᠷᠭᠠᠯᠳᠤᠭᠰᠠᠨ ᠰᠢᠯᠢᠮᠳᠡᠭ᠌ ᠤᠨ ᠴᠡᠴᠡᠭ᠌ ᠣᠷᠢᠬᠠᠨ ᠰᠠᠯᠭᠢᠨ ᠤ ᠠᠶ᠎ᠠ ᠪᠠᠷ ᠱᠠᠷᠴᠢᠭᠢᠨᠠᠬᠤ ᠨᠢ ᠨᠢᠭᠡ ᠯᠠ ᠠᠶ‍ᠠᠳᠠᠢ᠌ᠬᠠᠨ ᠃ ᠰᠤᠢᠮ᠎ᠠ ᠭᠡᠢ᠌ᠤᠨ ᠂ ᠳᠠᠷᠢᠶ‍ᠠᠨ ᠭᠡᠷ ᠂ ᠮᠠᠢ᠌ᠬᠠᠨ ᠳᠠᠭᠳᠤ ᠡᠭᠡᠭᠡ ᠯᠠ ᠴᠠᠭᠠᠨ ᠳᠤᠯᠪᠣ ᠨᠤᠭᠤᠳ ᠮᠠᠳᠤ ᠪᠠᠷ ᠭᠦᠪᠠᠭᠡ ᠵᠠᠬ᠎ᠠ ᠨᠢ ᠣᠢᠯᠤ ᠬᠠᠷᠠᠭᠳᠠᠬᠤ ᠭᠦᠡᠳᠡᠢ ᠳᠤ ᠭᠡᠷᠡᠯᠳᠤᠨ ᠴᠠᠢ᠌ᠯᠵᠠᠬᠤ ᠪᠦᠭᠡᠤᠨ ᠰᠤᠪᠣᠷᠭᠠᠨ ᠭᠡᠯᠪᠠᠷᠢᠳᠡᠢ ᠰᠤᠢᠮ᠎ᠠ ᠶᠢᠨ ᠣᠷᠤᠢ ᠰᠢᠳᠠᠮ᠎ᠠ ᠬᠠᠯᠠᠭᠤᠨ ᠣᠢᠠᠳᠤᠷ ᠣᠭᠳᠠᠷᠭᠤᠢ ᠶᠢ ᠪᠠᠭᠠᠨᠠᠳᠠᠨ ᠂ ᠴᠠᠭᠠᠨ ᠰᠢᠷ᠎ᠠ ᠰᠤᠳᠤᠷ ᠤᠨ ᠪᠠᠠᠵᠢᠤᠨ ᠨᠠᠷᠠᠨ ᠡᠴᠡ ᠬᠠᠮᠤᠭ ᠣᠢ᠌ᠷᠠᠬᠠᠨ ᠵᠥᠭ᠌ ᠲᠤ ᠨᠠᠮᠢᠷᠠᠨ ᠨᠠᠮᠢᠷᠠᠨ᠎ᠠ ᠃

ᠡᠭᠦᠯᠡ ᠥᠡᠳᠦᠷᠯᠢᠭ᠌ ᠤᠨ ᠳᠡᠭᠡᠭᠦᠷ ᠡᠷᠭᠢᠴᠡᠨ ᠂ ᠳᠠᠯ᠎ᠠ ᠶᠢᠨ ᠳᠡᠭ᠍ᠷᠢ ᠪᠠᠷ ᠭᠦᠪᠦᠨ᠎ᠡ ᠃ ᠳᠡᠭ᠍ᠷᠢ ᠬᠠᠶᠠ ᠳᠠᠭᠠᠨ ᠨᠤᠬᠠᠢ ᠳᠤᠯᠢᠶ‍ᠠᠬᠤ ᠡᠭᠦᠯᠡ ᠦᠭᠡᠶ ᠴᠡᠯᠮᠡᠭ᠌ ᠳᠤᠩᠭ᠋ᠠᠯᠠᠭ ᠂ ᠬᠠᠶᠠ ᠳᠠᠭᠠᠨ ᠠᠭᠠᠳᠠᠷ ᠪᠣᠷᠤᠭᠠᠨ ᠠᠰᠬᠠᠷᠠᠭᠤᠯᠬᠤ ᠠᠵᠢ ᠃ ᠠᠩᠭ᠋ᠠᠭᠰᠠᠨ ᠭᠠᠵᠠᠷ ᠢ ᠬᠤᠷ᠎ᠠ ᠪᠣᠷᠤᠭᠠᠨ ᠬᠠᠠᠳᠠᠯ᠎ᠠ ᠣᠮᠳᠠᠯᠠᠬᠤ ᠪᠦᠭᠡᠤᠨ ᠳᠦᠭᠡᠨᠡᠭ᠍ᠰᠡᠨ ᠨᠠᠷᠠᠨ ᠤ ᠭᠡᠷᠡᠯ ᠳᠤ ᠳᠤᠢᠪᠠᠤᠨ ᠨᠤᠳᠤᠭ ᠤᠨ ᠡᠯᠪᠠᠭ᠌ ᠬᠤᠷᠢᠶ‍ᠠᠯᠳᠠ ᠶᠢᠨ ᠪᠠᠢ᠌ᠳᠠᠯ ᠳᠤᠳᠤᠬᠠᠨ ᠃

ᠳᠤᠢᠪᠠᠤᠨ ᠪᠦᠭᠦᠩ ᠳᠠᠯ᠎ᠠ ᠳᠡᠭᠡᠭᠦᠷ ᠬᠤᠶ‍ᠠᠷ ᠭᠤᠷᠪᠠ ᠪᠠᠷ ᠶᠢᠡᠨ ᠭᠦᠭᠡᠷᠡᠨ ᠬᠠᠷᠠᠭᠳᠠᠬᠤ ᠪᠦᠭᠡᠤᠨ ᠵᠠᠯᠬᠠᠭᠤᠷᠠᠨ ᠨᠤᠵᠤᠭᠠᠷᠠᠭᠰᠠᠨ ᠬᠠᠷ᠎ᠠ ᠰᠠᠷᠯᠤᠭ ᠤᠳ ᠨᠠᠭᠤᠷ ᠤᠨ ᠣᠰᠤᠨ᠎ᠠ ᠰᠡᠭᠦᠳᠡᠷᠳᠤᠨ ᠳᠤᠰᠤᠨ᠎ᠠ ᠃ ᠬᠤᠨᠢ ᠢᠮᠠᠭᠠᠤᠨ ᠢᠳᠡᠰᠢᠯᠡᠭ᠍ᠰᠡᠭᠡᠷ ᠬᠤᠯᠠ ᠶᠢᠨ ᠬᠤᠯᠠ ᠳᠤ ᠣᠳᠤᠨ᠎ᠠ ᠃ ᠭᠦᠴᠦᠳᠤ ᠪᠦᠷᠭᠦᠤᠨ ᠳᠡᠭ᠍ᠷᠢ ᠶᠢᠨ ᠣᠢᠠᠳᠤᠷ ᠲᠤ ᠳᠠᠯᠠᠪᠴᠢ ᠪᠠᠨ ᠳᠡᠯᠭᠡᠨ ᠬᠠᠯᠢᠨ ᠨᠢᠰᠤᠨ᠎ᠠ ᠃

ᠮᠠᠷᠳᠠᠭᠳᠠᠰᠢ ᠦᠭᠡᠶ ᠡᠨᠡ ᠪᠦᠭᠦᠨ ᠂ ᠨᠢᠭᠡ ᠮᠡᠳᠡᠭᠦ ᠳᠤ ᠯᠠ ᠶ‍ᠠᠷᠤ ᠡᠴᠡ ᠪᠠᠢ᠌ᠭ᠎ᠠ ᠦᠭᠡᠶ ᠠᠷᠢᠭᠤᠨ ᠳᠠᠷᠬᠠᠨ ᠵᠣᠢ᠌ᠯ ᠳᠤ ᠠᠭᠠᠵᠢᠮ ᠶᠢᠡᠷ ᠭᠦᠷᠢᠶ‍ᠡᠯᠡᠭ᠍ᠳᠡᠴᠢᠭᠡᠭ᠍ᠰᠡᠨ ᠪᠠᠢ᠌ᠭ᠎ᠠ ᠶᠢ ᠮᠡᠳᠡᠷᠡᠭᠦᠯᠦᠨ᠎ᠡ ᠃

ᠨᠡᠭᠡᠷᠡᠨ ᠡᠡᠳᠡ ᠡᠴᠡ ᠰᠠᠢ᠌ᠬᠠᠨ ᠭᠠᠵᠠᠷ ᠭᠡᠵᠤ ᠬᠠᠮᠢᠭ᠎ᠠ ᠴᠤ ᠠᠯᠠᠭ᠎ᠠ ᠃ ᠥᠡᠳᠦᠷᠯᠢᠭ᠌ ᠶᠢᠡᠷ ᠣᠨᠠᠵᠤ ᠮᠥᠷᠭᠦᠵᠤ ᠶ‍ᠠᠪᠣᠭ᠎ᠠ ᠮᠥᠷᠭᠦᠯᠴᠢᠤᠨ ᠡᠴᠡ ᠢᠯᠡᠭᠦᠤ ᠠᠵᠢᠯᠯᠠᠭᠠᠨ ᠤ ᠣᠷᠠᠯᠢᠭᠴᠢᠤᠨ ᠭᠡᠵᠤ ᠪᠠᠢ᠌ᠳᠠᠭ ᠴᠤ ᠪᠣᠯ ᠦᠦ ᠂ ᠪᠣᠤ ᠮᠠᠳᠠ ᠃ ᠠᠯᠠᠭ᠎ᠠ ᠪᠠᠨ ᠬᠠᠪᠰᠤᠷᠤᠨ ᠵᠠᠯᠪᠠᠷᠢᠵᠤ ᠂ ᠳᠡᠭᠡᠷ᠎ᠡ ᠡᠷᠭᠦᠭ᠍ᠰᠡᠭᠡᠷ ᠠᠯᠤᠰ ᠢ ᠵᠤᠷᠢᠬᠤ ᠳᠠᠳᠠᠨ ᠤ ᠨᠢᠳᠤᠨ ᠡᠴᠡ ᠬᠠᠳᠠᠨ ᠪᠠᠳᠤ ᠂ ᠠᠷᠢᠭᠤᠨ ᠳᠠᠷᠬᠠᠨ ᠤ ᠭᠡᠷᠡᠯ ᠳᠠᠳᠠᠬᠤ ᠪᠦᠭᠡᠤᠨ ᠠᠯᠠᠭ᠎ᠠ ᠬᠠᠪᠰᠤᠷᠬᠤ ᠶᠢᠨ ᠳᠠᠭᠠᠤ ᠭᠦᠳᠡᠷ ᠪᠢᠷᠠᠯᠢᠭ ᠪᠠᠶ᠎ᠠ ᠡᠭᠡ ᠭᠠᠵᠠᠷ ᠢ ᠬᠠᠯᠠᠭᠤᠬᠠᠨ ᠳᠡᠪᠠᠷᠢᠭᠦ ᠠᠵᠢ ᠃

ᠶ‍ᠠᠮᠠᠷᠬᠠᠨ ᠠᠤᠭ᠎ᠠ ᠭᠦᠴᠤᠨ ᠭᠡᠵᠤ ᠡᠨᠡ ᠪᠣᠢ ︕ ᠡᠨᠡ ᠳᠤᠭᠠᠯᠠᠰᠢ ᠦᠭᠡᠶ ᠣᠯᠠᠨ ᠠᠭᠤᠯᠠ ᠭᠠᠩᠭ᠋᠎ᠠ ᠶᠢ ᠳᠤᠭᠤᠯᠤᠨ᠎ᠠ ᠭᠡᠵᠤ ᠃

ᠠᠭᠤᠤ ᠰᠥᠷᠯᠢᠭ᠌ ᠂ ᠣᠴᠢᠷ ᠪᠢᠳᠡᠭᠦᠯᠢᠭ᠌ ᠰᠤᠢᠮ᠎ᠠ ᠭᠡᠢ᠌ᠤᠨ ︱ ᠣᠢᠠᠳᠤᠷ ᠲᠤ ᠨᠠᠮᠢᠷᠠᠬᠤ ᠰᠤᠳᠤᠷ ᠤᠨ ᠪᠠᠠᠵᠢᠤᠨ ᠂ ᠠᠩᠭᠢᠯᠤᠨ ᠳᠤᠨᠤᠷᠠᠬᠤ ᠭᠦᠵᠢᠰ ᠤᠨ ᠠᠷᠢᠭᠤᠨ ᠣᠳᠤᠭ᠎ᠠ ᠃ ᠳᠡᠭᠡᠭ᠍ᠰᠢ ᠳᠤᠭᠤᠭᠰᠢ ᠳᠤᠭᠯᠠᠨ ᠭᠡᠷᠡᠯᠳᠦᠭᠦ ᠮᠢᠩᠭ᠋᠎ᠠ ᠳᠤᠢᠮᠠᠨ ᠵᠤᠯᠠ ᠭᠡᠴᠢᠨᠡᠭᠡᠨ ᠠᠮᠢᠳᠠᠨ ᠤ ᠳᠠᠭᠤᠰᠤᠰᠢ ᠦᠭᠡᠶ ᠵᠠᠯᠪᠠᠷᠢᠯ ᠨᠠᠢ᠌ᠳᠠᠯᠭ᠎ᠠ ᠶᠢ ᠭᠡᠷᠡᠯᠳᠦᠭᠦᠯᠵᠤ ᠪᠠᠢ᠌ᠭ᠎ᠠ ᠶᠢ ᠭᠡᠨ ᠴᠤ ᠮᠡᠳᠡᠭᠦ ᠦᠭᠡᠶ ᠪᠢᠵᠠ ᠃ ( ᠮᠠᠷᠭᠠᠰᠢ ᠨᠠᠢ᠌ᠷᠠᠭᠤᠯᠤᠨ ᠣᠷᠴᠢᠭᠤᠯᠪᠠ )

ᠵᠦᠮᠦᠯᠠᠩᠮᠠ ᠤᠷᠭᠢᠯ ᠳᠦ ᠶᠠᠪᠤᠬᠤ ᠵᠠᠮ ᠦᠨ ᠭᠤᠳᠤᠰ ᠳᠡᠬᠢ ᠮᠠᠨᠢ ᠵᠢᠨ ᠤᠪᠤᠭ᠎ᠠ

ᠨᠠᠮᠤᠼᠤ ᠨᠠᠭᠤᠷ ᠦᠨ ᠦᠳᠡᠰᠢ ᠵᠢᠨ ᠲᠤᠶᠠᠭ᠎ᠠ

ᠲᠠᠩᠭ᠋ᠤᠯᠠ ᠠᠭᠤᠯᠠ ᠵᠢᠨ ᠬᠤᠷᠮᠤᠢ ᠳᠡᠬᠢ ᠲᠠᠯ᠎ᠠ ᠵᠢᠨ ᠦᠷᠯᠦᠭᠡ

ᠬᠠᠭᠤᠴᠢᠨ ᠪᠡᠬᠢᠯᠡᠯᠲᠡ ᠬᠡᠪ ᠵᠢᠡᠷ ᠵᠢᠡᠨ

ᠪᠠᠢᠢᠰᠢᠩ ᠵᠢᠨ ᠦᠩᠬᠡ

ᠰᠢᠭᠠᠽᠢ ᠵᠢᠨ ᠠᠢᠢᠯ ᠦᠨ ᠴᠤᠩᠬᠤ ᠪᠡᠷ ᠠᠶᠠᠲᠠᠢ ᠵᠦᠭᠡᠯᠡᠭᠡᠨ ᠬᠡᠷᠡᠯ ᠰᠠᠴᠤᠷᠠᠨ᠎ᠠ

ᠡᠯᠪᠡᠭ᠌ ᠬᠤᠷᠢᠶᠠᠯᠲᠠ ᠬᠦᠰᠡᠨ ᠲᠠᠭᠠᠳᠬᠠᠬᠤ ᠸᠠᠩᠭᠦᠸᠸ ᠵᠢᠨ ᠨᠠᠢᠢᠷ

ᠵᠦᠮᠦᠯᠠᠩᠮᠠ ᠤᠷᠬᠢᠯ

ᠦᠨᠳᠦᠷᠯᠢᠭ ᠦᠨ ᠨᠠᠮᠤᠭ ᠭᠠᠵᠠᠷ

ᠶᠠᠩᠵᠤᠶᠦᠩᠽᠦ ᠨᠠᠭᠤᠷ ᠦᠨ ᠬᠦᠪᠡᠭᠡᠨ ᠳᠡᠬᠢ ᠦᠩᠭᠡ ᠢᠯᠭᠠᠷᠠᠭᠰᠠᠨ ᠭᠡᠷ ᠪᠠᠢᠢᠰᠢᠩ

ᠯᠾᠠᠰᠠ ᠵᠢᠨ ᠵᠡᠭᠡᠯᠢ ᠵᠢᠨ ᠬᠦᠭ᠍ᠵᠢᠮᠴᠢᠨ

ᠵᠤᠬᠢᠶᠠᠭᠴᠢ(ᠵᠡᠭᠦᠨ2)ᠲᠦᠪᠡᠳ ᠵᠠᠯᠠᠭᠤᠰ ᠲᠠᠢ ᠬᠠᠮᠳᠦ

ᠦᠯᠵᠢ ᠲᠡᠮᠪᠡᠷᠢᠯ ᠦᠨ ᠲᠠᠭᠠᠳᠬᠠᠯ ᠪᠤᠯᠤᠭᠰᠠᠨ ᠦᠢ ᠤᠯᠠᠨ ᠵᠤᠯᠠ

1.ᠲᠦᠪᠡᠳ ᠦᠨᠳᠦᠰᠦᠲᠡᠨ ᠦ ᠪᠠ ᠱᠠᠰᠢᠨ ᠦ ᠦᠩᠭᠡ ᠪᠤᠳᠤᠭ ᠵᠢᠡᠷ ᠲᠤᠳᠤᠬᠠᠨ ᠮᠠᠰᠢᠨ ᠲᠡᠷᠭᠡ ᠬᠠ ᠶᠠ ᠦᠭᠡᠢ ᠲᠤᠬᠢᠶᠠᠯᠳᠤᠨ᠎ᠠ

2.ᠯᠾᠠᠰᠠ ᠵᠢᠨ ᠭᠠᠯᠲᠦ ᠲᠡᠷᠭᠡᠨ ᠦ ᠦᠷᠳᠡᠭᠡ

3.ᠤᠨᠠᠵᠦ ᠮᠦᠷᠭᠦᠨ᠎ᠠ

ᠵᠦᠮᠦᠯᠠᠩᠮᠠ ᠤᠷᠬᠢᠯ ᠢ ᠲᠤᠷᠠᠨ ᠵᠢᠡᠷ ᠬᠠᠷᠠᠭᠠᠳ ᠭᠠᠢᠢᠬᠠᠰᠢ ᠠᠯᠳᠠᠬᠤ ᠲᠦᠪᠡᠳ ᠪᠦᠰᠡᠭᠦᠢ



ᠵᠤᠬᠢᠶᠠᠭᠴᠢ᠄ ᠲᠤᠭᠳᠠᠬᠤ
ᠢᠷᠡᠯᠲᠡ᠄ ᠦᠨᠳᠦᠰᠦᠲᠡᠨ ᠦ ᠵᠢᠷᠤᠭᠲᠦ ᠰᠡᠳᠭᠦᠯ ᠦᠨ ᠬᠤᠷᠢᠶ᠎ᠠ
ᠬᠠᠷᠢᠶ᠎ᠠ᠄
ᠳᠠᠷᠤᠮ᠄ 371
ᠴᠠᠭ᠄ 2015 ᠤᠨ ᠤ 05 ᠰᠠᠷ᠎ᠠ ᠶᠢᠨ 09
ᠨᠠᠢ᠌ᠷᠠᠭᠤᠯᠤᠭᠴᠢ᠄ ᠰᠠᠴᠤᠷᠠᠯ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁