ᠴᠢᠯᠦᠭᠡᠳᠤ ᠨᠢᠳᠤᠷᠭ᠎ᠠ ᠶᠢᠨ ᠠᠪᠣᠷᠭᠤ ︱ ᠪᠣᠯᠠᠭ

2009 ᠣᠨ ᠤ 11 ᠰᠠᠷ᠎ᠠ ᠶᠢᠨ 16 ᠤ ᠡᠳᠦᠷ ᠂ ᠪᠢ ᠬᠤᠳᠠ ᠶᠢᠨ ᠮᠠᠶ‍ᠢᠭ ᠪᠣᠯᠤᠨ ᠣᠯᠠᠮᠵᠢᠯᠠᠯᠳᠤ ᠮᠠᠶ‍ᠢᠭ ᠢ ᠬᠤᠤᠰᠯᠠᠭᠤᠯᠤᠭᠰᠠᠨ ᠮᠤᠩᠭ᠋ᠤᠯ ᠬᠤᠷᠢᠮ ᠳᠤ ᠣᠷᠤᠯᠴᠠᠪᠠ ᠃ ᠪᠠᠭᠡᠵᠢᠩ ᠤᠨ ᠱᠠᠮᠪᠠᠯᠠ ᠳᠠᠪᠤᠨ ᠣᠳᠤ ᠲᠡᠶ ᠵᠤᠴᠢᠤᠨ ᠪᠠᠭᠤᠳᠠᠯ ᠤᠨ ᠣᠯᠠᠭᠠᠨ ᠭᠡᠪᠢᠰᠤᠨ ᠳᠡᠭᠡᠷᠡᠭᠢ ᠰᠢᠨ᠎ᠠ ᠬᠤᠤᠰ ᠂ ᠡᠭᠦᠳᠡᠨ ᠳᠤ ᠪᠠᠭᠰᠢᠷᠠᠯᠳᠤᠬᠤ ᠭᠦᠮᠦᠰ ᠂ ᠣᠷᠳᠤ ᠡᠴᠡ ᠣᠷᠳᠤ ᠵᠢᠭᠰᠠᠭᠰᠠᠨ ᠮᠠᠰᠢᠨ ᠂ ᠳᠢᠩᠭᠢᠮ ᠤᠨ ᠠᠭᠠᠷ ᠢ ᠨᠠᠮᠢᠷᠠᠭᠠᠬᠤ ᠮᠤᠩᠭ᠋ᠤᠯ ᠳᠠᠭᠤᠤ ᠠᠶ‍ᠠᠰ ᠂ ᠶ‍ᠢᠰᠤ ᠶ‍ᠢᠰᠤᠨ ᠭᠦᠷᠭᠡᠨ ᠪᠠᠷᠢ ᠶᠢᠨ ᠳᠠᠭᠠᠭᠴᠢ ᠨᠢ ᠪᠦᠷ ᠬᠤᠷᠢᠮ ᠤᠨ ᠥᠪᠠᠳᠡᠭ᠍ᠰᠢ ᠪᠠ ᠵᠢᠷ ᠤᠨ ᠪᠣᠰᠤ ᠶᠢ ᠥᠵᠡᠭᠦᠯᠵᠤ ᠪᠠᠢ᠌ᠯ᠎ᠠ ᠃ ᠡᠨᠡ ᠬᠤᠷᠢᠮ ᠤᠨ ᠡᠵᠡᠨ ᠪᠣᠯᠪᠠᠰᠤ ᠴᠢᠯᠦᠭᠡᠳᠤ ᠨᠢᠳᠤᠷᠭ᠎ᠠ ᠶᠢᠨ ᠠᠪᠣᠷᠭᠤ ︱ ᠪᠣᠯᠠᠭ ᠠᠵᠢ ᠃

ᠪᠣᠯᠠᠭ ᠂ ᠣᠢᠪᠣᠷ ᠮᠤᠩᠭ᠋ᠤᠯ ᠤᠨ ᠬᠤᠷᠴᠢᠨ ᠵᠡᠭᠦᠨ ᠭᠠᠷᠤᠨ ᠬᠣᠢ᠌ᠳᠤ ᠬᠤᠰᠢᠭᠤᠨ ᠤ ᠨᠢᠭᠡᠨ ᠮᠠᠯᠴᠢᠨ ᠤ ᠭᠡᠷ ᠲᠤ ᠳᠤᠢᠷᠤᠵᠠᠢ ᠂ ᠡᠴᠢᠭᠡ ᠨᠢ ᠭᠦᠵᠢᠭᠦᠨ ᠴᠠᠢ᠌ᠯᠭᠠᠨ ᠂ ᠪᠦᠭᠡ ᠰᠠᠢ᠌ᠨ ᠪᠠᠷᠢᠯᠳᠤᠳᠠᠭ ᠭᠦᠮᠤᠨ ᠪᠠᠢ᠌ᠭᠰᠠᠨ ᠶ‍ᠤᠮ ᠃ ᠠᠪᠣ ᠶᠢᠨ ᠶᠢᠡᠨ ᠨᠥᠯᠦᠭᠡᠯᠡᠯ ᠶᠢᠡᠷ ᠪᠢᠴᠢᠬᠠᠨ ᠪᠣᠯᠠᠭ ᠠᠪᠣ ᠲᠡᠶ ᠪᠠᠨ ᠠᠳᠠᠯᠢᠬᠠᠨ ᠪᠠᠭᠠᠳᠤᠷ ᠭᠦᠮᠤᠨ ᠪᠣᠯᠬᠤ ᠶᠢ ᠭᠦᠰᠡᠭᠦ ᠪᠣᠯᠵᠠᠢ ᠃ ᠳᠠᠷᠠ 14 ᠨᠠᠰᠤᠳᠠᠢ ᠳᠠᠭᠠᠨ ᠬᠤᠷᠴᠢᠨ ᠵᠡᠭᠦᠨ ᠭᠠᠷᠤᠨ ᠬᠣᠢ᠌ᠳᠤ ᠬᠤᠰᠢᠭᠤᠨ ᠤ ᠭᠠᠠᠵᠤᠭ᠎ᠠ ᠳᠠᠮᠢᠷ ᠤᠨ ᠰᠤᠷᠭᠠᠭᠤᠯᠢ ᠳᠤ ᠰᠢᠯᠭᠠᠭᠤᠯᠵᠤ ᠣᠷᠤᠭᠠᠤᠨ ᠂ 16 ᠨᠠᠰᠤᠳᠠᠢ ᠳᠠᠭᠠᠨ ᠣᠢᠪᠣᠷ ᠮᠤᠩᠭ᠋ᠤᠯ ᠤᠨ ᠳᠠᠮᠢᠷ ᠤᠨ ᠠᠩᠭᠢ ᠶᠢᠨ ᠬᠤᠶ‍ᠠᠳᠤᠭᠠᠷ ᠶ‍ᠡᠭᠡ ᠠᠩᠭᠢ ᠳᠤ ᠡᠯᠰᠡᠭ᠍ᠳᠡᠵᠤ ᠂ 2003 ᠣᠨ ᠳᠤ ᠱᠠᠠᠰᠢ ᠶᠢᠨ ᠪᠠᠶ᠎ᠠ ᠳᠠᠮᠢᠷ ᠤᠨ ᠳᠡᠭᠡᠳᠤ ᠰᠤᠷᠭᠠᠭᠤᠯᠢ ᠳᠤ ᠳᠠᠪᠰᠢᠵᠤ ᠣᠷᠤᠪᠠ ᠃

ᠰᠤᠷᠤᠯᠭ᠎ᠠ ᠪᠠᠨ ᠳᠡᠭᠦᠰᠭᠡᠭᠡᠤᠨ ᠪᠣᠯᠠᠭ ᠣᠷᠤᠯᠴᠠᠭᠰᠠᠨ ᠣᠯᠠᠨ ᠣᠳᠠᠭᠠᠨ ᠤ ᠳᠡᠮᠡᠴᠡᠭᠡᠨ ᠳᠤ ᠭᠠᠠᠵᠤᠭ᠎ᠠ ᠳᠦᠭᠦᠷᠡᠩ ᠶ‍ᠠᠪᠣᠵᠠᠢ ᠄ 2002 ᠣᠨ ᠳᠤ ᠭᠤᠷᠪᠠᠳᠤᠭᠠᠷ ᠬᠤᠭᠤᠴᠠᠭᠠᠨ ᠤ ᠴᠢᠯᠦᠭᠡᠳᠤ ᠨᠢᠳᠤᠷᠭ᠎ᠠ ᠶᠢᠨ ᠠᠪᠣᠷᠭᠤ ᠰᠢᠯᠭᠠᠷᠠᠭᠤᠯᠬᠤ ᠳᠡᠮᠡᠴᠡᠭᠡᠨ ᠳᠤ 75 ᠺᠢᠯᠦᠭ᠍ᠷᠡᠮ ᠤᠨ ᠳᠠᠰ ᠤᠨ ︽ ᠴᠢᠯᠦᠭᠡᠳᠤ ᠨᠢᠳᠤᠷᠭ᠎ᠠ ᠶᠢᠨ ᠠᠪᠣᠷᠭᠤ ︾ ᠂ ᠳᠤᠮᠳᠠᠳᠤ ᠣᠯᠤᠰ ᠤᠨ 2002 ᠣᠨ ᠤ ᠴᠢᠯᠦᠭᠡᠳᠤ ᠨᠢᠳᠤᠷᠭ᠎ᠠ ᠶᠢᠨ ᠠᠪᠣᠷᠭᠤ ᠨᠤᠭᠤᠳ ᠤᠨ ᠠᠪᠣᠷᠭᠤ ᠂ 2003 ᠣᠨ ᠤ ᠳᠦᠷᠪᠠᠳᠦᠭᠡᠷ ᠬᠤᠭᠤᠴᠠᠭᠠᠨ ᠤ ᠳᠤᠮᠳᠠᠳᠤ ᠣᠯᠤᠰ ᠤᠨ ᠴᠢᠯᠦᠭᠡᠳᠤ ᠨᠢᠳᠤᠷᠭ᠎ᠠ ᠪᠣᠯᠤᠨ ᠲᠡᠶ ᠣᠯᠤᠰ ᠤᠨ ᠮᠡᠷᠭᠡᠵᠢᠯ ᠤᠨ ᠳᠠᠢ᠌ᠯᠠᠠᠳ᠋ ᠪᠣᠺᠰ ᠤᠨ ᠰᠢᠭ᠍ᠰᠢᠭᠡ ᠳᠡᠮᠡᠴᠡᠭᠡᠨ ᠳᠤ 75 ᠺᠢᠯᠦᠭ᠍ᠷᠡᠮ ᠤᠨ ᠳᠠᠰ ᠤᠨ ᠠᠪᠣᠷᠭᠤ ᠂ 2003 ᠣᠨ ᠤ ᠴᠢᠯᠦᠭᠡᠳᠤ ᠨᠢᠳᠤᠷᠭ᠎ᠠ ᠶᠢᠨ ᠠᠪᠣᠷᠭᠤ ᠰᠢᠯᠭᠠᠷᠠᠭᠤᠯᠬᠤ ᠳᠡᠮᠡᠴᠡᠭᠡᠨ ᠳᠤ 75 ᠺᠢᠯᠦᠭ᠍ᠷᠡᠮ ᠤᠨ ᠳᠠᠰ ᠤᠨ ᠠᠪᠣᠷᠭᠤ ᠂ 2003 ᠣᠨ ᠤ ᠳᠡᠯᠡᠭᠡᠢ ᠶᠢᠨ ᠴᠢᠯᠦᠭᠡᠳᠤ ᠨᠤᠴᠤᠯᠳᠤᠭᠠᠨ ᠤ IKF ᠠᠯᠳᠠᠨ ᠪᠦᠰᠡ ᠶᠢᠨ ᠡᠵᠡᠨ ᠂ 2003 ᠣᠨ ᠤ ᠳᠦᠷᠪᠠᠳᠦᠭᠡᠷ ᠬᠤᠭᠤᠴᠠᠭᠠᠨ ᠤ ᠴᠢᠯᠦᠭᠡᠳᠤ ᠨᠢᠳᠤᠷᠭ᠎ᠠ ᠶᠢᠨ ᠠᠪᠣᠷᠭᠤ ᠶᠢᠨ ᠳᠤᠮᠳᠠᠳᠤ ᠠᠮᠸᠷᠢᠺᠠ ᠶᠢᠨ ᠰᠢᠭ᠍ᠰᠢᠭᠡ ᠳᠡᠮᠡᠴᠡᠭᠡᠨ ᠳᠤ 75 ᠺᠢᠯᠦᠭ᠍ᠷᠡᠮ ᠤᠨ ᠳᠠᠰ ᠤᠨ ᠠᠯᠳᠠᠨ ᠪᠦᠰᠡ ᠶᠢᠨ ᠡᠵᠡᠨ ᠂ 2003 ᠣᠨ ᠤ ᠳᠡᠯᠡᠭᠡᠢ ᠶᠢᠨ ᠴᠢᠯᠦᠭᠡᠳᠤ ᠨᠢᠳᠤᠷᠭ᠎ᠠ ᠶᠢᠨ ᠠᠪᠣᠷᠭᠤ ᠰᠢᠯᠭᠠᠷᠠᠭᠤᠯᠬᠤ ᠳᠡᠮᠡᠴᠡᠭᠡᠨ ᠤ ᠠᠪᠣᠷᠭᠤ ᠂ 2007 ᠣᠨ ᠤ ︽ ᠪᠠᠭᠠᠳᠤᠷᠴᠤᠳ ᠤᠨ ᠰᠠᠮᠪᠠᠷ᠎ᠠ ︾ ᠶᠢᠨ ᠶ‍ᠡᠷᠦᠩᠭᠡᠢ᠌ᠯᠡᠭ᠍ᠰᠡᠨ ᠨᠤᠴᠤᠯᠳᠤᠭᠠᠨ ᠤ 85 ᠺᠢᠯᠦᠭ᠍ᠷᠡᠮ ᠤᠨ ᠳᠠᠰ ᠤᠨ ᠳᠤᠢᠷᠪᠠᠨ ᠵᠢᠯ ᠳᠠᠷᠠᠭᠠᠯᠠᠭᠰᠠᠨ ᠮᠡᠡᠭᠯᠡᠢ ᠂ 2008 ᠣᠨ ᠤ ᠊ᠭ᠍ᠸᠷᠮᠡᠨ ᠤ WKA ( ᠳᠡᠯᠡᠭᠡᠢ ᠶᠢᠨ ᠴᠢᠯᠦᠭᠡᠳᠤ ᠨᠤᠴᠤᠯᠳᠤᠭᠠᠨ ᠤ ᠬᠤᠯᠪᠣᠭ᠎ᠠ ) ᠶᠢᠨ ᠴᠢᠯᠦᠭᠡᠳᠤ ᠨᠤᠴᠤᠯᠳᠤᠭᠠᠨ ᠤ ᠶ‍ᠡᠭᠡ ᠳᠡᠮᠡᠴᠡᠭᠡᠨ ᠳᠤ 90 ᠺᠢᠯᠦᠭ᠍ᠷᠡᠮ ᠤᠨ ᠳᠠᠰ ᠤᠨ ᠠᠯᠳᠠᠨ ᠪᠦᠰᠡ ᠶᠢᠨ ᠡᠵᠡᠨ ( ᠳᠤᠮᠳᠠᠳᠤ ᠣᠯᠤᠰ ᠤᠨ ᠴᠢᠯᠦᠭᠡᠳᠤ ᠨᠢᠳᠤᠷᠭ᠎ᠠ ᠶᠢᠨ ᠭᠢᠨ ᠠᠩᠬ᠎ᠠ ᠣᠳᠠᠭ᠎ᠠ WKA ᠶᠢᠨ ᠠᠯᠳᠠᠨ ᠪᠦᠰᠡ ᠠᠪᠴᠤ ᠪᠣᠢ ) ᠂ 2009 ᠣᠨ ᠤ ᠠᠩᠬᠠᠳᠤᠭᠠᠷ ᠬᠤᠭᠤᠴᠠᠭᠠᠨ ᠤ ᠡᠴᠦᠰ ᠤᠨ ᠬᠠᠳᠠᠨ ᠪᠠᠭᠠᠳᠤᠷ ᠤᠨ ᠨᠤᠴᠤᠯᠳᠤᠭᠠᠨ ᠤ 85 ᠺᠢᠯᠦᠭ᠍ᠷᠡᠮ ᠤᠨ ᠳᠠᠰ ᠲᠤ ᠮᠡᠡᠭᠯᠡᠢ᠌ᠯᠡᠵᠡᠢ ᠃ 2005 ︱ 2008 ᠣᠨ ᠳᠤ ᠰᠢᠠᠵᠢᠶ‍ᠠᠩ ᠤᠨ ᠴᠢᠯᠦᠭᠡᠳᠤ ᠨᠢᠳᠤᠷᠭ᠎ᠠ ᠶᠢᠨ ᠠᠩᠭᠢ ᠳᠤ ᠳᠠᠰᠬᠠᠯᠵᠢᠭᠤᠯᠤᠭᠴᠢ ᠪᠠᠷ ᠠᠵᠢᠯᠯᠠᠵᠤ ᠪᠠᠢ᠌ᠪᠠ ᠃

2007 ᠣᠨ ᠤ ︽ ᠪᠠᠭᠠᠳᠤᠷᠴᠤᠳ ᠤᠨ ᠰᠠᠮᠪᠠᠷ᠎ᠠ ︾ ᠶᠢᠨ ᠶ‍ᠡᠷᠦᠩᠭᠡᠢ᠌ᠯᠡᠭ᠍ᠰᠡᠨ ᠨᠤᠴᠤᠯᠳᠤᠭᠠᠨ ᠤ ᠣᠢᠶ᠎ᠠ ᠳᠤ ᠪᠣᠯᠤᠭᠰᠠᠨ ᠨᠢᠭᠡᠨ ᠣᠳᠠᠭᠠᠨ ᠤ ᠮᠤᠩᠭ᠋ᠤᠯ ᠵᠠᠯᠠᠭᠤᠴᠤᠳ ᠤᠨ ᠴᠤᠭᠯᠠᠭᠠᠨ ᠳᠡᠭᠡᠷ᠎ᠡ ᠣᠢᠨᠤᠳᠤᠷ ᠤᠨ ᠰᠢᠨ᠎ᠠ ᠪᠠᠷᠢ ᠬᠤᠤ ᠢᠩ ᠯᠠᠨ ᠲᠡᠶ ᠪᠠᠨ ᠳᠠᠨᠢᠯᠴᠠᠪᠠ ᠃ ᠳᠠᠮᠢᠷᠴᠢᠨ ᠭᠠᠷᠤᠯ ᠲᠡᠶ ᠬᠤᠤ ᠢᠩ ᠯᠠᠨ ᠪᠠᠶ‍ᠠᠰᠤᠩᠭ᠋ᠤᠢ ᠳᠡᠭᠡᠷ᠎ᠡ ᠪᠠᠨ ᠮᠡᠷᠭᠡᠨ ᠴᠢᠭᠡᠴᠢ ᠭᠦᠮᠤᠨ ᠪᠠᠢ᠌ᠪᠠ ᠃ 2008 ᠣᠨ ᠳᠤ ᠳᠠᠳᠠ ᠬᠤᠶ‍ᠠᠭᠤᠯᠠ ᠪᠠᠨ ᠬᠠᠮᠳᠤᠷᠠᠨ ︽ ᠪᠣᠯᠠᠭ ᠰᠤᠶ‍ᠤᠯ ᠵᠠᠭᠤᠴᠢᠯᠠᠭᠤᠷ ᠤᠨ ᠺᠦᠮᠫᠠᠨᠢ ︾ ᠡᠷᠭᠢᠯᠡᠨ ᠂ ᠳᠠᠮᠢᠷ ᠤᠨ ᠰᠤᠶ‍ᠤᠯ ᠤᠨ ᠪᠦᠳᠦᠭᠡᠨ ᠪᠠᠢ᠌ᠭᠤᠯᠤᠯᠳᠠ ᠳᠤ ᠮᠡᠷᠭᠡᠵᠢᠯ ᠤᠨ ᠥᠢᠯᠡᠴᠢᠯᠡᠭᠡ ᠬᠠᠩᠭ᠋ᠠᠬᠤ ᠶᠢ ᠵᠤᠷᠢᠵᠤ ᠂ ᠬᠤᠤ ᠢᠩ ᠯᠠᠨ ᠨᠢ ᠪᠣᠯᠠᠭ ᠤᠨ ᠬᠠᠢ᠌ᠷᠠᠳᠠᠢ ᠭᠡᠷᠭᠡᠢ ᠮᠤᠢᠷᠳᠠᠯ᠎ᠠ ᠪᠠᠨ ᠰᠢᠳᠠᠷ ᠳᠤᠰᠠᠯᠠᠭᠴᠢ ᠪᠣᠯᠵᠠᠢ ᠃

ᠨᠤᠴᠤᠭᠠᠨ ᠤ ᠳᠠᠢ᠌ᠰᠠᠨ ᠳᠡᠭᠡᠷ᠎ᠡ ᠳᠤᠭᠯᠠᠵᠤ ᠶ‍ᠠᠪᠣᠭᠰᠠᠨ ᠪᠣᠯᠠᠭ ᠂ ᠣᠷᠴᠢᠮ ᠡᠴᠡ ᠨᠢᠭᠡ ᠰᠢᠨ᠎ᠠ ᠠᠵᠢᠯ ᠭᠦᠯᠢᠶ‍ᠡᠭ᠍ᠰᠡᠨ ᠨᠢ ︽ ᠰᠢᠨ᠎ᠠ ᠱᠤᠢᠢ ᠬᠤ ᠶᠢᠨ ᠥᠯᠢᠭᠡᠷ ︾ ᠤᠨ ᠢᠯᠳᠤᠳᠤ ᠪᠠᠭᠠᠳᠤᠷ ᠭᠤᠸᠠᠨ ᠱᠸᠩ ᠤᠨ ᠳᠤᠢᠷᠢ ᠳᠤ ᠳᠤᠭᠯᠠᠬᠤ ᠠᠵᠢᠯ ᠪᠠᠢ᠌ᠪᠠ ᠃ ᠵᠥᠴᠦᠭᠡ ᠶᠢᠨ ᠥᠭᠡ ᠴᠡᠭᠡᠵᠢᠯᠡᠭᠦ ᠨᠢ ᠭᠡᠳᠥᠢᠪᠠᠷ ᠳᠡᠭᠦᠨ ᠳᠤ ᠠᠪᠴᠤ ᠭᠡᠯᠡᠪᠠᠯ ᠨᠢᠭᠡᠨ ᠰᠢᠨ᠎ᠠ ᠣᠢᠷᠢᠰᠤᠯᠳᠠ ᠪᠣᠯᠪᠠᠴᠤ ᠪᠦᠭᠦ ᠭᠦᠴᠤ ᠪᠠᠷ ᠶᠢᠡᠨ ᠴᠢᠷᠮᠠᠢ᠌ᠭᠰᠠᠨ ᠤ ᠳ᠋ᠦᠩ ᠳᠤ ᠬᠠᠷᠢᠨ ᠨᠠᠯᠢᠶ‍ᠠᠤᠨ ᠰᠠᠢ᠌ᠨ ᠪᠦᠳᠦᠮᠵᠢ ᠲᠡᠶ ᠪᠣᠯᠵᠤ ᠢᠷᠠᠪᠠ ᠃

ᠵᠥᠴᠦᠭᠡᠴᠢᠨ ᠪᠣᠯᠵᠤ ᠳᠤᠭᠯᠠᠬᠤ ᠨᠢ ᠮᠢᠨᠤ ᠬᠤᠪᠢ ᠳᠤ ᠭᠤᠤᠯ ᠶ‍ᠠᠭᠤᠮ᠎ᠠ ᠪᠢᠰᠢ ᠂ ᠪᠢ ᠨᠤᠴᠤᠭᠠᠨ ᠤ ᠳᠠᠢ᠌ᠰᠠᠨ᠎ᠠ ᠳᠡᠮᠡᠴᠡᠭᠦ ᠶᠢ ᠯᠠ ᠪᠣᠳᠤᠨ᠎ᠠ ᠭᠡᠵᠤ ᠪᠣᠯᠠᠭ ᠭᠡᠯᠡᠵᠤ ᠪᠠᠢ᠌ᠪᠠ ᠃ ( ᠮᠥᠩᠭᠡ ᠨᠠᠢ᠌ᠷᠠᠭᠤᠯᠤᠨ ᠣᠷᠴᠢᠭᠤᠯᠪᠠ )

ᠣᠢᠪᠠᠷᠮᠢᠴᠠ ᠮᠠᠶ‍ᠢᠭ ᠤᠨ ᠳᠠᠯᠠᠪᠠᠢ ᠳᠤ ᠣᠷᠤᠬᠤ ᠶ‍ᠤᠰᠤᠯᠠᠯ

ᠭᠢᠶ‍ᠠᠷᠤᠳᠠᠯ᠎ᠠ ᠴᠤᠭᠢᠨ᠎ᠠ

ᠳᠡᠮᠡᠴᠡᠭᠡᠨ ᠤ ᠡᠮᠦᠨᠡᠭᠢ ᠪᠠᠯᠡᠦᠡᠭᠡᠯ

︽ ᠡᠴᠦᠰ ᠤᠨ ᠪᠠᠭᠠᠳᠤᠷ ︾ ᠤᠨ ᠠᠯᠳᠠᠨ ᠪᠦᠰᠡ ᠶᠢ ᠣᠯᠪᠠ

ᠳᠠᠢ᠌ᠰᠠᠨ ᠳᠤ

ᠢᠯᠠᠪᠠ

ᠪᠠᠭᠠᠳᠤᠷ ᠤᠨ ᠠᠯᠳᠠᠨ ᠪᠦᠰᠡ

ᠰᠢᠨ᠎ᠠ ᠪᠠᠷᠢ ᠪᠠᠨ ᠳᠤᠰᠴᠤ ᠢᠷᠠᠪᠠ

ᠰᠢᠨ᠎ᠠ ᠬᠤᠤᠰ ᠳᠠᠯᠠᠪᠠᠢ ᠳᠤ ᠣᠷᠤᠨ᠎ᠠ

ᠶ‍ᠢᠰᠤᠨ ᠰᠢᠨ᠎ᠠ ᠪᠠᠷᠢ ᠳᠠᠭᠠᠭᠴᠢ

ᠰᠢᠨ᠎ᠠ ᠪᠠᠷᠢ ︽ ᠪᠣᠯᠢᠶ‍ᠠᠬᠤ ︾ ᠪᠠᠷ ᠪᠠᠯᠠᠳᠤᠨ᠎ᠠ

ᠬᠤᠶ‍ᠠᠷ ᠣᠢᠭᠢᠨ ᠳᠡᠭᠦᠤ ᠲᠡᠶ ᠪᠠᠨ

ᠵᠤᠬᠢᠶᠠᠭᠴᠢ᠄ ᠢᠩᠭᠡᠷ
ᠢᠷᠡᠯᠲᠡ᠄ ᠣᠢᠠᠳᠤᠰᠤᠳᠠᠨ ᠤ ᠵᠢᠷᠤᠭᠳᠤ ᠰᠡᠦᠡᠭᠦᠯ ᠤᠨ ᠬᠤᠷᠢᠶ᠎ᠠ
ᠬᠠᠷᠢᠶ᠎ᠠ᠄
ᠳᠠᠷᠤᠮ᠄ 208
ᠴᠠᠭ᠄ 2015 ᠤᠨ ᠤ 05 ᠰᠠᠷ᠎ᠠ ᠶᠢᠨ 10
ᠨᠠᠢ᠌ᠷᠠᠭᠤᠯᠤᠭᠴᠢ᠄ ᠰᠠᠴᠤᠷᠠᠯ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁