ᠡᠷᠬᠢᠵᠦ ᠰᠠᠨᠠᠭᠳᠠᠬᠤ ᠳᠤᠷᠭᠤᠳ ᠨᠤᠳᠤᠭ

ᠦᠨᠳᠥᠷ ᠦᠨᠳᠥᠷ ᠠᠭᠣᠯᠠᠨ ᠲᠡᠬᠡᠷ᠎ᠡ ᠬᠦ᠋

ᠥᠩᠬᠡ ᠶᠢᠨ ᠴᠡᠴᠡᠭ ᠲᠡᠯᠬᠡᠷᠡᠨ᠎ᠡ ᠬᠦ᠋

ᠦᠨᠢᠷ ᠪᠠᠶᠠᠯᠢᠭ ᠲᠣᠷᠭᠣᠳ ᠨᠣᠳᠣᠭ ᠮᠢᠨᠢ

ᠦᠷᠯᠦᠬᠡ ᠦᠳᠡᠰᠢ ᠦᠭᠡᠶ ᠰᠠᠨᠠᠭᠳᠠᠨ᠎ᠠ ᠬᠦ᠋ ᠁

ᠡᠬᠡ ᠨᠣᠳᠣᠭ ᠢᠶᠡᠨ ᠡᠬᠡᠷᠡᠳᠡᠯ᠎ᠡ ᠰᠠᠨᠠᠵᠣ᠂ ᠭᠠᠵᠠᠷ ᠢᠶᠡᠨ ᠣᠶᠠᠷᠠᠳᠠᠯ᠎ᠠ ᠦᠬᠡᠶ᠋‍ᠢᠯᠡᠭ᠍ᠰᠡᠨ ᠲᠣᠷᠭᠣᠳ ᠮᠣᠩᠭ᠋ᠣᠯᠴᠣᠳ ᠣᠨ ᠣᠶᠠᠷᠠᠭᠣᠨ ᠵᠢᠪᠬᠣᠭᠠᠳᠣ ᠡᠨᠠ ᠲᠠᠭᠣᠤ ᠶᠢ ᠰᠣᠨᠣᠰᠬᠣ ᠪᠦᠷᠢ ᠨᠠᠳᠠ ᠲᠣᠷᠭᠣᠳ ᠨᠣᠳᠣᠭ ᠡᠴᠢᠨ᠎ᠠ ᠲᠠᠯᠳᠠ ᠶᠢᠨ ᠭᠠᠶ᠋‍ᠢᠬᠠᠮᠰᠢᠭᠳᠣ ᠬᠦᠴᠥᠨ ᠲᠡᠶ᠂ ᠡᠷᠳᠠᠨ ᠤ ᠰᠠᠶ᠋‍ᠢᠨ ᠣᠳᠣᠮ ᠤᠨ ᠶᠠᠰᠣ ᠵᠠᠯᠭᠠᠭᠰᠠᠨ᠂ ᠠᠭᠣᠯᠠ ᠨᠢ ᠵᠠᠩᠭ᠋ᠠᠷ ᠬᠠᠶ᠋‍ᠢᠯᠠᠵᠣ᠂ ᠣᠰᠣ ᠨᠢ ᠲᠣᠣᠯᠢᠰ ᠬᠦᠥᠷᠨᠢᠭᠰᠡᠨ᠂ ᠰᠠᠷ ᠰᠠᠷ ᠰᠠᠯᠬᠢ ᠲᠡᠶ᠂ ᠮᠠᠷ ᠮᠠᠷ ᠪᠣᠷᠣᠭᠠᠨ ᠲᠡᠶ ᠪᠣᠷᠬᠠᠨ ᠪᠣᠮᠪᠠ ᠶᠢᠨ ᠣᠷᠣᠨ ᠢᠶᠡᠷ ᠵᠢᠷᠣᠭᠯᠠᠭᠳᠠᠵᠣ᠂ ᠰᠠᠳᠬᠢᠯ ᠤᠨ ᠰᠣᠷᠢᠨᠵᠢᠨ ᠮᠢᠨᠢ ᠰᠥᠷᠠᠬᠡᠢ ᠲᠠᠳᠠᠭᠳᠠᠳᠠᠭ ᠪᠠᠶ᠋‍ᠢᠭᠰᠠᠨ᠃ ᠲᠡᠬᠡᠬᠡᠥᠨ ᠦᠨᠢᠷ ᠰᠠᠶ᠋‍ᠢᠬᠠᠨ ᠲᠣᠷᠭᠣᠳ ᠨᠣᠳᠣᠭ ᠤᠨ ᠡᠯᠢᠬᠡᠨ ᠬᠦᠷᠥᠰᠥᠨ ᠳᠤ ᠬᠦᠯ ᠬᠢᠰᠬᠢᠭ᠍ᠰᠡᠨ ᠨᠢ ᠣᠶᠣᠳᠠᠨ ᠤ ᠠᠮᠢᠳᠣᠷᠠᠯ ᠤᠨ ᠮᠢᠨᠢ ᠬᠣᠶᠠᠳᠣᠭᠠᠷ ᠵᠢᠯ ᠤᠨ ᠵᠤᠨ ᠤ ᠠᠮᠠᠷᠠᠯᠳᠠ᠃ ᠲᠣᠬᠠᠶ᠋‍ᠢᠯᠠᠪᠠᠯ 2001 ᠣᠨ ᠤ 7 ᠰᠠᠷ᠎ᠠ ᠶᠢᠨ ᠪᠣᠶᠠᠠᠳᠣ ᠡᠳᠣᠷ ᠤᠳ ᠪᠣᠯᠣᠨ᠎ᠠ᠃ ᠦᠨᠡᠨ ᠢ ᠬᠡᠯᠡᠬᠥ ᠳᠤ ᠪᠢ ᠲᠣᠷᠭᠣᠳ ᠨᠣᠳᠣᠭ ᠲᠤ ᠠᠶᠠᠯᠠᠬᠣ ᠪᠠᠷ ᠣᠴᠢᠭᠰᠠᠨ ᠪᠢᠰᠢ᠂ ᠲᠣᠷᠭᠣᠳ ᠨᠠᠶ᠋‍ᠢᠵᠠ ᠪᠠᠨ ᠲᠠᠭᠠᠵᠣ ᠠᠵᠢᠯ ᠬᠢᠬᠥ ᠪᠠᠷ ᠬᠦᠷᠥᠭᠰᠡᠨ ᠪᠢᠯᠠ᠃ ᠬᠡᠳᠡᠯ᠎ᠡ ᠣᠶᠣᠳᠠᠨ ᠠᠬᠣᠢ ᠳᠤ ᠬᠣᠪᠣᠷᠬᠠᠨ ᠲᠣᠬᠢᠶᠠᠯᠳᠣᠳᠠᠭ ᠡᠨᠠ ᠬᠥ ᠵᠠᠪᠰᠢᠶᠠᠨ ᠢᠶᠡᠷ ᠲᠡᠣᠬᠡᠨ ᠲᠡᠷᠳᠡᠬᠡ ︽ᠣᠢ ᠶᠢᠨ ᠡᠢᠷᠬᠡᠥᠨ︾ ᠬᠡᠮᠡᠭ᠍ᠳᠡᠭ᠍ᠰᠡᠨ ᠮᠣᠩᠭ᠋ᠣᠯ ᠤᠨ ᠨᠢᠬᠡᠨ ᠰᠠᠯᠠᠭ᠎ᠠ ᠣᠭᠰᠠᠭ᠎ᠠ ᠶᠠᠰᠣᠳᠠᠨ ᠲ᠋ᠠᠢ ᠲᠠᠨᠢᠯᠴᠠᠵᠣ ᠣᠶ᠋‍ᠢᠯᠠᠭᠠᠯᠴᠠᠨ᠂ ᠦᠶᠡᠷᠬᠡᠬᠥ ᠪᠣᠯᠣᠭᠰᠠᠨ ᠳᠤ ᠦᠪᠥᠷ ᠮᠣᠩᠭ᠋ᠣᠯ ᠬᠦᠤ ᠮᠢᠨᠣ ᠰᠠᠳᠬᠢᠯ ᠤᠨ ᠲᠠᠯ᠎ᠠ ᠳᠤ ᠨᠠᠷᠠ ᠲᠣᠯᠠᠶ᠋‍ᠢᠭᠰᠠᠨ ᠶᠣᠮ᠃ ᠶᠠᠭᠣᠳᠠᠢ ᠵᠠᠪᠰᠢᠶᠠᠨ᠂ ᠶᠠᠭᠣᠳᠠᠢ ᠪᠠᠶᠠᠷ︕ ᠡᠨᠠ ᠬᠢᠷᠢ ᠣᠷᠮ᠎ᠠ ᠰᠡᠷᠬᠥᠵᠦ ᠣᠶᠠᠩ‍ᠭ᠌‍᠎ᠠ ᠲᠡᠯᠬᠡᠷᠡᠬᠡᠥᠨ ᠣᠷᠢᠳᠣ ᠶᠠᠷᠣ ᠨᠢ ᠰᠣᠨᠣᠰᠳᠠᠵᠣ ᠥᠩᠬᠡᠷᠡᠬᠡ ᠦᠭᠡᠶ ᠮᠣᠩᠭ᠋ᠣᠯ ᠤᠨ ᠡᠢᠷᠠᠭᠣ ᠡᠬᠡᠰᠢᠭ᠍ᠯᠠᠩᠲᠦ ᠲᠠᠭᠣᠤ ᠶᠢᠨ ᠬᠥᠢᠭ᠌ ᠠᠶᠠᠰ ᠬᠠᠩᠬᠢᠨᠠᠬᠣ ᠰᠢᠭ ᠪᠣᠯᠣᠭᠰᠠᠨ ᠢ ᠵᠢᠷᠥᠬᠡ ᠪᠠᠷ ᠢᠶᠡᠨ ᠮᠡᠳᠡᠷᠡᠭ᠍ᠰᠡᠨ ᠪᠢᠯᠠ᠃ ᠬᠠᠷᠠᠮᠰᠠᠯᠳᠠᠢ ᠨᠢ ᠲᠣᠬᠠᠢ ᠶᠢᠨ ᠴᠠᠭ ᠲᠤ ᠬᠢᠭ᠍ᠰᠡᠨ ᠣᠯᠳᠣᠢ ᠮᠢᠨᠣ ᠬᠡᠰᠡᠭ ᠪᠣᠰᠠᠭ ᠡᠳᠣᠷ ᠤᠨ ᠲᠠᠮᠳᠩᠯᠠᠯ ᠬᠡᠬᠡᠭ᠍ᠳᠡᠵᠦ ᠣᠷᠬᠢᠭᠳᠠᠵᠠᠢ᠃ ᠬᠡᠪᠡᠴᠦ ᠲᠠᠪᠣᠨ ᠵᠢᠯ ᠤᠨ ᠬᠣᠶ᠋‍ᠢᠨᠠᠬᠢ ᠦᠨᠦᠳᠥᠷ ᠴᠤ ᠬᠡᠰᠡᠨ ᠲᠣᠷᠭᠣᠳ ᠨᠣᠳᠣᠭ ᠲᠤ ᠥᠩᠬᠡᠷᠡᠬᠥᠯᠥᠭᠰᠡᠨ ᠬᠣᠶᠠᠷ ᠰᠠᠷ᠎ᠠ ᠰᠢᠬᠠᠮ ᠡᠳᠣᠷ ᠤᠳ ᠲᠣᠷᠭᠣᠳ ᠨᠣᠳᠣᠭ ᠤᠨ ᠵᠢᠷᠣᠭ ᠰᠢᠯᠥᠭ ᠰᠢᠣᠬᠠᠨ ᠠᠭᠣᠯᠠ ᠣᠰᠤ᠂ ᠰᠠᠳᠬᠢᠯ ᠳᠤ ᠡᠬᠡᠯᠢᠳᠡᠢ᠂ ᠠᠮᠢᠳᠣᠷᠠᠯ ᠳᠤ ᠵᠤᠯᠪᠣᠭᠠᠳᠠᠢ ᠬᠦᠮᠥᠨ ᠵᠤᠨ ᠲᠡᠶ ᠨᠢ ᠬᠠᠮᠳᠣ ᠰᠠᠳᠬᠢᠯ ᠳᠤ ᠰᠣᠯᠣᠩᠭ᠋ᠠᠷᠠᠨ ᠲᠣᠷᠠᠰᠣᠭᠳᠠᠨ᠎ᠠ ᠪᠢᠯᠠ᠃ ᠡᠷᠬᠢᠵᠣ ᠰᠠᠨᠠᠭᠳᠠᠬᠣ ᠶᠣᠮ᠂ ᠲᠣᠷᠭᠣᠳ ᠨᠣᠳᠣᠭ ᠡ᠃


ᠠᠵᠢᠯ ᠬᠢᠭ᠍ᠰᠡᠨ


ᠣᠣᠯ ᠨᠢ ᠪᠢ ᠵᠤᠨ ᠤ ᠠᠮᠠᠷᠠᠯᠳᠠ ᠳᠠᠭᠠᠨ ᠰᠣᠷᠭᠠᠭᠣᠯᠢ ᠳᠠᠭᠠᠨ ᠬᠣᠴᠣᠷᠴᠣ᠂ ᠯᠡᠨᠵᠧᠤ ᠬᠣᠳᠠᠨ ᠳᠤ ᠪᠠᠬᠠᠨ ᠬᠦᠳᠡᠯᠮᠥᠷᠢ ᠬᠦᠴᠥᠨ ᠤ ᠠᠵᠢᠯ ᠬᠢᠬᠡᠥᠨ ᠵᠦᠳᠡᠬᠥᠬᠡᠨ ᠠᠮᠢᠳᠣᠷᠠᠯ ᠳᠠᠭᠠᠨ ᠵᠢᠭᠠᠬᠠᠨ ᠨᠦᠬᠥᠪᠥᠷᠢ ᠪᠣᠯᠭᠠᠶ᠎ᠠ ᠬᠡᠵᠦ ᠪᠣᠳᠣᠵᠣ ᠪᠠᠶ᠋‍ᠢᠯ᠎ᠠ᠃ ᠡᠬᠥᠨ ᠢ ᠲᠣᠷᠭᠣᠳ ᠨᠠᠶ᠋‍ᠢᠵᠠ ᠪᠠᠶ᠋‍ᠢᠷᠢ ᠨᠢᠬᠡᠳᠡᠨ ᠲᠠᠶ᠋‍ᠢᠮ᠎ᠠ ᠰᠣᠨᠣᠰᠣᠭᠠᠳ ᠨᠣᠳᠣᠭ ᠲᠠᠭᠠᠨ ᠨᠠᠮᠠᠢᠢ ᠲᠠᠭᠠᠭᠣᠯᠣᠨ ᠬᠠᠷᠢᠵᠣ ᠬᠦᠳᠡᠯᠮᠥᠷᠢ ᠬᠦᠴᠥᠨ ᠤ ᠠᠵᠢᠯ ᠣᠯᠵᠣ ᠬᠢᠯᠬᠡᠬᠥ ᠰᠠᠨᠠᠭᠠᠳᠠᠢ ᠪᠠᠶ᠋‍ᠢᠪᠠ᠃ ᠲᠡᠬᠥᠨ ᠤ ᠨᠣᠳᠣᠭ ᠰᠢᠨᠵᠢᠶᠡᠨᠭ᠌ ᠤᠨ ᠪᠣᠷᠣᠳᠠᠯ᠎ᠠ ᠶᠢᠨ ᠮᠣᠩᠭ᠋ᠣᠯ ᠦᠨᠳᠥᠰᠣᠳᠡᠨ ᠤ ᠦᠪᠡᠷᠳᠡᠬᠡᠨ ᠢᠨᠰᠠᠬᠣ ᠵᠧᠤ ᠶᠢᠨ ᠵᠢᠡᠭ ᠡᠾᠧ ᠰᠢᠶᠠᠨ ᠤ ᠲᠣᠯᠢ ᠰᠢᠶᠡᠨᠭ᠌ ᠤᠨ ᠲᠣᠰᠭᠣᠨ ᠪᠠᠶ᠋‍ᠢᠵᠣ᠂ ᠮᠣᠩᠭ᠋ᠣᠯᠴᠣᠳ ᠪᠠᠰᠠ ᠬᠦᠪᠥᠡᠭ ᠲᠠᠷᠢᠵᠣ᠂ ᠱᠢᠷᠣᠨ ᠣᠨᠵᠢᠯᠭ᠎ᠠ ᠠᠷᠠᠴᠢᠯᠠᠨ ᠬᠢᠬᠥ ᠠᠵᠢᠯ ᠵᠠᠬ᠎ᠠ ᠡᠴᠡ ᠣᠯᠠᠨ ᠬᠡᠨ᠎ᠡ᠃ ᠡᠬᠢᠨ ᠳᠡᠭᠡᠨ ᠪᠢ ᠬᠦᠮᠥᠨ ᠤ ᠨᠣᠳᠣᠭ ᠬᠦᠠᠳᠡᠯᠡᠨ ᠤ ᠭᠠᠵᠠᠷ ᠬᠡᠬᠥ ᠡᠴᠠ ᠲᠣᠡᠭ ᠡᠷᠠᠬᠡᠯᠵᠡᠵᠦ ᠪᠠᠶ᠋‍ᠢᠯ᠎ᠠ᠃ ᠬᠡᠪᠡᠴᠦ ᠲᠣᠷᠭᠣᠳ ᠨᠠᠶ᠋‍ᠢᠵᠠ ᠶᠢᠨ ᠰᠠᠶ᠋‍ᠢᠬᠠᠨ ᠰᠠᠳᠬᠢᠯ᠂ ᠰᠠᠶ᠋‍ᠢᠨ ᠰᠠᠨᠠᠭᠠᠨ ᠤ ᠦᠬᠡ ᠪᠠᠨ ᠳᠤ ᠬᠦᠷᠴᠡᠢ᠃ ᠪᠢ ᠲᠣᠷᠭᠣᠳ ᠨᠣᠳᠣᠭ ᠲᠤ ᠣᠴᠢᠭᠤ ᠪᠠᠷ ᠲᠣᠭᠳᠠᠯ᠎ᠠ᠃ ᠨᠢᠬᠡ ᠳᠤ᠂ ᠬᠦᠳᠡᠯᠮᠥᠷᠢ ᠬᠦᠴᠥᠨ ᠤ ᠠᠵᠢᠯ ᠬᠢᠵᠣ ᠠᠮᠠᠷᠠᠯᠳᠠ ᠶ᠋‍ᠢᠨ ᠴᠠᠭ ᠢᠶᠡᠨ ᠲᠠᠯᠠᠭᠠᠷ ᠥᠩᠬᠡᠷᠡᠬᠥᠯᠬᠥ ᠦᠭᠡᠶ᠃ ᠬᠣᠶᠠᠷ ᠲᠤ᠂ ᠬᠠᠴᠢᠨ ᠭᠠᠶ᠋‍ᠢᠬᠠᠮᠰᠢᠭᠳᠠᠢ ᠰᠠᠨᠠᠭᠳᠠᠳᠠᠭ ᠲᠣᠷᠭᠣᠳ ᠨᠣᠳᠣᠭ ᠲ᠋ᠤ ᠬᠦᠷᠴᠦ ᠨᠢᠳᠣ ᠬᠣᠵᠢᠷᠯᠠᠨ᠎ᠠ ᠬᠡᠬᠥ ᠡᠴᠡ ᠯᠡᠨᠵᠧᠤ ᠡᠴᠡ ᠰᠠᠳᠬᠢᠯ ᠲᠦᠬᠥᠷᠡᠨᠭ᠌ ᠮᠣᠷᠳᠠᠭᠰᠠᠨ ᠪᠢᠯᠠ᠃

ᠲᠣᠯᠣᠭᠠᠨ ᠰᠠᠷ᠎ᠠ ᠶᠢᠨ ᠲᠣᠷᠭᠣᠳ ᠨᠣᠳᠣᠭ ᠤᠨ ᠰᠠᠭᠣᠭᠠᠯᠢ ᠠᠶ᠋‍ᠢᠯ ᠬᠡᠵᠦ ᠰᠢᠳᠠᠮ᠎ᠠ ᠬᠠᠯᠠᠭᠣᠨ (ᠶᠠᠷᠣ ᠳᠡᠭᠡᠨ 40 ᠭ᠍ᠷᠡᠳᠦᠰ ᠡᠴᠡ ᠪᠠᠭᠣᠬᠣ ᠦᠭᠡᠶ)᠃ ᠲᠣᠮᠳᠠ ᠵᠢᠡᠭ ᠲᠣᠰᠭᠣᠨ ᠪᠣᠯ ᠮᠠᠯᠵᠢᠭᠤ ᠶᠢᠨ ᠲᠠᠭᠠᠤ ᠲᠠᠷᠢᠶᠠᠯᠠᠵᠣ ᠪᠠᠶ᠋‍ᠢᠭ᠎ᠠ ᠭᠣᠴᠢᠭᠠᠳ ᠮᠣᠩᠭ᠋ᠣᠯ ᠠᠶ᠋‍ᠢᠯ ᠲᠡᠶ ᠴᠣᠯ ᠮᠣᠩᠭ᠋ᠣᠯ ᠲᠣᠰᠭᠣᠨ ᠪᠣᠯᠣᠨ᠎ᠠ᠃ ᠬᠦᠷᠰᠢ ᠵᠠᠷᠬᠡᠯᠡᠳᠡᠬᠡ ᠨᠢ ᠣᠶ᠋‍ᠢᠭᠣᠷ ᠲᠣᠰᠭᠣᠨ ᠪᠠ ᠬᠣᠲᠦᠡᠭ ᠲᠣᠰᠭᠣᠨ᠃ ᠮᠠᠨ ᠤ ᠬᠣᠷᠴᠢᠨ ᠤ ᠬᠠᠭᠠᠰ ᠮᠠᠯᠵᠢᠭᠤ ᠪᠠ ᠬᠠᠭᠠᠰ ᠲᠠᠷᠢᠶᠠᠯᠠᠬᠣ ᠣᠷᠣᠨ ᠲᠡᠶ ᠠᠳᠠᠯᠢᠳᠬᠠᠪᠠᠯ ᠡᠠᠳᠠᠬᠢ ᠰᠠᠭᠣᠭᠠᠯᠢ ᠠᠶ᠋‍ᠢᠯ ᠨᠢ ᠬᠠᠶᠠᠭ᠎ᠠ ᠬᠠᠶᠠᠭ᠎ᠠ ᠪᠠᠨ ᠲᠠᠷᠠᠯᠠᠨ ᠬᠠᠰᠢᠶ᠎ᠠ ᠬᠡᠷᠡᠮ ᠢᠶᠡᠷ ︽ᠬᠢᠯᠢ ᠶᠢᠨ ᠵᠠᠭᠠᠭ︾ ᠢᠶᠡᠨ ᠡᠢᠯᠭᠠᠭᠰᠠᠨ ᠪᠢᠰᠢ᠂ ᠬᠠᠷᠢᠨ ᠬᠣᠪᠢᠳᠠᠵᠣ ᠣᠯᠣᠭᠰᠠᠨ ᠭᠠᠵᠠᠷ ᠲᠠᠭᠠᠨ ᠬᠣᠪᠢ ᠬᠣᠪᠢᠨ ᠤ ᠪᠠᠨ ᠬᠡᠷ ᠬᠦᠷᠢᠶ᠎ᠡ᠂ ᠬᠠᠰᠢᠶ᠎ᠠ ᠰᠠᠷᠠᠪᠴᠢ ᠪᠠᠨ ᠪᠠᠷᠢᠵᠣ᠂ ᠵᠠᠷᠬᠡᠯᠡᠳᠡᠬᠡ ᠠᠶ᠋‍ᠢᠯ ᠤᠳ ᠬᠣᠭᠣᠷᠣᠠᠳᠣ ᠪᠠᠨ ᠪᠠᠷᠣᠭ ᠲᠠᠪᠣ ᠵᠢᠷᠭᠣᠭᠠᠨ ᠭᠠᠵᠠᠷ ᠤᠨ ᠵᠠᠶ᠋‍ᠢᠳᠠᠢ ᠪᠠᠶ᠋‍ᠢᠵᠣ᠂ ᠰᠡᠯᠠᠬᠥᠨ ᠲᠣᠭᠳᠠᠭᠣᠨ ᠡᠡᠮᠣᠭᠥᠯᠡᠨᠭ᠌ ᠦᠷᠨᠢᠩᠬᠥᠢ ᠲᠥᠷᠥᠭᠳᠡᠯ ᠦᠭᠬᠥ ᠡᠴᠡ ᠭᠠᠳᠠᠨ᠎ᠠ ᠴᠠᠪᠠᠷ ᠴᠡᠮᠴᠡᠬᠡᠷ ᠬᠠᠷᠠᠭᠳᠠᠨ᠎ᠠ᠃ ᠲᠠᠳᠠᠨᠣᠰ ᠡᠠᠳᠠ ᠪᠠᠨ ᠭᠣᠣᠯᠳᠠᠭᠣ ᠬᠦᠪᠥᠡᠭ ᠲᠠᠷᠢᠵᠣ ᠱᠢᠷᠣᠨ ᠣᠠᠵᠢᠯᠭ᠎ᠠ ᠠᠷᠠᠴᠢᠯᠠᠨ ᠬᠠᠳᠥᠯᠡᠨᠭ᠌ ᠠᠪᠣᠨ᠎ᠠ᠃ ᠮᠠᠯᠵᠢᠵᠣ ᠪᠠᠶ᠋‍ᠢᠭ᠎ᠠ ᠭᠠᠵᠠᠷ ᠨᠢ ᠬᠣᠶᠠᠷ ᠭᠣᠷᠪᠠᠨ ᠵᠠᠭᠣᠨ ᠭᠠᠵᠠᠷ ᠤᠨ ᠦᠵᠦᠬᠥᠷ ᠲᠠᠬᠢ ᠠᠭᠣᠯᠠᠨ ᠳᠣ ᠪᠠᠶ᠋‍ᠢᠨ᠎ᠠ ᠬᠡᠨ᠎ᠡ᠃ ᠲᠣᠰᠭᠣᠨ ᠡᠴᠡ ᠡᠮᠣᠨᠠᠰᠢ ᠬᠠᠷᠠᠪᠠᠯ ᠦᠨᠳᠥᠷ ᠦᠨᠳᠥᠷ ᠠᠭᠣᠯᠠᠰ ᠣᠨᠢᠶᠠᠷ ᠪᠥᠳᠡᠨᠭ᠌ ᠤᠨ ᠲᠣᠮᠳᠠ ᠴᠠᠩᠬᠡᠷᠯᠡᠨ ᠬᠠᠷᠠᠭᠳᠠᠨ᠎ᠠ᠃

ᠬᠦᠷᠥᠭᠰᠡᠨ ᠠᠶ᠋‍ᠢᠯ ᠤᠨ ᠢᠶᠡᠨ ᠬᠦᠮᠥᠰ ᠲᠡᠶ ᠲᠠᠨᠢᠯᠴᠠᠭᠰᠠᠨ ᠤ ᠲᠠᠷᠠᠭ᠎ᠠ ᠨᠠᠶ᠋‍ᠢᠵᠠ ᠶᠢᠨ ᠠᠪᠣ ᠨᠢ ᠮᠢᠨᠣ ᠬᠦᠳᠡᠯᠮᠥᠷᠢ ᠬᠦᠴᠥᠨ ᠤ ᠠᠵᠢᠯ ᠣᠯᠵᠣ ᠬᠢᠬᠥ ᠰᠠᠨᠠᠭ᠎ᠠ ᠶᠢ ᠬᠦᠤ ᠡᠴᠡ ᠪᠠᠨ ᠠᠰᠠᠭᠣᠵᠣ ᠮᠠᠳᠠᠪᠠ᠃ ᠲᠠᠷᠠ ᠣᠢᠶ᠎ᠡ ᠳᠤ ᠮᠢᠨᠣ ᠲᠣᠳᠣᠷ᠎ᠠ ᠦᠪᠥᠷ ᠮᠣᠩᠭ᠋ᠣᠯ ᠤᠨ ᠬᠦᠤ ᠲᠣᠷᠭᠣᠳ ᠨᠣᠳᠣᠭ ᠲᠤ ᠬᠦᠯᠥᠰᠥᠨ ᠠᠵᠢᠯ ᠬᠢᠨ᠎ᠠ ᠬᠡᠬᠥ ᠡᠴᠡ ᠡᠢᠴᠢᠩᠬᠥᠷᠡᠯ ᠲᠥᠷᠥᠭᠳᠡᠵᠦ ᠨᠢᠭᠣᠷ ᠨᠢᠯᠴᠢᠬᠢᠨᠠᠵᠣ ᠪᠠᠶ᠋‍ᠢᠭᠰᠠᠨ᠃ ᠬᠡᠪᠡᠴᠦ ᠶᠠᠭᠠᠬᠢᠨ᠎ᠠ ᠳ᠋‍ᠠ᠂ ︽ᠲᠠᠬᠢᠶᠠᠨ ᠬᠦᠵᠦᠬᠥᠨ︾ ᠳᠤ ᠪᠠᠶ᠋‍ᠢᠭ᠎ᠠ ᠲᠥᠷᠥᠭᠰᠡᠨ ᠨᠣᠳᠣᠭ ᠠᠯᠳᠠᠨ ᠬᠢᠩᠭ᠋ᠠᠨ ᠮᠢᠨᠢ ᠪᠢᠰᠢ᠂ ᠬᠠᠷᠢᠨ ︽ᠲᠠᠬᠢᠶᠠᠨ ᠰᠡᠬᠥᠯ︾ ᠳᠤ ᠪᠠᠶ᠋‍ᠢᠭ᠎ᠠ ᠲᠣᠷᠭᠣᠳ ᠨᠣᠳᠣᠭ᠂ ᠲᠡᠭ᠍ᠷᠢ ᠠᠭᠣᠯᠠ ᠶᠢᠨ ᠬᠣᠷᠮᠣᠢ ᠪᠠᠶ᠋‍ᠢᠯ᠎ᠠ᠃ ᠨᠢᠭᠣᠷ ᠢᠶᠡᠨ ᠪᠣᠳᠣᠭᠠᠳ ᠬᠦᠮᠥᠨ ᠤ ᠨᠣᠳᠣᠭ ᠲᠤ ᠠᠶ᠋‍ᠢᠯᠴᠢᠯᠠᠬᠣ ᠪᠠᠷ ᠡᠢᠷᠠᠵᠠᠢ ᠬᠡᠬᠥ ᠳᠤ ᠬᠣᠶᠠᠷ ᠰᠠᠷ᠎ᠠ ᠰᠢᠬᠠᠮ ᠠᠮᠠᠷᠠᠯᠳᠠ ᠶᠢᠨ ᠡᠳᠣᠷ ᠤᠳ᠁ ᠪᠣᠳᠠᠭᠠᠨ ᠤ ᠪᠠᠷᠠᠮᠠᠯ᠂ ᠪᠠᠷᠠᠭᠣᠨ ᠬᠠᠠᠵᠣᠨ ᠤ ᠲᠠᠷᠣᠭᠠᠰᠣ ᠬᠡᠬᠥ ᠡᠴᠡ᠁ ᠶᠠᠭᠣ ᠴᠤ ᠬᠡᠰᠡᠨ ᠨᠢᠭᠣᠷ ᠢᠶᠡᠨ ᠰᠢᠷᠢᠯᠠᠵᠣ ᠰᠠᠭᠣᠪᠠ᠃ ᠨᠠᠶ᠋‍ᠢᠵᠠ ᠶᠢᠨ ᠮᠢᠨᠢ ᠠᠪᠣ ᠨᠠᠳᠠ ᠲᠡᠶ ᠬᠡᠳᠥᠨ ᠦᠬᠡ ᠰᠣᠯᠢᠯᠴᠠᠭᠰᠠᠨ᠃ ᠬᠡᠪᠡᠴᠦ ᠲᠣᠷᠭᠣᠳ ᠠᠪᠣ᠂ ᠬᠣᠷᠴᠢᠨ ᠬᠦᠤ ᠶᠢᠨ ᠦᠬᠡ ᠬᠡᠯᠡᠨ ᠤ ᠣᠶ᠋‍ᠢᠯᠠᠭᠠᠯᠴᠠᠭ᠎ᠠ ᠶ᠋‍ᠢᠨ ᠬᠠᠷᠰᠢ ᠰᠠᠭᠠᠳ ᠡᠴᠡ ᠪᠣᠯᠪᠠ ᠦᠦ︖ ᠠᠷᠪᠢᠨ ᠲᠠᠪᠣᠨ ᠦᠬᠡ ᠬᠡᠯᠡᠯᠴᠡᠭ᠍ᠰᠡᠨ ᠦᠭᠡᠶ᠃ ᠮᠦᠨ ᠴᠤ ᠴᠠᠭ ᠣᠷᠣᠢ ᠪᠣᠯᠣᠭᠰᠠᠨ ᠲᠣᠯᠠ ᠲᠣᠷᠭᠣᠳ ᠨᠣᠳᠣᠭ ᠲᠤ ᠡᠢᠷᠡᠭ᠍ᠰᠡᠨ ᠠᠩᠬᠠᠨ ᠤ ᠡᠳᠣᠷ ᠤᠨ ᠬᠣᠨᠣᠭ ᠠᠪᠬᠣ ᠪᠠᠷ ᠪᠣᠯᠪᠠ᠃ ᠡᠳᠠᠨ ᠤ ᠬᠢ ᠬᠡᠵᠦ ᠣᠯᠠᠨ ᠲᠠᠰᠣᠯᠭ᠎ᠠ ᠲᠡᠶ ᠰᠢᠪᠠᠷ ᠪᠡᠶ᠋‍ᠢᠰᠢᠡᠭ ᠳᠤ ᠰᠠᠭᠣᠵᠣ᠂ ᠭᠠᠳᠠᠨ᠎ᠠ ᠡᠴᠡ ᠣᠷᠣᠬᠣ ᠬᠦᠮᠥᠰ ᠤᠨ ᠨᠢᠳᠣᠨ ᠳᠤ ᠲᠣᠷᠣᠮᠠᠷ ᠣᠠᠴᠠ ᠭᠣᠶᠣ ᠬᠠᠷᠠᠭᠳᠠᠬᠣ ᠦᠭᠡᠶ ᠪᠣᠯᠪᠠᠴᠣ ᠦᠷᠣᠬᠡᠨ ᠲᠣᠳᠣᠷ᠎ᠠ ᠨᠢ ᠮᠠᠰᠢ ᠴᠠᠪᠠᠷ ᠲᠣᠬᠢᠯᠢᠭ ᠪᠠᠶ᠋‍ᠢᠵᠣ᠂ ᠬᠠᠠᠵᠣ ᠪᠠ ᠬᠠᠨᠠᠨ ᠳᠠᠭᠠᠨ ᠬᠡᠪᠢᠰ ᠲᠡᠯᠬᠡᠨ ᠰᠢᠨᠵᠢᠶᠡᠨᠭ᠌ ᠬᠡᠪᠢᠰ ᠣᠨ ᠨᠠᠷᠢᠨ ᠬᠢᠴᠠ ᠶᠢ ᠭᠠᠶ᠋‍ᠢᠬᠠᠭᠣᠯᠣᠭᠰᠠᠨ ᠪᠠᠶ᠋‍ᠢᠨ᠎ᠠ᠃ ᠰᠡᠬᠥᠯᠡᠷ ᠨᠢ ᠬᠡᠲᠦ ᠬᠡᠳᠥᠨ ᠠᠶ᠋‍ᠢᠯ ᠳᠤ ᠬᠦᠷᠥᠬᠡᠥᠨ ᠡᠠᠳᠠᠬᠢ ᠲᠣᠷᠭᠣᠳ ᠮᠣᠩᠭ᠋ᠣᠯᠴᠣᠳ ᠣᠨ ᠣᠷᠣᠨ ᠰᠠᠭᠣᠴᠠ ᠪᠦᠷ ᠡᠶ᠋‍ᠢᠮᠥᠷᠬᠥᠤ ᠪᠠᠶ᠋‍ᠢᠳᠠᠯ ᠲᠡᠶ ᠬᠡᠳᠡᠭ ᠢ ᠣᠶ᠋‍ᠢᠯᠠᠭᠠᠪᠠ᠃

ᠮᠠᠷᠭᠠᠰᠢ ᠨᠢ ᠪᠢᠳᠠ ᠦᠷᠯᠦᠬᠡ ᠶᠢᠨ ᠴᠠᠢ ᠪᠠᠨ 10 ᠴᠠᠭ ᠤᠨ ᠣᠢᠶ᠎ᠡ ᠪᠠᠷ ᠣᠣᠭᠣᠪᠠ᠃ ᠡᠠᠳᠠᠬᠢ ᠮᠣᠩᠭ᠋ᠣᠯᠴᠣᠳ ᠦᠷᠯᠦᠬᠡ ᠭᠣᠣᠯᠳᠠᠭᠣ ᠰᠥ ᠲᠡᠶ ᠴᠠᠢ ᠣᠣᠭᠣᠵᠣ᠂ ᠨᠡᠨᠭ᠌ ᠬᠡᠳᠡᠭ ᠬᠠᠭᠰᠠᠭᠠᠭᠰᠠᠨ ᠪᠣᠣᠪᠣ ᠡᠢᠳᠡᠳᠡᠭ ᠵᠠᠩᠰᠢᠯ ᠲᠡᠶ᠃ ᠰᠥ ᠲᠡᠶ ᠴᠠᠢ ᠣᠣᠭᠣᠵᠣ ᠮᠠᠠᠳᠠᠤ ᠡᠢᠳᠡᠳᠡᠭ ᠨᠣᠳᠣᠭ ᠡᠴᠡ ᠡᠢᠷᠡᠭ᠍ᠰᠡᠨ ᠪᠢ ᠡᠬᠥᠨ ᠳᠤ ᠲᠣᠷᠠᠰᠢᠯ ᠢᠶᠡᠷ ᠠᠨᠠᠶ᠋‍ᠢᠬᠠᠨ ᠪᠠᠶ᠋‍ᠢᠵᠣ᠂ ᠴᠠᠢ ᠶᠢ ᠨᠢ ᠣᠣᠭᠣᠨ ᠨᠡᠨᠭ᠌ ᠪᠣᠣᠪᠣ ᠶᠢ ᠲᠠᠮᠠᠢ ᠯᠠ ᠡᠢᠳᠡᠬᠥ ᠲᠥᠷᠢ ᠭᠠᠷᠭᠠᠨ ᠰᠠᠭᠣᠪᠠ᠃ ᠣᠳᠠᠰᠬᠢᠭᠠᠳ ᠨᠠᠶ᠋‍ᠢᠵᠠ ᠶᠢᠨ ᠠᠪᠣ ᠨᠢ ᠨᠢᠬᠡ ᠶᠠᠭᠣᠮ᠎ᠠ ᠶᠠᠷᠢᠵᠣ ᠪᠠᠶ᠋‍ᠢᠭᠰᠠᠨ ᠨᠢ ᠮᠠᠨᠣᠰ ᠠᠶ᠋‍ᠢᠯ ᠳᠤ ᠣᠴᠢᠭᠤ ᠪᠠᠷ ᠪᠠᠶ᠋‍ᠢᠬᠣ ᠶᠢ ᠮᠠᠳᠠᠪᠠ᠃ ᠲᠠᠷᠠ ᠨᠢ ᠨᠠᠶ᠋‍ᠢᠵᠠ ᠶᠢᠨ ︽ᠦᠨᠳᠥᠷ ᠡᠵᠢ︾ ᠶᠢᠨ ᠬᠢ ᠪᠠᠶ᠋‍ᠢᠵᠠᠢ (ᠦᠨᠡᠨ ᠳᠡᠬᠡᠨ ᠠᠪᠠᠭ᠎ᠠ ᠡᠵᠢ ᠨᠢ ᠪᠠᠶ᠋‍ᠢᠭ᠎ᠠ)᠃ ᠦᠨᠳᠥᠷ ᠪᠠᠶ᠎ᠠ ᠲᠡᠶ ᠲᠣᠯᠠ ᠡᠶ᠋‍ᠢᠨ ᠬᠥ ᠨᠠᠷᠠᠯᠠᠵᠣ ᠬᠡᠨ᠎ᠡ᠃ ᠲᠠᠪᠣᠨ ᠭᠠᠵᠠᠷ ᠤᠨ ᠴᠠᠭᠠᠳᠣᠬᠢ ᠠᠶ᠋‍ᠢᠯ ᠪᠣᠯ ︽ᠦᠨᠳᠥᠷ ᠡᠵᠢ︾ ᠶᠢᠨ ᠬᠢ᠃ ᠲᠠᠳᠠᠨ ᠤ ᠬᠡᠷ ᠨᠢ ᠮᠦᠨ ᠴᠤ ᠣᠯᠠᠨ ᠲᠠᠰᠣᠯᠭ᠎ᠠ ᠪᠦᠬᠥᠢ ᠰᠢᠪᠠᠷ ᠪᠡᠶ᠋‍ᠢᠰᠢᠡᠭ ᠪᠠᠶ᠋‍ᠢᠵᠣ ᠪᠢᠯᠠ᠃ ︽ᠦᠨᠳᠥᠷ ᠡᠵᠢ︾ ᠬᠡᠵᠦ ᠲᠠᠪᠢ ᠭᠠᠷᠣᠭᠰᠠᠨ ᠬᠥᠭ᠍ᠰᠢᠨ ᠪᠣᠯᠪᠠᠴᠣ ᠦᠨᠳᠥᠷ ᠴᠢᠬᠢᠷᠠᠭ ᠪᠠᠶ᠎ᠠ ᠲᠡᠶ᠂ ᠬᠦᠳᠡᠬᠡ ᠶᠢᠨ ᠬᠠᠷ᠎ᠠ ᠪᠣᠷᠣ ᠠᠵᠢᠯ ᠳᠣ ᠬᠠᠰᠢᠷᠵᠢᠨ ᠠᠶ᠋‍ᠢᠯ ᠬᠡᠷ ᠢᠶᠡᠨ ᠲᠣᠳᠣᠮᠳᠠᠨ ᠡᠵᠠᠮᠳᠠᠵᠣ ᠦᠬᠡᠳᠡ ᠲᠠᠳᠠᠵᠣ ᠶᠠᠪᠣᠭ᠎ᠠ ᠬᠡᠷ ᠤᠨ ᠡᠵᠡᠭ᠍ᠳᠡᠢ ᠶᠣᠮ᠃ ᠡᠳᠠᠨ ᠤ ᠬᠢᠨ ᠭᠠᠵᠠᠷ ᠲᠠᠭᠠᠨ ᠬᠦᠪᠥᠡᠭ ᠤᠨ ᠲᠠᠷᠢᠶ᠎ᠠ ᠲᠡᠶ ᠪᠣᠯᠪᠠᠴᠣ ᠭᠣᠣᠯᠳᠠᠭᠣ ᠱᠢᠷᠣᠨ ᠣᠠᠵᠢᠯᠭ᠎ᠠ ᠠᠷᠠᠴᠢᠯᠠᠵᠣ ᠪᠠᠶ᠋‍ᠢᠨ᠎ᠠ᠃ ᠱᠢᠷᠣᠨ ᠣᠠᠵᠢᠯᠭ᠎ᠠ ᠬᠡᠳᠡᠭ ᠪᠣᠯ ᠨᠢᠬᠡᠨ ᠮᠣᠳᠣᠯᠢᠭ ᠣᠷᠭᠣᠮᠠᠯ ᠪᠠᠶ᠋‍ᠢᠵᠣ᠂ ᠵᠤᠨ ᠪᠣᠯᠣᠭᠰᠠᠭᠠᠷ ᠵᠢᠮᠢᠰ ᠰᠠᠭᠣᠳᠠᠭ᠃ ᠬᠡᠬᠥ ᠳᠡᠭᠡᠨ ᠵᠢᠮᠢᠰ ᠢ ᠨᠢ ᠲᠡᠬᠥᠵᠦ ᠪᠠᠷᠠᠭᠰᠠᠭᠠᠷ ᠮᠣᠳᠣᠳ ᠢᠶᠡᠨ ᠣᠰᠣᠯᠠᠨ᠎ᠠ᠃ ᠲᠡᠬᠡᠬᠡᠥᠨ ᠨᠢᠬᠡ ᠭᠠᠷᠠᠭ ᠥᠩᠬᠡᠷᠡᠪᠡᠯ ᠵᠢᠮᠢᠰ ᠨᠢ ᠲᠠᠬᠢᠨ ᠰᠠᠭᠣᠨ᠎ᠠ᠃ ᠵᠢᠮᠢᠰ ᠢ ᠨᠢ ᠲᠡᠬᠥᠨ᠎ᠡ᠂ ᠲᠡᠬᠥᠵᠦ ᠪᠠᠷᠠᠪᠠᠯ ᠣᠰᠣᠯᠠᠨ᠎ᠠ᠁ ᠬᠡᠬᠥ ᠮᠠᠳᠣ ᠪᠠᠷ ᠭᠠᠷᠠᠭ ᠥᠩᠬᠡᠷᠡᠬᠥ ᠪᠣᠯᠭᠠᠨ ᠨᠢᠬᠡ ᠣᠳᠠᠭ᠎ᠠ ᠲᠡᠬᠥᠳᠡᠭ᠃ ᠨᠠᠶ᠋‍ᠢᠵᠠ ᠮᠢᠨᠢ ︽ᠦᠨᠳᠥᠷ ᠡᠵᠢ︾ ᠲ᠋ᠠᠢ ᠪᠠᠨ ᠵᠦᠪᠳᠡᠯᠴᠡᠵᠦ᠂ ᠨᠠᠮᠠᠢᠢ ᠮᠠᠷᠭᠠᠰᠢ ᠡᠴᠡ ᠡᠬᠢᠯᠠᠨ ᠡᠳᠠᠨ ᠤ ᠬᠢᠨ ᠳᠤ ᠱᠢᠷᠣᠨ ᠣᠠᠵᠢᠯᠭ᠎ᠠ ᠲᠡᠬᠥᠬᠥ ᠬᠦᠴᠥᠨ ᠤ ᠠᠵᠢᠯ ᠬᠢᠯᠬᠡᠬᠥ ᠪᠠᠷ ᠲᠣᠭᠳᠠᠪᠠ᠃ ᠦᠳᠡ ᠳᠤ ᠡᠳᠠᠨ ᠤ ᠬᠢᠨ ᠳᠤ ︽ᠱᠥᠯᠤ ᠲᠡᠶ ᠪᠣᠳᠠᠭ᠎ᠠ︾ ᠬᠡᠳᠡᠭ ᠬᠣᠭᠣᠯᠠ ᠡᠢᠳᠠᠯ᠎ᠠ᠃ ᠦᠨᠡᠨ ᠳᠡᠭᠡᠨ ᠮᠠᠨ ᠤ ᠨᠣᠳᠣᠭ ᠣᠨ ᠬᠣᠨᠢᠨ ᠮᠢᠬᠠᠨ ᠱᠥᠯᠤ ᠲᠡᠶ ᠮᠢᠶᠠᠠᠲᠢᠶᠣᠣᠷ᠃ ᠦᠷᠯᠦᠬᠡ ᠶᠢᠨ ᠴᠠᠢ ᠶᠢ ᠰᠠᠶ᠋‍ᠢᠨ ᠣᠣᠭᠣᠭᠰᠠᠨ ᠦᠭᠡᠶ ᠨᠠᠳᠠ ᠳᠤ ᠡᠨᠠ ᠬᠣᠭᠣᠯᠠ ᠰᠥᠷᠠᠬᠡᠢ ᠵᠤᠬᠢᠷᠠᠵᠠᠢ᠃ ᠲᠡᠬᠡᠬᠡᠥᠨ ᠪᠢ ᠬᠡᠳᠡᠰᠤ ᠭᠠᠷᠳᠠᠯ᠎ᠠ ᠠᠪᠣᠯ᠎ᠠ᠃ ᠦᠨᠳᠥᠷ ᠡᠵᠢ ᠶᠢᠨ ᠣᠮᠪᠣᠯᠣ ᠦᠨᠢᠷ ᠬᠡᠵᠦ ᠲᠠᠪᠣ ᠵᠢᠷᠭᠣᠭᠠᠨ ᠨᠠᠰᠣᠨ ᠤ ᠲᠣᠡᠭ ᠬᠦᠬᠡᠷᠥᠬᠥᠨ ᠦᠬᠢᠨ ᠶᠣᠮᠰᠠᠨ᠃ ᠦᠪᠥᠷ ᠮᠣᠩᠭ᠋ᠣᠯ ᠬᠦᠮᠥᠨ ᠢ ᠰᠠᠶᠢ ᠦᠵᠡᠵᠦ ᠪᠠᠶ᠋‍ᠢᠭ᠎ᠠ ᠪᠣᠯᠣᠯᠳᠠᠢ᠂ ᠮᠢᠨᠣ ᠣᠶ᠋‍ᠢᠯᠠ ᠬᠦᠳᠡᠯᠥᠯ ᠦᠬᠡ ᠶᠠᠷᠢᠶ᠎ᠠ ᠪᠦᠬᠥᠨ ᠢ ᠶᠡᠬᠡ ᠯᠠ ᠠᠩᠬᠠᠷᠴᠣ ᠪᠠᠶ᠋‍ᠢᠭᠰᠠᠨ ᠢᠶᠡᠨ ᠡᠮᠠᠬᠡ ᠶᠢᠨ ᠢᠶᠡᠨ ᠵᠢᠭᠠᠵᠣ ᠦᠭᠬᠥᠭ᠍ᠰᠡᠨ ᠶᠣᠰᠣᠭᠠᠷ ︽ᠰᠠᠳᠣᠨ ᠡᠠᠬ᠎ᠠ︾ ᠬᠡᠵᠦ ᠲᠠᠭᠣᠳᠠᠨ ᠣᠷᠳᠣᠭᠣᠷ ᠬᠣᠶ᠋‍ᠢᠭᠣᠷ ᠮᠢᠨᠢ ᠠᠯᠢᠶᠠᠷᠬᠠᠨ ᠲᠣᠭᠯᠠᠵᠣ ᠭᠠᠷᠣᠯ᠎ᠠ᠃

ᠲᠠᠷᠠᠭ᠎ᠠ ᠡᠳᠣᠷ ᠨᠢ ᠪᠢ ᠨᠠᠶ᠋‍ᠢᠵᠠ ᠶᠢᠨ ᠳᠠᠭᠠᠨ ᠦᠷᠯᠦᠬᠡ ᠶᠢᠨ ᠴᠠᠢ ᠣᠣᠭᠣᠭᠠᠳ (ᠦᠨᠡᠨ ᠳᠡᠭᠡᠨ ᠣᠪᠯᠠᠪᠠ᠂ ᠪᠢ ᠨᠡᠨᠭ᠌ ᠪᠣᠣᠪᠣ ᠡᠢᠳᠡᠬᠡᠥᠨ ᠦᠨᠡᠬᠡᠷ ᠲᠠᠰᠬᠣ ᠦᠭᠡᠶ) ᠲᠣᠭᠣᠢ ᠵᠠᠶ᠋‍ᠢᠳᠠᠯᠠᠨ ︽ᠦᠨᠳᠥᠷ ᠡᠵᠢ︾ ᠶᠢᠨ ᠳᠤ ᠣᠴᠢᠪᠠ᠃ ᠦᠨᠦᠳᠥᠷ ᠡᠴᠡ ᠮᠢᠨᠣ ᠬᠦᠴᠥᠨ ᠤ ᠠᠵᠢᠯ ᠵᠢᠩᠬᠢᠨᠢ ᠪᠠᠷ ᠡᠬᠢᠯᠠᠪᠠ᠃ ᠨᠠᠳᠠ ᠲᠡᠶ ᠠᠳᠠᠯᠢ ᠱᠢᠷᠣᠨ ᠣᠠᠵᠢᠯᠭ᠎ᠠ ᠲᠡᠬᠥᠬᠥ ᠪᠠᠷ ᠣᠴᠢᠭᠰᠠᠨ ᠢᠡᠷᠬᠡᠯᠡᠳᠡᠬᠡ ᠠᠶ᠋‍ᠢᠯ ᠤᠨ ᠰᠢᠷᠠᠪᠳᠣᠷ ᠦᠰᠤ ᠲᠡᠶ ᠲᠠᠪᠣ ᠵᠢᠷᠭᠣᠭᠠᠨ ᠬᠡᠣᠬᠡᠥᠨ ᠪᠠ ︽ᠦᠨᠳᠥᠷ ᠡᠵᠢ︾ ᠶᠢᠨ ᠬᠣᠶᠠᠷ ᠦᠬᠢᠨ ᠵᠢᠴᠢ ︽ᠦᠨᠳᠥᠷ ᠡᠵᠢ︾᠂ ᠲᠡᠬᠥᠨ ᠤ ᠬᠠᠷ᠎ᠠ ᠡᠪᠥᠬᠡᠨ ᠨᠠᠶ᠋‍ᠢᠳᠠ ᠠᠷᠪᠠᠭᠠᠳ ᠬᠦᠮᠥᠰ ᠠᠵᠢᠯ ᠳᠤ ᠭᠠᠷᠪᠠ᠃ ᠬᠡᠯᠡᠯᠬᠡᠨ ᠦᠭᠡᠶ ᠪᠢᠴᠢᠬᠠᠨ ᠦᠨᠢᠷ ᠪᠠᠰᠠ ᠮᠠᠨᠣᠰ ᠤᠨ ᠲᠣᠮᠳᠠ ᠬᠦᠶᠥᠵᠦ ᠪᠠᠶ᠋‍ᠢᠨ᠎ᠠ᠃ ᠨᠣᠳᠣᠭ ᠤᠨ ᠬᠦᠮᠥᠰ ᠬᠠᠰᠢ ᠯᠠ ᠣᠠᠳᠣᠤ᠂ ᠮᠣᠳᠣᠨ ᠤ ᠰᠠᠯᠠᠭ᠎ᠠ ᠡᠴᠡ ᠲᠠᠳᠠᠵᠣ ᠲᠡᠮᠳᠡᠢᠢᠬᠡᠨ ᠰᠢᠪᠳᠣᠷᠠᠪᠠᠯ ᠰᠢᠷᠠᠪᠳᠣᠷ ᠣᠯᠠᠭᠠᠨ ᠥᠩᠬᠡ ᠲᠡᠶ ᠱᠢᠷᠣᠨ ᠣᠠᠵᠢᠯᠭ᠎ᠠ ᠠᠶᠠᠷᠬᠠᠨ ᠪᠠᠭᠣᠵᠣ ᠰᠠᠭᠰᠣᠨ ᠊ᠳᠣᠨᠢ ᠣᠷᠣᠨ᠎ᠠ᠃ ᠪᠢ ᠬᠡᠵᠦ ᠡᠣᠮ ᠫᠠᠳ᠃ ᠨᠢᠬᠡ ᠨᠢᠬᠡ ᠪᠠᠷ ᠲᠡᠬᠥᠨ᠎ᠡ᠂ ᠪᠣᠰᠣᠳ ᠢ ᠲᠠᠭᠣᠷᠢᠶᠠᠵᠣ ᠰᠢᠪᠳᠣᠷᠠᠪᠠᠯ ᠮᠣᠳᠣᠨ ᠤ ᠰᠠᠯᠠᠭ᠎ᠠ ᠶᠢ ᠬᠣᠭᠣᠯᠬᠣ ᠬᠡᠥᠨ ᠪᠣᠯᠬᠣ ᠦᠬᠡᠢ᠃ ︽ᠦᠨᠳᠥᠷ ᠡᠵᠢ︾ ᠪᠣᠯ ᠶᠠᠷᠢᠶ᠎ᠠ ᠬᠦᠬᠡᠷᠥᠬᠡ ᠲᠡᠶ᠂ ᠨᠠᠭᠠᠳᠣᠮ ᠱᠣᠭ ᠭᠠᠷᠭᠠᠳᠠᠭ ᠬᠦᠮᠥᠨ ᠪᠣᠯᠭᠣᠷ ᠨᠠᠳᠠ ᠲᠡᠶ ᠶᠠᠷᠢᠯᠴᠠᠵᠣ ᠮᠦᠨ ᠲᠡᠬᠥᠬᠥ ᠠᠷᠭ᠎ᠠ ᠶᠢ ᠵᠢᠭᠠᠵᠣ ᠦᠭᠬᠥᠨ᠎ᠡ᠃ ᠪᠢᠴᠢᠬᠠᠨ ᠦᠨᠢᠷ ᠴᠤ ︽ᠰᠠᠳᠣᠨ ᠡᠠᠬ᠎ᠠ︾ ᠬᠡᠥᠨ ᠨᠢᠬᠡ ᠬᠣᠶᠠᠷ ᠲᠡᠬᠥᠴᠢᠬᠡᠭ᠍ᠰᠡᠨ ᠬᠠᠪᠰᠣᠷᠴᠣ ᠪᠠᠶ᠋‍ᠢᠨ᠎ᠠ ᠬᠡᠵᠦ ᠠᠭᠠᠰᠢᠯᠠᠨ᠎ᠠ᠃ ︽ᠴᠢ ᠶᠠᠮᠠᠷ ᠨᠡᠷ᠎ᠡ ᠲᠡᠶ ᠪᠣᠢ︖︾ ᠬᠡᠪᠡᠯ ᠲᠠᠷᠠ ᠣᠶ᠋‍ᠢᠯᠠᠭᠠᠵᠣ ᠦᠭᠬᠥ ᠦᠭᠡᠶ᠃ ᠡᠨᠠ ᠣᠢᠶ᠎ᠡ ︽ᠦᠨᠳᠥᠷ ᠡᠵᠢ︾᠄ ︽ᠰᠠᠳᠣᠨ ᠡᠠᠬ᠎ᠠ ᠴᠢᠨᠢ ᠠᠰᠠᠭᠣᠵᠣ ᠪᠠᠶ᠋‍ᠢᠨ᠎ᠠ ᠨᠠᠷᠣᠨ (ᠨᠠᠷ᠎ᠠ ᠬᠡᠳᠡᠭ ᠲᠣᠷᠭᠣᠳ ᠦᠬᠡ) ᠴᠢᠨᠢ ᠬᠡᠨ ᠬᠡᠳᠡᠭ ᠪᠣᠢ︖︾ ᠬᠡᠵᠦ ᠬᠡᠯᠡᠪᠡᠯ ︽ᠮᠢᠨᠣ ᠨᠠᠷᠣᠨ ᠣᠨᠢᠶᠠᠷ (ᠦᠨᠢᠷ ᠬᠡᠳᠡᠭ ᠲᠣᠷᠭᠣᠳ ᠦᠬᠡ) ᠬᠡᠳᠡᠭ︾ ᠬᠡᠵᠦ ᠬᠦᠬᠡᠷᠥᠬᠥᠨ ᠲ᠋ᠥᠷᠢᠯᠡᠨ᠎ᠡ᠃ ᠡ᠂ ᠴᠢᠳᠬᠥᠷ ᠲᠣᠯᠢᠶᠠ︕ 12 ᠴᠠᠭ ᠤᠨ ᠣᠢᠶ᠎ᠡ ᠪᠠᠷ ᠪᠢ ᠦᠯᠥᠰᠴᠦ ᠡᠬᠢᠯᠠᠪᠠ᠃ ᠬᠣᠷᠳᠣᠨ ᠦᠳᠡ ᠶᠢᠨ ᠠᠮᠠᠷᠠᠯᠳᠠ ᠪᠣᠯᠣᠭᠠᠰᠠᠢ᠃ ᠬᠡᠪᠡᠴᠦ ᠡᠠᠳᠠᠬᠢ ᠵᠤᠷᠰᠢᠯ ᠢᠶᠡᠷ ᠪᠡᠬᠡᠵᠢᠡᠭ ᠤᠨ ᠴᠠᠭ 14 ᠶᠢ ᠵᠢᠭᠠᠪᠠᠯ ᠰᠠᠶᠢ ᠠᠵᠢᠯ ᠡᠴᠡ ᠪᠠᠭᠣᠵᠣ ᠦᠳᠡ ᠶᠢᠨ ᠬᠣᠭᠣᠯᠠ ᠡᠢᠳᠡᠳᠡᠭ᠃ ᠲᠣᠯᠣᠭᠠᠨ ᠰᠠᠷ᠎ᠠ ᠶᠢᠨ ᠲᠣᠷᠭᠣᠳ ᠨᠣᠳᠣᠭ ᠤᠨ ᠭᠡᠨᠭ᠌ ᠤᠨ ᠨᠠᠷᠠᠨ ᠲᠣᠭᠣᠨ ᠲᠡᠬᠡᠷ᠎ᠡ ᠰᠢᠷᠠᠬᠣ ᠳᠤ ᠲᠣᠯᠣᠭᠠᠢ ᠲᠥᠷᠣᠬᠥᠤ ᠡᠷᠬᠢᠨ᠎ᠠ᠃ ᠦᠯᠥᠨ ᠬᠡᠳᠡᠰᠤ ᠴᠤ ᠭᠣᠷᠴᠢᠬᠢᠨᠠᠵᠣ ᠪᠦᠲᠦᠬᠥᠨ ᠨᠢ ᠨᠠᠷᠢᠨ ᠢᠶᠡᠨ ᠪᠠᠷᠢᠵᠣ ᠡᠢᠳᠡᠬᠥ ᠲᠠᠶ᠋‍ᠢᠨ ᠡᠬᠥᠰᠴᠦ ᠪᠠᠶ᠋‍ᠢᠬᠣ ᠪᠣᠯᠣᠯᠳᠠᠢ᠂ ᠣᠳᠠᠳᠠᠯ᠎ᠠ ᠲᠠᠶ᠋‍ᠢᠯᠠᠯᠳᠣᠬᠣ ᠰᠢᠭ ᠪᠠᠶ᠋‍ᠢᠪᠠ᠃ ᠦᠪᠡᠷ ᠤᠨ ᠬᠡᠷ ᠲᠡᠭᠡᠨ ᠪᠠᠶ᠋‍ᠢᠭᠰᠠᠨ ᠪᠣᠯ ᠬᠡᠯᠡ ᠲᠡᠬᠡᠷ᠎ᠡ ᠪᠠᠨ ᠵᠢᠭᠠᠬᠠᠨ ᠶᠠᠭᠣᠮ᠎ᠠ ᠲᠠᠯᠪᠢᠵᠣ ᠪᠠᠶ᠋‍ᠢᠭᠠᠳ ᠪᠠᠶ᠎ᠠ ᠶᠢᠨ ᠲᠠᠪᠠ ᠪᠠᠷ ᠢᠶᠡᠨ ᠬᠢᠬᠥ ᠪᠢᠰᠢ ᠦᠦ︖ ᠬᠡᠳᠡᠯ᠎ᠡ ᠣᠳᠣ ᠬᠦᠮᠥᠨ ᠤ ᠭᠠᠵᠠᠷ᠂ ᠲᠣᠷᠭᠣᠳ ᠨᠣᠳᠣᠭ᠂ ᠪᠣᠯᠬᠣ ᠦᠭᠡᠶ᠁ ᠣᠯᠠᠨ ᠶᠠᠭᠣᠮ᠎ᠠ ᠪᠣᠳᠣᠵᠣ ᠠᠮᠵᠢᠪᠠ᠃ ᠶᠠᠭᠣ ᠴᠤ ᠬᠡᠰᠡᠨ ᠦᠵᠡᠯ ᠰᠠᠨᠠᠭᠠᠨ ᠤ ᠲᠠᠮᠠᠴᠠᠯ ᠬᠢᠭ᠍ᠰᠠᠬᠡᠷ ᠦᠳᠡ ᠶᠢᠨ ᠠᠮᠠᠷᠠᠯᠳᠠ ᠲ᠋ᠠᠢ ᠠᠷᠠᠢ ᠬᠡᠵᠦ ᠵᠤᠯᠭᠠᠯ᠎ᠠ ᠳ᠋‍ᠠ᠃ ᠠᠵᠢᠯ ᠤᠨ ᠪᠦᠳᠥᠮᠵᠢ ᠬᠡᠪᠡᠯ ᠠᠳᠠᠭ᠃ ᠲᠡᠬᠥᠭ᠍ᠰᠡᠨ ᠱᠢᠷᠣᠨ ᠣᠠᠵᠢᠯᠭ᠎ᠠ ᠪᠠᠨ ᠵᠢᠩᠯᠡᠬᠥᠯᠪᠡᠯ ᠲᠥᠷᠪᠡᠨ ᠶ᠋‍ᠢᠡᠭ ᠭᠠᠷᠣᠶ᠋‍ᠢᠬᠠᠨ᠃ ᠪᠣᠰᠣᠳ ᠬᠦᠮᠥᠨ ᠤ ᠪᠦᠷ ᠮᠢᠨᠣᠬᠢ ᠡᠴᠡ ᠡᠢᠯᠡᠬᠥᠤ᠃ ᠣᠣᠯ ᠨᠢ ᠲᠡᠬᠥᠭ᠍ᠰᠡᠨ ᠱᠢᠷᠣᠨ ᠣᠠᠵᠢᠯᠭ᠎ᠠ ᠶᠢᠨ ᠵᠢᠡᠭ ᠣᠨ ᠲᠣᠭ᠎ᠠ ᠪᠠᠷ ᠮᠣᠢᠩᠬᠥ ᠪᠣᠳᠣᠳᠠᠭ ᠪᠠᠶ᠋‍ᠢᠵᠠᠢ᠃ ᠨᠢᠬᠡ ᠵᠢᠡᠭ ᠳᠡᠭᠡᠨ ᠨᠢᠬᠡ ᠲᠦᠬᠥᠷᠢᠭ᠌᠃ ᠲᠣᠰ ᠠᠶ᠋‍ᠢᠯ ᠳᠤ ᠦᠳᠡ ᠶᠢᠨ ᠬᠣᠭᠣᠯᠠ ᠡᠢᠳᠠᠪᠠᠯ 0.80 ᠲᠦᠬᠥᠷᠢᠭ᠌᠃ ᠨᠠᠳᠠ ᠡᠴᠡ ᠦᠬᠡᠷ᠎ᠡ ᠬᠡᠣᠬᠡᠥᠨ ᠬᠡᠷ ᠲᠡᠭᠡᠨ ᠬᠠᠷᠢᠪᠠ᠃ ᠪᠢ ᠡᠠᠳᠠ ᠦᠯᠠᠳᠡᠵᠦ᠂ ᠡᠳᠠᠨᠣᠰ ᠲᠡᠶ ᠬᠠᠮᠳᠣ ᠣᠷᠢᠳ ᠶ᠋‍ᠢᠠᠷ ᠨᠡᠨᠭ᠌ ᠪᠣᠣᠪᠣ ᠲᠡᠶ ᠴᠠᠢ ᠣᠣᠭᠣᠵᠣ᠂ ᠲᠠᠷᠠᠭ᠎ᠠ ᠨᠢ ᠱᠥᠯᠤ ᠲᠡᠶ ᠪᠣᠳᠠᠭ᠎ᠠ ᠡᠢᠳᠠᠪᠠ᠃ ᠡᠨᠠ ᠦᠳᠡ ᠳᠤ ᠪᠢ ᠬᠣᠭᠣᠯᠠ ᠡᠢᠳᠡᠬᠥ ᠶ᠋‍ᠢᠨ ᠬᠠᠪᠣ ᠴᠠᠩᠬᠡᠯ ᠢ ᠰᠠᠶᠢ ᠬᠦᠠᠵᠡᠬᠡᠢ ᠣᠶ᠋‍ᠢᠯᠠᠭᠠᠬᠣ ᠰᠢᠭ ᠪᠣᠯᠣᠯ᠎ᠠ᠃

ᠦᠳᠡ ᠶᠢᠨ ᠬᠣᠶ᠋‍ᠢᠨᠠᠬᠢ 4 ᠴᠠᠭ ᠲᠤ ᠠᠵᠢᠯ ᠡᠬᠢᠯᠡᠬᠥ ᠲᠣᠯᠠ ︽ᠦᠨᠳᠥᠷ ᠡᠵᠢ︾ ᠨᠠᠮᠠᠢᠢ ᠵᠠᠬᠥᠨ ᠲᠠᠰᠣᠯᠭ᠎ᠠ ᠬᠡᠷ ᠲᠤ ᠠᠮᠠᠷᠠ ᠬᠡᠪᠡ᠃ ᠪᠢ ᠶᠠᠳᠠᠷᠠᠭᠰᠠᠨ ᠲᠣᠯᠠ ᠣᠳᠠᠯ ᠦᠭᠡᠶ ᠲᠣᠭ ᠬᠢᠨ ᠨᠣᠶ᠋‍ᠢᠷ ᠠᠪᠣᠭᠠᠳ ᠬᠡᠨᠡᠳᠳᠡ ᠰᠠᠷᠠᠪᠠᠯ ᠠᠵᠢᠯ ᠡᠬᠢᠯᠡᠬᠥᠯᠬᠥ ᠪᠠᠷ ᠬᠦᠮᠥᠰ ᠴᠠᠢ ᠣᠣᠭᠣᠵᠣ ᠪᠠᠶ᠋‍ᠢᠪᠠ᠃ ᠦᠳᠡ ᠶᠢᠨ ᠬᠣᠶ᠋‍ᠢᠨ᠎ᠠ ᠮᠢᠨᠣ ᠠᠵᠢᠯ ᠤᠨ ᠪᠦᠳᠥᠮᠵᠢ ᠪᠠᠬᠠᠨ ᠲᠡᠬᠡᠭ᠍ᠰᠢᠯᠡᠭ᠍ᠰᠡᠨ ᠪᠣᠯᠪᠠᠴᠣ ᠲᠡᠬᠡᠷ᠎ᠡ ᠡᠴᠠ ᠰᠢᠷᠠᠬᠣ ᠨᠠᠷᠠ ᠠᠷᠭ᠎ᠠ ᠠᠭᠠᠰᠢ ᠶᠢ ᠠᠯᠳᠠᠷᠠᠭᠣᠯᠣᠨ᠎ᠠ᠃ ᠬᠠᠮᠠᠷ ᠡᠴᠡ ᠴᠤ ᠴᠢᠰᠤ ᠭᠠᠷᠪᠠ᠃ ᠬᠡᠪᠡᠴᠦ ᠠᠵᠢᠯ ᠢᠶᠡᠨ ᠬᠡᠷᠬᠢᠨ ᠲᠣᠳᠠᠭᠣ ᠣᠷᠬᠢᠬᠣ ᠪᠢᠯᠠ︖ ᠴᠢᠰᠤ ᠪᠠᠨ ᠲᠠᠳᠠᠨ ᠳᠤ ᠦᠵᠡᠬᠥᠯᠥᠯ ᠦᠭᠡᠶ ᠰᠢᠢᠳᠪᠥᠷᠢᠯᠡᠬᠡᠥᠨ ᠦᠷᠬᠥᠯᠵᠢᠯᠡᠨ ᠠᠵᠢᠯ ᠢᠶᠡᠨ ᠬᠢᠵᠣ ᠯᠨ ᠪᠠᠶ᠋‍ᠢᠪᠠ᠁

ᠨᠠᠷᠠ ᠵᠢᠷᠭᠠᠬᠣ ᠰᠢᠭᠠᠯ᠎ᠠ᠃ ᠠᠵᠢᠯ ᠡᠴᠡ ᠪᠠᠨ ᠪᠠᠭᠣᠴᠢᠬᠠᠭᠠᠳ ᠲᠣᠭᠣᠢ ᠪᠠᠨ ᠡᠢᠰᠬᠥᠯᠥᠨ ᠨᠠᠶ᠋‍ᠢᠵᠠ ᠶᠢᠨ ᠬᠡᠷ ᠢ ᠴᠢᠭ᠍ᠯᠠᠪᠠ᠃ ᠣᠷᠣᠢ ᠶᠢᠨ ᠰᠡᠷᠢᠬᠥᠤ ᠣᠷᠣᠭᠰᠠᠨ ᠲᠣᠷᠭᠣᠳ ᠨᠣᠳᠣᠭ ᠤᠨ ᠰᠡᠷᠢᠬᠥᠨ ᠰᠠᠯᠬᠢ ᠡᠩᠬᠡᠯᠵᠡᠬᠥᠷ ᠣᠷᠣᠭᠣ ᠰᠠᠩᠬᠢᠨᠠᠵᠣ᠂ ᠰᠠᠳᠬᠢᠯ ᠳᠤ ᠣᠷᠮ᠎ᠠ ᠣᠷᠢᠵᠣ ᠪᠠᠶ᠋‍ᠢᠯ᠎ᠠ᠃ ᠬᠡᠷ ᠲᠤ ᠬᠦᠷᠪᠡᠯ 22 ᠴᠠᠭ ᠪᠣᠯᠵᠣ᠂ ᠣᠷᠣᠢ ᠶᠢᠨ ᠬᠣᠭᠣᠯᠠᠨ ᠤ ᠴᠠᠭ ᠪᠣᠯᠵᠠᠢ᠃ ᠡᠢᠩᠬᠢᠬᠡᠥᠨ ᠲᠣᠮᠳᠠᠳᠣ ᠰᠣᠷᠭᠠᠭᠣᠯᠢ ᠳᠣ ᠪᠠᠶ᠋‍ᠢᠬᠣ ᠳᠤ ᠪᠡᠬᠡᠵᠢᠡᠭ ᠤᠨ ᠴᠠᠭ ᠪᠣᠯᠣᠨ ᠦᠷᠥᠮᠴᠢ ᠶᠢᠨ ᠴᠠᠭ 2 ᠴᠠᠭ ᠵᠦᠷᠢᠨ᠎ᠡ ᠬᠡᠵᠦ ᠴᠡᠬᠡᠵᠢᠯᠡᠵᠦ ᠪᠠᠶ᠋‍ᠢᠭᠰᠠᠨ ᠮᠢᠨᠢ ᠰᠠᠨᠠᠭᠳᠠᠪᠠ᠃

︽ᠣᠰᠤ ᠶᠢ ᠨᠢ ᠣᠣᠭᠣᠪᠠᠯ ᠶᠣᠰᠣ ᠶᠢ ᠨᠢ ᠲᠠᠭᠠᠨ︾ ᠬᠡᠳᠡᠭ᠃ ᠪᠢ ᠲᠣᠷᠭᠣᠳ ᠨᠣᠳᠣᠭ ᠤᠨ ᠪᠥᠭ᠍ᠴᠢᠮ ᠬᠠᠯᠠᠭᠣᠨ ᠠᠭᠣᠷ ᠠᠮᠢᠰᠭᠣᠯ ᠪᠠ ᠴᠠᠭ ᠤᠨ ᠵᠦᠷᠢᠶ᠎ᠡ ᠳᠤ ᠠᠭᠠᠵᠢᠮ ᠳᠠᠭᠠᠨ ᠲᠠᠰᠴᠣ ᠡᠬᠢᠯᠠᠪᠠ᠃ ︽ᠦᠨᠳᠥᠷ ᠡᠵᠢ︾ ᠶᠢᠨ ᠱᠢᠷᠣᠨ ᠣᠠᠵᠢᠯᠭ᠎ᠠ ᠲᠡᠬᠥᠬᠥ ᠠᠵᠢᠯ ᠨᠢᠬᠡ ᠭᠠᠷᠠᠭ ᠤᠨ ᠲᠠᠷᠠᠭ᠎ᠠ ᠲᠠᠭᠣᠰᠣᠯ᠎ᠠ᠃ ᠲᠠᠬᠢᠭᠠᠳ ᠬᠢᠬᠥ ᠬᠡᠪᠡᠯ ᠲᠠᠷᠠᠭᠠᠴᠢ ᠶᠢᠨ ᠣᠳᠠᠭᠠᠨ ᠤ ᠲᠡᠬᠥᠬᠥ ᠬᠣᠭᠣᠴᠠᠭ᠎ᠠ ᠶᠢ ᠬᠦᠯᠢᠶᠡᠬᠥ ᠬᠡᠷᠡᠭ᠍ᠳᠡᠢ ᠪᠠᠶ᠋‍ᠢᠯ᠎ᠠ᠃ ᠡᠨᠠ ᠬᠣᠭᠣᠷᠣᠠᠳᠣ ᠮᠢᠨᠣ ᠱᠢᠷᠣᠨ ᠣᠠᠵᠢᠯᠭ᠎ᠠ ᠲᠡᠬᠥᠬᠥ ᠮᠡᠷᠬᠡᠵᠢᠯ ᠨᠠᠯᠢᠶᠠᠳ ᠲᠡᠬᠡᠭ᠍ᠰᠢᠯᠡᠭ᠍ᠰᠡᠨ ᠪᠣᠯᠪᠠᠴᠣ ᠨᠣᠳᠣᠭ ᠣᠨ ᠬᠦᠮᠥᠰ ᠲᠡᠶ ᠬᠠᠷᠢᠴᠠᠭᠣᠯᠣᠪᠠᠯ ᠪᠠᠰᠠ ᠬᠣᠯᠠ ᠵᠦᠷᠢᠶ᠎ᠡ ᠲᠡᠶ᠃ ᠣᠳᠣ ᠨᠠᠳᠠ ᠳᠤ ᠠᠩᠬᠠᠨ ᠤ ᠡᠳᠣᠷ ᠤᠳ ᠢ ᠪᠣᠳᠣᠬᠣ ᠳᠤ ᠶᠠᠭᠣ ᠴᠣ ᠪᠢᠰᠢ ᠰᠠᠨᠠᠭᠳᠠᠪᠠ᠃ ᠦᠷᠯᠦᠬᠡ ᠪᠦᠷᠢ ᠶᠢᠨ ᠨᠢᠭᠣᠷ ᠣᠬᠢᠶᠠᠬᠣ ᠣᠢᠶ᠎ᠡ᠂ ᠬᠠᠮᠠᠷ ᠡᠴᠡ ᠬᠠᠯᠠᠭᠣᠨ ᠴᠢᠰᠤ ᠭᠠᠷᠬᠣ ᠦᠵᠡᠭ᠍ᠳᠡᠯ ᠭᠠᠷᠠᠭ ᠬᠢᠷᠢᠳᠠᠢ ᠦᠷᠬᠥᠯᠵᠢᠯᠡᠬᠡᠥᠨ ᠵᠤᠭᠰᠣᠴᠢᠬᠠᠪᠠ᠃ ᠡᠬᠢᠨ ᠳᠡᠭᠡᠨ ᠶᠠᠮᠠᠷ ᠨᠢᠬᠡᠨ ᠡᠪᠠᠳᠴᠢᠨ ᠲᠣᠰᠴᠠᠢ ᠬᠡᠵᠦ ᠪᠠᠶ᠎ᠠ ᠳᠡᠭᠡᠨ ᠰᠠᠵᠢᠭ᠍ᠯᠠᠵᠣ ᠪᠠᠶ᠋‍ᠢᠭᠰᠠᠨ ᠴᠤ ᠨᠦᠬᠥᠬᠡ ᠲᠠᠯ᠎ᠠ ᠪᠠᠷ ᠬᠠᠯᠠᠭᠣᠳᠠᠵᠠᠢ ᠬᠡᠥᠨ ᠪᠠᠶ᠎ᠠ ᠪᠠᠨ ᠲᠠᠢᠢᠳᠬᠣᠷᠠᠭᠣᠯᠵᠣ ᠪᠠᠶ᠋‍ᠢᠭᠰᠠᠨ ᠮᠢᠨᠢ ᠨᠡᠬᠡᠷᠡᠨ ᠵᠦᠪ ᠪᠣᠯᠵᠠᠢ᠃ ᠬᠦᠮᠥᠨ ᠶᠠᠮᠠᠷ ᠨᠢᠬᠡᠨ ᠡᠪ ᠬᠠᠪ ᠦᠭᠡᠶ ᠪᠠᠶ᠋‍ᠢᠳᠠᠯ ᠪᠠᠶ᠎ᠠ ᠊ᠳᠣᠨᠢ ᠡᠢᠯᠡᠷᠡᠭ᠍ᠰᠠᠬᠡᠷ ᠡᠪᠠᠳᠴᠢᠨ ᠲᠣᠰᠴᠠᠢ ᠬᠡᠮᠡᠨ ᠲᠠᠩᠳᠡᠬᠥᠤ ᠰᠡᠵᠢᠭ᠍ᠯᠡᠭ᠍ᠰᠡᠨ ᠤ ᠬᠡᠷᠡᠭ ᠠᠯᠠᠭ᠎ᠠ᠃ ᠲᠠᠩᠳᠠ ᠰᠠᠵᠢᠭ᠍ᠯᠠᠪᠠᠯ ᠡᠷᠠᠬᠥᠯ ᠪᠠᠶ᠎ᠠ ᠴᠢᠨᠢ ᠡᠪᠠᠳᠴᠢᠨ ᠣᠯᠵᠣ ᠮᠠᠳᠠᠨ᠎ᠠ ᠰᠢᠤ᠃ ᠦᠪᠥᠷ ᠮᠣᠩᠭ᠋ᠣᠯ ᠡᠴᠡ ᠣᠴᠢᠭᠰᠠᠨ ᠬᠦᠮᠥᠨ ᠳᠤ ᠲᠣᠷᠭᠣᠳ ᠨᠣᠳᠣᠭ ᠰᠢᠳᠠᠮ᠎ᠠ ᠬᠠᠯᠠᠭᠣᠨ ᠰᠠᠨᠠᠭᠳᠠᠬᠣ ᠨᠢ ᠴᠤ ᠠᠷᠭ᠎ᠠ ᠦᠭᠡᠶ᠃ ᠡᠠᠳᠠ ᠬᠠᠯᠠᠭᠣᠨ᠃ ᠵᠠᠮ ᠤᠨ ᠰᠢᠷᠣᠢ ᠬᠣᠵᠢᠷ ᠲᠡᠶ ᠪᠠᠨ ᠴᠠᠶ᠋‍ᠢᠷᠠᠵᠣ ᠬᠠᠷᠠᠭᠳᠠᠨ᠎ᠠ᠃ ᠦᠳᠡ ᠶᠢᠨ ᠬᠠᠯᠠᠭᠣᠨ ᠳᠤ ᠬᠣᠨᠢᠨ ᠬᠦᠷᠪᠡᠯ ᠤᠨ ᠡᠯᠡᠰᠥᠷᠬᠡᠭ᠌ ᠭᠠᠵᠠᠷ ᠫᠠᠯᠳᠠᠯᠵᠠᠨ ᠬᠦᠶᠥᠯᠲᠦᠬᠥ ᠨᠢ ᠵᠦᠩᠳᠡᠬᠡᠨ ᠲᠣᠬᠢᠶᠠᠯᠳᠣᠨ᠎ᠠ᠃ ᠬᠡᠪᠡᠴᠦ ᠲᠣᠷᠭᠣᠳ ᠮᠣᠩᠭ᠋ᠣᠯᠴᠣᠳ ᠲᠤ ᠡᠳᠡᠬᠡᠷ ᠨᠢ ᠶᠠᠭᠣ ᠴᠤ ᠪᠢᠰᠢ᠃ ᠬᠡᠳᠥᠨ ᠵᠠᠭᠣᠨ ᠤ ᠲᠡᠷᠳᠡᠬᠡ ᠳᠤ ᠴᠢᠰᠣᠨ ᠵᠠᠮ ᠨᠡᠬᠡᠬᠡᠵᠦ ᠵᠠᠬᠥᠡᠰᠢ ᠪᠣᠴᠠᠭᠰᠠᠨ ᠪᠠᠭᠠᠳᠣᠷᠴᠣᠳ ᠤᠨ ᠣᠮᠣᠭ ᠴᠢᠰᠤ ᠲᠠᠳᠠᠨ ᠤ ᠪᠠᠶ᠎ᠠ ᠳᠤ ᠣᠷᠬᠢᠯᠵᠣ ᠪᠠᠶ᠋‍ᠢᠨ᠎ᠠ᠃ ᠬᠡᠴᠡᠬᠥᠤ ᠬᠠᠳᠠᠭᠣᠬᠠᠨ ᠠᠮᠢᠳᠣᠷᠠᠯ ᠤᠨ ᠣᠷᠴᠢᠨ ᠢ ᠲᠡᠰᠪᠥᠷᠢᠯᠡᠬᠥ ᠬᠦᠬᠡ ᠮᠣᠩᠭ᠋ᠣᠯ ᠤᠨ ᠰᠥᠰᠤ ᠵᠤᠷᠢᠭ ᠲᠠᠳᠠᠨ ᠤ ᠣᠭᠠᠭ᠎ᠠ ᠪᠣᠳᠣᠯ ᠳᠤ ᠪᠣᠴᠠᠯᠵᠣ ᠪᠠᠶ᠋‍ᠢᠨ᠎ᠠ᠃

︽ᠭᠠᠵᠠᠷ ᠭᠠᠵᠠᠷ ᠤᠨ ᠵᠠᠡᠭ᠂ ᠬᠦᠵᠡᠬᠡ ᠬᠦᠵᠡᠬᠡᠨ ᠤ ᠪᠥᠯᠦᠡᠭ︾ ᠬᠡᠳᠡᠭ᠃ ᠡᠶ᠋‍ᠢᠮᠥᠷᠬᠥᠤ ᠣᠷᠴᠢᠨ ᠳᠤ ᠵᠤᠬᠢᠴᠠᠭᠰᠠᠨ ᠲᠣᠷᠭᠣᠳ ᠮᠣᠩᠭ᠋ᠣᠯᠴᠣᠳ ᠤᠨ ᠠᠵᠣ ᠲᠥᠷᠣᠬᠥ ᠠᠮᠢᠳᠣᠷᠠᠯ ᠤᠨ ᠵᠠᠡᠭ ᠲᠠᠳᠬᠠᠯ ᠴᠤ ᠦᠪᠥᠷ ᠮᠣᠩᠭ᠋ᠣᠯᠴᠣᠳ ᠡᠴᠡ ᠬᠢᠷᠢ ᠵᠠᠷᠬᠡ ᠡᠢᠯᠭᠠᠭ᠎ᠠ ᠲ᠋ᠠᠢ ᠪᠠᠶ᠋‍ᠢᠨ᠎ᠠ ᠬᠡᠬᠥ ᠶᠢ ᠲᠠᠳᠠᠨ ᠤ ᠠᠮᠢᠳᠣᠷᠠᠯ ᠡᠴᠡ ᠪᠢ ᠣᠶ᠋‍ᠢᠯᠠᠭᠠᠭᠰᠠᠨ ᠶᠣᠮ᠃ ᠮᠡᠳᠡᠬᠡᠵᠢ ᠪᠠᠷ ᠰᠥ ᠲᠡᠶ ᠴᠠᠢ ᠪᠣᠯ ᠨᠠᠶ᠋‍ᠢᠳᠠ ᠮᠣᠩᠭ᠋ᠣᠯᠴᠣᠳ ᠣᠨ ᠡᠷᠬᠢᠮᠯᠠᠨ ᠲᠡᠬᠡᠵᠢᠯᠡᠳᠡᠭ ᠲᠡᠬᠡᠲᠦ ᠣᠮᠳᠠᠭᠠᠨ ᠪᠣᠯᠣᠨ᠎ᠠ᠃ ᠲᠣᠷᠭᠣᠳᠴᠣᠳ ᠴᠤ ᠡᠬᠥᠨ ᠡᠴᠡ ᠭᠠᠳᠠᠭᠣᠷ ᠪᠠᠶ᠋‍ᠢᠭ᠎ᠠ ᠪᠢᠰᠢ᠃ ᠬᠡᠬᠥ ᠳᠡᠭᠡᠨ ᠢᠳ ᠤ ᠴᠠᠭ ᠴᠠᠢ ᠳᠠᠭᠠᠨ ᠲᠠᠪᠣᠰᠣ ᠬᠢᠳᠡᠭ ᠦᠭᠡᠶ᠂ ᠬᠠᠷᠢᠨ ᠴᠠᠭᠠᠨ ᠰᠢᠬᠢᠷ ᠣᠷᠬᠢᠳᠠᠭ᠃ ᠡᠨᠠ ᠨᠢ ᠵᠤᠨ ᠤ ᠣᠯᠠᠷᠢᠯ ᠶᠠᠷᠣ ᠳᠡᠭᠡᠨ 40 ᠭ᠍ᠷᠡᠳᠦᠰ ᠡᠴᠡ ᠪᠠᠭᠣᠳᠠᠭ ᠦᠭᠡᠶ ᠲᠣᠷᠭᠣᠳ ᠨᠣᠳᠣᠭ ᠤᠨ ᠪᠥᠭ᠍ᠴᠢᠮ ᠬᠠᠯᠠᠭᠣᠨ ᠠᠭᠣᠷ ᠠᠮᠢᠰᠭᠣᠯ ᠳᠤ ᠴᠠᠢ ᠳᠤ ᠲᠠᠪᠣᠰᠣ ᠬᠢᠪᠠᠯ ᠣᠮᠳᠠ ᠲᠠᠷᠣᠳᠠᠭ ᠣᠶ᠋‍ᠢᠯᠠᠳᠣᠯ ᠢᠶᠡᠨ ᠠᠯᠳᠠᠵᠣ᠂ ᠬᠠᠷᠢᠨ ᠴᠠᠭᠠᠨ ᠰᠢᠬᠢᠷ ᠨᠢ ᠰᠡᠷᠢᠬᠥᠨ ᠴᠢᠨᠠᠷ ᠲᠡᠶ ᠪᠠᠶ᠋‍ᠢᠳᠠᠭ ᠡᠴᠡ ᠪᠣᠯᠪᠠ ᠦᠦ ᠳᠠ᠃ ᠰᠥ ᠲᠡᠶ ᠴᠠᠢ ᠣᠣᠭᠣᠬᠣ ᠳᠠᠭᠠᠨ ᠪᠠᠰᠠ ᠴᠠᠢ ᠪᠠᠨ ᠴᠢᠨᠠᠭᠰᠠᠨ ᠤ ᠲᠠᠷᠠᠭ᠎ᠠ ᠲᠣᠭᠣᠭ᠎ᠠ ᠴᠠᠢ ᠳᠠᠭᠠᠨ ᠣᠷᠢᠳ ᠢᠶᠡᠷ ᠰᠥ ᠪᠠᠨ ᠨᠡᠢᠢᠯᠡᠬᠥᠯᠳᠡᠭ ᠦᠭᠡᠶ᠂ ᠬᠠᠷᠢᠨ ᠲᠣᠰᠬᠠᠶ᠋‍ᠢᠯᠠᠨ ᠰᠢᠷᠡᠬᠡᠨ ᠲᠡᠬᠡᠷ᠎ᠡ ᠲᠠᠯᠪᠢᠭᠰᠠᠨ ᠪᠠᠭ᠎ᠠ ᠲᠣᠭᠣᠭ᠎ᠠ ᠲᠡᠶ ᠰᠥ ᠡᠴᠡ ᠲᠣᠰ ᠲᠣᠰ ᠤᠨ ᠠᠶᠠᠭᠠᠨ ᠳᠠᠭᠠᠨ ᠨᠡᠢᠢᠯᠡᠬᠥᠯᠵᠦ ᠣᠣᠭᠣᠬᠣ ᠨᠢ ᠶᠡᠬᠡ ᠰᠣᠨᠢᠷᠬᠠᠯᠳᠠᠢ ᠰᠠᠨᠠᠭᠳᠠᠬᠣ ᠶᠣᠮ᠃ ᠡᠬᠢᠨ ᠳᠡᠭᠡᠨ ᠪᠢ ᠨᠡᠨᠭ᠌ ᠪᠣᠣᠪᠣ ᠡᠢᠳᠠᠵᠣ ᠶᠠᠭ ᠲᠠᠰᠬᠣ ᠦᠬᠡᠢ ᠪᠠᠶ᠋‍ᠢᠯ᠎ᠠ᠃ ᠬᠡᠪᠡᠴᠦ ᠶᠠᠭᠠᠬᠢᠬᠣ ᠪᠣᠢ᠂ ᠦᠷᠯᠦᠬᠡ ᠶᠢᠨ ᠴᠠᠢ ᠶᠢ ᠬᠡᠳᠥᠨ ᠠᠶᠠᠭ᠎ᠠ ᠣᠣᠭᠣᠭᠠᠳ ᠠᠶ᠋‍ᠢᠯ ᠳᠤ ᠱᠢᠷᠣᠨ ᠣᠠᠵᠢᠯᠭ᠎ᠠ ᠲᠡᠬᠥᠬᠥ ᠪᠠᠷ ᠣᠴᠢᠭᠤ ᠵᠠᠮ ᠲᠣᠮᠳᠠ ᠲᠡᠯᠬᠡᠬᠥᠷ ᠡᠴᠡ ᠪᠣᠭᠣᠷᠰᠣᠭ ᠠᠪᠣᠭᠠᠳ ᠡᠢᠳᠡᠳᠡᠭ᠃ ᠵᠠᠷᠢᠮ ᠳᠠᠭᠠᠨ ᠦᠨᠦᠬᠢ ᠪᠠᠨ ᠡᠢᠳᠠᠵᠣ ᠪᠠᠷᠠᠬᠣ ᠦᠬᠡᠢ ᠪᠣᠯ ᠵᠠᠮ ᠤᠨ ᠬᠠᠵᠠᠭᠣᠳᠠᠬᠢ ᠡᠪᠠᠰᠣᠨ ᠳᠤ ᠬᠠᠶᠠᠭᠠᠳ ᠶᠠᠪᠣᠨ᠎ᠠ᠃ ᠲᠡᠬᠡᠪᠡᠯ ᠲᠠᠷᠠᠭᠠᠴᠢ ᠶᠢᠨ ᠣᠳᠠᠭᠠᠨ ᠤ ᠠᠮᠳᠠᠳᠣ ᠬᠣᠭᠣᠯᠠ ᠪᠣᠯᠳᠠᠭ ᠨᠢ ᠲᠠᠷᠠ ᠪᠠᠶ᠋‍ᠢᠭ᠎ᠠ᠃ ᠡᠴᠣᠰ ᠲᠡᠭᠡᠨ ᠪᠢ ᠨᠡᠨᠭ᠌ ᠪᠣᠣᠪᠣ ᠶᠢ ᠵᠦᠬᠡᠷ ᠡᠢᠳᠡᠳᠡᠭ ᠪᠣᠯᠣᠭᠰᠠᠨ ᠰᠢᠤ᠃

︽ᠦᠨᠳᠥᠷ ᠡᠵᠢ︾ ᠶᠢᠨ ᠳᠤ ᠨᠢᠬᠡ ᠭᠠᠷᠠᠭ ᠬᠢᠷᠢ ᠱᠢᠷᠣᠨ ᠣᠠᠵᠢᠯᠭ᠎ᠠ ᠲᠡᠬᠥᠭ᠍ᠰᠡᠨ ᠤ ᠲᠠᠷᠠᠭ᠎ᠠ ᠨᠠᠶ᠋‍ᠢᠵᠠ ᠲᠠᠶ᠋‍ᠢᠮ᠎ᠠ ᠲᠡᠶ ᠬᠣᠶᠠᠭᠣᠯᠠ ᠲᠣᠯᠢ ᠰᠢᠶᠡᠨᠭ᠌ ᠳᠤ ᠬᠦᠷᠴᠦ ᠬᠡᠳᠥᠨ ᠡᠳᠣᠷ ᠱᠢᠷᠣᠨ ᠣᠠᠵᠢᠯᠭ᠎ᠠ ᠲᠡᠬᠥᠵᠡᠢ᠃ ᠡᠠᠳᠠ ᠣᠯᠣᠰ ᠲᠤ ᠠᠯᠪᠠ ᠬᠠᠭᠠᠵᠣ ᠪᠠᠶ᠋‍ᠢᠭ᠎ᠠ ᠮᠣᠩᠭ᠋ᠣᠯ᠂ ᠬᠢᠳᠠᠳ᠂ ᠣᠶ᠋‍ᠢᠭᠣᠷ᠂ ᠬᠠᠰᠠᠭ᠂ ᠬᠣᠲᠦᠡᠭ ᠦᠨᠳᠥᠰᠣᠳᠡᠨ ᠤ ᠠᠯᠪᠠᠨ ᠬᠦᠮᠥᠰ ᠲᠦᠪᠯᠡᠷᠠᠵᠦ᠂ ᠠᠯᠪᠠᠨ ᠤ ᠪᠣᠰᠣ ᠬᠦᠮᠥᠰ ᠨᠠᠯᠢᠶᠠᠳ ᠡᠷᠣᠬᠡ ᠶᠢ ᠡᠵᠠᠯᠠᠵᠣ ᠪᠠᠶ᠋‍ᠢᠨ᠎ᠠ᠃ ᠨᠠᠮ ᠰᠡᠯᠠᠬᠥᠨ᠂ ᠮᠠᠶ᠋‍ᠢᠮᠠᠢ ᠱᠣᠣᠮᠠᠢ ᠦᠨᠳᠥᠰᠥᠨ ᠳᠡᠭᠡᠨ ᠬᠠᠷᠠᠭᠳᠠᠬᠣ ᠦᠭᠡᠶ ᠲᠣᠮᠳᠠ ᠶ᠋‍ᠢᠡᠭ ᠲᠣᠰᠭᠣᠨ ᠮᠠᠳᠣ ᠶᠢᠨ ᠬᠦᠳᠡᠬᠡ ᠠᠶ᠋‍ᠢᠯ ᠤᠳ ᠢ ᠪᠣᠳᠣᠪᠠᠯ ᠡᠠᠳᠠ ᠴᠢᠯᠦᠬᠡᠲᠦ ᠲᠡᠯᠬᠡᠬᠥᠷ ᠬᠡᠳᠡᠯ᠎ᠡ ᠵᠠᠬ᠎ᠠ᠂ ᠬᠣᠭᠣᠯᠠᠨ ᠬᠡᠷ ᠨᠠᠯᠢᠶᠠᠳ ᠡᠯᠪᠡᠭ᠌ ᠪᠠᠶ᠋‍ᠢᠵᠣ᠂ ᠠᠭᠣᠯᠠ ᠬᠦᠳᠡᠬᠡ ᠡᠴᠡ ᠡᠢᠷᠡᠭ᠍ᠰᠡᠨ ᠬᠦᠮᠥᠰ ᠨᠠᠭᠠᠰᠢ ᠴᠠᠭᠠᠰᠢ ᠵᠦᠩᠳᠡᠬᠡᠨ ᠵᠦᠷᠢᠯᠳᠥᠨ᠃ ᠰᠢᠶᠡᠨᠭ᠌ ᠤᠨ ᠡᠮᠨᠡᠯᠬᠡ ᠶ᠋‍ᠢᠨ ᠬᠣᠷᠢᠶᠠᠨ ᠳᠤ ᠠᠵᠢᠯᠯᠠᠵᠣ ᠪᠠᠶ᠋‍ᠢᠭ᠎ᠠ ᠲᠣᠶᠠᠭ᠎ᠠ ᠡᠬᠡᠴᠢ (ᠲ᠋ᠠᠶ᠋‍ᠢᠮ᠎ᠠ ᠶᠢᠨ ᠬᠣᠶᠠᠳᠣᠭᠠᠷ ᠡᠬᠡᠴᠢ) ᠴᠤ ᠠᠵᠢᠯ ᠡᠴᠠ ᠪᠠᠨ ᠪᠠᠭᠣᠵᠣ ᠡᠢᠷᠡᠭ᠍ᠰᠠᠬᠡᠷ ᠮᠠᠨ ᠲᠡᠶ ᠬᠠᠮᠳᠣ ᠱᠢᠷᠣᠨ ᠣᠠᠵᠢᠯᠭ᠎ᠠ ᠲᠡᠬᠥᠵᠦ ᠪᠣᠷᠪᠢ ᠪᠣᠬᠢᠰᠬᠢᠯ ᠦᠭᠡᠶ ᠶᠠᠭᠠᠷᠠᠳᠠᠭ᠃ ᠡᠨᠠ ᠨᠢ ᠣᠯᠣᠰ ᠤᠨ ᠬᠡᠳᠥᠨ ᠮᠣᠢᠩᠬᠥ ᠶᠢ ᠪᠠᠷᠠᠳᠠᠵᠣ ᠪᠠᠶ᠋‍ᠢᠭ᠎ᠠ ᠲᠡᠬᠥᠨ ᠤ ᠠᠶ᠋‍ᠢᠯ ᠬᠡᠷ ᠢᠶᠡᠨ ᠦᠬᠡᠳᠡ ᠲᠠᠳᠠᠶ᠎ᠠ ᠬᠡᠰᠡᠨ᠂ ᠶᠠᠳᠠᠬᠣ ᠳᠠᠭᠠᠨ ᠬᠦᠤ ᠴᠠᠩᠬᠡᠯ ᠳᠡᠭᠡᠨ ᠴᠤ ᠡᠢᠯᠡᠬᠥᠤ ᠬᠡᠳᠥᠨ ᠰᠢᠬᠢᠷ ᠠᠪᠴᠣ ᠦᠭᠬᠥᠢ᠎ᠡ ᠬᠡᠰᠡᠨ ᠪᠦᠰᠠᠬᠥᠢ ᠬᠦᠮᠥᠨ ᠤ ᠪᠣᠳᠣᠯ ᠬᠢᠳᠠᠯ ᠪᠠᠶ᠋‍ᠢᠬ᠎ᠠ᠃ ᠲᠣᠷᠭᠣᠳ ᠨᠣᠳᠣᠭ ᠲ᠋ᠤ ᠪᠠᠶ᠋‍ᠢᠭᠰᠠᠨ ᠡᠳᠣᠷ ᠤᠳ ᠲᠤ ᠲᠣᠷᠭᠣᠳ ᠪᠦᠰᠠᠬᠦᠢᠴᠥᠥᠨ ᠬᠠᠷ᠎ᠠ ᠪᠣᠷᠣ ᠠᠵᠢᠯ ᠳᠤ ᠬᠠᠯᠠᠰᠢᠷᠠᠯ ᠦᠭᠡᠶ ᠵᠢᠣᠠᠬᠥᠵᠦ᠂ ᠪᠦᠰᠠᠳᠡᠢᠢᠴᠥᠥᠨ ᠡᠴᠠ ᠪᠠᠨ ᠡᠢᠯᠡᠬᠥᠤ ᠬᠠᠯᠠ ᠦᠵᠡᠵᠦ ᠪᠠᠶ᠋‍ᠢᠭ᠎ᠠ ᠰᠢᠭ ᠰᠠᠨᠠᠭᠳᠠᠬᠣ ᠶᠣᠮ᠃ ᠮᠠᠨ ᠤ ᠱᠢᠷᠣᠨ ᠣᠠᠵᠢᠯᠭ᠎ᠠ ᠲᠡᠬᠥᠭ᠍ᠰᠡᠨ ᠠᠶ᠋‍ᠢᠯ ᠪᠣᠯ ᠬᠢᠳᠠᠳ ᠠᠶ᠋‍ᠢᠯ ᠪᠣᠯᠣᠨ᠎ᠠ᠃ ᠲᠣᠶᠠᠭ᠎ᠠ ᠡᠬᠡᠴᠢ ᠶᠢᠨ ᠬᠡᠯᠡᠬᠥ ᠪᠠᠷ ᠠᠷᠪᠠᠭᠠᠳ ᠵᠢᠯ ᠤᠨ ᠡᠮᠣᠨ᠎ᠠ ᠭᠠᠳᠠᠨ᠎ᠠ ᠣᠷᠣᠨ ᠡᠴᠡ ᠴᠠᠭᠠᠴᠢᠯᠠᠵᠣ ᠡᠢᠷᠡᠭ᠍ᠰᠡᠨ ᠡᠨᠠ ᠬᠢᠳᠠᠳ ᠠᠶ᠋‍ᠢᠯ ᠣᠷᠣᠬᠣ ᠬᠡᠷ᠂ ᠣᠭᠣᠴᠢᠭᠤ ᠠᠶᠠᠭ᠎ᠠ ᠦᠭᠡᠶ ᠪᠠᠶ᠋‍ᠢᠭᠰᠠᠨ ᠢᠶᠡᠨ ᠱᠠᠬᠠᠢ ᠭᠣᠳᠣᠯ ᠲᠠᠬᠠᠯᠠᠬᠣ᠂ ᠰᠢᠪᠠᠷ ᠪᠠᠯᠴᠢᠭ ᠲ᠋ᠠᠢ ᠨᠣᠴᠣᠯᠳᠣᠬᠣ ᠠᠵᠢᠯ ᠣᠷᠣᠯᠳᠣᠭᠰᠠᠭᠠᠷ ᠣᠳᠣ ᠬᠠᠭᠠᠯᠪᠣᠷᠢᠯᠠᠬᠣ ᠡᠴᠡ ᠲᠠᠷᠢᠶ᠎ᠠ ᠲᠡᠶ᠂ ᠬᠠᠷᠠᠬᠣ ᠡᠴᠡ ᠮᠠᠯ ᠲᠡᠶ ᠠᠶ᠋‍ᠢᠯ ᠪᠣᠯᠣᠭᠰᠠᠨ ᠬᠡᠨ᠎ᠡ᠃ ᠶᠠᠷᠣ ᠨᠢ ᠦᠪᠥᠷ ᠮᠣᠩᠭ᠋ᠣᠯ ᠤᠨ ᠬᠦᠳᠡᠬᠡ ᠳᠤ ᠴᠤ ᠬᠡᠰᠡᠨ ᠦᠭᠡᠶ ᠭᠠᠳᠠᠨᠠᠬᠢ ᠴᠠᠭᠠᠴᠢᠨ ᠬᠢᠳᠠᠳ ᠭᠠᠷ ᠢᠶᠡᠨ ᠰᠠᠷᠪᠠᠶ᠋‍ᠢᠵᠣ ᠣᠴᠢᠭᠠᠳ ᠯᠠ ᠨᠣᠳᠣᠭ ᠤᠨ ᠮᠣᠩᠭ᠋ᠣᠯ ᠬᠦᠮᠥᠨ ᠡᠴᠡ ᠣᠷᠢᠳ ᠢᠶᠡᠷ ᠨᠣᠯᠭᠣ ᠪᠠᠶᠠᠵᠢᠭᠠᠳ ᠠᠮᠵᠢᠳᠠᠭ ᠨᠢ ᠶᠠᠮᠠᠷ ᠨᠢᠬᠡᠨ ᠵᠢᠮ᠎ᠠ ᠬᠠᠣᠯᠢ ᠲᠡᠶ ᠪᠠᠶ᠋‍ᠢᠬᠣ ᠰᠢᠭ ᠶᠣᠮ᠃

ᠲᠣᠯᠢ ᠰᠢᠶᠡᠨᠭ᠌ ᠡᠴᠡ ᠪᠢᠳᠠ ᠲᠣᠮᠳᠠ ᠵᠢᠡᠭ ᠲᠣᠰᠭᠣᠨ ᠳᠠᠭᠠᠨ ᠪᠣᠴᠠᠬᠣ ᠳᠤ ᠬᠦᠪᠥᠡᠭ ᠤᠨ ᠲᠠᠷᠢᠶ᠎ᠠ ᠠᠷᠠᠴᠢᠯᠠᠬᠣ ᠠᠵᠢᠯ ᠡᠬᠢᠯᠡᠬᠡᠥᠨ ᠪᠠᠶ᠋‍ᠢᠪᠠ᠃ ᠲᠠᠶ᠋‍ᠢᠮ᠎ᠠ ᠶᠢᠨ ᠬᠦᠪᠥᠡᠭ ᠤᠨ ᠲᠠᠷᠢᠶ᠎ᠠ ᠪᠠᠶ᠋‍ᠢᠬᠣ ᠪᠠ ᠶᠡᠬᠡ ᠡᠬᠡᠴᠢ ᠪᠠᠶᠠᠷ ᠤᠨ ᠬᠢᠨ ᠴᠤ ᠠᠷᠠᠴᠢᠯᠠᠵᠣ ᠲᠣᠳᠣᠮᠳᠠᠬᠣ ᠬᠦᠮᠥᠨ ᠬᠦᠷᠥᠯᠴᠡᠬᠥ ᠦᠭᠡᠶ ᠪᠣᠯᠭᠣᠷ ᠪᠢ ᠪᠠᠰᠠ ᠡᠨᠠ ᠠᠵᠢᠯ ᠳᠤ ᠣᠷᠣᠯᠴᠠᠬᠣ ᠬᠡᠷᠡᠭ᠍ᠳᠡᠢ ᠪᠣᠯᠪᠠ᠃ ᠡᠨᠠ ᠠᠶ᠋‍ᠢᠯ ᠤᠨ ᠬᠦᠪᠥᠡᠭ ᠤᠨ ᠲᠠᠷᠢᠶ᠎ᠠ ᠲᠠᠷᠠ ᠠᠶ᠋‍ᠢᠯ ᠤᠨ ᠬᠦᠪᠥᠡᠭ ᠤᠨ ᠲᠠᠷᠢᠶ᠎ᠠ ᠲᠡᠶ ᠵᠠᠬ᠎ᠠ ᠨᠡᠢᠢᠯᠡᠬᠡᠥᠨ ᠨᠢᠳᠣ ᠠᠯᠳᠠᠮ᠎ᠠ ᠦᠷᠬᠥᠯᠵᠢᠯᠡᠨ᠎ᠡ᠃ ᠨᠠᠮᠠᠢᠢ ᠠᠩ‍ᠬ᠍‍᠎ᠠ ᠡᠢᠷᠡᠬᠥ ᠦᠶᠡᠰ ᠨᠣᠪ ᠨᠣᠭᠣᠭᠠᠨ ᠯᠠ ᠬᠠᠷᠠᠭᠳᠠᠵᠣ ᠪᠠᠶ᠋‍ᠢᠭᠰᠠᠨ ᠲᠠᠷᠢᠶ᠎ᠠ ᠴᠢᠨᠢ ᠬᠠᠭᠠᠰ ᠰᠠᠷ᠎ᠠ ᠪᠣᠯᠣᠭ᠎ᠠ ᠦᠭᠡᠶ ᠪᠠᠷ ᠴᠠᠭᠠᠨ ᠬᠣᠠᠳᠠᠨ ᠴᠡᠴᠡᠭ ᠥᠩᠬᠡ ᠡᠢᠯᠭᠠᠷᠠᠭᠠᠳ ᠨᠢᠬᠡ ᠯᠠ ᠰᠦᠨᠢ ᠶᠢᠨ ᠬᠣᠭᠣᠷᠣᠠᠳᠣ ᠲᠡᠯᠬᠡᠷᠡᠭ᠍ᠰᠡᠨ ᠰᠢᠭ᠌ ᠭᠠᠶ᠋‍ᠢᠬᠠᠰᠢ ᠠᠯᠳᠠᠭᠣᠯᠬᠣ ᠶᠣᠮ᠃ ᠬᠠᠷ᠎ᠠ ᠪᠠᠭ᠎ᠠ ᠡᠴᠡ ᠪᠠᠨ ᠬᠦᠪᠥᠡᠭ ᠬᠣᠪᠴᠠᠰᠣ ᠡᠳᠯᠠᠵᠣ ᠦᠰᠥᠭᠰᠡᠨ ᠬᠣᠷᠴᠢᠨ ᠬᠦᠤ ᠪᠢ ᠬᠠᠷᠢᠨ ᠬᠦᠪᠥᠡᠭ ᠤᠨ ᠲᠠᠷᠢᠶ᠎ᠠ ᠶᠢ ᠶᠠᠭ ᠮᠡᠳᠡᠬᠥ ᠦᠬᠡᠢ ᠪᠠᠶ᠋‍ᠢᠯ᠎ᠠ᠃ ᠬᠣᠷᠴᠢᠨ ᠤ ᠲᠠᠷᠢᠶᠠᠯᠠᠬᠣ ᠭᠠᠵᠠᠷ ᠲᠤ ᠭᠣᠣᠯᠳᠠᠭᠣ ᠰᠢᠷ᠎ᠠ ᠪᠣᠷᠴᠠᠭ᠂ ᠲᠥᠮᠥᠰᠤ᠂ ᠡᠷᠳᠠᠨᠢ ᠰᠢᠰᠢ ᠲᠠᠷᠢᠨ᠎ᠠ᠃ ᠬᠡᠪᠡᠴᠦ ᠲᠣᠷᠭᠣᠳ ᠨᠣᠳᠣᠭ ᠲᠤ ᠡᠷᠳᠠᠨᠢ ᠰᠢᠰᠢ ᠶᠢᠨ ᠲᠠᠷᠢᠶ᠎ᠠ ᠬᠠᠶᠠ ᠬᠠᠶᠠ ᠬᠠᠷᠠᠭᠳᠠᠬᠣ ᠡᠴᠡ ᠪᠢᠰᠢ᠂ ᠰᠢᠷ᠎ᠠ ᠪᠣᠷᠴᠠᠭ ᠶᠠᠷᠣ ᠨᠢ ᠬᠠᠷᠠᠭᠳᠠᠬᠣ ᠦᠬᠡᠢ ᠪᠢᠯᠠ᠃ ᠬᠠᠮᠢᠭᠠᠰᠢ ᠪᠠᠨ ᠬᠠᠷᠠᠭᠰᠠᠨ ᠴᠤ ᠪᠦᠷ ᠬᠦᠪᠥᠡᠭ ᠤᠨ ᠲᠠᠷᠢᠶ᠎ᠠ᠃

ᠬᠦᠪᠥᠡᠭ ᠤᠨ ᠲᠠᠷᠢᠶ᠎ᠠ ᠶᠢ ᠮᠡᠳᠡᠬᠥ ᠦᠭᠡᠶ ᠶᠣᠮ ᠴᠢᠨᠢ ᠬᠦᠪᠥᠡᠭ ᠤᠨ ᠲᠠᠷᠢᠶ᠎ᠠ ᠠᠷᠠᠴᠢᠯᠠᠨ᠎ᠠ ᠬᠡᠭ᠍ᠴᠢ ᠪᠡᠷᠬᠡ ᠶᠠᠪᠣᠳᠠᠯ ᠪᠣᠯᠵᠠᠢ᠃ ᠲᠠᠷᠢᠶᠠᠨ ᠤ ᠡᠪᠠᠰᠣ ᠶᠢ ᠬᠦᠷᠵᠡ ᠪᠠᠷ ᠬᠠᠷᠣᠭᠠᠳ ᠪᠣᠯᠬᠣ ᠦᠭᠡᠶ ᠪᠣᠯ ᠭᠠᠷ ᠢᠶᠡᠷ ᠢᠶᠡᠨ ᠦᠭᠳᠡᠬᠡᠨ᠎ᠡ᠃ ᠪᠠᠰᠠ ᠲᠠᠷᠢᠶ᠎ᠠ ᠪᠠᠨ ᠣᠰᠣᠯᠠᠨ᠎ᠠ᠃

︽ᠬᠠᠯᠠᠭᠣᠨ ᠨᠠᠷᠠᠨ ᠳᠤ ᠲᠠᠷᠢᠶ᠎ᠠ ᠠᠷᠴᠢᠭᠣᠶ᠎ᠠ\\ ᠬᠠᠯᠠᠭᠣᠨ ᠬᠦᠯᠥᠰᠤ ᠴᠢᠪ ᠴᠢᠪ ᠲᠣᠰᠣᠯᠠᠮᠣᠢ\\ ᠬᠠᠯᠪᠠᠭ᠎ᠠ ᠲᠣᠳᠣᠷᠠᠬᠢ ᠨᠢᠬᠡ ᠮᠦᠬᠥᠯᠢᠭ᠌ ᠠᠮᠤ ᠶᠢᠨ\\ ᠬᠠᠯᠠᠰᠢᠷᠠᠯ ᠵᠤᠪᠡᠯᠡᠨᠭ᠌ ᠢ ᠬᠡᠨ ᠮᠡᠳᠡᠬᠥ ᠠᠵᠢ︾ ᠬᠡᠬᠥ ᠲᠡᠨᠭ᠌ ᠤᠨ ᠰᠢᠯᠥᠭ ᠨᠠᠳᠠ ᠳᠤ ᠦᠷᠬᠥᠯᠵᠢ ᠪᠣᠳᠣᠭᠳᠠᠭᠠᠳ ᠲᠣᠯᠠᠭᠠᠨ ᠲᠠᠭᠠᠳᠠᠢ ᠬᠦᠪᠥᠡᠭ ᠬᠣᠪᠴᠠᠰᠣᠨ ᠤ ᠴᠠᠭᠠᠨ᠎ᠠ ᠡᠴᠠᠵᠣ ᠲᠣᠷᠠᠳᠠᠯ᠎ᠠ ᠬᠦᠳᠡᠯᠮᠥᠷᠢᠯᠡᠵᠦ ᠪᠠᠶ᠋‍ᠢᠭ᠎ᠠ ᠲᠠᠷᠢᠶᠠᠴᠢᠳ ᠣᠨ ᠲᠥᠷᠢ ᠬᠠᠷᠠᠭᠳᠠᠭᠠᠳ ᠪᠠᠶ᠋‍ᠢᠭᠰᠠᠨ ᠶᠣᠮ ᠰᠢᠤ᠃ ᠲᠠᠷᠢᠶᠠᠨ ᠳᠤ ᠠᠵᠢᠯᠯᠠᠬᠣ ᠳᠤ ᠪᠠᠰᠠ ᠨᠢᠬᠡ ᠠᠶᠣᠮᠰᠢᠭᠳᠠᠢ ᠶᠠᠪᠣᠳᠠᠯ ᠪᠣᠯ ᠮᠣᠭᠠᠢ ᠵᠦᠩᠳᠡᠬᠡᠨ ᠲᠣᠬᠢᠶᠠᠯᠳᠣᠨ᠎ᠠ᠃ ᠮᠣᠭᠠᠢ ᠬᠡᠬᠥ ᠡᠴᠡ ᠪᠢ ᠦᠬᠥᠨ ᠠᠶᠣᠬᠣ ᠦᠭᠡᠶ ᠪᠣᠯᠪᠠᠴᠣ ᠦᠵᠡᠨ ᠵᠢᠭ᠍ᠰᠢᠳᠡᠭ᠃ ᠦᠨᠡᠨ ᠳᠡᠭᠡᠨ ᠮᠣᠭᠠᠢ ᠶᠢ ᠲᠠᠭᠠᠰᠢᠶᠠᠬᠣ ᠬᠦᠮᠥᠨ ᠪᠠᠭ᠎ᠠ ᠶᠣᠮ᠃ ᠲᠠᠷᠢᠶᠠᠨ ᠤ ᠬᠣᠷᠣᠬᠠᠢ ᠶᠢ ᠲᠡᠬᠥᠵᠦ ᠡᠢᠳᠠᠵᠣ ᠪᠠᠶ᠋‍ᠢᠭ᠎ᠠ ᠮᠡᠯᠠᠬᠡᠢ ᠶᠢ ᠠᠩᠨᠠᠬᠣ ᠢᠣᠷᠢᠯᠭ᠎ᠠ ᠪᠠᠷ ᠲᠠᠷᠢᠶᠠᠨ ᠳᠤ ᠬᠣᠷᠭᠣᠳᠠᠵᠣ ᠪᠠᠶ᠋‍ᠢᠨ᠎ᠠ ᠬᠡᠰᠡᠨ ᠢ ᠮᠡᠳᠡᠭ᠍ᠰᠡᠨ ᠪᠢᠳᠠ ᠮᠣᠭᠠᠢ ᠶᠢ ᠦᠵᠡᠭ᠍ᠰᠠᠬᠡᠷ ᠬᠣᠷᠣᠰᠴᠣ ᠲᠠᠷᠣᠢ ᠣᠰᠠᠳᠭᠠᠨ᠎ᠠ᠃ ᠨᠢᠬᠡ ᠣᠳᠠᠭ᠎ᠠ ᠪᠢᠳᠠ ᠮᠡᠯᠠᠬᠡᠢ ᠶᠢ ᠰᠣᠷᠣᠬᠣ ᠪᠠᠷ ᠪᠠᠵᠠᠭᠠᠵᠣ ᠪᠠᠶ᠋‍ᠢᠭᠰᠠᠨ ᠮᠣᠭᠠᠢ ᠶᠢ ᠣᠯᠵᠣ ᠬᠠᠷᠠᠭᠠᠳ ᠬᠦᠷᠵᠡ ᠪᠠᠨ ᠡᠷᠬᠥᠨ ᠣᠶ᠋‍ᠢᠷᠠᠳᠣᠨ ᠣᠴᠢᠪᠠ᠃ ᠦᠵᠡᠰᠨ᠂ ᠨᠢᠬᠥᠯ ᠤᠨ ᠬᠠᠷ᠎ᠠ ᠮᠣᠭᠠᠢ ᠬᠣᠣᠷᠳᠣ ᠬᠡᠯᠡ ᠪᠠᠨ ᠭᠣᠯᠪᠠᠯᠵᠠᠭᠣᠯᠣᠨ᠎ᠠ᠃ ᠡᠨᠠ ᠨᠢ ᠦᠲᠦ ᠬᠣᠷᠣᠬᠠᠢ ᠳᠤ ᠠᠩᠬᠠᠷᠣᠯ ᠶ᠋‍ᠢᠠᠨ ᠲᠠᠯᠪᠢᠵᠣ ᠪᠠᠶ᠋‍ᠢᠭᠰᠠᠨ ᠮᠡᠯᠠᠬᠡᠢ ᠶᠢᠨ ᠨᠢᠳᠣᠨ ᠳᠤ ᠦᠯᠤ ᠦᠷᠳᠥᠭᠳᠡᠬᠥ ᠠᠵᠢ᠃ ᠮᠡᠯᠠᠬᠡᠢ ᠶᠢᠨ ᠮᠢᠬᠠᠨ ᠳᠤ ᠲᠣᠷᠠᠯᠠᠭᠰᠠᠨ ᠮᠣᠭᠠᠢ ᠴᠤ ᠠᠶᠣᠮᠰᠢᠭᠳᠣ ᠬᠠᠷ᠎ᠠ ᠦᠬᠥᠯ ᠢ ᠦᠵᠡᠬᠥᠯᠬᠥ ᠪᠠᠷ ᠪᠠᠶ᠋‍ᠢᠭ᠎ᠠ ᠬᠦᠮᠥᠨ ᠳᠤ ᠠᠵᠢᠭ ᠠᠪᠣᠭᠰᠠᠨ ᠦᠭᠡᠶ ᠪᠠᠶ᠋‍ᠢᠯ᠎ᠠ᠃ ᠬᠦᠮᠥᠨ ᠨᠢ ᠮᠣᠭᠠᠢ ᠶᠢ᠂ ᠮᠣᠭᠠᠢ ᠨᠢ ᠮᠡᠯᠠᠬᠡᠢ ᠶᠢ᠂ ᠮᠡᠯᠠᠬᠡᠢ ᠨᠢ ᠬᠣᠷᠣᠬᠠᠢ ᠶᠢ᠃ ᠦᠵᠡᠬᠥ ᠳᠤ ᠨᠠᠮ ᠵᠢᠮ ᠲᠡᠷᠢᠶᠡᠯᠡᠨᠭ᠌ ᠤᠨ ᠲᠠᠯᠠᠪᠠᠢ ᠳᠣ ᠦᠨᠡᠨ ᠳᠡᠭᠡᠨ ᠨᠠᠷᠠᠳᠣ ᠶᠢᠨ ᠰᠢᠷᠥᠬᠥᠨ ᠬᠠᠳᠠᠭᠣᠬᠠᠨ ᠠᠮᠢᠳᠣᠷᠠᠯ ᠤᠨ ᠲᠥᠯᠣᠬᠡᠨ ᠤ ᠲᠠᠮᠠᠴᠠᠯ ᠲᠠᠷᠠ ᠶᠣᠰᠣᠭᠠᠷ ᠶᠠᠪᠣᠭᠳᠠᠵᠣ ᠪᠠᠶ᠋‍ᠢᠵᠠᠢ᠃ ᠨᠢᠬᠥᠯ ᠤᠨ ᠬᠣᠣᠷᠳᠣ ᠮᠣᠭᠠᠢ ᠮᠡᠯᠠᠬᠡᠢ ᠶᠢ ᠰᠣᠷᠣᠳᠠᠯ᠎ᠠ ᠪᠠᠶᠠᠷ ᠡᠬᠡᠴᠢ ᠶᠢᠨ ᠬᠦᠷᠵᠡ ᠲᠣᠯᠣᠭᠠᠢ ᠶᠢ ᠨᠢ ᠣᠨᠣᠭᠠᠨ ᠲᠣᠰᠣᠭᠠᠳ ᠠᠮᠵᠢᠴᠢᠭᠠᠯ᠎ᠠ᠁

ᠪᠢᠳᠠ ᠬᠦᠪᠥᠡᠭ ᠤᠨ ᠲᠠᠷᠢᠶ᠎ᠠ ᠠᠷᠠᠴᠢᠯᠠᠬᠣ ᠡᠴᠡ ᠭᠠᠳᠠᠨ᠎ᠠ ᠬᠠᠳᠥᠯᠡᠨᠭ᠌ ᠣᠨᠠᠭᠠᠯ᠎ᠠ᠃ ᠮᠠᠨ ᠤ ᠨᠣᠳᠣᠭ ᠤᠨ ᠬᠠᠳᠥᠯᠡᠨᠭ᠌ ᠪᠣᠯ ᠬᠢᠶᠠᠭ ᠡᠪᠠᠰᠣ᠂ ᠬᠢᠯᠭᠠᠨ᠎ᠠ᠂ ᠡᠯ᠎ᠠ ᠵᠦᠢᠯ ᠤᠨ ᠡᠪᠠᠰᠣᠨ ᠡᠮ ᠢᠶᠡᠷ ᠭᠣᠣᠯᠯᠠᠭᠰᠠᠨ ᠨᠠᠷᠢᠯᠢᠭ ᠪᠡᠯᠴᠢᠬᠡᠷ ᠲᠡᠶ ᠭᠠᠵᠠᠷ ᠶᠣᠮ᠃ ᠬᠡᠳᠡᠯ᠎ᠡ ᠲᠣᠷᠭᠣᠳ ᠨᠣᠳᠣᠭ ᠤᠨ ᠬᠠᠳᠥᠯᠡᠨᠭ᠌ ᠪᠣᠯ ᠬᠦᠮᠥᠨ ᠬᠢᠷᠢᠳᠠᠢ ᠣᠷᠭᠣᠭᠰᠠᠨ ᠡᠢᠭᠴᠣ ᠰᠠᠬᠣᠯᠢᠭ ᠶᠠᠪᠠ ᠬᠣᠯᠣᠰᠣ᠃ ᠬᠠᠳᠣᠭᠰᠠᠨ ᠬᠣᠯᠣᠰᠣ ᠪᠠᠨ ᠪᠣᠭᠣᠵᠢᠯᠠᠭᠠᠳ ᠬᠠᠰᠢᠶ᠎ᠠ ᠰᠠᠷᠠᠪᠴᠢᠨ ᠳᠠᠭᠠᠨ ᠵᠦᠬᠡᠬᠡᠵᠦ ᠣᠷᠣᠭᠣᠯᠣᠨ᠎ᠠ᠃ ᠡᠪᠣᠯ ᠤᠨ ᠮᠠᠯ ᠡᠪᠡᠰᠥᠯᠠᠬᠥ ᠬᠢᠷᠢ᠂ ᠪᠣᠭᠣᠵᠢᠳᠠᠢ ᠡᠪᠠᠰᠣ ᠪᠠᠨ ᠲᠠᠬᠢᠨ ᠮᠠᠰᠢᠨ ᠢᠶᠡᠷ ᠬᠡᠷᠴᠢᠵᠦ ᠪᠣᠷᠳᠣᠭ᠎ᠠ ᠲᠡᠵᠢᠬᠡᠯ ᠪᠣᠯᠭᠠᠳᠠᠭ ᠠᠵᠢ᠃


ᠠᠭᠣᠯᠠᠨ ᠳᠤ ᠭᠠᠷᠣᠭᠰᠠᠨ


ᠲᠣᠷᠭᠣᠳ ᠨᠣᠳᠣᠭ ᠤᠨ ᠵᠤᠰᠡᠯᠡᠨᠭ᠌ ᠨᠢ ᠠᠭᠣᠯᠠᠨ ᠳᠤ ᠪᠠᠶ᠋‍ᠢᠳᠠᠭ᠃ ᠲᠡᠬᠡᠬᠥᠯᠡᠷ ᠮᠠᠨ ᠤ ᠬᠢᠨ ᠤ ᠵᠤᠰᠡᠯᠡᠨᠭ᠌ ᠳᠤ ᠭᠠᠷᠣᠨ᠎ᠠ ᠬᠡᠳᠡᠭ ᠢ ᠲᠠᠳᠠ ᠠᠭᠣᠯᠠᠨ ᠳᠤ ᠭᠠᠷᠣᠨ᠎ᠠ ᠬᠡᠨ᠎ᠡ᠃ ᠰᠠᠷ᠎ᠠ ᠡᠢᠯᠡᠬᠥᠤ ᠬᠦᠳᠡᠯᠮᠥᠷᠢᠯᠡᠭ᠍ᠰᠡᠨ ᠡᠳᠣᠷ ᠤᠳ ᠲᠤ ᠲᠡᠷᠢᠶᠡᠯᠡᠨᠭ᠌ ᠤᠨ ᠭᠠᠵᠠᠷ᠂ ᠡᠰᠠᠬᠥᠯ᠎ᠡ ᠬᠠᠳᠥᠯᠡᠨᠭ᠌ ᠤᠨ ᠲᠠᠯᠠᠪᠠᠢ ᠳᠤ ᠪᠠᠶ᠋‍ᠢᠬᠣ ᠳᠠᠭᠠᠨ ︽ᠠᠭᠣᠯᠠᠨ ᠡᠴᠡ ᠬᠦᠮᠥᠨ ᠡᠢᠷᠠᠵᠠᠢ︾᠂ ︽ᠠᠭᠣᠯᠠᠨ ᠳᠤ ᠭᠠᠷᠴᠠᠢ︾ ᠬᠡᠬᠥ ᠦᠬᠡ ᠦᠷᠬᠥᠯᠵᠢ ᠰᠣᠨᠣᠰᠳᠠᠵᠣ᠂ ᠠᠯᠣᠰ ᠤᠨ ᠠᠯᠣᠰ ᠣᠨᠢᠶᠠᠷᠳᠣᠨ ᠬᠠᠷᠠᠭᠳᠠᠬᠣ ᠲᠡᠭ᠍ᠷᠢ ᠠᠭᠣᠯᠠ ᠶᠢ ᠦᠪᠡᠷ ᠤᠨ ᠡᠷᠬᠡ ᠦᠭᠡᠶ ᠪᠠᠷᠠᠯᠠᠳᠠᠭ᠃ ᠰᠢᠳᠠᠮ᠎ᠠ ᠨᠠᠷᠠᠨ ᠢ ᠡᠬᠥᠷᠥᠭᠰᠡᠨ ᠰᠠᠭᠣᠭᠠᠯᠢ ᠠᠶ᠋‍ᠢᠯ ᠡᠴᠡ ᠬᠣᠯᠠ ᠶᠢ ᠰᠢᠷᠳᠡᠬᠥ ᠳᠤ ᠵᠤᠨ ᠤ ᠲᠡᠭ᠍ᠷᠢ ᠶᠢ ᠰᠠᠭᠠᠭᠰᠠᠨ ᠢᠥᠰᠡᠯᠡᠨᠭ᠌ ᠤᠨ ᠠᠭᠣᠯᠠ ᠪᠣᠭᠣᠷᠣᠯ ᠲᠣᠮᠣᠭ ᠰᠢᠭ ᠨᠢᠭᠣᠴᠠᠭᠠᠢ ᠬᠠᠷᠠᠭᠳᠠᠨ᠎ᠠ᠃

ᠲᠡᠷᠳᠡᠬᠡᠬᠢ ᠲᠡᠭ᠍ᠷᠢ ᠶᠢᠨ ᠬᠠᠶᠠᠭᠠᠨ ᠳᠤ ᠵᠤᠰᠡᠯᠡᠨᠭ᠌ ᠤᠨ ᠠᠭᠣᠯᠠ ᠵᠠᠩᠭ᠋ᠠᠷᠴᠢ ᠡᠪᠥᠬᠡᠨ ᠰᠢᠭ᠌ ᠲᠣᠢᠩᠬᠦᠢᠨ᠎ᠡ᠃

ᠲᠡᠷᠬᠡᠳᠡᠬᠢ ᠡᠯᠠᠰᠣᠨ ᠵᠠᠮ ᠳᠤ ᠵᠤᠰᠡᠯᠡᠨᠭ᠌ ᠢ ᠵᠤᠷᠢᠭᠰᠠᠨ ᠵᠢᠵᠢᠭ᠌ ᠮᠠᠰᠢᠨ ᠠᠭᠰᠣᠮ ᠬᠦᠯᠥᠭ ᠰᠢᠭ᠌ ᠵᠢᠷᠢᠯᠵᠠᠨ᠎ᠠ᠃

ᠬᠦᠪᠥᠡᠭ ᠤᠨ ᠲᠠᠷᠢᠶ᠎ᠠ ᠶᠢ ᠠᠷᠠᠴᠢᠯᠠᠵᠣ ᠪᠠᠷᠠᠭᠰᠠᠨ ᠤ ᠲᠠᠷᠠᠭ᠎ᠠ ᠲᠠᠶ᠋‍ᠢᠮ᠎ᠠ ᠪᠢᠳᠠ ᠬᠣᠶᠠᠭᠣᠯᠠ ᠪᠠᠶᠠᠷ ᠡᠬᠡᠴᠢ ᠶᠢᠨ ᠪᠦᠬᠥ ᠬᠡᠷ ᠢ ᠲᠠᠭᠠᠵᠣ ᠵᠢᠵᠢᠭ᠌ ᠮᠠᠰᠢᠨ ᠢᠶᠡᠷ ᠠᠭᠣᠯᠠᠨ ᠳᠤ ᠭᠠᠷᠬᠣ ᠪᠠᠷ ᠪᠣᠯᠪᠠ᠃ ᠵᠤᠷᠢᠭᠰᠠᠨ ᠭᠠᠵᠠᠷ ᠬᠣᠯᠠ᠂ ᠵᠤᠷᠠᠶ᠋‍ᠢᠭᠰᠠᠨ ᠵᠠᠮ ᠴᠤ ᠪᠠᠷᠳᠠᠭ᠎ᠠ ᠲᠡᠶ ᠲᠣᠯᠠ ᠪᠢᠳᠠ ᠦᠥᠷ ᠴᠠᠶ᠋‍ᠢᠬᠣ ᠡᠴᠡ ᠡᠮᠣᠨ᠎ᠠ ᠬᠦᠳᠡᠯᠵᠡᠢ᠃ ᠮᠠᠰᠢᠨ ᠲᠣᠯᠢ ᠰᠢᠶᠡᠨᠭ᠌ ᠡᠴᠡ ᠡᠮᠣᠨᠠᠰᠢ ᠡᠯᠠᠰᠣᠨ ᠲᠣᠮᠳᠠᠭᠣᠷ ᠣᠷᠣᠭᠰᠢᠯᠠᠨ᠎ᠠ᠃

ᠮᠠᠰᠢᠨ ᠲᠡᠷᠬᠡ ᠡᠯᠠᠰᠣᠨ ᠵᠠᠮ ᠢᠶᠡᠷ ᠴᠠᠭ ᠬᠢᠷᠢᠳᠠᠢ ᠲᠠᠪᠬᠢᠭᠰᠠᠨ ᠢᠶᠡᠨ ᠦᠨᠳᠥᠷ ᠠᠭᠣᠯᠠ ᠶᠢᠨ ᠬᠠᠪᠴᠢᠯ ᠢᠶᠡᠷ ᠣᠷᠣᠵᠣ ᠣᠴᠢᠪᠠ᠃ ᠦᠨᠳᠥᠷ ᠦᠨᠳᠥᠷ᠂ ᠬᠠᠷ᠎ᠠ ᠬᠠᠷ᠎ᠠ ᠠᠭᠣᠯᠠᠰ ᠠᠪᠣᠷᠭᠣ ᠲᠣᠮᠣ ᠮᠡᠨᠭ᠌ ᠮᠣᠭᠠᠢ ᠮᠠᠳᠣ ᠬᠦᠯᠪᠡᠯᠵᠡᠨ᠎ᠡ᠃ ᠠᠭᠣᠯᠠᠨ ᠵᠠᠮ ᠲ᠋ᠣᠶ᠋‍ᠢᠯ ᠤᠨ ᠡᠢᠪᠴᠣᠤ᠃ ᠮᠠᠰᠢᠨ ᠲᠡᠷᠬᠡ ᠬᠠᠳᠠᠨ ᠳᠤ ᠬᠠᠪᠴᠢᠭᠳᠠᠭᠰᠠᠨ ᠬᠠᠷ᠎ᠠ ᠡᠢᠮᠠᠭ᠎ᠠ ᠰᠢᠣᠬᠠᠨ ᠲᠠᠩᠬᠡᠬᠡ ᠮᠠᠭᠣᠳᠠᠶ᠋‍ᠢᠬᠠᠨ ᠦᠭᠰᠥᠨ᠃ ᠨᠠᠶ᠋‍ᠢᠵᠠ ᠶᠢᠨ ᠬᠡᠯᠡᠬᠥ ᠪᠠᠷ ᠰᠣᠶᠣᠯ ᠤᠨ ᠬᠣᠪᠢᠰᠬᠠᠯ ᠤᠨ ᠲᠥᠷᠪᠡᠬᠡᠨ ᠡᠴᠡ ᠵᠠᠶ᠋‍ᠢᠯᠠᠰᠬᠢᠭᠰᠠᠨ ᠨᠣᠳᠣᠭ ᠤᠨ ᠬᠦᠮᠥᠰ ᠬᠠᠮᠣᠭ ᠠᠩᠬᠠᠨ ᠤ ᠪᠠᠷᠳᠠᠭ᠎ᠠ ᠬᠠᠶ᠋‍ᠢᠭᠴᠢ ᠶᠢᠨ ᠬᠣᠪᠢ ᠪᠠᠷ ᠲᠡᠮᠠᠬᠡ ᠬᠦᠰᠬᠡ ᠪᠠᠷ ᠬᠡᠷ ᠣᠷᠣᠨ ᠢᠶᠡᠨ ᠠᠴᠢᠵᠣ᠂ ᠡᠨᠠ ᠵᠠᠮ ᠢ ᠨᠡᠬᠡᠬᠡᠨ ᠬᠣᠯᠠᠬᠢ ᠠᠭᠣᠯᠠᠨ ᠳᠣ ᠣᠷᠭᠣᠵᠣ ᠠᠵᠣ ᠲᠥᠷᠥᠨ ᠠᠮᠣᠷ ᠰᠠᠶ᠋‍ᠢᠬᠠᠨ ᠠᠮᠢᠳᠣᠷᠠᠭᠰᠠᠨ ᠬᠡᠨ᠎ᠡ᠃ ᠡᠬᠢᠨ ᠳᠡᠭᠡᠨ ᠡᠨᠠ ᠬᠠᠭᠠᠯᠭ᠎ᠠ ᠵᠦᠪᠬᠡᠨ ᠲᠡᠮᠠᠬᠡ ᠲᠡᠶ ᠬᠦᠮᠥᠨ ᠶᠠᠪᠣᠬᠣ ᠴᠣᠪᠣᠭ᠎ᠠ ᠵᠠᠮ ᠪᠠᠶ᠋‍ᠢᠯ᠎ᠠ ᠬᠡᠰᠡᠨ ᠨᠢ ᠣᠪᠣᠭ᠎ᠠ ᠯᠠ ᠣᠷᠣ ᠲᠡᠶ ᠰᠠᠨᠠᠭᠳᠠᠨ᠎ᠠ᠃ ᠲᠡᠬᠥᠨ ᠡᠴᠡ ᠬᠣᠶ᠋‍ᠢᠰᠢ ᠬᠦᠮᠥᠨ ᠠᠮᠢᠳᠠᠨ ᠴᠣᠪᠣᠨ ᠶᠠᠪᠣᠵᠣ ᠴᠣᠭᠯᠠᠷᠠᠨ ᠵᠠᠮᠨᠠᠭᠰᠠᠭᠠᠷ ᠣᠳᠣᠬᠠᠨ ᠤ ᠮᠠᠰᠢᠨ ᠢᠶᠡᠷ ᠶᠠᠪᠣᠵᠣ ᠪᠣᠯᠬᠣ ᠬᠢᠷᠢ ᠶᠢᠨ ᠵᠠᠮ ᠪᠣᠯᠵᠣ ᠦᠷᠬᠡᠳᠥᠭᠰᠡᠨ ᠪᠠᠶ᠋‍ᠢᠨ᠎ᠠ᠃ ᠡᠬᠥᠨ ᠢ ᠪᠣᠳᠣᠬᠣ ᠳᠤ ᠪᠠᠷᠳᠠᠭ᠎ᠠ ᠶᠡᠬᠡᠳᠡᠢ ᠡᠨᠠ ᠨᠣᠳᠣᠭ ᠲᠤ ᠦᠪᠡᠷ ᠤᠨ ᠡᠷᠬᠡ ᠦᠭᠡᠶ ᠰᠦᠵᠢᠭ᠌ ᠲᠥᠷᠣᠵᠦ ᠰᠥᠰᠥᠭ ᠣᠷᠭᠣᠬᠣ ᠶᠣᠮ᠃

ᠠᠭᠣᠯᠠᠨ ᠬᠠᠪᠴᠢᠯ ᠤᠨ ᠵᠠᠮ ᠦᠷᠬᠥᠯᠵᠢᠯᠡᠭ᠍ᠰᠠᠬᠡᠷ᠂ ᠠᠶᠠᠨ ᠤ ᠵᠢᠵᠢᠭ᠌ ᠮᠠᠰᠢᠨ ᠰᠦᠢᠢᠯᠡᠬᠢᠯᠡᠭ᠍ᠰᠠᠬᠡᠷ᠃

ᠠᠭᠣᠯᠠᠨ ᠬᠠᠪᠴᠢᠯ ᠢᠶᠡᠷ ᠮᠠᠰᠢᠨ ᠬᠠᠭᠠᠰ ᠴᠠᠭ ᠶᠠᠪᠣᠭᠠᠳ ᠪᠠᠬᠠᠨ ᠠᠭᠣᠯᠠ ᠦᠭᠰᠥᠭᠰᠡᠨ ᠢᠶᠡᠨ ᠠᠭᠣᠯᠠᠨ ᠣᠷᠣᠢ ᠶ᠋‍ᠢᠨ ᠰᠣᠨᠣᠯᠵᠠᠭᠰᠠᠨ ᠵᠠᠮ ᠢᠶᠡᠷ ᠲᠠᠪᠬᠢᠪᠠ᠃ ᠡᠨᠠ ᠣᠢᠶ᠎ᠡ ᠦᠨᠡᠬᠡᠷ ᠬᠣᠶ᠋‍ᠢᠬ᠎ᠠ ᠶᠢᠨ ᠦᠰᠤ ᠠᠭᠵᠠᠰᠬᠢᠵᠣ ᠬᠣᠪᠳᠣᠯ ᠵᠢᠷᠥᠬᠡ ᠪᠣᠯᠳᠣ ᠦᠰᠥᠷᠥᠮᠡᠷ ᠰᠠᠨᠠᠭᠳᠠᠬᠣ ᠠᠵᠢ᠃ ᠮᠠᠰᠢᠨ ᠤ ᠴᠣᠩᠬᠤ ᠪᠠᠷ ᠭᠠᠳᠠᠭᠰᠢ ᠬᠠᠷᠠᠪᠠᠯ ᠲᠥᠮᠡᠨ ᠵᠠᠡᠭ ᠤᠨ ᠬᠠᠯᠢᠯ ᠡᠷᠬᠢ᠂ ᠬᠠᠷ᠎ᠠ ᠭᠠᠩ‍ᠭ᠌‍᠎ᠠ᠃ ᠮᠠᠰᠢᠨ ᠠᠭᠣᠯᠠᠨ ᠵᠠᠮ ᠡᠴᠡ ᠪᠠᠭᠣᠵᠣ ᠨᠠᠯᠢᠶᠠᠳ ᠲᠠᠯᠪᠢᠭᠣ ᠰᠢᠭ ᠵᠢᠯᠠᠭ᠎ᠠ ᠳᠤ ᠣᠷᠣᠬᠣ ᠳᠤ ᠠᠯᠣᠰ ᠲᠤ ᠵᠤᠰᠡᠯᠡᠨᠭ᠌ ᠤᠨ ᠪᠡᠶ᠋‍ᠢᠰᠢᠡᠭ ᠨᠢᠬᠡ ᠬᠣᠶᠠᠷ ᠢᠶᠡᠷ ᠰᠥᠮᠡᠯᠵᠡᠨ ᠬᠠᠷᠠᠭᠳᠠᠬᠣ ᠪᠠ ᠵᠠᠮ ᠤᠨ ᠭᠣᠳᠣᠰ ᠲᠤ ᠮᠣᠷᠢ ᠲᠡᠮᠠᠬᠡ ᠣᠨᠣᠭᠰᠠᠨ ᠬᠡᠣᠬᠡᠥᠨ ᠪᠠᠭᠠᠴᠣᠳ ᠮᠠᠯ ᠪᠠᠷᠠᠳᠠᠵᠣ ᠶᠠᠪᠣᠬᠣ ᠨᠢ ᠬᠠᠶᠠ ᠲᠣᠬᠢᠶᠠᠯᠳᠣᠭᠠᠳ ᠰᠠᠳᠬᠢᠯ ᠳᠤ ᠲᠠᠪᠠᠳᠠᠢ᠃ ᠵᠢᠯᠠᠭ᠎ᠠ ᠶᠢᠨ ᠪᠠᠷᠠᠭᠣᠨ ᠰᠣᠭᠣ ᠪᠠᠷ ᠲᠡᠯᠬᠡᠭ᠍ᠰᠡᠨ ᠬᠠᠳᠠᠭ ᠰᠢᠭ ᠭᠣᠣᠯ ᠤᠨ ᠣᠰᠣ ᠴᠠᠶ᠋‍ᠢᠯᠵᠠᠭᠠᠳ ᠬᠣᠯᠠ ᠡᠴᠡ ᠣᠴᠢᠭᠰᠠᠨ ᠬᠦᠮᠥᠰ ᠲᠤ ᠡᠨᠠ ᠨᠣᠳᠣᠭ ᠤᠨ ᠪᠠᠶ᠋‍ᠢᠭᠠᠯᠢ ᠲᠡᠯᠠᠬᠡᠢ ᠠᠷᠭ᠎ᠠ ᠦᠭᠡᠶ ᠨᠠᠶ᠋‍ᠢᠷᠰᠠᠭ ᠬᠠᠯᠠᠭᠣᠨ ᠰᠠᠨᠠᠭᠳᠠᠨ᠎ᠠ᠃ ᠣᠶ᠋‍ᠢᠷᠠᠳᠣᠨ ᠣᠴᠢᠭᠠᠳ ᠡᠨᠠ ᠭᠣᠣᠯ ᠪᠣᠯ ᠰᠢᠨᠵᠢᠶᠡᠨᠭ᠌ ᠤᠨ ᠮᠣᠩᠭ᠋ᠣᠯ ᠡᠢᠷᠠᠭᠣ ᠨᠠᠶ᠋‍ᠢᠷᠠᠭᠴᠢᠳ ᠣᠨ ᠣᠶᠣᠨ ᠪᠢᠯᠢᠭ᠌ ᠤᠨ ᠰᠢᠳᠢ ᠪᠠᠷ ᠣᠠᠳᠣᠷᠴᠣ᠂ ᠣᠷᠠᠨ ᠪᠢᠷ ᠤᠨ ᠮᠢᠷᠠᠯᠵᠠᠭᠠᠨ ᠢᠶᠡᠷ ᠣᠷᠣᠰᠴᠣ᠂ ᠣᠩᠰᠢᠭᠴᠢᠳ ᠲᠥᠮᠡᠨ ᠤ ᠰᠠᠳᠬᠢᠯ ᠳᠣ ᠪᠠᠭᠣᠭᠰᠠᠨ ᠵᠢᠡᠭ ᠤᠨ ᠭᠣᠣᠯ ᠪᠣᠯᠣᠨ᠎ᠠ ᠬᠡᠰᠡᠨ ᠢ ᠬᠠᠮᠳᠣ ᠶᠠᠪᠣᠭᠰᠠᠳ ᠡᠴᠡ ᠮᠠᠳᠠᠵᠠᠢ᠃ ᠵᠢᠡᠭ ᠤᠨ ᠭᠣᠣᠯ ᠱᠣᠣᠬᠢᠨ ᠣᠷᠣᠰᠣᠨ᠎ᠠ᠃

ᠪᠢᠳᠠᠨ ᠤ ᠰᠠᠭᠣᠭᠰᠠᠨ ᠮᠠᠰᠢᠨ ᠵᠢᠡᠭ ᠤᠨ ᠭᠣᠣᠯ ᠤᠨ ᠬᠦᠪᠡᠬᠡ ᠪᠠᠷ ᠪᠠᠬᠠᠨ ᠲᠠᠪᠬᠢᠭᠰᠠᠨ ᠢᠶᠡᠨ ᠴᠢᠭ᠍ᠯᠠᠯ ᠢᠶᠡᠨ ᠦᠬᠡᠷᠡᠴᠢᠯᠡᠵᠦ ᠪᠣᠮᠪᠣᠭᠣᠷ ᠰᠢᠷᠣᠢ ᠶᠢᠨ ᠠᠭᠣᠯᠠ ᠶᠢ ᠴᠢᠭ᠍ᠯᠠᠨ ᠣᠣᠠᠪᠠ᠃ ᠨᠣᠳᠣᠭ ᠤᠨ ᠬᠦᠮᠥᠰ ᠤᠨ ᠬᠡᠯᠡᠬᠥ ᠪᠠᠷ ᠬᠠᠶ᠋‍ᠢᠰᠣᠨ ᠲᠠᠪᠠᠭ᠎ᠠ ᠬᠡᠨ᠎ᠡ᠃ ᠬᠦᠮᠥᠷᠢᠭ᠍ᠰᠡᠨ ᠲᠣᠭᠣᠭ᠎ᠠ ᠰᠢᠭ ᠡᠨᠠ ᠠᠭᠣᠯᠠᠨ ᠲᠡᠬᠡᠷ᠎ᠡ ᠮᠠᠰᠢᠨ ᠵᠤᠭᠰᠣᠵᠣ ᠬᠦᠮᠥᠰ ᠪᠠᠭᠣᠵᠠᠭᠠᠨ ᠠᠷᠢᠬᠢ ᠬᠡᠮᠨᠡᠨ ᠠᠭᠣᠯᠠ ᠣᠰᠣᠨ ᠤ ᠨᠠᠪᠳᠠᠭ ᠰᠠᠪᠳᠠᠭ ᠲᠤ ᠰᠠᠷᠵᠢᠮ ᠡᠷᠬᠥᠨ᠎ᠡ᠃ ᠬᠡᠳᠥᠨ ᠴᠠᠭ ᠠᠶᠠᠯᠠᠭᠰᠠᠨ ᠮᠠᠨᠣᠰ ᠡᠠᠳᠠ ᠠᠮᠣᠰᠬᠢᠵᠣ᠂ ᠲᠠᠮᠠᠬᠢᠯᠠᠬᠣ ᠨᠢ ᠲᠠᠮᠠᠬᠢᠯᠠᠭᠠᠳ ᠴᠠᠭᠠᠰᠢ ᠠᠶᠠᠨ ᠢᠶᠡᠨ ᠬᠦᠬᠡᠬᠡᠯ᠎ᠡ᠃ ᠵᠠᠮ ᠲᠠᠭᠠᠤ ᠮᠣᠷᠢ ᠣᠨᠣᠭ᠎ᠠ ᠲᠡᠶ ᠨᠣᠳᠣᠭ ᠤᠨ ᠬᠦᠮᠥᠰ ᠵᠦᠩᠳᠡᠬᠡᠨ ᠲᠣᠬᠢᠶᠠᠯᠳᠣᠨ᠎ᠠ᠃ ᠲᠠᠨᠢᠯ ᠲᠠᠰᠣᠯ ᠬᠦᠮᠥᠰ ᠵᠤᠯᠭᠠᠯᠴᠠᠨ ᠵᠠᠮ ᠤᠨ ᠬᠠᠵᠠᠭᠣ ᠳᠤ ᠲᠠᠮᠠᠬᠢ ᠰᠣᠯᠢᠯᠴᠠᠨ ᠠᠷᠢᠬᠢ ᠪᠠᠷᠢᠯᠴᠠᠨ᠎ᠠ᠃ ᠨᠠᠮᠠᠢᠢ ᠪᠠᠭ᠎ᠠ ᠪᠠᠶ᠋‍ᠢᠬᠣ ᠳᠤ ᠮᠠᠨ ᠤ ᠨᠣᠳᠣᠭ ᠣᠨ ᠬᠢᠨ ᠴᠤ ᠬᠡᠬᠡᠷ᠎ᠡ ᠬᠦᠳᠡᠬᠡ ᠣᠴᠠᠷᠠᠪᠠᠯ ᠮᠠᠠᠳᠣ ᠣᠰᠣ ᠪᠠᠨ ᠠᠰᠭᠣᠯᠴᠠᠨ ᠬᠦᠬᠥᠷ ᠲᠠᠮᠠᠬᠢ ᠰᠣᠯᠢᠯᠴᠠᠨ ᠠᠷᠢᠬᠢ ᠬᠡᠮᠨᠡᠨ ᠪᠠᠷᠢᠳᠠᠭ ᠢᠠᠩᠰᠢᠯ ᠲᠡᠶ ᠪᠠᠶ᠋‍ᠢᠭᠰᠠᠨ᠃ ᠬᠡᠪᠡᠴᠦ ᠣᠳᠣ ︽ᠣᠨᠠᠭᠰᠠᠨ ᠮᠠᠯᠠᠭᠠᠢ ᠪᠠᠨ ᠠᠪᠬᠣ ᠵᠠᠪ ᠦᠭᠡᠶ᠂ ᠣᠴᠠᠷᠠᠭᠰᠠᠨ ᠬᠦᠮᠥᠨ ᠲᠡᠶ ᠶᠠᠷᠢᠯᠴᠠᠬᠣ ᠴᠢᠯᠦᠬᠡ ᠦᠭᠡᠶ︾ ᠰᠢᠣᠬᠠᠨ ᠨᠢᠬᠡ ᠨᠢᠬᠡᠨ ᠤ ᠪᠠᠨ ᠬᠠᠵᠠᠭᠣ ᠪᠠᠷ ᠱᠣᠣᠬᠢᠭᠣᠯᠵᠣ ᠣᠣᠠᠳᠠᠭ ᠪᠣᠯᠵᠠᠢ᠃ ᠮᠣᠩᠭ᠋ᠣᠯ ᠤᠨ ᠣᠯᠠᠮᠵᠢᠯᠠᠯᠳᠣ ᠶᠣᠰᠣ ᠨᠢᠬᠡᠨ ᠬᠡᠮᠵᠢᠶ᠎ᠡ ᠪᠠᠷ ᠪᠠᠯᠠᠷᠠᠨ ᠣᠰᠠᠳᠳᠠᠭ ᠨᠢ ᠶᠠᠭᠣᠳᠠᠢ ᠬᠠᠷᠠᠮᠰᠠᠯᠳᠠᠢ᠃

ᠪᠢᠳᠠ ᠦᠳᠡ ᠰᠢᠬᠠᠭᠠᠳ ᠵᠤᠰᠡᠯᠡᠨᠭ᠌ ᠤᠨ ᠠᠶ᠋‍ᠢᠯ ᠳᠤ ᠬᠦᠷᠴᠦ ᠡᠢᠷᠠᠯ᠎ᠠ᠃ ᠨᠠᠷᠠᠰᠣᠨ ᠮᠣᠳᠣ ᠪᠠᠷ ᠪᠠᠷᠢᠭᠰᠠᠨ ᠲᠥᠷᠪᠡ ᠲᠠᠪᠣᠨ ᠪᠡᠶ᠋‍ᠢᠰᠢᠡᠭ ᠲᠦᠪᠯᠡᠷᠠᠵᠦ ᠰᠠᠭᠣᠭᠰᠠᠨ ᠪᠠᠶ᠋‍ᠢᠵᠠᠢ᠃ ᠭᠠᠳᠠᠨ᠎ᠠ ᠨᠢ ᠪᠦᠲᠦᠬᠥᠨ ᠪᠦᠲᠦᠬᠥᠨ ᠬᠠᠯᠳᠠᠷ ᠨᠣᠬᠠᠳ ᠬᠠᠷᠠᠭᠳᠠᠬᠣ ᠨᠢ ᠠᠶ᠋‍ᠢᠳᠠᠰ ᠲ᠋ᠠᠢ᠃ ᠰᠠᠭᠣᠭᠠᠯᠢ ᠠᠶ᠋‍ᠢᠯ ᠡᠴᠡ ᠡᠢᠷᠡᠭ᠍ᠰᠡᠨ ᠬᠦᠮᠥᠨ ᠣᠯᠠᠨ ᠤ ᠲᠡᠬᠡᠷ᠎ᠡ ᠡᠢᠳᠠᠰᠢᠨ ᠨᠣᠭᠣᠭᠠᠨ ᠤ ᠬᠣᠳᠠᠯᠳᠣᠭᠠᠴᠢᠨ ᠬᠡᠳᠡᠯ᠎ᠡ ᠠᠷᠠᠰᠣ ᠰᠢᠷᠢ ᠶᠢᠨ ᠫᠠᠠᠽᠠᠴᠢᠨ ᠬᠡᠥᠨ ᠬᠡᠷ ᠲᠦᠬᠥᠷᠡᠨᠭ᠌᠃ ᠬᠡᠷ ᠲᠤ ᠴᠠᠢ ᠶᠢᠨ ᠰᠢᠷᠡᠬᠡ ᠦᠷᠥᠭᠳᠡᠵᠦ ᠨᠠᠷᠬᠢᠶᠠᠨ ᠱᠣᠣᠬᠢᠶᠠᠨ ᠪᠦᠷ ᠴᠤ ᠶᠡᠬᠡ᠃ ᠪᠢ ᠲᠠᠶ᠋‍ᠢᠮ᠎ᠠ ᠲᠡᠶ ᠬᠣᠶᠠᠭᠣᠯᠠ ᠬᠡᠳᠥᠨ ᠠᠶᠠᠭ᠎ᠠ ᠴᠠᠢ ᠬᠦᠵᠡᠬᠡᠯᠡᠵᠦ ᠨᠡᠨᠭ᠌ ᠪᠣᠣᠪᠣ ᠵᠤᠭᠣᠭᠯᠠᠭᠠᠳ ᠠᠶᠠᠨ ᠤ ᠠᠯᠵᠢᠶᠠᠯ ᠢᠶᠡᠨ ᠪᠠᠬᠠᠨ ᠭᠠᠷᠭᠠᠯ᠎ᠠ᠃ ᠣᠳᠠᠭᠰᠠᠨ ᠦᠭᠡᠶ ᠰᠠᠩᠰᠠᠨ ᠪᠣᠷᠣᠭ᠎ᠠ ᠰᠢᠪᠡᠷᠡᠬᠡᠥᠨ ᠥᠩᠬᠡᠷᠡᠪᠡ᠃

ᠬᠣᠷ᠎ᠠ ᠶᠢᠨ ᠣᠬᠢᠶᠠᠯ ᠢ ᠬᠦᠷᠳᠡᠭ᠍ᠰᠡᠨ ᠲᠣᠷᠭᠣᠳ ᠨᠣᠳᠣᠭ ᠤᠨ ᠦᠵᠡᠮᠵᠢ ᠬᠣᠪᠢ ᠶᠢᠨ ᠭᠠᠳᠠᠨ᠎ᠠ ᠭᠣᠶᠣ ᠦᠵᠡᠰᠬᠥᠯᠡᠨᠭ᠌᠃ ᠦᠨᠳᠥᠷ ᠠᠭᠣᠯᠠ ᠰᠡᠬᠦᠢᠨ ᠰᠥᠨᠳᠡᠷᠯᠡᠬᠡᠥᠨ ᠴᠠᠰᠣ ᠮᠥᠰᠥᠨ ᠳᠤ ᠬᠣᠴᠢᠭᠳᠠᠭᠰᠠᠨ ᠮᠣᠢᠩᠬᠥᠨ ᠴᠠᠭᠠᠨ ᠣᠷᠣᠢ ᠨᠢ ᠡᠷᠳᠠᠨ ᠤ ᠮᠣᠩᠭ᠋ᠣᠯ ᠣᠨ ᠵᠠᠩᠵᠣᠨ ᠤ ᠲᠣᠭᠣᠯᠠᠭ᠎ᠠ ᠰᠢᠭ ᠰᠥᠷᠯᠢᠭ᠌ ᠬᠠᠷᠠᠭᠳᠠᠨᠠᠮ᠃ ᠬᠢᠷ᠎ᠠ ᠪᠠᠷ ᠨᠢ ᠨᠠᠷᠠᠰᠣ ᠠᠷᠴᠠᠨ ᠣᠢ ᠨᠣᠭᠣᠭᠠᠷᠠᠨ ᠰᠦᠭ᠍ᠯᠡᠢᠢᠬᠡᠥᠨ ᠠᠭᠣᠯᠠ ᠶᠢᠨ ᠬᠣᠷᠮᠣᠢ ᠪᠠᠷ ᠮᠣᠢᠩᠬᠥᠨ ᠭᠣᠣᠯ ᠴᠠᠶ᠋‍ᠢᠯᠵᠠᠨ᠎ᠠ᠃ ᠪᠡᠯᠴᠢᠬᠡᠷᠲᠦ ᠲᠠᠯ᠎ᠠ ᠳᠤ ᠬᠣᠨᠢᠨ ᠰᠥᠷᠥᠭ ᠰᠣᠪᠣᠳᠷᠠᠨ ᠠᠳᠣᠭᠣ ᠮᠠᠯ ᠠᠯᠠᠭᠯᠠᠨ᠎ᠠ᠃ ᠵᠤᠨ ᠤ ᠨᠠᠢᠮᠠᠨ ᠰᠠᠷ᠎ᠠ ᠶᠢᠨ ᠡᠬᠢᠨ ᠤ ᠲᠣᠷᠭᠣᠳ ᠨᠣᠳᠣᠭ ᠤᠨ ᠵᠤᠰᠡᠯᠡᠨᠭ᠌ ᠳᠤ ᠵᠢᠯ ᠤᠨ ᠲᠥᠷᠪᠡᠨ ᠣᠯᠠᠷᠢᠯ ᠤᠨ ᠦᠵᠡᠮᠵᠢ ᠥᠩᠬᠡ ᠡᠢᠯᠭᠠᠷᠠᠬᠣ ᠳᠤ ᠵᠠᠬᠥᠳᠥᠨ ᠶᠢᠷᠳᠢᠨᠴᠣ ᠳᠤ ᠵᠤᠷᠴᠢᠭᠤ ᠮᠠᠳᠣ ᠭᠣᠶᠣᠮᠰᠣᠭ᠃

ᠪᠢ ᠪᠠᠷᠠᠭᠣᠠᠳᠠᠬᠢ ᠲᠣᠪᠣᠴᠠᠭ ᠲᠡᠬᠡᠷ᠎ᠡ ᠶᠡᠬᠡ ᠪᠠᠶ᠋‍ᠢᠭᠠᠯᠢ ᠶᠢᠨ ᠭᠠᠶ᠋‍ᠢᠬᠠᠮᠰᠢᠭ ᠲᠤ ᠰᠣᠭᠳᠣᠭᠣᠷᠠᠵᠣ ᠰᠠᠭᠣᠪᠠ᠃ ᠲᠡᠬᠡᠳᠡᠯ᠎ᠡ ᠲᠠᠯᠠ ᠨᠠᠶᠠᠨ ᠲᠡᠮᠠᠬᠡ ᠲᠡᠷᠬᠡᠳᠡᠬᠥᠷ ᠬᠦᠷᠴᠦ ᠡᠢᠷᠠᠪᠠ᠃ ᠰᠥᠷᠯᠢᠭ᠌ ᠲᠣᠮᠣ ᠬᠡᠳᠥᠨ ᠣᠯᠠᠭᠠᠨ ᠠᠳᠠ ᠬᠦᠯ ᠢᠶᠡᠨ ᠠᠯᠴᠠᠶ᠋‍ᠢᠯᠭᠠᠨ ᠢᠨᠮ ᠬᠡᠷᠥᠵᠦ ᠦᠬᠡᠳᠡ ᠡᠴᠡ ᠵᠤᠭᠰᠣᠬᠣ ᠨᠢ ᠬᠠᠮᠢᠭᠠᠬᠢ ᠬᠦᠮᠥᠨ᠂ ᠬᠡᠲᠦ ᠵᠤᠷᠢᠯᠭ᠎ᠠ ᠶᠠᠭᠣᠨ ᠬᠡᠵᠦ ᠠᠰᠠᠭᠣᠬᠣ ᠰᠢᠭ ᠪᠠᠶ᠋‍ᠢᠪᠠ᠃ ᠲᠠᠪᠣᠨ ᠬᠣᠰᠢᠭᠣ ᠮᠠᠯ ᠡᠴᠡ ᠲᠡᠮᠠᠬᠡ ᠶᠢ ᠭᠠᠬᠠᠢ ᠪᠠᠷ ᠣᠷᠣᠯᠠᠭᠣᠯᠣᠭᠰᠠᠨ ᠬᠣᠷᠴᠢᠨ ᠨᠣᠳᠣᠭ ᠡᠴᠡ ᠡᠢᠷᠡᠭ᠍ᠰᠡᠨ ᠪᠢ ᠲᠡᠮᠠᠬᠡ ᠶᠢ ᠣᠣᠯ ᠨᠢ ᠴᠡᠴᠡᠷᠯᠢᠭ᠌ ᠡᠴᠡ ᠴᠤ ᠴᠦᠬᠡᠨ ᠬᠠᠷᠠᠵᠣ ᠪᠠᠶ᠋‍ᠢᠭᠰᠠᠨ᠃ ᠬᠡᠬᠥ ᠳᠡᠭᠡᠨ ᠪᠠᠭ᠎ᠠ ᠰᠣᠷᠭᠠᠭᠣᠯᠢ ᠶᠢᠨ ᠲᠠᠪᠣᠳᠣᠭᠠᠷ ᠣᠨ ᠤ ᠰᠣᠷᠣᠭᠴᠢ ᠪᠠᠶ᠋‍ᠢᠬᠣ ᠣᠢᠶ᠎ᠡ ᠶᠢᠨ ᠲᠠᠷᠠ ᠣᠳᠠᠭ᠎ᠠ ᠶᠢᠨ ᠲᠡᠮᠠᠬᠡ ᠬᠠᠷᠠᠭᠰᠠᠨ ᠣᠴᠢᠷ ᠰᠠᠨᠠᠭᠠᠨ ᠳᠤ ᠣᠷᠣᠯ᠎ᠠ᠃ ᠵᠤᠨ ᠤ ᠨᠢᠬᠡ ᠦᠳᠡᠰᠢ ᠰᠣᠷᠭᠠᠭᠣᠯᠢ ᠲᠠᠷᠬᠠᠭᠠᠳ ᠲᠡᠮᠠᠬᠡ ᠬᠦᠳᠥᠯᠥᠭᠰᠡᠨ ᠬᠦᠮᠥᠨ ᠰᠣᠷᠭᠠᠭᠣᠯᠢ ᠶᠢᠨ ᠠᠷᠤ ᠶᠢᠨ ᠵᠠᠮ ᠢᠶᠡᠷ ᠪᠠᠷᠠᠭᠣᠠᠰᠢ ᠭᠠᠷᠴᠠᠢ ᠬᠡᠰᠡᠨ ᠵᠢᠭ᠍ᠳᠡᠢ ᠴᠢᠮᠡᠬᠡ ᠶᠢ ᠲᠣᠭᠣᠯᠣᠭᠠᠳ ᠬᠣᠶ᠋‍ᠢᠨ᠎ᠠ ᠡᠴᠡ ᠨᠢ ᠲᠡᠬᠥᠤ ᠲᠡᠶ ᠪᠠᠨ ᠬᠣᠶᠠᠭᠣᠯᠠ ᠲᠣᠭᠣᠢ ᠬᠢᠰᠬᠢᠨ ᠴᠢᠨᠡᠬᠡ ᠮᠠᠳᠠᠨ ᠨᠡᠬᠡᠵᠦ ᠣᠴᠢᠪᠠ᠃ ᠠᠷᠪᠠᠭᠠᠳ ᠭᠠᠵᠠᠷ ᠤᠨ ᠴᠠᠭᠠᠨ᠎ᠠ ᠪᠠᠶ᠋‍ᠢᠭ᠎ᠠ ᠣᠯᠠᠭᠠᠨ ᠲᠡᠨᠭ᠌ ᠤᠨ ᠴᠠᠭᠠᠨ ᠵᠠᠮ ᠢᠶᠡᠷ ᠦᠨᠡᠬᠡᠷ ᠨᠢᠬᠡᠨ ᠡᠪᠥᠬᠡᠨ ᠣᠯᠠᠭᠠᠨ ᠠᠳᠠ ᠬᠦᠳᠥᠯᠣᠬᠡᠥᠨ ᠶᠠᠪᠣᠵᠣ ᠪᠠᠶ᠋‍ᠢᠯ᠎ᠠ᠃ ᠲᠡᠮᠠᠬᠡᠨ ᠲᠡᠬᠡᠷ᠎ᠡ ᠪᠠᠨ ᠪᠠᠭ᠎ᠠ ᠰᠠᠭ᠎ᠠ ᠯᠠ ᠶᠠᠭᠣᠮ᠎ᠠ ᠠᠴᠢᠭᠰᠠᠨ ᠪᠣᠯᠪᠠᠴᠣ ᠲᠡᠮᠠᠬᠡ ᠨᠢ ᠴᠤ ᠪᠦᠷ ᠲᠣᠶ᠋‍ᠢᠯᠳᠠᠵᠣ᠂ ᠨᠠᠪᠳᠠᠷᠠᠵᠣ ᠣᠷᠠᠭᠳᠠᠭᠰᠠᠨ ᠪᠦᠰ ᠢᠶᠡᠷ ᠣᠷᠢᠶᠠᠭᠰᠠᠨ ᠲᠠᠪᠠᠭ ᠡᠴᠡ ᠨᠢ ᠴᠢᠰᠤ ᠭᠣᠭᠣᠵᠢᠨ ᠣᠯᠠᠳᠠᠵᠣ ᠡᠪᠠᠳᠴᠣ ᠪᠠᠶ᠋‍ᠢᠭ᠎ᠠ ᠨᠢ ᠡᠢᠯᠡᠷᠬᠡᠢ᠃ ᠲᠠᠯᠠᠭᠠᠳ ᠨᠠᠰᠣᠨ ᠤ ᠡᠨᠠ ᠡᠪᠥᠬᠡᠨ ᠪᠠᠶ᠎ᠠ ᠳᠡᠭᠡᠨ ᠮᠣᠩᠭ᠋ᠣᠯ ᠲᠡᠷᠯᠢᠭ᠌ ᠬᠡᠳᠡᠷᠴᠦ ᠪᠣᠭᠣᠷᠣᠯᠳᠣᠭᠰᠠᠨ ᠣᠷᠳᠣ ᠬᠡᠵᠢᠬᠡ ᠪᠠᠨ ᠬᠦᠷᠥᠭᠰᠡᠨ ᠨᠢ ᠮᠦᠨ ᠴᠤ ᠰᠣᠨᠢᠷᠬᠠᠯᠳᠠᠢ᠃ ᠪᠢᠳᠠ ᠬᠠᠭᠠᠰ ᠴᠠᠭ ᠬᠢᠷᠢᠳᠠᠢ ᠲᠠᠭᠠᠪᠠ᠃ ᠬᠡᠬᠥ ᠳᠡᠭᠡᠨ ᠪᠢᠳᠠ ᠦᠬᠡ ᠲᠣᠣᠭᠠᠷᠣᠭᠰᠠᠨ ᠦᠭᠡᠶ᠂ ᠡᠪᠥᠬᠡᠨ ᠴᠣ ᠶᠠᠭᠣᠮ᠎ᠠ ᠶᠠᠷᠢᠭᠰᠠᠨ ᠦᠭᠡᠶ ᠪᠠᠶ᠋‍ᠢᠯ᠎ᠠ᠃ ᠵᠢᠷᠭᠠᠬᠣ ᠨᠠᠷᠠᠨ ᠤ ᠵᠦᠭ᠌ ᠵᠤᠷᠢᠵᠣ ᠣᠳᠣᠭᠰᠠᠨ ᠲᠡᠮᠠᠬᠡ ᠲᠡᠶ ᠲᠠᠷᠠ ᠡᠪᠥᠬᠡᠨ ᠮᠢᠨᠣ ᠨᠢᠯᠬ᠎ᠠ ᠪᠠᠯᠴᠢᠷ ᠣᠶᠣᠨ ᠣᠬᠠᠭᠠᠨ ᠳᠤ ᠡᠬᠥᠷᠢᠳᠡ ᠬᠠᠳᠠᠩᠰᠢᠵᠠᠢ᠃

ᠦᠳᠡ ᠶᠢᠨ ᠬᠣᠶ᠋‍ᠢᠨ᠎ᠠ ᠮᠠᠰᠢᠨ ᠢᠶᠡᠨ ᠡᠠᠳᠠ ᠣᠷᠬᠢᠵᠣ᠂ ᠪᠠᠶᠠᠷ ᠡᠬᠡᠴᠢ᠂ ᠲᠠᠷᠢᠮ᠎ᠠ ᠡᠬᠡᠴᠢ (ᠲ᠋ᠠᠶ᠋‍ᠢᠮ᠎ᠠ ᠶᠢᠨ ᠦᠶᠡᠯᠢᠥᠨ ᠡᠬᠡᠴᠢ)᠂ ᠲᠠᠶ᠋‍ᠢᠮ᠎ᠠ ᠪᠢᠳᠠ ᠲᠥᠷᠪᠡᠬᠥᠯᠡ ᠲᠣᠮᠳᠠ ᠪᠠᠨ ᠬᠣᠶᠠᠷ ᠮᠣᠷᠢ ᠲᠡᠶ᠂ ᠲᠠᠶ᠋‍ᠢᠮ᠎ᠠ ᠶᠢᠨ ᠵᠤᠰᠡᠯᠡᠨᠭ᠌ ᠢ ᠵᠤᠷᠢᠵᠣ ᠴᠠᠭᠠᠰᠢ ᠠᠶᠠᠯᠠᠭᠰᠠᠨ ᠪᠢᠯᠠ᠃ ᠬᠠᠭᠠᠰ ᠡᠳᠣᠷ ᠮᠠᠰᠢᠨ ᠲᠡᠷᠬᠡ ᠪᠠᠷ ᠰᠠᠵᠢᠯᠠᠭᠣᠯᠵᠣ ᠶᠠᠪᠣᠭᠰᠠᠨ ᠴᠤ ᠲᠡᠭ᠍ᠷᠢ ᠠᠭᠣᠯᠠ ᠶᠢᠨ ᠠᠷᠳᠠᠭ ᠲᠣᠭᠰᠢᠨ ᠠᠣᠭ᠎ᠠ ᠪᠠᠶ᠋‍ᠢᠭᠠᠯᠢ ᠳᠤ ᠰᠠᠳᠬᠢᠯ ᠰᠡᠷᠬᠥᠨ ᠨᠢᠳᠣ ᠬᠣᠵᠢᠷᠯᠠᠨ ᠶᠠᠪᠣᠯ᠎ᠠ ᠳ᠋‍ᠠ᠃ ᠬᠣᠶᠠᠷ ᠬᠣᠶᠠᠷ ᠢᠶᠡᠷ ᠮᠣᠷᠢ ᠰᠣᠠᠳᠠᠯᠠᠭᠠᠳ ᠰᠢᠯᠢ ᠶ᠋‍ᠢᠨ ᠵᠤᠷᠠᠶ᠋‍ᠢᠭᠰᠠᠨ ᠰᠢᠷ᠎ᠠ ᠵᠠᠮ ᠢᠶᠡᠷ ᠵᠠᠮᠨᠠᠬᠣ ᠳᠤ ᠠᠯᠣᠰ ᠤᠨ ᠵᠤᠰᠡᠯᠡᠨᠭ᠌ ᠡᠴᠡ ᠬᠣᠳᠠᠯᠳᠣᠭ᠎ᠠ ᠮᠠᠶ᠋‍ᠢᠮᠠᠢ ᠳᠤ ᠪᠠᠭᠣᠵᠣ ᠡᠢᠷᠡᠭ᠍ᠰᠡᠨ ᠲ᠋ᠡᠮᠠᠬᠡ ᠲᠡᠰᠢᠬᠥᠯᠵᠦ ᠮᠣᠷᠢ ᠣᠨᠣᠭᠰᠠᠨ ᠬᠦᠮᠥᠰ ᠵᠦᠩᠳᠡᠬᠡᠨ ᠵᠦᠷᠢᠯᠳᠥᠨ᠃ ᠪᠠᠶᠠᠷ᠂ ᠲᠠᠷᠢᠮ᠎ᠠ ᠬᠣᠶᠠᠷ ᠡᠬᠡᠴᠢ ᠬᠠᠶᠠ ᠳᠠᠭᠠᠨ ᠮᠣᠷᠢᠨ ᠡᠴᠠ ᠪᠠᠨ ᠪᠠᠭᠣᠭᠠᠳ ᠮᠦᠬᠥ ᠲᠡᠬᠥᠨ᠎ᠡ᠃ ᠪᠢᠳᠠ ᠣᠳᠠᠯ ᠦᠭᠡᠶ ᠨᠢᠬᠡᠨ ᠲᠣᠪᠣᠴᠠᠭ ᠠᠭᠣᠯᠠᠨ ᠳᠤ ᠭᠠᠷᠴᠣ ᠡᠢᠷᠡᠬᠥ ᠳᠤ ᠲᠣᠯᠢ ᠰᠢᠭ ᠲᠦᠬᠥᠷᠢᠭ᠌ ᠨᠠᠭᠣᠷ ᠨᠠᠷᠠᠨ ᠤ ᠰᠢᠵᠢᠷ ᠲᠣᠶᠠᠭᠠᠨ ᠳᠤ ᠬᠢᠯᠠᠯᠵᠠᠨ ᠬᠠᠷᠠᠭᠳᠠᠬᠣ ᠠᠵᠢ᠃ ᠠᠭᠣᠯᠠᠨ ᠣᠷᠣᠢ ᠲᠡᠬᠡᠷ᠎ᠡ ᠪᠠᠶ᠋‍ᠢᠭ᠎ᠠ ᠨᠠᠭᠣᠷ ᠢ ᠪᠢ ᠠᠩ‍ᠬ᠍‍᠎ᠠ ᠦᠵᠡᠵᠦ ᠪᠠᠶ᠋‍ᠢᠭ᠎ᠠ ᠲᠣᠯᠠ ᠣᠣᠯᠭ᠎ᠠ ᠠᠯᠳᠠᠨ ᠪᠠᠶᠠᠷᠯᠠᠪᠠ᠃ ᠪᠢᠳᠠ ᠨᠠᠭᠣᠷ ᠤᠨ ᠬᠦᠪᠡᠬᠡᠨ᠎ᠡ ᠣᠳᠠᠳᠠᠯ᠎ᠠ ᠠᠮᠠᠷᠠᠯ᠎ᠠ᠃ ᠲᠡᠬᠡᠳᠡᠯ᠎ᠡ ᠴᠠᠯ ᠨᠣᠭᠣᠭᠠᠨ ᠨᠠᠪᠴᠢ ᠲᠡᠶ᠂ ᠴᠠᠭᠠᠨ ᠬᠣᠠᠳᠠᠨ ᠬᠦᠬᠡᠷᠥᠬᠥᠨ ᠲᠠᠯᠪᠢ ᠲᠡᠶ ᠭᠣᠶᠣ ᠴᠡᠴᠡᠭ ᠲᠡᠬᠥᠬᠡᠥᠨ ᠶᠠᠪᠣᠵᠣ ᠪᠠᠶ᠋‍ᠢᠭ᠎ᠠ ᠬᠡᠰᠡᠭ ᠬᠦᠮᠥᠰ ᠮᠠᠨ ᠤ ᠲᠡᠷᠬᠡᠳᠡᠬᠥᠷ ᠥᠩᠬᠡᠷᠡᠵᠦ ᠭᠠᠷᠣᠯ᠎ᠠ᠃ ᠲᠠᠶ᠋‍ᠢᠮ᠎ᠠ ᠶᠢᠨ ᠬᠡᠯᠡᠬᠥ ᠪᠠᠷ ᠡᠨᠠ ᠴᠡᠴᠡᠭ ᠪᠣᠯ ᠲᠠᠯᠠᠢ ᠶᠢᠨ ᠲᠥᠪᠰᠢᠨ ᠡᠴᠡ 4000 ᠮᠧᠲ᠋ᠷ ᠣᠨ ᠦᠨᠳᠥᠷ ᠲᠡᠭ᠍ᠷᠢ ᠠᠭᠣᠯᠠᠨ ᠤ ᠴᠠᠰᠣᠳᠣ ᠣᠷᠬᠢᠯ ᠤᠨ ᠬᠠᠳᠠᠨ ᠲᠣᠮᠳᠠ ᠲᠡᠯᠬᠡᠷᠡᠳᠡᠭ ᠴᠠᠰᠣᠨ ᠪᠠᠳᠮ᠎ᠠ ᠬᠡᠨ᠎ᠡ᠂ ᠬᠡᠪᠡᠴᠦ ᠬᠣᠮᠣᠬᠠᠢ ᠰᠠᠨᠠᠭᠠᠳᠠᠳ ᠬᠡᠳᠥᠨ ᠬᠠᠷ᠎ᠠ ᠲᠦᠬᠥᠷᠢᠭ᠌ ᠤᠨ ᠲᠥᠯᠣᠬᠡ ᠬᠣᠣᠷᠳᠣ ᠰᠠᠪᠠᠷ ᠢᠶᠡᠷ ᠢᠶᠡᠨ ᠴᠠᠰᠣᠨ ᠪᠠᠳᠮ᠎ᠠ ᠶᠢ ᠮᠠᠯᠳᠠᠵᠣ ᠲᠠᠰᠣᠳᠠᠭᠠᠳ ᠠᠮᠣᠷ ᠪᠠᠶ᠋‍ᠢᠯᠭᠠᠳᠠᠭ ᠦᠭᠡᠶ᠃ ᠣᠣᠯ ᠳᠠᠭᠠᠨ ᠮᠢᠨᠣ ᠨᠣᠳᠣᠭ ᠲᠤ ᠴᠤ ᠬᠡᠬᠡᠷ᠎ᠡ ᠶᠢᠨ ᠬᠦᠢᠯᠡᠰᠤ ᠲᠠᠪᠣᠨ ᠰᠠᠷ᠎ᠠ ᠶᠢᠨ ᠴᠠᠭᠠᠨ ᠥᠩᠬᠡ ᠪᠠᠷ ᠠᠭᠣᠯᠠ ᠬᠠᠳᠠ ᠶᠢ ᠪᠦᠷᠬᠥᠳᠡᠯ᠎ᠡ ᠲᠡᠯᠬᠡᠷᠡᠬᠡᠥᠨ ᠦᠵᠡᠭ᠍ᠰᠡᠨ ᠪᠦᠬᠥᠨ ᠤ ᠠᠩᠬᠠᠷᠣᠯ ᠢ ᠲᠠᠳᠠᠳᠠᠭ ᠪᠠᠶ᠋‍ᠢᠭᠰᠠᠨ᠃ ᠬᠡᠳᠡᠯ᠎ᠡ ᠣᠳᠣ ᠦᠨᠳᠥᠰᠤ ᠲᠠᠰᠣᠷᠠᠬᠣ ᠬᠠᠷᠠᠰᠠᠯᠳᠣ ᠪᠠᠶ᠋‍ᠢᠳᠠᠯ ᠳᠤ ᠣᠷᠣᠭᠠᠳ ᠪᠠᠶ᠋‍ᠢᠨ᠎ᠠ ᠰᠢᠤ᠃ ᠴᠠᠰᠣᠳᠣ ᠠᠭᠣᠯᠠ ᠶᠢᠨ ᠨᠣᠶᠠᠨ ᠣᠷᠬᠢᠯ ᠳᠤ ᠥᠩᠬᠡ ᠨᠠᠮᠠᠷᠢᠯᠠᠨ ᠪᠠᠳᠮᠠᠯᠠᠨ ᠬᠠᠷᠠᠭᠳᠠᠬᠣ ᠲᠣᠷᠭᠣᠳ ᠮᠠᠯᠴᠢᠳ ᠤᠨ ᠲᠠᠭᠠᠰᠢᠶᠠᠯ ᠬᠠᠶ᠋‍ᠢᠷ᠎ᠠ ᠶᠢ ᠣᠯᠣᠭᠰᠠᠨ ᠡᠨᠠ ᠬᠥ ᠴᠡᠴᠡᠭ ᠤᠨ ᠬᠣᠪᠢ ᠢᠨᠶᠠᠭ᠎ᠠ ᠣᠳᠣ ᠶᠠᠮᠠᠷᠬᠠᠨ ᠪᠣᠯᠣᠭᠰᠠᠨ ᠪᠣᠯ︖

ᠪᠢᠳᠠ ᠨᠠᠭᠣᠷ ᠡᠴᠡ ᠰᠠᠯᠵᠣ ᠬᠣᠶᠠᠷ ᠲᠠᠯ᠎ᠠ ᠪᠠᠷ ᠢᠶᠡᠨ ᠲᠡᠭ᠍ᠷᠢ ᠪᠠᠭᠠᠨᠠᠳᠠᠨ ᠦᠷᠬᠥᠯᠵᠢᠯᠡᠭ᠍ᠰᠡᠨ ᠠᠭᠣᠯᠠ ᠨᠢᠷᠣᠭᠣᠨ ᠊ᠳᠣᠨᠢ ᠨᠠᠷᠠᠰᠣᠨ ᠮᠣᠳᠣᠨ ᠤ ᠪᠠᠯᠠᠷ ᠣᠢ ᠰᠦᠭ᠍ᠯᠡᠢᠢᠭ᠍ᠰᠡᠨ ᠡᠨᠠ ᠬᠥ ᠬᠦᠠᠳᠡᠢ ᠶᠢ ᠦᠭᠰᠥᠨ ᠶᠠᠪᠣᠯ᠎ᠠ᠃ ᠬᠦᠪᠴᠢ ᠣᠢ ᠳᠤ ᠬᠦᠬᠥᠬᠡ ᠲᠣᠩᠭ᠋ᠣᠳᠴᠣ᠂ ᠬᠡᠬᠡᠷ᠎ᠡ ᠲᠠᠯ᠎ᠠ ᠪᠠᠷ ᠠᠳᠣᠭᠣ ᠮᠠᠯ ᠪᠡᠯᠴᠢᠭ᠍ᠰᠡᠨ ᠨᠢ ᠡᠡᠮᠣᠭᠥᠯᠡᠨᠭ᠌ ᠲᠠᠪᠠᠳᠠᠢ᠃ ᠵᠤᠷᠠᠮ᠎ᠠ᠂ ᠲᠠᠷᠪᠠᠭ᠎ᠠ ᠵᠤᠭ᠎ᠠ ᠪᠠᠷᠢᠵᠣ ᠵᠠᠮ ᠤᠨ ᠲᠣᠰᠢᠶ᠎ᠠ ᠪᠠᠷ ᠪᠣᠳᠠᠷᠠᠨ ᠬᠦᠶᠥᠯᠳᠥᠨ᠃ ᠲᠠᠶ᠋‍ᠢᠮ᠎ᠠ ᠪᠢᠳᠠ ᠬᠣᠶᠠᠭᠣᠯᠠ ᠵᠤᠷᠠᠮ᠎ᠠ ᠬᠦᠬᠡᠬᠡᠵᠦ ᠬᠦᠶᠥᠪᠡ᠃ ᠲᠠᠳᠠ ᠵᠤᠷᠢᠭᠣᠳᠠ ᠮᠠᠨ ᠲᠡᠶ ᠲᠣᠭᠯᠠᠵᠣ ᠪᠠᠶ᠋‍ᠢᠭ᠎ᠠ ᠶᠣᠮ ᠰᠢᠭ ᠨᠦᠬᠡᠨ ᠡᠴᠡ ᠪᠠᠨ ᠵᠢᠵᠢᠭ᠍ᠬᠡᠨ ᠲᠣᠯᠣᠭᠠᠢ ᠪᠠᠨ ᠪᠣᠯᠳᠠᠶ᠋‍ᠢᠯᠭᠠᠭᠰᠠᠨ ᠢᠶᠡᠨ ᠭᠠᠷᠴᠣ ᠡᠢᠷᠠᠨ ᠣᠴᠣᠶ᠋‍ᠢᠵᠣ ᠰᠠᠭᠣᠨ ᠬᠣᠰᠬᠢᠷᠣᠯᠳᠣᠨ᠎ᠠ᠃ ᠬᠦᠶᠥᠬᠡᠥᠨ ᠣᠴᠢᠪᠠᠯ ᠲᠠᠷᠣᠶ᠋‍ᠢᠬᠠᠨ ᠠᠷᠢᠯᠣᠭᠠᠳ ᠦᠭᠬᠥ ᠨᠢ ᠡᠢᠨᠢᠶᠠᠳᠣᠮ ᠲᠡᠶ ᠮᠥᠷᠳᠡᠬᠡᠨ ᠬᠣᠷᠣ ᠶᠢ ᠬᠦᠳᠡᠯᠬᠡᠨ᠎ᠡ᠃ ᠨᠠᠷᠠᠰᠣᠨ ᠣᠢ ᠶᠢᠨ ᠵᠠᠬ᠎ᠠ ᠶᠢᠨ ᠲᠣᠮᠣ ᠲᠣᠮᠣ ᠮᠣᠳᠣ ᠬᠢᠷᠥᠬᠡᠳᠡᠭ᠍ᠳᠡᠨ ᠣᠨᠠᠭᠠᠭᠳᠠᠭᠠᠳ ᠲᠠᠷᠠᠶ᠋‍ᠢᠨ ᠬᠡᠪᠳᠡᠬᠥ ᠪᠠᠶ᠋‍ᠢᠳᠠᠯ ᠠᠬᠢᠨ ᠲᠠᠬᠢᠨ ᠨᠢᠳᠣᠨ ᠡᠮᠣᠨ᠎ᠠ ᠡᠢᠯᠠᠷᠠᠨ᠎ᠠ᠃ ᠬᠦᠮᠥᠰ ᠤᠨ ᠣᠬᠠᠮᠰᠠᠷ ᠪᠣᠰᠣ ᠬᠡᠨᠡᠨ ᠠᠵᠢᠯᠯᠠᠭ᠎ᠠ ᠶᠢ ᠬᠡᠷᠡᠴᠢᠯᠡᠬᠥ ᠬᠡᠰᠡᠨ ᠰᠢᠭ᠌ ᠬᠠᠭᠠᠰ ᠲᠣᠳᠠᠭᠣ ᠪᠠᠷᠢᠵᠣ ᠣᠷᠬᠢᠭᠰᠠᠨ ᠮᠣᠳᠣᠨ ᠪᠡᠶ᠋‍ᠢᠰᠢᠡᠭ ᠲᠠᠭᠠᠷᠠᠯᠳᠣᠬᠣ ᠶᠣᠮ᠃

ᠪᠢᠳᠠ ᠬᠡᠰᠡᠭ ᠣᠢ ᠶᠢᠨ ᠲᠣᠮᠳᠠᠭᠣᠷᠬᠢ ᠨᠠᠷᠢᠨ ᠵᠠᠮ ᠢᠶᠡᠷ ᠣᠷᠣᠵᠣ ᠣᠴᠢᠪᠠ᠃ ᠲᠡᠬᠡᠬᠥ ᠳᠤ ᠬᠡᠷ ᠢᠶᠡᠨ ᠬᠡᠳᠥᠨ ᠲᠡᠮᠠᠬᠡᠨ ᠳᠣ ᠠᠴᠢᠶᠠᠯᠠᠭᠰᠠᠨ ᠪᠦᠰᠠᠬᠦᠢᠴᠥᠥᠯ ᠬᠡᠣᠬᠡᠥᠨ ᠲᠡᠶ ᠵᠦᠷᠢᠯᠲᠦᠪᠡ᠃ ᠮᠠᠰᠢᠨ ᠢᠶᠡᠷ ᠨᠠᠭᠠᠰᠢ ᠡᠢᠷᠡᠭ᠍ᠰᠡᠨ ᠦᠭᠡᠶ ᠶᠢᠨ ᠨᠢᠭᠣᠴᠠ ᠡᠠᠳᠠ ᠪᠠᠶ᠋‍ᠢᠵᠠᠢ᠃ ᠮᠣᠷᠢ ᠲᠡᠮᠠᠬᠡ ᠲᠡᠶ ᠬᠦᠮᠥᠨ ᠯᠠ ᠴᠣᠪᠣᠵᠣ ᠪᠣᠯᠳᠠᠭ ᠵᠠᠮ ᠢᠶᠡᠷ ᠰᠢᠭᠣᠢ ᠶᠢ ᠨᠠᠪᠳᠠᠯᠣᠨ ᠭᠠᠷᠣᠭᠠᠳ ᠰᠢᠷᠥᠬᠥᠨ ᠣᠷᠣᠰᠬᠠᠯᠳᠣ ᠭᠣᠣᠯ ᠤᠨ ᠡᠷᠬᠢ ᠬᠦᠷᠴᠦ ᠣᠴᠢᠪᠠ᠃ ᠭᠣᠣᠯ ᠤᠨ ᠣᠰᠣ ᠣᠯᠠᠭᠠᠨ ᠢᠶᠡᠷ ᠣᠷᠪᠠᠵᠣ ᠪᠠᠷᠳᠠᠭᠠᠳᠣ ᠭᠠᠵᠠᠷ ᠲᠤ ᠪᠠᠭᠣᠭᠰᠠᠨ ᠲ᠋ᠡᠭ᠍ᠷᠢ ᠶᠢᠨ ᠣᠮᠣᠭ ᠰᠢᠭ ᠬᠦᠷᠬᠢᠷᠡᠨ ᠴᠠᠯᠬᠢᠯᠠᠨ᠎ᠠ᠃ ᠭᠣᠣᠯ ᠤᠨ ᠲᠡᠬᠡᠬᠥᠷ ᠬᠣᠶᠠᠷ ᠮᠧᠲ᠋ᠷ ᠬᠢᠷᠢ ᠦᠷᠬᠡᠨ᠂ ᠬᠣᠷᠢᠭᠠᠳ ᠮᠧᠲ᠋ᠷ ᠤᠨ ᠣᠷᠳᠣ ᠮᠣᠳᠣᠨ ᠬᠦᠬᠥᠷᠬᠡ ᠲᠠᠯᠪᠢᠭᠠᠰᠣᠳᠠᠢ᠃ ᠮᠣᠷᠢ ᠲᠡᠶ᠂ ᠬᠦᠮᠥᠨ ᠲᠡᠶ ᠪᠠᠨ ᠡᠨᠡᠬᠥᠷ ᠭᠠᠷᠳᠠᠭ ᠶᠣᠮ ᠪᠠᠶ᠋‍ᠢᠨ᠎ᠠ᠃ ᠮᠢᠨᠣ ᠲᠣᠳᠣᠷ᠎ᠠ ︽ᠲᠣᠷᠣᠨᠠᠰᠢ ᠪᠣᠴᠠᠭᠰᠠᠨ ᠪᠠᠭᠠᠳᠣᠷᠴᠣᠳ ᠤᠨ ᠲᠣᠣᠯᠢ︾ ᠬᠡᠬᠥ ᠺᠢᠨᠣ᠊ ᠊ᠳᠠᠬᠢ ᠪᠠᠭᠠᠳᠣᠷᠴᠣᠳ ᠤᠨ ᠮᠣᠳᠣᠨ ᠬᠦᠬᠥᠷᠬᠡ ᠪᠠᠷ ᠭᠠᠳᠣᠯᠵᠣ ᠪᠠᠶ᠋‍ᠢᠭᠰᠠᠨ ᠦᠵᠡᠭ᠍ᠳᠡᠯ ᠲᠣᠳᠣᠷᠠᠭᠠᠳ ᠠᠪᠣᠭᠰᠠᠨ ᠰᠢᠤ᠃ ᠬᠦᠬᠥᠷᠬᠡ ᠭᠠᠳᠣᠯᠣᠭᠠᠳ ᠭᠣᠣᠯ ᠤᠨ ᠡᠷᠬᠢ ᠲᠠᠭᠠᠭᠰᠠᠨ ᠵᠠᠮ ᠢᠶᠡᠷ ᠬᠦᠠᠳᠡᠢ ᠦᠭᠰᠥᠨ ᠶᠠᠪᠣᠬᠣ ᠳᠣ ᠮᠠᠨ ᠤ ᠪᠠᠷᠳᠠᠭᠠᠳᠣ ᠠᠶᠠᠯᠠᠯ ᠢ ᠲᠡᠭ᠍ᠷᠢ ᠠᠪᠣ ᠴᠤ ᠬᠠᠷᠠᠭᠠᠳ ᠦᠷᠤ ᠡᠪᠠᠳᠣᠨ ᠰᠠᠳᠬᠢᠯ ᠣᠶᠠᠷᠠᠭᠰᠠᠨ ᠪᠣᠯᠣᠯᠳᠠᠢ ᠨᠠᠮᠢᠷᠠᠭ᠎ᠠ ᠬᠣᠷ᠎ᠠ ᠪᠠᠨ ᠠᠰᠬᠠᠷᠠᠭᠣᠯᠵᠣ ᠡᠬᠢᠯᠠᠯ᠎ᠠ᠃ ᠬᠦᠠᠳᠡᠢ ᠶᠢᠨ ᠲᠣᠮᠳᠠ ᠭᠣᠣᠯ ᠤᠨ ᠣᠰᠣ ᠨᠡᠯᠦᠢᠢᠬᠡᠥᠨ ᠪᠣᠷᠣᠭᠠᠨ ᠤ ᠲᠣᠰᠣᠯ ᠲᠡᠭ᠍ᠷᠢ ᠭᠠᠵᠠᠷ ᠢ ᠣᠰᠣᠨ ᠱᠣᠭᠣᠮ ᠢᠶᠡᠷ ᠬᠣᠯᠪᠣᠵᠣ ᠪᠠᠶ᠋‍ᠢᠨ᠎ᠠ᠃ ᠪᠢᠳᠠ ᠪᠣᠷᠣᠭᠠᠨ ᠳᠤ ᠨᠣᠷᠣᠭᠳᠠᠵᠣ ᠣᠷᠣᠭᠰᠢᠯᠠᠭᠰᠠᠭᠠᠷ ᠡᠴᠣᠰ ᠲᠡᠭᠡᠨ ᠵᠤᠷᠢᠭᠰᠠᠨ ᠵᠤᠰᠡᠯᠡᠨᠭ᠌ ᠣᠨ ᠪᠠᠷ ᠶᠢ ᠬᠠᠷᠠᠭᠠᠳ ᠰᠠᠳᠬᠢᠯ ᠰᠡᠷᠬᠥᠯ᠎ᠡ᠃ ᠭᠣᠣᠯ ᠤᠨ ᠴᠠᠭᠠᠳᠣ ᠬᠦᠪᠡᠬᠡ ᠊ᠳᠠᠬᠢ ᠦᠨᠳᠥᠷ ᠲᠣᠪᠣᠴᠠᠭ ᠲᠡᠬᠡᠷ᠎ᠡ ᠬᠡᠳᠥᠨ ᠪᠦᠮᠪᠥᠬᠡᠨ ᠴᠠᠭᠠᠨ ᠬᠡᠷ ᠣᠨᠢᠶᠠᠷ ᠮᠠᠨᠠᠨ ᠤ ᠲᠣᠮᠳᠠ ᠴᠠᠶ᠋‍ᠢᠯᠵᠠᠨ ᠬᠠᠷᠠᠭᠳᠠᠨ᠎ᠠ᠃

ᠵᠤᠭᠰᠣᠭ᠎ᠠ ᠦᠭᠡᠶ ᠱᠣᠭᠰᠢᠵᠣ ᠪᠠᠶ᠋‍ᠢᠭᠰᠠᠨ ᠪᠣᠷᠣᠭᠠᠨ ᠨᠠᠮᠵᠢᠭᠰᠠᠨ ᠢᠶᠡᠨ ᠪᠦᠷ ᠴᠤ ᠵᠤᠭᠰᠣᠪᠠ᠃ ᠭᠣᠣᠯ ᠤᠨ ᠣᠯᠣᠮ ᠢᠶᠡᠷ ᠭᠠᠳᠣᠯᠬᠣ ᠳᠤ ᠣᠰᠣ ᠮᠣᠷᠢᠨ ᠤ ᠴᠡᠬᠡᠵᠢ ᠲᠣᠯᠵᠣ ᠣᠨᠣᠭᠰᠠᠨ ᠬᠦᠮᠥᠨ ᠤ ᠡᠪᠥᠳᠥᠭ ᠢ ᠲᠠᠪᠠᠵᠣ ᠪᠠᠶ᠋‍ᠢᠵᠠᠢ᠃ ᠦᠨᠳᠥᠷ ᠲᠣᠪᠣᠴᠠᠭ ᠲᠡᠬᠡᠷ᠎ᠡ ᠡᠴᠠ ᠬᠡᠳᠥᠨ ᠮᠣᠷᠢᠳᠠᠨ ᠪᠠᠭᠣᠵᠣ ᠡᠢᠷᠡᠬᠡᠥᠨ ᠮᠠᠨ ᠢ ᠲᠣᠰᠴᠣ ᠣᠭᠳᠣᠭᠰᠠᠨ ᠶᠣᠮ᠃ ᠲᠠᠠᠳᠠ ᠪᠢᠳᠠ ᠠᠶ᠋‍ᠢᠷᠠᠭ ᠵᠠᠯᠬᠢᠯᠠᠨ ᠬᠣᠨᠢᠨ ᠮᠢᠬ᠎ᠠ ᠪᠠᠷ ᠲᠠᠶ᠋‍ᠢᠯᠠᠭᠳᠠᠵᠣ ᠬᠣᠨᠣᠭᠯᠠᠵᠠᠢ᠃

ᠮᠠᠷᠭᠠᠰᠢ ᠨᠢ ᠲᠣᠡᠭ ᠰᠠᠶ᠋‍ᠢᠬᠠᠨ ᠡᠳᠣᠷ ᠪᠣᠯᠣᠭᠰᠠᠨ᠃ ᠦᠷᠯᠦᠬᠡ ᠶᠢᠨ ᠨᠠᠷᠠᠨ ᠤ ᠲᠣᠶᠠᠭ᠎ᠠ ᠦᠨᠳᠥᠷ ᠲᠣᠪᠣᠴᠠᠭ ᠤᠨ ᠲᠡᠭ᠍ᠰᠢᠬᠡᠨ ᠣᠷᠣᠢ ᠳᠤ ᠲᠣᠰᠴᠣ᠂ ᠪᠠᠶ᠋‍ᠢᠭᠠᠯᠢ ᠲᠡᠯᠠᠬᠡᠢ ᠱᠠᠩᠳᠠᠭᠣᠷᠠᠮᠠᠷ ᠭᠣᠶᠣ᠃ ᠡᠨᠠ ᠲᠣᠯᠢᠮᠬᠠᠨ ᠲᠡᠭ᠍ᠰᠢᠬᠡᠨ ᠣᠷᠣᠢ ᠶᠢ ᠰᠠᠷᠠᠭᠣᠯ ᠬᠡᠳᠡᠭ᠃ ᠦᠨᠡᠬᠡᠷ ᠴᠤ ᠰᠠᠷᠠᠭᠣᠯ ᠤᠨ ᠲᠠᠠᠵᠢᠨ ᠳᠤ ᠬᠡᠳᠥᠨ ᠠᠶ᠋‍ᠢᠯ ᠵᠤᠰᠠᠭᠠᠳ᠂ ᠡᠮᠣᠨ᠎ᠠ ᠰᠣᠵᠠᠭ ᠢᠶᠡᠷ ᠨᠢ ᠮᠥᠰᠤ ᠴᠠᠰᠣᠨ ᠤ ᠬᠣᠴᠢᠮᠠᠯ ᠣᠷᠣᠢ ᠲᠡᠶ ᠦᠨᠳᠥᠷ ᠠᠭᠣᠯᠠᠨ ᠡᠴᠡ ᠪᠠᠭᠣᠭᠰᠠᠨ ᠣᠰᠣ ᠱᠣᠣᠬᠢᠨ ᠣᠷᠣᠰᠣᠭᠠᠳ ᠬᠣᠭᠣᠷ ᠬᠥᠭ᠍ᠵᠢᠮ ᠰᠢᠭ᠌ ᠣᠶᠠᠩᠭ᠋ᠠᠯᠢᠭ᠃ ᠨᠠᠷᠠᠰᠣᠨ ᠣᠢ ᠳᠤ ᠰᠢᠪᠠᠭᠣ ᠲᠣᠩᠭ᠋ᠣᠳᠣᠨ᠎ᠠ᠃ ᠬᠣᠶ᠋‍ᠢᠰᠢ ᠪᠠᠷᠠᠯᠠᠪᠠᠯ ᠰᠠᠷᠠᠭᠣᠯᠬᠠᠨ ᠬᠦᠠᠳᠡᠢ ᠶᠢᠨ ᠲᠣᠮᠳᠠᠭᠣᠷ ᠭᠣᠣᠯ ᠤᠨ ᠣᠰᠣ ᠴᠠᠶ᠋‍ᠢᠯᠵᠠᠭᠠᠳ ᠮᠣᠢᠩᠬᠥᠨ ᠣᠳᠠᠰᠣ ᠬᠡᠮᠡᠷ᠃ ᠨᠣᠮᠢᠨ ᠲᠠᠯ᠎ᠠ ᠊ᠳᠣᠨᠢ ᠠᠳᠣᠭᠣ ᠦᠬᠡᠷ ᠤᠨ ᠲᠣᠮᠳᠠ ᠲᠡᠮᠠᠬᠡᠥᠨ ᠲᠣᠷᠣᠶ᠋‍ᠢᠯᠴᠠᠨ ᠬᠠᠷᠠᠭᠳᠠᠨ᠎ᠠ᠃ ᠲᠡᠷᠳᠡᠬᠡᠬᠢ ᠲᠣᠢᠩᠬᠥᠬᠡᠷ ᠬᠦᠬᠡ ᠠᠭᠣᠯᠠ ᠶᠢᠨ ᠬᠢᠷ᠎ᠠ ᠪᠠᠷ ᠬᠡᠳᠥᠨ ᠲᠣᠯᠪᠣ ᠶᠠᠭᠣᠮ᠎ᠠ ᠬᠠᠷᠠᠭᠳᠠᠬᠣ ᠨᠢ ᠲᠣᠳᠣ ᠦᠭᠡᠶ᠃ ᠵᠠᠬᠥᠡᠰᠢ ᠬᠦᠠᠳᠡᠢ ᠦᠷᠬᠥᠯᠵᠢᠯᠡᠨ ᠢᠣᠰᠠᠭᠠᠯ ᠤᠨ ᠬᠡᠷ ᠬᠣᠨ ᠰᠢᠭ ᠴᠠᠶ᠋‍ᠢᠯᠵᠠᠨ᠎ᠠ᠃

ᠪᠢᠳᠠ ᠵᠠᠷᠬᠡᠯᠡᠳᠡᠬᠡ ᠠᠶ᠋‍ᠢᠯ ᠤᠳ ᠢᠶᠡᠷ ᠠᠶ᠋‍ᠢᠯᠴᠢᠯᠠᠪᠠ᠃ ᠨᠠᠢᠮᠠᠨ ᠬᠠᠨᠠᠳᠣ ᠡᠢᠰᠠᠬᠡᠢ ᠬᠡᠷ ᠲᠤ ᠲᠠᠪᠠᠳᠠᠢ ᠰᠠᠭᠣᠨ ᠰᠢᠷᠭᠠᠯ ᠦᠷᠥᠮ᠎ᠡ ᠬᠦᠪᠥᠭ᠍ᠰᠡᠨ ᠰᠥ ᠲᠡᠶ ᠴᠠᠢ ᠶᠢ ᠣᠭᠣᠴᠢᠯᠠᠨ ᠱᠦᠬᠥᠮᠡᠯ ᠠᠮᠳᠠᠯᠠᠬᠣ ᠳᠤ ᠨᠠᠢᠮᠠᠨ ᠰᠠᠷ᠎ᠠ ᠶᠢᠨ ᠲᠣᠷᠭᠣᠳ ᠨᠣᠳᠣᠭ ᠬᠡᠵᠦ ᠶ᠋‍ᠢᠷᠭᠠᠯ ᠤᠨ ᠣᠷᠳᠣᠨ ᠬᠡᠵᠦ ᠮᠠᠳᠠ᠃ ᠡᠠᠳᠠᠬᠢ ᠨᠣᠳᠣᠭ ᠤᠨ ᠬᠦᠮᠥᠰ ᠬᠣᠨᠢ ᠭᠠᠷᠭᠠᠭᠠᠳ ᠮᠢᠬ᠎ᠠ ᠴᠢᠨᠠᠵᠣ ᠡᠢᠳᠡᠬᠥ ᠳᠡᠭᠡᠨ ᠣᠷᠢᠳ ᠶ᠋‍ᠢᠠᠷ ᠮᠢᠬ᠎ᠠ ᠶᠢ ᠨᠢ ᠱᠣᠯᠣᠵᠣ᠂ ᠶᠠᠰᠣ ᠶᠢ ᠦᠨᠳᠡᠬᠡᠨ ᠴᠠᠭᠠᠨ ᠥᠩᠬᠡ ᠲᠡᠶ ᠪᠣᠯᠳᠠᠯ᠎ᠠ ᠮᠥᠯᠵᠢᠨ᠎ᠡ᠃ ᠲᠠᠷᠠᠭ᠎ᠠ ᠊ᠳᠣᠨᠢ ᠱᠣᠯᠣᠭᠰᠠᠨ ᠮᠢᠬᠠᠨ ᠳᠠᠭᠠᠨ ᠬᠦᠪᠥᠷᠢᠳᠴᠦ ᠵᠦᠰᠦᠬᠡᠥᠨ ᠪᠣᠯᠭᠣᠭᠰᠠᠨ ᠭᠣᠯᠢᠷ ᠬᠣᠳᠭᠣᠨ ᠣᠷᠣᠭᠣᠯᠣᠨ᠎ᠠ᠃ ᠡᠨᠠ ᠨᠢ ᠦᠵᠡᠬᠥ ᠳᠤ ᠰᠣᠨᠢᠨ ᠮᠥᠷᠳᠡᠬᠡᠨ ᠡᠢᠳᠡᠬᠥ ᠳᠤ ᠴᠤ ᠬᠣᠪᠣᠷ ᠰᠠᠶ᠋‍ᠢᠬᠠᠨ ᠦᠨᠥᠷ ᠠᠮᠳᠠ ᠲᠡᠶ ᠦᠪᠡᠷᠮᠢᠴᠡ ︽ᠰᠢᠳᠣᠨ ᠤ ᠲᠠᠬᠢᠯᠭ᠎ᠠ︾ ᠪᠣᠯᠬᠣ ᠶᠣᠮᠰᠠᠨ᠃

ᠪᠢᠳᠠ ᠰᠠᠷᠠᠭᠣᠯ ᠤᠨ ᠲᠠᠠᠵᠢᠨ ᠡᠴᠡ ᠪᠠᠭᠣᠭᠠᠳ ᠭᠠᠳᠣᠯᠵᠣ ᠡᠢᠷᠡᠭ᠍ᠰᠡᠨ ᠭᠣᠣᠯ ᠤᠨ ᠬᠦᠪᠡᠬᠡ ᠪᠠᠷ ᠵᠠᠬᠥᠡᠰᠢ ᠮᠣᠷᠢ ᠲᠠᠪᠬᠢᠭᠣᠯᠣᠨ ᠶᠠᠪᠣᠭᠰᠠᠭᠠᠷ ᠭᠠᠳᠠᠨ᠎ᠠ ᠪᠠᠨ ᠣᠯᠠᠨ ᠬᠦᠮᠥᠨ ᠠᠪᠠᠭᠠᠷᠠᠯᠳᠣᠭᠰᠠᠨ ᠵᠤᠰᠠᠭᠠᠯ ᠤᠨ ᠠᠶ᠋‍ᠢᠯ ᠳᠤ ᠬᠦᠷᠪᠡ᠃ ᠡᠨᠠ ᠪᠣᠯ ᠲᠠᠶ᠋‍ᠢᠮ᠎ᠠ ᠶᠢᠨ ᠪᠠᠭ᠎ᠠ ᠨᠠᠭᠠᠴᠣ ᠶᠢᠨ ᠬᠢᠨ᠃ ᠲᠡᠳᠡᠬᠡᠷ ᠬᠦᠮᠥᠰ ᠨᠣᠣᠰᠣ ᠰᠠᠪᠠᠨ ᠡᠢᠰᠠᠬᠡᠢ ᠬᠢᠵᠣ ᠪᠠᠶ᠋‍ᠢᠯ᠎ᠠ᠃ ᠡᠳᠠᠨ ᠤ ᠬᠢ ᠡᠴᠡ ᠲᠠᠶ᠋‍ᠢᠮ᠎ᠠ᠂ ᠪᠠᠶᠠᠷᠳᠠᠢ (ᠲᠠᠷᠢᠮ᠎ᠠ ᠶ᠋‍ᠢᠨ ᠦᠶᠡᠯᠢᠥᠨ ᠲᠡᠬᠥᠤ) ᠲᠡᠶ ᠭᠣᠷᠪᠠᠭᠣᠯᠠ ᠮᠣᠷᠢ ᠪᠠᠷ ᠭᠣᠣᠯ ᠭᠠᠳᠣᠯᠣᠨ ᠴᠠᠭᠠᠰᠢ ᠲᠠᠪᠬᠢᠭᠣᠯᠣᠯ᠎ᠠ᠃ ᠵᠠᠮ ᠳᠤ ᠮᠠᠯᠵᠢᠵᠣ ᠪᠠᠶ᠋‍ᠢᠭ᠎ᠠ ᠡᠢᠰᠠᠬᠡᠢ ᠬᠡᠷ ᠲᠡᠶ ᠬᠠᠰᠠᠭ ᠤᠨ ᠠᠶ᠋‍ᠢᠯ ᠲᠣᠬᠢᠶᠠᠯᠳᠣᠬᠣ ᠨᠢ ᠪᠦᠷ ᠴᠤ ᠰᠣᠨᠢᠨ᠃ ᠬᠣᠷᠮᠣᠢ ᠪᠠᠷ ᠲᠡᠯᠬᠡᠭ᠍ᠰᠡᠨ ᠲᠠᠯ᠎ᠠ ᠶᠢᠨ ᠦᠷᠣᠴᠡ ᠪᠠᠷ ᠵᠤᠣᠵᠠᠢ ᠬᠣᠯᠪᠣᠨ ᠲᠠᠪᠬᠢᠭᠣᠯᠬᠣ ᠳᠤ ᠭᠣᠣᠯ ᠤᠨ ᠣᠰᠣ ᠡᠢᠷᠠᠭᠣ ᠡᠬᠡᠰᠢᠭ᠌ ᠢᠶᠡᠷ ᠴᠠᠯᠬᠢᠯᠠᠵᠣ᠂ ᠵᠤᠰᠠᠭᠠᠯ ᠤᠨ ᠨᠣᠳᠣᠭ ᠥᠩᠬᠡ ᠶ᠋‍ᠢᠨ ᠦᠵᠡᠮᠵᠢ ᠪᠠᠷ ᠰᠣᠯᠣᠩᠭ᠋ᠠᠷᠠᠵᠣ᠂ ᠵᠤᠨ ᠤ ᠲᠡᠭ᠍ᠷᠢ ᠬᠣᠷᠠᠭᠠᠨ ᠴᠠᠭᠠᠨ ᠡᠬᠥᠯᠡᠰ ᠢᠶᠡᠷ ᠴᠢᠮᠩᠯᠡᠭ᠍ᠳᠡᠨ ᠬᠠᠷᠠᠭᠳᠠᠨ᠎ᠠ᠃ ᠠᠭᠠᠷ ᠴᠠᠯᠬᠢᠯᠠᠳᠠᠯ᠎ᠠ ᠬᠦᠬᠡᠷᠡᠯᠲᠦᠵᠦ ᠰᠡᠷᠢᠬᠥᠤ ᠲᠠᠳᠠᠭᠰᠠᠨ ᠴᠠᠩᠬᠡᠭ᠌ ᠠᠭᠠᠷ ᠢᠶᠡᠷ ᠴᠡᠬᠡᠵᠢ ᠲᠦᠬᠥᠷᠡᠨᠭ᠌ ᠠᠮᠢᠰᠬᠣᠯᠯᠠᠬᠣ ᠳᠤ ︽ᠶᠠᠭᠠᠬᠢᠭᠰᠠᠨ ᠴᠡᠯᠮᠡᠭ ᠶᠣᠮ ᠪᠣᠢ᠂ ᠮᠣᠩᠭ᠋ᠣᠯ ᠤᠨ ᠠᠷᠢᠭᠣᠨ ᠠᠭᠠᠷ᠂ ᠶᠠᠭᠠᠬᠢᠭᠰᠠᠨ ᠴᠡᠯᠮᠡᠭ ᠶᠣᠮ ᠪᠣᠢ᠂ ᠮᠣᠩᠭ᠋ᠣᠯ ᠤᠨ ᠬᠦᠬᠡ ᠲᠡᠭ᠍ᠷᠢ︾ ᠬᠡᠵᠦ ᠰᠠᠳᠬᠢᠯ ᠶ᠋‍ᠢᠠᠷ ᠢᠶᠡᠨ ᠣᠨᠠᠨ ᠶᠠᠪᠣᠬᠣ ᠡᠴᠡ ᠳ᠋‍ᠠ᠃ ᠮᠥᠰᠤ ᠴᠠᠰᠣᠨ ᠤ ᠬᠣᠴᠢᠮᠠᠯ ᠣᠷᠣᠢ ᠲᠡᠶ ᠰᠠᠷᠢᠳᠠᠭ ᠦᠨᠳᠥᠷ ᠠᠭᠣᠯᠠᠰ ᠤᠨ ᠪᠠᠷ ᠢᠢ ᠰᠢᠷᠳᠡᠬᠥ ᠳᠤ᠄

︽ᠢᠳ ᠤ ᠲᠣᠯᠠᠭᠠᠨ ᠴᠠᠭ ᠲᠤ ᠡᠪᠣᠯ ᠤᠨ ᠰᠢᠨᠵᠢ ᠶᠢ ᠬᠠᠳᠠᠭᠠᠯᠠᠭᠰᠠᠨ\\ ᠵᠠᠭᠣᠷᠠᠮ᠎ᠠ ᠪᠠᠯᠴᠢᠭ ᠬᠠᠯᠠᠭᠣᠨ ᠳᠤ ᠰᠡᠷᠢᠬᠥᠨ ᠰᠠᠯᠬᠢ ᠶᠢ ᠰᠠᠩᠬᠢᠨᠡᠬᠥᠯᠥᠭᠰᠡᠨ\\ ᠵᠤᠭᠠᠯᠠᠬᠣ ᠪᠠᠶᠠᠷᠯᠠᠬᠣ ᠠᠷᠠᠳ ᠤᠨ ᠰᠠᠨᠠᠭ᠎ᠠ ᠵᠤᠷᠢᠭ ᠢ ᠰᠡᠷᠬᠥᠬᠡᠭ᠍ᠰᠡᠨ\\ ᠵᠠᠭᠣᠨ ᠪᠠᠷ ᠶᠢᠨ ᠭᠠᠵᠠᠷ ᠡᠴᠡ ᠬᠢᠯᠠᠯᠵᠠᠨ ᠬᠠᠷᠠᠭᠳᠠᠬᠣ ᠠᠭᠣᠯᠠ ᠪᠠᠶ᠋‍ᠢᠨ᠎ᠠ︾ ᠬᠡᠬᠥ ᠶᠡᠬᠡ ᠵᠤᠬᠢᠶᠠᠯᠴᠢ ᠴ· ᠲᠡᠮᠳᠢᠡᠰᠥᠷᠣᠡᠭ ᠤᠨ ᠰᠢᠯᠥᠭ ᠤᠨ ᠮᠦᠷ ᠪᠠᠳᠠᠭ ᠰᠠᠳᠬᠢᠯ ᠳᠤ ᠪᠠᠭᠣᠨ᠎ᠠ᠃

ᠵᠤᠰᠡᠯᠡᠨᠭ᠌ ᠳᠤ ᠡᠢᠷᠡᠭ᠍ᠰᠡᠨ ᠤ ᠵᠢᠷᠭᠣᠳᠠᠬᠢ ᠦᠷᠯᠦᠬᠡ ᠲᠠᠶ᠋‍ᠢᠮ᠎ᠠ ᠪᠢᠳᠠ ᠬᠣᠶᠠᠭᠣᠯᠠ ᠨᠣᠶ᠋‍ᠢᠷ ᠡᠴᠡ ᠪᠠᠨ ᠰᠡᠷᠠᠬᠥ ᠳᠤ ᠦᠬᠡᠷ᠎ᠡ ᠠᠶ᠋‍ᠢᠯ ᠤᠨ ᠬᠡᠳᠥᠨ ᠬᠦᠮᠥᠨ ᠡᠳᠠᠨ ᠤ ᠬᠢᠨ ᠳᠤ ᠡᠢᠷᠡᠬᠡᠥᠨ ᠬᠡᠷ ᠤᠨ ᠡᠵᠠᠨ ᠲᠡᠶ ᠶᠡᠬᠡ ᠯᠠ ᠶᠠᠷᠢᠶ᠎ᠠ ᠬᠦᠬᠡᠷᠥᠬᠡ ᠪᠣᠯᠵᠣ ᠪᠠᠶ᠋‍ᠢᠯ᠎ᠠ᠃ ᠶᠠᠷᠢᠯᠴᠠᠭᠠᠨ ᠡᠴᠠ ᠨᠢ ᠲᠠᠳᠠᠨᠣᠰ ᠤᠨ ᠬᠡᠳᠥᠨ ᠡᠢᠮᠠᠭ᠎ᠠ ᠰᠥᠷᠥᠭ ᠡᠴᠡ ᠪᠠᠨ ᠰᠠᠯᠵᠣ ᠰᠦᠢᠢᠯᠡᠬᠡᠥᠨ ᠰᠠᠷᠠᠭᠣᠯ ᠤᠨ ᠬᠣᠶ᠋‍ᠢᠳᠣᠬᠢ ᠲᠣᠢᠩᠬᠥᠬᠡᠷ ᠬᠦᠬᠡ ᠠᠭᠣᠯᠠ ᠶᠢᠨ ᠣᠷᠣᠢ ᠳᠤ ᠪᠠᠶ᠋‍ᠢᠬᠣ ᠶᠣᠮ ᠬᠡᠳᠡᠭ ᠢ ᠮᠠᠳᠠᠯ᠎ᠠ᠃ ᠡᠷᠢᠯ ᠳᠤ ᠭᠠᠷᠣᠭᠰᠠᠨ ᠲᠡᠳᠡᠬᠡᠷ ᠬᠦᠮᠥᠰ ᠪᠠᠭ᠎ᠠ ᠦᠳᠡ ᠶᠢᠨ ᠣᠢᠶ᠎ᠡ ᠪᠠᠷ ᠡᠨᠡᠬᠥᠷ ᠭᠠᠷ ᠬᠣᠭᠣᠰᠣᠨ ᠪᠣᠴᠠᠵᠣ ᠡᠢᠷᠡᠭ᠍ᠰᠡᠨ ᠨᠢ ᠬᠡᠳᠥᠨ ᠡᠢᠮᠠᠭ᠎ᠠ ᠨᠢ ᠠᠭᠣᠯᠠᠨ ᠳᠤ ᠵᠠᠷᠯᠢᠭ᠍ᠰᠢᠬᠡᠥᠨ ᠪᠠᠷᠢᠭᠳᠠᠬᠣ ᠦᠭᠡᠶ ᠪᠣᠯᠣᠭᠰᠠᠨ ᠬᠡᠨ᠎ᠡ ᠯᠠᠢ᠃ ᠪᠢ ᠬᠡᠷ ᠤᠨ ᠡᠢᠮᠠᠭ᠎ᠠ ᠵᠠᠷᠯᠢᠭ᠍ᠰᠢᠬᠡᠥᠨ ᠬᠠᠮᠢᠶ᠎ᠠ ᠦᠭᠡᠶ ᠠᠭᠣᠯᠠᠨ ᠳᠤ ᠶᠠᠪᠣᠬᠣ ᠶᠢ ᠮᠠᠰᠢ ᠰᠣᠨᠢᠷᠬᠠᠬᠣ ᠳᠤ ᠲᠠᠶ᠋‍ᠢᠮ᠎ᠠ ᠮᠠᠨ ᠤ ᠬᠢᠨ ᠤ ᠦᠬᠡᠷ ᠮᠠᠯ ᠵᠦᠩᠳᠡᠬᠡᠨ ᠵᠠᠷᠯᠢᠭ᠍ᠰᠢᠳᠡᠭ ᠬᠡᠵᠦ ᠡᠢᠨᠢᠶᠠᠨ ᠨᠢᠬᠡ ᠣᠴᠢᠷ ᠢ ᠨᠠᠳᠠ ᠳᠤ ᠬᠡᠯᠡᠵᠦ ᠦᠭᠬᠥᠯ᠎ᠡ᠃ ᠬᠣᠷᠢᠭᠠᠳ ᠶ᠋‍ᠢᠯ ᠤᠨ ᠡᠮᠣᠨ᠎ᠠ ᠡᠳᠠᠨᠣᠰ ᠤᠨ ᠨᠣᠳᠣᠭ ᠲᠤ ᠰᠠᠷᠯᠣᠭ ᠦᠬᠡᠷ ᠪᠠᠶ᠋‍ᠢᠭᠰᠠᠨ ᠦᠭᠡᠶ ᠪᠣᠯᠭᠣᠷ ᠰᠢᠨᠵᠢᠶᠡᠨᠭ᠌ ᠤᠨ ᠪᠠᠶᠠᠠᠭᠣᠣᠯ ᠵᠧᠤ ᠡᠴᠡ ᠲᠦᠴᠢ ᠲᠠᠪᠢᠨ ᠰᠠᠷᠯᠣᠭ ᠦᠬᠡᠷ ᠲᠠᠭᠣᠵᠣ ᠠᠪᠴᠢᠷᠠᠭᠠᠳ ᠠᠷᠠᠴᠢᠯᠠᠵᠣ ᠲᠡᠵᠢᠬᠡᠵᠡᠢ᠃ ᠬᠡᠳᠡᠯ᠎ᠡ ᠣᠳᠠᠯ ᠦᠭᠡᠶ ᠡᠳᠡᠬᠡᠷ ᠰᠠᠷᠯᠣᠭ ᠦᠬᠡᠷ ᠤᠳ ᠵᠠᠷᠯᠢᠭ᠍ᠰᠢᠬᠡᠥᠨ ᠠᠭᠣᠯᠠ ᠶᠢᠨ ᠪᠠᠷᠳᠠᠭ᠎ᠠ ᠴᠠᠰᠣᠳᠣ ᠣᠷᠬᠢᠯ ᠢᠶᠡᠷ ᠮᠠᠴᠣᠵᠣ ᠡᠵᠠᠨ ᠳᠡᠭᠡᠨ ᠪᠠᠷᠢᠭᠳᠠᠬᠣ ᠦᠭᠡᠶ ᠪᠣᠯᠣᠭᠰᠠᠨ ᠪᠠᠶ᠋‍ᠢᠪᠠ᠃ ᠠᠷᠭ᠎ᠠ ᠪᠠᠨ ᠪᠠᠷᠠᠭᠰᠠᠨ ᠲᠣᠷᠭᠣᠳ ᠮᠠᠯᠴᠢᠳ ᠵᠠᠷᠯᠢᠭ᠍ᠰᠢᠭ᠍ᠰᠡᠨ ᠮᠠᠯ ᠢᠶᠡᠨ ᠫᠣᠣᠳᠠᠵᠣ ᠠᠯᠠᠭᠰᠠᠨ ᠬᠡᠨ᠎ᠡ᠃

ᠮᠠᠯ ᠵᠠᠷᠯᠢᠭ᠍ᠰᠢᠨ᠎ᠡ ᠬᠡᠳᠡᠭ ᠴᠢᠨᠢ ᠨᠣᠳᠣᠭ ᠣᠰᠣ ᠪᠡᠷᠬᠡ ᠪᠠᠷᠳᠠᠭ᠎ᠠ ᠲᠡᠶ ᠮᠥᠷᠳᠡᠬᠡᠨ ᠣᠩᠭ᠋ᠣᠨ ᠲᠠᠷᠬᠠᠨ ᠪᠠᠶ᠋‍ᠢᠭᠠᠯᠢᠯᠢᠭ ᠬᠡᠪ ᠢᠶᠡᠷ ᠢᠶᠡᠨ ᠪᠠᠶ᠋‍ᠢᠭ᠎ᠠ ᠶᠢ ᠬᠠᠷᠠᠭᠣᠯᠬᠣ ᠠᠵᠢ᠃ ᠮᠢᠨᠣ ᠨᠣᠳᠣᠭ ᠪᠣᠯ ᠦᠪᠥᠷ ᠮᠣᠩᠭ᠋ᠣᠯ ᠤᠨ ᠬᠣᠷᠴᠢᠨ ᠪᠠᠷᠠᠭᠣᠨ ᠭᠠᠷᠣᠨ ᠡᠮᠣᠨᠠᠳᠣ ᠬᠣᠰᠢᠭᠣᠨ ᠤ ᠮᠠᠯᠵᠢᠭᠤ ᠣᠷᠣᠨ ᠶᠣᠮᠰᠠᠨ᠃ ᠬᠡᠳᠡᠯ᠎ᠡ ᠮᠠᠯ ᠵᠠᠷᠯᠢᠭ᠍ᠰᠢᠬᠥ ᠪᠠᠶ᠋‍ᠢᠳᠣᠭᠠᠢ ᠬᠠᠰᠢᠶᠠᠯᠠᠵᠣ ᠬᠣᠷᠣᠭᠠᠯᠠᠵᠣ ᠪᠠᠶ᠋‍ᠢᠳᠠᠯ᠎ᠠ ᠬᠣᠯᠠᠭᠠᠶ᠋‍ᠢᠴᠢ ᠳᠣ ᠠᠯᠳᠠᠬᠣ ᠶᠠᠪᠣᠳᠠᠯ ᠵᠦᠩᠳᠡᠬᠡᠨ᠃ ᠲᠡᠷᠳᠡᠬᠡ ᠬᠣᠯᠠ ᠡᠢᠵᠢᠯ ᠵᠠᠢ ᠡᠴᠡ ᠵᠤᠷᠢᠵᠣ ᠡᠢᠷᠡᠭ᠍ᠰᠡᠨ ᠲᠣᠷᠭᠣᠳᠴᠣᠳ ᠤᠨ ᠡᠨᠠ ᠰᠠᠶ᠋‍ᠢᠬᠠᠨ ᠣᠣᠭᠠᠯ ᠨᠣᠳᠣᠭ ᠬᠡᠵᠦ ᠠᠯᠳᠠᠨ ᠪᠠᠶ᠋‍ᠢᠭᠠᠯᠢ ᠨᠢ ᠡᠪᠳᠡᠭ᠍ᠳᠡᠬᠡ ᠦᠭᠡᠶ ᠣᠩᠭ᠋ᠣᠨ ᠬᠡᠪ ᠢᠶᠡᠷ ᠢᠶᠡᠨ᠂ ᠠᠷᠢᠭᠣᠨ ᠶᠣᠰᠣ ᠨᠢ ᠲᠠᠶᠠᠭᠳᠠᠭᠳᠠᠭ᠎ᠠ ᠦᠬᠡᠢ ᠪᠣᠯᠪᠠᠰᠣᠨ ᠵᠠᠩᠰᠢᠯ ᠢᠶᠡᠷ ᠢᠶᠡᠨ ᠪᠠᠶ᠋‍ᠢᠭ᠎ᠠ ᠨᠢ ᠬᠣᠯᠠ ᠣᠶ᠋‍ᠢᠷᠠᠬᠢ ᠶᠢᠨ ᠬᠣᠳᠠᠯᠠ ᠮᠣᠩᠭ᠋ᠣᠯᠴᠣᠳ ᠤᠨ ᠪᠠᠬᠠᠷᠣᠯ ᠢ ᠲᠠᠳᠠᠬᠣ ᠨᠢ ᠲᠠᠮᠵᠢᠭ ᠦᠭᠡᠶ ᠶᠣᠮ᠃ ᠮᠦᠨ ᠴᠤ ᠣᠯᠢᠭ ᠢᠶᠡᠨ ᠪᠠᠷᠠᠭᠰᠠᠨ ᠬᠦᠮᠥᠰ ᠬᠠᠯᠠᠭᠣᠨ ᠡᠩᠬᠡᠷ ᠢ ᠨᠢ ᠪᠢᠳᠡᠬᠡᠢ ᠣᠷᠠᠵᠣ᠂ ᠣᠳᠣᠮ ᠢᠶᠡᠨ ᠣᠭᠣᠷᠣᠭᠰᠠᠨ ᠡᠳᠡᠬᠡᠥᠨ ᠬᠠᠶ᠋‍ᠢᠷᠠᠨ ᠰᠣᠶᠣᠯ ᠢ ᠨᠢ ᠪᠢᠳᠡᠬᠡᠢ ᠲᠠᠶᠠᠭᠳᠠᠭᠠᠷᠠᠢ ᠬᠡᠵᠦ ᠰᠠᠳᠬᠢᠯ ᠵᠢᠷᠥᠬᠡᠨ ᠳᠡᠭᠡᠨ ᠲᠠᠭᠠᠳᠬᠠᠨᠠᠮ ᠪᠢ᠃

ᠲᠣᠭᠣᠰᠣ ᠦᠭᠡᠶ ᠭ᠍ᠬᠢᠷ ᠦᠭᠡᠶ ᠲᠣᠷᠭᠠᠨ ᠠᠭᠠᠷ ᠲᠡᠶ ᠲᠣᠷᠭᠣᠳ ᠨᠣᠳᠣᠭ ᠤᠨ ᠵᠤᠰᠡᠯᠡᠨᠭ᠌ ᠤᠨ ᠠᠭᠣᠯᠠᠨ ᠳᠤ ᠨᠢᠬᠡ ᠭᠠᠷᠠᠭ ᠵᠢᠷᠭᠠᠭᠠᠳ ︽ᠡᠢᠷᠡᠭ᠍ᠰᠡᠨ ᠰᠢᠪᠠᠭᠣ ᠪᠣᠴᠠᠳᠠᠭ᠂ ᠶᠠᠪᠣᠭᠰᠠᠨ ᠬᠦᠮᠥᠨ ᠡᠷᠬᠢᠳᠡᠭ︾ ᠤᠨ ᠵᠢᠮ᠎ᠠ ᠪᠠᠷ ᠲᠣᠯᠢ ᠰᠢᠶᠡᠨᠭ᠌ ᠣᠷᠣᠭᠣ ᠪᠠᠨ ᠪᠢᠳᠠ ᠪᠣᠴᠠᠭᠰᠠᠨ᠃


ᠲᠣᠷᠭᠣᠳ ᠡᠠᠬ᠎ᠠ ᠲᠡᠬᠥᠤ ᠨᠡᠷ ᠲᠡᠶ ᠨᠠᠶ᠋‍ᠢᠷᠯᠠᠯᠳᠣᠭᠰᠠᠨ


ᠠᠭᠣᠯᠠᠨ ᠡᠴᠡ ᠡᠢᠷᠡᠬᠥ ᠳᠤ ᠰᠣᠷᠭᠠᠭᠣᠯᠢ ᠡᠬᠢᠯᠡᠬᠥ ᠴᠠᠭ ᠴᠤ ᠲᠣᠯᠣᠮᠠᠷ ᠪᠣᠯᠵᠣ᠂ ᠬᠣᠶᠠᠷ ᠡᠳᠣᠷ ᠤᠨ ᠲᠠᠷᠠᠭ᠎ᠠ ᠯᠡᠨᠵᠧᠤ ᠳᠣ ᠪᠣᠴᠠᠬᠣ ᠬᠡᠷᠡᠭ᠍ᠳᠡᠢ ᠪᠠᠶ᠋‍ᠢᠯ᠎ᠠ᠃ ᠲᠡᠬᠡᠳᠡᠯ᠎ᠡ ᠲᠠᠶ᠋‍ᠢᠮ᠎ᠠ ᠶᠢᠨ ᠬᠠᠮᠳᠣ ᠰᠣᠷᠣᠯᠭᠠᠳᠠᠨ ᠪᠠᠳᠣᠵᠢᠷᠭᠠᠯ ᠡᠢᠷᠠᠵᠣ ᠮᠠᠨ ᠤ ᠭᠣᠷᠪᠠᠭᠣᠯᠠ ᠬᠣᠶᠠᠷ ᠮᠣᠲ᠋ᠣᠷ ᠢᠶᠡᠷ ᠲᠣᠯᠢ ᠰᠢᠶᠡᠨᠭ᠌ ᠡᠴᠡ ᠴᠠᠭᠠᠰᠢ ᠵᠢᠷᠠᠭᠠᠳ ᠭᠠᠵᠠᠷ ᠤᠨ ᠦᠵᠦᠬᠥᠷ ᠲᠠᠬᠢ ᠡᠯᠠᠰᠣᠨ ᠪᠠᠯᠭᠠᠰᠣ ᠶᠢ ᠴᠢᠭ᠍ᠯᠠᠯ᠎ᠠ᠃

ᠡᠯᠠᠰᠣᠨ ᠪᠠᠯᠭᠠᠰᠣᠨ ᠳᠤ ᠣᠴᠢᠨ᠎ᠠ᠂ ᠦᠶᠡᠷᠬᠡᠵᠦ ᠲᠠᠰᠣᠯᠴᠠᠭᠰᠠᠨ ᠨᠠᠶ᠋‍ᠢᠵᠠ ᠲᠡᠶ ᠪᠠᠨ ᠵᠤᠯᠭᠠᠨ᠎ᠠ ᠬᠡᠬᠥ ᠨᠢ ᠲᠠᠷᠠ ᠬᠣᠶᠠᠷ ᠣᠨ ᠵᠢᠷᠭᠠᠯ ᠬᠡᠬᠥ ᠳᠤ ᠲᠣᠷᠭᠣᠳ ᠡᠠᠬ᠎ᠠ ᠲᠡᠬᠥᠤ ᠨᠡᠷ ᠲᠡᠶ ᠲᠠᠨᠢᠯᠴᠠᠵᠣ ᠨᠠᠶ᠋‍ᠢᠷᠯᠠᠯᠳᠣᠬᠣ ᠨᠢ ᠴᠤ ᠮᠢᠨᠣ ᠵᠠᠪᠰᠢᠶᠠᠨ ᠠᠵᠢ᠃ ᠨᠡᠯᠣᠬᠡᠷ ᠨᠡᠯᠣᠬᠡᠷ ᠡᠯᠠᠰᠣ ᠮᠠᠩ‍ᠬ᠍‍᠎ᠠ ᠪᠠᠷ ᠬᠦᠷᠢᠶᠡᠯᠡᠭ᠍ᠳᠡᠭ᠍ᠰᠡᠨ ᠡᠨᠠ ᠪᠠᠯᠭᠠᠰᠣᠨ ᠳᠤ ᠣᠴᠢᠭᠠᠳ ᠪᠠᠭᠠᠳᠣᠷ᠂ ᠦᠨᠢᠷ᠂ ᠴᠠᠩᠬᠡᠯᠳᠡᠢ ᠬᠡᠬᠥ ᠮᠠᠳᠣ ᠶ᠋‍ᠢᠨ ᠰᠢᠨ᠎ᠠ ᠨᠠᠶ᠋‍ᠢᠵᠠᠰ ᠲᠡᠶ ᠲᠠᠨᠢᠯᠴᠠᠯ᠎ᠠ᠃

ᠦᠳᠡ ᠳᠤ ᠡᠯᠠᠰᠣᠨ ᠪᠠᠯᠭᠠᠰᠣᠨ ᠤ ᠲᠠᠷᠠ ᠬᠡᠲᠦᠬᠥᠯᠡ ᠶᠢᠨ ᠣᠷᠢᠯᠭ᠎ᠠ ᠪᠠᠷ ᠪᠢᠳᠠ ᠬᠣᠭᠣᠯᠠᠨ ᠬᠡᠷ ᠲᠤ ᠪᠠᠭᠣᠪᠠ᠃ ᠲᠣᠷᠭᠣᠳ ᠢᠨᠯᠠᠭᠣᠰ ᠤᠨ ᠨᠠᠷᠬᠢᠶ᠎ᠠ ᠬᠦᠬᠡᠷᠥᠬᠡ ᠬᠠᠯᠠᠭᠣᠮᠰᠣᠭ ᠣᠪᠣᠷ ᠲᠤ ᠣᠳᠠᠯ ᠦᠭᠡᠶ ᠪᠢᠳᠠ ᠨᠢᠭᠣᠷ ᠬᠠᠭᠠᠷᠠᠭᠰᠠᠨ ᠢᠶᠡᠷ ᠪᠠᠷᠠᠬᠣ ᠦᠭᠡᠶ᠂ ᠨᠡᠨᠭ᠌ ᠡᠢᠯᠠᠩᠭ᠋ᠣᠶ᠎ᠠ ᠬᠡᠳᠥᠨ ᠭ᠍ᠷᠡᠮ ᠲᠠᠳᠠᠭᠰᠠᠨ ᠤ ᠲᠠᠷᠠᠭ᠎ᠠ ᠪᠦᠷ ᠴᠤ ᠲᠠᠭᠣ ᠱᠣᠤ ᠲᠡᠶ ᠪᠣᠯᠵᠠᠢ᠃ ᠰᠢᠨᠡᠬᠡᠨ ᠲᠠᠨᠢᠯᠴᠠᠭᠰᠠᠨ ᠴᠠᠩᠬᠡᠯᠳᠡᠢ ︽ᠲᠣᠷᠭᠣᠳ ᠨᠣᠳᠣᠭ︾ ᠬᠡᠰᠡᠨ ᠲᠠᠭᠣᠤ ᠪᠠᠨ ᠣᠯᠠᠨ ᠳᠤ ᠪᠠᠷᠢᠪᠠ᠃

ᠲᠠᠪᠭᠣᠷ ᠲᠠᠪᠭᠣᠷ ᠠᠭᠣᠯᠠᠨ ᠳᠤ

ᠲᠡᠨᠭ᠌ ᠤᠨ ᠪᠥᠳᠡᠨᠭ᠌ ᠲᠠᠳᠠᠨ᠎ᠠ

ᠲᠠᠯᠠᠢ ᠶᠡᠬᠡ ᠲᠣᠷᠭᠣᠳ ᠨᠣᠳᠣᠭ ᠮᠢᠨᠢ

ᠲᠠᠠᠳᠠᠯ ᠮᠠᠠᠳᠠᠯ ᠰᠠᠨᠠᠭᠳᠠᠨ᠎ᠠ ᠳ᠋‍ᠠ᠁

ᠶᠠᠭᠠᠬᠢᠭᠰᠠᠨ ᠣᠶᠠᠷᠠᠯᠳᠠᠢ ᠲᠠᠭᠣᠤ ᠪᠣᠢ︖ ᠡᠬᠡ ᠨᠣᠳᠣᠭ ᠪᠠ ᠡᠵᠠᠨ ᠬᠦᠮᠥᠨ ᠢ ᠬᠣᠯᠪᠣᠭᠰᠠᠨ ᠬᠠᠶ᠋‍ᠢᠷ᠎ᠠ ᠶᠢᠨ ᠲᠠᠭᠣᠤ᠃ ᠬᠡᠳᠥᠨ ᠢᠨᠭᠣᠨ ᠵᠢᠯ ᠤᠨ ᠡᠮᠣᠨ᠎ᠠ ᠡᠢᠵᠢᠯ ᠵᠠᠢ ᠳᠤ ᠣᠴᠢᠭᠰᠠᠨ ᠲᠣᠷᠭᠣᠳᠴᠣᠳ ᠤᠨ ᠣᠣᠭᠠᠯ ᠨᠣᠳᠣᠭ ᠠᠯᠳᠠᠢ ᠶᠢᠨ ᠰᠠᠶ᠋‍ᠢᠬᠠᠨ ᠣᠷᠣᠨ ᠶ᠋‍ᠢᠠᠨ ᠰᠠᠨᠠᠵᠣ ᠮᠥᠷᠣᠬᠡᠳᠥᠭᠰᠡᠨ ᠰᠠᠳᠬᠢᠯ ᠤᠨ ᠣᠶᠠᠬᠠᠨ ᠶᠠᠳᠣᠭ᠎ᠠ᠂ ᠡᠬᠡᠵᠦ ᠪᠣᠴᠠᠵᠣ ᠡᠢᠷᠡᠬᠥ ᠶᠢᠨ ᠨᠠᠷᠮᠠᠢ ᠬᠦᠰᠡᠯ᠂ ᠦᠷᠡᠭ᠍ᠳᠡᠯ ᠲᠠᠮᠠᠴᠠᠯ ᠤᠨ ᠭᠡᠨᠭ᠌ ᠵᠤᠷᠢᠭ ᠪᠣᠯᠵᠣ ᠪᠠᠶ᠋‍ᠢᠭᠰᠠᠨ ᠪᠢᠰᠢ ᠦᠦ︖ ᠴᠠᠩᠬᠡᠯᠳᠡᠢ ᠶᠢᠨ ᠲᠠᠭᠣᠤ ᠶᠢ ᠨᠢᠬᠡ ᠨᠢᠬᠡ ᠪᠠᠷ ᠵᠠᠯᠭᠠᠵᠣ ᠠᠪᠣᠭᠰᠠᠭᠠᠷ ᠲᠠᠳᠠ ᠪᠦᠬᠥᠳᠡᠬᠡᠷ ᠲᠠᠭᠣᠯᠠᠯ᠎ᠠ᠃

ᠠᠵᠢᠨᠠᠢ ᠬᠦᠯᠥᠭ ᠮᠣᠷᠢ ᠮᠢᠨᠢ ᠳ᠋‍ᠠ

ᠠᠯᠭᠣᠭ᠎ᠠ ᠪᠠᠨ ᠲᠠᠭᠠᠭᠠᠳ ᠪᠦᠮᠪᠥᠷᠢᠨ᠎ᠡ ᠬᠦ᠋

ᠠᠳᠠᠷ ᠪᠠᠶᠠᠯᠢᠭ ᠲᠣᠷᠭᠣᠳ ᠨᠣᠳᠣᠭ ᠮᠢᠨᠢ

ᠠᠯᠣᠰ ᠤᠨ ᠬᠣᠯᠠ ᠡᠴᠡ ᠰᠠᠨᠠᠭᠳᠠᠨ᠎ᠠ ᠬᠦ᠋᠁

ᠡᠨᠠ ᠲᠠᠭᠣᠤ ᠪᠠᠨ ᠲᠣᠷᠭᠣᠳ ᠡᠠᠬ᠎ᠠ ᠲᠡᠬᠥᠤ ᠨᠡᠷ ᠨᠠᠶ᠋‍ᠢᠷ ᠤᠨ ᠰᠢᠷᠡᠬᠡᠨ ᠳᠤ ᠵᠠᠪᠠᠯ ᠲᠠᠭᠣᠯᠠᠳᠠᠭ ᠢᠶᠡᠷ ᠪᠠᠷᠠᠬᠣ ᠦᠭᠡᠶ᠂ ᠪᠠᠶ᠋‍ᠢᠷᠢ ᠶᠢᠨ ᠦᠷᠣᠬᠡ ᠨᠠᠮ ᠰᠡᠯᠠᠬᠥᠨ ᠪᠠᠶ᠋‍ᠢᠬᠣ ᠦᠶᠡᠰ ᠪᠣᠶᠣ ᠬᠡᠷ ᠡᠷᠣᠬᠡ ᠪᠠᠨ ᠰᠠᠨᠠᠵᠣ ᠣᠢᠢᠳᠬᠠᠷᠯᠠᠬᠣ ᠳᠤ ᠴᠣᠩᠬᠤ ᠪᠠᠷ ᠠᠯᠣᠰ ᠢ ᠰᠢᠷᠳᠠᠨ ᠨᠠᠮ ᠠᠶᠠᠯᠭᠣᠯᠠᠳᠠᠭ ᠢ ᠨᠢ ᠶᠡᠬᠡ ᠰᠣᠷᠭᠠᠭᠣᠯᠢ ᠶᠢᠨ ᠲᠥᠷᠪᠡᠨ ᠵᠢᠯ ᠤᠨ ᠲᠣᠷᠰᠢ ᠪᠢ ᠣᠯᠠᠠᠳᠠ ᠣᠯᠵᠣ ᠦᠵᠡᠭ᠍ᠰᠡᠨ᠃ ᠡᠨᠠ ᠲᠠᠭᠣᠤ ᠲᠣᠷᠭᠣᠳᠴᠣᠳ ᠤᠨ ᠰᠠᠳᠬᠢᠯ ᠳᠤ ᠬᠢᠷᠢ ᠵᠠᠷᠬᠡ ᠪᠠᠶ᠋‍ᠢᠷᠢ ᠲᠡᠶ ᠬᠡᠳᠡᠭ ᠢ ᠡᠬᠥᠪᠡᠷ ᠮᠠᠳᠠᠵᠣ ᠪᠣᠯᠣᠨ᠎ᠠ᠃

ᠰᠠᠶ᠋‍ᠢᠨ ᠰᠠᠭᠣᠵᠣ ᠪᠠᠶ᠋‍ᠢᠭᠠᠷᠠᠢ᠂ ᠲᠣᠷᠭᠣᠳ ᠨᠠᠶ᠋‍ᠢᠵᠠ ᠨᠡᠷ ᠮᠢᠨᠢ ᠡ︕


(ᠬ· ᠪᠦᠬᠡᠮᠡᠨᠳᠥᠯ᠎ᠡ ᠨᠠᠶ᠋‍ᠢᠷᠠᠭᠣᠯᠪᠠ)

ᠵᠤᠬᠢᠶᠠᠭᠴᠢ ᠶᠢᠨ ᠬᠠᠶᠢᠭ᠄ ᠬᠢᠩᠭ᠋ᠠᠨ ᠠᠶ᠋‍ᠢᠮᠠᠭ ᠤᠨ ᠬᠣᠷᠴᠢᠨ ᠪᠠᠷᠠᠭᠣᠨ ᠭᠠᠷᠣᠨ ᠡᠮᠣᠨᠠᠳᠣ ᠬᠣᠰᠢᠭᠣᠨ ᠤ ᠨᠢᠬᠡᠲᠦᠬᠡᠷ ᠲᠣᠮᠳᠠᠳᠣ ᠰᠣᠷᠭᠠᠭᠣᠯᠢ ᠶᠢᠨ ᠮᠣᠩᠭ᠋ᠣᠯ ᠬᠡᠯᠡᠨ ᠤ ᠲᠠᠰᠣᠭ

ᠵᠤᠬᠢᠶᠠᠭᠴᠢ᠄ ᠮᠠᠨᠳᠤᠬᠤ
ᠢᠷᠡᠯᠲᠡ᠄ ᠬ᠂ᠪᠦᠬᠡᠮᠠᠨᠳᠤᠯ᠎ᠠ
ᠬᠠᠷᠢᠶ᠎ᠠ᠄
ᠳᠠᠷᠤᠮ᠄ 419
ᠴᠠᠭ᠄ 2015 ᠤᠨ ᠤ 05 ᠰᠠᠷ᠎ᠠ ᠶᠢᠨ 16
ᠨᠠᠢ᠌ᠷᠠᠭᠤᠯᠤᠭᠴᠢ᠄ ᠬᠦᠷᠡᠯᠳᠤᠭᠳᠠᠬᠤ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁