ᠨᠤᠲᠤᠭ ᠵᠢᠡᠨ ᠡᠷᠭᠦᠵᠦ ᠶᠠᠪᠤᠭ᠎ᠠ ᠬᠦᠮᠦᠰ

ᠪᠠᠷᠭᠤ ᠠᠢ᠌ᠮᠠᠭ ᠪᠣᠯ ᠮᠤᠩᠭ᠋ᠤᠯ ᠤᠨ ᠳᠡᠦᠭᠡᠨ ᠳᠡᠭᠡᠷᠡᠭᠢ ᠮᠠᠰᠢ ᠡᠷᠳᠡᠨ ᠤ ᠨᠢᠭᠡᠨ ᠭᠦᠴᠦᠷᠭᠡᠭ᠌ ᠠᠢ᠌ᠮᠠᠭ ᠪᠣᠯᠤᠨ᠎ᠠ ᠃ ᠪᠠᠷᠭᠤ ᠶᠢ ᠪᠠᠰᠠ ︽ ᠬᠤᠷᠢ ᠪᠠᠷᠭᠤ ︾ ᠭᠡᠳᠡᠭ᠌ ᠂ ︽ ᠬᠤᠷᠢ ︾ ᠭᠡᠳᠡᠭ᠌ ᠨᠢ ᠾᠤᠢᠩᠨᠤ ᠶᠢᠨ ᠣᠢᠶ᠎ᠠ ᠡᠴᠡ ᠡᠮᠦᠨ᠎ᠡ ᠮᠤᠩᠭ᠋ᠤᠯ ᠣᠯᠤᠰ ᠤᠨ ᠵᠡᠭᠦᠨ ᠭᠡᠰᠡᠭ᠌ ᠂ ᠯᠢᠶ‍ᠤᠤᠳᠤᠢᠩ ᠣᠷᠤᠨ ᠶᠢᠡᠷ ᠣᠷᠤᠰᠢᠨ ᠠᠮᠢᠳᠤᠷᠠᠵᠤ ᠪᠠᠢ᠌ᠭᠰᠠᠨ ᠮᠤᠩᠭ᠋ᠤᠯ ᠤᠨ ᠡᠷᠳᠡᠨ ᠤ ᠨᠢᠭᠡᠨ ᠳᠤᠮᠤ ᠠᠢ᠌ᠮᠠᠭ ᠶ‍ᠤᠮ ᠂ ᠪᠠᠷᠭᠤ ᠮᠤᠩᠭ᠋ᠤᠯᠴᠤᠳ ᠪᠣᠯ ᠶ‍ᠠᠭ ᠡᠨᠡ ᠭᠦ ︽ ᠬᠤᠷᠢ ︾ ᠠᠢ᠌ᠮᠠᠭ ᠤᠨ ᠬᠣᠢ᠌ᠴᠢᠰ ᠪᠣᠯᠬᠤ ᠪᠦᠭᠡᠤᠨ ᠣᠳᠤ ᠳᠤᠳᠤᠭᠠᠳᠤ ᠭᠠᠳᠠᠭᠠᠳᠤ ᠪᠠᠷ ᠥᠷᠭᠡᠨ ᠳᠠᠷᠬᠠᠨ ᠰᠠᠭᠤᠵᠤ ᠪᠣᠢ ᠃ ᠣᠳᠤᠬᠠᠨ᠎ᠠ ᠂ ᠪᠠᠷᠤᠭ ᠳᠠᠪᠤᠨ ᠳᠤᠢᠮᠠᠨ ᠪᠠᠷᠭᠤ ᠮᠤᠩᠭ᠋ᠤᠯᠴᠤᠳ ᠭᠦᠯᠤᠨ ᠪᠣᠢ᠌ᠷ ᠬᠤᠳᠠᠨ᠎ᠠ ᠣᠷᠤᠰᠢᠨ ᠠᠮᠢᠳᠤᠷᠠᠵᠤ ᠂ ᠥᠭᠡ ᠭᠡᠯᠡ ᠂ ᠥᠰᠦᠭ᠌ ᠪᠢᠴᠢᠭ᠌ ᠵᠢᠴᠢ ᠠᠢ᠌ᠮᠠᠭ ᠤᠨ ᠵᠠᠩ ᠵᠠᠩᠰᠢᠯ ᠶᠢᠡᠨ ᠪᠦᠷᠢᠨ ᠬᠠᠳᠠᠭᠠᠯᠠᠭᠰᠠᠭᠠᠷ ᠪᠠᠢ᠌ᠨ᠎ᠠ ᠃

ᠴᠠᠩ ᠱᠸᠩ ᠵᠢᠶ‍ᠧ ᠂ ᠸᠠᠩ ᠰᠢᠤᠸᠠᠢ ᠯᠢᠨ ᠂ ᠵᠠᠩ ᠪᠠᠢ ᠴᠢᠩ ᠬᠤᠶ‍ᠠᠷ ᠵᠢᠯ ᠭᠠᠷᠤᠢ ᠬᠤᠭᠤᠴᠠᠭ᠎ᠠ ᠶᠢ ᠵᠠᠷᠤᠴᠠᠭᠤᠯᠤᠨ ᠰᠢᠨ᠎ᠠ ᠪᠠᠷᠭᠤ ᠵᠡᠭᠦᠨ ᠬᠤᠰᠢᠭᠤ ᠂ ᠰᠢᠨ᠎ᠠ ᠪᠠᠷᠭᠤ ᠪᠠᠷᠠᠭᠤᠨ ᠬᠤᠰᠢᠭᠤ ᠂ ᠬᠠᠭᠤᠴᠢᠨ ᠪᠠᠷᠭᠤ ᠬᠤᠰᠢᠭᠤᠨ ᠤ ᠪᠠᠷᠭᠤ ᠮᠤᠩᠭ᠋ᠤᠯᠴᠤᠳ ᠤᠨ ᠠᠵᠤ ᠠᠮᠢᠳᠤᠷᠠᠯ ᠤᠨ ᠣᠯᠠ ᠮᠤᠢᠷ ᠢ ᠮᠤᠰᠭᠢᠨ ᠳᠠᠳᠠᠭᠰᠠᠨ ᠭᠡᠷᠡᠯ ᠵᠢᠷᠤᠭ ᠶᠢᠡᠷ ᠶᠢᠡᠨ ᠪᠠᠷᠭᠤ ᠠᠢ᠌ᠮᠠᠭ ᠤᠨ ᠰᠤᠶ‍ᠤᠯ ᠤᠨ ᠣᠢᠪ ᠂ ᠠᠮᠢᠳᠤᠷᠠᠯ ᠤᠨ ᠳᠠᠤᠠᠬᠠᠯ ᠵᠡᠷᠭᠡ ᠶᠢ ᠭᠡᠪ ᠶᠢᠡᠷ ᠨᠢ ᠳᠡᠮᠳᠡᠭᠯᠡᠵᠤ ᠠᠪᠴᠠᠢ ᠃ ᠡᠳᠡᠭᠡᠷ ᠪᠦᠳᠦᠭᠡᠯ ᠤᠳ ᠨᠢ ᠪᠠᠷᠭᠤ ᠮᠤᠩᠭ᠋ᠤᠯᠴᠤᠳ ᠤᠨ ᠣᠢᠪᠠᠷᠮᠢᠴᠠ ᠬᠤᠪᠴᠠᠰᠤ ᠵᠠᠰᠠᠯ ᠂ ᠰᠢᠡᠵᠢᠯᠡᠭᠦ ᠣᠬᠠᠭᠠᠠᠴᠢ ᠪᠦᠳᠦᠴᠡ ᠪᠦᠭᠦᠢ ᠳᠠᠪᠢᠯᠭ᠎ᠠ ᠭᠡᠷᠡᠭ᠍ᠰᠡᠯ ᠪᠦᠷᠢᠨ ᠮᠤᠩᠭ᠋ᠤᠯ ᠭᠡᠷ ᠂ ᠳᠠᠪᠤᠨ ᠬᠤᠰᠢᠭᠤ ᠮᠠᠯ ᠢᠷᠠᠢ᠌ᠭᠰᠠᠨ ᠨᠡᠯᠦᠭᠡᠷ ᠳᠠᠯ᠎ᠠ ᠂ ᠰᠥ᠋ ᠰᠠᠭᠠᠯᠢ ᠬᠠᠩᠬᠤᠯᠤᠭᠰᠠᠨ ᠮᠠᠯᠴᠢᠨ ᠭᠦᠮᠤᠨ ᠤ ᠠᠮᠢᠳᠤᠷᠠᠯ ᠂ ᠳᠤᠢᠪ ᠶ‍ᠡᠭᠡᠮᠰᠦᠭ᠌ ᠣᠶ‍ᠠᠬᠠᠨ ᠥᠩᠭᠡᠯᠢᠭ᠌ ᠣᠢᠠᠳᠤᠰᠤᠳᠠᠨ ᠤ ᠬᠤᠷᠢᠮ ᠂ ᠣᠪᠣᠭ᠎ᠠ ᠳᠠᠭᠢᠯᠭ᠎ᠠ ᠂ ᠡᠷ᠎ᠡ ᠶᠢᠨ ᠭᠤᠷᠪᠠᠨ ᠨᠠᠭᠠᠳᠤᠮ ᠂ ᠰᠢᠷᠪᠦᠰᠦᠯᠢᠭ᠌ ᠠᠳᠠᠯ᠎ᠠ ᠪᠠᠨ ᠴᠤᠪᠣᠭᠤᠯᠢᠭ ᠪᠠᠷᠭᠤ ᠶᠢᠨ ᠣᠢᠷᠠᠰ ᠢ ᠠᠮᠢᠳᠤᠯᠢᠭ ᠳᠤᠢᠷᠰᠤᠯᠠᠨ ᠥᠵᠡᠭᠦᠯᠦᠭ᠍ᠰᠡᠨ ᠪᠠᠢ᠌ᠨ᠎ᠠ ᠃ ᠳᠡᠭᠦᠨ ᠡᠴᠡ ᠣᠩᠰᠢᠭᠴᠢᠤᠨ ᠪᠠᠷᠭᠤ ᠮᠤᠩᠭ᠋ᠤᠯᠴᠤᠳ ᠤᠨ ᠢᠷᠡᠭᠡᠳᠦᠢ ᠳᠡᠭᠡᠨ ᠢᠳᠡᠭᠡᠯ ᠳᠦᠭᠦᠷᠡᠩ ᠂ ᠣᠢᠠᠳᠤᠰᠤᠳᠠᠨ ᠳᠡᠭᠡᠨ ᠭᠠᠯ ᠮᠠᠳᠤ ᠬᠠᠯᠠᠭᠤᠨ ᠬᠠᠢ᠌ᠷ᠎ᠠ ᠲᠡᠶ ᠪᠠᠢ᠌ᠬᠤ ᠶᠢ ᠭᠦᠡᠵᠡᠭᠡᠢ ᠣᠢ᠌ᠯᠠᠭᠠᠨ ᠮᠡᠳᠡᠷᠡᠭᠦ ᠪᠣᠯᠤᠨ᠎ᠠ ᠃ ( ᠮᠥᠩᠭᠡ ᠨᠠᠢ᠌ᠷᠠᠭᠤᠯᠤᠨ ᠣᠷᠴᠢᠭᠤᠯᠪᠠ )

ᠮᠠᠯᠴᠢᠨ ᠠᠢᠢᠯ

ᠠᠷᠭᠠᠯ ᠪᠤᠯ ᠴᠡᠪᠡᠷ ᠰᠠᠢᠢᠨ ᠲᠦᠯᠡᠰᠢ

ᠴᠠᠰᠦ ᠪᠡᠷ ᠪᠤᠴᠠᠵᠦ ᠢᠷᠡᠪᠡ

ᠭᠤᠣ᠎ᠠ ᠦᠬᠢᠳ

ᠪᠠᠷᠭᠤ ᠮᠠᠯᠴᠢᠳ ᠦᠨ ᠡᠪᠦᠯ ᠦᠨ ᠬᠤᠪᠴᠠᠰᠦ

ᠬᠡᠯᠳᠦᠷᠢᠯ

ᠮᠦᠰᠦ ᠬᠠᠳᠠᠭᠠᠯᠠᠬᠤ

ᠲᠡᠭᠷᠢ ᠡᠴᠡ ᠰᠤᠶᠤᠷᠬᠠᠯ ᠲᠠᠢ ᠷᠠᠰᠢᠶᠠᠨ

ᠴᠠᠢ ᠵᠢᠨ ᠠᠩᠬᠢᠯᠤᠮ᠎ᠠ ᠦᠨᠦᠷ

ᠬᠠᠯᠠᠭᠤᠨ ᠰᠢᠷᠳᠡᠯᠴᠡᠬᠡ

ᠵᠤᠷᠴᠢᠭᠴᠢ

ᠨᠡᠭᠦᠳᠡᠯ ᠡᠴᠡ ᠡᠮᠦᠨ᠎ᠠ

ᠰᠢᠨ᠎ᠠ ᠪᠠᠭᠤᠴᠠ

ᠪᠡᠯᠴᠢᠭᠡᠷ ᠲᠦ ᠭᠠᠷᠬᠤ ᠭᠡᠵᠦ ᠪᠤᠢ ᠬᠤᠨᠢᠨ ᠰᠦᠷᠦᠭ

ᠰᠢᠷᠤᠢ ᠵᠢᠨ ᠰᠢᠭᠤᠷᠭ᠎ᠠ ᠬᠢᠭᠡᠳ ᠤᠯᠠᠭᠠᠨ ᠲᠤᠭᠤᠰᠦ ᠮᠠᠯᠴᠢᠳ ᠲᠦ ᠪᠠᠢᠢᠩ᠋ᠭᠤ ᠲᠤᠬᠢᠶᠠᠯᠳᠤᠳᠠᠭ

ᠬᠦᠷ ᠴᠠᠰᠦ ᠵᠢ ᠠᠷᠢᠯᠭᠠᠵᠦ ᠬᠠᠰᠢᠶ᠎ᠠ ᠬᠤᠷᠢᠶ᠎ᠠ ᠪᠠᠨ ᠪᠠᠷᠢᠨ᠎ᠠ

ᠪᠤᠳᠤᠭᠤᠨ ᠳᠦ ᠪᠠᠨ ᠨᠠᠮᠡᠨᠡᠭᠡ ᠨᠦᠮᠦᠷᠭᠡᠨ᠎ᠠ

ᠬᠠᠢᠢᠯᠠᠷ ᠭᠤᠤᠯ ᠦᠨ ᠮᠦᠰᠦ ᠵᠢ ᠴᠤᠭᠤᠯᠵᠦ ᠬᠤᠨᠢ ᠪᠠᠨ ᠤᠰᠤᠯᠠᠵᠦ ᠪᠠᠢᠢᠭ᠎ᠠ ᠨᠢ

ᠡᠪᠦᠯ ᠦᠨ ᠬᠠᠷᠢᠭᠤᠯᠭ᠎ᠠ

ᠲᠠᠯ᠎ᠠ ᠵᠢᠨ ᠰᠠᠬᠢᠭᠤᠯ

ᠪᠠᠷᠭᠤ ᠮᠤᠩᠭ᠋ᠤᠯᠴᠤᠳ ᠦᠨ ᠢᠷᠡᠭᠡᠳᠦᠢ

ᠮᠠᠯᠴᠢᠨ ᠦᠨ ᠦᠷ᠎ᠠ

ᠢᠷᠡᠭᠡᠳᠦᠢ ᠵᠢᠨ ᠪᠦᠬᠡ

ᠮᠠᠯᠵᠢᠬᠤ ᠤᠷᠤᠨ ᠳᠦ ᠪᠠᠨ ᠪᠤᠴᠠᠨ ᠢᠷᠡᠭᠰᠡᠨ ᠤᠶᠤᠲᠠᠨ

ᠡᠮᠡᠭᠡ ᠵᠢᠨ ᠦᠯᠢᠬᠡᠷ

ᠠᠭᠤᠯᠠ ᠮᠡᠳᠦ ᠠᠪᠤ ᠵᠢᠨ ᠬᠠᠢᠢᠷ᠎ᠠ


ᠵᠤᠬᠢᠶᠠᠭᠴᠢ᠄ ᠴᠤ᠋ ᠲᠤᠭᠠᠷᠵᠠᠪ
ᠢᠷᠡᠯᠲᠡ᠄ ᠦᠨᠳᠦᠰᠦᠲᠡᠨ ᠦ ᠵᠢᠷᠤᠭᠲᠦ ᠰᠡᠳᠭᠦᠯ ᠦᠨ ᠬᠤᠷᠢᠶ᠎ᠠ
ᠬᠠᠷᠢᠶ᠎ᠠ᠄
ᠳᠠᠷᠤᠮ᠄ 374
ᠴᠠᠭ᠄ 2015 ᠤᠨ ᠤ 05 ᠰᠠᠷ᠎ᠠ ᠶᠢᠨ 10
ᠨᠠᠢ᠌ᠷᠠᠭᠤᠯᠤᠭᠴᠢ᠄ ᠰᠠᠴᠤᠷᠠᠯ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁