ᠺᠢᠨᠤ᠋ ᠵᠢᠨ ᠲᠠᠪᠴᠠᠩ ᠳᠡᠬᠢ ᠡᠭᠡᠴᠢ ᠲᠡᠭᠦᠦ ᠬᠤᠶᠠᠷ ᠬᠤᠸᠠᠷ

ᠨᠤᠮᠢᠨᠬᠤᠸᠠᠷ ᠲᠠᠨᠠᠬᠤᠸᠠᠷ ᠡᠬᠡᠴᠢ ᠲᠡᠭᠦᠦ ᠬᠤᠶᠠᠭᠤᠯᠠ ᠪᠠᠨ ᠴᠦᠮ ᠺᠢᠨᠤ᠋ ᠲᠸᠯᠸᠢᠰ ᠦᠨ ᠲᠤᠭᠯᠠᠭᠴᠢ᠂ᠲᠡᠳᠡᠨ ᠢ ᠺᠢᠨᠤ᠋ ᠤᠷᠠᠯᠢᠭ ᠦᠨ ᠲᠠᠪᠴᠠᠩ ᠳᠦ ᠲᠡᠯᠭᠡᠷᠡᠭᠰᠡᠨ ᠨᠢᠭᠡᠨ ᠬᠤᠤᠰ ᠰᠤᠷᠭᠤᠭ ᠴᠡᠴᠡᠭ ᠭᠡᠮᠡᠵᠦ ᠪᠤᠯᠬᠤ ᠶᠤᠮ᠃

ᠡᠭᠡᠴᠢ ᠨᠤᠮᠢᠨᠬᠤᠸᠠᠷ ᠨᠢ ᠦᠪᠦᠷ ᠮᠤᠩᠭ᠋ᠤᠯ ᠦᠨ ᠰᠢᠯᠦᠭᠤᠨ ᠴᠠᠭᠠᠨ ᠬᠤᠰᠢᠭᠤᠨ ᠦ ᠤᠯᠠᠭᠠᠨᠮᠤᠢᠴᠢᠷ᠂ᠤᠯᠠᠭᠠᠨᠬᠠᠳᠠ ᠦᠨᠳᠦᠰᠦᠲᠡᠨ ᠦ ᠲᠠᠭᠤᠤ ᠪᠦᠵᠢᠭ ᠦᠨ ᠪᠦᠯᠬᠦᠮ᠂ᠤᠯᠠᠭᠠᠨᠴᠠᠪ ᠠᠢᠢᠮᠠᠭ ᠦᠨ ᠦᠨᠳᠦᠰᠦᠲᠡᠨ ᠦ ᠲᠠᠭᠤᠤ ᠪᠦᠵᠢᠭ ᠦᠨ ᠪᠦᠯᠬᠦᠮ ᠳᠦ ᠠᠵᠢᠯᠯᠠᠵᠦ ᠪᠠᠢᠢᠭᠰᠠᠨ ᠪᠠ1998 ᠤᠨ ᠡᠴᠡ ᠺᠢᠨᠤ᠋ ᠲᠸᠯᠸᠢᠰ ᠵᠦᠴᠦᠬᠡ ᠵᠢᠨ ᠵᠤᠬᠢᠶᠠᠨ ᠪᠦᠳᠦᠭᠡᠯᠭᠡ ᠪᠠᠨ ᠡᠬᠢᠯᠡᠬᠦᠯᠦᠨ᠂1999ᠤᠨ ᠳᠦ ᠴᠢᠯᠦᠬᠡᠯᠡᠬᠦ ᠴᠡᠷᠢᠭ ᠦᠨ ᠤᠷᠠᠯᠢᠭ ᠦᠨ ᠲᠡᠭᠡᠳᠦ ᠰᠤᠷᠭᠠᠭᠤᠯᠢ ᠵᠢᠨ ᠰᠢ ᠵᠦᠴᠦᠬᠡ ᠵᠢᠨ ᠲᠤᠰᠬᠠᠢ ᠮᠡᠷᠭᠡᠵᠢᠯ ᠡᠴᠡ ᠲᠡᠭᠦᠰᠴᠡᠢ᠃ᠲᠡᠷᠡᠪᠡᠢ《ᠲᠡᠭᠷᠢ ᠵᠢᠨ ᠬᠠᠶᠠᠭ᠎ᠠ》᠂《ᠲᠠᠭᠠᠳᠬᠠᠯ》 ᠵᠡᠷᠬᠡ ᠺᠢᠨᠤ᠋ ᠵᠢ ᠦᠪᠡᠰᠦᠪᠡᠨ ᠨᠠᠢᠢᠷᠠᠭᠤᠯᠤᠨ ᠤᠳᠤᠷᠢᠳᠴᠦ ᠲᠤᠭᠯᠠᠭᠰᠠᠨ ᠪᠦᠬᠡᠳ《ᠬᠡᠷ ᠲᠦ ᠪᠠᠨ ᠬᠠᠷᠢᠶ᠎ᠠ》ᠭᠡᠬᠦ ᠺᠢᠨᠤ᠋ ᠵᠢ ᠤᠳᠤᠷᠢᠳᠤᠭᠰᠠᠨ ᠶᠤᠮ᠃ᠤᠳᠤ ᠽᠢ ᠰᠢᠶᠤᠢᠨ ᠤᠯᠠᠨ  ᠤᠯᠤᠰ ᠦᠨ ᠰᠤᠶᠤᠯ ᠵᠠᠭᠤᠴᠢᠯᠠᠭᠤᠷ(ᠪᠡᠭᠡᠵᠢᠩ) ᠦᠨ ᠬᠢᠵᠠᠭᠠᠷᠲᠦ ᠺᠤᠮᠫᠠᠨᠢ ᠵᠢᠨ ᠬᠦᠢᠴᠡᠳᠬᠡᠬᠦ ᠬᠡᠷᠡᠭ ᠮᠡᠳᠡᠭᠴᠢ ᠪᠦᠬᠡᠳ ᠦᠪᠦᠷ ᠮᠤᠩᠭ᠋ᠤᠯ ᠦᠨ ᠺᠢᠨᠤ᠋ ᠲᠤᠭᠯᠠᠭᠴᠢᠳ ᠦᠨ ᠨᠡᠢᠢᠭᠡᠮᠯᠢᠭ᠌ ᠦᠨ ᠲᠡᠳ᠋ ᠲᠡᠷᠢᠭᠦᠯᠦᠭᠴᠢ᠂ᠦᠪᠦᠷ ᠮᠤᠩᠭ᠋ᠤᠯ ᠦᠨ ᠮᠢᠩᠭ᠋ᠠᠨᠲᠦ ᠪᠤᠶᠠᠨ ᠦ ᠦᠢᠯᠡᠰ ᠦᠨ ᠨᠡᠢᠢᠭᠡᠮᠯᠢᠭ᠌ ᠦᠨ ᠨᠡᠷ᠎ᠠ ᠬᠦᠨᠳᠦᠳᠦ ᠲᠠᠷᠤᠭ᠎ᠠ ᠵᠡᠷᠬᠡ ᠲᠤᠰᠢᠶᠠᠯ ᠢ ᠬᠠᠪᠰᠤᠷᠠᠭᠠᠵᠦ ᠪᠤᠢ᠃

ᠨᠤᠮᠢᠨᠬᠤᠸᠠᠷ᠂1992 ᠤᠨ ᠳᠦ ᠦᠪᠦᠷ ᠮᠤᠩᠭ᠋ᠤᠯ ᠦᠨ ᠦᠪᠡᠷᠲᠡᠭᠡᠨ ᠵᠠᠰᠠᠬᠤ ᠤᠷᠤᠨ ᠦ ᠤᠯᠠᠭᠠᠨᠮᠤᠢᠴᠢᠷ ᠦᠨ ᠤᠷᠠᠯᠢᠭ ᠦᠨ ᠨᠠᠢᠢᠷ ᠲᠦ ᠤᠷᠤᠯᠴᠠᠭᠠᠳ ᠰᠢᠯᠢᠳᠡᠭ ᠲᠤᠭᠯᠠᠭᠴᠢ ᠵᠢᠨ ᠲᠦᠯᠦᠭᠡᠯᠡᠭᠴᠢ ᠪᠡᠷ ᠰᠤᠩᠭ᠋ᠤᠭᠳᠠᠪᠠ;1994ᠤᠨ ᠳᠦ《ᠠᠷᠦ ᠬᠠᠩᠭ᠋ᠠᠢ ᠵᠢᠨ ᠬᠠᠢᠢᠷ᠎ᠠ》 ᠬᠡᠬᠦ ᠪᠦᠵᠢᠭ ᠵᠢᠡᠷ ᠵᠢᠡᠨ ᠦᠪᠦᠷ ᠮᠤᠩᠭ᠋ᠤᠯ ᠦᠨ ᠦᠪᠡᠷᠲᠡᠭᠡᠨ ᠵᠠᠰᠠᠬᠤ ᠤᠷᠤᠨ ᠦ ᠲᠦᠷᠪᠡᠳᠦᠭᠡᠷ ᠬᠤᠭᠤᠴᠠᠭᠠᠨ ᠦ  ᠪᠦᠵᠢᠭ ᠦᠨ ᠤᠷᠤᠯᠳᠤᠭᠠᠨ ᠦ ᠬᠤᠶᠠᠳᠤᠭᠠᠷ ᠲᠡᠰ ᠦᠨ ᠱᠠᠩᠨᠠᠯ ᠢ ᠬᠦᠷᠳᠡᠪᠡ;1997 ᠤᠨ ᠳᠦ ᠲᠦᠷᠪᠡᠳᠦᠬᠡᠷ ᠬᠤᠭᠤᠴᠠᠭᠠᠨ ᠦ ᠪᠦᠬᠦ ᠤᠯᠤᠰ ᠦᠨ ᠰᠢᠨ᠎ᠠ ᠲᠤᠭᠯᠠᠭᠴᠢ ᠵᠢᠨ ᠺᠢᠨᠤ᠋ ᠲᠸᠯᠸᠢᠰ ᠦᠨ ᠲᠤᠮᠤ ᠱᠠᠩᠨᠠᠯᠲᠦ ᠤᠷᠤᠯᠳᠦᠭᠠᠨ ᠦ ᠪᠡᠭᠡᠵᠢᠩ ᠳᠡᠬᠢ ᠤᠷᠤᠯᠳᠤᠭᠠᠨ ᠦ《ᠠᠷᠪᠠᠨ ᠰᠢᠯᠢᠳᠡᠭ ᠲᠤᠭᠯᠠᠭᠴᠢ》 ᠵᠢᠨ ᠨᠢᠬᠡ ᠪᠤᠯᠪᠠ;2004  ᠤᠨ ᠳᠦ ᠲᠸᠯᠸᠢᠰ ᠵᠦᠴᠦᠭᠡ《ᠦᠵᠡᠰᠭᠦᠯᠡᠩᠲᠦ ᠰᠠᠢᠢᠬᠠᠨ ᠮᠢᠨᠦ ᠨᠤᠲᠤᠭ》ᠲᠡᠬᠢ ᠰᠠᠷᠠᠨ᠎ᠠ ᠵᠢᠨ ᠲᠦᠷᠢ ᠵᠢ ᠲᠤᠭᠯᠠᠭᠠᠳ ᠬᠤᠶᠠᠳᠤᠭᠠᠷ ᠬᠤᠭᠤᠴᠠᠭᠠᠨ ᠦ ᠪᠦᠬᠦ ᠤᠯᠤᠰ ᠦᠨ ᠴᠦᠬᠡᠨ ᠲᠤᠭᠠᠲᠦ ᠦᠨᠳᠦᠰᠦᠲᠡᠨ ᠦ ᠰᠡᠳᠦᠪᠲᠦ ᠲᠸᠯᠸᠢᠰ ᠵᠦᠴᠦᠬᠡ《ᠠᠵᠢᠨᠠᠢ ᠬᠦᠯᠦᠭ》ᠱᠠᠩᠨᠠᠯ ᠦᠨ ᠬᠠᠮᠤᠭ ᠰᠤᠳᠤᠨ ᠡᠮᠡᠭᠲᠡᠢ ᠲᠤᠭᠯᠠᠭᠴᠢ ᠵᠢᠨ ᠱᠠᠩᠨᠠᠯ ᠢ ᠲᠤᠰᠪᠠ;2011ᠤᠨ ᠳᠦ ᠠᠮᠸᠷᠢᠺᠡ ᠳᠡᠬᠢ ᠲᠤᠮᠳᠠᠳᠤᠴᠤᠳ ᠦᠨ ᠰᠠᠭᠤᠷᠢ ᠮᠦᠩᠭᠦᠨ ᠦ ᠨᠡᠢᠢᠭᠡᠮᠯᠢᠭ᠌᠂ᠠᠮᠸᠷᠢᠺᠡ ᠵᠢᠨ ᠠᠮᠸᠷᠢᠺᠡ ᠠᠽᠢᠶ᠎ᠠ ᠵᠢᠨ ᠰᠤᠶᠤᠯ ᠦᠨ ᠰᠤᠯᠢᠯᠴᠠᠭᠠᠨ ᠦ ᠪᠦᠯᠦᠭᠯᠡᠯ᠂ᠠᠮᠸᠷᠢᠺᠡ ᠵᠢᠨ ᠬᠤᠩ ᠸᠸᠨ ᠭᠸ ᠰᠠᠭᠤᠷᠢ ᠮᠦᠩᠭᠦᠨ ᠦ ᠨᠡᠢᠢᠭᠡᠮᠯᠢᠭ᠌ ᠡᠴᠡ ᠨᠤᠮᠢᠨᠬᠤᠸᠠᠷ ᠲᠦ《ᠦᠨᠳᠦᠰᠦᠲᠡᠨ ᠦ ᠰᠤᠶᠤᠯ ᠦᠨ ᠵᠢᠳᠭᠦᠯᠳᠡᠨ ᠦ ᠱᠠᠩᠨᠠᠯ》ᠭᠠᠷᠳᠠᠭᠤᠯᠤᠭᠰᠠᠨ ᠵᠢᠡᠷ ᠪᠠᠷᠠᠬᠤ ᠦᠭᠡᠢ《ᠮᠤᠩᠭ᠋ᠤᠯ ᠦᠨᠳᠦᠰᠦᠲᠡᠨ ᠦ ᠰᠤᠶᠤᠯ ᠦᠨ ᠡᠯᠴᠢᠨ》 ᠦ ᠠᠯᠳᠠᠷ ᠤᠯᠭᠤᠪᠠ᠃

2012 ᠤᠨ ᠳᠦ ᠨᠤᠮᠢᠨᠬᠤᠸᠠᠷ ᠬᠤᠯᠯᠢᠸᠤᠢᠳ᠋ ᠦᠨ ᠤᠯᠠᠨ ᠤᠯᠤᠰ ᠦᠨ ᠺᠢᠨᠤ᠋ ᠵᠢᠨ ᠨᠠᠢᠢᠷ ᠦᠨ ᠱᠠᠩᠨᠠᠯ ᠤᠯᠭᠤᠬᠤ ᠵᠤᠴᠢᠨ ᠵᠢᠡᠷ ᠤᠷᠢᠭᠳᠠᠭᠰᠠᠨ ᠪᠦᠬᠡᠳ ᠪᠠᠰᠠ ᠠᠮᠸᠷᠢᠺᠡ ᠵᠢᠨ ᠡᠮᠦᠨᠡᠲᠦ ᠺᠠᠯᠢᠨᠹᠤᠷᠨᠢᠶ᠎ᠠ ᠶᠡᠬᠡ ᠰᠤᠷᠭᠠᠭᠤᠯᠢ ᠳᠦ ᠤᠷᠢᠭᠳᠠᠨ ᠢᠯᠡᠳᠭᠡᠯ ᠬᠢᠪᠡ;ᠮᠦᠨ ᠬᠤᠯᠯᠢᠸᠤᠢᠳ᠋ ᠦᠨ 《ᠲᠡᠯᠡᠬᠡᠢ ᠵᠢᠨ ᠭᠠᠷᠮᠠᠭᠠᠢ ᠡᠮᠡᠭᠲᠡᠢ ᠺᠢᠨᠤᠴᠢᠳ ᠦᠨ ᠰᠤᠳᠤᠯᠤᠨ ᠶᠠᠷᠢᠯᠴᠠᠬᠤ ᠬᠤᠷᠠᠯ 》 ᠳᠦ ᠤᠨᠴᠠ ᠤᠷᠢᠭᠰᠠᠨ ᠵᠤᠴᠢᠨ ᠪᠤᠯᠵᠦ᠂2012ᠤᠨ ᠦ ᠲᠡᠯᠡᠬᠡᠢ ᠵᠢᠨ ᠭᠠᠷᠮᠠᠭᠠᠢ ᠡᠮᠡᠭᠲᠡᠢ ᠺᠢᠨᠤ᠋ ᠤᠳᠤᠷᠢᠳᠤᠭᠠᠴᠢ ᠵᠢᠨ ᠬᠤᠪᠢ ᠪᠡᠷ ᠭᠤᠴᠤ ᠢᠯᠡᠳᠭᠡᠯ ᠬᠢᠪᠡ᠃ᠠᠯᠢ ᠤᠯᠠᠨ ᠲᠡᠯᠡᠬᠡᠢ ᠵᠢᠨ ᠬᠡᠮᠵᠢᠶᠡᠨ ᠦ ᠢᠷᠠᠭᠤ ᠠᠯᠳᠠᠷ ᠦᠨ ᠡᠮᠦᠨ᠎ᠠ ᠨᠤᠮᠢᠨᠬᠤᠸᠠᠷ᠄《ᠲᠡᠷᠡ ᠤᠯᠠᠨ ᠱᠠᠩᠨᠠᠯ ᠢ ᠲᠤᠰᠴᠦ᠂ᠲᠡᠳᠡᠭᠡᠷ ᠲᠤᠮᠤ ᠬᠡᠯᠪᠡᠷᠢ ᠵᠢᠨ ᠠᠵᠢᠯᠯᠠᠭ᠎ᠠ ᠳᠦ ᠤᠷᠤᠯᠴᠠᠵᠦ ᠦᠩᠭᠡᠷᠡᠭᠰᠡᠨ ᠪᠤᠯᠬᠤᠷ ᠦᠨᠳᠦᠰᠦᠲᠡᠨ ᠦ ᠺᠢᠨᠤ᠋ ᠤᠷᠠᠯᠢᠭ ᠦᠨ ᠲᠦᠯᠦᠬᠡ ᠵᠢᠳᠬᠦᠬᠦ ᠬᠠᠷᠢᠭᠤᠴᠠᠯᠭᠠᠳᠦ ᠰᠡᠳᠭᠢᠯᠬᠡ ᠮᠠᠨᠢ ᠨᠡᠩ ᠴᠢᠩᠭ᠋᠎ᠠ ᠪᠤᠯᠤᠭᠰᠠᠨ ᠶᠤᠮ》ᠭᠡᠵᠦ ᠪᠠᠢᠢᠯ᠎ᠠ᠃

ᠲᠡᠷᠡ ᠪᠠᠰᠠ᠄《ᠪᠢ ᠮᠤᠩᠭ᠋ᠤᠯ ᠬᠦᠮᠦᠨ ᠦ ᠤᠤᠷ ᠵᠠᠩ ᠰᠡᠳᠭᠢᠯᠬᠡᠨ ᠢ ᠬᠠᠷᠠᠭᠤᠯᠤᠭᠰᠠᠨ ᠮᠠᠰᠢ ᠮᠤᠩᠭ᠋ᠤᠯᠵᠢᠭᠤ ᠺᠢᠨᠤ᠋ ᠨᠤᠭᠤᠳ ᠢ ᠰᠡᠭᠦᠳᠡᠷᠯᠡᠬᠦ ᠵᠢ ᠶᠡᠬᠡ ᠬᠦᠰᠡᠳᠡᠭ᠃ᠵᠢᠱᠢᠶᠡᠯᠡᠭᠡᠳ ᠬᠡᠯᠡᠬᠦ ᠳᠦ᠂ᠮᠤᠩᠭ᠋ᠤᠯ ᠡᠷᠡᠴᠤᠳ ᠮᠠᠨᠢ ᠤᠮᠤᠭ ᠵᠢᠪᠬᠤᠭ᠎ᠠ ᠲᠠᠢ ᠪᠠᠢᠢᠳᠠᠭ ᠵᠢᠡᠷ ᠦᠯᠦ ᠪᠠᠷᠠᠮ ᠪᠠᠰᠠ ᠤᠶᠠᠨ ᠨᠢᠮᠪᠠᠢ᠂ᠬᠠᠢᠢᠷᠠᠯᠠᠯᠲᠠᠢ ᠪᠠᠢᠢᠳᠠᠭ᠂ᠲᠡᠳᠡᠨ ᠦ ᠬᠠᠢᠢᠷ᠎ᠠ ᠰᠡᠳᠭᠢᠯᠬᠡ ᠵᠢᠨ ᠶᠢᠷᠲᠢᠨᠴᠦ ᠨᠢ ᠮᠠᠰᠢ ᠢᠷᠡᠭᠤ ᠬᠡᠬᠡᠨᠴᠢᠷ ᠪᠦᠬᠡᠳ ᠴᠡᠪᠡᠷ ᠴᠤᠯᠭᠤᠢ ᠶᠤᠮ᠃ᠮᠤᠩᠭ᠋ᠤᠯ  ᠦᠨᠳᠦᠰᠦᠲᠡᠨ ᠦ ᠰᠡᠳᠦᠪ ᠪᠦᠬᠦᠢ ᠺᠢᠨᠤ᠋ ᠰᠡᠭᠦᠳᠡᠷᠯᠡᠵᠦ ᠤᠳᠤᠷᠢᠳᠬᠤ ᠪᠤᠯ ᠪᠦᠷᠢᠮᠦᠰᠦᠨ ᠮᠢᠨᠦ ᠬᠠᠢᠢᠷ᠎ᠠ ᠪᠠᠬ᠎ᠠ ᠡᠴᠡ ᠪᠤᠯᠤᠭᠰᠠᠨ᠂ᠶᠠᠮᠠᠷ ᠴᠦ ᠵᠤᠭᠤᠰ ᠮᠦᠩᠭᠦᠨ ᠦ ᠬᠠᠷᠠᠮᠵᠢ ᠬᠦᠰᠡᠬᠡ ᠦᠭᠡᠢ᠂ᠬᠡᠳᠦᠢᠢᠪᠡᠷ ᠵᠦᠴᠦᠬᠡ ᠵᠢᠨ ᠵᠤᠬᠢᠶᠠᠯ ᠪᠠ ᠡᠬᠡ ᠲᠠᠢᠢᠫ ᠢ ᠬᠢᠨᠠᠬᠤ᠂ᠤᠷᠴᠢᠭᠤᠯᠬᠤ ᠵᠢᠴᠢ ᠲᠠᠷᠬᠠᠭᠠᠬᠤ ᠵᠡᠷᠬᠡ ᠲᠠᠯ᠎ᠠ ᠪᠡᠷ ᠮᠠᠰᠢ ᠤᠯᠠᠨ ᠬᠦᠴᠢᠷᠳᠡᠯ ᠲᠠᠢ  ᠪᠠᠢᠢᠭ᠎ᠠ ᠪᠤᠯᠪᠠᠴᠦ ᠪᠢ ᠯᠠᠪ ᠦᠷᠭᠦᠯᠵᠢᠯᠡᠨ ᠲᠤᠭᠯᠠᠵᠦ ᠰᠡᠭᠦᠳᠡᠷᠯᠡᠨ᠎ᠠ᠂᠂᠂᠂》ᠭᠡᠵᠦ ᠶᠠᠷᠢᠯ᠎ᠠ᠃

ᠦᠬᠢᠨ ᠲᠡᠭᠦᠦ ᠲᠠᠨᠠᠬᠤᠸᠠᠷ ᠨᠢ ᠦᠪᠦᠷ ᠮᠤᠩᠭ᠋ᠤᠯ ᠦᠨ ᠤᠯᠠᠭᠠᠨᠬᠠᠳᠠ ᠬᠤᠳᠠ ᠵᠢᠨ ᠲᠸᠯᠸᠢᠰ ᠬᠤᠷᠢᠶᠠᠨ ᠦ ᠤᠨᠴᠠ ᠤᠷᠢᠭᠰᠠᠨ ᠬᠦᠳᠦᠯᠦᠭᠴᠢ ᠪᠠᠢᠢᠭᠰᠠᠨ ᠡᠴᠡ ᠪᠠᠨ2007 ᠤᠨ ᠡᠴᠡ ᠡᠬᠢᠯᠡᠨ ᠺᠢᠨᠤ᠋ ᠲᠸᠯᠸᠢᠰ ᠵᠦᠴᠦᠬᠡ ᠲᠤᠭᠯᠠᠬᠤ ᠪᠤᠯᠵᠠᠢ᠃2012 ᠤᠨ ᠳᠦ ᠮᠤᠩᠭ᠋ᠤᠯ ᠤᠯᠤᠰ ᠦᠨ ᠤᠷᠠᠯᠢᠭ ᠦᠨ ᠲᠡᠭᠡᠳᠦ ᠰᠤᠷᠭᠠᠭᠤᠯᠢ ᠵᠢᠨ ᠲᠠᠢᠢᠰᠠᠨ ᠦ ᠤᠷᠠᠯᠢᠭ ᠦᠨ ᠰᠠᠯᠪᠤᠷᠢ ᠵᠢᠨ ᠲᠤᠭᠯᠠᠭᠴᠢ ᠪᠠ ᠤᠳᠤᠷᠢᠳᠤᠭᠠᠴᠢ ᠵᠢᠨ ᠬᠤᠤᠰ ᠮᠡᠷᠬᠡᠵᠢᠯ ᠦᠨ ᠠᠰᠫᠷᠠᠨᠲ ᠦᠨ ᠴᠤᠯᠠ ᠬᠦᠷᠳᠡᠪᠡ᠃2004 ᠤᠨ ᠳᠦ ᠲᠡᠷᠡᠪᠡᠷ《ᠲᠡᠯᠡᠬᠡᠢ ᠵᠢᠨ ᠤᠶᠤᠲᠠᠳ ᠦᠨ ᠡᠩᠬᠡ ᠲᠠᠢᠢᠪᠤᠩ ᠦᠨ ᠡᠯᠴᠢᠨ》 ᠰᠢᠯᠭᠠᠷᠠᠭᠤᠯᠬᠤ ᠤᠷᠤᠯᠳᠤᠭᠠᠨ ᠦ ᠲᠤᠮᠳᠠᠳᠤ ᠤᠯᠤᠰ ᠲᠡᠬᠢ ᠬᠠᠮᠤᠭ ᠰᠤᠳᠤᠨ ᠡᠩᠬᠡ ᠲᠠᠢᠢᠪᠤᠩ ᠦᠨ ᠡᠯᠴᠢᠨ ᠵᠢᠡᠷ ᠰᠤᠩᠭ᠋ᠤᠭᠳᠠᠪᠠ;2007ᠤᠨ ᠳᠦ  ᠭᠤᠸᠠᠩᠰᠢ ᠵᠢᠨ ᠲᠸᠯᠸᠢᠰ ᠬᠤᠷᠢᠶᠠᠨ ᠦ《ᠰᠤᠳᠤᠨ ᠠᠪᠬᠠᠢᠢᠴᠤᠤᠯ ᠦᠨ ᠡᠷᠢᠯ》ᠲᠡᠯᠭᠡᠴᠡ ᠡᠴᠡ ᠲᠡᠭᠦᠨ ᠢ ᠮᠤᠩᠭ᠋ᠤᠯ ᠦᠨᠳᠦᠰᠦᠲᠡᠨ ᠦ ᠬᠠᠮᠤᠭ ᠰᠤᠳᠤᠨ ᠠᠪᠬᠠᠢ ᠪᠡᠷ ᠰᠤᠩᠭ᠋ᠤᠪᠠ;2007 ᠤᠨ ᠳᠦ ᠢᠨᠳᠤᠨ᠋ᠸᠰᠢᠶ᠎ᠠ ᠵᠢᠨ ᠵᠠᠰᠠᠭ ᠦᠨ ᠤᠷᠳᠤᠨ ᠦ ᠤᠷᠢᠯᠭ᠎ᠠ ᠪᠡᠷ ᠲᠤᠮᠳᠠᠳᠤ ᠤᠯᠤᠰ ᠦᠨ ᠮᠤᠩᠭ᠋ᠤᠯ ᠪᠦᠰᠡᠭᠦᠢᠢᠴᠤᠤᠯ ᠵᠢᠡᠨ ᠲᠦᠯᠦᠬᠡᠯᠡᠨ ᠪᠠᠯᠢ ᠠᠷᠠᠯ ᠳᠦ ᠠᠢᠢᠯᠠᠴᠢᠯᠠᠨ ᠲᠤᠭᠯᠠᠯᠲᠠ ᠭᠠᠷᠭᠠᠪᠠ;2013ᠤᠨ ᠦ 3ᠰᠠᠷ᠎ᠠ ᠳᠦ ᠲᠡᠭᠦᠨ ᠦ ᠭᠤᠤᠯᠯᠠᠨ ᠲᠤᠭᠯᠠᠭᠰᠠᠨ 《ᠮᠢᠨᠦ ᠤᠷᠴᠤᠨ》ᠺᠢᠨᠤ᠋ ᠨᠢ ᠭᠤᠷᠪᠠᠳᠤᠭᠠᠷ ᠬᠤᠭᠤᠴᠠᠭᠠᠨ ᠦ ᠪᠡᠭᠡᠵᠢᠩ ᠵᠢᠨ ᠲᠡᠯᠡᠬᠡᠢ ᠵᠢᠨ ᠺᠢᠨᠤ᠋ ᠵᠢᠨ ᠨᠠᠢᠢᠷ ᠲᠡᠬᠢ ᠦᠨᠳᠦᠰᠦᠲᠡᠨ ᠢ ᠺᠢᠨᠤ᠋ ᠵᠢᠨ ᠦᠵᠡᠭᠦᠯᠦᠯᠬᠡ ᠳᠦ ᠰᠤᠩᠭ᠋ᠤᠭᠳᠠᠪᠠ;2013ᠤᠨ ᠦ 4ᠰᠠᠷ᠎ᠠ ᠳᠦ《ᠮᠤᠷᠢᠨ ᠨᠢᠷᠦᠭᠤᠨ ᠲᠡᠭᠡᠷᠡᠬᠢ ᠠᠪᠤᠷᠭᠤ ᠲᠠᠭᠤᠴᠢᠨ》ᠭᠡᠬᠦ ᠺᠢᠨᠤ᠋ ᠪᠡᠷ ᠵᠢᠡᠨ ᠠᠮᠸᠷᠢᠺᠡ ᠵᠢᠨ ᠯᠤᠰ ᠠᠩᠵᠸᠯᠸᠰ ᠲᠦ ᠪᠤᠯᠤᠭᠰᠠᠨ ᠲᠡᠯᠡᠬᠡᠢ ᠵᠢᠨ ᠦᠨᠳᠦᠰᠦᠲᠡᠨ ᠦ ᠺᠢᠨᠤ᠋ ᠵᠢᠨ ᠨᠠᠢᠢᠷ ᠲᠦ ᠬᠠᠮᠤᠭ ᠰᠤᠳᠤᠨ ᠰᠢᠨ᠎ᠠ ᠤᠳᠤᠨ ᠱᠠᠩᠨᠠᠯ ᠢ ᠲᠤᠰᠤᠭᠰᠠᠨ ᠪᠦᠬᠡᠳ ᠲᠤᠰ ᠺᠢᠨᠤ᠋ ᠨᠢ ᠴᠦ ᠰᠤᠶᠤᠯ ᠦᠨ ᠤᠯᠠᠮᠵᠢᠯᠠᠭᠴᠢ ᠱᠠᠩᠨᠠᠯ ᠬᠦᠷᠳᠡᠵᠡᠢ᠃

ᠲᠠᠨᠠᠬᠤᠸᠠᠷ᠄《ᠤᠳᠤᠬᠢᠴᠢᠯᠠᠭᠰᠠᠨ ᠰᠢᠨ᠎ᠠ ᠠᠷᠭ᠎ᠠ ᠪᠠᠷᠢᠯ ᠵᠢᠡᠷ ᠮᠤᠩᠭ᠋ᠤᠯ ᠰᠤᠶᠤᠯ ᠵᠢᠡᠨ ᠲᠡᠯᠡᠬᠡᠢ ᠳᠠᠬᠢᠨ ᠳᠦ ᠤᠯᠠᠮᠵᠢᠯᠠᠨ ᠲᠠᠷᠬᠠᠭᠠᠬᠤ ᠶᠠᠪᠤᠳᠠᠯ ᠨᠢ ᠱᠠᠩᠨᠠᠯ ᠲᠤᠰᠬᠤ ᠡᠴᠡ ᠨᠡᠩ ᠢᠯᠡᠬᠦᠦ ᠦᠩᠬᠡ ᠬᠡᠷᠡᠯᠲᠡᠢ ᠰᠠᠨᠠᠭᠳᠠᠨ᠎ᠠ᠃ᠲᠠᠷᠬᠠᠨ ᠲᠠᠭᠤᠴᠢᠨ ᠺᠢᠨᠤ᠋ ᠮᠠᠨᠢ ᠲᠡᠯᠡᠬᠡᠢ ᠵᠢᠨ ᠪᠤᠳᠠᠰ ᠦᠨ ᠪᠤᠰᠤ ᠰᠤᠶᠤᠯ ᠦᠨ ᠦᠪ ᠪᠤᠯᠬᠤ ᠤᠷᠳᠦ ᠵᠢᠨ ᠲᠠᠭᠤᠤ ᠵᠢ ᠤᠯᠠᠮᠵᠢᠯᠠᠭᠴᠢ ᠵᠢᠨ ᠦᠯᠢᠭᠡᠷ ᠵᠢᠡᠷ ᠰᠡᠳᠦᠪᠯᠡᠵᠡᠢ᠂ᠺᠢᠨᠤ᠋ ᠳᠦ ᠪᠢ ᠡᠮᠡᠭᠲᠡᠢ ᠭᠤᠤᠯ ᠲᠦᠷᠢ ᠵᠢᠨ ᠬᠠᠭᠠᠰ ᠵᠠᠭᠤᠨ ᠦ ᠠᠮᠢᠳᠤᠷᠠᠯ ᠢ ᠲᠤᠭᠯᠠᠭᠰᠠᠨ ᠶᠤᠮ᠂ᠲᠤᠭᠯᠠᠭᠴᠢ ᠪᠤᠯᠤᠭᠰᠠᠨ ᠦ ᠬᠤᠪᠢ ᠳᠦ ᠡᠨᠡ ᠬᠦ ᠲᠦᠷᠢ ᠵᠢ ᠲᠤᠭᠯᠠᠭᠰᠠᠨ ᠳᠦ ᠪᠠᠨ ᠪᠢ ᠮᠠᠰᠢ ᠤᠮᠤᠭᠰᠢᠵᠦ ᠪᠠᠢᠢᠨ᠎ᠠ᠂ᠦᠨᠳᠦᠰᠦᠲᠡᠨ ᠦ ᠺᠢᠨᠤ᠋ ᠵᠢᠨ ᠵᠠᠬ᠎ᠠ ᠲᠡᠯᠬᠡᠬᠦᠷ ᠨᠢ ᠬᠤᠳᠠᠯᠳᠤᠭᠠᠨ ᠦ ᠺᠢᠨᠤ᠋ ᠵᠢᠨ ᠰᠢᠭ ᠠᠭᠤᠵᠢᠮ ᠪᠢᠰᠢ᠂ᠡᠨᠡ ᠨᠢ ᠲᠡᠭᠦᠨ ᠦ ᠬᠦᠭᠵᠢᠯᠲᠡ ᠵᠢᠨ ᠬᠢᠵᠠᠭᠠᠷᠳᠠᠮᠠᠯ ᠴᠢᠨᠠᠷ ᠪᠤᠯᠬᠤ ᠶᠤᠮ᠃ᠬᠡᠪᠡᠴᠦ ᠪᠢᠳᠡ ᠦᠨᠳᠦᠰᠦᠲᠡᠨ ᠦ ᠦᠪᠡᠷᠮᠢᠴᠡ ᠰᠤᠶᠤᠯ ᠵᠢᠡᠷ ᠲᠡᠯᠡᠬᠡᠢ ᠵᠢᠨ ᠦᠨᠳᠦᠰᠦᠲᠡᠨ ᠨᠤᠭᠦᠳ ᠦᠨ ᠬᠠᠮᠳᠦ ᠵᠢᠨ ᠬᠦᠰᠡᠯ ᠢ ᠲᠠᠢᠢᠴᠢᠯᠠᠵᠦ ᠪᠤᠯᠤᠨ᠎ᠠ᠂ᠡᠢᠢᠮᠦ ᠡᠴᠡ ᠵᠦᠴᠦᠬᠡ ᠵᠢᠨ ᠵᠤᠬᠢᠶᠠᠯ ᠰᠤᠩᠭ᠋ᠤᠬᠤ ᠳᠦ ᠪᠠᠨ ᠪᠢ ᠨᠡᠩ ᠬᠦᠨ ᠬᠦᠨᠵᠡᠬᠡᠢ ᠠᠭᠤᠯᠭ᠎ᠠ ᠪᠦᠬᠦᠢ ᠦᠯᠢᠬᠡᠷ ᠢ ᠰᠤᠩᠭ᠋ᠤᠬᠤ ᠲᠤᠷᠠᠲᠠᠢ ᠪᠠᠢᠢᠳᠠᠭ᠂ᠡᠨᠡ ᠨᠢ ᠮᠦᠨ ᠴᠦ ᠲᠡᠯᠡᠬᠡᠢ ᠵᠢᠨ ᠰᠤᠶᠤᠯ ᠪᠤᠯᠪᠠᠰᠤᠨ ᠦ ᠬᠡᠷᠡᠭᠴᠡᠬᠡ ᠱᠠᠭᠠᠷᠳᠠᠯᠭ᠎ᠠ ᠪᠤᠯᠬᠤ ᠶᠤᠮ》ᠭᠡᠵᠦ ᠬᠡᠯᠡᠵᠡᠢ᠃

ᠲᠡᠳᠡ ᠪᠤᠯ ᠮᠤᠩᠭ᠋ᠤᠯ ᠦᠨᠳᠦᠰᠦᠲᠡᠨ ᠦ ᠰᠢᠨ᠎ᠠ ᠨᠢᠭᠡᠨ ᠦᠶ᠎ᠠ ᠵᠢᠨ ᠺᠢᠨᠤ᠋ ᠲᠤᠭᠯᠠᠭᠴᠢ ᠮᠦᠨ᠂ᠲᠡᠳᠡᠨ ᠦ ᠪᠡᠶ᠎ᠠ ᠲᠡᠭᠡᠷ᠎ᠠ ᠡᠴᠡ ᠮᠤᠩᠭ᠋ᠤᠯ ᠦᠨᠳᠦᠰᠦᠲᠡᠨ ᠦ ᠵᠠᠯᠠᠭᠤ ᠲᠤᠭᠯᠠᠭᠴᠢᠳ ᠦᠨ ᠴᠤᠭ ᠵᠤᠯᠢ ᠵᠢ ᠤᠯᠵᠦ ᠬᠠᠷᠠᠬᠤ ᠶᠤᠮ᠃ᠲᠡᠳᠡ ᠮᠤᠩᠭ᠋ᠤᠯ ᠵᠠᠯᠠᠭᠤᠰ ᠦᠨ ᠬᠤᠷᠴᠠ ᠤᠢ ᠪᠢᠯᠢᠭ᠌ ᠵᠢᠡᠷ ᠠᠮᠢᠳᠤᠷᠠᠯ ᠢ ᠤᠬᠠᠭᠠᠷᠠᠨ᠂ᠰᠡᠳᠭᠢᠯ ᠪᠠᠬᠠᠳᠤᠮ᠎ᠠ ᠰᠤᠳᠤᠨ ᠪᠦᠳᠦᠭᠡᠯ ᠵᠢᠡᠷ ᠵᠢᠡᠨ ᠲᠠᠯ᠎ᠠ ᠨᠤᠲᠤᠭ ᠪᠤᠯᠤᠨ ᠺᠢᠨᠤ᠋ ᠤᠷᠠᠯᠢᠭ ᠦᠨ ᠲᠠᠪᠴᠠᠩ ᠲᠡᠭᠡᠷ᠎ᠠ ᠬᠢᠯᠠᠷᠠᠭᠤᠯᠵᠦ ᠪᠠᠢᠢᠨ᠎ᠠ᠂᠂᠂᠂
ᠨᠤᠮᠢᠨᠬᠤᠸᠠᠷ

ᠨᠤᠮᠢᠨᠬᠤᠸᠠᠷ ᠹᠷᠠᠨᠼᠢ ᠳᠦ ᠲᠡᠯᠡᠬᠡᠢ ᠵᠢᠨ ᠺᠢᠨᠤ᠋ ᠰᠢᠭᠦᠮᠵᠢᠯᠡᠭᠴᠢᠳ ᠦᠨ ᠬᠤᠯᠪᠤᠭᠠᠨ ᠦ ᠱᠠᠩᠨᠠᠯ ᠬᠦᠷᠳᠡᠪᠡ

ᠮᠤᠰᠺᠸᠠ ᠵᠢᠨ ᠤᠯᠠᠨ ᠤᠯᠤᠰ ᠦᠨ ᠲᠸᠯᠸᠢᠰ ᠬᠤᠷᠢᠶᠠᠨ ᠦ ᠰᠤᠷᠪᠤᠯᠵᠢᠯᠠᠭ᠎ᠠ ᠵᠢ ᠬᠦᠯᠢᠶᠡᠵᠦ ᠪᠠᠢᠢᠭ᠎ᠠ ᠨᠢ

2012 ᠤᠨ ᠳᠦ ᠨᠤᠮᠢᠨᠬᠤᠸᠠᠷ《ᠠᠯᠲᠠᠨ ᠲᠠᠬᠢᠶ᠎ᠠ ᠦᠨᠢᠷ ᠴᠡᠴᠡᠭ》ᠺᠢᠨᠤ᠋ ᠵᠢᠨ ᠨᠠᠢᠢᠷ ᠦᠨ ᠦᠨᠳᠦᠰᠦᠲᠡᠨ ᠦ ᠺᠢᠨᠤ᠋ ᠵᠢᠨ ᠠᠩᠬ᠎ᠠ ᠦᠵᠡᠭᠦᠯᠦᠯᠬᠡ ᠵᠢᠨ ᠶᠤᠰᠤᠯᠠᠯ ᠲᠡᠭᠡᠷ᠎ᠠ

ᠨᠤᠮᠢᠨᠬᠤᠸᠠᠷ

ᠺᠢᠨᠤ᠋ ᠤᠳᠤᠷᠢᠳᠴᠦ ᠪᠠᠢᠢᠭ᠎ᠠ ᠨᠢ

ᠨᠤᠮᠢᠨᠬᠤᠸᠠᠷ ᠬᠤᠯᠯᠢᠸᠤᠢᠳ᠋ ᠦᠨ ᠤᠯᠠᠨ ᠤᠯᠤᠰ ᠦᠨ ᠺᠢᠨᠤ᠋ ᠵᠢᠨ ᠨᠠᠢᠢᠷ ᠦᠨ ᠱᠠᠩᠨᠠᠯ ᠤᠯᠭᠤᠬᠤ ᠶᠤᠰᠤᠯᠠᠯ ᠲᠡᠭᠡᠷ᠎ᠠ

ᠲᠠᠨᠠᠬᠤᠸᠠᠷ ᠲᠦᠪᠡᠳ ᠦᠨ ᠰᠸᠷᠠ ᠬᠡᠢᠢᠳ ᠲᠦ

ᠡᠬᠡᠴᠢ ᠨᠢ ᠤᠳᠤᠷᠢᠳᠴᠦ᠂ᠦᠬᠢᠨ ᠲᠡᠭᠦᠦ ᠨᠢ ᠭᠤᠤᠯ ᠲᠦᠷᠢ ᠵᠢ ᠲᠤᠭᠯᠠᠨ᠎ᠠ

ᠡᠭᠡᠴᠢ ᠲᠡᠭᠦᠦ ᠬᠤᠶᠠᠭᠤᠯᠠ ᠵᠢᠨ ᠺᠢᠨᠤ᠋ ᠵᠢᠨ ᠵᠢᠷᠤᠭ ᠦᠳ

ᠲᠠᠨᠠᠬᠤᠸᠠᠷ 


ᠵᠤᠬᠢᠶᠠᠭᠴᠢ᠄ ᠢᠩᠬᠡᠷ
ᠢᠷᠡᠯᠲᠡ᠄ ᠦᠨᠳᠦᠰᠦᠲᠡᠨ ᠦ ᠵᠢᠷᠤᠭᠲᠦ ᠰᠡᠳᠭᠦᠯ ᠦᠨ ᠬᠤᠷᠢᠶ᠎ᠠ
ᠬᠠᠷᠢᠶ᠎ᠠ᠄ ᠦᠨᠳᠦᠰᠦᠲᠡᠨ ᠤ ᠵᠢᠷᠤᠭᠲᠤ ᠰᠡᠳᠬᠦᠯ
ᠳᠠᠷᠤᠮ᠄ 699
ᠴᠠᠭ᠄ 2015 ᠤᠨ ᠤ 06 ᠰᠠᠷ᠎ᠠ ᠶᠢᠨ 11
ᠨᠠᠢ᠌ᠷᠠᠭᠤᠯᠤᠭᠴᠢ᠄ ᠰᠠᠴᠤᠷᠠᠯ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁