ᠪᠠᠷᠺᠤᠯ ᠨᠠᠭᠤᠷ ᠦᠨ ᠬᠦᠪᠡᠬᠡᠨ ᠦ ᠬᠠᠰᠠᠭ ᠮᠠᠯᠴᠢᠳ

ᠲᠡᠭᠷᠢ ᠠᠭᠤᠯᠠ ᠵᠢᠨ ᠠᠷᠦ ᠬᠤᠷᠮᠤᠢ ᠵᠢᠨ ᠵᠡᠬᠦᠨ ᠵᠠᠬ᠎ᠠ ᠳᠦ ᠪᠠᠢᠳᠠᠭ ᠪᠠᠷᠺᠤᠯ ᠨᠠᠭᠤᠷ  ᠦᠨ ᠬᠦᠪᠡᠬᠡᠨ ᠳᠦ ᠶᠸᠰᠢᠮᠪᠠᠢ ᠠᠪᠤ ᠲᠠᠢ ᠪᠠᠨ ᠬᠤᠶᠠᠭᠤᠯᠠ ᠬᠠᠳᠤᠭᠰᠠᠨ ᠡᠪᠡᠰᠦ ᠪᠠᠨ ᠮᠤᠳᠤᠨ ᠠᠴᠠ ᠪᠡᠷ ᠤᠪᠤᠭᠠᠯᠠᠵᠦ ᠪᠠᠢᠭ᠎ᠠ ᠨᠢ ᠮᠠᠷᠭᠠᠰᠢ ᠮᠠᠰᠢᠨ ᠵᠢᠡᠷ ᠲᠡᠭᠡᠭᠡᠵᠦ ᠬᠡᠷ ᠲᠦ ᠪᠠᠨ ᠠᠪᠠᠴᠢᠵᠦ ᠬᠤᠷᠢᠶᠠᠬᠤ ᠵᠢᠨ ᠲᠦᠯᠦᠬᠡ ᠠᠵᠠᠢ᠃ ᠲᠡᠭᠦᠦ ᠬᠠᠰᠲ᠋ᠸᠷ ᠨᠢ ᠰᠠᠨᠳᠤᠤ ᠪᠠᠨ ᠪᠠᠷᠢᠭᠠᠳ ᠬᠠᠵᠠᠭᠤᠬᠠᠨ ᠳᠦ ᠨᠢ ᠠᠮᠤᠰᠬᠢᠵᠦ ᠪᠠᠢᠪᠠ᠃ ᠠᠪᠤ ᠲᠤᠬᠤᠲ᠋ᠢᠪᠠᠢ ᠨᠢ ᠡᠨᠡ ᠵᠢᠯ ᠲᠠᠪᠢᠲᠠᠢ ᠪᠦᠬᠡᠳ ᠬᠤᠶᠠᠷ ᠵᠠᠭᠤᠭᠠᠳ ᠬᠤᠨᠢ ᠬᠠᠷᠢᠭᠤᠯᠵᠦ ᠠᠢᠯ ᠭᠡᠷ ᠦᠨ ᠠᠵᠦ ᠤᠨᠳᠤᠷᠤᠯᠭ᠎ᠠ ᠪᠠᠨ ᠲᠡᠳᠭᠦᠵᠦ ᠡᠷᠭᠦᠵᠦ ᠶᠠᠪᠤᠳᠠᠭ ᠪᠠᠢᠨ᠎ᠠ᠃ᠰᠠᠨᠳᠤᠤ ᠵᠡᠷᠬᠡ ᠤᠯᠠᠮᠵᠢᠯᠠᠯᠲᠦ ᠪᠠᠭᠠᠵᠢ ᠪᠡᠷ ᠡᠪᠡᠰᠦ ᠬᠠᠳᠤᠬᠤ ᠭᠡᠵᠦ ᠦᠢᠯᠡ ᠪᠠᠨ ᠦᠵᠡᠭᠰᠡᠨ ᠤᠴᠢᠷ ᠪᠤᠯᠪᠠᠴᠦ᠂ᠠᠮᠢᠳᠤᠷᠠᠯ ᠦᠨ ᠮᠠᠨᠢ ᠨᠢᠬᠡ ᠬᠡᠰᠡᠭ ᠬᠡᠮᠡᠨ ᠲᠡᠷᠡ ᠦᠵᠡᠨ᠎ᠠ᠃

ᠰᠢᠨᠵᠢᠶᠠᠩ ᠦᠨ ᠵᠡᠬᠦᠨ ᠬᠤᠢᠳᠦ ᠬᠡᠰᠡᠭ ᠦᠨ ᠪᠠᠷᠺᠤᠯ ᠦᠨ ᠬᠠᠰᠠᠭ ᠦᠨᠳᠦᠰᠦᠲᠡᠨ ᠦ ᠦᠪᠡᠷᠲᠡᠭᠡᠨ ᠵᠠᠰᠠᠬᠤ ᠰᠢᠶᠠᠨ ᠪᠤᠯ ᠪᠦᠬᠦ ᠤᠯᠤᠰ ᠦᠨ ᠭᠤᠷᠪᠠᠨ ᠬᠠᠰᠠᠭ ᠦᠨᠳᠦᠰᠦᠲᠡᠨ ᠦ ᠦᠪᠡᠷᠲᠡᠭᠡᠨ ᠵᠠᠰᠠᠬᠤ ᠰᠢᠶᠠᠨ ᠦ ᠨᠢᠬᠡᠨ᠃ᠪᠡᠷᠺᠤᠯ ᠨᠢ ᠡᠷᠲᠡᠨ ᠦ ᠦᠶ᠎ᠠ ᠳᠦ ᠫᠦᠯᠸᠢ ᠤᠯᠤᠰ ᠬᠡᠮᠡᠳᠡᠭ ᠪᠦᠬᠡᠳ ᠪᠠᠷᠺᠤᠯ ᠨᠠᠭᠤᠷ ᠢ ᠡᠷᠳᠡᠨ ᠦ ᠰᠤᠳᠤᠷ ᠪᠢᠴᠢᠭ ᠲᠦ《ᠫᠦᠯᠸᠢ ᠲᠠᠯᠠᠢ》ᠭᠡᠵᠦ ᠲᠡᠮᠳᠡᠭᠯᠡᠳᠡᠭ᠌᠃ᠲᠡᠭᠷᠢ ᠠᠭᠤᠯᠠ ᠵᠢᠨ ᠠᠷᠦ ᠬᠤᠷᠮᠤᠢ ᠵᠢᠨ ᠡᠨᠡ ᠬᠦ 《ᠲᠠᠯᠠᠢ》ᠨᠢ ᠬᠠᠮᠤᠭ ᠶᠡᠬᠡ ᠳᠦ ᠪᠠᠨ 800 ᠭᠠᠷᠤᠢ ᠲᠡᠭᠰᠢ ᠲᠦᠷᠪᠡᠯᠵᠢᠨ ᠺᠢᠯᠤᠮᠸᠲ᠋ᠸᠷ ᠪᠠᠢᠭᠰᠠᠨ ᠪᠦᠬᠡᠳ ᠨᠠᠭᠤᠷ ᠦᠨ ᠬᠦᠪᠡᠬᠡᠨ ᠦ ᠬᠠᠳᠤᠯᠠᠩ ᠨᠢ ᠠᠳᠤᠭᠤ ᠮᠠᠯ ᠳᠦ ᠰᠢᠯᠢᠳᠡᠭ ᠰᠠᠢᠨ ᠡᠪᠡᠰᠦ ᠪᠤᠷᠳᠤᠭ᠎ᠠ ᠬᠠᠩᠭᠠᠭᠰᠠᠭᠠᠷ ᠢᠷᠡᠵᠡᠢ᠃

ᠵᠢᠯ ᠪᠦᠷᠢ ᠵᠢᠨ7ᠰᠠᠷ᠎ᠠ ᠵᠢᠨ ᠰᠡᠬᠦᠯᠴᠢ 8ᠰᠠᠷ᠎ᠠ ᠵᠢᠨ ᠡᠬᠢ ᠪᠡᠷ ᠪᠠᠷᠺᠤᠯ ᠦᠨ ᠲᠠᠯ᠎ᠠ ᠳᠦ ᠤᠯᠠᠨ ᠬᠠᠰᠠᠭᠴᠤᠳ ᠬᠤᠷᠠᠨ ᠴᠤᠭᠯᠠᠷᠠᠳᠠᠭ᠃ᠮᠠᠯᠴᠢᠳ ᠬᠡᠳᠦᠨ ᠠᠷᠪᠠᠨ ᠺᠢᠯᠤᠮᠸᠲ᠋ᠸᠷ ᠵᠠᠢᠲᠠᠢ ᠠᠭᠤᠯᠠᠨ ᠡᠴᠡ ᠡᠨᠳᠡ ᠨᠡᠬᠦᠵᠦ ᠢᠷᠡᠭᠡᠳ᠂ᠮᠠᠢᠬᠠᠨ ᠵᠢᠡᠨ ᠪᠤᠰᠬᠠᠨ᠂ᠵᠤᠤᠬ᠎ᠠ ᠲᠤᠯᠭ᠎ᠠ ᠪᠠᠨ ᠲᠤᠯᠵᠦ᠂ᠮᠤᠷᠢ ᠤᠷᠤᠯᠳᠤᠬᠤ᠂ᠡᠯᠵᠢᠬᠡ ᠤᠷᠤᠯᠳᠤᠬᠤ᠂ᠪᠦᠬᠡ ᠪᠠᠷᠢᠯᠳᠤᠬᠤ᠂ᠬᠡᠥᠬᠡᠨ ᠲᠠᠭᠤᠬᠤ ᠵᠡᠷᠬᠡ ᠦᠨᠳᠦᠰᠦᠲᠡᠨ ᠦ ᠤᠯᠠᠮᠵᠢᠯᠠᠯᠲᠦ ᠪᠡᠶ᠎ᠠ ᠵᠢᠨ ᠲᠠᠮᠢᠷ ᠦᠨ ᠠᠵᠢᠯᠯᠠᠭ᠎ᠠ ᠬᠢᠵᠦ ᠨᠢᠬᠡ ᠲᠤᠯᠤᠭᠠᠨ ᠬᠤᠨᠤᠭ ᠦᠨ《ᠬᠠᠮᠳᠦ ᠵᠢᠨ ᠠᠮᠢᠳᠤᠷᠠᠯ》ᠦᠩᠬᠡᠷᠡᠭᠡᠳᠡᠭ᠃

ᠲᠡᠳᠡ ᠶᠡᠷᠦ ᠨᠢ ᠠᠭᠤᠯᠠᠨ ᠳᠦ ᠲᠠᠷᠬᠠᠢ ᠪᠤᠳᠠᠷᠬᠠᠢ ᠠᠵᠦ ᠲᠦᠷᠦᠳᠡᠭ ᠤᠴᠢᠷ ᠡᠢᠮᠦᠷᠬᠦᠦ ᠴᠤᠭᠯᠠᠭᠠᠨ ᠨᠢ ᠡᠳᠦᠷ ᠲᠤᠳᠤᠮ ᠦᠨ ᠡᠳ᠋ ᠪᠠᠷᠠᠭ᠎ᠠ ᠪᠠᠨ ᠠᠪᠬᠤ᠂ᠰᠤᠯᠢᠯᠴᠠᠬᠤ ᠠᠰᠢᠬᠦᠢ ᠰᠠᠢᠬᠠᠨ ᠲᠤᠬᠢᠶᠠᠯ ᠪᠤᠯᠳᠠᠭ ᠪᠠᠢᠨ᠎ᠠ᠃2014 ᠤᠨ ᠳᠦ ᠪᠠᠷᠺᠤᠯ ᠰᠢᠶᠠᠨ ᠳᠦ ᠬᠤᠷ᠎ᠠ ᠪᠤᠷᠤᠭᠠᠨ ᠡᠯᠪᠡᠭ᠂ᠪᠡᠯᠴᠢᠬᠡᠷ ᠦᠨ ᠤᠷᠭᠤᠴᠠ ᠰᠠᠢᠨ ᠂8 ᠰᠠᠷ᠎ᠠ ᠪᠤᠯᠬᠤ ᠪᠡᠷ ᠮᠠᠯᠴᠢᠨ ᠲᠠᠷᠢᠶᠠᠴᠢᠳ ᠡᠪᠡᠰᠦ ᠬᠠᠳᠤᠵᠦ ᠡᠪᠦᠯᠵᠢᠶᠡᠨ ᠦ ᠪᠡᠯᠡᠳᠬᠡᠯ ᠵᠢᠡᠨ ᠬᠢᠵᠡᠬᠡᠯ᠎ᠠ᠃

ᠪᠦᠷᠦᠢ ᠵᠢᠨ ᠠᠯᠲᠠ ᠪᠡᠷ᠂ᠮᠠᠯᠴᠢᠳ ᠬᠠᠳᠤᠯᠠᠩ ᠡᠴᠡ ᠪᠠᠨ ᠰᠢᠶᠠᠩ ᠦᠨ《ᠠᠮᠤᠭᠤᠯᠠᠩ ᠰᠠᠭᠤᠴᠠ》 ᠳᠦ ᠪᠠᠨ ᠪᠤᠴᠠᠵᠦ ᠢᠷᠡᠪᠠ᠃ᠡᠨᠡ ᠰᠠᠭᠤᠴᠠ ᠵᠢ ᠨᠢ ᠰᠢᠶᠠᠩ ᠦᠨ ᠨᠠᠮ ᠦᠨ ᠬᠤᠷᠢᠶᠠᠨ ᠦ ᠱᠦᠵᠢ ᠯᠢ ᠭᠤᠸᠠᠩ ᠱᠦ ᠤᠯᠠᠨ ᠵᠢᠡᠨ ᠲᠠᠢᠴᠢᠯᠠᠨ ᠰᠠᠶᠢᠬᠠᠨ ᠪᠠᠷᠢᠵᠦ ᠲᠠᠭᠤᠰᠬᠠᠭᠰᠠᠨ ᠪᠠᠢᠵᠠᠢ᠃ᠯᠢ ᠭᠤᠸᠠᠩ ᠱᠦ ᠪᠤᠯ ᠤᠯᠠᠨ ᠬᠡᠯᠡᠨ ᠳᠦ ᠨᠡᠪᠲᠡᠷᠡᠭᠰᠡᠨ ᠮᠤᠩᠭᠤᠯ ᠺᠠᠳᠠᠷ᠃ᠲᠡᠭᠦᠨ ᠦ ᠪᠠᠢᠭ᠎ᠠ ᠰᠠᠷᠠᠴᠤᠺ ᠰᠢᠶᠠᠩ ᠨᠢ ᠬᠠᠰᠠᠭ᠂ᠬᠢᠳᠠᠳ᠂ᠤᠢᠭᠤᠷ᠂ᠲᠠᠲ᠋ᠠᠷ᠂ᠬᠤᠳᠤᠩ ᠵᠡᠷᠬᠡ ᠤᠯᠠᠨ ᠦᠨᠳᠦᠰᠦᠲᠡᠨ ᠡᠴᠡ ᠪᠦᠷᠢᠯᠳᠦᠭᠰᠡᠨ ᠰᠢᠶᠠᠩ ᠶᠤᠮ᠃ᠤᠯᠠᠨ ᠬᠡᠯᠡ ᠮᠡᠳᠡᠳᠡᠭ ᠲᠠᠪᠠᠭᠤᠯᠢᠭ ᠲᠠᠢ ᠡᠴᠡ ᠪᠠᠨ ᠪᠤᠯᠤᠭᠠᠳ ᠴᠶ ᠮᠠᠭᠠᠳ ᠦᠭᠡᠢ᠂ᠲᠡᠷᠡ 10ᠵᠢᠯ ᠦᠨ ᠡᠮᠦᠨ᠎ᠠ ᠦᠰᠴᠦ ᠲᠦᠷᠦᠭᠰᠡᠨ ᠱᠢᠷᠸᠠ ᠰᠢᠶᠠᠩ ᠡᠴᠡ ᠪᠠᠨ ᠡᠨᠡ ᠬᠦ ᠪᠤᠢᠳᠠ ᠨᠤᠲᠤᠭ ᠲᠦ ᠰᠢᠯᠵᠢᠨ ᠠᠵᠢᠯᠯᠠᠭᠰᠠᠨ ᠪᠠᠢᠪᠠ᠃

ᠲᠤᠬᠤᠲ᠋ᠢᠪᠠᠢ ᠵᠢᠨ ᠠᠪᠠᠭᠠᠢ ᠭᠸᠮᠢᠩᠭᠦᠯ ᠵᠢᠵᠢᠭᠬᠡᠨ ᠮᠠᠢᠬᠠᠨ ᠦ ᠪᠠᠨ ᠡᠮᠦᠨ᠎ᠠ ᠤᠷᠤᠢ ᠵᠢᠨ ᠬᠤᠭᠤᠯᠠ ᠪᠠᠨ ᠪᠡᠯᠡᠳᠴᠦ ᠪᠠᠢᠯ᠎ᠠ᠂ᠲᠡᠳᠡᠨ ᠦ ᠬᠢ ᠬᠠᠳᠤᠯᠠᠩ ᠵᠢᠡᠨ ᠬᠠᠳᠤᠵᠦ ᠲᠠᠭᠤᠰᠬᠠᠬᠤ ᠳᠦ ᠪᠠᠨᠰᠠ ᠨᠢᠬᠡ ᠡᠳᠦᠷ ᠤᠷᠤᠨ᠎ᠠ᠃ᠡᠨᠳᠡ ᠡᠪᠡᠰᠦ ᠬᠠᠳᠤᠬᠤ ᠨᠢ ᠵᠦᠪᠬᠡᠨ ᠬᠤᠨᠢᠨ ᠰᠦᠷᠦᠭ ᠦᠨ ᠵᠢᠡᠨ ᠡᠪᠦᠯ ᠦᠨ ᠡᠪᠡᠰᠦ ᠪᠤᠷᠳᠤᠭ᠎ᠠ ᠵᠢ ᠪᠠᠳᠤᠯᠠᠬᠤ ᠠᠵᠢᠯ ᠦᠨ ᠨᠢᠬᠡ ᠬᠡᠰᠡᠭ ᠲᠡᠳᠦᠢ᠂ᠡᠭᠦᠨ ᠡᠴᠡ ᠭᠠᠳᠠᠨ᠎ᠠ ᠪᠠᠰᠠ ᠪᠤᠭᠤᠳᠠᠢ ᠵᠢᠨ ᠰᠦᠷᠡᠯ᠂ᠡᠷᠳᠡᠨᠢ ᠰᠢᠰᠢ᠂ᠬᠠᠷ᠎ᠠ ᠪᠤᠷᠴᠠᠭ ᠵᠡᠷᠭᠡ ᠵᠢ ᠴᠦ ᠪᠡᠯᠡᠳᠭᠡᠵᠦ ᠲᠠᠯᠪᠢᠬᠤ ᠬᠡᠷᠡᠭ ᠲᠠᠢ ᠪᠠᠢᠪᠠ᠃ᠰᠢᠨᠵᠢᠯᠡᠬᠦ ᠤᠬᠠᠭᠠᠨ ᠲᠸᠩᠨᠢᠭ ᠮᠡᠷᠭᠡᠵᠢᠯ ᠦᠨ ᠬᠦᠭᠵᠢᠯᠲᠡ ᠪᠠ ᠵᠠᠰᠠᠭ ᠦᠨ ᠤᠷᠳᠤᠨ ᠦ ᠲᠠᠷᠢᠶᠠᠯᠠᠩ ᠦᠨ ᠮᠠᠰᠢᠨ ᠠᠪᠬᠤ ᠵᠢ ᠲᠡᠮᠵᠢᠬᠦ ᠡᠷᠴᠢᠮ ᠦᠨ ᠴᠢᠩᠭᠠᠷᠠᠯᠲᠠ ᠵᠢ ᠲᠠᠭᠠᠯᠳᠤᠨ᠂ᠰᠠᠨᠳᠤᠤ ᠪᠠ ᠮᠠᠯᠲᠠᠭᠤᠷ ᠵᠢᠡᠷ ᠡᠪᠡᠰᠦ ᠬᠠᠳᠤᠬᠤ ᠤᠯᠠᠮᠵᠢᠯᠠᠯᠲᠦ ᠠᠷᠭ᠎ᠠ ᠬᠡᠯᠪᠡᠷᠢ ᠨᠢ ᠠᠭᠠᠵᠢᠮ ᠵᠢᠡᠷ ᠡᠪᠡᠰᠦ ᠬᠠᠳᠤᠬᠤ ᠮᠠᠰᠢᠨ ᠵᠢᠡᠷ ᠰᠤᠯᠢᠭᠳᠠᠵᠠᠢ᠃ᠬᠡᠬᠦ ᠳᠦ ᠶᠠᠮᠠᠷ ᠠᠷᠭ᠎ᠠ ᠬᠡᠯᠪᠡᠷᠢ ᠪᠡᠷ ᠡᠪᠡᠰᠦ ᠬᠠᠳᠤᠭᠰᠠᠨ ᠴᠦ ᠬᠡᠰᠡᠨ᠂ᠪᠠᠷᠺᠤᠯ ᠦᠨ ᠬᠢᠨ ᠲᠡᠷᠡ ᠯᠡ ᠬᠡᠪ ᠵᠢᠡᠷ ᠰᠢᠷᠭᠠᠭᠤ ᠬᠠᠳᠠᠭᠤᠵᠢᠯᠲᠠᠢ ᠬᠦᠳᠡᠯᠮᠦᠷᠢᠯᠡᠭᠰᠡᠬᠡᠷ᠃ᠬᠠᠰᠠᠭ ᠮᠠᠯᠴᠢᠨ ᠬᠤᠨᠢᠨ ᠰᠦᠷᠦᠭ ᠵᠢᠡᠨ ᠲᠠᠭᠤᠭᠰᠠᠭᠠᠷ ᠬᠠᠨ ᠤᠯᠤᠰ ᠦᠨ ᠦᠶ᠎ᠠ ᠵᠢᠨ ᠴᠤᠩᠵᠢ ᠵᠢᠨ ᠲᠡᠷᠭᠡᠳᠡᠬᠦᠷ ᠦᠩᠬᠡᠷᠡᠨ᠎ᠠ

ᠲᠤᠬᠤᠲ᠋ᠢᠪᠠᠢ ᠰᠠᠨᠳᠦᠦ ᠵᠡᠷᠬᠡ ᠤᠯᠠᠮᠵᠢᠯᠠᠯᠲᠦ ᠪᠠᠭᠠᠵᠢ ᠪᠡᠷ ᠡᠪᠡᠰᠦ ᠬᠠᠳᠤᠨ᠎ᠠ

ᠲᠤᠬᠤᠲ᠋ᠢᠪᠠᠢ ᠵᠢᠨ ᠬᠢᠨ ᠨᠠᠷᠠᠨ ᠦ ᠬᠡᠷᠡᠯ ᠳᠦ ᠲᠤᠬᠠᠲᠠᠢ ᠠᠮᠠᠷᠠᠨ᠎ᠠ

ᠲᠤᠬᠤᠲ᠋ᠢᠪᠠᠢ ᠵᠢᠨ ᠠᠪᠠᠭᠠᠢ ᠭᠧᠮᠢᠩᠬᠦᠯ ᠤᠷᠤᠢ ᠵᠢᠨ ᠬᠤᠭᠤᠯᠠ ᠪᠠᠨ ᠪᠡᠯᠡᠳᠭᠡᠨ᠎ᠠ

ᠶᠸᠰᠢᠮᠪᠠᠢ ᠠᠪᠤ ᠲᠠᠢ ᠪᠠᠨ ᠡᠪᠡᠰᠦ ᠤᠪᠤᠭᠠᠯᠠᠵᠦ ᠪᠤᠢ

ᠮᠤᠷᠢ ᠲᠤᠪᠳᠤᠯᠭᠠᠬᠤ ᠬᠠᠰᠠᠭ ᠬᠦᠪᠡᠭᠦᠳ

ᠮᠤᠷᠢᠨ ᠤᠷᠤᠯᠳᠤᠭᠠᠨ ᠨᠢ ᠴᠢᠬᠤᠯᠠ《ᠮᠠᠢᠢᠮᠠᠢ ᠵᠢᠨ ᠴᠤᠭᠯᠠᠭᠠᠨ》ᠪᠤᠯᠵᠠᠢ

ᠬᠠᠰᠠᠭ ᠮᠠᠯᠴᠢᠳ ᠵᠤᠰᠠᠯᠠᠩ ᠡᠴᠡ ᠪᠠᠨ ᠡᠪᠦᠯᠵᠢᠶᠡᠨ ᠳᠦ ᠨᠡᠬᠦᠵᠦ ᠶᠠᠪᠤᠨ᠎ᠠ


ᠵᠤᠬᠢᠶᠠᠭᠴᠢ᠄ ᠪᠠᠢ ᠵᠢᠢ ᠺᠠᠢ
ᠢᠷᠡᠯᠲᠡ᠄ ᠦᠨᠳᠦᠰᠦᠲᠡᠨ ᠦ ᠵᠢᠷᠤᠭᠲᠦ ᠰᠡᠳᠭᠦᠯ ᠦᠨ ᠬᠤᠷᠢᠶ᠎ᠠ
ᠬᠠᠷᠢᠶ᠎ᠠ᠄ ᠦᠨᠳᠦᠰᠦᠲᠡᠨ ᠤ ᠵᠢᠷᠤᠭᠲᠤ ᠰᠡᠳᠬᠦᠯ
ᠳᠠᠷᠤᠮ᠄ 541
ᠴᠠᠭ᠄ 2015 ᠤᠨ ᠤ 08 ᠰᠠᠷ᠎ᠠ ᠶᠢᠨ 03
ᠨᠠᠢ᠌ᠷᠠᠭᠤᠯᠤᠭᠴᠢ᠄ ᠰᠠᠴᠤᠷᠠᠯ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁