ᠪᠠᠷᠰ ᠬᠤᠳᠠ ᠶᠢᠨ ᠳᠤᠯᠤᠭᠠᠢ ᠦᠭᠡᠢ ᠪᠠᠮᠪᠠᠷ

ᠨᠢᠬᠡᠠᠳᠡᠬᠡ ᠲᠣᠯᠣᠭᠠᠢ ᠨᠢᠬᠡᠠᠳᠡᠬᠡ ᠪᠠᠶ᠎ᠠ ᠬᠣᠶᠠᠷᠳᠠ ᠰᠠᠯᠣᠭᠰᠠᠨ ᠪᠠᠮᠪᠠᠷ

ᠨᠢᠬᠡᠨ ᠰᠠᠳᠬᠢᠯ ᠢᠶᠡᠷ ᠪᠠᠭᠣᠷᠢ ᠶᠢ ᠰᠠᠬᠢᠭᠰᠠᠭᠠᠷ ᠡᠴᠢᠨᠡᠬᠡᠨ ᠵᠠᠭᠣᠨ ᠢ ᠲᠣᠭᠣᠯᠪᠠᠢ᠂

ᠪᠣᠷᠵᠢᠨ ᠴᠢᠯᠠᠭᠣᠨ ᠤ ᠠᠷᠢᠯᠬᠣ ᠦᠭᠡᠶ ᠦᠨᠥᠷ ᠴᠢᠰᠣᠨ ᠤ ᠮᠢᠨᠢ ᠬᠡᠩᠰᠢᠬᠥᠤ ᠪᠤᠯᠬᠤᠷ

ᠪᠢᠯᠢᠭ᠌ ᠤᠨ ᠨᠢᠯᠪᠣᠰᠣᠨ ᠢᠶᠡᠷ ᠪᠡᠬᠡᠰ ᠢ ᠵᠢᠭᠣᠷᠠᠵᠣ ᠡᠷᠳᠠᠨ ᠤ ᠠᠶᠠᠰ ᠢ ᠲᠠᠭᠣᠯᠠᠪᠠᠢ᠃

ᠪᠢᠯᠢᠭ᠌ ᠤᠨ ᠴᠢᠭᠣᠯᠭᠠᠨ ᠤ ᠠᠶᠠᠨ ᠤ ᠲᠡᠷᠬᠡ ᠪᠠᠷᠰ ᠬᠣᠳᠠ ᠶᠢᠨ ᠪᠠᠭᠣᠷᠢ ᠬᠦᠷᠥᠮᠡᠭ᠍ᠴᠡ

ᠡᠪ ᠬᠠᠪᠣ ᠦᠭᠡᠶ ᠰᠣᠪᠢᠡᠭ ᠪᠠᠶ᠎ᠠ ᠳᠤ ᠮᠢᠨᠢ ᠡᠬᠢᠯᠠᠨ ᠮᠡᠳᠡᠭ᠍ᠳᠡᠵᠦ᠂ ᠰᠢᠨ᠎ᠠ ᠪᠠᠷ ᠪᠣᠰᠬᠠᠭᠰᠠᠨ ᠠᠪᠰᠠᠨ ᠬᠠᠷ᠎ᠠ ᠥᠩᠬᠡᠳᠡᠢ ᠲᠣᠷᠠᠰᠬᠠᠯ ᠤᠨ ᠬᠦᠷᠢᠶ᠎ᠡ ᠲᠠᠶ᠋‍ᠢᠰᠢ ᠰᠠᠯᠣᠭᠠᠳ ᠣᠳᠠᠭᠰᠠᠨ ᠡᠯᠣᠠᠴᠠ ᠬᠣᠯᠣᠠᠴᠠ ᠲᠡᠶ ᠪᠠᠨ ᠠᠮᠢᠳᠣ ᠪᠠᠷ ᠨᠢ ᠣᠴᠠᠷᠠᠭᠰᠠᠨ ᠮᠠᠳᠣ ᠠᠮᠢ ᠦᠭᠡᠶ ᠵᠢᠣᠠᠬᠥᠯᠡᠨ ᠲᠡᠮᠠᠥᠯᠡᠬᠥ ᠳᠡᠭᠡᠨ ᠥᠩᠬᠡᠷᠡᠤ ᠬᠡᠶ᠋‍ᠢᠷᠬᠡᠭ᠍ᠰᠡᠨ ᠤ ᠡᠢᠨᠧᠷᠼᠢ ᠳᠡᠭᠡᠨ ᠲᠠᠶ᠋‍ᠢᠯᠳᠠᠵᠣ᠂ ᠬᠦᠯ ᠲᠣᠱᠠᠭᠰᠠᠨ ᠨᠢᠬᠡ ᠴᠢᠯᠠᠭᠣᠨ ᠳᠤ ᠬᠦᠶ‍ᠢ ᠬᠠᠢ ᠦᠭᠡᠶ ᠪᠦᠳᠥᠷᠢᠵᠦ ᠣᠨᠠᠪᠠ᠃ ᠦᠵᠡᠰᠨ᠂ ᠲᠣᠯᠣᠭᠠᠢ ᠨᠢ ᠲᠠᠰᠣ ᠴᠠᠪᠴᠢᠭᠳᠠᠭᠠᠳ ᠲᠠᠯ᠎ᠠ ᠳ᠋ᠣᠨᠢ ᠪᠦᠮᠪᠥᠷᠢᠵᠦ ᠣᠨᠠᠭᠰᠠᠨ ᠨᠢᠬᠡᠨ ᠪᠢᠴᠢᠬᠠᠨ ᠪᠠᠮᠪᠠᠷ ᠪᠠᠶ᠋‍ᠢᠯ᠎ᠠ︕ ᠲ᠋ᠡᠷᠠᠬᠡᠨ ᠠᠭᠱᠠᠨ ᠳᠤ ᠡᠬᠡᠬᠡ ᠯᠠ ᠲᠡᠯᠠᠬᠡᠢ ᠶᠢᠨ ᠪᠦᠮᠪᠥᠷᠴᠡᠭ ᠢ ᠲᠡᠭ᠍ᠷᠢ ᠳᠤ ᠭᠠᠷᠳᠠᠯ᠎ᠠ ᠡᠢᠰᠬᠥᠯᠥᠭᠰᠡᠨ ᠮᠠᠳᠣ ᠪᠠᠷᠠᠭᠣᠨ ᠬᠦᠯ ᠮᠢᠨᠢ ᠴᠢᠨᠣᠷᠠᠨ ᠡᠪᠠᠳᠴᠣ᠂ ᠪᠠᠰᠠ ᠲᠠᠭᠠᠷᠢᠯᠳᠠ ᠶᠢᠨ ᠪᠠᠶ᠋‍ᠢᠷᠢ ᠶᠢᠨ ᠬᠦᠯ ᠪᠦᠮᠪᠥᠬᠡᠴᠢᠨ ᠬᠡᠨᠡᠳᠳᠡ ᠣᠪ ᠠᠯᠳᠠᠨ ᠰᠠᠬᠢᠯᠳᠠ ᠶᠢᠨ ᠪᠠᠶ᠋‍ᠢᠷᠢ ᠳᠣ ᠬᠦᠶᠥᠨ ᠣᠴᠢᠭᠠᠳ ᠦᠷᠣᠬᠡᠯ ᠡᠴᠡ ᠪᠦᠮᠪᠥᠬᠡ ᠪᠣᠯᠢᠶᠠᠬᠣ ᠬᠡᠵᠦ ᠪᠠᠶ᠋‍ᠢᠭᠠᠳ ᠦᠪᠡᠷ ᠤᠨ ᠲᠠᠯ᠎ᠠ ᠶᠢᠨ ᠡᠬᠥᠳᠡᠨ ᠳᠡᠭᠡᠨ ᠲᠡᠢᠢᠷᠥᠬᠡᠥᠨ ᠣᠷᠣᠭᠣᠯᠴᠢᠬᠠᠭᠰᠠᠨ ᠰᠢᠣᠬᠠᠨ ᠲᠠᠷᠢᠬᠢ ᠲᠣᠯᠣᠭᠠᠢ ᠲᠦᠢᠷᠡᠬᠡᠥᠨ ᠯᠠ ᠶᠠᠪᠣᠴᠢᠬᠠᠪᠠ ᠁ ᠶᠡᠬᠡ ᠪᠦᠳᠥᠷᠢᠯ ᠪᠠᠶ᠋‍ᠢᠵᠣ ᠳ᠋‍ᠠ᠂ ᠲᠣᠭᠣᠠᠳᠠᠮᠣᠷ ᠪᠡᠬᠡᠵᠢᠡᠭ ᠳᠤ ᠪᠦᠳᠥᠷᠢᠴᠢᠬᠡᠬᠡᠥᠨ ᠪᠠᠷᠰ ᠬᠣᠳᠠ ᠳᠤ ᠡᠢᠷᠠᠵᠣ ᠣᠶ᠋‍ᠢᠴᠢᠠᠠᠰᠠᠨ ᠡᠴᠡ ᠲᠣᠣᠷ᠎ᠠ ᠴᠤ ᠦᠭᠡᠶ ᠪᠠᠶ᠋‍ᠢᠵᠠᠢ᠃ ᠮᠠᠨ ᠤ ᠬᠣᠶᠠᠷ ᠤᠨ ᠪᠦᠳᠥᠷᠢᠯ ᠶᠠᠮᠠᠷ ᠨᠢᠬᠡᠨ ᠲᠠᠯᠳᠠ ᠶᠢᠨ ᠬᠣᠯᠪᠣᠭ᠎ᠠ ᠲᠡᠶ ᠪᠠᠶ᠋‍ᠢᠭᠰᠠᠨ ᠴᠤ ᠮᠠᠭᠠᠳ ᠦᠭᠡᠶ᠃ ᠪᠠᠷᠰ ᠬᠣᠳᠠ ᠶᠢᠨ ᠪᠢᠴᠢᠬᠠᠨ ᠪᠠᠮᠪᠠᠷ ᠢᠶᠡᠨ ᠣᠯᠵᠣ ᠬᠠᠷᠠᠭᠰᠠᠨ ᠦᠭᠡᠶ 《 ᠮᠡᠬᠥᠰ ᠪᠢ 》 ᠳᠤ ᠨᠢᠳᠣ ᠣᠷᠭᠣᠭᠣᠯᠵᠣ ᠤᠬᠠᠭ᠎ᠠ ᠣᠷᠣᠭᠣᠯᠵᠣ᠂ ᠪᠦᠳᠥᠷᠢᠭᠰᠡᠨ ᠭᠠᠵᠠᠷ ᠡᠴᠡ ᠪᠠᠨ ᠪᠣᠰᠴᠣ ᠵᠤᠭᠰᠤᠨ 《 ᠲᠡᠬᠥᠰ ᠪᠢ 》 ᠪᠣᠯ ᠬᠡᠰᠡᠨ ᠬᠠᠳᠠᠭᠣ ᠰᠣᠷᠭᠠᠯ ᠪᠠᠶ᠋‍ᠢᠭᠰᠠᠨ ᠴᠤ ᠶᠣᠮ ᠦᠦ ᠳ᠋‍ᠠ᠃ ᠲᠠᠷᠠ ᠣᠳᠠᠭ᠎ᠠ ᠡᠴᠡ ᠬᠣᠶ᠋‍ᠢᠰᠢ ᠪᠢ ᠬᠡᠲᠦᠠᠳᠡ ᠪᠦᠳᠥᠷᠢᠵᠦ ᠪᠠᠶ᠋‍ᠢᠨ᠎ᠠ ᠬᠡᠵᠦ ᠵᠠᠬᠥᠳᠥᠯᠡᠭ᠍ᠰᠡᠨ ᠪᠦᠬᠡᠥᠨ ᠨᠢᠬᠡ ᠣᠳᠠᠭ᠎ᠠ ᠬᠦᠯ ᠡᠴᠡ ᠮᠢᠨᠢ ᠣᠷᠣᠰᠣᠭᠰᠠᠨ ᠪᠣᠷᠵᠢᠬᠢᠨ ᠴᠢᠰᠣᠨ ᠤ ᠨᠠᠯᠣᠢ ᠲᠣᠮᠳᠠ ᠡᠴᠡ ᠬᠦᠵᠦᠬᠥᠤ ᠬᠡᠯᠡ ᠬᠣᠶᠠᠷ ᠲᠠᠭᠠᠨ ᠰᠢᠷᠬ᠎ᠠ ᠲᠡᠶ ᠬᠦᠷᠡᠨᠭ᠌ ᠣᠯᠠᠭᠠᠨ ᠪᠠᠮᠪᠠᠷ ᠬᠦᠶᠥᠨ ᠪᠣᠰᠴᠣ᠂ ᠡᠷᠳᠠᠨ ᠤ ᠬᠡᠯᠡ ᠪᠠᠷ ᠡᠮᠬᠡᠨᠢᠯᠲᠦ ᠵᠦᠴᠦᠭᠡ ᠶᠠᠷᠢᠭᠰᠠᠨ ᠢ ᠨᠢ ᠣᠯᠠᠩᠬᠢ ᠣᠩᠰᠢᠭᠴᠢ ᠳᠤ ᠣᠶ᠋‍ᠢᠯᠠᠭᠠᠮᠵᠢᠳᠠᠢ ᠪᠠᠶ᠋‍ᠢᠬᠣ ᠶᠢ ᠪᠣᠳᠣᠵᠣ ᠣᠳᠣᠬᠢ ᠬᠡᠯᠡᠨ ᠳᠤ ᠪᠠᠭᠣᠯᠭᠠᠪᠠ᠄

ᠣᠳᠣ ᠡᠴᠡ 630 ᠵᠢᠯ ᠤᠨ ᠡᠮᠣᠨ᠎ᠠ᠂ ᠲᠠᠷᠣᠢ ᠨᠠᠶ᠋‍ᠢᠳᠠ ᠶᠢᠨ ᠣᠨ ᠲᠣᠭᠠᠯᠠᠯ ᠤᠨ 1370 ᠣᠨ ᠤ ᠲᠠᠪᠣᠨ ᠰᠠᠷ᠎ᠠ ᠪᠣᠯ ᠪᠠᠷᠰ ᠬᠣᠳᠠ ᠪᠠᠯᠪᠠᠰᠣᠷᠠᠯ ᠤᠨ ᠲᠠᠯᠠᠢ ᠳᠤ ᠵᠢᠪᠥᠭ᠍ᠰᠡᠨ ᠬᠠᠷ᠎ᠠ ᠰᠠᠷ᠎ᠠ ᠪᠠᠶ᠋‍ᠢᠭᠰᠠᠨ ᠶᠣᠮ᠃ ᠲᠥᠷᠣᠬᠥᠤ ᠰᠠᠷ᠎ᠠ ᠶᠢᠨ ᠬᠢᠨᠢ 28 ᠤ ᠡᠳᠣᠷ᠂ ᠣᠬᠠᠭᠠᠠᠳᠣ ᠲᠣᠭᠣᠠᠳᠠᠮᠣᠷ ᠬᠠᠭᠠᠨ ᠦᠨᠦᠬᠢ ᠠᠯᠳᠠᠷᠳᠠᠢ ᠬᠡᠮᠰᠢᠯ ᠤᠨ ᠰᠢᠯᠥᠭ ᠤᠨ ᠢᠶᠡᠨ ᠬᠠᠮᠳᠣ ᠬᠡᠷᠢᠶᠡᠰ ᠦᠯᠠᠳᠡᠬᠡᠨ ᠲᠡᠭ᠍ᠷᠢ ᠳᠤ ᠬᠠᠯᠢᠭᠰᠠᠨ ᠳᠤ ᠬᠡᠰᠢᠭ᠍ᠳᠡᠨ ᠤ ᠲᠠᠯ᠎ᠠ ᠶᠢᠨ ᠠᠯᠳᠠᠩᠬᠣᠸ᠎ᠠ ᠴᠡᠴᠡᠭ ᠲᠡᠯᠬᠡᠷᠡᠬᠥ ᠡᠴᠡ ᠪᠠᠨ ᠡᠮᠣᠨ᠎ᠠ ᠵᠤᠯᠭᠠᠷᠠᠵᠣ᠂ ᠮᠣᠩᠭ᠋ᠣᠯ ᠲᠥᠷᠤ ᠮᠦᠬᠥᠬᠥ ᠶᠢᠨ ᠮᠠᠭᠣ ᠪᠡᠯᠬᠡ ᠦᠵᠡᠬᠥᠯᠪᠡ᠃ ᠰᠠᠶ‍ᠢᠬᠠᠨ ᠰᠠᠭᠣᠷᠢᠨ ᠢ ᠵᠠᠯᠭᠠᠮᠵᠢᠯᠠᠭᠰᠠᠨ ᠪᠢᠯᠢᠭ᠍ᠲᠦ ᠬᠠᠭᠠᠨ ᠭᠠᠰᠢᠭᠣᠳᠠᠯ ᠲᠣᠮᠳᠠ ᠡᠴᠡ ᠪᠢᠯᠢᠭ᠌ ᠣᠬᠠᠭᠠᠨ ᠶ᠋‍ᠢᠠᠨ ᠰᠠᠯᠭᠠᠵᠣ ᠶᠠᠳᠠᠩᠬᠠᠨ ᠪᠠᠶ᠋‍ᠢᠳᠠᠯ᠎ᠠ ᠬᠡᠨᠡᠳᠳᠡ ᠨᠢᠬᠡ ᠡᠳᠣᠷ ᠲᠡᠭ᠍ᠷᠢ ᠡᠴᠡ ᠪᠠᠭᠣᠵᠣ ᠭᠠᠵᠠᠷ ᠡᠴᠡ ᠣᠷᠭᠣᠭᠰᠠᠨ ᠰᠢᠭ ᠲᠠᠷᠢᠶᠠᠴᠢᠨ ᠤ ᠪᠣᠰᠣᠯᠭ᠎ᠠ ᠶᠢᠨ ᠴᠡᠷᠢᠭ᠌ ᠬᠠᠷ᠎ᠠ ᠲᠠᠷᠣᠬᠣ ᠮᠠᠳᠣ ᠬᠣᠳᠠ ᠶᠢᠨ ᠲᠣᠣᠷ᠎ᠠ ᠬᠦᠷᠴᠦ ᠡᠢᠷᠠᠵᠠᠢ᠃ ᠠᠶᠣᠰᠢᠷᠢᠳᠠᠷ᠎ᠠ ᠡᠴᠢᠬᠡ ᠬᠠᠭᠠᠨ ᠤ ᠬᠡᠮᠰᠢᠯ ᠤᠨ ᠰᠢᠯᠥᠭ᠂ ᠴᠢᠨ ᠱᠢ ᠬᠣᠸᠡᠨᠭ᠌ ᠤᠨ ᠣᠢᠶ᠎ᠡ ᠡᠴᠡ ᠣᠯᠠᠮᠵᠢᠯᠠᠭᠰᠠᠨ ᠲᠣᠮᠳᠠᠳᠣ ᠣᠯᠣᠰ ᠤᠨ ᠬᠠᠭᠠᠨ ᠲᠠᠮᠠᠭ᠎ᠠ ᠲᠡᠶ ᠬᠠᠮᠳᠣ ᠴᠢᠩᠬᠢᠰ ᠬᠠᠭᠠᠨ ᠤ ᠣᠢᠶ᠎ᠡ ᠡᠴᠡ ᠣᠯᠠᠮᠵᠢᠯᠠᠭᠰᠠᠨ ᠬᠦᠬᠡ ᠲᠣᠭ ᠢ ᠡᠪᠬᠡᠨ ᠡᠪᠣᠷᠯᠠᠵᠣ᠂ ᠠᠷᠪᠠᠨ ᠵᠢᠷᠭᠣᠭᠠᠨ ᠰᠠᠶ᠋‍ᠢᠨ ᠮᠣᠷᠢᠳᠠᠨ ᠲᠠᠭᠠᠭᠣᠯᠣᠨ᠂ ᠡᠮᠠᠬᠡᠯ ᠲᠡᠬᠡᠷ᠎ᠡ ᠰᠦᠪᠡᠬᠡ ᠲᠤᠯᠤᠭᠰᠠᠭᠠᠷ ( ᠡᠷᠳᠡᠨ ᠤ ᠮᠤᠩᠭ᠋ᠤᠯᠴᠤᠳ ᠬᠦᠮᠦᠨ ᠦᠬᠦᠭ᠍ᠰᠡᠨ ᠪᠤᠶᠤ ᠭᠠᠯ ᠠᠯᠳᠠᠭᠰᠠᠨ ᠦᠶᠡᠰ ᠡᠮᠡᠭᠡᠯ ᠳᠡᠭᠡᠷ᠎ᠠ ᠰᠦᠪᠡᠭᠡ ᠳᠤᠯᠵᠤ ᠡᠮᠭᠡᠨᠢᠯ ᠢᠶᠡᠨ ᠢᠯᠡᠳᠭᠡᠳᠡᠭ ᠵᠠᠩᠰᠢᠯ ᠲᠠᠢ ᠪᠠᠢᠢᠵᠠᠢ) ᠬᠣᠶ᠋‍ᠢᠳᠣ ᠬᠠᠭᠠᠯᠭ᠎ᠠ ᠪᠠᠷ ᠭᠠᠷᠴᠣ ᠲᠣᠳᠠᠭᠠᠪᠠ᠃ ᠬᠠᠷᠠᠮᠰᠠᠯᠳᠠᠢ ᠨᠢ ᠣᠬᠠᠭᠠᠠᠳᠣ ᠬᠠᠭᠠᠨ ᠤ ᠣᠶᠠᠩᠭ᠋ᠠᠯᠠᠨ ᠪᠢᠴᠢᠭ᠍ᠰᠡᠨ ᠰᠢᠯᠥᠭ ᠤᠨ ᠲᠡᠬᠥᠪᠥᠷᠢ᠂ ᠰᠣᠶᠣᠯ ᠤᠨ ᠨᠠᠶ᠋‍ᠢᠷᠠᠭᠣᠯᠣᠯ᠂ ᠰᠢᠨ᠎ᠠ ᠦᠬᠥᠯᠡᠯᠬᠡ ᠪᠣᠯᠣᠨ ᠪᠠᠶ᠋‍ᠢᠭᠠᠯᠢ ᠶᠢᠨ ᠰᠢᠨᠵᠢᠯᠡᠬᠥ ᠣᠬᠠᠭᠠᠨ ᠤ ᠦᠬᠥᠯᠡᠯ ᠲᠡᠷᠢᠬᠥᠳᠡᠨ ᠢ ᠪᠦᠷ ᠠᠪᠠᠴᠢᠵᠣ ᠲᠡᠢᠢᠯᠥᠭᠰᠡᠨ ᠦᠬᠡᠢ ᠪᠢᠯᠠ᠃ ᠲᠡᠬᠡᠬᠡᠥᠨ ᠦᠯᠠᠳᠡᠭ᠍ᠰᠠᠥᠨ ᠨᠢ ᠬᠠᠳᠣᠳ ᠪᠠᠷᠢᠶᠠᠳ᠂ ᠬᠣᠳᠠ ᠪᠠᠯᠭᠠᠳ ᠢᠶᠡᠨ ᠬᠠᠮᠠᠭᠠᠯᠠᠨ ᠦᠬᠥᠬᠥᠧᠨᠷ ᠪᠠᠶ᠋‍ᠢᠯᠳᠣᠵᠣ᠂ ᠪᠠᠷᠰ ᠬᠣᠳᠠ ᠴᠢᠰᠤ ᠪᠠᠷ ᠪᠢᠯᠳᠠᠭᠳᠠᠨ᠂ ᠲᠠᠷᠠ ᠦᠳᠡᠰᠢ ᠶᠢᠨ ᠨᠠᠷᠠ ᠬᠦᠨ ᠣᠯᠠᠭᠠᠨ ᠪᠦᠷᠥᠢ ᠪᠣᠯᠵᠣ ᠪᠠᠷᠰ ᠬᠣᠳᠠ ᠳᠤ ᠰᠢᠩᠬᠡᠭ᠍ᠰᠡᠨ ᠪᠢᠯᠠ ᠁ ᠪᠣᠰᠣᠯᠭ᠎ᠠ ᠶᠢᠨ ᠴᠡᠷᠢᠭ᠌ ᠨᠦᠬᠥᠬᠡ ᠲᠠᠯ᠎ᠠ ᠪᠠᠷ ᠭᠠᠪᠰᠢᠭᠠᠢ ᠮᠣᠷᠢᠳᠠᠳ ᠢᠶᠡᠷ ᠭᠠᠯ ᠠᠪᠣᠷᠠᠬᠣ ᠮᠠᠳᠣ ᠲᠥᠷᠬᠡᠯᠡᠨ ᠪᠢᠯᠢᠭ᠍ᠲᠦ ᠬᠠᠭᠠᠨ ᠢ ᠨᠡᠬᠡᠵᠡᠢ᠃ ᠬᠡᠳᠡᠯ᠎ᠡ ᠲᠠᠳᠠᠨ ᠤ ᠮᠣᠷᠢᠳ ᠬᠡᠷᠬᠢᠨ ᠪᠢᠳᠠᠨ ᠤ ᠮᠣᠷᠢᠳ ᠢ ᠬᠦᠢᠴᠡᠬᠥ ᠠᠵᠢ︕ ᠰᠦᠨᠢ ᠲᠥᠯᠢ ᠶᠢᠨ ᠣᠢᠶ᠎ᠡ ᠪᠠᠷ ᠰᠠᠶ᠋‍ᠢᠬᠠᠨ ᠬᠠᠨ ᠤ ᠡᠩᠬᠡᠷ ᠬᠦᠷᠳᠡᠯ᠎ᠡ ᠨᠡᠬᠡᠭ᠍ᠰᠡᠨ ᠳᠤ ᠬᠡᠨᠡᠳᠳᠡ ᠠᠭᠣᠯᠠᠨ ᠣᠷᠬᠢᠯ ᠳᠤ ᠰᠥᠯᠳᠡ ᠴᠠᠭᠠᠨ ᠲᠡᠭ᠍ᠷᠢ ᠴᠠᠬᠢᠨ ᠡᠢᠯᠠᠷᠠᠵᠣ᠂ ᠬᠡᠬᠡᠨ ᠴᠠᠭᠠᠨ ᠡᠳᠣᠷ ᠮᠠᠳᠣ ᠬᠡᠷᠡᠯᠳᠥᠨ᠂ ᠣᠷᠬᠢᠯ ᠤᠨ ᠨᠠᠭᠣᠷ ᠨᠢ ᠴᠠᠰᠣᠨ ᠬᠦᠷᠬᠢᠷ᠎ᠡ ᠪᠠᠷ ᠪᠦᠬᠡᠯᠵᠢᠬᠡᠥᠨ᠂ ᠪᠠᠯ ᠣᠷᠣᠭᠣ ᠪᠠᠨ ᠠᠭᠣᠯᠠ ᠨᠣᠷᠠᠬᠣ ᠮᠠᠳᠣ ᠦᠶᠡᠷᠯᠡᠪᠡ᠃ ᠡᠬᠡ ᠡᠴᠡ ᠪᠠᠨ ᠲᠥᠷᠥᠭᠰᠡᠨ ᠡᠴᠡ ᠠᠪᠣᠭᠠᠳ ᠡᠶ᠋‍ᠢᠮᠣ ᠶᠡᠬᠡ ᠴᠠᠰᠣ ᠶᠢ ᠦᠵᠡᠬᠥ ᠪᠠᠶ᠋‍ᠢᠳᠣᠭᠠᠢ᠂ ᠴᠠᠰᠣ ᠶᠠᠭᠣ ᠶᠢ ᠴᠤ ᠮᠡᠳᠡᠳᠡᠭ ᠦᠭᠡᠶ ᠡᠮᠣᠨ᠎ᠠ ᠣᠷᠣᠨ ᠤ ᠲᠠᠷᠢᠶᠠᠴᠢᠳ ᠡᠵᠠᠨ ᠬᠣᠷᠮᠣᠰᠳᠠ ᠬᠢᠯᠢᠩᠨᠠᠯ᠎ᠠ ᠬᠡᠮᠡᠨ ᠥᠩᠬᠥᠯᠴᠡᠭ ᠶ᠋‍ᠢᠠᠨ ᠬᠠᠭᠠᠷᠠᠳᠠᠯ᠎ᠠ ᠠᠶᠣᠵᠣ᠂ ᠪᠣᠷᠣ ᠮᠦᠷ ᠢᠶᠡᠷ ᠢᠶᠡᠨ ᠭᠣᠳ ᠲᠣᠳᠠᠭᠠᠵᠠᠢ᠃ ᠲᠠᠭᠠᠷᠢᠯᠭᠠᠨ ᠳᠠᠭᠠᠨ ᠲᠠᠳᠠ ᠲᠡᠭ᠍ᠷᠢ ᠶᠢᠨ ᠴᠠᠰᠣ ᠵᠢ ᠬᠠᠶ᠋‍ᠢᠯᠣᠭᠣᠯᠵᠣ ᠲᠡᠢᠢᠯᠥᠭᠰᠡᠨ ᠦᠭᠡᠶ ᠬᠣᠷᠣᠰᠣᠯ ᠤᠨ ᠭᠠᠯ ᠢᠶᠡᠨ ᠭᠠᠵᠠᠷ ᠤᠨ ᠭᠠᠶ᠋‍ᠢᠬᠠᠮᠰᠢᠭ ᠪᠣᠯᠣᠭᠰᠠᠨ ᠪᠠᠷᠰ ᠬᠣᠳᠠ ᠳᠤ ᠵᠤᠯᠭᠠᠭᠣᠯᠵᠣ ᠪᠢᠯᠠ᠃ ᠪᠣᠰᠣᠯᠭ᠎ᠠ ᠶᠢᠨ ᠴᠡᠷᠢᠭ᠌ ᠤᠨ ᠨᠢᠬᠡᠨ ᠲᠥᠷᠣᠬᠥᠤ ᠯᠢ ᠸᠧᠨ ᠵᠦᠡᠭ ᠬᠡᠭ᠍ᠴᠢ ᠪᠢᠯᠢᠭ᠍ᠲᠦ ᠬᠠᠭᠠᠨ ᠢ ᠠᠯᠠᠵᠣ ᠲᠡᠢᠢᠯᠥᠭᠰᠡᠨ ᠦᠭᠡᠶ᠂ ᠬᠠᠭᠠᠨ ᠲᠠᠮᠠᠭ᠎ᠠ ᠶᠢ ᠨᠢ ᠪᠣᠯᠢᠶᠠᠵᠣ ᠲᠡᠢᠢᠯᠥᠭᠰᠡᠨ ᠦᠭᠡᠶ ᠪᠤᠯᠬᠤᠷ ᠲᠡᠣᠬᠡᠨ ᠲᠡᠬᠡᠷ᠎ᠡ ᠵᠢᠩᠬᠢᠨᠢ 《 ᠡᠷᠣᠬᠡ ᠠᠮᠨ ᠶᠢᠨ ᠲᠠᠩᠰᠠ 》 ᠦᠭᠡᠶ ᠬᠠᠷ᠎ᠠ ᠲᠥᠷᠤ ᠶᠢᠨ ᠲᠥᠰᠢᠮᠡᠯ ᠰᠠᠭᠣᠬᠣ ᠯᠠ ᠠᠯᠪᠠ ᠲᠡᠶ ᠪᠣᠯᠣᠭᠰᠠᠨ ᠬᠠᠷ᠎ᠠ ᠠᠭᠣᠷ ᠢᠶᠡᠨ ᠪᠢᠴᠢᠬᠠᠨ ᠰᠠᠬᠢᠭᠣᠯ ᠪᠠᠮᠪᠠᠷ ᠨᠠᠳᠠ ᠳᠤ ᠭᠠᠷᠭᠠᠵᠣ᠂ ᠬᠦᠴᠥᠲᠦ ᠡᠢᠯᠳᠣ ᠪᠠᠷ ᠬᠦᠵᠦᠬᠥᠤ ᠶᠢ ᠮᠢᠨᠢ ᠬᠣᠶᠠᠷᠳᠠ ᠴᠠᠪᠴᠢᠭᠠᠳ ᠬᠦᠴᠥᠷᠡᠭ᠍ᠰᠡᠨ ᠦᠭᠡᠶ᠃ ᠪᠢ ᠠᠮᠢᠰᠭᠣᠯ ᠲᠠᠰᠣᠷᠠᠬᠣ ᠦᠬᠡᠢ ᠪᠣᠯ ᠲᠣᠯᠣᠭᠠᠢ ᠲᠠᠰᠣᠷᠠᠬᠣ ᠦᠭᠡᠶ ᠰᠢᠳᠢ ᠲᠡᠶ ᠪᠢᠯᠠ︕ ᠬᠡᠪᠡᠴᠦ ᠲᠠᠳᠠᠨ ᠤ ᠲᠠᠬᠢᠨ ᠪᠣᠴᠠᠵᠣ ᠪᠠᠭ᠎ᠠ ᠡᠵᠠᠨ ᠢ ᠨᠡᠬᠡᠬᠥ ᠡᠴᠡ ᠠᠶᠣᠬᠣ ᠳ᠋ᠠᠭᠠᠨ ᠠᠷᠭ᠎ᠠ ᠪᠣᠰᠣ ᠬᠡᠯᠡ ᠪᠠᠨ ᠬᠠᠵᠠᠨ ᠠᠮᠢᠰᠭᠣᠯ ᠢᠶᠡᠨ ᠲᠠᠰᠣᠯᠵᠣ ᠲᠣᠯᠣᠭᠠᠢ ᠪᠠᠨ ᠲᠠᠰᠣ ᠴᠠᠪᠴᠢᠭᠣᠯᠪᠠ᠃ ᠪᠠᠭ᠎ᠠ ᠡᠵᠠᠨ ᠮᠢᠨᠢ ᠨᠠᠮᠠᠢᠢ ᠁ ᠶᠡᠬᠡ ᠯᠠ ᠪᠠᠬᠠᠷᠬᠠᠨ ᠁ ᠬᠠᠶ᠋‍ᠢᠷᠠᠯᠠᠳᠠᠭ ᠪᠠᠶ᠋‍ᠢᠭᠰᠠᠨ ᠁

ᠡᠠᠢ ᠬᠦᠬᠡᠷᠥᠬᠥᠢ᠂ ᠠᠯᠠᠮᠠᠷ ᠳ᠋‍ᠠ᠂ ᠪᠠᠮᠪᠠᠷ ᠮᠢᠨᠢ︕ ᠬᠡᠯᠡ ᠪᠠᠨ ᠬᠠᠵᠠᠨ ᠠᠮᠢᠰᠭᠣᠯ ᠢᠶᠡᠨ ᠲᠠᠰᠣᠯᠵᠣ ᠲᠣᠯᠣᠭᠠᠢ ᠪᠠᠨ ᠴᠠᠪᠴᠢᠭᠣᠯᠣᠭᠰᠠᠨ ᠴᠣ ᠬᠡᠷᠡᠭ ᠣᠴᠢᠷ ᠤᠨ ᠦᠨᠡᠨ ᠪᠠᠶ᠋‍ᠢᠳᠠᠯ ᠢ ᠬᠡᠯᠡᠬᠥ ᠰᠠᠨ ᠬᠡᠵᠦ ᠬᠡᠴᠢᠨᠡᠬᠡᠨ ᠵᠠᠭᠣᠨ ᠤ ᠲᠣᠷᠰᠢ ᠨᠠᠮᠠᠢᠢ ᠤᠬᠠᠭ᠎ᠠ ᠠᠯᠳᠠᠯ ᠦᠭᠡᠶ ᠪᠣᠳᠣᠯᠭ᠎ᠠ ᠰᠠᠯᠳᠠᠯ ᠦᠭᠡᠶ ᠬᠦᠯᠢᠶᠡᠭ᠍ᠰᠡᠨ ᠰᠠᠠᠵᠠᠢ︕ ᠲᠡᠬᠡᠬᠥ ᠪᠠᠷ ᠨᠢ ᠪᠠᠷᠰ ᠬᠣᠳᠠ ᠶᠢᠨ ᠪᠠᠮᠪᠠᠷ ᠢ ᠦᠵᠡᠭ᠍ᠰᠠᠬᠡᠷ ᠪᠢ ᠡᠪᠥᠷᠯᠡᠴᠢᠬᠡᠢ᠎ᠡ ᠬᠡᠵᠦ ᠦᠨᠡᠨ ᠶᠡᠬᠡ ᠰᠠᠨᠠᠭᠰᠠᠨ᠃ ᠴᠣᠷ ᠤᠨ ᠭᠠᠭᠴᠠ ᠠᠮᠢᠳᠣ ᠶᠢᠨ ᠪᠡᠯᠬᠡᠳᠡᠯ ᠲᠥᠷᠬᠥ ᠪᠠᠷ ᠲᠣᠷᠣᠶ᠋‍ᠢᠵᠣ ᠦᠯᠠᠳᠡᠭ᠍ᠰᠡᠨ ᠲᠠᠷᠠ ᠵᠢᠭᠠᠬᠠᠨ ᠴᠢᠯᠠᠭᠣᠨ ᠱᠣᠭᠣᠮᠠᠯ ᠪᠠᠷᠰ ᠬᠣᠳᠠ ᠶᠢᠨ ᠪᠠᠮᠪᠠᠷ ᠪᠠᠶ᠋‍ᠢᠭᠰᠠᠨ ᠳᠠᠭᠠᠨ ᠯᠠ ᠲᠣᠭᠠᠯᠠᠯᠳᠣ ᠣᠨ ᠵᠠᠭᠣᠨ ᠢ ᠲᠣᠭᠣᠯᠬᠣ ᠲᠣᠰᠣᠮ ᠢᠶᠡᠨ ᠣᠢᠨ᠎ᠡ ᠨᠢ ᠲᠠᠭᠠᠭᠠᠳ ᠦᠰᠬᠥ ᠪᠠᠶ᠋‍ᠢᠭᠰᠠᠨ᠃ ᠲᠡᠬᠡᠬᠡᠥᠨ ᠲᠡᠣᠬᠡ ᠶᠢᠨ ᠦᠨᠡᠰᠤ ᠶᠢ ᠨᠢᠯᠪᠣᠰᠣ ᠪᠠᠷ ᠢᠶᠡᠨ ᠵᠢᠭᠣᠷᠠᠵᠣ᠂ ᠪᠠᠶ᠎ᠠ ᠲᠣᠯᠣᠭᠠᠢ ᠶᠢ ᠨᠢ ᠨᠠᠭᠠᠯᠳᠣᠭᠣᠯᠬᠣ ᠬᠡᠵᠦ ᠪᠠᠰᠠ ᠣᠷᠣᠯᠳᠣᠵᠣ ᠦᠵᠡᠯ᠎ᠡ᠃ ᠪᠦᠳᠥᠭᠰᠡᠨ ᠦᠭᠡᠶ ᠡ︕ ᠲᠡᠯᠠᠬᠡᠢ ᠶᠢᠨ ᠪᠦᠮᠪᠥᠷᠴᠡᠭ ᠪᠣᠷᠣᠭᠣ ᠪᠠᠷ ᠡᠷᠬᠢᠭ᠍ᠰᠡᠨ ᠴᠣ ᠲᠠᠷᠠ ᠮᠢᠨᠢ ᠨᠢᠬᠡᠠᠳᠡ ᠲᠠᠬᠢᠨ ᠠᠮᠢᠳᠣᠷᠠᠬᠣ ᠡᠴᠡ ᠥᠩᠬᠡᠷᠡᠵᠡᠢ᠃ ᠪᠠᠰᠠ ᠶᠠᠭᠣᠨ ᠤ ᠬᠢᠨᠢ ᠪᠣᠷᠵᠢᠬᠢᠨ ᠣᠪᠣᠭᠳᠠᠨ ᠤ ᠲᠠᠶ᠋‍ᠢᠵᠢ᠂ ᠪᠢᠯᠢᠭ᠌ ᠤᠨ ᠴᠢᠭᠣᠯᠭᠠᠨ ᠤ ᠲᠣᠭᠴᠢ ᠲᠡᠶ ᠶᠣᠮ︖ ᠨᠠᠳᠠ ᠳᠤ ᠪᠠᠷᠰ ᠬᠣᠳᠠ ᠶᠢᠨ ᠢᠶᠡᠨ ᠲᠣᠯᠣᠭᠠᠢ ᠨᠢ ᠣᠨᠠᠭᠰᠠᠨ ᠪᠠᠮᠪᠠᠷ ᠢ ᠬᠦᠷᠳᠡᠯ᠎ᠡ ᠪᠣᠭᠴᠣᠯᠠᠭᠠᠳ ᠡᠢᠷᠡᠴᠢᠬᠡᠬᠥ᠂ ᠪᠢᠴᠢᠭ᠌ ᠤᠨ ᠬᠣᠷᠭᠣᠨ ᠳᠠᠭᠠᠨ ᠠᠪᠴᠢᠷᠠᠭᠠᠳ ᠲᠠᠯᠪᠢᠴᠢᠬᠠᠬᠣ ᠡᠷᠬᠡ ᠵᠠᠷᠬᠡ᠂ ᠵᠤᠷᠢᠭ ᠵᠢᠷᠥᠬᠡ ᠪᠠᠰᠠ ᠪᠠᠶ᠋‍ᠢᠭᠰᠠᠨ ᠦᠭᠡᠶ ︱ ᠬᠣᠳᠠ ᠶᠢᠨ ᠬᠠᠷ᠎ᠠ ᠲᠡᠯᠬᠡᠬᠥᠷ ᠲᠤ ᠠᠪᠠᠴᠢᠭᠠᠳ ᠴᠠᠭᠠᠨ ᠮᠣᠢᠩᠬᠥ ᠪᠠᠷ ᠰᠣᠯᠢᠬᠤ ᠬᠡᠵᠦ ᠪᠠᠶ᠋‍ᠢᠨ᠎ᠠ ᠬᠡᠵᠦ ᠪᠢᠯᠢᠭ᠌ ᠤᠨ ᠴᠢᠭᠣᠯᠭᠠᠨ ᠤ ᠬᠢᠨ ᠠᠶᠣᠯᠭᠠᠴᠢᠬᠠᠪᠠᠯ ᠶᠠᠭᠠᠬᠢᠨ᠎ᠠ᠂ ᠪᠢᠴᠢᠴᠢᠬᠡᠪᠡᠯ ᠡᠶ᠋‍ᠢᠨ᠎ᠠ︕ ᠲᠡᠬᠡᠬᠥ ᠪᠠᠷ ᠨᠢ ᠵᠦᠬᠡᠷ ᠲᠠᠷᠠ ᠬᠡᠪ ᠢᠶᠡᠷ ᠢᠶᠡᠨ ᠲᠠᠷᠠ ᠭᠠᠵᠠᠷ ᠢᠶᠡᠨ ᠪᠠᠶ᠋‍ᠢᠵᠣ ᠪᠠᠶ᠋‍ᠢᠪᠠᠯ ᠬᠠᠷᠠᠬᠣ ᠬᠦᠮᠥᠨ ᠨᠢ ᠣᠯᠠᠨ᠂ ᠭᠠᠷᠬᠣ ᠣᠶ᠋‍ᠢᠯᠠᠳᠣᠯ ᠨᠢ ᠶᠡᠬᠡ ᠶᠣᠮ ᠡ ᠬᠡᠵᠦ ᠪᠠᠶ᠎ᠠ ᠪᠠᠨ ᠠᠷᠭᠠᠳᠠᠵᠣ ᠰᠠᠳᠬᠢᠯ ᠢᠶᠡᠨ ᠲᠠᠢᠢᠳᠬᠣᠷᠠᠭᠣᠯᠪᠠ᠃ ᠬᠡᠪᠡᠴᠦ ᠣᠳᠣ ᠬᠡᠬᠡᠴᠢᠬᠡᠭ᠍ᠰᠡᠨ ᠦᠭᠡᠶ ᠪᠠ ᠳ᠋‍ᠠ᠂ ᠬᠡᠨ ᠨᠢᠬᠡ ᠬᠡᠷᠡᠭ ᠲᠡᠶ ᠬᠡᠷᠡᠭ ᠦᠭᠡᠶ ᠬᠦᠮᠥᠨ ᠨᠢ ᠠᠪᠣᠭᠠᠳ ᠶᠠᠪᠣᠴᠢᠬᠠᠭᠰᠠᠨ ᠦᠭᠡᠶ ᠪᠠ ᠳ᠋‍ᠠ ᠬᠡᠬᠥ ᠬᠠᠷᠠᠮᠰᠠᠯ ᠬᠠᠷᠠᠮᠨᠠᠯ ᠤᠨ ᠪᠣᠳᠣᠯ ᠬᠡᠳᠥᠨ ᠵᠢᠯ ᠤᠨ ᠲᠣᠷᠰᠢ ᠨᠠᠮᠠᠢᠢ ᠡᠵᠠᠮᠳᠠᠨ ᠵᠣᠪᠠᠭᠠᠵᠣ᠂ ᠬᠡᠰᠢᠭ᠍ᠳᠡᠨ ᠡᠴᠡ ᠬᠦᠮᠥᠨ ᠡᠢᠷᠡᠭ᠍ᠰᠠᠬᠡᠷ ᠯᠠ ᠪᠦᠷ ᠰᠠᠶ᠋‍ᠢᠨ ᠪᠠᠶ᠋‍ᠢᠨ᠎ᠠ ᠦᠦ ᠬᠡᠴᠢᠬᠡᠬᠡᠥᠨ ᠪᠠᠷᠰ ᠬᠣᠳᠠ ᠶᠢᠨ ᠪᠠᠮᠪᠠᠷ ᠪᠠᠰᠠ ᠪᠦᠳᠥᠨ ᠪᠠᠶ᠋‍ᠢᠨ᠎ᠠ ᠦᠦ ᠬᠡᠵᠦ ᠠᠰᠠᠭᠣᠳᠠᠭ ᠪᠣᠯᠭᠠᠭᠰᠠᠨ ᠶᠣᠮ᠃

ᠪᠢ ᠦᠨᠡᠨ ᠳᠡᠭᠡᠨ ᠪᠢᠴᠢᠬᠠᠨ ᠪᠠᠮᠪᠠᠷ ᠤᠨ ᠪᠠᠶ᠎ᠠ ᠶᠢ ᠨᠢ ᠪᠠᠰᠠ ᠬᠦᠳᠡᠯᠬᠡᠬᠥ ᠬᠡᠵᠦ ᠣᠷᠣᠯᠳᠣᠵᠣ ᠦᠵᠡᠭ᠍ᠰᠡᠨ᠃ ᠲᠡᠬᠡᠬᠡᠥᠨ ᠰᠠᠶ‍ᠢ ᠡᠬᠡ ᠭᠠᠵᠠᠷ ᠡᠴᠡ ᠪᠠᠨ ᠰᠠᠯᠬᠣ ᠦᠭᠡᠶ ᠯᠠ ᠪᠣᠯ ᠡᠬᠡᠨᠡᠭ᠍ᠳᠡ ᠲᠠᠶ᠋‍ᠢᠰᠣᠨ ᠳᠠᠭᠠᠨ ᠲᠡᠢᠢᠯᠥᠭᠳᠡᠳᠡᠭ ᠦᠭᠡᠶ ᠦᠯᠢᠬᠡᠷ ᠤᠨ ᠪᠠᠭᠠᠳᠣᠷ ᠠᠨᠳᠠᠢ ᠰᠢᠭ ᠲᠡᠯᠠᠬᠡᠢ ᠶᠢᠨ ᠪᠦᠮᠪᠥᠷᠴᠡᠭ ᠡᠴᠡ ᠣᠷᠭᠣᠭᠠᠰᠣᠳᠠᠢ ᠪᠠᠶ᠋‍ᠢᠬᠣ ᠶᠢ ᠨᠢ ᠮᠠᠳᠠᠪᠠ᠃ ᠲᠠᠷᠠ ᠮᠢᠨᠢ ᠬᠠᠮᠢᠭ᠎ᠠ ᠬᠦᠷᠥᠯ᠎ᠡ ᠴᠤ ᠬᠡᠰᠡᠨ ᠲᠡᠯᠠᠬᠡᠢ ᠶᠢᠨ ᠪᠦᠮᠪᠥᠷᠴᠡᠭ ᠤᠨ ᠦᠪᠡᠷ ᠤᠨ ᠡᠷᠬᠢᠯᠳᠠ ᠶᠢᠨ ᠲᠠᠭᠠᠤ ᠬᠡᠵᠢᠶ᠎ᠡ ᠡᠬᠥᠷᠢᠳᠡ ᠦᠯᠤ ᠦᠵᠡᠭ᠍ᠳᠡᠭ᠍ᠴᠢ ᠬᠦᠢᠰᠦ ᠪᠠᠨ ᠲᠣᠭᠣᠷᠢᠭᠠᠳ ᠡᠷᠬᠢᠯᠳᠥᠭᠰᠠᠬᠡᠷ ᠪᠠᠶ᠋‍ᠢᠬᠣ ᠪᠣᠯᠣᠨ᠎ᠠ᠃ ᠭᠠᠵᠠᠷ ᠰᠢᠷᠣᠢ ᠪᠠᠨ ᠯᠠ ᠪᠣᠤ ᠠᠯᠳᠠ᠂ ᠨᠣᠳᠣᠭ ᠲᠡᠪᠢᠰᠬᠡᠷ ᠢᠶᠡᠨ ᠯᠠ ᠪᠢᠳᠡᠬᠡᠢ ᠬᠣᠳᠠᠯᠳᠣ ᠬᠡᠵᠦ ᠣᠢᠶ᠎ᠡ ᠣᠢᠶ᠎ᠡ ᠶᠢᠨ ᠬᠢᠨ ᠳᠤ ᠦᠬᠥᠯᠡᠭ᠍ᠰᠠᠬᠡᠷ ᠪᠠᠶ᠋‍ᠢᠬᠣ ᠪᠣᠯᠣᠨ᠎ᠠ᠃ ᠲᠡᠬᠡᠬᠥ ᠪᠠᠷ ᠨᠢ ᠡᠨᠠ ᠪᠠᠮᠪᠠᠷ ᠨᠢ ᠴᠤ ᠵᠦᠬᠡᠷ ᠡ᠃ ᠬᠠᠷᠢᠨ ᠲᠠᠷᠠ ᠪᠠᠮᠪᠠᠷ ︱ ᠮᠣᠩᠭ᠋ᠣᠯ ᠰᠣᠶᠣᠯ ᠤᠨ ᠮᠣᠢᠩᠬᠡ ᠲᠣᠯᠭ᠎ᠠ ᠪᠣᠯᠬᠣ ᠶᠣᠰᠣᠳᠠᠢ ᠪᠠᠶ᠋‍ᠢᠭᠰᠠᠨ ᠲᠡᠣᠬᠡ ᠱᠠᠰᠳᠢᠷ ᠤᠨ ᠭᠠᠯ ᠪᠠᠮᠪᠠᠷ ᠮᠢᠨᠢ ᠴᠤ ᠴᠠᠭᠠᠳᠠᠢ ᠨᠢ ᠬᠦᠮᠥᠨ ᠤ ᠨᠢᠳᠣᠨ ᠳᠤ ᠦᠷᠲᠦᠬᠥᠯᠬᠥ ᠦᠭᠡᠶ᠂ ᠬᠣᠶ᠋‍ᠢᠴᠢ ᠣᠢᠶ᠎ᠡ ᠳ᠋ᠣᠨᠢ ᠦᠯᠠᠳᠡᠬᠡᠯᠬᠡᠬᠥ ᠦᠭᠡᠶ᠂ ᠬᠦᠷᠥᠨ ᠲᠡᠯᠠᠬᠡᠢ ᠳᠤ ᠦᠷᠨᠢᠬᠥᠯᠬᠥ ᠦᠭᠡᠶ ᠬᠡᠰᠡᠨ ᠬᠣᠷᠣᠨ ᠰᠠᠨᠠᠭ᠎ᠠ ᠬᠣᠮᠣᠬᠠᠢ ᠪᠣᠳᠣᠯᠭ᠎ᠠ ᠶᠢᠨ ᠶᠡᠬᠡ ᠲᠣᠶ᠋‍ᠢᠮᠠᠷ ᠤᠨ ᠴᠠᠷᠠᠭ᠎ᠠ ᠳᠤ ᠦᠨᠡᠰᠤ ᠪᠣᠯᠴᠢᠬᠠᠭᠰᠠᠨ ᠬᠠᠷᠠᠭᠳᠠᠨ᠎ᠠ᠃ ᠲᠠᠷᠠ ᠣᠶᠣᠨ ᠰᠦᠨᠡᠰᠤ ᠬᠡᠵᠢᠶ᠎ᠡ ᠡᠷᠬᠢᠵᠣ ᠬᠡᠨ ᠬᠦᠮᠥᠨ ᠤ ᠣᠬᠠᠭᠠᠨ ᠳᠤ (ᠤᠬᠠᠭᠠᠨᠳᠤ)᠂ ᠪᠢᠯᠢᠭ᠌ ᠲ᠋ᠤ (ᠪᠢᠯᠢᠭ᠍ᠳᠤ) ᠣᠷᠣᠰᠢᠬᠤ ᠶᠣᠮ ᠮᠡᠳᠡᠬᠥ ᠦᠭᠡᠶ︕ ᠬᠡᠪᠡᠴᠦ ᠲᠡᠯᠠᠬᠡᠢ ᠶᠢᠨ ᠠᠩᠬᠠᠷᠣᠯ ᠢ ᠲᠠᠳᠠᠭᠰᠠᠭᠠᠷ ᠡᠢᠷᠡᠭ᠍ᠰᠡᠨ ᠡᠨᠠ ᠬᠡᠰᠡᠭ ᠦᠷᠬᠡᠨ ᠠᠭᠣᠳᠠᠮ ᠨᠣᠳᠣᠭ ᠲᠡᠪᠢᠰᠬᠡᠷ ᠲᠡᠬᠡᠷ᠎ᠡ ᠭᠣᠷᠪᠠ ᠣᠳᠠᠭᠠᠨ ᠤ ᠰᠣᠶᠣᠯ ᠤᠨ ᠶᠡᠬᠡ ᠭᠠᠯᠳᠠᠭᠳᠠᠯ ᠤᠨ ᠭᠣᠨᠢᠭᠳᠣ ᠵᠦᠴᠥᠬᠡ ᠲᠣᠭᠯᠠᠭᠳᠠᠵᠣ ᠥᠩᠬᠡᠷᠡᠭ᠍ᠰᠡᠨ ᠢ ᠬᠦᠮᠥᠨ ᠲᠥᠷᠥᠯᠬᠢᠳᠡᠨ ᠤ ᠨᠢᠯᠪᠣᠰᠣᠳᠣ ᠲᠡᠣᠬᠡ ᠮᠠᠷᠳᠠᠬᠣ ᠶᠣᠰᠣ ᠦᠭᠡᠶ︕ ᠨᠢᠬᠡᠲᠦᠬᠡᠷ ᠣᠳᠠᠭ᠎ᠠ ᠨᠢ ᠬᠢᠳᠠᠳ ᠬᠦᠮᠥᠨ ᠬᠢᠳᠠᠳ ᠰᠣᠶᠣᠯ ᠢᠶᠡᠨ ᠭᠠᠯᠳᠠᠭᠰᠠᠨ᠃ ᠡ ᠫᠡᠡᠭ ᠬᠦᠡᠭ ᠣᠷᠳᠣᠨ ᠤ ᠲᠡᠭ᠍ᠷᠢ ᠲᠣᠯᠣᠮ᠎ᠠ ᠶᠡᠬᠡ ᠭᠠᠯ ᠣᠨ ᠲᠣᠳᠣᠷ᠎ᠠ ᠡᠴᠡ ᠬᠠᠶ᠋‍ᠢᠷᠠᠳᠣ ᠬᠠᠳᠣᠨ ᠢᠶᠡᠨ ᠲᠡᠪᠡᠷᠢᠭ᠍ᠰᠠᠬᠡᠷ ᠬᠦᠶᠥᠨ ᠭᠠᠷᠴᠣ ᠡᠢᠷᠡᠭ᠍ᠰᠡᠨ ᠪᠠ ᠸᠡᠨᠭ᠌ ᠰᠢᠶᠡᠨᠭ᠌ ᠡᠢᠣᠢ ᠶᠢ ᠣᠳᠣ ᠶ᠋‍ᠢᠨ ᠺᠢᠨᠣ᠋ ᠲᠧᠯᠸᠢᠰ ᠲᠤ ᠲᠡᠬᠡᠳᠡᠯ᠎ᠡ ᠨᠢ ᠮᠠᠭᠳᠠᠨ ᠲᠠᠭᠣᠯᠠᠬᠣ ᠶᠢ ᠬᠠᠷᠠᠭᠠᠳ ᠪᠢ ᠶᠡᠬᠡ ᠯᠠ ᠭᠠᠶ᠋‍ᠢᠬᠠᠰᠢ ᠠᠯᠳᠠᠷᠠᠭᠰᠠᠨ᠃ 《 ᠨᠣᠷᠮ᠎ᠠ ᠶ᠋‍ᠢᠨ ᠦᠨᠡᠰᠤ ᠨᠢ ᠬᠦᠷᠥᠬᠡᠳᠥᠢ ᠪᠠᠶ᠋‍ᠢᠳᠠᠯ᠎ᠠ ᠠᠭᠣᠯᠠᠨ ᠤ ᠵᠠᠬᠥᠨ᠎ᠡ ᠰᠠᠮᠠᠭᠣᠷᠠᠪᠠ᠂ ᠨᠣᠮ ᠪᠢᠴᠢᠭ᠌ ᠦᠵᠡᠭ᠍ᠰᠡᠨ ᠦᠭᠡᠶ ᠪᠣᠯᠠᠢ ᠯᠢᠤ ᠰᠢᠶᠡᠨᠭ᠌ ᠬᠣᠶᠠᠷ 》 ᠬᠡᠰᠡᠨ ᠲᠡᠨᠭ᠌ ᠤᠨ ᠰᠢᠯᠥᠭ ᠢ ᠲᠣᠮᠳᠠᠳᠣ ᠣᠯᠣᠰ ᠤᠨ ᠣᠳᠣ ᠶᠢᠨ ᠪᠢᠴᠢᠭ᠍ᠳᠡᠥᠨ ᠴᠤ ᠣᠩᠰᠢᠭᠰᠠᠨ ᠦᠭᠡᠶ ᠪᠣᠯᠣᠯᠳᠠᠢ᠃ ᠬᠣᠶᠠᠳᠣᠭᠠᠷ ᠣᠳᠠᠭ᠎ᠠ ᠨᠢ ᠬᠢᠳᠠᠳ ᠬᠦᠮᠥᠨ ᠮᠣᠩᠭ᠋ᠣᠯ ᠰᠣᠶᠣᠯ ᠢ ᠭᠠᠯᠳᠠᠭᠰᠠᠨ᠃ ᠦᠷᠣᠨᠡᠳᠡᠬᠢᠨ ᠲᠣᠷᠣᠨᠠᠳᠠᠬᠢᠨ ᠤ ᠦᠴᠢᠨᠡᠬᠡᠨ ᠣᠯᠠᠨ ᠦᠨᠡᠲᠦ ᠰᠣᠶᠣᠯ ᠤᠨ ᠦᠪ ᠬᠦᠷᠣᠩᠬᠡ ᠪᠠᠨ ᠬᠦᠮᠥᠨ ᠲᠥᠷᠥᠯᠬᠢᠳᠡᠨ ᠮᠢᠨᠢ ᠬᠠᠭᠠᠨ ᠴᠢᠩᠬᠢᠰ ᠤᠨ ᠬᠦᠴᠥᠷᠬᠡᠭ᠌ ᠮᠣᠷᠢᠳᠣ ᠴᠡᠷᠢᠭ᠌ ᠤᠨ ᠲᠠᠶ᠋‍ᠢᠨ ᠤ ᠬᠦᠯ ᠳᠤ ᠪᠢᠰᠢ᠂ ᠬᠠᠷᠢᠨ ᠱᠠᠩᠳᠣ ᠬᠣᠳᠠ᠂ ᠪᠠᠷᠰ ᠬᠣᠳᠠ᠂ ᠬᠠᠷᠠᠬᠣᠷᠣᠮ ᠢ ᠭᠠᠯᠳᠠᠭᠰᠠᠨ ᠲᠡᠳᠡᠬᠡᠷ ᠲᠡᠨᠡᠭ ᠲᠠᠷᠢᠶᠠᠴᠢᠳ ᠤᠨ ᠨᠢᠬᠥᠯᠲᠦ ᠭᠠᠷ ᠲᠤ ᠯᠠ ᠠᠯᠳᠠᠭᠰᠠᠨ᠃ ᠲᠠᠯ᠎ᠠ ᠭᠠᠵᠠᠷ ᠬᠣᠳᠠ ᠪᠠᠯᠭᠠᠳ ᠪᠠᠶ᠋‍ᠢᠭᠣᠯᠬᠣ ᠨᠢ ᠣᠷᠴᠢᠨ ᠲᠣᠭᠣᠷᠢᠨ ᠢ ᠡᠪᠳᠠᠨ᠎ᠠ ᠬᠡᠳᠡᠭ ᠢ ᠲᠠᠷᠢᠶᠠᠴᠢᠨ ᠤ ᠪᠣᠰᠣᠯᠭ᠎ᠠ ᠶᠢᠨ ᠴᠡᠷᠢᠭ᠌ ᠲᠠᠷᠠ ᠣᠢᠶ᠎ᠡ ᠳᠤ ᠪᠦᠷ《 ᠮᠡᠳᠡᠴᠢᠬᠡᠭ᠍ᠰᠡᠨ 》 ᠪᠠᠶ᠋‍ᠢᠭ᠎ᠠ ᠳ᠋‍ᠠ᠃ ᠭᠣᠷᠪᠠᠳᠣᠭᠠᠷ ᠣᠳᠠᠭ᠎ᠠ ᠨᠢ ᠭᠠᠳᠠᠭᠠᠳᠣ ᠶᠢᠨ ᠬᠦᠮᠥᠨ ᠲᠣᠮᠳᠠᠳᠣ ᠶᠢᠨ ᠰᠣᠶᠣᠯ ᠢ ᠭᠠᠯᠳᠠᠭᠰᠠᠨ᠃ ᠨᠠᠢᠮᠠᠨ ᠣᠯᠣᠰ ᠤᠨ ᠬᠣᠯᠪᠣᠭᠠᠳᠣ ᠴᠡᠷᠢᠭ᠌ ᠤᠨ ᠶᠤᠧᠨᠨ ᠮᠢᠡᠭ ᠶᠤᠧᠨᠨ ᠳ᠋ᠠᠬᠢ ᠲᠡᠬᠡᠷᠡᠮᠳᠡᠯᠬᠡ ᠭᠠᠯᠳᠠᠯᠭ᠎ᠠ ᠳᠤ ᠮᠠᠠᠵᠣ ᠴᠢᠡᠭ ᠤᠨ ᠬᠡᠳᠥᠨ ᠵᠠᠭᠣᠨ ᠵᠢᠯ ᠴᠣᠭᠯᠠᠭᠣᠯᠣᠭᠰᠠᠨ ᠰᠣᠨᠢᠨ ᠰᠠᠶ᠋‍ᠢᠬᠠᠨ ᠡᠳ᠋ ᠡᠷᠳᠠᠨᠢᠰ᠂ ᠰᠣᠶᠣᠯ ᠲᠡᠣᠬᠡ ᠶᠢᠨ ᠦᠪ ᠬᠦᠷᠣᠩᠬᠡ ᠡᠴᠡ ᠵᠦᠪᠬᠡᠨ ᠨᠢᠬᠡ ᠡᠪᠳᠡᠷᠬᠡᠢ ᠴᠢᠯᠠᠭᠣᠨ ᠬᠠᠭᠠᠯᠭ᠎ᠠ ᠯᠠ ᠦᠯᠠᠳᠡᠭ᠍ᠰᠡᠨ᠃ ᠭᠠᠳᠠᠭᠠᠳᠣ ᠶᠢᠨ ᠬᠦᠮᠥᠨ ᠲᠡᠬᠡᠵᠦ 《 ᠰᠣᠶᠣᠯ ᠤᠨ ᠶᠡᠬᠡ ᠬᠣᠪᠢᠰᠬᠠᠯ 》 ᠡᠴᠡ ᠬᠣᠯᠠ ᠡᠮᠣᠨᠠᠳᠠᠢ 《 ᠭᠣᠷᠪᠠᠨ ᠬᠠᠭᠣᠴᠢᠨ 》  ᠢ ᠭᠠᠯᠳᠠᠭᠰᠠᠨ ᠨᠢ ᠲᠣᠮᠳᠠᠳᠣ ᠣᠯᠣᠰ ᠢ 《 ᠬᠠᠪᠰᠣᠷᠬᠣ 》 ᠬᠡᠰᠡᠨ ᠪᠡᠶ᠋‍ᠢᠯᠬᠥᠢ᠃ ᠡᠨᠠ ᠭᠣᠷᠪᠠ ᠣᠳᠠᠭᠠᠨ ᠤ ᠭᠠᠯ ᠨᠢ ᠣᠳᠣ ᠪᠣᠯᠬᠣ ᠳᠤ ᠨᠢᠬᠡᠠᠳᠡ ᠲᠡᠬᠡᠵᠦ ᠠᠶᠣᠮᠠᠷ ᠶᠡᠬᠡ 《 ᠣᠳᠣᠭ᠎ᠠ ᠭᠠᠷᠭᠠᠭᠰᠠᠨ 》 ᠳᠠᠭᠠᠨ ᠣᠷᠣᠬᠣ ᠦᠭᠡᠶ ᠪᠣᠯᠵᠠᠢ᠃ ᠡᠨᠠ ᠬᠥ ᠦᠵᠡᠰᠬᠥᠯᠠᠩᠲᠦ ᠰᠠᠶ᠋‍ᠢᠨ ᠡᠬᠡ ᠲᠡᠯᠠᠬᠡᠢ ︱ ᠬᠦᠮᠥᠨ ᠲᠥᠷᠥᠯᠬᠢᠳᠡᠨ ᠤ ᠪᠣᠯᠪᠠᠰᠣᠨ ᠤ ᠦᠯᠣᠬᠡᠢ ᠮᠢᠨᠢ ᠴᠤ ᠠᠯᠢ ᠨᠢᠬᠡᠨ ᠡᠳᠣᠷ ᠠᠲ᠋ᠣᠮ ᠤᠨ ᠲᠠᠶ᠋‍ᠢᠨ ᠢᠶᠡᠷ ᠠᠭᠱᠠᠨ ᠵᠠᠭᠣᠷ᠎ᠠ ᠠᠭᠠᠷ ᠲᠤ ᠰᠠᠷᠨᠢᠴᠢᠬᠠᠵᠣ ᠮᠠᠳᠠᠨ᠎ᠠ᠂ ᠮᠦᠩᠬᠥᠨ ᠣᠳᠣᠭ᠎ᠠ ᠪᠣᠯᠣᠭᠠᠳ ᠮᠣᠢᠩᠬᠡ ᠬᠦᠬᠡ ᠲᠡᠭ᠍ᠷᠢ ᠳᠡᠭᠡᠨ ᠰᠢᠩᠬᠡᠴᠢᠬᠡᠵᠦ ᠮᠠᠳᠠᠨ᠎ᠠ᠃ ᠲᠡᠬᠡᠬᠥ ᠪᠠᠷ ᠨᠢ ᠡᠨᠠ ᠭᠠᠷᠠᠭ ᠤᠨ ᠬᠠᠮᠣᠭ ᠤᠨ ᠣᠬᠠᠭᠠᠨ ᠰᠠᠶ᠋‍ᠢᠳᠠᠢ ᠠᠮᠢᠳᠠᠨ ᠪᠣᠯᠣᠨ ᠬᠠᠮᠣᠭ ᠤᠨ ᠣᠬᠠᠭᠠᠨ ᠮᠠᠭᠣᠳᠠᠢ ᠠᠮᠢᠳᠠᠨ ᠨᠢ ᠪᠦᠷ ᠯᠠ ᠬᠦᠮᠥᠨ ᠪᠠᠶ᠋‍ᠢᠭᠰᠠᠨ ᠰᠠᠠᠵᠠᠢ︕

ᠲᠡᠬᠥᠨ ᠤ 《 ᠰᠠᠶ᠋‍ᠢᠨ 》 ᠢᠶᠡᠷ ᠣᠳᠣ ᠪᠠᠭᠣᠷᠢ ᠨᠢ ᠯᠠ ᠦᠯᠠᠳᠡᠭ᠍ᠰᠡᠨ ᠪᠠᠷᠰ ᠬᠣᠳᠠ ᠶᠢ ᠬᠡᠬᠥᠷ ᠨᠢ ᠯᠠ ᠦᠯᠠᠳᠡᠭ᠍ᠰᠡᠨ ᠴᠢᠯᠠᠭᠣᠨ ᠪᠠᠮᠪᠠᠷ ᠰᠠᠬᠢᠵᠣ ᠪᠠᠶ᠋‍ᠢᠨ᠎ᠠ᠃ ᠪᠠᠷᠰ ᠬᠣᠳᠠ ᠶᠢᠨ ᠪᠠᠭᠣᠷᠢ ᠲᠣᠣᠷ᠎ᠠ ᠪᠠᠰᠠ ᠪᠢᠴᠢᠭ᠌ ᠨᠣᠮ ᠤᠨ ᠪᠣᠯᠠᠭᠳᠠᠴᠠ ᠨᠦᠬᠡᠴᠡ ᠪᠠᠶ᠋‍ᠢᠨ᠎ᠠ ᠦᠦ ᠦᠭᠡᠶ ᠦᠦ ᠬᠡᠵᠦ ᠪᠢᠯᠢᠭ᠌ ᠤᠨ ᠴᠢᠭᠣᠯᠭᠠᠨ ᠤ ᠰᠢᠯᠥᠭᠴᠢ ᠵᠤᠬᠢᠶᠠᠯᠴᠢ ᠲᠡᠣᠬᠡᠴᠢ ᠨᠡᠷ ᠮᠠᠰᠠ ᠮᠠᠳᠣ ᠬᠣᠷᠴᠠ ᠠᠰᠠᠭᠣᠯᠳᠠ ᠨᠣᠭᠣᠳ ᠢᠶᠡᠨ ᠬᠢᠯᠠᠯᠵᠠᠭᠣᠯᠣᠭᠰᠠᠭᠠᠷ ᠪᠢᠴᠢᠬᠠᠨ ᠪᠠᠮᠪᠠᠷ ᠤᠨ ᠦᠬᠡᠳᠡ ᠡᠴᠡ ᠪᠠᠬᠢᠵᠣ ᠪᠠᠶ᠋‍ᠢᠨ᠎ᠠ ︱ ᠡᠠᠢ ᠵᠠᠶ᠋‍ᠢᠯᠠᠭᠣᠯ᠂ ᠦᠨᠡᠨ ᠳᠡᠭᠡᠨ ᠮᠣᠩᠭ᠋ᠣᠯᠴᠣᠳ ᠬᠦᠳᠡᠬᠡ ᠲᠠᠯ᠎ᠠ ᠳ᠋ᠠᠭᠠᠨ ᠬᠣᠳᠠ ᠪᠠᠯᠭᠠᠳ ᠪᠠᠶ᠋‍ᠢᠭᠣᠯᠣᠭᠰᠠᠨ ᠦᠭᠡᠶ ᠶᠣᠮ ᠪᠣᠯ ᠬᠣᠪᠣᠷ ᠨᠠᠠᠳᠢᠨ ᠲᠡᠣᠬᠡ ᠱᠠᠰᠳᠢᠷ ᠰᠣᠶᠣᠯ ᠡᠷᠳᠠᠨᠢᠰ ᠤᠨ ᠵᠦᠢᠯᠡᠰ ᠮᠢᠨᠢ ᠬᠣᠶ᠋‍ᠢᠴᠢ ᠶ᠋‍ᠢᠨ ᠬᠣᠷᠸ᠎ᠠ ᠳᠤ ᠡᠷᠠᠬᠥᠯ ᠪᠦᠳᠥᠨ ᠢᠶᠡᠷ ᠢᠶᠡᠨ ᠦᠯᠠᠳᠡᠴᠢᠬᠡᠭ᠍ᠰᠡᠨ ᠴᠤ ᠪᠠᠶ᠋‍ᠢᠵᠣ ᠮᠠᠳᠠᠨ᠎ᠠ᠃ ᠬᠡᠳᠡᠯ᠎ᠡ ᠬᠠᠭᠠᠨ ᠲᠥᠷᠤ ᠳᠤ ᠬᠣᠳᠠ ᠦᠬᠡᠢ ᠪᠠᠷ ᠬᠡᠷᠬᠢᠨ ᠪᠣᠯᠳᠠᠭ ᠴᠤ ᠪᠢᠯᠠ︖ ᠬᠣᠶᠠᠷ ᠶᠡᠬᠡ ᠲᠢᠪ ᠢ ᠰᠣᠠᠳᠠᠯᠠᠭᠰᠠᠨ ᠬᠠᠨᠠᠭᠠᠷ ᠶᠡᠬᠡ ᠨᠣᠳᠣᠭ ᠲᠡᠪᠢᠰᠬᠡᠷ ᠲᠡᠬᠡᠷ᠎ᠡ ᠬᠠᠭᠠᠠᠳᠠᠨ ᠲ᠋ᠥᠰᠢᠮᠡᠥᠨ ᠬᠦᠷᠳᠡᠯ᠎ᠡ ᠬᠠᠰᠠᠭ ᠲᠡᠷᠬᠡ ᠪᠠᠷ ᠨᠡᠬᠥᠬᠡᠥᠨ ᠶᠠᠪᠣᠴᠢᠬᠠᠬᠣ ᠶᠣᠮ ᠪᠣᠯ ᠬᠠᠮᠣᠭ ᠤᠨ ᠪᠠᠴᠢᠮ ᠴᠢᠬᠤᠯᠠ ᠣᠢᠶ᠎ᠡ ᠳ᠋ᠣᠨᠢ ᠬᠠᠨᠠᠰᠠ ᠣᠴᠢᠵᠣ ᠡᠷᠢᠯᠳᠠᠢ ᠴᠤ ᠪᠢᠯᠠ︕ ᠬᠣᠳᠠ ᠶᠢᠨ ᠠᠮᠢᠳᠣᠷᠠᠯ ᠰᠠᠶ᠋‍ᠢᠬᠠᠨ ᠡ ᠬᠡᠵᠦ ᠬᠦᠳᠡᠬᠡ ᠶᠢᠨ ᠬᠢᠨ ᠣᠳᠣ ᠱᠠᠭᠰᠢᠷᠠᠬᠣ ᠶᠢ ᠨᠢ ᠴᠤ ᠶᠠᠭᠠᠬᠢᠨ᠎ᠠ ᠳ᠋‍ᠠ᠃ ᠬᠠᠷᠢᠨ ᠬᠣᠳᠠ ᠶᠢᠨ ᠰᠠᠶ᠋‍ᠢᠬᠠᠨ ᠳᠤ ᠬᠠᠮᠣᠭ ᠡᠴᠡ ᠡᠢᠯᠡᠬᠥᠤ ᠨᠢᠳᠣ ᠠᠯᠳᠠᠨ ᠱᠣᠬᠣᠭᠣᠷᠬᠠᠵᠣ᠂ ᠬᠠᠮᠣᠭ ᠡᠴᠡ ᠬᠡᠴᠡᠬᠥᠤ ᠨᠢᠳᠣ ᠦᠭᠡᠶ ᠱᠣᠩᠭ᠋ᠣᠯᠠᠭᠰᠠᠨ ᠬᠦᠳᠡᠬᠡ ᠶᠢᠨ ᠮᠣᠩᠭ᠋ᠣᠯ ᠬᠦᠮᠥᠨ ᠪᠣᠯ ᠬᠣᠪᠢᠯᠠᠢ ᠰᠠᠴᠠᠨ ᠬᠠᠭᠠᠨ ᠪᠠᠶ᠋‍ᠢᠯᠳᠠᠢ ︱ ᠬᠡᠳᠦᠢᠢᠪᠡᠷ ᠬᠢᠳᠠᠳ ᠭᠠᠵᠠᠷ ᠤᠨ ᠡᠵᠠᠳ ᠤᠨ ᠬᠦᠴᠥᠨ ᠢᠶᠡᠷ ᠮᠣᠩᠭ᠋ᠣᠯ ᠤᠨ ᠬᠡᠬᠡᠷ᠎ᠡ ᠶᠢᠨ ᠡᠢᠵᠠᠭᠣᠷᠳᠠᠨ ᠢ ᠡᠰᠡᠷᠬᠥᠴᠡᠬᠥ ᠬᠡᠰᠡᠨ ᠴᠡᠷᠢᠭ᠌ ᠲᠠᠶ᠋‍ᠢᠨ᠂ ᠣᠯᠣᠰ ᠲᠥᠷᠤ ᠶ᠋‍ᠢᠨ ᠠᠷᠭ᠎ᠠ ᠵᠤᠷᠢᠯᠭ᠎ᠠ ᠨᠢ ᠡᠢᠯᠨ ᠲᠣᠳᠣ ᠪᠠᠶ᠋‍ᠢᠯ᠎ᠠ ᠴᠤ ᠬᠡᠰᠡᠨ᠃ ᠬᠡᠪᠡᠴᠦ ᠬᠠᠭᠠᠨ ᠬᠦᠮᠥᠨ ᠪᠣᠯ ᠶᠢᠷᠳᠢᠨᠴᠣ ᠶᠢᠨ ᠭᠠᠵᠠᠷ ᠬᠣᠪᠢ ᠶᠢᠨ ᠶ᠋‍ᠢᠷᠭᠠᠯ ᠢ ᠬᠡᠨ ᠡᠴᠡ ᠴᠤ ᠡᠢᠯᠡᠬᠥᠤ ᠬᠠᠠᠳᠠᠯ᠎ᠠ ᠡᠳ᠋ᠯᠡᠬᠥ ᠡᠷᠬᠡ ᠲᠡᠶ ᠲᠡᠭ᠍ᠷᠢ ᠶᠢᠨ ᠬᠦᠪᠡᠬᠥᠨ ᠪᠠᠶ᠋‍ᠢᠳᠠᠭ ᠤᠨ ᠬᠣᠶ᠋‍ᠢᠨ᠎ᠠ᠂ ᠬᠦᠳᠡᠬᠡ ᠲᠠᠯ᠎ᠠ ᠪᠠᠨ ᠬᠦᠮᠥᠨ ᠵᠤᠨ ᠲᠡᠶ ᠨᠢ ᠴᠠᠭᠠᠨ ᠬᠡᠷᠡᠮ ᠤᠨ ᠬᠣᠶ᠋‍ᠢᠨ᠎ᠠ ᠬᠠᠶᠠᠭᠠᠳ᠂ ᠬᠣᠷᠠᠯᠳᠠᠢ ᠴᠢᠭᠣᠯᠭᠠᠨ ᠤ ᠠᠷᠠᠳᠴᠢᠯᠠᠯ ᠲᠦᠪᠯᠡᠷᠡᠯ ᠤᠨ ᠣᠯᠠᠮᠵᠢᠯᠠᠯᠳᠣ ᠶᠣᠰᠣᠨ ᠢ ᠴᠤ ᠨᠣᠭᠣᠭᠠᠨ ᠲᠠᠯ᠎ᠠ ᠳᠠᠭᠠᠨ ᠣᠭᠣᠷᠣᠨ᠂ ᠬᠡᠳᠥᠨ ᠮᠢᠩᠭ᠋ᠠᠨ ᠣᠨ ᠤ ᠰᠣᠶᠣᠯ ᠲᠡᠣᠬᠡ ᠲᠡᠶ ᠬᠦᠴᠥᠷᠬᠡᠭ᠌ ᠦᠨᠳᠥᠰᠣᠳᠡᠨ ᠤ ᠬᠦᠠᠳᠡᠯᠡᠨ ᠨᠣᠳᠣᠭ ᠲᠤ ᠲᠥᠷᠤ ᠬᠦᠷᠥᠨ ᠲᠡᠶ ᠪᠠᠨ ᠴᠥᠯᠲᠦ ᠮᠥᠯᠲᠦ ᠴᠥᠮᠥᠷᠠᠵᠦ ᠣᠷᠣᠭᠠᠳ ᠬᠠᠭᠠᠨ ᠰᠠᠭᠣᠨ ᠶ᠋‍ᠢᠷᠭᠠᠨ ᠰᠠᠭᠣᠷᠢᠰᠢᠠᠠᠰᠠᠨ ᠲᠠᠷᠠ ᠵᠠᠮ ᠢᠶᠡᠷ ᠬᠣᠵᠢᠮ ᠬᠣᠶ᠋‍ᠢᠴᠢᠰ ᠨᠢ ᠵᠤᠪᠠᠨ ᠵᠢᠭᠣᠳᠠᠨ᠎ᠠ ᠬᠡᠳᠡᠭ ᠢ ᠬᠦᠬᠡ ᠲᠡᠭ᠍ᠷᠢ ᠶᠢᠨ ᠬᠦᠴᠥᠨ ᠳ᠋ᠣ ᠡᠢᠳᠡᠬᠡᠵᠦ ᠬᠦᠷᠪᠡᠬᠥᠯᠵᠦ ᠪᠣᠳᠣᠭᠰᠠᠨ ᠴᠤ ᠦᠭᠡᠶ ᠪᠡᠶ᠋‍ᠢᠯᠬᠥᠢ ᠳ᠋‍ᠠ᠂ ᠬᠦᠬᠡᠷᠥᠬᠥᠢ︕ ᠲᠡᠬᠡᠯ᠎ᠡ ᠴᠤ ᠬᠡᠰᠡᠨ ᠮᠣᠩᠭ᠋ᠣᠯᠴᠣᠳ ᠶᠠᠷᠣ ᠨᠢ ᠣᠳᠣ ᠲᠠᠬᠢᠭᠠᠳ ᠨᠢᠬᠡ ᠣᠳᠠᠭ᠎ᠠ ᠬᠣᠳᠠ ᠣᠷᠣᠬᠣ ᠦᠭᠡᠶ ᠪᠣᠯᠬᠣ ᠦᠭᠡᠶ ᠨᠢ︕ ᠣᠳᠣᠬᠢᠴᠢᠯᠠᠯ ᠲᠡᠯᠠᠬᠡᠶ᠋‍ᠢᠴᠢᠯᠡᠯ ᠬᠡᠳᠡᠭ ᠤᠨ ᠬᠢᠨᠢ ᠣᠯᠣᠮ ᠦᠬᠡᠢ ᠶᠡᠬᠡ ᠬᠦᠯ ᠲᠠᠪᠵᠢᠶᠠᠨ ᠳᠤ ᠮᠣᠩᠭ᠋ᠣᠯ ᠢᠶᠡᠷ ᠬᠣᠪᠢᠶᠠᠭᠰᠠᠨ ᠠᠶ᠋‍ᠢᠮᠠᠭ ᠴᠢᠭᠣᠯᠭᠠᠨ ᠨᠢ ᠬᠣᠳᠠ ᠲᠣᠭᠣᠷᠢᠭ ᠪᠣᠯᠣᠨ ᠬᠣᠪᠢᠷᠠᠵᠣ᠂ ᠮᠠᠠᠵᠣ ᠪᠠᠷ ᠬᠣᠪᠢᠶᠠᠭᠰᠠᠨ ᠬᠣᠰᠢᠭᠣ ᠰᠣᠮᠣ ᠨᠢ ᠪᠠᠯᠭᠠᠰᠣ ᠰᠢᠶᠡᠨᠭ᠌ ᠪᠣᠯᠣᠨ ᠬᠣᠪᠢᠷᠠᠵᠣ᠂ ᠨᠣᠭᠣᠭᠠᠨ ᠲᠠᠯ᠎ᠠ ᠨᠢ ᠲᠠᠷᠢᠶᠠᠨ ᠭᠠᠵᠠᠷ ᠪᠣᠯᠣᠨ ᠬᠣᠪᠢᠷᠠᠵᠣ᠂ ᠲᠠᠷᠢᠶᠠᠨ ᠭᠠᠵᠠᠷ ᠨᠢ ᠡᠯᠠᠰᠣ ᠮᠠᠩ‍ᠬ᠍‍᠎ᠠ ᠪᠣᠯᠣᠨ ᠬᠣᠪᠢᠷᠠᠵᠣ᠂ ᠮᠠᠯ ᠤᠨ ᠪᠡᠯᠴᠢᠬᠡᠷ ᠨᠢ ᠮᠠᠯ ᠤᠨ ᠬᠠᠰᠢᠶ᠎ᠠ ᠪᠣᠯᠣᠨ ᠬᠣᠪᠢᠷᠠᠵᠣ᠂ ᠬᠦᠳᠡᠬᠡ ᠲᠠᠯ᠎ᠠ ᠡᠴᠡ ᠪᠠᠨ ᠬᠣᠳᠠ ᠪᠠᠯᠭᠠᠰᠣ ᠣᠷᠣᠭᠣ ᠣᠪᠣᠨ ᠴᠣᠪᠣᠨ ᠨᠡᠬᠥᠭ᠍ᠰᠡᠨ ᠮᠠᠯᠴᠢᠳ ᠮᠢᠨᠢ ᠮᠠᠷᠭᠠᠰᠢ ᠴᠤᠬᠤᠮ ᠬᠠᠷ᠎ᠠ ᠠᠵᠢᠯᠴᠢᠨ᠂ ᠴᠠᠭᠠᠨ ᠵᠠᠭᠠᠮᠠᠳᠠᠨ᠂ ᠪᠣᠳᠠᠭᠠᠨ ᠭᠣᠶ᠋‍ᠢᠷᠠᠠᠴᠢ᠂ ᠵᠤᠭᠣᠰ ᠮᠥᠷᠦᠢᠢᠴᠡᠭ᠍ᠴᠢ ᠁ ᠶᠢᠨ ᠠᠯᠢ ᠠᠯᠢ ᠨᠢ ᠪᠣᠯᠵᠣ ᠬᠣᠪᠢᠷᠠᠳᠠᠭ ᠴᠤ ᠪᠢᠯᠠ︖

ᠴᠢᠯᠠᠭᠣᠨ ᠪᠠᠮᠪᠠᠷ ᠮᠢᠨᠢ ᠯᠠ ᠡᠳᠡᠬᠡᠷ ᠪᠦᠬᠥᠨ ᠳᠤ ᠰᠠᠳᠬᠢᠯ ᠦᠯᠤ ᠬᠦᠳᠡᠯᠥᠨ᠂ ᠴᠢᠯᠠᠭᠣᠨ ᠪᠠᠭᠣᠷᠢ ᠪᠠᠨ ᠵᠢᠷᠣᠮ ᠢᠶᠡᠷ ᠰᠠᠬᠢᠵᠣ ᠦᠯᠠᠳᠡᠵᠡᠢ᠃ ᠭᠠᠯ ᠳᠤ ᠨᠣᠴᠣᠬᠣ ᠦᠭᠡᠶ ᠪᠣᠷᠣᠭᠠᠨ ᠳᠤ ᠣᠷᠣᠰᠬᠣ ᠦᠭᠡᠶ ᠪᠣᠷᠵᠢᠨ ᠴᠢᠯᠠᠭᠣᠨ ᠪᠠᠭᠠᠨ᠎ᠠ ᠨᠣᠭᠣᠳ ᠯᠠ ᠪᠣᠷᠵᠢᠬᠢᠨ ᠬᠢᠶᠠᠨ ᠤ ᠬᠠᠳᠠᠭᠣ ᠶᠠᠰᠣ ᠰᠢᠭ ᠡᠠᠳᠠ ᠲᠠᠠᠳᠠ ᠦᠭᠡᠶ ᠣᠠᠳᠣᠢ ᠰᠣᠠᠳᠣᠢ ᠬᠡᠪᠳᠡᠵᠦ᠂ ᠨᠢᠳᠣ ᠬᠠᠯᠳᠣᠷᠢᠮ᠎ᠠ ᠨᠢᠯᠪᠣᠰᠣ ᠣᠨᠠᠭᠠᠮ᠎ᠠ ᠲᠡᠣᠬᠡ ᠶᠢᠨ ᠭᠣᠨᠢᠭ ᠢ ᠮᠠᠨᠣᠰ ᠤᠨ ᠨᠢᠳᠣᠨ ᠳᠤ ᠲᠡᠯᠬᠡᠨ ᠦᠵᠡᠬᠥᠯᠥᠭᠰᠠᠬᠡᠷ ᠪᠠᠶ᠋‍ᠢᠪᠠ᠃ ᠵᠢᠯ ᠤᠨ ᠲᠥᠷᠪᠡᠨ ᠣᠯᠠᠷᠢᠯ ᠳᠤ ᠬᠡᠬᠡᠷ᠎ᠡ ᠶ᠋‍ᠢᠨ ᠨᠠᠶ᠋‍ᠢᠰᠯᠠᠯ ᠢᠶᠡᠨ ᠲᠥᠷᠪᠡ ᠰᠣᠯᠢᠳᠠᠭ ᠨᠡᠬᠥᠳᠡᠯᠴᠢᠨ ᠦᠨᠳᠥᠰᠣᠳᠡᠨ ᠬᠡᠳᠥᠨ ᠬᠣᠳᠠ ᠪᠠᠨ ᠴᠤ ᠣᠳᠣᠷ ᠤᠨ ᠦᠨᠡᠰᠤ ᠲᠡᠶ ᠪᠠᠨ ᠬᠡᠶ᠋‍ᠢᠰᠬᠡᠭ᠍ᠰᠡᠨ ᠢ ᠬᠡᠨ ᠤ ᠠᠯᠳᠠᠭ᠎ᠠ᠂ ᠬᠡᠨ ᠤ ᠰᠡᠯᠳᠡᠬᠡ ᠴᠤ ᠬᠡᠬᠥ ᠪᠢᠯᠠ︖ ᠪᠣᠳᠣᠬᠣ ᠳᠤ ᠣᠳᠣ ᠲᠣᠭᠣᠠᠳᠠᠮᠣᠷ ᠬᠠᠭᠠᠨ ᠳᠤ ᠯᠠ ᠪᠣᠷᠣᠭᠣ ᠨᠢ ᠡᠢᠷᠡᠳᠡᠭ ᠪᠢᠵᠠ︖ ᠬᠡᠪᠡᠴᠦ ᠲᠠᠷᠠ ᠴᠢᠨᠢ ᠣᠰᠣᠨ ᠲᠡᠨᠡᠭ ᠠᠮᠢᠳᠠᠨ ᠪᠢᠰᠢ᠂ ᠬᠣᠪᠢᠯᠠᠢ ᠰᠠᠴᠠᠨ ᠡᠴᠡ ᠪᠠᠰᠠ ᠬᠣᠯᠠ ᠰᠠᠴᠠᠨ ᠰᠡᠷᠬᠥᠯᠡᠨᠭ᠌ ᠣᠬᠠᠭᠠᠠᠳᠣ ᠬᠠᠭᠠᠨ ᠪᠠᠶ᠋‍ᠢᠭᠰᠠᠨ ᠰᠢᠪᠳᠠ︕ ᠲᠣᠭᠠᠨ ᠤ ᠣᠬᠠᠭᠠᠨ᠂ ᠣᠳᠣᠨ ᠣᠷᠣᠨ᠂ ᠣᠩᠭ᠋ᠣᠴᠠ ᠪᠠᠷᠢᠯᠭ᠎ᠠ ᠬᠡᠥᠨ ᠯᠠ ᠲᠣᠭᠠᠨ ᠤ ᠲᠥᠷᠥᠯ ᠤᠨ ᠬᠢᠴᠢᠶᠠᠯ ᠳᠡᠭᠡᠨ ᠯᠠ ᠲᠣᠡᠭ ᠠᠪᠢᠶᠠᠰᠯᠢᠭ ᠪᠠᠶ᠋‍ᠢᠭᠰᠠᠨ ᠲᠡᠬᠥᠨ ᠢ᠂ ᠲᠡᠭ᠍ᠷᠢ ᠮᠣᠩᠭ᠋ᠣᠯᠴᠣᠳ ᠢ ᠪᠣᠷᠣᠭᠣ ᠨᠢᠳᠣ ᠪᠠᠷ ᠦᠵᠡᠭ᠍ᠰᠡᠨ ᠳᠡᠭᠡᠨ ᠯᠨ ᠲᠡᠬᠡᠵᠦ ᠨᠡᠢᠢᠬᠡᠮ ᠤᠨ ᠰᠢᠨᠵᠢᠯᠡᠬᠥ ᠣᠬᠠᠭᠠᠨ ᠤ ᠬᠠᠳᠠᠭᠣ ᠠᠯᠪᠠ ᠲᠣᠯᠭᠠᠨ ᠬᠠᠭᠠᠨ ᠰᠠᠭᠣᠷᠢᠨ ᠳᠤ ᠰᠠᠭᠣᠯᠭᠠᠪᠠ ᠬᠡᠵᠦ ᠦᠦ︖ ᠦᠨᠡᠨ ᠳᠡᠭᠡᠨ ᠪᠠᠶ᠋‍ᠢᠭᠠᠯᠢ ᠶᠢ ᠲᠥᠰᠢᠵᠦ ᠠᠮᠢᠳᠣᠷᠠᠳᠠᠭ ᠨᠡᠬᠥᠳᠡᠯᠴᠢᠨ ᠦᠨᠳᠥᠰᠣᠳᠡᠨ ᠪᠠᠶ᠋‍ᠢᠭᠠᠯᠢ ᠶᠢᠨ ᠰᠢᠨᠵᠢᠯᠡᠬᠥ ᠣᠬᠠᠭᠠᠨ ᠮᠡᠳᠡᠳᠡᠭ ᠦᠭᠡᠶ ᠴᠤ ᠪᠢᠰᠢ ᠳ᠋‍ᠠ᠂ ᠵᠦᠪᠬᠡᠨ ᠦᠨᠦᠬᠢ ᠨᠢ ᠬᠦᠳᠡᠬᠡ ᠳᠤ ᠲᠣᠬᠢᠷᠠᠬᠣ ᠡᠴᠡ ᠪᠢᠰᠢ᠂ ᠬᠣᠳᠠ ᠳᠤ ᠵᠤᠬᠢᠷᠠᠬᠣ ᠦᠭᠡᠶ ᠡᠴᠡ ᠪᠢᠰᠢ᠃ ᠣᠳᠣ ᠪᠣᠯ ᠬᠠᠷᠢᠨ ᠣᠠᠳᠣᠤ ︱ ᠬᠡᠯᠡ ᠲᠣᠭᠠᠨ ᠤ ᠠᠩᠬᠢ ᠬᠣᠪᠢᠶᠠᠭᠰᠠᠭᠠᠷ ᠯᠠ ᠬᠡᠷᠡᠭ ᠬᠣᠪᠢᠷᠠᠯᠳᠠ ᠭᠠᠷᠴᠣ᠂ ᠨᠢᠬᠡ ᠨᠢᠬᠡᠨ ᠢᠶᠡᠨ ᠲᠣᠭᠣᠬᠣ ᠪᠠᠨ ᠪᠠᠶ᠋‍ᠢᠭᠠᠳ ᠨᠦᠬᠥᠬᠡ ᠲᠥᠷᠥᠯ ᠤᠨ ᠬᠢᠴᠢᠶᠠᠯ ᠤᠳ ᠢᠶᠡᠨ ᠴᠤ ᠬᠠᠶᠠᠴᠢᠬᠠᠳᠠᠭ᠃ ᠶᠠᠭ ᠯᠠ ᠲᠣᠭᠣᠠᠳᠠᠮᠣᠷ ᠬᠠᠭᠠᠨ ᠰᠢᠯᠥᠭ ᠪᠢᠴᠢᠬᠡᠥᠨ ᠯᠠ ᠮᠣᠩᠭ᠋ᠣᠯ ᠤᠨ ᠲᠥᠷᠤ ᠶᠢ ᠮᠦᠬᠥᠬᠡᠴᠢᠬᠡᠭ᠍ᠰᠡᠨ ᠰᠢᠭ᠌᠂ ᠶᠠᠭ ᠯᠠ ᠲᠣᠭᠠᠨ ᠤ ᠠᠩᠬᠢ ᠶᠢᠨ ᠬᠢᠨ ᠰᠢᠨᠵᠢᠯᠡᠬᠥ ᠣᠬᠠᠭᠠᠨ ᠰᠣᠷᠣᠭᠠᠳ ᠯᠨ ᠮᠣᠠᠳᠠᠭ ᠶᠠᠭᠣᠮ᠎ᠠ ᠪᠦᠲᠦᠬᠡᠴᠢᠬᠡᠭ᠍ᠰᠡᠨ ᠰᠢᠭ᠌᠃ ᠰᠢᠯᠥᠭ ᠪᠢᠴᠢᠬᠡᠥᠨ ᠬᠡᠯᠡᠯᠬᠡᠨ ᠦᠭᠡᠶ ᠠᠰᠠᠭᠣᠳᠠᠯ ᠰᠢᠢᠳᠪᠣᠷᠢᠯᠠᠵᠣ ᠲᠡᠢᠢᠯᠬᠥ ᠦᠭᠡᠶ᠂ ᠰᠢᠨᠵᠢᠯᠡᠬᠥ ᠣᠬᠠᠭᠠᠨ ᠢ ᠦᠨᠡᠨ ᠪᠠᠰᠠ ᠰᠠᠶ᠋‍ᠢᠨ ᠰᠣᠷᠬᠣ ᠦᠭᠡᠶ ᠪᠣᠯᠬᠣ ᠦᠭᠡᠶ᠃ ᠬᠡᠳᠡᠯ᠎ᠡ ᠶᠡᠬᠡ ᠰᠣᠷᠭᠠᠭᠣᠯᠢ ᠲᠡᠬᠥᠰᠥᠯ᠎ᠡ ᠬᠡᠥᠨ ᠶᠠᠭᠣ ᠯᠠ ᠪᠠᠶ᠋‍ᠢᠨ᠎ᠠ ᠳ᠋‍ᠠ︖ ᠬᠡᠯᠡ ᠰᠣᠷᠣᠭᠰᠠᠨ ᠨᠢ ᠪᠦᠷ ᠶᠠᠭᠣᠮ᠎ᠠ ᠪᠢᠴᠢᠵᠣ ᠴᠢᠳᠠᠨ᠎ᠠ ᠬᠡᠵᠦ ᠦᠦ︖ ᠲᠣᠭ᠎ᠠ ᠰᠣᠷᠣᠭᠰᠠᠨ ᠨᠢ ᠪᠦᠷ ᠶᠠᠭᠣᠮ᠎ᠠ ᠪᠦᠲᠦᠬᠡᠵᠦ ᠲᠠᠶ᠋‍ᠢᠯᠣᠨ᠎ᠠ ᠬᠡᠵᠦ ᠦᠦ︖ ᠣᠷᠠᠨ ᠵᠤᠬᠢᠶᠠᠯ ᠰᠣᠷᠣᠭᠰᠠᠨ ᠨᠢ ᠴᠣᠪᠣᠷᠠᠯ ᠪᠢᠴᠢᠭ᠌ ᠭᠠᠷᠭᠠᠬᠣ ᠵᠤᠭᠣᠰ ᠲᠡᠶ ᠶᠣᠮ ᠦᠦ︖ ᠣᠷᠠᠨ ᠪᠠᠷᠢᠯᠭ᠎ᠠ ᠰᠣᠷᠣᠭᠰᠠᠨ ᠨᠢ ᠠᠰᠠᠷ ᠲᠠᠭᠳᠣ ᠪᠠᠷᠢᠬᠤ ᠮᠣᠢᠩᠬᠥ ᠲᠡᠶ ᠶᠣᠮ ᠦᠦ︖ ᠮᠠᠨ ᠤ ᠣᠠᠳᠣᠷᠣᠯᠭ᠎ᠠ ᠠᠮᠢᠳᠣᠷᠠᠯᠭ᠎ᠠ ᠬᠡᠳᠡᠭ ᠶᠠᠷᠣ ᠨᠢ ᠮᠠᠯ ᠬᠠᠷᠢᠭᠣᠯᠬᠣ ᠡᠴᠡ ᠪᠠᠨ ᠪᠣᠰᠣᠳ ᠨᠢ ᠪᠦᠷ ᠪᠣᠰᠣᠳ ᠢ ᠲᠥᠰᠢᠬᠡᠥᠨ ᠰᠣᠷᠴᠢᠬᠠᠭᠰᠠᠨ ᠪᠢᠰᠢ ᠦᠦ︖ ᠠᠶᠣᠯᠭᠠᠭᠠᠳ ᠣᠯᠣᠭᠰᠠᠨ ᠠᠷᠪᠠᠨ ᠭᠣᠷᠪᠠᠳᠣᠭᠠᠷ ᠵᠠᠭᠣᠨ ᠳᠤ ᠴᠤ ᠲᠠᠷᠠ᠂ ᠭᠣᠶᠣᠯᠭᠠᠭᠠᠳ ᠦᠭ᠍ᠬᠥᠭ᠍ᠰᠡᠨ ᠬᠣᠷᠢᠨ ᠨᠢᠬᠡᠲᠦᠬᠡᠷ ᠵᠠᠭᠣᠨ ᠳᠤ ᠴᠤ ᠲᠠᠷᠠ︕

ᠡᠠᠢ ᠬᠦᠬᠡᠷᠥᠬᠥᠢ᠂ ᠪᠢᠴᠢᠬᠠᠨ ᠪᠠᠮᠪᠠᠷ ᠮᠢᠨᠢ᠃ ᠴᠢᠯᠠᠭᠣᠨ ᠳᠤ ᠦᠨᠡᠨ ᠰᠦᠨᠡᠰᠤ ᠲᠡᠶ ᠳᠤ ᠬᠦᠷᠪᠡᠯ ᠴᠢ ᠮᠢᠨᠢ ᠲᠡᠣᠬᠡ ᠰᠣᠳᠣᠷ ᠶ᠋‍ᠢᠠᠨ ᠴᠡᠬᠡᠵᠢᠯᠡᠭ᠍ᠰᠠᠬᠡᠷ ᠪᠠᠶ᠋‍ᠢᠬᠣ ᠪᠠᠷ ᠪᠠᠷᠠᠬᠣ ᠦᠭᠡᠶ᠂ ᠦᠨᠦᠳᠥᠷ ᠤᠨ ᠮᠣᠩᠭ᠋ᠣᠯᠴᠣᠳ ᠤᠨ ᠠᠷᠭᠠᠴᠠᠭ᠎ᠠ ᠦᠭᠡᠶ ᠪᠠᠶ᠋‍ᠢᠳᠠᠯ ᠢ ᠬᠠᠷᠠᠭᠠᠳ ᠪᠠᠰᠠ ᠯᠠ ᠦᠨᠦᠬᠢ ᠬᠡᠮᠰᠢᠯ ᠤᠨ ᠰᠢᠯᠥᠭ ᠢ ᠬᠢᠩᠰᠢᠳᠡᠭ ᠪᠠᠶ᠋‍ᠢᠬ᠎ᠠ᠃ ᠬᠡᠮᠰᠢᠯ ᠤᠨ ᠰᠢᠯᠥᠭ ᠪᠢᠴᠢᠭ᠍ᠰᠡᠨ ᠦᠭᠡᠶ ᠪᠣᠯ ᠬᠡᠨ ᠴᠤ ᠬᠡᠰᠡᠨ ᠣᠬᠠᠭᠠᠠᠳᠣ ᠬᠠᠭᠠᠨ ᠤ ᠣᠶᠠᠩ‍ᠭ᠌‍᠎ᠠ ᠶᠢᠨ ᠠᠪᠢᠶᠠᠰ ᠢ ᠨᠢ ᠣᠯᠵᠣ ᠮᠡᠳᠡᠬᠥ ᠦᠭᠡᠶ ᠨᠢ ᠮᠡᠳᠡᠬᠡᠵᠢ᠃ ᠮᠠᠭᠣ ᠨᠡᠷ᠎ᠡ ᠲᠡᠬᠥᠨ ᠳᠤ ᠡᠢᠷᠡᠭ᠍ᠰᠡᠨ ᠨᠢ ᠬᠡᠮᠰᠢᠯ ᠤᠨ ᠰᠢᠯᠥᠭ ᠪᠢᠴᠢᠭ᠍ᠰᠡᠨ ᠤ ᠬᠢᠨᠢ ᠪᠢᠰᠢ᠂ ᠮᠣᠩᠭ᠋ᠣᠯᠴᠣᠳ ᠤᠨ ᠰᠢᠵᠢᠷ ᠠᠯᠳᠠᠨ ᠴᠠᠭ ᠣᠢᠶ᠎ᠡ ᠲᠡᠬᠥᠨ ᠤ ᠭᠠᠷ ᠡᠴᠡ ᠠᠯᠳᠠᠭᠳᠠᠭᠰᠠᠨ ᠳ᠋ᠣ ᠪᠠᠶ᠋‍ᠢᠬᠣ ᠶᠣᠮ᠃ ᠦᠨᠡᠨ ᠳᠡᠭᠡᠨ ᠲᠠᠷᠠ ᠪᠠᠷ ᠲᠣᠯᠣᠭᠠᠨ ᠨᠠᠰᠣᠳᠠᠢ ᠬᠠᠭᠠᠨ ᠰᠠᠭᠣᠭᠰᠠᠨ ᠪᠡᠳᠥᠮᠣᠢᠩᠬᠡ ᠲᠠᠶᠠᠨ ᠬᠠᠨ ᠲᠡᠶ ᠠᠳᠠᠯᠢ ᠪᠠᠷ ᠮᠣᠩᠭ᠋ᠣᠯ ᠤᠨ ᠲᠡᠣᠬᠡᠨ ᠳᠤ 36 ᠵᠢᠯ ᠡᠢᠯᠡᠬᠥᠤ ᠬᠠᠭᠠᠨ ᠰᠠᠭᠣᠷᠢᠨ ᠳᠤ ᠰᠠᠭᠣᠭᠰᠠᠨ ᠬᠠᠮᠣᠭ ᠤᠨ ᠣᠷᠳᠣ ᠲᠠᠮᠳᠩᠯᠠᠯ ᠢ ᠡᠭᠦᠳᠴᠦ ᠪᠢᠯᠠ᠃ ᠲᠠᠷᠠ ᠮᠥᠷᠳᠡᠯ᠎ᠡ ᠪᠠᠨ ᠨᠠᠷᠠ ᠡᠷᠬᠢᠭ᠍ᠰᠡᠨ ᠠᠷᠪᠠᠨ ᠭᠣᠷᠪᠠᠨ ᠨᠠᠰᠣᠨ ᠡᠴᠡ ᠪᠠᠨ ᠡᠬᠢᠯᠠᠨ ᠨᠠᠷᠠᠨ ᠤ ᠬᠡᠷᠡᠯ ᠤᠨ ᠲᠣᠣᠷᠠᠬᠢ ᠨᠣᠳᠣᠭ ᠲᠡᠪᠢᠰᠬᠡᠷ ᠤᠨ ᠬᠠᠭᠠᠨ ᠡᠵᠠᠨ ᠪᠣᠯᠣᠭᠰᠠᠨ ᠰᠢᠤ ᠳ᠋‍ᠠ᠃ ᠲᠡᠬᠡᠬᠥ ᠪᠠᠷ ᠢᠶᠡᠨ ᠬᠡᠷᠡᠭ ᠲᠡᠶ ᠬᠡᠷᠡᠭ ᠦᠭᠡᠶ ᠶᠠᠭᠣᠮ᠎ᠠ ᠣᠷᠣᠯᠳᠣᠵᠣ ᠬᠡᠣᠬᠡᠨ ᠦᠬᠢᠥᠨ ᠶ᠋‍ᠢᠠᠷ ᠨᠠᠭᠠᠳᠴᠣ ᠡᠷᠬᠢᠬᠥᠳᠡᠬᠥ ᠪᠠᠷ ᠢᠶᠡᠨ ᠬᠡᠵᠢᠶᠡᠳᠡ ᠪᠠᠨ ᠰᠢᠯᠥᠭ ᠢᠶᠡᠨ ᠬᠠᠶᠠᠬᠣ ᠦᠭᠡᠶ ᠪᠢᠴᠢᠬᠡᠥᠨ ᠪᠠᠶ᠋‍ᠢᠭᠰᠠᠨ ᠶᠣᠮ ᠪᠣᠯ ᠲᠡᠬᠥᠨ ᠡᠴᠡ ᠲᠣᠯᠣᠭᠠᠨ ᠲᠡᠬᠡᠷ᠎ᠡ ᠴᠤ ᠶᠠᠭᠣ ᠮᠠᠭᠠᠳ︕ ᠬᠡᠷᠪᠡ ᠲᠠᠷᠠ ᠲᠠᠷᠣᠢ ᠳ᠋ᠣᠨᠢ ᠬᠦᠢᠴᠡᠥᠨ ᠬᠦᠴᠥᠳᠡᠢ ᠠᠷᠭ᠎ᠠ ᠬᠡᠮᠵᠢᠶ᠎ᠡ ᠠᠪᠴᠣ ᠲᠡᠭ᠍ᠷᠢ ᠶᠢᠨ ᠴᠠᠭ ᠢ ᠡᠷᠬᠢᠬᠥᠯᠵᠦ ᠲᠡᠢᠢᠯᠥᠭᠰᠡᠨ ᠶᠣᠮ ᠪᠣᠯ 《 ᠬᠦᠬᠡ ᠰᠣᠳᠣᠷ 》 ᠬᠡᠵᠢᠶ᠎ᠡ ᠬᠡᠵᠢᠶ᠎ᠡ ᠪᠣᠯᠳᠠᠯ᠎ᠠ ᠪᠢᠴᠢᠭ᠍ᠳᠡᠬᠥ ᠪᠠᠶ᠋‍ᠢᠭᠰᠠᠨ ᠴᠤ ᠶᠠᠭᠣ ᠮᠠᠭᠠᠳ ( ᠬᠡᠷᠡᠭ ᠳᠡᠭᠡᠷ᠎ᠠ ᠪᠠᠨ ᠬᠡᠭᠡᠭ᠍ᠳᠡᠭᠰᠡᠨ ᠬᠠᠭᠠᠰ ᠢ ᠨᠢ ᠪᠠᠰᠠ ᠨᠦᠬᠦᠵᠦ ᠳᠡᠢᠢᠯᠬᠦ ᠬᠦᠮᠦᠨ ᠳᠦᠷᠦᠭᠡᠳᠦᠢ ᠰᠢᠤ ) ︕ ᠶᠠᠭᠣ ᠴᠣ ᠬᠡᠰᠡᠨ ᠶᠠᠷᠠ ᠶᠢᠰᠣᠨ ᠬᠡᠢ ᠨᠠᠰᠣᠯᠠᠭᠰᠠᠨ ᠪᠠᠷᠰ ᠬᠣᠳᠠ ᠮᠢᠨᠢ ᠣᠢᠶ᠎ᠡ ᠣᠢᠶ᠎ᠡ ᠶᠢᠨ ᠡᠢᠷᠠᠭᠣ ᠨᠠᠶ᠋‍ᠢᠷᠠᠭᠴᠢᠳ ᠤᠨ ᠬᠡᠮᠰᠢᠯ ᠤᠨ ᠰᠢᠯᠥᠭ ᠢᠶᠡᠷ ᠠᠮᠢᠯᠠᠭ᠎ᠠ ᠦᠭᠡᠶ ︱ ᠲᠡᠬᠥᠨ ᠢ ᠦᠯᠤ ᠵᠠᠭᠣ ᠨᠠᠰᠣᠯᠠᠭᠣᠯᠬᠣ ᠠᠨᠣ ᠴᠢᠩᠬᠢᠰ ᠬᠠᠭᠠᠨ ᠲᠠᠬᠢᠨ ᠲᠥᠷᠥᠭᠰᠡᠨ ᠴᠤ ᠲᠡᠢᠢᠯᠬᠥ ᠪᠠᠷ ᠦᠭᠡᠶ ᠲᠡᠭ᠍ᠷᠢ ᠶᠢᠨ ᠴᠠᠭ ᠬᠡᠮᠡᠭ᠍ᠴᠢ ᠡᠢᠨᠣ ᠪᠣᠶᠣ︖ ᠲᠡᠬᠡᠬᠥ ᠪᠠᠷ ᠨᠢ ᠣᠬᠠᠭᠠᠠᠳᠣ ᠲᠣᠭᠣᠠᠳᠠᠮᠣᠷ ᠬᠠᠭᠠᠨ ᠤ ᠬᠡᠮᠰᠢᠯ ᠤᠨ ᠰᠢᠯᠥᠭ ᠲ᠋ᠠᠢ ᠪᠠᠨ ᠣᠮᠠᠷᠠᠳᠣ ᠶᠤᠧᠨᠨ ᠢᠶᠡᠨ ᠦᠯᠠᠳᠡᠬᠡᠭ᠍ᠰᠡᠨ ᠳᠤ ᠪᠢᠳᠠ ᠣᠢᠶ᠎ᠡ ᠶᠢᠨ ᠣᠢᠶ᠎ᠡ ᠳᠤ ᠲᠠᠯᠠᠷᠬᠠᠪᠠᠰᠣ ᠵᠤᠬᠢᠯᠳᠠᠢ ᠪᠢᠰᠢ ᠦᠦ︖ ᠬᠡᠷᠪᠡ ᠮᠠᠠᠵᠣ ᠴᠢᠡᠭ ᠤᠨ ᠮᠠᠨᠠᠭᠣᠯ ᠫᠥ᠋ ᠡᠢ ᠰᠢᠭ᠌ ᠬᠠᠭᠣᠷᠮᠠᠭ ᠮᠠᠠᠵᠣ ᠬᠡᠷᠡᠭ ᠦᠭᠡᠶ᠂ ᠬᠠᠮᠣᠭ ᠤᠨ ᠦᠨᠡᠳᠡᠢ ᠦᠬᠡ ᠬᠡᠯᠡ ᠦᠰᠥᠭ ᠪᠢᠴᠢᠭ᠌ ᠢᠶᠡᠨ ᠴᠤ ᠦᠯᠠᠳᠡᠬᠡᠭ᠍ᠰᠡᠨ ᠦᠭᠡᠶ ᠪᠣᠯ ᠴᠤᠬᠤᠮ ᠶᠠᠭᠠᠬᠢᠯᠳᠠᠢ᠂ ᠶᠠᠭᠣ ᠬᠡᠯᠳᠡᠢ ᠪᠢᠯᠠ︕

ᠡᠠᠶ᠎ᠠ ᠬᠣᠬᠣᠢ᠂ ᠪᠢᠴᠢᠬᠠᠨ ᠪᠠᠮᠪᠠᠷ ᠤᠨ ᠲᠣᠯᠣᠭᠠᠢ ᠶᠢ ᠲᠠᠰᠣ ᠴᠠᠪᠴᠢᠭᠰᠠᠨ ᠶᠠᠪᠣᠳᠠᠯ ᠢ ᠪᠢᠴᠢᠬᠠᠨ ᠶᠠᠪᠣᠳᠠᠯ ᠢᠶᠡᠷ ᠦᠵᠡᠵᠦ ᠣᠭᠳᠣ ᠪᠣᠯᠣᠰᠢ ᠦᠭᠡᠶ ᠠᠵᠢ︕ ᠪᠡᠷᠳᠡᠭ᠍ᠴᠢᠨ ᠡᠷ᠎ᠠ ᠶᠢᠨ ᠬᠠᠷ᠎ᠠ ᠬᠣᠣᠷᠳᠠᠢ ᠪᠢᠳᠡᠬᠥᠤ ᠵᠦᠬᠡᠯ ᠲᠠᠷᠠ ᠮᠠᠳᠣ ᠪᠠᠳᠣ ᠣᠷᠣᠰᠢᠵᠣ᠂ ᠲᠣᠯᠣᠭᠠᠢ ᠪᠠᠶ᠎ᠠ ᠨᠢ ᠨᠢᠬᠡᠨ ᠨᠢᠬᠡᠨ ᠢᠶᠡᠨ ᠡᠷᠢᠬᠡᠥᠨ ᠣᠯᠬᠣ ᠦᠭᠡᠶ ᠪᠣᠯᠣᠭᠰᠠᠨ ᠮᠣᠩᠭ᠋ᠣᠯ ᠤᠨ ᠲᠡᠣᠬᠡᠨ ᠴᠠᠭ ᠣᠢᠶ᠎ᠡ ᠶᠠᠭ ᠲᠡᠬᠡᠵᠦ ᠯᠠ ᠡᠬᠢᠯᠡᠭ᠍ᠰᠡᠨ ᠶᠣᠮ᠃ ᠲᠣᠭᠣᠠᠳᠠᠮᠣᠷ ᠬᠠᠭᠠᠨ ᠡᠴᠡ ᠬᠣᠶ᠋‍ᠢᠰᠢ ᠲᠣᠭᠣᠠᠳᠠᠮᠣᠷ ᠬᠠᠭᠠᠨ ᠣᠯᠳᠠᠭᠰᠠᠨ ᠦᠭᠡᠶ ᠯᠠ ᠳ᠋‍ᠠ᠃ ᠴᠠᠭᠠᠨ ᠬᠡᠷᠡᠮ ᠡᠴᠡ ᠬᠣᠶ᠋‍ᠢᠰᠢᠬᠢ ᠣᠮᠠᠷᠠᠳᠣ ᠶᠤᠧᠨᠨ ᠤ ᠲᠥᠷᠤ ᠨᠢ ᠡᠵᠠᠨ ᠲᠣᠯᠣᠭᠠᠢ ᠦᠭᠡᠶ ᠪᠣᠯᠵᠣ᠂ ᠣᠷᠣᠠᠴᠣᠭ ᠤᠨ ᠲᠠᠳᠣᠢ ᠡᠵᠠᠨ ᠬᠠᠭᠠᠨ ᠨᠢ ᠴᠤ ᠣᠷᠳᠣ ᠨᠠᠰᠣᠯᠠᠵᠣ ᠣᠳᠠᠭᠠᠨ ᠵᠢᠷᠭᠠᠬᠣ ᠪᠣᠶᠠᠨ ᠢᠶᠡᠨ ᠪᠠᠷᠠᠵᠣ᠂ ᠡᠨᠠ ᠲᠠᠷᠠ ᠣᠴᠢᠷ ᠡᠶ᠋‍ᠢᠮᠣ ᠲᠠᠶ᠋‍ᠢᠮᠣ ᠰᠢᠯᠳᠠᠭᠠᠨ ᠢᠶᠡᠷ ᠡᠷᠳᠠ ᠨᠥᠭ᠍ᠴᠢᠳᠡᠭ ᠪᠣᠯᠣᠭᠰᠠᠨ ᠶᠣᠮ᠃ ᠲᠡᠬᠡᠬᠥ ᠪᠠᠷ ᠨᠢ ᠲᠡᠯᠠᠬᠡᠢ ᠳᠤ ᠬᠠᠮᠣᠭ ᠤᠨ ᠠᠭᠣᠤ ᠶᠡᠬᠡ ᠬᠠᠭᠠᠨ ᠲᠡᠶ᠂ ᠨᠢᠬᠡ ᠲᠥᠷᠤ ᠳᠤ ᠲᠥᠷᠪᠡᠨ ᠣᠯᠣᠰ ᠲᠥᠷᠪᠡᠨ ᠬᠠᠭᠠᠨ ᠲ᠋ᠠᠢ᠂ ᠬᠠᠮᠣᠭ ᠤᠨ ᠤᠬᠤᠷ ᠲᠡᠣᠬᠡᠨ ᠬᠣᠭᠣᠴᠠᠭᠠᠨ ᠳᠤ ᠬᠠᠮᠣᠭ ᠤᠨ ᠣᠯᠠᠨ ᠬᠠᠭᠠᠨ ᠲᠡᠶ 《 ᠬᠠᠭᠠᠨ ᠲᠡᠣᠬᠡ ᠶᠢᠨ ᠭᠣᠷᠪᠠᠨ ᠬᠠᠮᠣᠭ 》 ᠢ ᠴᠤ ᠮᠣᠩᠭ᠋ᠣᠯᠴᠣᠳ ᠡᠬᠥᠳᠥᠭᠰᠡᠨ ᠪᠢᠯᠠ᠃ ᠬᠣᠪᠢᠯᠠᠢ ᠬᠡᠷᠪᠡ ᠦᠪᠡᠷ ᠢᠶᠡᠨ ᠬᠠᠭᠠᠨ ᠰᠠᠭᠣᠬᠣ ᠶᠢᠨ ᠲᠥᠯᠣᠬᠡ ᠪᠡᠬᠡᠵᠢᠡᠭ ᠣᠷᠣᠭᠰᠠᠨ ᠶᠣᠮ ᠪᠣᠯ ᠬᠣᠶ᠋‍ᠢᠴᠢᠰ ᠨᠢ ᠬᠠᠷᠢᠨ ᠬᠦᠮᠥᠨ ᠡᠴᠡ ᠲᠥᠰᠢᠮᠡᠯ ᠭᠣᠶᠣᠬᠣ ᠶᠢᠨ ᠲᠥᠯᠣᠬᠡ ᠪᠡᠬᠡᠵᠢᠡᠭ ᠣᠷᠣᠳᠠᠭ ᠪᠣᠯᠪᠠ᠃ ᠲᠣᠭᠣᠠᠳᠠᠮᠣᠷ ᠬᠡᠷᠪᠡ ᠲᠥᠷᠤ ᠬᠦᠷᠥᠨ ᠢᠶᠡᠨ ᠬᠠᠮᠠᠭᠠᠯᠠᠬᠣ ᠶᠢᠨ ᠲᠥᠯᠣᠬᠡ ᠪᠡᠬᠡᠵᠢᠡᠭ ᠡᠴᠡ ᠲᠣᠳᠠᠭᠠᠭᠰᠠᠨ ᠪᠣᠯ ᠲᠣᠣᠷ᠎ᠠ ᠣᠢᠶ᠎ᠡ ᠶᠢᠨ ᠬᠢᠨ ᠬᠠᠷᠢᠨ ᠨᠣᠳᠣᠭ ᠲᠡᠪᠢᠰᠬᠡᠷ ᠢᠶᠡᠨ ᠬᠣᠳᠠᠯᠳᠣᠬᠣ ᠶᠢᠨ ᠲᠥᠯᠣᠬᠡ ᠪᠡᠬᠡᠵᠢᠡᠭ ᠣᠷᠣᠳᠠᠭ ᠪᠣᠯᠪᠠ᠃ ᠬᠠᠰᠠᠷ ᠤᠨ ᠦᠷᠠᠳᠥᠰ ᠨᠢ ᠴᠢᠩᠬᠢᠰ ᠤᠨ ᠦᠷᠠᠳᠥᠰ ᠲ᠋ᠤ ᠬᠠᠭᠠᠨ ᠰᠢᠷᠡᠬᠡ ᠶᠢ ᠨᠠᠶ᠋‍ᠢᠷ ᠲᠠᠯᠪᠢᠬᠣ ᠠᠯᠪᠠ ᠲᠡᠶ ᠬᠡᠬᠥ ᠳᠤ 《 ᠮᠣᠩᠭ᠋ᠣᠯ ᠤᠨ ᠵᠢᠬᠡ 》 ᠮᠠᠠᠵᠣ ᠨᠢ ᠠᠰᠳᠠᠭᠠᠨ ᠦᠨᠳᠥᠰᠣᠳᠡᠨ ᠪᠤᠯᠬᠤᠷ ᠲᠥᠷᠤ ᠪᠠᠷᠢᠵᠣ ᠪᠤᠯᠥᠯᠬᠥᠢ ᠬᠡᠵᠦ ᠬᠣᠷᠴᠢᠨᠴᠣᠳ ᠬᠠᠭᠠᠨ ᠲᠠᠮᠠᠭ᠎ᠠ ᠪᠠᠨ ᠮᠥᠭ᠍ᠳᠡᠨ ᠳᠤ ᠬᠦᠷᠬᠡᠨ ᠮᠥᠷᠬᠥᠵᠦ ᠡᠷᠬᠥᠭ᠍ᠰᠡᠨ ᠴᠤ ᠪᠢᠯᠠ ᠤᠤ︖ ᠲᠠᠷᠠ ᠬᠥ ᠨᠢᠬᠡᠨ ᠤ ᠪᠠᠨ ᠰᠠᠶ᠋‍ᠢᠨ ᠶᠠᠪᠣᠬᠣ ᠶᠢ ᠶᠠᠭ ᠦᠵᠡᠵᠦ ᠴᠢᠳᠠᠬᠣ ᠦᠭᠡᠶ᠂ ᠨᠢᠬᠡᠨ ᠳᠡᠭᠡᠨ ᠶᠣᠷᠣ ᠬᠢᠬᠥ ᠡᠴᠡ ᠣᠭᠳᠣ ᠪᠣᠴᠠᠬᠣ ᠦᠬᠡᠢ ᠮᠣᠩᠭ᠋ᠣᠯ ᠬᠦᠮᠥᠨ ᠤ ᠮᠠᠭᠣ ᠵᠠᠡᠭ ᠨᠢ ᠲᠠᠬᠢᠭᠰᠠᠨ ᠢᠶᠡᠷ 《 ᠣᠯᠠᠨ ᠣᠯᠣᠰ ᠪᠠᠶ᠋‍ᠢᠯᠳᠣᠵᠣ᠂ ᠣᠷᠣᠨ ᠳᠠᠭᠠᠨ ᠣᠷᠣᠬᠣ ᠶᠢᠨ ᠵᠨᠪ ᠦᠭᠡᠶ᠂ ᠣᠯᠵᠠᠯᠠᠯᠳᠣᠨ ᠪᠣᠯᠢᠶᠠᠯᠳᠣᠭᠰᠠᠨ 》 ᠪᠠᠶ᠋‍ᠢᠳᠠᠯ ᠳᠠᠭᠠᠨ ᠡᠷᠬᠢᠵᠣ ᠪᠣᠴᠠᠭᠰᠠᠨ ᠪᠢᠰᠢ ᠦᠦ︕ ᠨᠡᠨᠭ᠌ ᠴᠤ ᠪᠣᠷᠵᠢᠬᠢᠨ ᠬᠣᠩᠬᠢᠷᠠᠳ ᠤᠨ ᠠᠯᠳᠠᠨ ᠣᠷᠣᠭ ᠲᠠᠰᠣᠷᠠᠭᠰᠠᠨ ᠡᠴᠡ ᠬᠣᠶ᠋‍ᠢᠰᠢ 《 ᠦᠨᠳᠥᠰᠣᠳᠡᠨ ᠤ ᠪᠦᠯᠬᠥᠮᠳᠡᠯ 》 ᠤᠨ 《 ᠴᠢᠯᠦᠬᠡᠲᠦ ᠣᠷᠣᠭ 》 ᠢᠶᠡᠷ ᠲᠠᠮᠵᠢᠨ ᠴᠢᠩᠬᠢᠰ ᠤᠨ ᠴᠢᠰᠤ ᠰᠢᠩᠬᠡᠷᠡᠭ᠍ᠰᠠᠬᠡᠷ ᠡᠢᠷᠡᠭ᠍ᠰᠡᠨ ᠤ ᠬᠠᠷᠠᠭ᠎ᠠ᠂ ᠬᠣᠪᠢᠯᠠᠢ ᠶᠢᠨ ᠬᠣᠶ᠋‍ᠢᠨ᠎ᠠ ᠡᠴᠡ ᠪᠡᠬᠡᠵᠢᠡᠭ ᠣᠷᠣᠭᠰᠠᠨ ᠳᠤ ᠣᠷᠣᠳᠠᠯ᠎ᠠ᠂ ᠲᠣᠭᠣᠠᠳᠠᠮᠣᠷ ᠤᠨ ᠬᠣᠶ᠋‍ᠢᠨ᠎ᠠ ᠡᠴᠡ ᠪᠡᠬᠡᠵᠢᠡᠭ ᠡᠴᠡ ᠲᠣᠳᠠᠭᠠᠭᠰᠠᠨ ᠨᠢ ᠬᠣᠯᠠ ᠲᠡᠬᠡᠷ᠎ᠡ ᠬᠡᠵᠦ ᠪᠣᠳᠣᠬᠣ ᠬᠡᠯᠡᠬᠥ ᠬᠦᠮᠥᠨ ᠬᠠᠨᠠᠰᠠ ᠭᠠᠷᠴᠣ ᠡᠢᠷᠠᠨ᠎ᠠ ᠳ᠋‍ᠠ︕

ᠪᠠᠭᠣᠷᠢ ᠰᠠᠬᠢᠭᠰᠠᠨ ᠲᠣᠯᠣᠭᠠᠢ ᠦᠭᠡᠶ ᠪᠠᠮᠪᠠᠷ ᠢ ᠬᠠᠷᠠᠭᠰᠠᠭᠠᠷ ᠬᠠᠷᠠᠭᠰᠠᠭᠠᠷ ᠪᠢ ᠬᠡᠨᠡᠳᠳᠡ ᠮᠣᠷᠢ ᠣᠨᠣᠭᠰᠠᠨ ᠲᠣᠯᠣᠭᠠᠢ ᠦᠬᠡᠢ ᠬᠦᠮᠥᠨ ᠢ ᠪᠣᠳᠣᠵᠣ ᠣᠯᠣᠭᠠᠳ ᠠᠷᠠᠢ ᠯᠠ ᠦᠭᠦᠳᠬᠢᠨ ᠣᠨᠠᠭᠰᠠᠨ ᠦᠭᠡᠶ᠃ ᠪᠢᠳᠠ ᠴᠢᠨᠢ ᠴᠤᠬᠤᠮ ᠶᠠᠭᠣ ᠯᠠ ᠪᠣᠳᠣᠵᠣ᠂ ᠶᠠᠭᠣ ᠯᠠ ᠪᠦᠲᠦᠬᠡᠵᠦ᠂ ᠶᠠᠭᠠᠬᠢᠵᠣ ᠴᠤ ᠠᠮᠢᠳᠣᠷᠠᠵᠣ ᠪᠠᠶ᠋‍ᠢᠳᠠᠭ ᠣᠯᠣᠰ ᠪᠢᠯᠠ︖ ᠬᠦᠮᠥᠨ ᠤ ᠪᠦᠲᠦᠬᠡᠭ᠍ᠰᠡᠨ ᠶᠠᠭᠣᠮ᠎ᠠ ᠶᠢ ᠬᠡᠨ ᠡᠴᠡ ᠴᠤ ᠡᠢᠯᠡᠬᠥᠤ ᠱᠣᠬᠣᠭᠣᠷᠬᠠᠨ ᠡᠳ᠋ᠯᠡᠬᠥ ᠲᠣᠷᠠᠳᠠᠢ ᠠᠳᠠᠯ᠎ᠠ ᠪᠠᠨ ᠦᠪᠡᠷ ᠢᠶᠡᠨ ᠡᠭᠦᠳᠬᠥ ᠶᠢ ᠦᠴᠥᠬᠡᠨ ᠴᠤ ᠪᠣᠳᠣᠳᠠᠭ ᠦᠭᠡᠶ᠂ ᠬᠠᠷᠢᠨ ᠣᠷᠢᠳᠣ ᠶᠢᠨ ᠲᠡᠣᠬᠡ᠂ ᠣᠷᠳᠣ ᠶᠢᠨ ᠲᠠᠭᠣᠤ᠂ ᠬᠣᠣᠷᠳᠣ ᠠᠷᠢᠬᠢ᠂ ᠬᠣᠣᠳᠣᠤ ᠲᠠᠷᠢᠬᠢ ᠲᠥᠷᠪᠡ ᠳᠡᠭᠡᠨ ᠯᠠ ᠰᠣᠭᠳᠣᠭᠣᠷᠠᠵᠣ ᠪᠠᠶ᠋‍ᠢᠳᠠᠭ ᠠᠽᠢᠶ᠎ᠠ ᠶᠢᠨ ᠬᠦᠬᠡ ᠮᠣᠩᠭ᠋ᠣᠯᠴᠣᠳ ᠮᠢᠨᠢ ᠡᠡᠮᠧᠷᠢᠺᠠ᠎ ᠶᠢᠨ ᠣᠯᠠᠭᠠᠨ ᠡᠢᠨᠳᠢᠶᠠᠠᠴᠣᠳ᠂ ᠠᠹᠷᠢᠺᠠ ᠶᠢᠨ ᠬᠠᠷ᠎ᠠ ᠠᠷᠠᠰᠣᠳᠠᠨ ᠡᠴᠠ ᠶᠠᠭᠣ ᠨᠢ ᠦᠬᠡᠷ᠎ᠡ᠂ ᠶᠠᠭᠣ ᠨᠢ ᠲᠡᠬᠡᠷ᠎ᠡ ᠶᠠᠪᠣᠭ᠎ᠠ ᠬᠡᠵᠦ︖ ᠲᠠᠷᠠ ᠮᠥᠷᠳᠡᠯ᠎ᠡ ᠪᠠᠨ ᠰᠠᠶ᠋‍ᠢᠨ ᠬᠡᠭ᠍ᠳᠡᠭ᠍ᠰᠡᠨ ᠶᠠᠭᠣᠮ᠎ᠠ ᠪᠠᠨ ᠪᠦᠷᠢᠯᠬᠡᠬᠥ᠂ ᠰᠠᠶ᠋‍ᠢᠨ ᠶᠠᠪᠣᠭᠰᠠᠨ ᠬᠦᠮᠥᠨ ᠢᠶᠡᠨ ᠦᠬᠡᠶ᠋‍ᠢᠬᠢᠬᠥ ᠳᠤ ᠬᠡᠨ ᠡᠴᠡ ᠴᠤ ᠡᠢᠯᠡᠬᠥᠤ᠂ ᠬᠡᠨ ᠡᠴᠡ ᠴᠤ ᠡᠢᠳᠠᠪᠬᠢᠳᠠᠢ ᠶᠢ ᠨᠢ ᠶᠠᠭᠠᠬᠢᠨ᠎ᠠ︕ ᠵᠦᠪᠬᠡᠨ ᠪᠠᠷᠰ ᠬᠣᠳᠠ ᠶᠢᠨ ᠪᠠᠷᠠᠭᠣᠠᠳᠠᠬᠢ ᠡᠷᠳᠠᠨᠢ ᠶᠢᠨ ᠴᠠᠭᠠᠨ ᠰᠣᠪᠣᠷᠭ᠎ᠠ ᠪᠠᠷ ᠠᠪᠣᠭᠠᠳ ᠬᠡᠯᠡᠬᠥ ᠳᠤ᠂ ᠬᠡᠳᠦᠢᠢᠪᠡᠷ ᠲᠣᠬᠠᠢ ᠶᠢᠨ ᠵᠢᠯ ᠵᠤᠯ ᠶ᠋‍ᠢᠠᠷ ᠪᠦᠳᠥᠨ ᠦᠯᠠᠳᠡᠭ᠍ᠰᠡᠨ ᠬᠡᠳᠡᠭ ᠪᠣᠯᠪᠠᠴᠣ ᠪᠦᠬᠥᠯᠢ ᠵᠢᠷᠭᠣᠭᠠᠨ ᠵᠠᠭᠣᠨ ᠤ ᠬᠣᠶ᠋‍ᠢᠨᠠᠬᠢ 《 ᠰᠣᠶᠣᠯ ᠤᠨ ᠶᠡᠬᠡ ᠬᠣᠪᠢᠰᠬᠠᠯ 》 ᠤᠨ ᠣᠢᠢᠯᠠ ᠶᠢᠨ ᠨᠡᠬᠡᠯ ᠳᠤ ᠪᠦᠷᠢᠯᠬᠥ ᠶᠢᠨ ᠲᠡᠪᠢᠯᠡᠨᠭ᠌ ᠡᠴᠡ ᠪᠠᠨ ᠮᠣᠯᠳᠣᠷᠠᠵᠣ ᠲᠡᠢᠢᠯᠥᠭᠰᠡᠨ ᠦᠭᠡᠶ ᠪᠢᠯᠠ᠃ ᠲᠠᠷᠠ ᠣᠳᠠᠭ᠎ᠠ ᠬᠠᠷᠢᠨ ᠮᠣᠩᠭ᠋ᠣᠯ ᠬᠦᠮᠥᠨ ᠮᠢᠨᠢ ᠭᠣᠮᠣᠳᠠᠭ᠎ᠠ ᠦᠭᠡᠶ ᠦᠪᠡᠷ ᠤᠨ ᠭᠠᠷ ᠢᠶᠡᠷ ᠢᠶᠡᠨ ᠨᠣᠷᠠᠭᠠᠭᠰᠠᠨ ᠳ᠋‍ᠠ︕ ᠪᠠᠰᠠ ᠰᠣᠨᠢᠨ ᠪᠢᠰᠢ ᠦᠦ︖ ᠮᠠᠨ ᠤ ᠬᠠᠭᠣᠴᠢᠳ ᠲᠡᠬᠡᠬᠡᠥᠨ ᠯᠠ ᠠᠯᠳᠠᠭᠳᠠᠭᠰᠠᠨ᠂ ᠬᠦᠮᠥᠨ ᠤ ᠬᠠᠭᠣᠴᠢᠳ ᠲᠡᠬᠡᠬᠥ ᠳᠤ ᠬᠠᠷᠢᠨ ᠦᠯᠠᠳᠡᠭ᠍ᠰᠡᠨ᠃ ᠬᠡᠪᠡᠴᠦ ᠪᠠᠷᠰ ᠬᠣᠳᠠ ᠵᠢ ᠪᠠᠰᠠ ᠴᠠᠭᠠᠨ ᠰᠣᠪᠣᠷᠭ᠎ᠠ ᠲᠡᠶ ᠨᠢ ᠡᠷᠬᠢᠵᠣ ᠪᠠᠶ᠋‍ᠢᠭᠣᠯᠬᠣ ᠳᠤ ᠬᠦᠷᠪᠡᠯ ᠪᠠᠷᠢᠯᠭᠠᠴᠢᠨ ᠨᠢ ᠯᠠᠪᠳᠠᠢ ᠮᠣᠩᠭ᠋ᠣᠯ ᠬᠦᠮᠥᠨ ᠪᠠᠶ᠋‍ᠢᠬᠣ ᠶᠣᠰᠣᠳᠠᠢ ᠬᠡᠵᠦ ᠪᠢ ᠪᠠᠰᠠ ᠪᠣᠳᠣᠵᠣ ᠦᠵᠡᠯ᠎ᠡ᠃ ᠬᠡᠳᠡᠯ᠎ᠡ ᠪᠠᠷᠢᠯ᠎ᠠ ᠬᠡᠥᠨ ᠶᠠᠭᠠᠬᠢᠳᠠᠭ ᠶᠣᠮ︖ ᠲᠠᠷᠠ ᠲᠡᠣᠬᠡᠨ ᠴᠠᠭ ᠣᠢᠶ᠎ᠡ ᠡᠷᠬᠢᠵᠣ ᠪᠣᠴᠠᠬᠣ ᠪᠠᠷ ᠦᠭᠡᠶ︕ ᠶᠤᠧᠨᠨ ᠮᠢᠡᠭ ᠶᠤᠧᠨᠨ ᠴᠡᠴᠡᠷᠯᠢᠭ᠌᠌ ᠢ ᠶᠠᠭᠠᠬᠢᠭᠠᠳ ᠡᠷᠬᠢᠵᠣ ᠪᠠᠶ᠋‍ᠢᠭᠣᠯᠳᠠᠭ ᠦᠭᠡᠶ ᠶᠣᠮ︖ ᠬᠦᠠᠲᠦ ᠭᠣᠨᠢᠭᠳᠣ ᠲᠡᠣᠬᠡ ᠶᠢᠨ ᠬᠢᠴᠢᠶᠠᠯ ᠰᠣᠷᠭᠠᠯ ᠢ ᠨᠢ ᠬᠦᠮᠥᠨ ᠲᠥᠷᠥᠯᠬᠢᠳᠡᠨ ᠮᠠᠷᠳᠠᠬᠣ ᠡᠴᠡ ᠠᠶᠣᠭᠰᠠᠨ ᠳᠠᠭᠠᠨ ᠯᠠ ᠪᠢᠵᠠ᠃ ᠲᠡᠬᠡᠬᠥ ᠪᠠᠷ ᠨᠢ ᠪᠠᠷᠰ ᠬᠣᠳᠠ ᠶᠢᠨ ᠪᠠᠭᠣᠷᠢ᠂ ᠴᠠᠭᠠᠨ ᠰᠣᠪᠣᠷᠭ᠎ᠠ ᠶᠢᠨ ᠰᠠᠭᠣᠷᠢ᠂ ᠲᠣᠯᠣᠭᠠᠢ ᠨᠢ ᠣᠨᠠᠭᠰᠠᠨ ᠪᠠᠮᠪᠠᠷ ᠴᠤ ᠲᠠᠷᠠ ᠬᠡᠪ ᠢᠶᠡᠷ ᠢᠶᠡᠨ ᠪᠠᠶ᠋‍ᠢᠵᠣ ᠪᠠᠶ᠋‍ᠢᠭ︕ ᠬᠢᠳᠠᠳ ᠮᠣᠩᠭ᠋ᠣᠯ᠂ ᠭᠠᠳᠠᠭᠠᠳᠣ ᠲᠣᠳᠣᠭᠠᠳᠣ ᠶᠢᠨ ᠬᠦᠮᠥᠨ ᠵᠤᠨ ᠡᠢᠷᠠᠵᠣ ᠦᠵᠡᠨ᠂ ᠬᠡᠵᠢᠶ᠎ᠡ ᠡᠬᠥᠷᠢᠳᠡ ᠠᠯᠳᠠᠭᠰᠠᠨ ᠶᠠᠭᠣ ᠨᠢᠬᠡ ᠶᠠᠭᠣᠮ᠎ᠠ ᠪᠠᠨ ᠬᠠᠶ᠋‍ᠢᠭ︕ ᠪᠠᠷᠰ ᠬᠣᠳᠠ ᠶᠢᠨ ᠴᠢᠯᠠᠭᠣᠨ ᠪᠠᠭᠣᠷᠢ᠂ ᠶᠤᠧᠨᠨ ᠮᠢᠡᠭ ᠶᠤᠧᠨᠨ ᠤ ᠴᠢᠯᠠᠭᠣᠨ ᠡᠬᠥᠳᠡ᠂ ᠨᠠᠭᠠᠰᠠᠺᠢ᠂ ᠡᡁᠢᠷᠣᠰᠢᠮᠨ ᠶᠢᠨ ᠴᠢᠯᠠᠭᠣᠨ ᠬᠦᠰᠢᠶ᠎ᠡ ᠶ᠋‍ᠢᠨ ᠡᠮᠣᠨ᠎ᠠ ᠲᠠᠶ᠋‍ᠢᠨ ᠪᠠ ᠡᠩᠬᠡ ᠬᠣᠶᠠᠷ ᠢ ᠬᠣᠷᠣᠰᠣᠯ ᠪᠠ ᠬᠠᠶ᠋‍ᠢᠷ᠎ᠠ ᠪᠠᠷ ᠢᠶᠡᠨ ᠲᠠᠶ᠋‍ᠢᠭ︕ ᠭᠠᠯ ᠢ ᠰᠢᠲᠦᠳᠡᠭ ᠦᠨᠳᠥᠰᠣᠳᠡᠨ ᠴᠤ ᠭᠠᠯ ᠳᠤ ᠰᠢᠳᠠᠳᠠᠭ ᠶᠣᠮ ᠪᠠᠶ᠋‍ᠢᠨ᠎ᠠ ᠰᠢᠤ ᠬᠡᠵᠦ ᠮᠤᠬᠤᠷ ᠪᠢᠰᠢᠷᠠᠯ᠂ ᠰᠤᠬᠤᠷ ᠰᠥᠰᠥᠭ ᠡᠴᠡ ᠠᠶᠣᠭ︕ ᠬᠢᠮᠢ᠂ ᠹᠢᠽᠢᠺ᠂ ᠲᠣᠭ᠎ᠠ ᠴᠢᠨᠢ ᠶᠡᠬᠡ ᠬᠥᠭ᠍ᠵᠢᠪᠡᠯ ᠪᠠᠰᠠ ᠬᠦᠨᠦᠬᠡᠯ ᠪᠣᠯᠳᠠᠭ ᠶᠣᠮ ᠪᠠᠶ᠋‍ᠢᠨ᠎ᠠ ᠰᠢᠤ ᠬᠡᠵᠦ ᠬᠦᠮᠥᠨ ᠲᠥᠷᠥᠯᠬᠢᠳᠡᠨ ᠡᠴᠡ ᠪᠠᠨ᠂ ᠰᠢᠨᠵᠢᠯᠡᠬᠥ ᠣᠬᠠᠭᠠᠨ ᠡᠴᠡ ᠪᠠᠨ ᠲᠠᠶ᠋‍ᠢᠵᠢ‍ᠭ ᠡ︕

ᠪᠢᠴᠢᠬᠠᠨ ᠪᠠᠮᠪᠠᠷ ᠢᠶᠡᠨ ᠶᠠᠭᠠᠬᠢᠵᠣ ᠨᠢᠬᠡ ᠠᠷᠭᠠᠳᠠᠶ᠎ᠠ ᠬᠡᠵᠦ ᠪᠢ ᠰᠠᠯᠬᠣ ᠡᠴᠡ ᠪᠠᠨ ᠡᠮᠣᠨ᠎ᠠ ᠶᠡᠬᠡ ᠯᠠ ᠰᠠᠨᠠᠪᠠ᠃ ᠲᠡᠬᠡᠬᠡᠥᠨ ᠪᠠᠮᠪᠠᠷ ᠲᠡᠬᠡᠷ᠎ᠡ ᠰᠢᠬᠥᠷ ᠬᠡᠳᠡᠭ ᠦᠬᠡ ᠶᠢ ᠪᠣᠳᠣᠵᠣ ᠣᠯᠵᠠᠢ᠃ ᠪᠠᠷᠰ ᠬᠣᠳᠠ ᠶᠢᠨ ᠪᠠᠮᠪᠠᠷ ᠪᠣᠯᠣᠨ ᠭᠠᠯ ᠭᠣᠯᠣᠮᠳᠠ ᠶᠢᠨ ᠪᠠᠮᠪᠠᠷ ᠲᠡᠬᠡᠷ᠎ᠡ ᠪᠠᠨ ᠪᠣᠳᠣᠯ ᠰᠠᠳᠬᠢᠯ ᠤᠨ ᠬᠠᠷᠠᠮᠨᠠᠯ ᠬᠠᠶ᠋‍ᠢᠷᠠᠯᠠᠯ ᠤᠨ ᠪᠠᠮᠪᠠᠢ ᠰᠢᠬᠥᠷ ᠢᠶᠡᠨ ᠪᠠᠷᠢᠵᠣ ᠵᠤᠭᠰᠣᠬᠣ ᠡᠴᠡ ᠦᠬᠡᠷ᠎ᠡ ᠰᠠᠶ᠋‍ᠢᠨ ᠠᠷᠭ᠎ᠠ ᠨᠠᠳᠠ ᠳ᠋ᠣ ᠲᠡᠬᠡᠬᠥ ᠳᠤ ᠣᠯᠳᠠᠭ᠎ᠠ ᠦᠭᠡᠶ ᠯᠠ ᠪᠠᠶ᠋‍ᠢᠭᠰᠠᠨ ᠳ᠋‍ᠠ ᠁

ᠠᠯᠳᠠᠨ ᠤ ᠮᠦᠴᠢᠷ ᠬᠠᠰ ᠤᠨ ᠰᠠᠯᠠᠭᠠᠨ ᠠᠪᠣᠷᠢᠳᠠ ᠵᠤᠯᠭᠠᠷᠠᠭᠰᠠᠨ ᠦᠭᠡᠶ ᠪᠦᠯᠦᠬᠡ᠂

ᠠᠮᠢᠯᠠᠯᠳᠣ ᠬᠠᠪᠣᠷ ᠢ ᠠᠯᠳᠠᠭᠰᠠᠨ ᠤ ᠣᠴᠢᠷ ᠨᠠᠮᠣᠷ ᠤᠨ ᠰᠠᠯᠬᠢᠨ᠎ᠠ ᠭᠣᠨᠢᠶᠠᠨᠠᠮ᠃

ᠬᠡᠮᠰᠢᠬᠥᠯᠡᠨᠭ᠌ ᠤᠨ ᠰᠢᠯᠥᠭ ᠢ ᠬᠦᠩᠬᠡᠨ ᠬᠠᠭᠣᠳᠠᠮ ᠢᠶᠡᠷ ᠠᠪᠣᠭᠠᠢ ᠪᠢᠳᠡᠬᠡᠢ ᠬᠢᠩᠰᠢᠬᠡᠷᠡᠢ᠂

ᠬᠡᠮᠲᠦ ᠬᠡᠷᠡᠭ ᠨᠠᠳᠣᠷ ᠡᠢᠷᠡᠭ᠍ᠰᠡᠨ ᠮᠠᠳᠣ ᠨᠢᠳᠣᠨ ᠤ ᠨᠢᠯᠪᠣᠰᠣᠨ ᠢ ᠣᠨᠠᠭᠠᠨᠠᠮ︕


(《ᠰᠢᠯᠢ ᠶᠢᠨ ᠭᠤᠤᠯ 》 ᠰᠡᠳᠬᠦᠯ ᠤᠨ 2007 ᠤᠨ ᠤ ᠬᠤᠶᠠᠳᠤᠭᠠᠷ ᠬᠤᠭᠤᠴᠠᠭ᠎ᠠ ᠡᠴᠡ ᠰᠤᠩᠭ᠋ᠤᠪᠠ )

( ᠰᠠᠢᠢᠨᠴᠤᠭᠳᠤ ᠨᠠᠢᠢᠷᠠᠭᠤᠯᠪᠠ )

ᠵᠤᠬᠢᠶᠠᠭᠴᠢ ᠶᠢᠨ ᠬᠠᠶ‍ᠢᠭ᠄ ᠤᠯᠠᠭᠠᠠᠬᠠᠳᠠ ᠮᠤᠩᠭ᠋ᠤᠯ ᠳᠤᠮᠳᠠᠳᠤ ᠰᠤᠷᠭᠠᠭᠤᠯᠢ

ᠵᠤᠬᠢᠶᠠᠭᠴᠢ᠄ ᠪᠤᠷᠵᠢᠬᠢᠨ ᠰ᠂ᠳᠡᠯᠭᠡᠷ
ᠢᠷᠡᠯᠲᠡ᠄ ᠬ᠂ᠪᠦᠬᠡᠮᠠᠨᠳᠤᠯ᠎ᠠ
ᠬᠠᠷᠢᠶ᠎ᠠ᠄
ᠳᠠᠷᠤᠮ᠄ 340
ᠴᠠᠭ᠄ 2015 ᠤᠨ ᠤ 05 ᠰᠠᠷ᠎ᠠ ᠶᠢᠨ 14
ᠨᠠᠢ᠌ᠷᠠᠭᠤᠯᠤᠭᠴᠢ᠄ ᠬᠦᠷᠡᠯᠳᠤᠭᠳᠠᠬᠤ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁