ᠦᠭᠡᠷᠴᠢᠯᠡᠯᠲᠡ ᠤᠷᠠᠯᠢᠭ ᠦᠨ ᠲᠠᠢᠢᠰᠠ ᠵᠢ ᠨᠡᠩ ᠬᠢᠯᠠᠯᠵᠠᠭᠤᠯᠤᠨ᠎ᠠ
ᠦᠪᠦᠷ ᠮᠤᠩᠭ᠋ᠤᠯ ᠦᠨ ᠦᠨᠳᠦᠰᠦᠲᠡᠨ ᠦ ᠲᠠᠭᠤᠤ ᠪᠦᠵᠢᠭ᠌ ᠵᠦᠴᠦᠬᠡ ᠵᠢᠨ ᠬᠦᠷᠢᠶᠡᠯᠡᠩ ᠦᠨ ᠠᠵᠢᠯᠯᠠᠭ᠎ᠠ ᠵᠢ ᠲᠡᠮᠳᠡᠭᠯᠡᠪᠡ

ᠦᠪᠦᠷ ᠮᠤᠩᠭ᠋ᠤᠯ ᠦᠨ ᠦᠨᠳᠦᠰᠦᠲᠡᠨ ᠦ ᠲᠠᠭᠤᠤ ᠪᠦᠵᠢᠭ᠌ ᠵᠦᠴᠦᠬᠡ ᠵᠢᠨ ᠬᠦᠷᠢᠶᠡᠯᠡᠩ ᠢ ᠤᠤᠯ ᠨᠢ ᠦᠪᠦᠷ ᠮᠤᠩᠭ᠋ᠤᠯ ᠦᠨ ᠤᠷᠠᠨ ᠰᠠᠢᠢᠬᠠᠨ ᠦ ᠪᠦᠯᠬᠦᠮ ᠭᠡᠳᠡᠭ ᠪᠠᠢᠢᠵᠠᠢ᠃ᠲᠡᠭᠦᠨ ᠢ1946ᠤᠨ ᠳᠦ ᠪᠠᠢᠢᠭᠤᠯᠤᠭᠰᠠᠨ ᠪᠦᠬᠡᠳ2000ᠤᠨ ᠡᠴᠡ ᠦᠪᠦᠷ ᠮᠤᠩᠭ᠋ᠤᠯ ᠦᠨ ᠦᠨᠳᠦᠰᠦᠲᠡᠨ ᠦ ᠲᠠᠭᠤᠤ ᠪᠦᠵᠢᠭ᠌ ᠵᠦᠴᠦᠬᠡ ᠵᠢᠨ ᠬᠦᠷᠢᠶᠡᠯᠡᠩ ᠭᠡᠬᠦ ᠪᠤᠯᠵᠠᠢ᠃ ᠲᠠᠭᠤᠤ ᠪᠦᠵᠢᠭ᠌ ᠵᠦᠴᠦᠬᠡ ᠵᠢᠨ ᠬᠦᠷᠢᠶᠡᠯᠡᠩ ᠳᠦ ᠲᠠᠭᠤᠤ ᠪᠦᠵᠢᠭ᠌ ᠦᠨ ᠪᠦᠯᠬᠦᠮ᠂ᠮᠤᠩᠭ᠋ᠤᠯ ᠬᠦᠭᠵᠢᠮ ᠦᠨ ᠪᠦᠯᠬᠦᠮ᠂ᠮᠤᠩᠭ᠋ᠤᠯ ᠵᠦᠴᠦᠬᠡ ᠵᠢᠨ ᠪᠦᠯᠬᠦᠮ᠂ᠮᠤᠩᠭ᠋ᠤᠯ ᠦᠨᠳᠦᠰᠦᠲᠡᠨ ᠦ ᠨᠠᠢᠢᠷᠠᠯ ᠲᠠᠭᠤᠤ ᠵᠢᠨ ᠪᠦᠯᠬᠦᠮ᠂ᠨᠠᠢᠢᠷᠠᠯ ᠬᠦᠭᠵᠢᠯ ᠦᠨ ᠪᠦᠯᠬᠦᠮ ᠵᠡᠷᠬᠡ ᠲᠤᠭᠯᠠᠯᠲᠠ ᠵᠢᠨ ᠪᠦᠯᠬᠦᠮ ᠪᠤᠯᠤᠨ ᠲᠠᠢᠢᠰᠠᠨ ᠤᠷᠠᠯᠠᠯ ᠦᠨ ᠲᠦᠪ᠂ᠤᠷᠠᠯᠢᠭ ᠦᠨ ᠵᠤᠬᠢᠶᠠᠨ ᠪᠦᠳᠦᠬᠡᠬᠦ ᠲᠦᠪ᠂ᠲᠤᠭᠯᠠᠯᠲᠠ ᠵᠢᠨ ᠰᠤᠯᠢᠯᠴᠠᠭᠠᠨ ᠦ ᠲᠦᠪ ᠵᠡᠷᠬᠡ ᠰᠠᠯᠠᠭ᠎ᠠ ᠮᠦᠴᠢᠷ ᠦᠳ ᠪᠠᠢᠢᠳᠠᠭ᠃ᠤᠯᠤᠰ ᠦᠨ ᠰᠤᠶᠤᠯ ᠦᠨ ᠪᠠᠢᠢᠭᠤᠯᠤᠯ ᠦᠨ ᠦᠭᠡᠷᠴᠢᠯᠡᠯᠲᠡ ᠵᠢᠨ ᠭᠦᠨᠵᠡᠭᠡᠢᠢᠷᠡᠬᠦ ᠵᠢ ᠲᠠᠭᠠᠯᠳᠤᠨ᠂ᠲᠤᠭᠯᠠᠯᠲᠠ ᠪᠠ ᠵᠤᠬᠢᠶᠠᠨ ᠪᠦᠳᠦᠬᠡᠯᠬᠡ ᠵᠢ ᠬᠦᠯᠢᠶᠡᠰᠦᠯᠡᠵᠦ ᠪᠠᠢᠢᠭ᠎ᠠ ᠬᠠᠭᠤᠴᠢᠨ ᠪᠠᠢᠢᠭᠤᠯᠤᠯ ᠡᠴᠡ ᠬᠡᠷᠬᠢᠨ ᠠᠩᠵᠢᠷᠠᠵᠦ ᠦᠪᠡᠷ ᠦᠨ ᠬᠡᠰᠡᠨ ᠬᠦᠭᠵᠢᠯᠲᠡ ᠵᠢᠨ ᠵᠠᠮ ᠵᠢᠡᠨ ᠡᠷᠢᠯᠬᠢᠯᠡᠬᠦ ᠠᠰᠠᠭᠤᠳᠠᠯ ᠤᠷᠠᠯᠢᠭ ᠦᠨ ᠪᠦᠯᠬᠦᠮ ᠦᠨ ᠬᠢᠨ ᠦ ᠡᠮᠦᠨ᠎ᠠ ᠲᠠᠯᠪᠢᠭᠳᠠᠪᠠ᠃

2010 ᠤᠨ ᠳᠦ᠂ ᠦᠪᠦᠷ ᠮᠤᠩᠭ᠋ᠤᠯ ᠦᠨ ᠦᠨᠳᠦᠰᠦᠲᠡᠨ ᠦ ᠲᠠᠭᠤᠤ ᠪᠦᠵᠢᠭ᠌ ᠵᠦᠴᠦᠬᠡ ᠵᠢᠨ ᠬᠦᠷᠢᠶᠡᠯᠡᠩ ᠦᠨ ᠬᠢᠨ《ᠨᠤᠭᠤᠨᠵᠠᠶᠠᠭ᠎ᠠ》ᠬᠡᠮᠡᠬᠦ ᠠᠩᠬᠠᠳᠠᠭᠴᠢ ᠲᠤᠮᠤ ᠬᠡᠯᠪᠡᠷᠢ ᠵᠢᠨ ᠦᠨᠳᠦᠰᠦᠲᠡᠨ ᠦ ᠪᠦᠵᠢᠬᠲᠦ ᠵᠦᠴᠦᠬᠡ ᠪᠠᠨ ᠦᠵᠡᠭᠴᠢᠳ ᠦᠨ ᠬᠠᠷᠠᠭᠠᠨ ᠳᠦ ᠬᠦᠷᠳᠡᠭᠡᠪᠡ᠂ᠡᠨᠡ ᠨᠢ ᠲᠡᠳᠡᠨ ᠦ ᠤᠷᠠᠯᠢᠭ ᠦᠨ ᠰᠢᠨ᠎ᠠ ᠵᠢ ᠡᠭᠦᠳᠦᠨ ᠨᠡᠷᠡᠲᠦ ᠲᠡᠮᠳᠡᠭ ᠪᠦᠳᠦᠬᠡᠬᠦ ᠠᠩᠬᠠᠨ ᠦ ᠠᠯᠬᠤᠮ ᠵᠢᠡᠨ ᠡᠬᠢᠯᠡᠬᠦᠯᠦᠭᠰᠡᠨ ᠢ ᠬᠠᠷᠠᠭᠤᠯᠵᠦ ᠪᠤᠢ᠃ᠲᠤᠰ ᠵᠦᠴᠦᠬᠡ ᠨᠢ ᠤᠯᠠᠨ ᠤᠳᠠᠭᠠᠨ ᠦ ᠤᠷᠠᠯᠢᠭ ᠦᠨ ᠨᠠᠢᠢᠷ ᠲᠡᠭᠡᠷ᠎ᠠ ᠦᠵᠡᠭᠴᠢᠳ ᠲᠦᠮᠡᠨ ᠦ ᠪᠠᠬᠠᠷᠬᠠᠯ ᠢ ᠲᠠᠲᠠᠵᠦ᠂ᠲᠠᠯ᠎ᠠ ᠨᠤᠲᠤᠭ ᠦᠨ ᠰᠤᠶᠤᠯ ᠬᠢᠬᠡᠳ ᠦᠨᠳᠦᠰᠦᠲᠡᠨ ᠦ ᠤᠷᠠᠯᠢᠭ ᠦᠨ ᠨᠡᠷᠡᠲᠦ ᠲᠡᠮᠳᠡᠭ ᠢ ᠤᠯᠠᠮ ᠴᠢᠨᠠᠭᠰᠢᠳᠠ ᠪᠠᠳᠠᠷᠠᠭᠤᠯᠤᠭᠰᠠᠨ ᠪᠠᠢᠢᠨ᠎ᠠ᠃ᠨᠡᠷᠡᠲᠦ ᠲᠡᠮᠳᠡᠭ ᠲᠠᠢ ᠪᠤᠯᠤᠭᠰᠠᠨ ᠡᠴᠡ ᠦᠨᠳᠦᠰᠦᠲᠡᠨ ᠦ ᠤᠷᠠᠯᠢᠭ ᠦᠨ ᠲᠠᠪᠴᠠᠩ ᠤᠯᠠᠮ ᠠᠭᠤᠳᠠᠮ ᠰᠠᠷᠠᠭᠤᠯ ᠪᠤᠯᠪᠠ᠃ᠡᠭᠦᠨ ᠡᠴᠡ ᠡᠬᠢᠯᠡᠨ᠂ᠦᠨᠳᠦᠰᠦᠲᠡᠨ ᠦ ᠲᠠᠭᠤᠤ ᠬᠦᠭᠵᠢᠮᠲᠦ ᠵᠦᠴᠦᠬᠡ 《ᠵᠢᠷᠦᠬᠡᠨ ᠦ ᠡᠭᠡᠨᠡᠭᠰᠢᠯ》᠂《ᠠᠯᠲᠠᠨ ᠲᠠᠥᠯᠠᠢ》᠂ᠨᠠᠢᠢᠷᠠᠯ ᠬᠦᠭᠵᠢᠮ《ᠲᠠᠯ᠎ᠠ ᠳᠦ ᠰᠢᠩᠭᠡᠭᠰᠡᠨ ᠬᠠᠢᠢᠷ᠎ᠠ》᠂ᠨᠠᠢᠢᠷᠠᠯ  ᠬᠦᠭᠵᠢᠮ ᠦᠨ ᠪᠦᠯᠬᠦᠮ ᠦᠨ ᠰᠢᠷᠢᠰ ᠪᠦᠳᠦᠭᠡᠯ ᠵᠢᠴᠢ ᠲᠠᠭᠤᠤ ᠬᠦᠭᠵᠢᠮ ᠦᠨ ᠦᠳᠡᠰᠢᠯᠡᠬᠡ 《ᠮᠦᠩᠬᠡ ᠵᠢᠨ ᠬᠠᠪᠤᠷ》ᠵᠡᠷᠭᠡ  ᠦᠨᠳᠦᠰᠦᠲᠡᠨ ᠦ ᠤᠨᠴᠠᠯᠢᠭ ᠪᠦᠬᠦᠢ ᠬᠡᠳᠦᠨ ᠰᠷᠪᠠᠨ ᠰᠤᠳᠤᠨ ᠪᠦᠳᠦᠭᠡᠯ ᠦᠨᠳᠦᠰᠦᠲᠡᠨ ᠦ ᠰᠤᠶᠤᠯ ᠦᠨ ᠨᠡᠷᠡᠲᠦ ᠲᠡᠮᠳᠡᠭᠲᠦ ᠵᠢᠨ ᠬᠤᠪᠢ ᠪᠡᠷ ᠤᠯᠤᠰ ᠦᠨ ᠲᠤᠳᠤᠭᠠᠳᠤ ᠭᠠᠳᠠᠭᠠᠳᠦ ᠵᠢᠨ ᠤᠷᠠᠯᠢᠭ ᠦᠨ ᠲᠠᠢᠢᠰᠠᠨ᠎ᠠ ᠢᠯᠡᠷᠡᠨ ᠭᠠᠷᠤᠭᠰᠠᠨ ᠶᠤᠮ᠃ᠦᠪᠡᠷ ᠦᠨ ᠨᠡᠷᠡᠲᠦ ᠲᠡᠮᠳᠡᠭᠲᠦ ᠲᠠᠢ ᠪᠤᠯᠤᠭᠰᠠᠨ ᠡᠴᠡ  ᠲᠠᠭᠤᠤ ᠪᠦᠵᠢᠭ᠌ ᠵᠦᠴᠦᠬᠡ ᠵᠢᠨ ᠬᠦᠷᠢᠶᠡᠯᠡᠩ ᠦᠨ  ᠲᠠᠭᠤᠤ ᠪᠦᠵᠢᠭ᠌ ᠦᠨ ᠪᠦᠯᠬᠦᠮ᠂ᠨᠠᠢᠢᠷᠠᠯ ᠲᠠᠭᠤᠤ ᠵᠢᠨ ᠪᠦᠯᠬᠦᠮ᠂ᠮᠤᠩᠭ᠋ᠤᠯ ᠬᠦᠭᠵᠢᠮ ᠦᠨ ᠪᠦᠯᠬᠦᠮ ᠨᠢ ᠵᠢᠯ ᠪᠤᠯᠭᠠᠨ ᠤᠯᠤᠰ ᠦᠨ ᠭᠠᠳᠠᠭᠠᠳᠦ ᠳᠦ ᠲᠤᠭᠯᠠᠯᠲᠠ ᠭᠠᠷᠭᠠᠨ ᠰᠤᠯᠢᠯᠴᠠᠭ᠎ᠠ ᠬᠢᠬᠦ ᠪᠤᠯᠵᠠᠢ᠃2008 ᠤᠨ ᠳᠦ ᠲᠠᠭᠤᠤ ᠪᠦᠵᠢᠭ᠌ ᠵᠦᠴᠦᠬᠡ ᠵᠢᠨ ᠬᠦᠷᠢᠶᠡᠯᠡᠩ ᠦᠨ ᠲᠤᠭᠯᠠᠭᠴᠢᠳ ᠦᠪᠦᠷ ᠮᠤᠩᠭ᠋ᠤᠯ ᠦᠨ ᠨᠠᠮ ᠦᠨ ᠬᠤᠷᠢᠶᠠᠨ ᠦ ᠤᠬᠠᠭᠤᠯᠬᠤ ᠬᠡᠯᠳᠡᠰ ᠦᠨ ᠲᠠᠷᠤᠭ᠎ᠠ ᠤᠯᠠᠭᠠᠨ ᠨᠦᠬᠦᠷ ᠦᠨ ᠬᠠᠮᠳᠦ ᠯᠤᠨᠳᠤᠨ ᠳᠦ ᠪᠤᠯᠤᠭᠰᠠᠨ《ᠦᠪᠦᠷ ᠮᠤᠩᠭ᠋ᠤᠯ ᠦᠨ ᠰᠤᠶᠤᠯ ᠦᠨ ᠭᠠᠷᠠᠭ》 ᠦᠨ ᠠᠵᠢᠯᠯᠠᠭ᠎ᠠ ᠳᠦ ᠤᠷᠤᠯᠴᠠᠪᠠ᠃ᠮᠦᠨ ᠵᠢᠯ ᠦᠨ 6 ᠰᠠᠷ᠎ᠠ ᠳᠦ ᠷᠤᠮᠠ ᠬᠤᠳᠠ ᠳᠦ ᠪᠤᠯᠤᠭᠰᠠᠨ《ᠲᠤᠮᠳᠠᠳᠦ ᠤᠯᠤᠰ ᠦᠨ ᠤᠷᠠᠯᠢᠭ ᠦᠨ ᠨᠠᠢᠢᠷ 》ᠲᠦ ᠤᠷᠤᠯᠴᠠᠪᠠ᠃

2009ᠤᠨ ᠦ ᠤᠷᠢᠳ ᠬᠤᠵᠢᠳ ᠵᠢᠡᠷ ᠮᠤᠩᠭ᠋ᠤᠯ ᠦᠨᠳᠦᠰᠦᠲᠡᠨ ᠦ ᠬᠦᠭᠵᠢᠮ ᠦᠨ ᠪᠦᠯᠬᠦᠮ ᠦᠨ ᠬᠠᠮᠳᠤᠯᠢᠭ ᠨᠢ ᠠᠮᠸᠷᠢᠺᠡ ᠳᠦ ᠬᠤᠶᠠᠷᠲᠠ ᠬᠦᠷᠴᠦ 125 ᠲᠠᠯᠠᠪᠤᠷ ᠲᠤᠭᠤᠷᠢᠨ ᠲᠤᠭᠯᠠᠯᠲᠠ ᠭᠠᠷᠭᠠᠨ᠂ᠦᠨᠳᠦᠰᠦᠲᠡᠨ ᠦ ᠭᠠᠢᠢᠬᠠᠮᠰᠢᠭᠲᠦ ᠤᠷᠠᠯᠢᠭ ᠵᠢᠡᠨ ᠠᠮᠸᠷᠢᠺᠡ ᠲᠦᠮᠡᠨ ᠳᠦ ᠭᠠᠢᠢᠬᠠᠭᠤᠯᠤᠪᠠ᠃ ᠮᠦᠨ ᠵᠢᠯ ᠦᠨ ᠦᠨᠳᠦᠰᠦᠲᠡᠨ ᠦ ᠬᠦᠭᠵᠢᠮ ᠦᠨ ᠬᠠᠮᠳᠤᠯᠢᠭ ᠨᠢ ᠲᠡᠷᠢᠭᠦᠯᠦᠭᠴᠢ ᠬᠤ ᠵᠢᠨ ᠲᠤᠤ ᠵᠢᠨ ᠬᠠᠮᠳᠦ ᠤᠷᠤᠰ ᠲᠦ ᠠᠢᠢᠯᠠᠴᠢᠯᠠᠨ᠂ᠲᠤᠮᠳᠠᠳᠤ ᠤᠯᠤᠰ ᠦᠨ ᠨᠦᠬᠦᠷᠰᠡᠭ ᠬᠠᠷᠢᠴᠠᠭ᠎ᠠ ᠪᠠᠢᠢᠭᠤᠯᠤᠭᠳᠠᠭᠰᠠᠨ60 ᠵᠢᠯ ᠦᠨ ᠤᠢ ᠵᠢ ᠪᠡᠯᠬᠡᠯᠡᠬᠦ ᠲᠤᠭᠯᠠᠯᠲᠠ ᠳᠦ ᠤᠷᠤᠯᠴᠠᠪᠠ;2012ᠤᠨ ᠦ 10ᠰᠠᠷ᠎ᠠ ᠳᠦ᠂《2012 ᠤᠨ ᠦ ᠲᠤᠮᠳᠠᠳᠦ ᠵᠢᠨ ᠰᠤᠶᠤᠯ ᠦᠨ ᠨᠠᠢᠢᠷ᠎—ᠦᠪᠦᠷ ᠮᠤᠩᠭ᠋ᠤᠯ ᠦᠨ ᠰᠤᠶᠤᠯ ᠦᠨ ᠡᠳᠦᠷᠯᠢᠭ》 ᠦᠨ ᠠᠵᠢᠯᠯᠠᠭ᠎ᠠ ᠲᠤᠮᠳᠠ ᠲᠠᠭᠤᠤ ᠪᠦᠵᠢᠭ᠌ ᠵᠦᠴᠦᠬᠡ ᠵᠢᠨ ᠬᠦᠷᠢᠶᠡᠯᠡᠩ ᠵᠢᠨ ᠬᠢᠨ ᠲᠤᠸᠠ ᠤᠯᠤᠰ ᠲᠦ ᠠᠢᠢᠯᠠᠴᠢᠯᠠᠨ ᠲᠤᠭᠯᠠᠯᠳᠠ ᠭᠠᠷᠭᠠᠵᠠᠢ᠃

2013 ᠤᠨ ᠳᠦ ᠠᠹᠷᠢᠺᠠ ᠲᠢᠪ ᠦᠨ ᠮᠠᠤᠢᠷᠢᠲ᠋ᠢᠤᠰ ᠦᠨ ᠭᠠᠨᠳᠢ ᠲᠡᠭᠡᠳᠦ ᠰᠤᠷᠭᠠᠭᠤᠯᠢ ᠳᠦ ᠪᠤᠯᠤᠭᠰᠠᠨ《ᠲᠤᠮᠳᠠᠳᠦ ᠤᠯᠤᠰ•ᠦᠪᠦᠷ ᠮᠤᠩᠭ᠋ᠤᠯ ᠦᠨ ᠰᠤᠶᠤᠯ ᠦᠨ ᠭᠠᠷᠠᠭ》 ᠦᠨ ᠠᠵᠢᠯᠯᠠᠭ᠎ᠠ ᠲᠤᠮᠳᠠ ᠲᠠᠭᠤᠤ ᠪᠦᠵᠢᠭ᠌ ᠵᠦᠴᠦᠬᠡ ᠵᠢᠨ ᠬᠦᠷᠢᠶᠡᠯᠡᠩ ᠦᠨ ᠬᠢᠨ ᠭᠤᠴᠤ ᠰᠠᠢᠢᠬᠠᠨ 《ᠤᠷᠳᠤᠰ ᠪᠦᠵᠢᠭ᠌》ᠵᠢᠡᠷ ᠵᠢᠡᠨ ᠮᠤᠩᠭ᠋ᠤᠯ ᠦᠨᠳᠦᠰᠦᠲᠡᠨ ᠦ ᠰᠤᠶᠤᠯ ᠤᠷᠠᠯᠢᠭ ᠵᠠᠩ ᠵᠠᠩᠰᠢᠯ ᠢ ᠠᠹᠷᠢᠺᠡ ᠵᠢᠨ ᠠᠷᠠᠳ ᠲᠦᠮᠡᠨ ᠳᠦ  ᠭᠠᠢᠢᠬᠠᠭᠤᠯᠪᠠ;2013ᠤᠨ ᠦ 3 ᠰᠠᠷ᠎ᠠ ᠳᠦ ᠲᠠᠭᠤᠤ ᠪᠦᠵᠢᠭ᠌ ᠵᠦᠴᠦᠬᠡ ᠵᠢᠨ ᠬᠦᠷᠢᠶᠡᠯᠡᠩ ᠦᠨ ᠬᠢᠨ《ᠲᠠᠯ᠎ᠠ ᠨᠤᠲᠤᠭ ᠦᠨ ᠠᠶᠠᠯᠭᠤ—ᠮᠤᠷᠢᠨ ᠬᠤᠭᠤᠷ ᠦᠨ ᠰᠤᠩᠭ᠋ᠤᠳᠠᠭ ᠲᠤᠭᠯᠠᠯᠲᠠ》ᠪᠠᠨ ᠪᠡᠭᠡᠵᠢᠩ ᠳᠦ ᠶᠠᠪᠤᠭᠳᠠᠭᠤᠯᠵᠦ᠂ᠮᠤᠷᠢᠨ ᠬᠤᠭᠤᠷ ᠦᠨ ᠭᠠᠢᠢᠬᠠᠮᠰᠢᠭ ᠢ ᠨᠡᠢᠢᠰᠯᠡᠯ ᠦᠨ ᠤᠯᠠᠨ ᠲᠦᠮᠡᠨ ᠳᠦ ᠲᠠᠨᠢᠭᠤᠯᠪᠠ;7ᠰᠠᠷ᠎ᠠ ᠵᠢᠨ 1 ᠦ ᠡᠳᠦᠷ᠂ᠰᠢᠶᠠᠩᠭ᠋ᠠᠩ ᠡᠬᠡ ᠤᠯᠤᠰ ᠲᠦ ᠪᠠᠨ ᠪᠤᠴᠠᠨ ᠢᠷᠡᠭᠰᠡᠨ 16 ᠵᠢᠯ ᠦᠨ ᠤᠢ ᠵᠢᠨ ᠪᠠᠶᠠᠷ ᠲᠦ ᠵᠤᠷᠢᠭᠤᠯᠵᠦ᠂ᠲᠠᠭᠤᠤ ᠪᠦᠵᠢᠭ᠌ ᠵᠦᠴᠦᠬᠡ ᠵᠢᠨ ᠬᠦᠷᠢᠶᠡᠯᠡᠩ ᠦᠨ ᠬᠢᠨ《ᠠᠮᠤᠭᠤᠯᠠᠩᠲᠦ ᠲᠠᠯ᠎ᠠ ᠨᠤᠲᠤᠭ•ᠠᠵᠠ ᠵᠢᠷᠭᠠᠯᠲᠦ ᠰᠢᠶᠠᠩᠭ᠋ᠠᠩ》ᠬᠡᠮᠡᠬᠦ ᠲᠠᠭᠤᠤ ᠪᠦᠵᠢᠭ᠌ ᠦᠨ ᠲᠤᠰᠬᠠᠢ ᠦᠳᠡᠰᠢᠯᠡᠬᠡ ᠡᠷᠬᠢᠯᠡᠪᠡ᠃ᠲᠠᠭᠤᠤ ᠪᠦᠵᠢᠭ᠌ ᠵᠦᠴᠦᠬᠡ ᠵᠢᠨ ᠬᠦᠷᠢᠶᠡᠯᠡᠩ ᠦᠨ ᠬᠢᠨ ᠦ ᠵᠤᠬᠢᠶᠠᠨ ᠲᠤᠭᠯᠠᠭᠰᠠᠨ ᠮᠤᠩᠭ᠋ᠤᠯ ᠦᠨᠳᠦᠰᠦᠲᠡᠨ ᠦ ᠵᠠᠩ ᠦᠢᠯᠡ ᠵᠢᠨ ᠲᠠᠭᠤᠤ ᠬᠦᠭᠵᠢᠮᠲᠦ ᠵᠦᠴᠦᠬᠡ《ᠤᠪᠤᠭᠠᠨ ᠳᠡᠬᠢ ᠠᠭᠤᠯᠵᠠᠯᠲᠠ》ᠨᠢ ᠲᠤᠮᠳᠠᠳᠦ ᠤᠯᠤᠰ ᠦᠨ ᠴᠦᠬᠡᠨ ᠲᠤᠭᠠᠳᠦ ᠦᠨᠳᠦᠰᠦᠲᠡᠨ ᠦ ᠰᠢ ᠵᠦᠴᠦᠬᠡ ᠵᠢᠨ ᠬᠠᠮᠳᠤᠷᠠᠭᠰᠠᠨ ᠲᠤᠭᠯᠠᠯᠲᠠ ᠳᠦ ᠤᠷᠤᠯᠴᠠᠵᠠᠢ᠃

《ᠨᠠᠮ ᠦᠨ ᠤᠯᠠᠨ ᠲᠦᠮᠡᠨᠴᠢ ᠱᠤᠭᠤᠮ ᠦᠨ ᠲᠤᠬᠠᠢ ᠬᠦᠮᠦᠵᠢᠯ ᠪᠠ ᠦᠢᠯᠡᠳᠦᠯᠬᠡ ᠵᠢᠨ ᠠᠵᠢᠯᠯᠠᠭ᠎ᠠ》ᠲᠠᠢ ᠤᠶᠠᠯᠳᠤᠭᠤᠯᠤᠨ᠂ᠲᠠᠭᠤᠤ ᠪᠦᠵᠢᠭ᠌ ᠵᠦᠴᠦᠬᠡ ᠵᠢᠨ ᠬᠦᠷᠢᠶᠡᠯᠡᠩ ᠦᠨ ᠬᠢᠨ《ᠲᠠᠯ᠎ᠠ ᠨᠤᠲᠤᠭ ᠵᠢᠡᠨ ᠤᠶᠠᠩᠭ᠋ᠠᠯᠠᠨ᠂ᠲᠤᠮᠳᠠᠳᠦ ᠵᠢᠨ ᠬᠦᠰᠡᠯ ᠵᠢᠡᠨ ᠲᠠᠭᠤᠷᠢᠰᠤᠭᠤᠯᠤᠶ᠎ᠠ》ᠬᠡᠮᠡᠬᠦ ᠦᠪᠡᠷᠲᠡᠭᠡᠨ ᠵᠠᠰᠠᠬᠤ ᠤᠷᠤᠨ ᠦ ᠰᠢᠭᠤᠳ ᠬᠠᠷᠢᠶ᠎ᠠ ᠤᠷᠠᠯᠢᠭ ᠦᠨ ᠪᠦᠯᠬᠦᠮ ᠦᠨ ᠬᠢᠨ ᠦ ᠦᠨᠳᠦᠰᠦᠨ ᠱᠠᠰᠦᠨ ᠳᠦ ᠪᠠᠭᠤᠵᠦ ᠠᠷᠠᠳ ᠲᠦᠮᠡᠨ ᠳᠦ ᠠᠰᠢᠭ ᠬᠦᠷᠳᠡᠭᠡᠬᠦ ᠲᠤᠰᠬᠠᠢ ᠲᠤᠭᠯᠠᠯᠲᠠ ᠳᠦ ᠤᠷᠤᠯᠴᠠᠵᠠᠢ᠃

ᠲᠠᠭᠤᠤ ᠪᠦᠵᠢᠭ᠌ ᠵᠦᠴᠦᠬᠡ ᠵᠢᠨ ᠬᠦᠷᠢᠶᠡᠯᠡᠩ ᠦᠨ ᠬᠢᠨ ᠤᠢᠢᠷ᠎ᠠ ᠵᠢᠨ ᠵᠢᠯ ᠳᠦ ᠵᠤᠬᠢᠶᠠᠨ ᠪᠦᠳᠦᠭᠡᠭᠰᠡᠨ ᠦᠨᠳᠦᠰᠦᠲᠡᠨ ᠦ ᠪᠦᠵᠢᠭᠲᠦ ᠵᠦᠴᠦᠬᠡ《ᠨᠤᠭᠤᠨᠵᠠᠶᠠᠭ᠎ᠠ》᠂ᠦᠨᠳᠦᠰᠦᠲᠡᠨ ᠦ ᠨᠠᠢᠢᠷᠠᠯ ᠬᠦᠭᠵᠢᠮ ᠦᠨ ᠲᠤᠤᠯᠢ《ᠴᠢᠩᠬᠢᠰ ᠬᠠᠭᠠᠨ》᠂ᠨᠠᠢᠢᠷᠠᠯ ᠲᠠᠭᠤᠤ《ᠡᠭᠦᠯᠡᠨ ᠴᠡᠩᠬᠡᠷ ᠨᠤᠲᠤᠭ》᠂ᠪᠦᠵᠢᠭ᠌《ᠨᠠᠮᠠᠨᠴᠢᠯᠠᠯ》᠂《ᠠᠵᠠ ᠵᠢᠷᠭᠠᠯ ᠦᠨ ᠮᠠᠭᠲᠠᠭᠠᠯ》ᠵᠡᠷᠬᠡ ᠨᠢ ᠴᠦᠮ  ᠲᠠᠯ᠎ᠠ ᠨᠤᠲᠤᠭ ᠦᠨ ᠰᠤᠶᠤᠯ ᠤᠷᠠᠯᠢᠭ ᠦᠨ ᠮᠠᠨᠢ ᠰᠤᠳᠤᠨ ᠵᠦᠢᠯ ᠪᠤᠯᠬᠤ ᠨᠢ ᠵᠠᠢᠢᠯᠠᠰᠢ ᠦᠭᠡᠢ ᠶᠤᠮ᠃ᠦᠪᠦᠷ ᠮᠤᠩᠭ᠋ᠤᠯ ᠦᠨ ᠦᠪᠡᠷᠲᠡᠭᠡᠨ ᠵᠠᠰᠠᠬᠤ ᠤᠷᠤᠨ ᠦ ᠠᠵᠢᠯᠴᠢᠨ ᠦ ᠶᠡᠷᠦᠩᠬᠡᠢ ᠡᠪᠯᠡᠯ ᠡᠴᠡ ᠲᠠᠭᠤᠤ ᠪᠦᠵᠢᠭ᠌ ᠵᠦᠴᠦᠬᠡ ᠵᠢᠨ ᠬᠦᠷᠢᠶᠡᠯᠡᠩ ᠦᠨ ᠲᠠᠭᠤᠤ ᠪᠦᠵᠢᠭ᠌ ᠦᠨ ᠪᠦᠯᠬᠦᠮ ᠢ《ᠠᠵᠢᠯᠴᠢᠨ ᠦ ᠬᠤᠰᠢᠭᠤᠴᠢ》ᠪᠡᠷ  ᠦᠨᠡᠯᠡᠪᠡ;ᠮᠤᠩᠭ᠋ᠤᠯ  ᠦᠨᠳᠦᠰᠦᠲᠡᠨ ᠦ ᠵᠠᠯᠠᠭᠤᠴᠤᠳ ᠦᠨ ᠨᠠᠢᠢᠷᠠᠯ ᠲᠠᠭᠤᠤ ᠵᠢᠨ ᠪᠦᠯᠬᠦᠮ ᠨᠢ ᠭᠤᠷᠪᠠᠳᠤᠭᠠᠷ ᠤᠳᠠᠭᠠᠨ ᠦ《ᠬᠠᠳᠤᠨ ᠭᠤᠤᠯ ᠨᠠᠢᠢᠷᠠᠯ  ᠲᠠᠭᠤᠤ》 ᠵᠢᠨ ᠤᠷᠤᠯᠳᠤᠭᠠᠨ ᠳᠦ ᠭᠤᠷᠪᠠᠳᠤᠭᠠᠷ ᠲᠡᠰ ᠦᠨ ᠱᠠᠩᠨᠠᠯ ᠬᠦᠷᠳᠡᠪᠡ᠃

ᠤᠯᠠᠨ ᠵᠢᠯ ᠦᠨ ᠲᠤᠷᠰᠢ᠂ᠦᠪᠦᠷ ᠮᠤᠩᠭ᠋ᠤᠯ ᠦᠨ ᠲᠠᠭᠤᠤ ᠪᠦᠵᠢᠭ᠌ ᠵᠦᠴᠦᠬᠡ ᠵᠢᠨ ᠬᠦᠷᠢᠶᠡᠯᠡᠩ ᠦᠨ ᠬᠢᠨ ᠦᠨᠳᠦᠰᠦᠲᠡᠨ ᠦ ᠤᠷᠠᠯᠢᠭ ᠦᠨ ᠲᠠᠢᠢᠰᠠᠨ᠎ᠠ ᠭᠠᠪᠰᠢᠭᠠᠢᠢᠯᠠᠵᠦ᠂ᠦᠨᠳᠦᠰᠦᠲᠡᠨ ᠦ ᠰᠤᠳᠤᠨ ᠤᠷᠠᠯᠢᠭᠴᠢᠨ ᠢ ᠮᠠᠰᠢ ᠤᠯᠠᠨ ᠬᠦᠮᠦᠵᠢᠬᠦᠯᠦᠨ᠂ᠰᠤᠶᠤᠯ ᠦᠨ ᠴᠡᠴᠡᠭᠯᠡᠯᠲᠡ ᠪᠠ ᠭᠠᠳᠠᠭᠠᠳᠦ ᠬᠠᠷᠢᠯᠴᠠᠭ᠎ᠠ ᠳᠦ ᠢᠳᠡᠪᠬᠢᠲᠡᠢ ᠬᠤᠪᠢ ᠨᠡᠮᠡᠷᠢ ᠦᠵᠡᠭᠦᠯᠵᠦ᠂ᠨᠢᠭᠡᠨᠳᠡ ᠦᠨᠳᠦᠰᠦᠲᠡᠨ ᠦ ᠰᠤᠶᠤᠯ ᠤᠷᠠᠯᠢᠭ ᠵᠢᠡᠨ ᠤᠯᠠᠮᠵᠢᠯᠠᠨ᠂ᠦᠪᠦᠷ ᠮᠤᠩᠭ᠋ᠤᠯ ᠵᠢᠡᠨ ᠤᠬᠠᠭᠤᠯᠬᠤ ᠴᠢᠬᠤᠯᠠ ᠲᠠᠪᠴᠠᠩ ᠪᠤᠯᠵᠠᠢ᠃
ᠤᠷᠳᠤᠰ ᠪᠦᠵᠢᠭ᠌

ᠲᠠᠭᠤᠤ ᠪᠦᠵᠢᠭ᠌ ᠵᠦᠴᠦᠬᠡ ᠵᠢᠨ ᠬᠦᠷᠢᠶᠡᠯᠡᠩ ᠦᠨ ᠮᠤᠩᠭ᠋ᠤᠯ  ᠦᠨᠳᠦᠰᠦᠲᠡᠨ ᠦ ᠵᠠᠯᠠᠭᠤᠴᠤᠳ ᠦᠨ ᠨᠠᠢᠢᠷᠠᠯ ᠲᠠᠭᠤᠤ ᠵᠢᠨ ᠪᠦᠯᠬᠦᠮ ᠦᠨ ᠬᠢᠨ ᠠᠮᠸᠷᠢᠺᠡ ᠳᠦ

ᠲᠠᠭᠤᠤ ᠪᠦᠵᠢᠭ᠌ ᠵᠦᠴᠦᠬᠡ ᠵᠢᠨ ᠬᠦᠷᠢᠶᠡᠯᠡᠩ ᠦᠨ ᠬᠢᠨ ᠦᠨᠳᠦᠰᠦᠨ ᠱᠠᠳᠦᠨ ᠳᠦ  ᠲᠤᠭᠯᠠᠯᠲᠠ ᠭᠠᠷᠭᠠᠵᠦ ᠪᠠᠢᠢᠭ᠎ᠠ ᠨᠢ

ᠲᠠᠭᠤᠤ ᠪᠦᠵᠢᠭ᠌ ᠵᠦᠴᠦᠬᠡ ᠵᠢᠨ ᠬᠦᠷᠢᠶᠡᠯᠡᠩ ᠦᠨ ᠨᠠᠢᠢᠷᠠᠯ ᠬᠦᠭᠵᠢᠮ ᠦᠨ ᠪᠦᠯᠬᠦᠮ ᠦᠨ ᠬᠢᠨ ᠦᠨᠳᠦᠰᠦᠨ ᠱᠠᠳᠦᠨ ᠳᠦ ᠲᠤᠭᠯᠠᠯᠲᠠ ᠭᠠᠷᠭᠠᠵᠦ ᠪᠠᠢᠢᠭ᠎ᠠ ᠨᠢ

ᠲᠠᠭᠤᠤ ᠪᠦᠵᠢᠭ᠌ ᠵᠦᠴᠦᠬᠡ ᠵᠢᠨ ᠬᠦᠷᠢᠶᠡᠯᠡᠩ ᠦᠨ ᠬᠢᠨ ᠴᠡᠷᠢᠭ᠌ ᠠᠩᠬᠢ ᠵᠢ ᠲᠤᠬᠤᠨᠢᠭᠤᠯᠤᠨ ᠲᠤᠭᠯᠠᠯᠲᠠ ᠭᠠᠷᠭᠠᠵᠦ ᠪᠠᠢᠢᠭ᠎ᠠ ᠨᠢ

ᠪᠤᠯᠪᠠᠰᠤᠷᠠᠵᠦ ᠪᠠᠢᠢᠭ᠎ᠠ ᠨᠢ

ᠲᠠᠭᠤᠴᠢᠨ ᠠ᠍ ᠴᠢᠮᠡᠭ

《ᠠᠮᠤᠭᠤᠯᠠᠩᠲᠦ ᠲᠠᠯ᠎ᠠ ᠨᠤᠲᠤᠭ᠂ᠠᠵᠠ ᠵᠢᠷᠭᠠᠯᠲᠦ ᠰᠢᠶᠠᠩᠭ᠋ᠠᠩ》ᠬᠡᠮᠡᠬᠦ  ᠲᠤᠭᠯᠠᠯᠲᠠ ᠵᠢᠨ ᠲᠠᠷᠠᠭ᠎ᠠ ᠦᠪᠦᠷ ᠮᠤᠩᠭ᠋ᠤᠯ ᠬᠢᠭᠡᠳ ᠰᠢᠶᠠᠩᠭ᠋ᠠᠩ ᠦᠨ ᠡᠯ᠎ᠠ ᠡᠳᠡᠭᠡᠳ ᠦᠨ ᠤᠳᠤᠷᠢᠳᠤᠯᠭ᠎ᠠ ᠨᠠᠷ  ᠲᠤᠭᠯᠠᠭᠴᠢᠳ ᠦᠨ ᠬᠠᠮᠳᠦ ᠪᠠᠢᠢᠭ᠎ᠠ ᠨᠢ

《ᠬᠤᠨᠳᠠᠭ᠎ᠠ᠂ᠠᠶᠠᠭ᠎ᠠ᠂ᠰᠠᠪᠬ᠎ᠠ》ᠨᠢ2013ᠤᠨ ᠦ ᠲᠦᠪ ᠦᠨ ᠲᠸᠯᠸᠢᠰ ᠬᠤᠷᠢᠶᠠᠨ ᠦ ᠲᠤᠯᠤᠳᠤᠭᠠᠷ ᠬᠤᠭᠤᠴᠠᠭᠠᠨ ᠦ ᠪᠦᠬᠦ ᠤᠯᠤᠰ ᠦᠨ ᠲᠸᠯᠸᠢᠰ ᠪᠦᠵᠢᠭ᠌ ᠦᠨ ᠤᠷᠤᠯᠳᠤᠭᠠᠨ ᠳᠦ ᠠᠯᠲᠠᠨ ᠮᠸᠲ᠋ᠠᠯ ᠲᠤᠰᠴᠠᠢ

ᠲᠠᠭᠤᠤ ᠪᠦᠵᠢᠭ᠌ ᠵᠦᠴᠦᠬᠡ ᠵᠢᠨ ᠬᠦᠷᠢᠶᠡᠯᠡᠩ ᠦᠨ ᠲᠠᠭᠤᠴᠢᠳ

ᠮᠤᠷᠢᠨ ᠬᠤᠭᠤᠷᠴᠢᠨ ᠴᠢ᠋ ᠪᠤᠯᠠᠭ

《ᠠᠩᠴᠢᠨ》ᠬᠦᠬᠡᠮᠡᠢ ᠵᠢᠨ ᠬᠠᠮᠳᠤᠯᠢᠭ

《ᠤᠪᠤᠭᠠᠨ ᠳᠡᠬᠢ ᠠᠭᠤᠯᠵᠠᠯᠲᠠ》ᠬᠡᠮᠡᠬᠦ ᠮᠤᠩᠭ᠋ᠤᠯ ᠦᠨᠳᠦᠰᠦᠲᠡᠨ ᠦ ᠵᠠᠩ ᠦᠢᠯᠡ ᠵᠢᠨ ᠲᠠᠭᠤᠤ ᠬᠦᠭᠵᠢᠮᠲᠦ ᠵᠦᠴᠦᠬᠡ

ᠵᠤᠬᠢᠶᠠᠭᠴᠢ᠄ ᠬᠤᠤ ᠰᠢᠥᠢ ᠷᠦᠩ
ᠢᠷᠡᠯᠲᠡ᠄ ᠦᠨᠳᠦᠰᠦᠲᠡᠨ ᠦ ᠵᠢᠷᠤᠭᠲᠦ ᠰᠡᠳᠭᠦᠯ ᠦᠨ ᠬᠤᠷᠢᠶ᠎ᠠ
ᠬᠠᠷᠢᠶ᠎ᠠ᠄
ᠳᠠᠷᠤᠮ᠄ 363
ᠴᠠᠭ᠄ 2015 ᠤᠨ ᠤ 06 ᠰᠠᠷ᠎ᠠ ᠶᠢᠨ 12
ᠨᠠᠢ᠌ᠷᠠᠭᠤᠯᠤᠭᠴᠢ᠄ ᠰᠠᠴᠤᠷᠠᠯ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁