ᠵᠡᠯᠮ᠎ᠡ ᠬᠠᠷ᠎ᠠ ᠮᠤᠷᠢᠨ

            (ᠬᠦᠷᠡᠯ ᠤᠳᠤᠨ ᠱᠠᠩᠨᠠᠯᠳᠤ)


ᠵᠠᠮᠣᠬ᠎ᠠ ᠴᠢᠩᠬᠢᠰ ᠬᠣᠶᠠᠷ ᠤᠨ ᠨᠠᠭᠠᠳᠴᠣ ᠦᠰᠥᠭᠰᠡᠨ ᠨᠣᠳᠣᠭ

ᠵᠠᠪᠠ ᠰᠦᠪᠡᠬᠡᠳᠡᠢ ᠬᠣᠶᠠᠷ ᠤᠨ ᠪᠠᠢ᠌ᠯᠳᠣᠵᠣ ᠶᠠᠪᠣᠭᠰᠠᠨ ᠭᠠᠵᠠᠷ

ᠵᠠᠮᠢᠶᠠᠠᠮᠢᠳᠣᠭ ᠴᠡᠴᠡᠭ ᠤᠨ ᠣᠷᠭᠣᠵᠣ ᠪᠠᠢ᠌ᠳᠠᠭ ᠦᠨᠳᠥᠷ ᠲᠤ

ᠵᠠᠯᠮ᠎ᠠ ᠬᠠᠷ᠎ᠠ ᠮᠣᠷᠢᠨ ᠤ ᠠᠯᠳᠠᠨ ᠲᠣᠭᠣᠷᠠᠢ ᠶᠢᠨ ᠲᠠᠮᠠᠭ᠎ᠠ ᠪᠣᠢ


ᠵᠠᠭᠠᠷ ᠽᠠᠠᠳᠠᠨ ᠬᠣᠶᠠᠷ ᠤᠨ ᠣᠷᠭᠣᠵᠣ ᠪᠠᠢ᠌ᠳᠠᠭ ᠣᠷᠣᠨ

ᠵᠢᠭᠠᠰᠣ ᠰᠢᠪᠠᠭᠣ ᠬᠣᠶᠠᠷ ᠤᠨ ᠴᠠᠩᠬᠡᠵᠦ ᠶᠠᠪᠣᠳᠠᠭ ᠣᠰᠣᠨ

ᠵᠠᠪᠠᠭ ᠨᠠᠪᠳᠠᠯᠣᠨ ᠨᠠᠷᠠᠨ ᠡᠬᠡᠬᠡᠵᠦ ᠯᠠ ᠪᠠᠢ᠌ᠳᠠᠭ ᠭᠠᠵᠠᠷ ᠲᠤ

ᠵᠠᠯᠮ᠎ᠠ ᠬᠠᠷ᠎ᠠ ᠮᠣᠷᠢᠨ ᠤ ᠵᠠᠳᠠᠭᠠᠢ ᠬᠦᠯᠥᠰᠥᠨ ᠤ ᠦᠨᠥᠷ ᠪᠣᠢ


ᠲᠡᠭ᠍ᠷᠢ ᠭᠠᠵᠠᠷ ᠬᠣᠶᠠᠷ ᠤᠨ ᠡᠪᠯᠠᠵᠣ ᠨᠡᠢᠢᠯᠡᠭ᠍ᠰᠡᠨ ᠡᠥᠷᠴᠢᠯᠡᠨᠭ᠌

ᠲᠠᠮᠣᠵᠢᠨ ᠪᠡᠭ᠍ᠳᠡᠷ ᠬᠣᠶᠠᠷ ᠤᠨ ᠡᠠᠳᠠᠵᠣ ᠶᠠᠪᠣᠭᠰᠠᠨ ᠲᠡᠪᠢᠯᠡᠨᠭ᠌

ᠲᠡᠭ᠍ᠷᠢ ᠲᠣᠭᠣᠴᠢᠨ ᠭᠠᠵᠠᠷ ᠲᠤ ᠨᠢᠰᠴᠣ ᠡᠢᠷᠡᠭ᠍ᠰᠡᠨ ᠬᠦᠯᠥᠭ

ᠲᠠᠯᠠᠮᠠᠨ ᠲᠠᠯᠠᠮᠠᠨ ᠬᠦᠶᠥᠳᠡᠯ ᠲᠡᠶ ᠵᠠᠯᠮ᠎ᠠ ᠬᠠᠷ᠎ᠠ ᠮᠣᠷᠢ


ᠨᠠᠷᠠᠨ ᠰᠠᠷᠠᠨ ᠬᠣᠶᠠᠷ ᠤᠨ ᠡᠬᠡᠯᠵᠢᠯᠡᠵᠦ ᠲᠣᠭᠳᠠᠭᠰᠠᠨ ᠡᠥᠷᠴᠢᠯᠡᠨᠭ᠌

ᠨᠠᠰᠣᠨ ᠴᠢᠰᠣᠨ ᠬᠣᠶᠠᠷ ᠤᠨ ᠡᠷᠬᠢᠵᠣ ᠲᠥᠷᠣᠬᠥ ᠶᠢᠨ ᠵᠠᠶᠠᠭ᠎ᠠ

ᠨᠠᠢ᠌ᠷ ᠨᠠᠢ᠌ᠷ ᠤᠨ ᠮᠠᠩᠯᠠᠢ ᠳᠤ ᠠᠢ᠌ᠷᠠᠭ ᠲᠤ ᠪᠣᠯᠭᠠᠬᠣ ᠵᠤᠯᠠᠢ

ᠨᠠᠷᠢᠨ ᠬᠣᠩᠭ᠋ᠣᠷ ᠲᠠᠯ ᠲᠡᠶ ᠵᠠᠯᠮ᠎ᠠ ᠬᠠᠷ᠎ᠠ ᠮᠣᠷᠢ


ᠨᠠᠴᠢᠨ ᠱᠣᠩᠬᠣᠷ ᠬᠣᠶᠠᠷ ᠤᠨ ᠲᠠᠪᠢᠵᠣ ᠲᠡᠬᠥᠯᠢᠭ᠍ᠰᠡᠨ ᠲᠡᠭ᠍ᠷᠢ

ᠨᠠᠰᠣ ᠨᠠᠰᠣᠨ ᠤ ᠮᠣᠷᠢᠳ ᠶᠢᠠᠨ ᠲᠠᠯᠪᠢᠵᠣ ᠲᠠᠳᠠᠭᠰᠠᠨ ᠭᠠᠵᠠᠷ

ᠨᠠᠮᠣᠷ ᠬᠠᠪᠣᠷ ᠤᠨ ᠰᠢᠪᠠᠭᠣᠳ ᠤᠨ ᠡᠢᠷᠠᠵᠣ ᠪᠣᠴᠠᠭᠰᠠᠨ ᠦᠯᠣᠬᠡᠢ

ᠨᠠᠮᠣᠭᠣᠬᠠᠨ ᠴᠢᠬᠢᠷᠠᠭ ᠮᠣᠷᠢᠳ ᠤᠨ ᠣᠳᠣᠮ ᠪᠣᠯᠣᠭᠰᠠᠨ ᠠᠵᠢᠨᠠᠢ᠃


ᠵᠤᠬᠢᠶᠠᠭᠴᠢ ᠶᠢᠨ ᠬᠠᠶ‍ᠢᠭ᠄ ᠠᠪᠠᠭ᠎ᠠ ᠬᠣᠰᠢᠭᠣᠨ ᠤ ᠨᠠᠷᠠᠠᠪᠣᠯᠠᠭ ᠰᠣᠮᠣᠨ ᠤ ᠵᠢᠷᠭᠠᠯᠠᠩᠳᠣ ᠭᠠᠴᠠᠭ᠎ᠠ

ᠵᠤᠬᠢᠶᠠᠭᠴᠢ᠄ ᠠ᠊᠂ᠬᠦᠷᠡᠯ
ᠢᠷᠡᠯᠲᠡ᠄ ᠬ᠂ᠪᠦᠬᠡᠮᠨᠳᠤᠯ᠎ᠠ
ᠬᠠᠷᠢᠶ᠎ᠠ᠄
ᠳᠠᠷᠤᠮ᠄ 336
ᠴᠠᠭ᠄ 2015 ᠤᠨ ᠤ 05 ᠰᠠᠷ᠎ᠠ ᠶᠢᠨ 11
ᠨᠠᠢ᠌ᠷᠠᠭᠤᠯᠤᠭᠴᠢ᠄ ᠬᠦᠷᠡᠯᠳᠤᠭᠳᠠᠬᠤ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁