ᠮᠤᠩᠭ᠋ᠤᠯ ᠦᠨ ᠢᠳᠡᠭᠡᠨ ᠤᠮᠳᠠᠭᠠᠨ

ᠡᠷᠲᠡᠨ ᠡᠳᠦᠭᠡ ᠲᠤᠳᠤᠭᠠᠳᠦ ᠭᠠᠳᠠᠭᠠᠳᠦ ᠵᠢᠨ ᠰᠤᠩᠭ᠋ᠤᠳᠠᠭ ᠨᠤᠮ ᠪᠢᠴᠢᠭ᠌ ᠢ ᠰᠢᠬᠦᠨ ᠤᠩᠰᠢᠬᠤᠶ᠎ᠠ ᠬᠦᠨ ᠤᠬᠠᠭᠠᠨ ᠡᠴᠡ ᠤᠳᠬ᠎ᠠ ᠵᠤᠬᠢᠶᠠᠯ ᠬᠦᠷᠳᠡᠯ᠎ᠠ᠂ᠬᠡᠷ ᠦᠨ ᠰᠤᠷᠭᠠᠯ ᠡᠴᠡ ᠤᠯᠤᠰ ᠦᠨ ᠪᠤᠳᠤᠯᠭ᠎ᠠ ᠬᠦᠷᠳᠡᠯ᠎ᠠ ᠴᠦᠮ ᠠᠷᠪᠢᠴᠢ ᠭᠠᠮᠳᠠᠢ ᠠᠮᠢᠳᠤᠷᠠᠵᠦ᠂ᠠᠯᠢ ᠴᠢᠳᠠᠬᠤ ᠪᠡᠷ ᠡᠬᠡ ᠪᠠᠢᠢᠭᠠᠯᠢ ᠪᠠᠨ ᠬᠠᠢᠢᠷᠠᠲᠠᠢ ᠭᠠᠮᠲᠠᠢ ᠠᠰᠢᠭᠯᠠᠬᠤ ᠵᠢ ᠬᠦᠮᠦᠰ ᠲᠦ ᠬᠢᠴᠢᠶᠡᠯᠭᠡᠵᠦ᠂ᠰᠦᠢᠳᠭᠡᠨ ᠪᠦᠷᠢᠯᠭᠡᠬᠦ ᠪᠤᠯ ᠶᠠᠯ᠎ᠠ ᠨᠢᠭᠦᠯ᠂ᠢᠴᠢᠬᠦᠷᠢ ᠭᠤᠳᠤᠮᠰᠢᠭ ᠬᠡᠮᠡᠨ ᠰᠤᠷᠲᠠᠯᠴᠢᠯᠠᠵᠦ ᠪᠠᠢᠢᠳᠠᠭ᠃ᠬᠡᠳᠡᠯ᠎ᠠ ᠲᠡᠳᠡᠭᠡᠷ ᠶᠤᠰᠤ ᠰᠤᠷᠭᠠᠯ ᠢ ᠦᠨᠡᠨ ᠬᠦ ᠠᠮᠢᠳᠤᠷᠠᠯ ᠳᠦ ᠪᠠᠨ ᠪᠡᠶᠡᠯᠡᠬᠦᠯᠦᠨ᠎ᠠ ᠭᠡᠳᠡᠭ ᠨᠢ ᠮᠠᠰᠢ ᠬᠢᠯᠪᠠᠷ ᠪᠤᠰᠤ ᠭᠡᠳᠡᠭ ᠢ ᠪᠢᠳᠡ ᠡᠨᠡ ᠤᠳᠠᠭᠠᠨ ᠦ ᠠᠶᠠᠯᠠᠯ ᠡᠴᠡ ᠪᠠᠨ ᠭᠠᠳᠠᠷᠯᠠᠨ ᠮᠡᠳᠡᠭᠰᠡᠨ ᠪᠠᠢᠢᠳᠠᠭ ᠪᠢᠯᠡ᠃ᠮᠤᠩᠭ᠋ᠤᠯ ᠦᠨ ᠬᠦᠮᠦᠰ ᠦᠨ ᠠᠮᠢᠳᠤᠷᠠᠯ ᠳᠦ ᠪᠠᠨ ᠮᠠᠰᠢ ᠠᠷᠪᠢᠴᠢ ᠭᠠᠮᠳᠠᠢ᠂ᠲᠡᠭᠡᠬᠦ ᠮᠦᠷᠲᠡᠭᠡᠨ ᠲᠡᠷᠡ ᠠᠮᠢᠳᠤᠷᠠᠯ ᠡᠴᠡ ᠨᠢᠭᠡ ᠵᠦᠢᠯ ᠦᠨ ᠡᠷᠬᠢᠮᠰᠦᠭ ᠴᠡᠪᠡᠷ ᠠᠷᠢᠭᠤᠨ ᠠᠭᠤᠷ ᠠᠮᠢᠰᠬᠤᠯ ᠬᠠᠩᠬᠤᠯᠵᠦ ᠪᠠᠢᠢᠳᠠᠭ ᠪᠤᠯᠬᠤᠷ《ᠠᠷᠪᠢᠴᠢ ᠭᠠᠮᠳᠠᠢ》 ᠭᠡᠳᠡᠭ ᠨᠢ ᠲᠡᠭᠦᠯᠳᠡᠷ ᠬᠦᠴᠦᠨ ᠪᠤᠯᠤᠭᠰᠠᠨ ᠪᠠᠢᠢᠨ᠎ᠠ᠃

ᠭᠡᠵᠢᠶ᠎ᠠ ᠡᠴᠡ ᠶᠤᠮ ᠪᠤᠤ ᠮᠡᠳᠡ ᠮᠤᠩᠭ᠋ᠤᠯ ᠦᠨ ᠢᠳᠡᠭᠡᠨ ᠤᠮᠳᠠᠭᠠᠨ ᠳᠦ ᠡᠧᠤᠢᠷᠦᠫᠡ ᠵᠢᠨ ᠦᠨᠦᠷ ᠠᠮᠳᠠ ᠶᠡᠬᠡᠬᠡᠨ ᠤᠷᠤᠭᠰᠠᠨ ᠪᠠᠢᠢᠨ᠎ᠠ᠂ᠡᠰᠡᠭᠦᠯ᠎ᠠ ᠡᠧᠤᠢᠷᠦᠫᠡ ᠬᠤᠭᠤᠯᠠ ᠳᠦ ᠤᠤᠯ ᠡᠴᠡ ᠪᠠᠨ ᠶᠡᠬᠡ ᠨᠢ ᠤᠯᠠᠭᠠᠨ ᠢᠳᠡᠭᠡᠨ᠂ᠴᠠᠭᠠᠨ ᠢᠳᠡᠭᠡᠨ᠂ᠬᠢᠳᠤᠭ᠎ᠠ ᠰᠡᠷᠡᠬᠡ ᠵᠡᠷᠭᠡ ᠨᠡᠭᠦᠴᠡᠯᠴᠢᠨ ᠦᠨᠳᠦᠰᠦᠲᠡᠨ ᠦ ᠦᠩᠭᠡ ᠪᠤᠳᠤᠭ ᠲᠠᠢ ᠪᠠᠢᠢᠵᠠᠢ᠃

ᠮᠤᠩ᠋ᠭᠤᠯ ᠳᠦ ᠦᠬᠡᠷ ᠬᠤᠨᠢᠨ ᠮᠢᠬ᠎ᠠ ᠬᠤᠭᠤᠯᠠᠨ ᠰᠢᠷᠡᠭᠡᠨ ᠦ《ᠭᠤᠤᠯ ᠲᠦᠷᠢ》ᠪᠤᠯᠵᠦ ᠪᠠᠢᠢᠳᠠᠭ᠃ᠬᠡᠬᠦ ᠳᠦ ᠪᠠᠨ ᠬᠤᠳᠠ ᠵᠢᠨ ᠬᠢᠨ ᠡᠳᠦᠷ ᠲᠤᠳᠤᠮ ᠦᠨ ᠬᠤᠭᠤᠯᠠᠨ ᠳᠦ ᠪᠠᠨ ᠪᠦᠬᠦᠯᠢ ᠮᠢᠬ᠎ᠠ ᠵᠢ ᠪᠠᠷᠤᠭ ᠢᠳᠡᠳᠡᠭ ᠦᠭᠡᠢ᠂ᠡᠷᠬᠢᠮ ᠵᠤᠴᠢᠳ ᠵᠢᠡᠨ ᠬᠦᠯᠢᠶᠡᠨ ᠠᠪᠬᠤ ᠳᠦ ᠯᠡ ᠬᠤᠨᠢᠨ ᠪᠦᠬᠦᠯᠢ ᠭᠠᠷᠭᠠᠳᠠᠭ ᠠᠵᠠᠢ᠃ᠵᠤᠩᠬᠢᠯᠠᠬᠤ ᠲᠤᠬᠢᠶᠠᠯᠳᠤᠯ ᠳᠦ ᠦᠬᠡᠷ ᠬᠤᠨᠢᠨ ᠮᠢᠬ᠎ᠠ ᠪᠡᠷ ᠱᠦᠯᠦ ᠭᠠᠷᠭᠠᠬᠤ ᠪᠠ ᠨᠤᠭᠤᠭ᠎ᠠ ᠬᠠᠭᠤᠷᠴᠦ᠂ᠬᠦᠴᠢᠲᠡᠢ ᠦᠷᠭᠡᠰᠦᠲᠦ ᠬᠡᠮᠬᠡ᠂ᠴᠢᠨᠠᠭᠰᠠᠨ ᠲᠦᠮᠦᠰᠦ᠂ᠰᠢᠷ᠎ᠠ ᠯᠤᠤᠪᠠᠩ᠂ᠤᠷᠤᠰ ᠰᠤᠩᠬᠢᠨ᠎ᠠ ᠵᠡᠷᠬᠡ ᠲᠡᠢ ᠬᠤᠯᠢᠵᠦ ᠢᠳᠡᠳᠡᠭ᠃ᠬᠤᠭᠤᠯᠠ ᠪᠤᠯᠭᠠᠨ ᠳᠦ ᠪᠠᠨ ᠬᠡᠷᠴᠢᠭᠰᠡᠨ ᠲᠠᠯᠬ᠎ᠠ ᠳᠦ ᠰᠢᠷ᠎ᠠ ᠲᠤᠰᠤ᠂ᠵᠢᠮᠢᠰ ᠦᠨ ᠴᠢᠨᠠᠮᠠᠯ ᠵᠡᠷᠭᠡ ᠵᠢ ᠲᠦᠷᠬᠢᠵᠦ ᠢᠳᠡᠨ᠎ᠠ᠃ᠲᠤᠳᠤᠷᠭ᠎ᠠ ᠪᠤᠳᠠᠭ᠎ᠠ ᠲᠠᠢ ᠬᠠᠭᠤᠷᠭ᠎ᠠ ᠡᠴᠡ ᠭᠠᠳᠠᠨ᠎ᠠ ᠭᠤᠤᠯ ᠬᠤᠭᠤᠯᠠ ᠬᠡᠪᠡᠯ ᠪᠤᠤᠰᠠ᠂ᠬᠤᠤᠱᠤᠷ᠃ᠠᠢᠢᠯ ᠳᠦ ᠤᠷᠤᠭᠠᠨ ᠬᠡᠳᠦᠬᠡᠨ ᠮᠢᠨᠤᠢᠲ ᠰᠠᠭᠤᠭᠰᠠᠨ ᠴᠦ ᠴᠠᠢ᠂ᠲᠠᠯᠬ᠎ᠠ᠂ᠰᠢᠬᠢᠷ ᠪᠤᠭᠤᠷᠰᠤᠭ ᠵᠢᠡᠨ ᠭᠠᠷᠭᠠᠵᠦ ᠬᠠᠯᠠᠭᠤᠮᠰᠤᠭ ᠵᠤᠴᠢᠯᠠᠳᠠᠭ᠃ᠡᠩ ᠦᠨ ᠲᠤᠬᠢᠶᠠᠯᠳᠤᠯ ᠳᠦ ᠬᠤᠭᠤᠰᠤᠨ ᠵᠢᠡᠷ ᠠᠷᠢᠬᠢ ᠤᠤᠭᠤᠳᠠᠭ ᠦᠭᠡᠢ᠂ᠵᠢᠭᠠᠬᠠᠨ ᠶᠠᠭᠤᠮ᠎ᠠ ᠢᠳᠡᠭᠡᠳ ᠰᠠᠶᠢ ᠤᠤᠭᠤᠳᠠᠭ᠃ᠲᠦᠷᠦᠯ ᠵᠦᠢᠯ ᠤᠯᠠᠨ᠂ᠶᠠᠮᠪᠠ ᠯᠠᠷᠵᠢᠶ᠎ᠠ ᠲᠠᠢ ᠬᠤᠭᠤᠯᠠ ᠵᠢ ᠪᠤᠳᠤᠪᠠᠯ ᠮᠤᠩᠭ᠋ᠤᠯ ᠬᠤᠭᠤᠯᠠ ᠨᠡᠭᠡᠷᠡᠨ ᠬᠢᠯᠪᠡᠷ ᠲᠦᠭᠦᠮ ᠪᠤᠯᠪᠠᠴᠦ᠂ᠤᠴᠢᠷ ᠶᠤᠰᠤᠨ ᠢ ᠨᠢ ᠮᠦᠷᠳᠡᠨ ᠨᠢᠭ᠌ᠲᠠᠯᠠᠪᠠᠯ᠂ᠠᠮᠢᠳᠤᠷᠠᠯ ᠤᠷᠤᠰᠢᠯ ᠦᠨ ᠦᠵᠡᠯᠲᠡ᠂ᠦᠷᠳᠡᠭ ᠦᠨ ᠦᠵᠡᠯᠲᠡ᠂ᠡᠳ᠋ ᠬᠦᠷᠦᠩᠭᠡ ᠵᠢᠨ ᠦᠵᠡᠯᠲᠡ ᠲᠠᠢ ᠨᠢ ᠬᠤᠯᠪᠤᠭ᠎ᠠ ᠲᠠᠢ᠃

《ᠬᠤᠷᠬᠤᠭ》ᠪᠠ《ᠰᠢᠷᠠᠭᠰᠠᠨ ᠲᠠᠷᠪᠠᠭ᠎ᠠ》ᠭᠡᠪᠡᠯ ᠶᠠᠷᠢᠶᠠᠨ ᠦᠭᠡᠢ ᠴᠡᠪᠡᠷ ᠮᠤᠩᠭ᠋ᠤᠯ ᠬᠤᠭᠤᠯᠠ᠃

《ᠬᠤᠷᠬᠤᠭ》ᠬᠢᠬᠦ ᠬᠡᠳᠦᠨ ᠠᠷᠪᠠᠨ ᠯᠢᠲ᠋ᠷ ᠦᠨ ᠰᠦᠨ ᠰᠠᠪᠠ ᠳᠦ ᠪᠠᠨ ᠶᠠᠰᠦ ᠲᠠᠢ ᠢᠮᠠᠭᠠᠨ ᠮᠢᠬ᠎ᠠ ᠵᠢᠨ ᠤᠷᠤᠰ ᠰᠤᠩᠬᠢᠨ᠎ᠠ᠂ᠰᠢᠷ᠎ᠠ ᠯᠤᠤᠪᠠᠩ᠂ᠲᠦᠮᠦᠰᠦ᠂ᠲᠠᠪᠤᠰᠤ ᠵᠡᠷᠬᠡ ᠵᠢᠨ ᠬᠠᠮᠳᠦ ᠬᠢᠬᠦ ᠪᠦᠬᠡᠳ ᠤᠯᠠᠢᠢᠰᠤᠭᠰᠠᠨ  ᠦᠨᠳᠡᠭᠡᠨ ᠴᠢᠯᠠᠭᠤ ᠨᠤᠭᠤᠳ ᠬᠢᠵᠦ᠂ᠤᠰᠤ ᠨᠡᠮᠡᠯ ᠦᠭᠡᠢ ᠪᠡᠷ ᠰᠠᠪᠠ ᠪᠠᠨ ᠪᠢᠳᠡᠭᠦᠮᠵᠢᠯᠡᠵᠦ᠂ᠭᠠᠯ ᠲᠡᠭᠡᠷ᠎ᠠ ᠰᠢᠷᠠᠨ᠎ᠠ᠃ᠮᠢᠬ᠎ᠠ ᠨᠤᠭᠤᠭ᠎ᠠ ᠵᠢᠨ ᠠᠮᠳᠠ ᠨᠢ ᠠᠷᠢᠯᠤᠯ ᠦᠭᠡᠢ ᠬᠡᠪ ᠵᠢᠡᠷ ᠵᠢᠠᠨ ᠦᠯᠡᠳᠡᠳᠡᠭ᠃ᠲᠡᠭᠡᠭᠡᠳ ᠴᠠᠭ ᠬᠢᠷᠢ ᠵᠢᠨ ᠯᠡ ᠲᠤᠳᠤᠷ᠎ᠠ ᠦᠨᠦᠷ ᠬᠠᠩᠬᠤᠯᠤᠭᠤᠯᠤᠭᠰᠠᠨ ᠬᠤᠭᠤᠯᠠ ᠪᠤᠯᠳᠠᠭ᠃ᠲᠠᠷᠪᠠᠭ᠎ᠠ ᠰᠢᠷᠠᠬᠤ ᠳᠦ ᠲᠦᠷᠪᠡᠨ ᠮᠦᠴᠢ ᠪᠠ ᠮᠢᠬ᠎ᠠ ᠬᠢᠭ᠍ᠰᠡᠨ ᠰᠦᠪᠡ ᠵᠢ ᠪᠢᠳᠡᠭᠦᠮᠵᠢᠯᠡᠨ᠎ᠠ᠃ᠲᠤᠳᠤᠷ᠎ᠠ ᠨᠢ ᠮᠦᠨ ᠤᠯᠠᠢᠢᠰᠤᠭᠰᠠᠨ ᠦᠨᠳᠡᠭᠡᠨ ᠴᠢᠯᠠᠭᠤᠳ ᠪᠠ ᠬᠡᠷᠴᠢᠭᠰᠡᠨ ᠮᠢᠬ᠎ᠠ ᠬᠢᠬᠦ ᠪᠦᠬᠡᠳ ᠭᠠᠳᠠᠨ᠎ᠠ ᠡᠴᠡ ᠨᠢ ᠢᠯᠡ ᠭᠠᠯ ᠵᠢᠡᠷ ᠰᠢᠷᠠᠵᠦ᠂ᠦᠪᠡᠷᠮᠢᠴᠠ ᠰᠠᠢᠢᠬᠠᠨ ᠠᠮᠳᠠᠲᠠᠢ ᠬᠤᠭᠤᠯᠠ ᠪᠤᠯᠭᠠᠨ᠎ᠠ᠃ᠮᠢᠬ᠎ᠠ ᠪᠠ ᠨᠤᠭᠤᠭ᠎ᠠ ᠪᠠᠨ ᠢᠮᠠᠭᠠᠨ ᠦ ᠪᠢᠳᠡᠬᠦᠦ ᠠᠷᠠᠰᠤᠨ ᠳᠦ ᠬᠢᠵᠦ ᠰᠢᠷᠠᠵᠦ ᠢᠳᠡᠬᠦ ᠪᠤᠭᠤᠳᠠᠭ ᠨᠢ ᠤᠯᠠᠮᠵᠢᠯᠠᠯᠲᠦ ᠨᠡᠭᠦᠳᠡᠯ ᠠᠮᠢᠳᠤᠷᠠᠯ ᠡᠴᠡ ᠡᠬᠢ ᠰᠤᠷᠪᠤᠯᠵᠢ ᠲᠠᠢ ᠃ᠶᠠᠮᠠᠷ ᠴᠦ ᠲᠤᠭᠤᠭ᠎ᠠ ᠰᠠᠪᠠ ᠠᠶᠠᠭ᠎ᠠ ᠰᠢᠨᠠᠭ᠎ᠠ ᠦᠭᠡᠢ ᠴᠦ ᠭᠡᠰᠡᠨ᠂ᠠᠮᠳᠠᠳᠦ ᠬᠠᠯᠠᠭᠤᠨ ᠬᠤᠭᠤᠯᠠ ᠬᠢᠴᠢᠬᠡᠳᠡᠭ ᠡᠢᠢᠮᠦᠷᠬᠦᠦ ᠠᠷᠭ᠎ᠠ ᠤᠳᠤ ᠦᠪᠦᠷ ᠮᠤᠩᠭ᠋ᠤᠯ ᠳᠦ ᠪᠠᠷᠤᠭ ᠬᠠᠷᠠᠭᠳᠠᠬᠤ ᠦᠭᠡᠢ ᠪᠤᠯᠵᠠᠢ᠃

ᠮᠤᠩᠭ᠋ᠤᠯ ᠦᠨ ᠤᠮᠳᠠᠭ᠎ᠠ ᠵᠢᠨ ᠲᠤᠬᠠᠢ  ᠭᠡᠪᠡᠯ᠂ᠤᠯᠠᠮᠵᠢᠯᠠᠯᠲᠦ ᠰᠦ᠋ ᠲᠠᠢ ᠴᠠᠢ᠂ᠲᠡᠯᠡᠬᠡᠢ ᠵᠢᠨ ᠡᠯ᠎ᠠ ᠤᠷᠤᠨ ᠨᠤᠭᠤᠳ ᠲᠦ ᠭᠠᠷᠤᠯᠲᠠ ᠲᠠᠢ ᠬᠠᠷ᠎ᠠ ᠴᠠᠢ᠂ᠨᠤᠭᠤᠭᠠᠨ ᠴᠠᠢ᠂ᠰᠢᠷ᠎ᠠ ᠴᠠᠢ ᠵᠢᠴᠢ ᠡᠯᠳᠡᠪ ᠮᠤᠤᠳ᠋ ᠦᠨ ᠤᠮᠳᠠᠭᠠᠨ ᠨᠤᠭᠤᠳ ᠬᠠᠮᠢᠭ᠎ᠠ ᠨᠢ ᠴᠦ ᠪᠦᠷ ᠪᠠᠢᠢᠨ᠎ᠠ᠃ᠪᠤᠰᠤᠳ ᠮᠤᠩᠭ᠋ᠤᠯ ᠨᠤᠲᠤᠭ ᠯᠤᠭ᠎ᠠ ᠬᠠᠷᠢᠴᠠᠭᠤᠯᠬᠤ ᠳᠦ᠂ᠮᠤᠩᠭ᠋ᠤᠯ ᠤᠯᠤᠰ ᠦᠨ ᠬᠡᠬᠦᠦ ᠵᠢᠨ ᠰᠦ᠋ ᠵᠢᠨ ᠭᠠᠷᠤᠯᠲᠠ ᠴᠢᠨᠠᠷ ᠠᠯᠢᠬᠠᠨ ᠲᠠᠯ᠎ᠠ ᠪᠡᠷ ᠵᠢᠡᠨ ᠪᠦᠷ ᠲᠠᠪᠠᠭᠤᠯᠢᠭ᠃ᠬᠦᠳᠡᠭᠡ ᠪᠡᠷ ᠶᠠᠪᠤᠵᠦ ᠪᠠᠢᠢᠬᠤ ᠳᠦ ᠵᠠᠮ ᠦᠨ ᠵᠠᠬ᠎ᠠ ᠪᠡᠷ ᠠᠢᠢᠷᠠᠭ ᠦᠨ ᠵᠠᠷ ᠪᠠᠢᠢᠩ᠋ᠭᠤ ᠬᠠᠷᠠᠭᠳᠠᠨ᠎ᠠ᠂ᠦᠨ᠎ᠠ ᠨᠢ ᠨᠢᠭᠡ ᠺᠢᠯᠤᠭ᠍ᠷᠠᠮ ᠳᠦ ᠪᠠᠨ ᠶᠤᠸᠠᠨ ᠵᠢᠡᠷ ᠪᠠᠷᠤᠭ10ᠲᠦᠭᠦᠷᠢᠭ᠌᠃ᠭᠡᠬᠦᠦ ᠵᠢᠨ ᠰᠦᠨ ᠦ ᠭᠠᠷᠤᠯᠲᠠ ᠪᠠᠭ᠎ᠠ᠂ᠨᠢᠭᠡ ᠭᠡᠬᠦᠦ ᠡᠴᠡ ᠡᠳᠦᠷ ᠲᠦ 5ᠡᠴᠡ6ᠵᠢᠩ ᠯᠡ ᠭᠠᠷᠬᠤ ᠪᠦᠬᠡᠳ6ᠡᠴᠡ8ᠰᠠᠷ᠎ᠠ ᠳᠦ ᠯᠡ ᠭᠠᠷᠤᠨ᠎ᠠ᠃ᠦᠪᠦᠷ ᠮᠤᠩᠭ᠋ᠤᠯ ᠳᠦ ᠠᠳᠠᠯᠢᠬᠠᠨ ᠬᠤᠭᠤᠴᠠᠭᠠᠨ ᠳᠦ ᠨᠢᠭᠡ ᠺᠢᠯᠤᠭ᠍ᠷᠠᠮ ᠳᠦ100 ᠲᠦᠭᠦᠷᠢᠭ᠌ ᠡᠴᠡ ᠴᠦ ᠦᠨᠡᠲᠡᠢ ᠪᠡᠷ ᠵᠠᠷᠤᠳᠠᠭ᠃

ᠠᠷᠢᠬᠢ ᠶᠡᠬᠡ ᠴᠢᠬᠤᠯᠠ ᠤᠮᠳᠠᠭ᠎ᠠ ᠪᠤᠯᠪᠠᠴᠦ ᠬᠦᠭ᠌  ᠭᠡᠮᠵᠢᠶ᠎ᠠ ᠦᠭᠡᠢ ᠤᠤᠭᠤᠬᠤ ᠵᠢ ᠴᠡᠭᠡᠷᠯᠡᠳᠡᠭ᠃ᠬᠠᠮᠢᠭ᠎ᠠ ᠠᠷᠢᠬᠢ ᠤᠤᠭᠤᠭᠰᠠᠨ ᠴᠦ ᠭᠠᠵᠠᠷ ᠲᠡᠭᠷᠢ ᠡᠪᠦᠭᠡ ᠲᠡᠭᠡᠳᠦᠰ ᠲᠦ ᠪᠠᠨ ᠲᠡᠭᠡᠵᠢ ᠵᠢ ᠨᠢ ᠡᠷᠭᠦᠵᠦ᠂ᠠᠷᠢᠬᠢ ᠪᠠᠷᠢᠭᠰᠠᠨ ᠬᠦᠮᠦᠨ ᠳᠦ ᠪᠠᠶᠠᠷᠯᠠᠵᠦ ᠲᠡᠯᠡᠷᠬᠠᠭᠰᠠᠨ ᠰᠡᠳᠭᠢᠯᠬᠡ ᠪᠠᠨ ᠢᠯᠡᠳᠭᠡᠭᠡᠳ ᠰᠠᠶᠢ ᠤᠤᠭᠤᠳᠠᠭ᠃ᠮᠤᠩᠭ᠋ᠤᠯ ᠤᠯᠤᠰ ᠲᠦ ᠬᠠᠷ᠎ᠠ ᠠᠷᠢᠬᠢ᠂ᠦᠵᠦᠮ ᠦᠨ ᠠᠷᠢᠬᠢ᠂ᠫᠢᠸᠤ᠋ ᠵᠢ ᠪᠦᠷ ᠦᠢᠯᠡᠳᠪᠦᠷᠢᠯᠡᠳᠡᠭ ᠪᠦᠬᠡᠳ ᠠᠷᠢᠬᠢᠨ ᠦ ᠵᠦᠢᠯ ᠳᠦ ᠮᠠᠰᠢ ᠴᠢᠩᠭ᠋᠎ᠠ ᠬᠠᠮᠢᠶᠠᠷᠤᠯᠲᠠ ᠲᠠᠢ᠃ᠨᠢᠭᠡ ᠤᠳᠠᠭ᠎ᠠ  ᠪᠢ ᠤᠯᠠᠭᠠᠨᠪᠠᠭᠠᠳᠤᠷ ᠦᠨ ᠨᠢᠭᠡ ᠬᠤᠷᠢᠶᠠᠯᠠᠯ ᠦᠨ ᠵᠢᠵᠢᠭ᠌ ᠲᠡᠯᠭᠡᠭᠦᠷ ᠡᠴᠡ ᠠᠷᠢᠬᠢ ᠠᠪᠬᠤ ᠬᠡᠬᠦ ᠳᠦ《ᠵᠦᠪᠰᠢᠶᠡᠷᠡᠭᠰᠡᠨ ᠬᠡᠷᠡᠴᠢᠯᠡᠭᠡ ᠪᠠᠢᠢᠬᠤ ᠦᠭᠡᠢ》ᠭᠡᠰᠡᠨ ᠪᠠᠢᠢᠪᠠ᠃ᠦᠭᠡᠷ᠎ᠠ ᠪᠡᠷ ᠬᠡᠯᠡᠪᠡᠯ ᠡᠨᠡ ᠲᠡᠯᠬᠡᠬᠦᠷ ᠨᠢ ᠤᠷᠤᠨ ᠰᠠᠭᠤᠴᠠ ᠵᠢᠨ ᠲᠤᠭᠤᠷᠢᠭ ᠲᠦ ᠪᠠᠢᠢᠵᠦ᠂ᠠᠷᠢᠬᠢ ᠵᠠᠷᠤᠪᠠᠯ ᠬᠡᠥᠬᠡᠳ ᠪᠠᠭᠠᠴᠤᠳ ᠢ ᠪᠤᠷᠤᠭᠤ ᠬᠦᠳᠦᠯᠬᠦ᠂ᠰᠠᠭᠤᠭᠠᠯᠢ ᠠᠷᠠᠳ ᠦᠨ ᠠᠮᠢᠳᠤᠷᠠᠯ ᠢ ᠲᠦᠢᠪᠡᠬᠡᠬᠦ ᠪᠤᠯᠤᠮᠵᠢᠲᠠᠢ ᠲᠤᠯᠠ ᠵᠦᠪᠬᠡᠨ ᠵᠦᠬᠡᠯᠡᠨ ᠤᠮᠳᠠᠭ᠎ᠠ ᠪᠤᠤᠪᠤ ᠪᠤᠭᠤᠷᠰᠤᠭ ᠵᠠᠷᠤᠵᠦ ᠪᠤᠯᠳᠠᠭ ᠠᠵᠠᠢ᠃

ᠮᠤᠩᠭ᠋ᠤᠯ ᠤᠯᠤᠰ ᠦᠨ ᠠᠷᠢᠬᠢᠨ ᠯᠤᠩᠬᠤᠨ ᠦ ᠵᠢᠷᠤᠭ ᠴᠢᠮᠡᠭᠯᠡᠯ ᠶᠡᠬᠡ ᠭᠤᠶᠤ᠂ᠴᠢᠩᠬᠢᠰ᠂ᠬᠤᠪᠢᠯᠠᠢ ᠵᠢᠨ ᠬᠦᠷᠦᠭ ᠵᠢᠷᠤᠭ ᠲᠠᠢ ᠨᠢ ᠤᠯᠠᠨ ᠪᠦᠬᠡᠳ ᠵᠠᠷᠢᠮ ᠳᠦ ᠪᠠᠨ ᠪᠠᠰᠠ《ᠮᠤᠩᠭ᠋ᠤᠯ ᠦᠨ ᠨᠢᠭᠤᠴᠠ ᠲᠤᠪᠴᠢᠶᠠᠨ》 ᠦ ᠦᠯᠢᠬᠡᠷ ᠦᠢᠯᠡ ᠶᠠᠪᠤᠳᠠᠯ ᠢ ᠲᠠᠷᠤᠮᠯᠠᠨ ᠪᠢᠴᠢᠭᠰᠡᠨ ᠪᠤᠯᠬᠤᠷ ᠨᠠᠢᠢᠷ ᠬᠤᠷᠢᠮ ᠢ ᠲᠤᠤᠯᠢᠰᠠᠯᠢᠭ ᠠᠭᠤᠷ ᠠᠮᠢᠰᠬᠤᠯ ᠵᠢᠡᠷ ᠲᠦᠭᠦᠷᠭᠡᠳᠡᠭ᠃ᠮᠡᠳᠡᠭᠡᠵᠢ ᠠᠷᠢᠬᠢᠨ ᠦ ᠬᠠᠯᠠᠭᠤᠨ ᠢ ᠲᠠᠭᠠᠯᠳᠤᠨ ᠠᠶ᠎ᠠ ᠲᠠᠭᠤᠤ ᠠᠶᠠᠨᠳᠠᠭᠠᠨ ᠡᠭᠦᠰᠦᠨ᠎ᠠ᠃ᠬᠤᠭᠤᠯᠠ ᠨᠠᠢᠢᠷ ᠪᠤᠯᠭᠠᠨ ᠳᠦ ᠲᠠᠭᠤᠤ ᠯᠠᠪ ᠲᠠᠰᠤᠷᠠᠬᠤ ᠦᠭᠡᠢ᠃ᠬᠦᠮᠦᠨ ᠪᠤᠯᠭᠠᠨ ᠪᠦᠷ ᠲᠠᠭᠤᠴᠢᠨ᠂ᠪᠠᠰᠠ ᠰᠢᠯᠦᠭᠴᠢᠨ—ᠮᠠᠨ ᠲᠠᠢ ᠬᠠᠮᠳᠦ ᠶᠠᠪᠤᠭᠰᠠᠨ ᠮᠠᠰᠢᠨ ᠦ ᠵᠠᠰᠠᠪᠤᠷᠢᠴᠢᠨ ᠲᠤᠤᠯᠢ ᠨᠠᠢᠢᠷᠠᠭᠯᠠᠯ ᠢ ᠶᠡᠬᠡ ᠤᠯᠠᠨ ᠴᠡᠭᠡᠵᠢᠯᠡᠭᠰᠡᠨ ᠪᠠᠢᠢᠳᠠᠭ᠃ᠬᠦᠳᠡᠭᠡ ᠦᠵᠡᠮᠵᠢ ᠲᠤᠬᠢᠶᠠᠯᠳᠤᠬᠤ ᠪᠦᠷᠢ ᠮᠤᠩᠭ᠋ᠤᠯᠴᠤᠳ ᠮᠠᠭᠲᠠᠭᠠᠯ ᠪᠠ ᠲᠠᠭᠤᠤ ᠪᠠᠨ ᠡᠷᠭᠦᠳᠡᠭ᠂ᠠᠭᠤᠯᠠ ᠤᠰᠤᠨ ᠳᠦ ᠪᠠᠨ ᠲᠤᠬᠢᠷᠠᠭᠰᠠᠨ ᠤᠶᠠᠩᠭ᠋᠎ᠠ ᠲᠠᠭᠤᠤ ᠪᠡᠷ ᠶᠡᠷᠦ ᠡᠴᠡ ᠲᠤᠳᠠᠳᠠᠭ ᠦᠭᠡᠢ᠃ᠲᠡᠭᠡᠬᠦ ᠪᠡᠷ ᠵᠢᠡᠨ ᠨᠠᠢᠢᠷ ᠴᠤᠭᠯᠠᠭᠠᠨ ᠳᠦ ᠨᠢ ᠬᠡᠳᠦᠨ ᠲᠠᠭᠤᠤ ᠪᠡᠯᠡᠳᠭᠡᠵᠦ ᠤᠷᠤᠯᠴᠠᠬᠤ ᠦᠭᠡᠢ ᠪᠤᠯ《ᠢᠴᠢᠬᠡᠪᠳᠦᠷ》ᠬᠡᠷᠡᠭ ᠪᠤᠯᠳᠠᠭ᠃

ᠤᠯᠠᠭᠠᠨᠪᠠᠭᠠᠳᠤᠷ ᠵᠡᠷᠭᠡ ᠵᠢᠨ ᠶᠡᠬᠡ ᠬᠤᠳᠠ ᠨᠤᠭᠤᠳ ᠲᠦ ᠡᠧᠤᠢᠷᠦᠫᠡ ᠬᠤᠭᠤᠯᠠ᠂ᠶᠠᠫᠤᠨ ᠬᠤᠭᠤᠯᠠ᠂ᠬᠢᠳᠠᠳ ᠬᠤᠭᠤᠯᠠ ᠵᠢᠨ ᠭᠠᠵᠠᠷ ᠦᠳ ᠠᠵᠢᠯᠯᠠᠳᠠᠭ᠃ᠮᠠᠨ ᠦ ᠮᠤᠩᠭ᠋ᠤᠯ ᠦᠨ 《ᠢᠳᠡᠭᠡᠨ》ᠬᠢᠵᠦ ᠪᠠᠢᠢᠭ᠎ᠠ ᠨᠢ ᠡᠩ ᠦᠨ ᠬᠡᠷᠡᠭᠯᠡᠬᠡ ᠵᠢᠨ᠂ᠦᠨᠳᠦᠰᠦᠲᠡᠨ ᠦ ᠤᠨᠴᠠᠯᠢᠭ ᠲᠠᠢ ᠬᠡᠰᠡᠭ ᠢ ᠨᠢ ᠬᠡᠯᠡᠵᠦ ᠪᠠᠢᠢᠭ᠎ᠠ ᠶᠤᠮ᠃ᠵᠢᠱᠢᠶᠡᠯᠡᠬᠦ ᠳᠦ᠂ᠬᠦᠳᠡᠭᠡ ᠬᠤᠳᠠ  ᠭᠡᠰᠡᠨ ᠦᠭᠡᠢ᠂ᠬᠡᠷ ᠲᠦ ᠪᠠᠨ ᠴᠦ ᠬᠡᠰᠡᠨ ᠪᠤᠤᠰᠠ ᠭᠡᠪᠡᠯ ᠬᠠᠮᠤᠭ ᠦᠨ ᠠᠮᠳᠠᠳᠦ ᠢᠳᠡᠭᠡᠨ᠂ᠡᠭᠦᠨ ᠡᠴᠡ ᠭᠠᠳᠠᠨ᠎ᠠ ᠪᠠᠰᠠ ᠬᠤᠤᠱᠤᠤᠷ ᠵᠡᠷᠭᠡ ᠴᠦ ᠪᠤᠢ᠃ᠮᠤᠩᠭ᠋ᠤᠯᠴᠤᠳ ᠨᠠᠢᠢᠷ ᠦᠨ ᠦᠶ᠎ᠠ ᠪᠡᠷ ᠬᠤᠤᠱᠤᠤᠷ ᠢᠳᠡᠪᠡᠯ ᠠᠵᠠ ᠪᠤᠶᠠᠨ ᠳᠦ ᠢᠪᠡᠭᠡᠭᠳᠡᠨ᠎ᠠ ᠭᠡᠮᠡᠨ ᠦᠵᠡᠳᠡᠭ᠃

ᠮᠠᠨ ᠦ ᠬᠢᠨ ᠴᠦ ᠠᠷᠪᠢᠯᠠᠨ ᠭᠠᠮᠨᠠᠬᠤ ᠵᠢ ᠤᠷᠢᠶᠠᠯᠠᠭᠰᠠᠭᠠᠷ ᠪᠠᠢᠢᠨ᠎ᠠ᠃ᠮᠡᠳᠡᠭᠡᠵᠢ᠂ᠦᠨᠡᠨ ᠶᠤᠰᠤ ᠪᠤᠷᠤᠭᠵᠢᠭᠤᠨ᠂ᠦᠢᠯᠡᠳᠦᠯᠭᠡᠵᠢᠬᠦᠯᠬᠦ ᠨᠢ ᠯᠡ ᠶᠠᠭᠤᠨ ᠡᠴᠡ ᠴᠦ ᠴᠢᠬᠤᠯᠠ ᠪᠢᠯᠡ᠃ᠨᠠᠢᠢᠷ ᠦᠨ ᠡᠳᠦᠷ ᠦᠨ ᠬᠤᠭᠤᠯᠠᠨ ᠰᠢᠷᠡᠭᠡᠨ ᠦ ᠭᠤᠤᠯ ᠳᠦ ᠪᠠᠢᠢᠳᠠᠭ ᠤᠯᠠ ᠪᠤᠤᠪᠤ

ᠪᠤᠤᠰᠠ ᠪᠠᠷᠢᠨ᠎ᠠ

ᠤᠷᠬᠤᠨ ᠦ ᠤᠳᠤᠭᠰᠠᠨ ᠵᠢᠭᠠᠰᠦ

ᠬᠤᠨᠢᠨ ᠮᠢᠬ᠎ᠠ ᠴᠢᠨᠠᠨ᠎ᠠ

ᠲᠠᠷᠪᠠᠭ᠎ᠠ ᠰᠢᠷᠠᠨ᠎ᠠ

ᠰᠢᠷᠠᠭᠰᠠᠨ ᠲᠠᠷᠪᠠᠭ᠎ᠠ

ᠬᠤᠷᠬᠤᠭ ᠬᠢᠨ᠎ᠠ

ᠠᠢᠢᠷᠠᠭ ᠵᠠᠷᠤᠬᠤ ᠦᠬᠢᠨ

ᠠᠢᠢᠷᠠᠭ ᠦᠨ ᠵᠠᠷ

ᠠᠢᠢᠷᠠᠭ ᠦᠨ ᠵᠠᠷ

ᠰᠦᠨ ᠲᠡᠷᠭᠡ

ᠠᠷᠢᠬᠢᠨ ᠦ ᠲᠡᠭᠡᠵᠢ ᠪᠠᠨ ᠲᠡᠭᠷᠢ ᠳᠦ ᠡᠷᠭᠦᠨ᠎ᠠ

ᠮᠤᠩᠭ᠋ᠤᠯ ᠦᠨ ᠢᠳᠡᠭᠡᠨ

ᠨᠠᠭᠠᠳᠤᠮ ᠪᠤᠯᠬᠤ ᠪᠡᠷ ᠨᠢ ᠠᠵᠠ ᠪᠤᠶᠠᠨ ᠠᠪᠴᠢᠷᠠᠳᠠᠭ ᠬᠤᠤᠱᠤᠷ ᠵᠢᠡᠨ ᠢᠳᠡᠨ᠎ᠠ

ᠱᠦᠯᠦ ᠲᠠᠢ ᠪᠠᠩᠰᠢ
ᠵᠤᠬᠢᠶᠠᠭᠴᠢ᠄ ᠪᠠᠶᠠᠷ
ᠢᠷᠡᠯᠲᠡ᠄ ᠦᠨᠳᠦᠰᠦᠲᠡᠨ ᠦ ᠵᠢᠷᠤᠭᠲᠦ ᠰᠡᠳᠭᠦᠯ ᠦᠨ ᠬᠤᠷᠢᠶ᠎ᠠ
ᠬᠠᠷᠢᠶ᠎ᠠ᠄ ᠦᠨᠳᠦᠰᠦᠲᠡᠨ ᠤ ᠵᠢᠷᠤᠭᠲᠤ ᠰᠡᠳᠬᠦᠯ
ᠳᠠᠷᠤᠮ᠄ 601
ᠴᠠᠭ᠄ 2015 ᠤᠨ ᠤ 07 ᠰᠠᠷ᠎ᠠ ᠶᠢᠨ 01
ᠨᠠᠢ᠌ᠷᠠᠭᠤᠯᠤᠭᠴᠢ᠄ ᠰᠠᠴᠤᠷᠠᠯ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁