ᠦᠨᠳᠦᠰᠦᠲᠡᠨ ᠦ ᠮᠦᠩᠬᠦᠨ ᠵᠠᠰᠠᠯ

ᠦᠨ᠎ᠠ ᠦᠷᠳᠡᠭ ᠵᠢᠡᠨ ᠠᠯᠳᠠᠬᠤ  ᠦᠭᠡᠢ ᠪᠡᠷ ᠦᠯᠦ ᠪᠠᠷᠠᠮ᠂ᠡᠯᠳᠡᠪ ᠶᠠᠩᠵᠦ ᠬᠡᠯᠪᠡᠷᠢ ᠪᠡᠷ ᠲᠠᠪᠳᠠᠨ ᠤᠷᠠᠯᠠᠬᠤ ᠳᠦ ᠬᠢᠯᠪᠠᠷ ᠮᠦᠷᠲᠡᠭᠡᠨ ᠴᠠᠢᠢᠯᠭᠠᠨ ᠴᠠᠭᠠᠨ ᠪᠤᠯᠬᠤᠷ ᠮᠦᠩᠬᠦᠨ ᠵᠠᠰᠠᠯ ᠴᠦᠬᠡᠨ ᠲᠤᠭᠠᠳᠦ ᠦᠨᠳᠦᠰᠦᠲᠡᠨ ᠦ ᠪᠦᠰᠡᠭᠦᠢᠢᠴᠤᠳ ᠲᠦ ᠬᠠᠮᠤᠭ ᠦᠨ ᠵᠡᠬᠦᠬᠦ ᠲᠤᠷᠠᠲᠠᠢ ᠲᠤᠯᠤᠭᠠᠢ ᠵᠢᠨ ᠵᠠᠰᠠᠯ ᠪᠤᠯᠵᠠᠢ᠃

ᠲᠤᠮᠳᠠᠳᠦ ᠤᠯᠤᠰ ᠦᠨ ᠡᠮᠦᠨ᠎ᠠ ᠤᠮᠠᠷ᠎ᠠ ᠵᠢᠨ ᠴᠦᠬᠡᠨ ᠲᠤᠭᠠᠳᠦ ᠦᠨᠳᠦᠰᠦᠲᠡᠨ ᠦ ᠮᠦᠩᠬᠦᠨ ᠵᠠᠰᠠᠯ ᠦᠨ ᠬᠡᠪ ᠨᠠᠮᠪᠠ ᠨᠢ ᠬᠤᠭᠤᠷᠤᠨᠳᠦ ᠪᠠᠨ ᠮᠠᠰᠢ ᠶᠡᠬᠡ ᠢᠯᠭᠠᠭ᠎ᠠ ᠲᠠᠢ᠂ᠮᠢᠶᠤᠤ ᠪᠦᠰᠡᠭᠦᠢᠢᠴᠤᠳ ᠦᠨ ᠮᠦᠩᠬᠦᠨ ᠵᠠᠰᠠᠯ ᠨᠢ ᠵᠢᠵᠢᠭ  ᠬᠦᠭᠡᠷᠦᠬᠦᠨ ᠤᠷᠠᠨ ᠨᠠᠷᠢᠨ ᠬᠢᠴᠠᠲᠠᠢ ᠤᠴᠢᠷ᠂ᠲᠠᠷᠤᠤᠬᠠᠨ ᠠᠲᠠᠯ᠎ᠠ ᠲᠤᠳᠤᠬᠠᠨ ᠴᠢᠮᠡᠭ ᠪᠤᠯᠳᠠᠭ᠃ᠮᠤᠩᠭ᠋ᠤᠯ ᠂ᠮᠠᠨᠵᠦ᠂ᠬᠤᠳᠤᠩ᠂ᠰᠤᠯᠤᠩᠭ᠋ᠤᠰ᠂ᠤᠢᠢᠭᠤᠷ ᠵᠡᠷᠭᠡ ᠦᠨᠳᠦᠰᠦᠲᠡᠨ ᠦ ᠪᠦᠰᠡᠭᠦᠢᠢᠴᠤᠳ ᠴᠠᠭᠠᠨ ᠮᠦᠩᠬᠦ ᠪᠡᠷ ᠤᠷᠠᠯᠠᠨ ᠬᠢᠭ᠍ᠰᠡᠨ ᠬᠠᠳᠬᠤᠭᠤᠷ᠂ᠡᠭᠡᠮᠦᠭ᠂ᠪᠠᠭᠤᠪᠴᠢ᠂ᠪᠦᠭᠡᠵᠢ ᠵᠡᠷᠭᠡ ᠵᠢ ᠵᠡᠬᠦᠬᠦ ᠤᠯᠠᠮᠵᠢᠯᠠᠯ  ᠲᠠᠢ ᠪᠦᠬᠡᠳ ᠲᠡᠳᠡᠭᠡᠷ ᠨᠢ ᠪᠦᠷ ᠵᠢᠵᠢᠭ᠍ᠬᠡᠨ ᠪᠠᠢᠢᠳᠠᠭ᠃ᠲᠡᠳᠡᠨ ᠦ ᠮᠦᠩᠬᠦᠨ ᠵᠠᠰᠠᠯ ᠳᠦ ᠲᠤᠷᠠᠲᠠᠢ ᠪᠠᠢᠢᠳᠠᠭ ᠦᠨ ᠬᠢᠨᠢ ᠰᠢᠯᠲᠠᠭᠠᠨ ᠭᠡᠪᠡᠯ᠂ᠨᠢᠭᠡ ᠳᠦ᠂ᠬᠢᠯᠠᠯᠵᠠᠭᠰᠠᠨ ᠴᠠᠭᠠᠨ ᠦᠩᠬᠡ ᠵᠢ ᠬᠡᠷᠡᠯ  ᠬᠡᠬᠡ᠂ᠦᠯᠵᠢ ᠲᠡᠮᠪᠡᠷᠢᠯ ᠦᠨ ᠪᠡᠯᠭᠡᠳᠡᠯ ᠪᠤᠯᠵᠦ᠂ᠠᠳᠠ ᠴᠢᠳᠬᠦᠷ ᠢ ᠦᠯᠳᠡᠨ ᠠᠮᠤᠷ ᠮᠡᠨᠳᠦ ᠵᠢ ᠪᠠᠳᠤᠯᠠᠬᠤ ᠦᠢᠯᠡᠳᠦᠯ ᠲᠠᠢ᠃ᠬᠤᠶᠠᠷ ᠲᠦ᠂ᠮᠦᠩᠬᠦ ᠦᠨᠢ ᠤᠳᠠᠭᠠᠨ ᠬᠤᠭᠤᠴᠠᠭᠠᠨ ᠳᠦ  ᠶᠡᠷᠦ ᠨᠢ ᠭᠤᠤᠯ ᠪᠤᠯᠬᠤ ᠵᠤᠭᠤᠰ ᠦᠨ ᠬᠡᠯᠪᠡᠷᠢ ᠪᠠᠢᠢᠭᠰᠠᠨ ᠪᠤᠯᠬᠤᠷ ᠵᠡᠬᠦᠭᠰᠡᠨ ᠬᠦᠮᠦᠨ ᠢ ᠪᠠᠶᠠᠨ ᠴᠢᠨᠡᠭᠡᠯᠢᠭ᠌ ᠬᠠᠷᠠᠭᠳᠠᠭᠤᠯᠳᠠᠭ᠃ᠭᠤᠷᠪᠠ ᠳᠦ᠂ᠪᠠᠺᠲ᠋ᠧᠷᠢ ᠠᠯᠠᠬᠤ ᠦᠢᠯᠡᠳᠦ ᠲᠠᠢ᠃ᠲᠦᠷᠪᠡ ᠳᠦ᠂ᠤᠶᠠᠷᠠᠮᠠᠳᠠᠭᠠᠢ ᠵᠦᠭᠡᠯᠡᠨ ᠪᠤᠯᠬᠤᠷ ᠶᠠᠩᠵᠦ ᠪᠦᠷᠢ ᠵᠢᠨ ᠡᠳ᠋ᠯᠡᠯ ᠵᠠᠰᠠᠯ ᠢ ᠠᠮᠠᠷᠬᠠᠨ ᠦᠢᠯᠡᠳᠴᠦ ᠪᠤᠯᠳᠠᠭ᠃

ᠬᠦᠢᠵᠧᠥ᠂ᠬᠤᠨᠠᠨ ᠦ ᠮᠢᠢᠶᠤᠤᠴᠤᠳ ᠦᠨ《ᠬᠡᠮᠡᠷᠯᠢᠭ᠍ ᠬᠢᠷᠭᠤᠤᠯ ᠦᠨ ᠰᠠᠢᠢᠬᠠᠨ ᠢ ᠦᠳᠦ ᠰᠦᠳᠦᠨ ᠳᠦ ᠪᠠᠨ᠂ᠮᠢᠶᠤᠤ ᠪᠦᠰᠡᠭᠦᠢᠢ ᠵᠢᠨ ᠰᠠᠢᠢᠬᠠᠨ ᠨᠢ ᠮᠦᠩᠬᠦᠨ ᠵᠠᠰᠠᠯ ᠳᠦ ᠪᠠᠨ》ᠭᠡᠳᠡᠭ ᠦᠭᠡᠨ ᠡᠴᠡ ᠮᠦᠩᠬᠦᠨ ᠵᠠᠰᠠᠯ ᠲᠡᠳᠡᠨ ᠦ ᠰᠡᠳᠭᠢᠯ ᠳᠦ ᠬᠡᠴᠢᠨᠠᠭᠡᠨ ᠴᠢᠬᠤᠯᠠ ᠪᠠᠢᠢᠳᠠᠭ ᠢ ᠮᠡᠳᠡᠵᠦ ᠪᠤᠯᠤᠨ᠎ᠠ᠃ᠮᠢᠶᠤᠤᠴᠤᠳ ᠡᠷᠲᠡᠨ ᠡᠴᠡ ᠪᠠᠨ ᠠᠪᠤᠭᠠᠳ《ᠵᠤᠭᠤᠰ ᠵᠢᠡᠷ ᠴᠢᠮᠡᠬᠦ》ᠵᠠᠩᠰᠢᠯ ᠲᠠᠢ ᠪᠠᠢᠢᠵᠦ᠂ᠤᠷᠠᠯᠢᠭ ᠰᠠᠢᠢᠬᠠᠨ ᠮᠦᠩᠬᠦᠨ ᠵᠠᠰᠠᠯ ᠵᠢᠡᠷ ᠠᠵᠢᠯᠴᠢ ᠪᠦᠬᠡᠳ ᠪᠠᠶᠠᠨ ᠬᠡᠳᠡᠭ ᠵᠢᠡᠨ ᠢᠯᠡᠳᠭᠡᠳᠡᠭ ᠠᠵᠢ᠃ᠬᠡᠳᠦᠨ ᠵᠠᠭᠤᠨ ᠵᠢᠯ ᠦᠨ ᠬᠦᠭᠵᠢᠯᠲᠡ ᠵᠢ ᠲᠤᠭᠤᠯᠤᠭᠠᠳ ᠮᠢᠶᠤᠤᠴᠤᠳ ᠦᠨ ᠮᠦᠩᠬᠦᠨ ᠵᠠᠰᠠᠯ ᠳᠦ ᠭᠤᠷᠪᠠᠨ ᠲᠤᠳᠤᠬᠠᠨ ᠬᠤᠪᠢᠷᠠᠯᠲᠠ ᠭᠠᠷᠤᠭᠰᠠᠨ᠄ᠨᠢᠭᠡ ᠳᠦ᠂ᠲᠤᠮᠤ ᠪᠤᠯ ᠭᠤᠶᠤ—ᠮᠢᠶᠤᠤ ᠪᠦᠰᠡᠬᠦᠢᠢᠴᠤᠳ ᠦᠨ ᠵᠡᠭᠦᠳᠡᠭ ᠮᠦᠩᠬᠦᠨ ᠡᠪᠡᠷ ᠪᠠᠷᠤᠭ ᠪᠡᠶ᠎ᠠ ᠵᠢᠨ ᠦᠨᠳᠦᠷ ᠦᠨ ᠬᠢ ᠨᠢ ᠬᠠᠭᠠᠰ ᠬᠢᠷᠢᠲᠠᠢ ᠪᠠᠢᠢᠳᠠᠭ᠃ᠬᠤᠶᠠᠷ ᠲᠦ᠂ᠬᠦᠨᠳᠦ  ᠪᠤᠯ ᠭᠤᠶᠤ—ᠬᠦᠢᠵᠧᠥ ᠵᠢᠨ ᠵᠠᠷᠢᠮ ᠨᠤᠲᠤᠭ ᠦᠨ ᠵᠠᠷᠢᠮ ᠨᠤᠲᠤᠭ ᠦᠨ ᠮᠢᠶᠤᠤ ᠪᠦᠰᠡᠬᠦᠢ ᠵᠢᠨ ᠦᠷᠦᠬᠡᠰᠦᠨ ᠡᠭᠡᠮᠦᠭ ᠨᠢ200ᠭᠷᠠᠮ ᠪᠠᠢᠢᠳᠠᠭ᠂ᠯᠢᠫᠢᠩ ᠦᠨ ᠮᠢᠶᠤᠤ ᠪᠦᠰᠡᠬᠦᠢᠢᠴᠤᠳ ᠦᠨ ᠮᠦᠩᠬᠦᠨ ᠰᠤᠨᠳᠤᠷ ᠨᠢ ᠬᠡᠳᠦᠢ ᠬᠦᠨᠳᠦ ᠪᠤᠯ ᠲᠡᠳᠦᠢ ᠰᠠᠢᠢᠨ ᠬᠡᠮᠡᠭᠳᠡᠳᠡᠭ ᠪᠦᠬᠡᠳ ᠵᠠᠷᠢᠮ ᠨᠢ ᠨᠠᠢᠮᠠᠨ ᠵᠢᠩ ᠢ ᠬᠡᠳᠦᠷᠡᠳᠡᠭ᠃ᠭᠤᠷᠪᠠ ᠳᠦ᠂ᠤᠯᠠᠨ ᠪᠤᠯ ᠭᠤᠶᠤ—ᠵᠢᠱᠢᠶᠡᠯᠡᠬᠦ ᠳᠦ ᠲᠡᠳᠡ ᠭᠤᠷᠪᠠ ᠲᠦᠷᠪᠡᠨ ᠡᠭᠡᠮᠦᠭ᠂ᠭᠤᠷᠪᠠ ᠲᠦᠷᠪᠡᠨ ᠰᠤᠨᠳᠤᠷ ᠵᠡᠬᠦᠳᠡᠭ᠂ᠡᠩᠬᠡᠷ ᠪᠦᠰᠡᠯᠡᠬᠦᠷ ᠦᠨ ᠵᠠᠰᠠᠯ ᠴᠢᠮᠡᠭ ᠢ ᠨᠢ ᠨᠡᠩ ᠴᠦ ᠲᠤᠭᠠᠯᠠᠬᠤᠶ᠎ᠠ ᠪᠡᠷᠭᠡ᠃

ᠰᠧᠴᠤᠸᠠᠨ ᠦ ᠯᠢᠶᠠᠩᠱᠠᠨ ᠦ ᠢ ᠪᠦᠰᠡᠬᠦᠢᠢᠴᠤᠳ ᠦᠨ ᠬᠤᠪᠴᠠᠰᠦ ᠵᠠᠰᠠᠯ ᠦᠨ ᠲᠤᠳᠤᠷ᠎ᠠ  ᠬᠤᠷᠢᠮᠯᠠᠬᠤ ᠳᠦ ᠪᠠᠨ ᠵᠡᠬᠦᠳᠡᠭ ᠡᠩᠬᠡᠷ ᠦᠨ ᠵᠠᠰᠠᠯ ᠪᠠ ᠨᠢᠷᠦᠭᠤᠨ ᠦ ᠵᠠᠰᠠᠯ ᠨᠢ ᠢᠴᠤᠳ ᠦᠨ ᠮᠦᠩᠬᠦᠨ ᠵᠠᠰᠠᠯ ᠨᠢ ᠬᠠᠮᠤᠭ ᠡᠴᠡ ᠦᠨ᠎ᠠ ᠪᠡᠨ᠎ᠠ ᠲᠠᠢ᠃ᠡᠷᠬᠢᠮᠰᠦᠭ ᠰᠠᠢᠢᠬᠨ ᠡᠩᠬᠡᠷ ᠦᠨ ᠵᠠᠰᠠᠯ ᠨᠢ ᠢᠴᠤᠳ ᠦᠨ ᠮᠦᠩᠬᠦᠨ ᠵᠠᠰᠠᠯ ᠲᠤᠳᠤᠷ᠎ᠠ ᠬᠢ ᠨᠠᠨᠳᠢᠨ ᠵᠦᠢᠯ ᠶᠤᠮ᠃ᠡᠩᠬᠡᠷ ᠦᠨ ᠵᠠᠰᠠᠯ ᠨᠢ ᠶᠡᠷᠦ ᠳᠦ ᠪᠠᠨ ᠮᠧᠲ᠋ᠷ ᠬᠢᠷᠢ ᠤᠷᠳᠦ᠂ᠠᠷᠪᠠᠭᠠᠳ ᠵᠢᠩ ᠦᠨ ᠴᠤᠯ ᠮᠦᠩᠬᠦ ᠪᠡᠷ ᠬᠢᠳᠡᠭ ᠪᠦᠬᠡᠳ6ᠡᠴᠡ ᠨᠠᠢᠮᠠ ᠬᠡᠰᠡᠭ ᠡᠴᠡ ᠪᠦᠷᠢᠯᠳᠦᠳᠡᠭ᠃ᠨᠢᠷᠦᠭᠤᠨ ᠵᠠᠰᠠᠯ ᠢ ᠨᠢ ᠤᠷᠳᠦ ᠲᠦᠷᠪᠡᠯᠵᠢᠨ ᠤᠯᠠᠭᠠᠨ ᠨᠤᠤᠰᠤᠨ ᠪᠦᠷ ᠵᠢᠡᠷ ᠲᠡᠪᠢᠰᠭᠡᠷᠯᠡᠨ ᠲᠡᠭᠡᠷ᠎ᠠ ᠨᠢ ᠮᠦᠩᠬᠦ ᠪᠡᠷ ᠴᠢᠮᠡᠳᠡᠭ ᠲᠤᠯᠠ ᠤᠯᠠᠭᠠᠨ ᠴᠠᠭᠠᠨ ᠨᠢ ᠢᠯᠭᠠᠷᠠᠭᠠᠳ ᠲᠠᠩᠰᠤᠭ ᠰᠠᠢᠢᠬᠠᠨ ᠬᠠᠷᠠᠭᠳᠠᠳᠠᠭ᠃ᠢ ᠡᠷᠡᠭᠲᠡᠢᠢᠴᠤᠳ ᠶᠡᠷᠦ ᠨᠢ ᠵᠡᠬᠦᠨ ᠴᠢᠬᠢᠨ ᠳᠦ ᠪᠠᠨ ᠪᠦᠳᠦᠬᠦᠨ ᠲᠤᠮᠤ ᠮᠦᠩᠬᠦᠨ ᠡᠭᠡᠮᠦᠭ ᠵᠡᠬᠦᠬᠦ ᠲᠤᠷᠠᠲᠠᠢ ᠪᠦᠬᠡᠳ ᠵᠠᠷᠢᠮ ᠨᠢ ᠪᠠᠭᠤᠪᠴᠢ ᠪᠠ ᠪᠦᠬᠡᠵᠢ ᠴᠦ ᠵᠡᠬᠦᠳᠡᠭ ᠲᠤᠯᠠ ᠵᠢᠪᠬᠤᠭ᠎ᠠ ᠲᠡᠭᠦᠯᠳᠡᠷ ᠬᠠᠷᠠᠭᠳᠠᠨ᠎ᠠ᠃ᠬᠠᠨᠢ ᠪᠦᠰᠡᠬᠦᠢᠢᠴᠤᠳ ᠦᠨ ᠮᠦᠩᠬᠦᠨ ᠵᠠᠰᠠᠯ ᠦᠨ ᠬᠡᠯᠪᠡᠷᠢ ᠲᠦᠷᠰᠦ ᠬᠡ ᠤᠭᠠᠯᠵᠠ ᠨᠢ ᠭᠤᠤᠯᠳᠠᠭᠤ ᠢᠴᠡ ᠪᠤᠶᠤ ᠮᠦᠩᠬᠦᠨ ᠵᠢᠭᠠᠰᠦ᠂ᠭᠤᠤᠯ ᠦᠨ ᠲᠤᠩ ᠲᠡᠷᠢᠬᠦᠲᠡᠢ ᠤᠰᠤᠨ ᠦ ᠠᠮᠢᠳᠠᠨ ᠰᠢᠨᠵᠢᠲᠠᠢ ᠲᠤᠯᠠ ᠬᠠᠨᠢᠴᠤᠳ ᠦᠨ ᠲᠠᠷᠢᠶᠠᠯᠠᠩ ᠦᠨ ᠰᠤᠶᠤᠯ ᠦᠨ ᠢᠯᠡ ᠲᠤᠳᠤ ᠤᠨᠴᠠᠯᠢᠭ᠂ᠲᠦᠮᠡᠨ ᠪᠤᠳᠠᠰ ᠰᠦᠭ ᠰᠦᠨᠡᠰᠦ ᠲᠠᠢ ᠬᠡᠮᠡᠬᠦ ᠦᠵᠡᠯᠲᠡ ᠤᠢᠢᠯᠠᠭᠠᠯᠲᠠ ᠵᠢ ᠨᠢ ᠠᠭᠤᠯᠵᠦ ᠪᠠᠢᠢᠳᠠᠭ᠃ᠬᠠᠨᠢᠴᠤᠳ ᠦᠨ ᠡᠪᠦᠬᠡ ᠲᠡᠭᠡᠳᠦᠰ ᠵᠢᠭᠠᠰᠦ ᠵᠢ ᠲᠦᠮᠡᠨ ᠪᠤᠳᠠᠰ ᠦᠨ ᠡᠬᠢ ᠰᠤᠷᠪᠤᠯᠵᠢ᠂ᠠᠮᠢ ᠨᠠᠰᠤᠨ ᠦ ᠪᠡᠯᠬᠡᠳᠡᠯ ᠬᠡᠮᠡᠨ ᠦᠵᠡᠳᠡᠭ ᠪᠤᠯᠭᠤᠷ ᠪᠦᠰᠡᠬᠦᠢᠢᠴᠤᠳ ᠲᠠᠰᠢᠶᠠᠨ ᠳᠦ ᠪᠠᠨ ᠮᠦᠩᠬᠦᠨ ᠵᠢᠭᠠᠰᠦ ᠵᠢᠨ ᠵᠠᠰᠠᠯ ᠲᠠᠢ ᠪᠤᠯ ᠬᠦᠮᠦᠨ ᠵᠤᠨ ᠦᠷᠡᠵᠢᠨ ᠲᠡᠯᠭᠡᠷᠡᠵᠦ᠂ᠤᠭᠰᠠᠭ᠎ᠠ ᠦᠨᠳᠦᠰᠦᠲᠡᠨ ᠬᠦᠭᠵᠢᠨ ᠮᠡᠨᠳᠤᠨ᠎ᠠ ᠬᠡᠮᠡᠨ ᠪᠡᠯᠭᠡᠰᠢᠶᠡᠳᠡᠭ ᠪᠠᠢᠢᠵᠠᠢ᠃ᠮᠦᠩᠬᠦᠨ ᠬᠦᠬᠡᠰᠤᠨᠴᠢᠷ ᠪᠤᠯ ᠵᠢᠩᠫᠦᠢᠸᠸ ᠪᠦᠰᠡᠬᠦᠢᠢᠴᠤᠳ ᠦᠨ ᠬᠤᠪᠴᠠᠰᠦ ᠵᠠᠰᠠᠯ ᠲᠡᠭᠡᠷᠡᠬᠢ ᠬᠠᠮᠤᠭ ᠡᠴᠡ ᠤᠨᠴᠠᠯᠢᠭᠳᠠᠬᠤ ᠬᠡᠰᠡᠭ ᠶᠤᠮ᠂ᠲᠡᠳᠡ ᠬᠠᠷ᠎ᠠ ᠲᠡᠭᠡᠷ᠎ᠠ ᠮᠦᠩᠬᠦᠨ ᠬᠦᠬᠡᠰᠤᠨᠴᠢᠷ ᠵᠢᠡᠷ ᠴᠢᠮᠡᠭᠯᠡᠭᠰᠡᠨ ᠬᠤᠪᠴᠠᠰᠦ ᠪᠠᠷ ᠭᠤᠶᠤᠳᠠᠭ ᠪᠦᠬᠡᠳ ᠬᠦᠵᠦᠬᠦᠨ ᠳᠦ ᠪᠠᠨ ᠵᠢᠷᠭᠤᠭ᠎ᠠ ᠲᠤᠯᠤᠭᠠᠨ ᠰᠤᠨᠳᠤᠷ᠂ᠨᠢᠭᠡ ᠬᠤᠩᠬᠤᠨ ᠴᠢᠮᠡᠭᠲᠦ ᠮᠦᠩᠬᠦᠨ ᠭᠠᠷᠠᠬ᠎ᠠ ᠵᠡᠬᠦᠵᠦ᠂ᠬᠤᠶᠠᠷ ᠴᠢᠬᠢᠨ ᠳᠦ ᠮᠠᠰᠢ ᠤᠷᠳᠤ ᠮᠦᠩᠬᠦᠨ ᠡᠭᠡᠮᠦᠭ᠂ᠭᠠᠷ ᠲᠦ ᠪᠠᠨ ᠪᠦᠳᠦᠬᠦᠨ ᠲᠤᠮᠤ ᠮᠦᠷᠳᠡᠭᠡᠨ ᠬᠡ ᠵᠢᠷᠤᠭ  ᠲᠠᠢ ᠮᠦᠩᠬᠦᠨ ᠪᠠᠭᠤᠪᠴᠢ ᠵᠡᠬᠦᠳᠡᠭ᠃

ᠲᠦᠪᠡᠳᠴᠤᠳ ᠦᠨ ᠮᠦᠩᠬᠦᠨ ᠵᠠᠰᠠᠯ ᠬᠡᠪᠡᠯ ᠭᠤᠤᠯᠳᠠᠭᠤ ᠮᠦᠩᠬᠦᠨ ᠪᠠᠮᠪᠠᠢ᠂ᠬᠢᠳᠤᠭ᠎ᠠ᠂ᠪᠤᠷᠬᠠᠨ ᠦ ᠭᠤᠤ ᠵᠡᠷᠭᠡ ᠪᠤᠢ᠃ᠬᠡᠵᠢᠬᠡᠨ ᠦ ᠴᠢᠮᠡᠭ ᠪᠤᠯᠬᠤ ᠮᠦᠩᠬᠦᠨ ᠪᠠᠮᠪᠠᠢ ᠭᠤᠤᠯ ᠨᠢ ᠬᠦᠬᠡᠨᠠᠭᠤᠷ ᠦᠨ ᠮᠠᠯᠴᠢᠳ ᠦᠨ ᠲᠤᠮᠳᠠ ᠲᠡᠯᠬᠡᠷᠡᠭᠰᠡᠨ ᠪᠦᠬᠡᠳ ᠶᠡᠬᠡ ᠪᠠᠭ᠎ᠠ ᠨᠢ ᠮᠠᠳᠠᠯ ᠠᠶᠠᠭ᠎ᠠ ᠵᠢᠨ ᠴᠢᠨᠡᠭᠡ ᠪᠠᠢᠢᠵᠦ᠂ᠶᠡᠷᠦ ᠳᠦ ᠪᠠᠨ ᠬᠡᠳᠦ ᠡᠴᠡ ᠬᠡᠳᠦᠨ ᠠᠷᠪᠠ ᠵᠢ ᠵᠡᠬᠦᠳᠡᠭ ᠪᠤᠯᠬᠤᠷ ᠬᠦᠨᠳᠦ ᠨᠢ ᠬᠡᠳᠦᠨ ᠺᠢᠯᠤᠭ᠍ᠷᠠᠮ ᠳᠦ ᠴᠦ ᠬᠦᠷᠳᠡᠭ᠃ᠲᠦᠪᠡᠳ ᠤᠷᠤᠨ ᠦ ᠮᠦᠩᠬᠦᠨ ᠵᠠᠰᠠᠯ ᠵᠢᠮᠰᠡᠭ ᠪᠠᠷᠤᠭ ᠨᠢ ᠪᠦᠷ ᠮᠠᠰᠢ ᠲᠤᠮᠤ ᠪᠠᠢᠢᠳᠠᠭ᠂ᠰᠧᠴᠤᠸᠠᠨ ᠦ ᠵᠠᠩᠪᠠ ᠦᠬᠢᠳ ᠦᠨ ᠪᠠᠶᠠᠷ ᠲᠤᠷᠠᠰᠬᠠᠯ ᠦᠨ ᠡᠳᠦᠷ ᠡᠩᠬᠡᠷ ᠲᠦ ᠪᠡᠨ ᠵᠡᠬᠦᠳᠡᠭ ᠪᠤᠷᠬᠠᠨ ᠦ ᠭᠤᠤ ᠵᠢᠨ ᠵᠢᠶᠠᠮᠸᠲ᠋ᠷ ᠨᠢ ᠭᠤᠴᠢᠨ ᠲᠦᠴᠢᠨ ᠰᠡᠨᠲᠢᠮᠧᠲ᠋ᠷ ᠪᠠᠢᠢᠵᠦ᠂ᠵᠠᠷᠢᠮ ᠨᠢ ᠬᠡᠳᠦ ᠬᠡᠳᠦ ᠵᠢ ᠵᠡᠬᠦᠳᠡᠭ  ᠲᠤᠯᠠ ᠪᠠᠷᠤᠭ ᠯᠡ ᠬᠠᠭᠠᠰ ᠪᠡᠶ᠎ᠠ ᠵᠢ ᠨᠢ ᠲᠤᠯᠠᠢᠢᠲᠠᠯ᠎ᠠ ᠴᠢᠮᠡᠳᠡᠭ᠃

ᠮᠦᠩᠬᠦᠨ ᠵᠠᠰᠠᠯ ᠵᠢᠮᠰᠡᠭ ᠲᠦ ᠲᠤᠷᠠᠲᠠᠢ ᠦᠨᠳᠦᠰᠦᠲᠡᠨ ᠦ ᠪᠦᠷ ᠦᠪᠡᠷ ᠦᠪᠡᠷ ᠦᠨ ᠬᠢᠨᠢ ᠮᠦᠩᠬᠦᠨ ᠲᠠᠷᠬᠠᠨ ᠲᠠᠢ᠂ᠬᠦᠢᠵᠧᠥ ᠵᠢᠨ ᠯᠸᠢᠢᠱᠠᠨ ᠰᠢᠶᠠᠨ ᠦ ᠳ᠋ᠠᠭ᠍ᠸᠥ ᠰᠢᠶᠠᠩ᠂ᠶᠦᠨᠨᠠᠨ ᠦ ᠳ᠋ᠠᠯᠢ ᠵᠢᠨ ᠾᠧᠴᠢᠩ ᠰᠢᠶᠠᠨ ᠦ ᠡᠾᠤᠢᠸᠸᠯᠢᠶᠸ ᠰᠢᠶᠠᠩ ᠳᠦ ᠠᠢᠢᠯ ᠵᠢᠡᠷ ᠵᠢᠡᠨ ᠪᠦᠷ ᠮᠦᠩᠬᠦᠨ ᠲᠠᠷᠬᠠᠨ ᠦ ᠠᠵᠢᠯ ᠡᠷᠬᠢᠯᠡᠳᠡᠭ ᠭᠠᠵᠠᠷ ᠴᠦ ᠪᠤᠢ᠃ᠲᠡᠳᠡ ᠭᠤᠤᠯᠳᠠᠭᠤ ᠲᠡᠪᠳᠠᠬᠤ᠂ᠬᠡᠯᠡᠬᠦ᠂ᠭᠠᠩᠨᠠᠬᠤ᠂ᠤᠬᠢᠶᠠᠬᠤ ᠵᠡᠷᠬᠡ ᠤᠷ᠎ᠠ ᠲᠠᠷᠬ᠎ᠠ ᠬᠡᠷᠡᠭᠯᠡᠳᠡᠭ᠃ᠡᠳᠡᠭᠡᠷ ᠭᠠᠵᠠᠷ ᠦᠨ ᠮᠦᠩᠬᠦᠨ ᠲᠠᠷᠬᠠᠳ ᠪᠢᠴᠢᠬᠠᠨ ᠠᠯᠦᠬ᠎ᠠ ᠪᠡᠷ ᠵᠢᠡᠨ ᠬᠡᠷᠡᠯ ᠰᠠᠴᠤᠷᠠᠭᠤᠯᠤᠭᠰᠠᠨ ᠬᠡᠬᠡᠨ ᠰᠠᠢᠢᠬᠠᠨ ᠶᠢᠷᠳᠢᠨᠴᠦ ᠵᠢ ᠤᠷᠠᠯᠠᠨ ᠪᠦᠳᠦᠭᠡᠳᠡᠭ ᠪᠢᠯᠡ᠃

ᠴᠠᠭᠠᠨ ᠰᠠᠷ᠎ᠠ ᠳᠦ ᠪᠠᠨ ᠬᠦᠢᠢᠵᠧᠥ ᠵᠢᠨ ᠮᠢᠶᠤᠤ ᠦᠬᠢᠳ ᠦᠨ ᠵᠡᠭᠦᠳᠡᠭ ᠮᠦᠩᠬᠦᠨ ᠵᠠᠰᠠᠯ

ᠬᠦᠢᠢᠵᠧᠥ ᠵᠢᠨ ᠲᠠᠢᠢᠵᠢᠶᠠᠩ ᠦᠨ ᠮᠢᠶᠤᠤᠴᠤᠳ ᠦᠨ ᠮᠦᠩᠬᠦᠨ ᠵᠠᠰᠠᠯ

ᠰᠧᠴᠤᠸᠠᠨ ᠦ ᠯᠢᠶᠠᠩᠱᠠᠨ ᠦ ᠢ ᠦᠬᠢᠳ ᠦᠨ ᠮᠦᠩᠬᠦᠨ ᠵᠠᠰᠠᠯ ᠨᠢ20ᠭᠠᠷᠤᠢ ᠵᠢᠩ ᠪᠠᠢᠢᠳᠠᠭ

ᠬᠤᠨᠠᠨ ᠦ ᠰᠢᠶᠠᠩᠰᠢ ᠵᠢᠨ ᠮᠢᠶᠤᠤᠴᠤᠳ ᠦᠨ ᠮᠦᠩᠬᠦᠨ ᠵᠠᠰᠠᠯ

ᠬᠦᠢᠵᠧᠥ ᠵᠢᠨ ᠲᠠᠢᠢᠵᠢᠶᠠᠩ ᠦᠨ ᠮᠢᠶᠤᠤ ᠪᠦᠰᠡᠬᠦᠢᠢᠴᠤᠳ ᠦᠨ ᠰᠢᠪᠠᠭᠤᠨ ᠦ ᠲᠦᠷᠰᠦ  ᠲᠠᠢ ᠮᠦᠩᠬᠦᠨ ᠵᠠᠰᠠᠯ

ᠲᠦᠪᠡᠳᠴᠤᠳ ᠦᠨ ᠮᠦᠩᠬᠦᠨ ᠵᠠᠰᠠᠯ

ᠬᠦᠢᠵᠧᠥ ᠵᠢᠨ ᠲᠠᠢᠢᠵᠢᠶᠠᠩ ᠦᠨ ᠮᠢᠶᠤᠤ ᠦᠨᠳᠦᠰᠦᠲᠡᠨ ᠦ ᠬᠡᠥᠬᠡᠳ ᠦᠨ ᠮᠠᠯᠠᠭᠠᠢ ᠵᠢᠨ ᠵᠠᠰᠠᠯ

ᠰᠧᠴᠤᠸᠠᠨ ᠦ ᠪᠦᠲ᠋ᠤᠸᠸ ᠵᠢᠨ ᠢᠴᠤᠳ ᠲᠤᠮᠤ ᠮᠦᠩᠬᠦᠨ ᠲᠤᠪᠴᠢ ᠪᠡᠷ ᠭᠤᠶᠤᠯᠠᠬᠤ ᠲᠤᠷᠠᠲᠠᠢ

ᠬᠠᠨᠢ ᠬᠡᠥᠬᠡᠳ ᠦᠨ ᠮᠠᠯᠠᠭᠠᠢ ᠵᠢᠨ ᠵᠠᠰᠠᠯ

ᠰᠧᠴᠤᠸᠠᠨ ᠦ ᠮᠦᠯᠢ ᠧᠶᠠ ᠰᠢᠶᠠᠩ ᠦᠨ ᠨᠠᠰᠢ ᠦᠬᠢᠳ ᠨᠠᠰᠤᠨ ᠳᠦ ᠬᠦᠷᠦᠭᠰᠡᠨ ᠶᠤᠰᠤᠯᠠᠯ ᠦᠨ ᠵᠢᠡᠨ ᠲᠠᠷᠠᠭ᠎ᠠ ᠮᠦᠩᠬᠦᠨ ᠵᠠᠰᠠᠯ ᠵᠡᠬᠦᠳᠡᠭ

ᠶᠦᠨᠨᠠᠨ ᠦ ᠯᠦᠩᠴᠤᠸᠠᠨ ᠦ ᠵᠢᠩᠪᠤᠢᠸᠸᠴᠤᠳ ᠦᠨ ᠮᠦᠩᠬᠦᠨ ᠬᠦᠬᠡᠰᠤᠨᠴᠢᠷ ᠬᠤᠪᠴᠠᠰᠦ

ᠰᠧᠴᠤᠸᠠᠨ ᠦ ᠯᠢᠶᠠᠩᠱᠠᠨ ᠦ ᠢᠴᠤᠳ ᠦᠨ ᠮᠦᠩᠬᠦᠨ ᠴᠢᠮᠡᠭᠲᠦ ᠪᠦᠷᠬᠦ

ᠰᠧᠴᠤᠸᠠᠨ ᠦ ᠯᠢᠶᠠᠩᠱᠠᠨ ᠦ ᠢᠴᠤᠳ ᠮᠠᠯᠠᠭᠠᠢ ᠲᠡᠭᠡᠷ᠎ᠠ ᠪᠠᠨ ᠮᠦᠩᠬᠦ ᠪᠡᠷ ᠨᠠᠷᠠᠨ ᠦ ᠬᠡ ᠤᠷᠠᠯᠠᠳᠠᠭ

ᠬᠦᠢᠵᠧᠥ ᠵᠢᠨ ᠷᠦᠩᠵᠢᠶᠠᠩ ᠦᠨ ᠳ᠋ᠤᠢᠩ ᠦᠬᠢᠳ ᠦᠨ ᠲᠤᠯᠤᠭᠠᠢ ᠵᠢᠨ ᠵᠠᠰᠠᠯᠵᠤᠬᠢᠶᠠᠭᠴᠢ᠄ ᠯᠢ ᠯᠢᠨ
ᠢᠷᠡᠯᠲᠡ᠄ ᠦᠨᠳᠦᠰᠦᠲᠡᠨ ᠦ ᠵᠢᠷᠤᠭᠲᠦ ᠰᠡᠳᠭᠦᠯ ᠦᠨ ᠬᠤᠷᠢᠶ᠎ᠠ
ᠬᠠᠷᠢᠶ᠎ᠠ᠄ ᠦᠨᠳᠦᠰᠦᠲᠡᠨ ᠤ ᠵᠢᠷᠤᠭᠲᠤ ᠰᠡᠳᠬᠦᠯ
ᠳᠠᠷᠤᠮ᠄ 550
ᠴᠠᠭ᠄ 2015 ᠤᠨ ᠤ 07 ᠰᠠᠷ᠎ᠠ ᠶᠢᠨ 04
ᠨᠠᠢ᠌ᠷᠠᠭᠤᠯᠤᠭᠴᠢ᠄ ᠰᠠᠴᠤᠷᠠᠯ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁