ᠮᠤᠩ᠋ᠭ᠋ᠤᠯ ᠦᠨ ᠶᠡᠬᠡ ᠬᠠᠳᠤᠳ ᠦᠨ ᠦᠷᠭᠦᠭᠡ

2013ᠤᠨ ᠦ8 ᠰᠠᠷ᠎ᠠ ᠳᠦ᠂ᠪᠢᠳᠡ ᠬᠡᠳᠡᠭᠦᠯᠡ ᠮᠤᠩᠭ᠋ᠤᠯ ᠦᠨ ᠨᠠᠢᠢᠵᠠ ᠨᠠᠷ ᠦᠨ ᠵᠢᠡᠨ ᠵᠠᠮᠴᠢᠯᠠᠭ᠎ᠠ ᠪᠡᠷ ᠤᠯᠠᠭᠠᠨᠪᠠᠭᠠᠳᠤᠷ ᠡᠴᠡ ᠵᠡᠭᠦᠨ ᠬᠤᠢᠢᠰᠢ ᠮᠠᠰᠢᠨ ᠵᠢᠡᠷ ᠲᠠᠪᠬᠢᠭᠤᠯᠬᠤ ᠳᠦ ᠪᠠᠨ ᠵᠠᠮᠵᠢᠨ ᠵᠢᠡᠨ ᠠᠷᠬᠢᠳᠠᠵᠦ ᠬᠦᠭᠵᠢᠯᠳᠤᠨ᠂ᠬᠡᠷᠡᠯ ᠵᠢᠷᠤᠭ ᠠᠪᠴᠦ ᠶᠠᠪᠤᠭᠰᠠᠨ ᠰᠠᠨ᠃ᠲᠡᠷᠡ ᠤᠯᠠᠨ ᠵᠦᠢᠯ ᠢ ᠪᠠᠢᠢᠨ ᠪᠠᠢᠢᠨ ᠲᠠᠨᠢᠯᠴᠠᠭᠤᠯᠵᠦ ᠪᠠᠢᠢᠭᠰᠠᠨ ᠴᠦ᠂ᠪᠢ ᠬᠠᠷᠢᠨ ᠠᠩᠬᠠᠷᠤᠯ ᠳᠦ ᠪᠠᠨ ᠵᠢᠷᠤᠭ ᠠᠪᠬᠤ ᠳᠦ ᠯᠡ ᠬᠠᠨᠳᠤᠭᠤᠯᠤᠭᠰᠠᠨ ᠤᠴᠢᠷ ᠲᠠᠷᠠᠭ᠎ᠠ ᠨᠢ ᠴᠤᠬᠤᠮ ᠬᠠᠮᠢᠭ᠎ᠠ ᠬᠦᠷᠦᠨ᠎ᠠ ᠬᠡᠳᠡᠭ ᠵᠢᠡᠨ ᠴᠦ ᠪᠠᠷᠤᠭ ᠮᠡᠳᠡᠬᠡ ᠦᠭᠡᠢ ᠶᠠᠪᠤᠵᠠᠢ ᠡ᠃ᠪᠦᠷᠦᠢ ᠲᠠᠰᠤᠷᠠᠬᠤ ᠵᠢᠨ ᠠᠯᠳᠠ ᠪᠡᠷ ᠪᠢᠳᠡ ᠬᠡᠨᠳᠡᠢ ᠠᠢᠢᠮᠠᠭ ᠦᠨ ᠪᠠᠶᠠᠨ ᠠᠪᠳᠠᠷᠭ᠎ᠠ ᠰᠤᠮᠤ ᠳᠦ ᠬᠦᠷᠦᠭᠡᠳ ᠰᠢᠭᠤᠳ ᠯᠡ《ᠮᠤᠩᠭ᠋ᠤᠯ ᠦᠨ ᠶᠡᠬᠡ ᠬᠠᠳᠤᠳ ᠦᠨ ᠦᠷᠭᠦᠭᠡ》 ᠳᠦ ᠤᠴᠢᠭᠰᠠᠨ ᠪᠢᠯᠡ᠃ᠪᠤᠭᠲᠦ ᠮᠠᠯᠠᠭᠠᠢ ᠵᠢᠨ ᠬᠡᠯᠪᠡᠷᠢᠲᠦ ᠪᠠᠷᠢᠯᠭ᠎ᠠ ᠬᠦᠷᠢᠶᠡᠨ ᠳᠦ ᠰᠡᠭᠦᠢᠢᠵᠦ ᠪᠠᠢᠢᠪᠠ᠃ᠠᠵᠢᠯᠲᠠᠨ ᠨᠢ ᠮᠠᠨ ᠳᠦ ᠦᠷᠭᠦᠭᠡ ᠪᠠᠨ ᠲᠠᠨᠢᠯᠴᠠᠭᠤᠯᠵᠦ ᠡᠬᠢᠯᠡᠭᠰᠡᠨ ᠴᠦ᠂ᠪᠢ ᠪᠠᠯᠡ ᠬᠡᠷᠡᠯ ᠵᠢᠷᠤᠭ ᠠᠪᠬᠤ ᠭᠡᠳ ᠰᠢᠨᠦᠵᠦ ᠪᠠᠢᠢᠭᠰᠠᠨ ᠪᠤᠯᠬᠤᠷ ᠶᠡᠭᠤ ᠵᠢ ᠶᠠᠭᠠᠬᠢᠵᠦ ᠲᠠᠨᠢᠯᠴᠠᠭᠤᠯᠤᠭᠰᠠᠨ ᠢ ᠨᠢ ᠲᠡᠳᠦᠢ ᠨᠢᠮᠪᠠᠢ ᠰᠤᠨᠤᠰᠴᠦ ᠠᠮᠵᠢᠭ᠎ᠠ ᠦᠭᠡᠢ ᠦᠩᠭᠡᠷᠡᠵᠡᠢ᠃ᠲᠡᠭᠡᠭᠡᠳ ᠶᠠᠭ ᠰᠠᠢᠢᠬᠠᠨ ᠲᠠᠨᠢᠯᠭᠤᠯᠭ᠎ᠠ ᠵᠢ ᠨᠢ ᠰᠤᠨᠤᠰᠤᠶ᠎ᠠ ᠬᠡᠬᠦ ᠳᠦ ᠬᠠᠮᠳᠦ ᠶᠠᠪᠤᠭ᠎ᠠ ᠬᠦᠮᠦᠰ ᠮᠠᠨᠢ ᠠᠯᠢ ᠬᠡᠵᠢᠶᠡᠨ ᠦ ᠲᠠᠨᠢᠯᠴᠠᠭᠤᠯᠭ᠎ᠠ ᠵᠢ ᠨᠢ ᠰᠤᠨᠤᠰᠴᠦ ᠲᠠᠭᠤᠰᠬᠠᠭᠠᠳ ᠨᠠᠢᠢᠷᠯᠠᠬᠤ ᠪᠡᠷ ᠪᠤᠯᠴᠢᠬᠠᠭᠰᠠᠨ ᠪᠠᠢᠢᠪᠠ᠃ᠤᠷᠤᠢ ᠨᠢ ᠡᠨᠡ ᠬᠦᠷᠢᠶᠡᠨ ᠦ ᠭᠡᠷ ᠲᠦ ᠬᠤᠨᠤᠬᠤ ᠪᠡᠷ ᠪᠤᠯᠵᠦ᠂ᠨᠢᠭᠤᠷ ᠭᠠᠷ ᠵᠢᠡᠨ ᠤᠬᠢᠶᠠᠵᠦ᠂ᠰᠦᠨᠢ ᠵᠢᠨ ᠬᠦᠢᠳᠡᠨ ᠢ ᠠᠷᠭᠠᠴᠠᠬᠤ ᠬᠡᠮᠡᠨ ᠴᠠᠬᠢᠯᠭᠠᠨ ᠵᠤᠤᠬ᠎ᠠ ᠵᠢ ᠨᠢ ᠠᠰᠠᠭᠠᠪᠠ᠃ᠲᠠᠷᠠᠭ᠎ᠠ ᠦᠷᠯᠦᠭᠡ ᠨᠢ ᠡᠷᠳᠡ ᠵᠢᠨ ᠴᠠᠢ ᠤᠤᠭᠤᠵᠦ᠂ᠰᠢᠷ᠎᠎ᠠ ᠪᠠᠨ ᠪᠠᠭ᠎ᠠ ᠲᠠᠢᠢᠯᠵᠦ᠂ᠮᠠᠰᠢᠨ ᠳᠦ ᠪᠠᠨ ᠲᠤᠰᠤ ᠨᠡᠮᠡᠵᠦ ᠮᠤᠷᠳᠠᠯ᠎ᠠ᠃ᠬᠠᠳᠤᠳ ᠦᠨ ᠦᠷᠭᠦᠭᠡ ᠵᠢᠨ ᠲᠤᠬᠠᠢ ᠰᠤᠷᠪᠤᠯᠵᠢᠯᠠᠭ᠎ᠠ ᠮᠢᠨᠢ ᠢᠩᠬᠢᠵᠦ ᠯᠡ ᠠᠷᠭ᠎ᠠ ᠦᠭᠡᠢ ᠲᠠᠰᠤᠯᠳᠠᠭᠰᠠᠨ ᠪᠢᠯᠡ᠃

ᠨᠡᠢᠢᠰᠯᠡᠯ ᠡᠴᠡ ᠪᠠᠨ450ᠺᠢᠯᠤᠮᠧᠲ᠋ᠧᠷ ᠵᠠᠢᠢᠲᠠᠢ᠂ᠤᠨᠤᠨ ᠭᠤᠤᠯ ᠦᠨ ᠡᠮᠦᠨ᠎ᠠ ᠡᠷᠬᠢ ᠳᠦ ᠪᠠᠢᠢᠬᠤ ᠡᠨᠡ ᠬᠡᠳᠦᠬᠡᠨ ᠵᠠᠭᠤᠨ ᠠᠢᠢᠯ ᠲᠠᠢ ᠰᠤᠮᠤ ᠵᠢᠨ ᠵᠤᠩᠬᠢᠯᠡᠬᠤ ᠵᠡᠮ ᠨᠢ ᠪᠠᠢᠢᠭᠠᠯᠢ ᠵᠢᠨ ᠵᠠᠮ᠂ᠬᠠᠢᠢᠯᠠᠷ ᠨᠠᠷᠠᠰᠤᠨ ᠳᠦ ᠬᠦᠷᠢᠶᠡᠯᠡᠭᠳᠡᠭᠰᠡᠨ ᠬᠦᠳᠡᠬᠡ ᠲᠠᠯ᠎ᠠ ᠨᠢ ᠨᠠᠮᠤᠭᠤᠬᠠᠨ ᠪᠦᠬᠡᠳ ᠭᠤᠶᠤᠬᠠᠨ᠃ᠡᠨᠳᠡ ᠵᠠᠰᠠᠭ ᠦᠨ ᠤᠷᠳᠤᠨ ᠡᠴᠡ ᠨᠢ ᠪᠡᠯᠡ ᠮᠦᠩᠭᠦ  ᠭᠠᠷᠭᠠᠵᠦ᠂ᠬᠠᠳᠤᠳ ᠦᠨ ᠦᠷᠭᠦᠭᠡ ᠪᠠᠢᠢᠭᠤᠯᠤᠭᠰᠠᠨ ᠨᠢ ᠲᠡᠯᠡᠬᠡᠢ ᠳᠦ ᠴᠤᠷᠢ ᠵᠢᠨ ᠭᠠᠭᠴᠠ ᠬᠠᠳᠤᠳ ᠦᠨ ᠤᠷᠳᠤᠨ ᠳᠦ ᠲᠤᠭᠠᠴᠠᠭᠳᠠᠬᠤ ᠶᠤᠮ ᠬᠡᠨ᠎ᠠ᠃ᠦᠷᠭᠦᠭᠡ ᠭᠡᠯ ᠦᠭᠡᠢ᠂ᠲᠤᠷᠠᠰᠬᠠᠯ ᠦᠨ ᠦᠷᠭᠦᠭᠡ ᠬᠡᠮᠡᠭᠰᠡᠨ ᠪᠤᠯ ᠠᠷᠠᠢ ᠢᠯᠡᠬᠦᠦ ᠤᠨᠤᠭᠠᠭᠰᠠᠨ ᠨᠡᠢᠷᠡᠢᠢᠳᠦᠯ ᠪᠤᠯᠬᠤ ᠪᠠᠢᠢᠪᠠ ᠦᠦ?ᠭᠡᠬᠦ ᠳᠦ ᠪᠠᠰᠠ ᠶᠠᠭᠠᠬᠢᠭᠠᠳ?ᠬᠡᠬᠦ ᠲᠤᠮᠤᠬᠠᠨ ᠠᠰᠠᠭᠤᠯᠳᠠ ᠲᠤᠯᠭᠠᠷᠠᠪᠠ᠃ᠲᠡᠨᠳᠡ ᠡᠴᠡ ᠠᠶᠠᠷᠯᠠᠨ ᠰᠠᠯᠤᠭᠰᠠᠨ ᠪᠤᠯᠪᠠᠴᠦ ᠪᠤᠭᠳᠦ ᠮᠠᠯᠠᠭᠠᠢ ᠵᠢᠨ ᠬᠡᠯᠪᠡᠷᠢᠳᠦ ᠪᠠᠷᠢᠯᠭ᠎ᠠ ᠵᠢᠨ ᠤᠷᠤᠢ ᠨᠢ ᠪᠤᠳᠤᠯ ᠰᠠᠨᠠᠭᠠᠨ ᠡᠴᠡ  ᠪᠠᠨ ᠶᠠᠭ ᠭᠠᠷᠬᠤ ᠦᠭᠡᠢ ᠪᠠᠢᠢᠪᠠ᠃ᠬᠠᠷᠢᠵᠦ ᠢᠷᠡᠭᠡᠳ ᠨᠤᠮ ᠰᠤᠳᠤᠷ ᠡᠴᠡ ᠬᠠᠢᠢᠵᠦ᠂ᠨᠠᠢᠢᠵᠠ ᠨᠦᠬᠦᠳ ᠡᠴᠡ ᠪᠠᠨ ᠰᠤᠷᠠᠵᠦ᠂ᠪᠠᠷᠢᠯᠲᠠ ᠰᠡᠯᠲᠡ ᠴᠤᠭᠯᠠᠭᠤᠯᠤᠭᠠᠳ᠂ᠪᠠᠭ᠎ᠠ ᠰᠠᠭ᠎ᠠ ᠤᠬᠠᠭᠠᠷᠠᠭᠰᠠᠨ ᠬᠡᠬᠡᠷᠡᠭᠰᠡᠨ ᠪᠤᠯᠵᠦ᠂ᠡᠨᠡ ᠬᠦ ᠵᠢᠵᠢᠭ ᠲᠡᠮᠳᠡᠭᠯᠡᠯ ᠵᠢᠡᠨ ᠲᠤᠭᠤᠷᠪᠢᠪᠠ᠃

ᠡᠮᠡᠭᠲᠡᠢᠢᠴᠤᠳ᠂ᠢᠯᠠᠩᠭ᠋ᠤᠶ᠎ᠠ ᠡᠬᠡᠴᠤᠳ ᠮᠤᠩᠭ᠋ᠤᠯ ᠦᠨ ᠨᠡᠭᠦᠳᠡᠯ ᠮᠠᠯᠵᠢᠯ ᠦᠨ ᠨᠡᠢᠢᠭᠡᠮ ᠳᠦ ᠮᠠᠰᠢ ᠴᠢᠬᠤᠯᠠ ᠪᠠᠢᠢᠷᠢ ᠰᠠᠭᠤᠷᠢ ᠲᠠᠢ ᠮᠦᠷᠲᠡᠭᠡᠨ ᠤᠯᠠᠨ ᠠᠷᠪᠢᠨ ᠰᠢᠯᠭᠠᠷᠠᠭᠰᠠᠨ ᠮᠤᠩᠭ᠋ᠤᠯ ᠡᠮᠡᠭᠲᠡᠢ ᠲᠡᠥᠬᠡ ᠰᠤᠳᠤᠷ ᠢ ᠬᠡᠷᠡᠯᠳᠦᠭᠦᠯᠦᠭᠰᠡᠨ ᠪᠢᠯᠡ᠃ᠢᠯᠠᠩᠭ᠋ᠤᠶ᠎ᠠ ᠬᠠᠳᠤᠨ ᠬᠡᠮᠡᠬᠦ ᠡᠷᠬᠢᠨ ᠬᠦᠨᠳᠦᠳᠭᠡᠯ ᠢ ᠤᠯᠤᠭᠰᠠᠨ ᠨᠡᠩ ᠴᠦ ᠬᠦᠬᠡ ᠰᠤᠳᠤᠷ ᠲᠦ ᠠᠯᠳᠠᠷ ᠭᠠᠪᠢᠶ᠎ᠠ ᠪᠠᠨ ᠦᠯᠡᠳᠡᠭᠡᠬᠦ ᠨᠢ ᠭᠠᠷᠴᠠᠭ᠎ᠠ ᠦᠭᠡᠢ ᠡ᠃

ᠠᠯᠤᠩᠭ᠋ᠤᠣ᠎ᠠ ᠪᠤᠯ ᠴᠢᠩᠬᠢᠰ ᠦᠨ ᠠᠷᠪᠠᠨ ᠨᠢᠭᠡᠨ ᠦᠶ᠎ᠠ ᠲᠡᠭᠡᠷ᠎ᠠ ᠶᠡᠬᠡ ᠡᠮᠡᠭᠡ᠂ᠠᠯᠳᠠᠷᠲᠦ ᠲᠠᠪᠤᠨ ᠮᠦᠰᠦ ᠵᠢᠨ ᠰᠤᠷᠭᠠᠯ ᠨᠢ ᠡᠳᠦᠭᠡ ᠬᠦᠷᠳᠡᠯ᠎ᠠ ᠬᠡᠪ ᠵᠢᠡᠷ  ᠤᠯᠠᠮᠵᠢᠯᠠᠭᠳᠠᠵᠦ᠂ᠮᠤᠩᠭ᠋ᠤᠯᠴᠤᠳ ᠦᠨ ᠬᠦᠮᠦᠵᠢᠯ ᠰᠤᠷᠭᠠᠯ ᠦᠨ ᠦᠯᠢᠭᠡᠷ ᠲᠠᠭᠤᠷᠢᠶᠡᠯ ᠪᠤᠯᠤᠭᠰᠠᠭᠠᠷ ᠪᠤᠢ᠃ᠦᠬᠡᠯᠤᠨ ᠪᠤᠯ ᠴᠢᠩᠬᠢᠰ ᠬᠠᠭᠠᠨ ᠦ ᠡᠬᠡ᠂ᠠᠭᠤᠳᠠᠮ ᠡᠨᠡᠷᠢᠩᠭᠦᠢ᠂ᠰᠤᠳᠤ ᠮᠡᠷᠭᠡᠨ ᠵᠢᠡᠷ ᠠᠯᠳᠠᠷᠰᠢᠭᠰᠠᠨ᠃ᠪᠦᠷᠳᠡ ᠪᠤᠯ ᠴᠢᠩᠬᠢᠰ ᠦᠨ ᠬᠠᠳᠤᠨ᠂ᠰᠠᠢᠢᠨ ᠰᠠᠢᠢᠬᠠᠨ ᠵᠠᠩ ᠴᠢᠨᠠᠷ᠂ᠰᠡᠴᠡᠨ ᠮᠡᠷᠭᠡᠨ ᠤᠶᠤᠨ ᠤᠬᠠᠭᠠᠨ ᠵᠢᠡᠷ ᠵᠢᠡᠨ ᠴᠢᠩᠬᠢᠰ ᠦᠨ ᠦᠢᠯᠡᠰ ᠢ ᠲᠡᠮᠵᠢᠨ ᠲᠡᠳᠭᠦᠵᠦ᠂ᠮᠤᠩᠭ᠋ᠤᠯ ᠢ ᠨᠢᠭᠡᠳᠭᠡᠬᠦ ᠳᠦ ᠠᠥᠭ᠎ᠠ ᠶᠡᠬᠡ  ᠭᠤᠪᠢᠶ᠎ᠠ ᠪᠠᠨ ᠡᠷᠭᠦᠭᠰᠡᠨ᠃ᠶᠢᠰᠦᠢ ᠮᠦᠨ ᠴᠢᠩᠬᠢᠰ ᠦᠨ ᠬᠠᠳᠤᠨ᠂ᠮᠤᠩᠭ᠋ᠤᠯ ᠦᠨ ᠶᠡᠬᠡ ᠴᠡᠷᠢᠭ ᠪᠠᠷᠠᠭᠤᠨᠰᠢ ᠲᠠᠢᠢᠯᠠᠬᠤ ᠳᠦ ᠴᠢᠩᠬᠢᠰ ᠬᠠᠭᠠᠨ ᠳᠦ《ᠲᠦᠷᠦᠭᠰᠡᠨ ᠲᠦᠷᠪᠡᠨ ᠬᠦᠦ ᠡᠴᠡ ᠴᠢᠨᠢ ᠲᠦᠷᠦ ᠪᠠᠷᠢᠬᠤ ᠨᠢ ᠬᠡᠨ ᠪᠤᠢ?᠂᠂᠂᠂ᠬᠠᠭᠠᠨ ᠦ ᠵᠠᠷᠯᠢᠭ ᠮᠡᠳᠡᠳᠦᠬᠡᠢ》ᠬᠡᠮᠡᠭᠰᠡᠨ ᠳᠦ ᠨᠢ ᠴᠢᠩᠬᠢᠰ ᠬᠠᠭᠠᠨ ᠭᠤᠳᠠᠭᠠᠷ ᠬᠦᠪᠡᠭᠦᠨ ᠦᠭᠡᠳᠡᠢ ᠵᠢ ᠵᠠᠯᠭᠠᠮᠵᠢᠯᠠᠭᠴᠢ ᠪᠠᠨ  ᠪᠤᠯᠭᠠᠭᠰᠠᠨ ᠲᠡᠥᠬᠡ ᠲᠠᠢ᠃ᠰᠤᠷᠬᠠᠨᠳᠠᠨᠢ ᠪᠤᠯ ᠴᠢᠩᠬᠢᠰ ᠦᠨ ᠪᠠᠭ᠎ᠠ ᠬᠦᠪᠡᠭᠦᠨ ᠲᠤᠯᠤᠢ ᠵᠢᠨ ᠬᠠᠳᠤᠨ ᠪᠦᠬᠡᠳ ᠰᠢᠶᠠᠨᠽᠦᠩ ᠬᠠᠭᠠᠨ ᠮᠦᠩᠬᠡ᠂ᠱᠢᠽᠦ ᠬᠠᠭᠠᠨ ᠬᠤᠪᠢᠯᠠᠢ᠂ᠢᠯ ᠬᠠᠭᠠᠨ ᠬᠦᠯᠡᠬᠦ᠂ᠠᠷᠢᠭᠪᠤᠬ᠎ᠠ ᠬᠡᠮᠡᠬᠦ ᠲᠦᠷᠪᠡᠨ ᠬᠦᠪᠡᠭᠦᠨ ᠦ ᠡᠬᠡ᠃ᠲᠡᠷᠡ ᠪᠡᠷ ᠦᠭᠡᠳᠡᠢ ᠬᠠᠭᠠᠨ ᠦ ᠬᠠᠢᠢᠷ᠎ᠠ ᠬᠦᠨᠳᠦᠳᠭᠡᠯ ᠢ ᠶᠡᠬᠡᠳᠡ ᠤᠯᠵᠦ᠂《ᠲᠡᠯᠡᠬᠡᠢ ᠵᠢᠨ ᠪᠦᠬᠦ ᠡᠮᠡᠭᠲᠡᠢ ᠡᠴᠡ ᠤᠨᠴᠠᠭᠠᠢ ᠢᠯᠭᠠᠷᠠᠬᠤ ᠬᠦᠮᠦᠨ》ᠬᠡᠮᠡᠭᠳᠡᠪᠡ᠃ᠲᠦᠷᠭᠡᠨ᠎ᠠ ᠪᠤᠯ ᠦᠬᠡᠳᠡᠢ ᠬᠠᠭᠠᠨ ᠦ ᠬᠠᠳᠤᠨ ᠪᠦᠬᠡᠳ ᠬᠦᠶᠦᠭ᠂ᠬᠦᠳᠡᠨ᠂ᠬᠦᠴᠦᠨ᠂ᠬᠠᠯᠴᠠᠷ᠂ᠬᠠᠳᠠᠨ ᠬᠡᠮᠡᠬᠦ ᠲᠠᠪᠤᠨ ᠬᠦᠪᠡᠭᠦᠨ ᠲᠦᠷᠦᠬᠦᠯᠪᠡ᠃1241ᠤᠨ ᠳᠦ ᠦᠬᠡᠳᠡᠢ ᠬᠠᠭᠠᠨ ᠲᠡᠭᠷᠢ ᠳᠦ ᠬᠠᠯᠢᠭᠰᠠᠨ ᠦ ᠲᠠᠷᠠᠭ᠎ᠠ ᠲᠦᠷᠭᠡᠨ᠎ᠠ ᠴᠠᠭᠠᠳᠠᠢ ᠨᠠᠷ ᠦᠨ ᠰᠡᠢᠢᠳᠪᠦᠷᠢ ᠲᠤᠰᠠᠯᠠᠮᠵᠢ ᠪᠡᠷ ᠵᠠᠰᠠᠭ ᠲᠦᠷᠦ ᠵᠢᠨ ᠵᠢᠯᠤᠭᠤ ᠵᠢ ᠪᠠᠷᠢᠵᠦ᠂ᠬᠦᠪᠡᠭᠦᠨ ᠬᠦᠶᠦᠭ ᠵᠢᠡᠨ ᠬᠠᠭᠠᠨ ᠰᠠᠭᠤᠷᠢᠨ ᠳᠦ ᠰᠠᠭᠤᠯᠭᠠᠪᠠ᠃

ᠮᠠᠨᠳᠤᠬᠠᠢ ᠰᠡᠴᠡᠨ ᠬᠠᠳᠤᠨ ᠵᠠᠳᠠᠷᠠᠭᠰᠠᠨ ᠮᠤᠩᠭ᠋ᠤᠯ ᠢ ᠨᠢᠭᠡᠳᠭᠡᠨ1479 ᠤᠨ ᠳᠦ ᠴᠢᠩᠬᠢᠰ ᠬᠠᠭᠠᠨ ᠦ ᠠᠯᠳᠠᠨ ᠤᠷᠤᠭ ᠦᠨ ᠪᠠᠳᠦᠮᠤᠢᠩᠬᠡ ᠵᠢ ᠬᠠᠭᠠᠨ ᠪᠤᠯᠭᠠᠨ ᠡᠷᠭᠦᠵᠦ᠂ᠲᠦᠷᠦ ᠬᠦᠷᠦᠨ ᠢ ᠲᠡᠭᠦᠨ ᠳᠦ ᠬᠦᠯᠢᠶᠡᠯᠬᠡᠨ ᠦᠭᠭᠦᠭᠰᠡᠨ ᠶᠤᠮ᠃ᠲᠡᠷᠡ ᠪᠡᠷ ᠠᠯᠳᠠᠨ ᠤᠷᠤᠭᠳᠠᠨ ᠢ ᠬᠠᠮᠠᠭᠠᠯᠠᠬᠤ ᠵᠢᠨ ᠲᠦᠯᠦᠬᠡ᠂ᠶᠡᠬᠡ ᠴᠡᠷᠢᠭ ᠲᠠᠢᠢᠴᠢᠯᠠᠨ ᠲᠠᠢᠢᠨ ᠳᠦ ᠮᠤᠷᠳᠠᠵᠦ ᠪᠠᠢᠢᠭᠰᠠᠨ᠃ᠲᠤᠯᠤᠭᠠᠨ ᠬᠦᠪᠡᠬᠦᠨ ᠨᠢ ᠪᠦᠷ ᠮᠤᠩᠭ᠋ᠤᠯ ᠦᠨ ᠡᠯ᠎ᠠ ᠠᠢᠢᠮᠠᠭ ᠢ ᠮᠠᠩᠯᠠᠢᠢᠯᠠᠵᠦ ᠪᠠᠢᠢᠪᠠ᠃ᠪᠠᠬᠠᠨ ᠪᠡᠬᠢ ᠪᠤᠯ ᠤᠮᠠᠷᠠᠳᠦ ᠶᠤᠸᠠᠨ ᠤᠯᠤᠰ ᠦᠨ ᠪᠠᠷᠠᠭᠤᠨ ᠲᠦᠮᠡᠳ ᠦᠨ ᠪᠠᠬᠠᠨᠠᠨᠵᠢ ᠵᠢᠨ ᠬᠠᠳᠤᠨ᠃ᠶᠦᠩᠬᠡᠨ ᠬᠠᠳᠤᠨ ᠪᠤᠯ ᠤᠮᠠᠷᠠᠲᠦ ᠶᠤᠸᠠᠨ ᠤᠯᠤᠰ ᠦᠨ ᠪᠠᠷᠠᠭᠤᠨ ᠲᠦᠮᠡᠳ ᠦᠨ ᠠᠯᠲᠠᠨ ᠬᠠᠨ ᠦ ᠭᠤᠷᠪᠠᠳᠤᠭᠠᠷ ᠬᠠᠳᠤᠨ ᠪᠦᠬᠡᠳ ᠠᠯᠲᠠᠨ ᠬᠠᠨ ᠳᠦ ᠬᠦᠴᠦ ᠲᠤᠰᠠ ᠪᠠᠨ ᠡᠷᠬᠦᠨ ᠤᠢᠢᠷᠠᠳ ᠢ ᠲᠠᠢᠢᠯᠠᠬᠤ᠂ᠮᠢᠩ ᠯᠤᠭ᠎ᠠ ᠬᠢᠯᠢ ᠵᠢᠨ ᠠᠷᠠᠯᠵᠢᠶ᠎ᠠ ᠵᠢᠨ ᠬᠠᠷᠢᠴᠠᠭ᠎ᠠ ᠪᠠᠢᠢᠭᠤᠯᠬᠤ᠂ᠬᠦᠬᠡᠨᠠᠭᠤᠷ ᠲᠦ ᠬᠦᠷᠴᠦ ᠭᠤᠷᠪᠠᠳᠤᠭᠠᠷ ᠲᠠᠯᠠᠢ ᠯᠠᠮᠠ ᠳᠦ ᠪᠠᠷᠠᠯᠠᠬᠠᠨ᠂ᠲᠦᠪᠡᠳ ᠤᠯᠠᠮᠵᠢᠯᠠᠯᠲᠦ  ᠪᠤᠷᠬᠠᠨ ᠱᠠᠰᠢᠨ ᠢ ᠮᠤᠩᠭ᠋ᠤᠯ ᠤᠷᠤᠨ᠎ᠠ ᠤᠯᠠᠮᠵᠢᠯᠠᠬᠤ᠂ᠲᠦᠮᠡᠳ ᠦᠨ ᠲᠦᠮᠡᠳᠦ ᠵᠢᠨ ᠴᠡᠷᠢᠭ ᠦᠨ ᠡᠷᠬᠡ ᠪᠠ ᠮᠢᠩ ᠤᠯᠤᠰ ᠯᠤᠭ᠎ᠠ ᠬᠢᠯᠢ ᠵᠢᠨ ᠠᠷᠠᠯᠵᠢᠶ᠎ᠠ ᠬᠢᠬᠦ ᠲᠤᠰᠬᠠᠢ ᠲᠠᠮᠠᠭ᠎ᠠ ᠵᠢ ᠪᠠᠷᠢᠬᠤ ᠵᠡᠷᠬᠡ ᠪᠡᠷ 30ᠵᠢᠯ ᠵᠠᠰᠠᠭ ᠲᠦᠷᠦ ᠵᠢ ᠡᠷᠬᠢᠯᠡᠨ ᠲᠡᠳᠬᠦᠵᠦ᠂ᠲᠦᠮᠡᠳ ᠦᠨ ᠬᠦᠭᠵᠢᠯᠲᠡ ᠳᠦ ᠶᠡᠬᠡᠬᠡᠨ ᠬᠤᠪᠢ ᠨᠡᠮᠡᠷᠢ ᠦᠵᠡᠬᠦᠯᠵᠠᠢ᠃

ᠮᠤᠩᠭ᠋ᠤᠯ ᠦᠨ ᠬᠡᠳᠦ ᠬᠡᠳᠦᠨ ᠬᠠᠳᠤᠨ ᠪᠠ ᠨᠡᠷᠡᠲᠦ ᠡᠮᠡᠭᠲᠡᠢᠢᠴᠤᠳ ᠪᠦᠷ ᠮᠡᠨ ᠦ ᠪᠠᠶᠠᠨ ᠠᠳᠠᠷᠭ᠎ᠠ ᠮᠤᠳᠤ ᠳᠦ ᠲᠦᠷᠦᠭᠰᠡᠨ ᠬᠡᠮᠡᠨ ᠡᠨᠡ ᠨᠤᠲᠤᠭ ᠦᠨ ᠬᠢᠨ ᠶᠠᠷᠢᠵᠦ ᠪᠠᠢᠢᠪᠠ᠃ᠵᠢᠱᠢᠶᠡᠯᠡᠬᠦ ᠳᠦ᠂ᠡᠷᠳᠡ ᠢᠵᠡᠭᠤᠷ ᠦᠨ ᠠᠯᠤᠩᠭ᠋ᠤᠣ᠎ᠠ᠂ᠪᠦᠷᠳᠡ ᠡᠴᠡ ᠤᠢᠢᠷ᠎ᠠ ᠦᠶ᠎ᠠ ᠵᠢᠨ ᠴ•ᠲᠤᠨᠳᠤᠭᠳᠤᠯᠮ᠎ᠠ᠂ ᠨ•ᠬᠡᠨᠡᠮᠫᠢᠯ ᠨᠠᠷ ᠢ ᠲᠤᠷᠠᠳᠴᠦ ᠪᠤᠯᠬᠤ ᠠᠵᠠᠢ᠃ᠡᠭᠦ ᠳᠦ ᠦᠨᠳᠦᠰᠦᠯᠡᠨ᠂ᠡᠨᠡ ᠰᠤᠮᠤ ᠵᠢᠨ ᠢᠷᠭᠡᠨ ᠦ ᠵᠦᠪᠯᠡᠯ ᠦᠨ ᠤᠳᠤᠷᠢᠳᠤᠯᠭ᠎ᠠ ᠮ•ᠮᠦᠩᠬᠡᠪᠡᠳᠦ ᠪᠡᠷ ᠤᠯᠤᠰ ᠦᠨ ᠶᠡᠬᠡ ᠬᠤᠷᠠᠯ ᠦᠨ ᠬᠡᠰᠢᠬᠦᠨ ᠠᠷᠪᠢᠨ ᠳᠦ ᠵᠠᠬᠢᠳᠠᠯ ᠪᠢᠴᠢᠵᠦ᠂ᠪᠠᠶᠠᠨ ᠠᠪᠳᠠᠷᠭ᠎ᠠ ᠳᠦ ᠮᠤᠩᠭ᠋ᠤᠯ ᠦᠨ ᠶᠡᠬᠡ ᠬᠠᠳᠤᠳ ᠦᠨ ᠦᠷᠭᠦᠭᠡ ᠪᠠᠢᠢᠭᠤᠯᠬᠤ ᠵᠢᠨ ᠤᠴᠢᠷ ᠰᠢᠯᠲᠠᠭᠠᠨ ᠢ ᠶᠡᠬᠡ ᠬᠤᠷᠠᠯ ᠳᠦ ᠪᠢᠴᠢᠭ᠌ ᠵᠢᠡᠷ ᠲᠤᠭᠠᠴᠢᠭᠤᠯᠵᠦ᠂ᠵᠦᠪᠰᠢᠶᠡᠷᠡᠭᠦᠯᠦᠭᠰᠡᠨ ᠶᠤᠮ ᠭᠡᠨ᠎ᠠ᠃2000ᠬᠠᠪᠲᠠᠭᠠᠢ ᠲᠦᠷᠪᠡᠯᠵᠢᠨ ᠮᠧᠲ᠋ᠷ ᠲᠠᠯᠠᠪᠠᠢ ᠲᠠᠢ ᠡᠨᠡ ᠦᠷᠭᠦᠭᠡ ᠵᠢ 2008ᠤᠨ ᠡᠴᠡ ᠡᠬᠢᠯᠡᠬᠦᠯᠦᠨ᠂2011 ᠤᠨ ᠳᠦ ᠪᠠᠷᠢᠵᠦ ᠲᠠᠭᠤᠰᠬᠠᠭᠰᠠᠨ ᠪᠠᠢᠢᠵᠠᠢ᠃ᠤᠯᠠᠭᠠᠨᠪᠠᠭᠠᠳᠤᠷ ᠡᠴᠡ ᠵᠢᠷᠤᠭᠠᠴᠢ ᠤᠶᠤᠨᠪᠠᠶᠠᠷ᠂ᠯᠾᠠᠭᠪᠠᠰᠦᠷᠦᠩ ᠢ ᠤᠷᠢᠵᠦ ᠬᠠᠳᠤᠳ ᠦᠨ ᠬᠦᠷᠦᠭ ᠢ ᠵᠢᠷᠦᠭᠤᠯᠤᠭᠰᠠᠨ ᠪᠦᠬᠡᠳ ᠡᠷᠳᠡᠨ ᠦ ᠰᠠᠨᠳᠠᠢ᠂ᠰᠦᠯᠲᠡ ᠵᠡᠷᠭᠡ ᠵᠢ ᠲᠠᠬᠢᠨ ᠦᠢᠯᠡᠳᠴᠦ ᠲᠠᠯᠪᠢᠵᠠᠢ᠃ᠦᠵᠡᠭᠦᠯᠦᠯᠬᠡ ᠵᠢᠨ ᠡᠳ᠋ ᠵᠦᠢᠯᠡᠰ ᠤᠳᠤᠬᠠᠨ ᠳᠦ ᠪᠠᠨ ᠲᠡᠳᠦᠢ ᠤᠯᠠᠨ ᠪᠢᠰᠢ ᠴᠦ᠂ᠲᠠᠰᠤᠷᠠᠯ ᠦᠭᠡᠢ ᠪᠠᠶᠠᠯᠢᠭᠵᠢᠭᠰᠠᠭᠠᠷ ᠪᠠᠢᠢᠭ᠎ᠠ ᠶᠤᠮ ᠪᠠᠢᠢᠨ᠎ᠠ᠃ᠵᠢᠯ ᠪᠦᠷᠢ ᠡᠨᠳᠡ ᠨᠠᠢᠢᠷ ᠨᠠᠭᠠᠳᠤᠮ ᠵᠤᠬᠢᠶᠠᠨ ᠪᠠᠢᠢᠭᠤᠯᠵᠦ ᠪᠠᠢᠢᠭ᠎ᠠ ᠨᠢ ᠵᠤᠭᠠᠴᠠᠯ ᠦᠨ ᠦᠢᠯᠡᠰ ᠵᠢᠡᠨ ᠠᠬᠢᠭᠤᠯᠬᠤ ᠵᠢᠨ ᠨᠢᠭᠡᠨ ᠪᠦᠳᠦᠮᠵᠢᠲᠠᠢ ᠠᠷᠭ᠎ᠠ ᠬᠡᠮᠵᠢᠶ᠎ᠠ ᠪᠤᠯᠵᠦ ᠪᠤᠢ᠃

ᠡᠨᠡ ᠦᠷᠭᠦᠭᠡ ᠨᠢ ᠵᠦᠪᠬᠡᠨ ᠲᠡᠳᠡᠭᠡᠷ ᠡᠷᠬᠢᠮ ᠬᠠᠳᠤᠳ ᠦᠨ ᠯᠡ ᠲᠦᠯᠦᠬᠡ ᠪᠤᠰᠤ᠂ᠨᠡᠩ ᠴᠦ ᠡᠮᠡᠭᠲᠡᠢᠢᠴᠤᠳ ᠦᠨ ᠬᠦᠮᠦᠨ ᠲᠦᠷᠦᠯᠬᠢᠲᠡᠨ ᠦ ᠨᠡᠢᠢᠭᠡᠮ ᠳᠦ ᠬᠢ ᠴᠢᠬᠤᠯᠠ ᠪᠠᠢᠢᠷᠢ ᠰᠠᠭᠤᠷᠢ ᠵᠢ ᠡᠷᠬᠢᠮᠨᠠᠨ ᠲᠡᠭᠡᠳᠦᠯᠡᠵᠦ᠂ᠲᠡᠥᠬᠡᠨ ᠳᠦ ᠦᠵᠡᠭᠦᠯᠦᠭᠰᠡᠨ ᠠᠥᠭ᠎ᠠ ᠶᠡᠬᠡ ᠭᠠᠪᠢᠶ᠎ᠠ ᠵᠢ ᠨᠢ ᠲᠤᠷᠠᠰᠤᠨ ᠰᠠᠨᠠᠭᠠᠯᠵᠠᠵᠦ ᠪᠠᠢᠢᠭ᠎ᠠ ᠤᠳᠤ ᠵᠢᠨ ᠨᠡᠢᠢᠭᠡᠮ ᠦᠨ ᠪᠤᠯᠪᠠᠰᠤᠨ ᠦ ᠪᠡᠯᠬᠡᠳᠡᠯ ᠪᠤᠯᠤᠨ ᠰᠦᠨᠳᠡᠷᠯᠡᠵᠦ ᠪᠠᠢᠢᠭ᠎ᠠ ᠨᠢ ᠮᠡᠳᠡᠭᠡᠵᠢ᠃ᠪᠤᠭᠲᠦ ᠮᠠᠯᠠᠭᠠᠢ ᠵᠢᠨ ᠬᠡᠯᠪᠡᠷᠢ ᠲᠠᠢ ᠲᠡᠭᠡᠪᠦᠷ ᠨᠢ ᠡᠮᠡᠭᠲᠡᠢᠢᠴᠤᠳ ᠲᠦ ᠬᠠᠨᠳᠤᠭᠤᠯᠤᠭᠰᠠᠨ ᠬᠦᠨᠳᠦᠳᠭᠡᠯ ᠪᠦᠬᠡᠳ ᠦᠩᠬᠡᠷᠡᠭᠰᠡᠨ ᠤᠳᠤ ᠠᠯᠢ ᠴᠦ ᠴᠠᠭ ᠦᠶ᠎ᠠ ᠳᠦ ᠮᠤᠩᠭ᠋ᠤᠯᠴᠤᠳ ᠦᠨ ᠮᠠᠯᠠᠭᠠᠢ ᠵᠢ ᠶᠡᠬᠡᠳᠡ ᠲᠡᠭᠡᠳᠦᠯᠡᠨ ᠬᠦᠨᠳᠦᠳᠭᠡᠳᠡᠭ ᠦᠨ ᠬᠢᠨᠢ ᠨᠢᠭᠡᠨ ᠢᠯᠡᠷᠡᠯ ᠪᠤᠯᠤᠭᠰᠠᠨ ᠪᠠᠢᠢᠨ᠎ᠠ᠃

ᠲᠡᠯᠡᠬᠡᠢ ᠵᠢᠨ ᠠᠩᠬᠠᠳᠠᠭᠴᠢ ᠮᠤᠩᠭ᠋ᠤᠯ ᠦᠨ  ᠶᠡᠬᠡ ᠬᠠᠳᠤᠳ ᠦᠨ ᠦᠷᠭᠦᠭᠡ

ᠠᠯᠤᠩᠭ᠋ᠤᠣ᠎ᠠ

ᠪᠦᠷᠳᠡ

ᠰᠤᠷᠬᠠᠨᠳᠠᠨᠢ

ᠲᠦᠷᠭᠡᠨ᠎ᠠ

ᠮᠠᠨᠳᠤᠬᠠᠢ

ᠬᠦᠰᠢᠶᠡᠨ ᠲᠡᠭᠡᠷ᠎ᠠ《ᠮᠤᠩᠭ᠋ᠤᠯ ᠤᠯᠤᠰ ᠦᠨ ᠶᠡᠬᠡ ᠬᠠᠳᠤᠳ ᠦᠨ ᠲᠤᠷᠠᠰᠬᠠᠯ ᠳᠦ ᠵᠤᠷᠢᠭᠤᠯᠤᠨ ᠪᠤᠰᠬᠠᠪᠠ》ᠬᠡᠮᠡᠨ ᠰᠡᠢᠢᠯᠦᠬᠡᠰᠤᠲᠠᠢ

ᠮᠤᠩᠭ᠋ᠤᠯ ᠦᠨ ᠶᠡᠬᠡ ᠬᠠᠳᠤᠳ ᠪᠠ ᠠᠭᠤᠤ ᠶᠡᠬᠡ ᠡᠮᠡᠭᠲᠡᠢᠢᠴᠤᠳ ᠦᠨ ᠲᠡᠥᠬᠡ ᠵᠢ ᠲᠠᠨᠢᠯᠴᠠᠭᠤᠯᠵᠦ ᠪᠤᠢ

ᠮᠤᠩᠭ᠋ᠤᠯ ᠦᠨ ᠶᠡᠬᠡ ᠬᠠᠳᠤᠳ ᠦᠨ ᠦᠷᠭᠦᠭᠡ ᠵᠢ ᠰᠠᠨᠠᠭᠠᠴᠢᠯᠠᠨ ᠪᠠᠢᠢᠭᠤᠯᠤᠭᠴᠢ ᠮ ᠮᠦᠩᠬᠡᠪᠠᠳᠦ

ᠶᠡᠬᠡ ᠬᠠᠳᠤᠳ ᠦᠨ ᠦᠷᠭᠦᠭᠡ ᠵᠢᠨ ᠲᠤᠳᠤᠷᠠᠬᠢ ᠰᠠᠨᠳᠠᠢ

ᠬᠡᠨᠳᠡᠢ ᠠᠢᠢᠮᠠᠭ ᠦᠨ ᠤᠷᠳᠦ ᠬᠦᠷᠰᠢ ᠲᠤᠷᠤᠨᠠᠳᠦ ᠠᠢᠢᠮᠠᠭ ᠦᠨ ᠲᠦᠪ ᠴᠤᠢᠢᠪᠠᠯᠰᠠᠩ ᠬᠤᠳᠠ ᠳᠦ ᠰᠦᠨᠳᠡᠷᠯᠡᠵᠦ ᠪᠠᠢᠢᠭ᠎ᠠ ᠪᠦᠷᠲᠡ ᠬᠠᠳᠤᠨ ᠦ ᠬᠦᠰᠢᠶ᠎ᠠᠵᠤᠬᠢᠶᠠᠭᠴᠢ᠄ ᠪᠠᠶᠠᠷ
ᠢᠷᠡᠯᠲᠡ᠄ ᠦᠨᠳᠦᠰᠦᠲᠡᠨ ᠦ ᠵᠢᠷᠤᠭᠲᠦ ᠰᠡᠳᠭᠦᠯ ᠦᠨ ᠬᠤᠷᠢᠶ᠎ᠠ
ᠬᠠᠷᠢᠶ᠎ᠠ᠄ ᠦᠨᠳᠦᠰᠦᠲᠡᠨ ᠤ ᠵᠢᠷᠤᠭᠲᠤ ᠰᠡᠳᠬᠦᠯ
ᠳᠠᠷᠤᠮ᠄ 582
ᠴᠠᠭ᠄ 2015 ᠤᠨ ᠤ 07 ᠰᠠᠷ᠎ᠠ ᠶᠢᠨ 04
ᠨᠠᠢ᠌ᠷᠠᠭᠤᠯᠤᠭᠴᠢ᠄ ᠰᠠᠴᠤᠷᠠᠯ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁